ᠳᠥᠴᠢᠨ ᠳᠥᠷᠪᠡᠨ ᠭᠠᠢᠬᠠᠯᠲᠠᠢ《ᠬᠠᠷ᠎ᠠ》Дөчин дөрвөн гайхалтай“хар”Döchin dörvön gaikhaltai“khar”
ᠠᠩᠭᠢᠯᠠᠯ:ᠨᠠᠢᠷᠠᠭᠤᠯᠤᠯ ᠥᠭᠦᠯᠡᠯᠭᠡНайруулал өгүүллэг 2025-08-28
240
ᠬᠠᠷ᠎ᠠ ᠬᠥᠮᠦᠨ ᠮᠠᠨᠢ ᠭᠡᠵᠦ ᠬᠠᠷ᠎ᠠ ᠪᠣᠷᠣ ᠠᠵᠢᠯ ᠳ᠋ᠤ᠌ ᠶᠠᠭ ᠶᠠᠭᠤᠮ᠎ᠠ᠃ ᠬᠠᠷ᠎ᠠ ᠨᠢᠳᠦ ᠪᠡᠨ ᠬᠠᠭ᠎ᠠ ᠲᠠᠲᠠᠮᠠᠭᠴᠠ ᠯᠠ ᠬᠠᠷ᠎ᠠ ᠪᠠᠭ᠎ᠠ ᠶ᠋ᠢᠨ ᠨᠠᠢᠵᠠ ᠪᠠᠨ ᠬᠠᠮᠢᠭ᠎ᠠ ᠡᠴᠡ ᠴᠦ᠍ ᠶᠦᠮ ᠲᠤᠰᠬᠤ ᠭᠡᠵᠦ ᠬᠠᠷ᠎ᠠ ᠮᠠᠶᠢᠭ ᠭᠠᠷᠭᠠᠨ᠂ ᠬᠠᠷ᠎ᠠ ᠠᠷᠢᠬᠢ ᠬᠠᠳᠠᠭ ᠬᠣᠶᠠᠷ ᠢ᠋ ᠡᠪᠦᠷᠯᠡᠭᠡᠳ᠂ ᠬᠠᠷ᠎ᠠ ᠥᠷᠯᠥᠭᠡᠭᠦᠷ ᠬᠠᠷ᠎ᠠ ᠮᠣᠷᠢᠨ ᠤ᠋ ᠪᠠᠨ ᠬᠠᠷ᠎ᠠ ᠬᠤᠷᠳᠤ ᠪᠠᠷ ᠨᠢ ᠳᠠᠪᠬᠢᠭᠤᠯᠤᠨ᠂ ᠬᠠᠷ᠎ᠠ ᠰᠠᠯᠬᠢ ᠲᠠᠲᠠᠭᠤᠯᠤᠭᠠᠳ ᠭᠠᠷᠤᠭᠰᠠᠨ᠃ ᠬᠠᠷ᠎ᠠ ᠪᠦᠷᠦᠢ ᠶ᠋ᠢᠨ ᠦᠶ᠎ᠡ ᠳ᠋...