ᠣᠷᠴᠢᠨ ᠴᠠᠭ ᠤᠨ ᠮᠣᠩᠭᠣᠯ ᠬᠡᠯᠡ (ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠡᠯ)– ᠤᠳᠤᠷᠢᠳᠬᠠᠯ-1(1) Орчин цагийн монгол хэл(дээд сургуулийн заах материэл)- Удиртгал-1(1) ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠴᠢᠨ ᠴᠠᠭ ᠤᠨ ᠮᠣᠩᠭᠣᠯ ᠬᠡᠯᠡ (ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠡᠯ)– ᠤᠳᠤᠷᠢᠳᠬᠠᠯ-1(1) Орчин цагийн монгол хэл(дээд сургуулийн заах материэл)- Удиртгал-1(1)

ᠣᠷᠴᠢᠨ ᠴᠠᠭ ᠤᠨ ᠮᠣᠩᠭᠣᠯ ᠬᠡᠯᠡ (ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠡᠯ)– ᠤᠳᠤᠷᠢᠳᠬᠠᠯ-1(1) Орчин цагийн монгол хэл(дээд сургуулийн заах материэл)- Удиртгал-1(1)

ᠠᠩᠭᠢᠯᠠᠯ:ᠬᠡᠯᠡ ᠪᠢᠴᠢᠭ
2025-09-17

172

ᠤᠳᠤᠷᠢᠳᠬᠠᠯ

ᠨᠢᠭᠡ᠂ ᠮᠣᠩᠭᠣᠯ ᠬᠡᠯᠡ ᠬᠢᠭᠡᠳ ᠲᠡᠭᠦᠨ ᠦ᠌ ᠬᠥᠭᠵᠢᠯ ᠪᠦᠷᠢᠯᠳᠦᠯ (1)


       ᠮᠣᠩᠭᠣᠯ ᠬᠡᠯᠡ ᠨᠢ ᠮᠣᠩᠭᠣᠯᠴᠤᠳ ᠤ᠋ᠨ ᠬᠠᠷᠢᠯᠴᠠᠭᠠᠨ ᠤ᠋ ᠪᠠ ᠰᠡᠳᠬᠢᠬᠦᠢ ᠶ᠋ᠢᠨ ᠵᠡᠪᠰᠡᠭ ᠬᠡᠷᠡᠭᠯᠡᠭᠦᠷ ᠪᠣᠯᠤᠨ᠎ᠠ᠃ ᠲᠡᠦᠬᠡᠨ ᠳ᠋ᠦ᠍ ᠮᠣᠩᠭᠣᠯᠴᠤᠳ ᠳᠡᠯᠡᠬᠡᠢ ᠳ᠋ᠦ᠍ ᠠᠯᠳᠠᠷ ᠴᠤᠤ ᠪᠠᠨ ᠮᠠᠨᠳᠤᠭᠤᠯᠵᠤ ᠶᠠᠪᠤᠭᠰᠠᠨ ᠤ᠋ ᠤᠯᠠᠮ ᠢ᠋ᠶ᠋ᠠᠷ᠂ ᠮᠣᠩᠭᠣᠯᠴᠤᠳ ᠤ᠋ᠨ ᠬᠡᠯᠡ ᠪᠠ ᠦᠰᠦᠭ ᠪᠢᠴᠢᠭ ᠴᠦ᠍ ᠣᠯᠠᠨ ᠡᠷᠳᠡᠮᠲᠡᠳ ᠦ᠋ᠨ ᠠᠩᠬᠠᠷᠤᠯ ᠢ᠋ ᠲᠠᠲᠠᠵᠤ᠂ ᠣᠯᠠᠨ ᠵᠢᠯ ᠦ᠋ᠨ ᠲᠤᠷᠰᠢ ᠲᠡᠭᠦᠨ ᠢ᠋ ᠰᠤᠷᠴᠤ ᠰᠤᠳᠤᠯᠤᠭᠰᠠᠭᠠᠷ ᠢᠷᠡᠵᠡᠢ᠃
       ᠮᠣᠩᠭᠣᠯᠴᠤᠳ ᠪᠣᠯ ᠤᠷᠲᠤ ᠤᠳᠠᠭᠠᠨ ᠲᠡᠦᠬᠡᠨ ᠬᠥᠭᠵᠢᠯ ᠦ᠋ᠨ ᠥᠩᠭᠡᠷᠡᠯᠲᠡ ᠲᠡᠢ ᠪᠠ ᠨᠡᠯᠢᠶᠡᠳ ᠭᠦᠨ ᠰᠣᠶᠣᠯ ᠤ᠋ᠨ ᠥᠪ ᠲᠡᠢ ᠦᠨᠳᠦᠰᠦᠲᠡᠨ ᠪᠢᠯᠡ᠃ ᠲᠡᠳᠡᠨ ᠦ᠌ ᠬᠠᠷᠢᠯᠴᠠᠭᠠᠨ ᠤ᠋ ᠬᠡᠯᠡ ᠨᠢ ᠴᠦ᠍ ᠲᠡᠭᠦᠨ ᠦ᠌ ᠬᠡᠷᠡᠭᠯᠡᠭᠴᠢᠳ ᠲᠡᠢ ᠪᠡᠨ ᠠᠳᠠᠯᠢ ᠪᠠᠷ᠂ ᠤᠷᠲᠤ ᠤᠳᠠᠭᠠᠨ ᠬᠥᠭᠵᠢᠯ ᠦ᠋ᠨ ᠶᠠᠪᠤᠴᠠ ᠶ᠋ᠢ ᠥᠩᠭᠡᠷᠡᠭᠡᠵᠡᠢ᠃ ᠮᠣᠩᠭᠣᠯ ᠬᠡᠯᠡᠨ ᠦ᠌ ᠡᠭᠦᠰᠦᠯ ᠬᠥᠭᠵᠢᠯ ᠨᠢ ᠮᠣᠩᠭᠣᠯ ᠦᠨᠳᠦᠰᠦᠲᠡᠨ ᠤᠭᠰᠠᠭᠠᠲᠠᠨ ᠤ᠋ ᠡᠭᠦᠰᠦᠯ ᠬᠥᠭᠵᠢᠯ ᠲᠡᠢ ᠨᠢᠭᠲᠠ ᠬᠠᠷᠢᠴᠠᠭ᠎ᠠ ᠲᠠᠢ ᠪᠠᠢᠬᠤ ᠶᠣᠰᠣᠲᠠᠢ ᠶᠤᠮ᠃ 
       ᠮᠣᠩᠭᠣᠯᠴᠤᠳ ᠪᠠ ᠮᠣᠩᠭᠣᠯ ᠬᠡᠯᠡᠨ ᠦ᠌ ᠡᠭᠦᠰᠦᠯ ᠭᠠᠷᠤᠯ ᠨᠢ ᠳᠡᠯᠡᠬᠡᠢ ᠳ᠋ᠠᠬᠢᠨ ᠤ᠋ ᠪᠤᠰᠤᠳ ᠦᠨᠳᠦᠰᠦᠲᠡᠨ ᠤᠭᠰᠠᠭᠠᠲᠠᠨ ᠪᠠ ᠲᠡᠳᠡᠨ ᠦ᠌ ᠬᠡᠯᠡ ᠲᠡᠢ ᠠᠳᠠᠯᠢ ᠪᠠᠷ᠂ ᠲᠡᠭᠦᠨ ᠢ᠋ ᠮᠡᠳᠡᠵᠦ ᠣᠯᠬᠤ ᠰᠢᠭᠤᠳ ᠮᠠᠲ᠋ᠧᠷᠢᠶᠠᠯ ᠭᠡᠵᠦ ᠪᠠᠢᠬᠤ ᠦᠭᠡᠢ ᠤᠴᠢᠷ ᠡᠷᠳᠡᠮ ᠰᠢᠨᠵᠢᠯᠡᠭᠡᠨ ᠦ᠌ ᠬᠢᠨ ᠬᠡᠯᠡᠨ ᠦ᠌ ᠡᠭᠦᠰᠦᠯ ᠭᠠᠷᠤᠯ ᠢ᠋ ᠬᠡᠯᠡ ᠨᠤᠭᠦᠳ ᠦ᠋ᠨ ᠬᠠᠷᠢᠴᠠᠭᠠᠨ ᠠ᠋ᠴᠠ ᠮᠥᠷᠳᠡᠵᠦ ᠮᠡᠳᠡᠬᠦ ᠣᠷᠣᠯᠳᠤᠯᠭ᠎ᠠ ᠬᠢᠪᠡ᠃ ᠡᠢᠨ ᠬᠦ᠌ ᠰᠤᠳᠤᠯᠭᠠᠨ ᠳ᠋ᠤ᠌ ᠲᠥᠷᠥᠯ ᠬᠡᠯᠡ ᠪᠠ ᠢᠵᠡᠭᠤᠷ ᠬᠡᠯᠡ ᠭᠡᠭᠴᠢ ᠨᠡᠷ᠎ᠡ ᠲᠣᠮᠢᠶ᠎ᠠ ᠪᠣᠢ ᠪᠣᠯᠵᠠᠢ᠃ 
       ᠮᠣᠩᠭᠣᠯ ᠬᠡᠯᠡ ᠨᠢ ᠥᠪᠡᠷ ᠦ᠋ᠨ ᠬᠢᠨᠢ ᠬᠥᠭᠵᠢᠯ ᠬᠤᠪᠢᠷᠠᠯ ᠤ᠋ᠨ ᠶᠠᠪᠤᠴᠠ᠂ ᠱᠠᠲᠤ ᠦᠶ᠎ᠡ ᠪᠠᠢᠬᠤ ᠲᠡᠳᠦᠢ ᠦᠭᠡᠢ᠂ ᠪᠠᠰᠠ ᠲᠡᠭᠦᠨ ᠦ᠌ ᠥᠪᠡᠷ ᠦ᠋ᠨ ᠬᠢᠨᠢ ᠢᠷᠡᠯ ᠭᠠᠷᠤᠯ ᠪᠠ ᠡᠭᠦᠰᠦᠯ ᠦ᠋ᠨ ᠬᠢᠨᠢ ᠣᠷᠴᠢᠨ ᠲᠣᠭᠣᠷᠢᠨ ᠲᠠᠢ ᠪᠠᠢᠪᠠ᠃ ᠡᠷᠳᠡᠮᠲᠡᠳ ᠬᠡᠯᠡ ᠨᠤᠭᠦᠳ ᠢ᠋ ᠬᠠᠷᠢᠴᠠᠭᠤᠯᠤᠨ ᠰᠤᠳᠤᠯᠬᠤ ᠳᠤᠮᠳᠠ ᠠ᠋ᠴᠠ᠂ ᠮᠣᠩᠭᠣᠯ ᠬᠡᠯᠡ ᠨᠢ ᠮᠣᠩᠭᠣᠯ ᠲᠥᠷᠥᠯ ᠬᠡᠯᠡ ᠡᠴᠡ ᠰᠠᠯᠪᠤᠷᠢᠯᠠᠨ ᠭᠠᠷᠤᠭᠰᠠᠨ ᠢ᠋ ᠣᠯᠵᠤ ᠮᠡᠳᠡᠵᠡᠢ᠃ ᠡᠭᠦᠨ ᠳ᠋ᠦ᠍ ᠳᠠᠭᠤᠷ᠂ ᠮᠣᠩᠭᠣᠷ᠂ ᠳ᠋ᠦᠩᠰᠢᠶᠠᠩ᠂ ᠪᠤᠤ ᠠᠨ᠂ ᠵᠡᠭᠦᠨ ᠶᠤᠭᠤᠷ᠂ ᠺᠠᠩᠵᠢᠶᠠ᠂ ᠮᠣᠭᠣᠯ᠂ ᠪᠤᠷᠢᠶᠠᠳ᠂ ᠬᠠᠯᠢᠮᠠᠭ ᠪᠠ ᠮᠣᠩᠭᠣᠯ ᠬᠡᠯᠡ ᠨᠤᠭᠦᠳ ᠨᠢ ᠬᠡᠯᠡᠨ ᠦ᠌ ᠵᠠᠳᠠᠷᠠᠬᠤ ᠶᠠᠪᠤᠴᠠ ᠳ᠋ᠤ᠌ ᠤᠷᠢᠳ ᠬᠣᠵᠢᠳ ᠮᠣᠩᠭᠣᠯ ᠲᠥᠷᠥᠯ ᠬᠡᠯᠡᠨ ᠡᠴᠡ ᠰᠠᠯᠪᠤᠷᠢᠯᠠᠵᠤ ᠡᠭᠦᠰᠦᠭᠰᠡᠨ ᠪᠠᠢᠵᠠᠢ᠃ ᠮᠣᠩᠭᠣᠯ ᠲᠥᠷᠥᠯ ᠬᠡᠯᠡ ᠨᠦ᠍ᠭᠦᠳ ᠶᠡᠬᠡ ᠲᠥᠯᠥᠪ 14 –17 ᠵᠠᠭᠤᠨ ᠤ᠋ ᠦᠶ᠎ᠡ ᠳ᠋ᠦ᠍ ᠰᠠᠯᠪᠤᠷᠢᠯᠠᠭᠰᠠᠨ ᠪᠠᠢᠵᠤ ᠮᠡᠳᠡᠬᠦ ᠪᠣᠯᠪᠠᠴᠤ᠂ ᠵᠠᠷᠢᠮ ᠲᠥᠷᠥᠯ ᠬᠡᠯᠡᠨ ᠦ᠌ ᠣᠨᠴᠠᠯᠢᠭ ᠠ᠋ᠴᠠ ᠦᠵᠡᠪᠡᠯ ᠡᠨᠡ ᠴᠠᠭ ᠦᠶ᠎ᠡ ᠡᠴᠡ ᠡᠮᠦᠨ᠎ᠡ ᠪᠠᠢᠭᠰᠠᠨ ᠪᠣᠯᠤᠮᠵᠢ ᠴᠦ᠍ ᠪᠣᠢ᠃ ᠲᠡᠳᠡᠭᠡᠷ ᠬᠡᠯᠡ ᠨᠦ᠍ᠭᠦᠳ ᠨᠢ ᠡᠬᠢᠨ ᠳ᠋ᠡᠭᠡᠨ ᠮᠣᠩᠭᠣᠯ ᠲᠥᠷᠥᠯ ᠬᠡᠯᠡᠨ ᠦ᠌ ᠠᠳᠠᠯᠢ ᠪᠤᠰᠤ ᠨᠤᠲᠤᠭ ᠤ᠋ᠨ ᠠᠶᠠᠯᠭᠤ ᠪᠤᠶᠤ ᠠᠮᠠᠨ ᠠᠶᠠᠯᠭᠤ ᠪᠠᠢᠵᠤ ᠮᠡᠳᠡᠬᠦ ᠪᠥᠭᠡᠳ᠂ ᠮᠣᠩᠭᠣᠯ ᠲᠥᠷᠥᠯ ᠬᠡᠯᠡᠲᠡᠳ ᠦ᠋ᠨ ᠨᠡᠢᠭᠡᠮ ᠦ᠋ᠨ ᠵᠠᠳᠠᠷᠠᠯᠲᠠ ᠶ᠋ᠢᠨ ᠲᠡᠦᠬᠡᠨ ᠨᠥᠬᠥᠴᠡᠯ ᠪᠠᠢᠳᠠᠯ ᠠ᠋ᠴᠠ ᠰᠢᠯᠲᠠᠭᠠᠯᠠᠭᠳᠠᠭᠰᠠᠨ ᠬᠡᠯᠡᠨ ᠦ᠌ ᠬᠥᠭᠵᠢᠯ ᠦ᠋ᠨ ᠦᠷ᠎ᠡ ᠳ᠋ᠦᠩ ᠪᠣᠯᠤᠨ᠎ᠠ᠃ ᠲᠡᠳᠡᠭᠡᠷ ᠬᠡᠯᠡ ᠨᠦ᠍ᠭᠦᠳ ᠨᠢ ᠬᠡᠳᠦᠨ ᠵᠠᠭᠤᠨ ᠵᠢᠯ᠂ ᠴᠠᠭᠠᠰᠢᠯᠠᠪᠠᠯ ᠮᠢᠩᠭ᠎ᠠ ᠢᠯᠡᠭᠦᠦ ᠵᠢᠯ ᠦ᠋ᠨ ᠬᠥᠭᠵᠢᠯ ᠦ᠋ᠨ ᠶᠠᠪᠤᠴᠠ ᠳ᠋ᠤ᠌ ᠬᠡᠯᠡᠨ ᠦ᠌ ᠬᠢᠨᠢ ᠥᠪᠡᠷ ᠥᠪᠡᠷ ᠦ᠋ᠨ ᠳᠣᠲᠣᠭᠠᠳᠤ ᠶ᠋ᠢᠨ ᠵᠢᠮ᠎ᠡ ᠬᠠᠤᠯᠢ ᠪᠠ ᠲᠡᠦᠬᠡ ᠨᠡᠢᠭᠡᠮ ᠦ᠋ᠨ ᠠᠬᠤᠢ᠂ ᠪᠤᠰᠤᠳ ᠬᠡᠯᠡ ᠨᠦ᠍ᠭᠦᠳ ᠦ᠋ᠨ ᠨᠥᠯᠥᠭᠡ ᠪᠡᠷ ᠬᠥᠭᠵᠢᠨ ᠬᠤᠪᠢᠷᠠᠵᠤ ᠬᠣᠭᠣᠷᠣᠨᠳᠣ ᠪᠠᠨ ᠡᠳᠦᠢ ᠲᠡᠳᠦᠢ ᠵᠥᠷᠢᠶ᠎ᠡ ᠢᠯᠭᠠᠭ᠎ᠠ ᠲᠠᠢ ᠪᠣᠯᠤᠭᠰᠠᠨ ᠪᠣᠯᠪᠠᠴᠤ᠂ ᠤᠤᠯ ᠤ᠋ᠨ ᠮᠣᠩᠭᠣᠯ ᠲᠥᠷᠥᠯ ᠬᠡᠯᠡᠨ ᠦ᠌ ᠪᠡᠨ ᠤᠳᠤᠮᠯᠠᠯ ᠤ᠋ᠨ ᠵᠦᠢᠯ ᠢ᠋ ᠠᠳᠠᠯᠢ ᠪᠤᠰᠤ ᠪᠠᠷ ᠬᠠᠳᠠᠭᠠᠯᠠᠵᠤ ᠪᠠᠢᠨ᠎ᠠ᠃ 
       ᠮᠣᠩᠭᠣᠯ ᠬᠡᠯᠡ    ᠮᠣᠩᠭᠣᠯ ᠦᠨᠳᠦᠰᠦᠲᠡᠨ ᠦ᠌ ᠭᠣᠣᠯ ᠪᠣᠯᠬᠤ ᠬᠠᠷᠢᠯᠴᠠᠭᠠᠨ ᠤ᠋ ᠬᠡᠯᠡ᠃ ᠮᠣᠩᠭᠣᠯ ᠦᠨᠳᠦᠰᠦᠲᠡᠨ ᠮᠠᠨ ᠤ᠋ ᠤᠯᠤᠰ ᠲᠤ ᠭᠣᠣᠯᠳᠠᠭᠤ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ᠂ ᠯᠢᠶᠣᠤᠨᠢᠩ᠂ ᠬᠢᠷᠢᠨ᠂ ᠬᠠᠷᠠᠮᠦ᠋ᠷᠡᠨ᠂ ᠬᠥᠬᠡᠨᠠᠭᠤᠷ᠂ ᠭᠠᠨᠰᠦ ᠮᠣᠵᠢ ᠪᠠ ᠰᠢᠨᠵᠢᠶᠠᠩ ᠤ᠋ᠨ ᠤᠢᠭᠤᠷ ᠦᠨᠳᠦᠰᠦᠲᠡᠨ ᠦ᠌ ᠥᠪᠡᠷᠲᠡᠭᠡᠨ ᠵᠠᠰᠠᠬᠤ ᠣᠷᠣᠨ ᠳ᠋ᠤ᠌ ᠨᠤᠲᠤᠭᠯᠠᠵᠤ ᠪᠠᠢᠨ᠎ᠠ᠃ ᠡᠭᠦᠨ ᠡᠴᠡ ᠭᠠᠳᠠᠨ᠎ᠠ ᠪᠡᠭᠡᠵᠢᠩ᠂ ᠾᠧᠪᠧᠢ᠂ ᠾᠧᠨᠠᠨ᠂ ᠶᠦᠨᠨᠠᠨ᠂ ᠰᠧᠴᠤᠸᠠᠨ ᠳ᠋ᠤ᠌ ᠴᠦ᠍ ᠡᠳᠦᠢ ᠲᠡᠳᠦᠢ ᠮᠣᠩᠭᠣᠯᠴᠤᠳ ᠪᠣᠢ᠃ ᠮᠠᠨ ᠤ᠋ ᠤᠯᠤᠰ ᠤ᠋ᠨ ᠮᠣᠩᠭᠣᠯ ᠦᠨᠳᠦᠰᠦᠲᠡᠨ ᠦ᠌ ᠬᠥᠮᠦᠨ ᠠᠮᠠ ᠪᠠᠷᠤᠭ480.2 ᠲᠦᠮᠡ(1990 ᠣᠨ) ᠪᠠᠢᠵᠤ᠂ ᠣᠯᠠᠩᠬᠢ ᠨᠢ ᠮᠣᠩᠭᠣᠯ ᠬᠡᠯᠡ ᠪᠡᠷ ᠢ᠋ᠶ᠋ᠡᠨ ᠬᠠᠷᠢᠯᠴᠠᠳᠠᠭ᠃ ᠮᠣᠩᠭᠣᠯ ᠤᠯᠤᠰ ᠲᠤ ᠪᠠᠷᠤᠭ 240 ᠲᠦᠮᠡᠨ(1995 ᠣᠨ) ᠬᠥᠮᠦᠨ ᠠᠮᠠ ᠲᠠᠢ᠃ ᠮᠣᠩᠭᠣᠯ ᠬᠡᠯᠡᠨ ᠦ᠌ ᠡᠭᠡᠰᠢᠭ ᠠᠪᠢᠶᠠᠨ ᠳ᠋ᠤᠨᠢ ᠴᠢᠩᠭ᠎ᠠ ᠬᠥᠨᠳᠡᠢ ᠪᠠ ᠤᠷᠤᠭᠤᠯ ᠤ᠋ᠨ ᠵᠣᠬᠢᠴᠠᠯ ᠲᠠᠢ᠃ ᠪᠢᠴᠢᠭ ᠲᠤᠨᠢ ᠬᠣᠯᠪᠣᠬᠤ ᠦᠰᠦᠭ ᠦ᠋ᠨ ᠳᠦᠷᠢᠮ ᠲᠡᠢ᠃ ᠨᠡᠷ᠎ᠡ᠂ ᠲᠡᠮᠳᠡᠭ ᠪᠠ ᠦᠢᠯᠡ ᠦᠭᠡ ᠳ᠋ᠦ᠍ᠨᠢ ᠬᠤᠪᠢᠷᠠᠯ ᠶᠡᠬᠡᠲᠡᠢ ᠪᠥᠭᠡᠳ ᠲᠣᠭ᠎ᠠ᠂ ᠲᠡᠢᠨ ᠢᠯᠭᠠᠯ᠂ ᠬᠠᠮᠢᠶᠠᠳᠠᠭᠤᠯᠬᠤ ᠶᠣᠰᠣ᠂ ᠵᠡᠷᠭᠡ᠂ ᠴᠠᠭ᠂ ᠪᠡᠶ᠎ᠡ᠂ ᠲᠥᠯᠥᠪ᠂ ᠬᠡᠪ᠂ ᠪᠠᠢᠳᠠᠯ ᠵᠡᠷᠭᠡ ᠬᠡᠯᠡ ᠵᠦᠢ ᠶ᠋ᠢᠨ ᠠᠢ ᠲᠠᠢ᠃ ᠦᠢᠯᠡ ᠦᠭᠡ ᠨᠢ ᠲᠡᠭᠦᠰᠬᠦ ᠬᠡᠯᠪᠡᠷᠢ ᠪᠠ ᠦᠢᠯᠡ ᠶ᠋ᠢᠨ ᠬᠣᠯᠪᠣᠬᠤ ᠬᠤᠪᠢᠷᠠᠯ ᠲᠠᠢ᠃ ᠦᠭᠡ ᠪᠦᠲᠦᠬᠦ ᠳ᠋ᠡᠭᠡᠨ ᠳᠠᠭᠠᠪᠤᠷᠢ ᠶ᠋ᠢᠨ ᠠᠷᠭ᠎ᠠ ᠴᠢᠬᠤᠯᠠ ᠪᠠᠢᠷᠢ ᠰᠠᠭᠤᠷᠢ ᠲᠠᠢ ᠪᠠᠢᠵᠤ ᠦᠭᠡ ᠶ᠋ᠢᠨ ᠰᠠᠩ ᠳ᠋ᠤᠨᠢ ᠮᠠᠯ ᠮᠠᠯᠵᠢᠯ ᠤ᠋ᠨ ᠦᠭᠡ ᠪᠠᠶᠠᠯᠢᠭ ᠪᠠᠢᠨ᠎ᠠ᠃ ᠥᠪᠡᠷ ᠦ᠋ᠨ ᠦᠰᠦᠭ ᠪᠢᠴᠢᠭ ᠲᠡᠢ ᠪᠠ ᠨᠤᠲᠤᠭ ᠤ᠋ᠨ ᠠᠶᠠᠯᠭᠤ᠂ ᠠᠮᠠᠨ ᠠᠶᠠᠯᠭᠤ ᠶ᠋ᠢᠨ ᠵᠥᠷᠢᠶ᠎ᠡ ᠲᠡᠢ᠃ 
       ᠳᠠᠭᠤᠷ ᠬᠡᠯᠡ     ᠳᠠᠭᠤᠷ ᠦᠨᠳᠦᠰᠦᠲᠡᠨ ᠦ᠌ ᠭᠣᠣᠯ ᠪᠣᠯᠬᠤ ᠬᠠᠷᠢᠯᠴᠠᠭᠠᠨ ᠤ᠋ ᠬᠡᠯᠡ᠃ ᠳᠠᠭᠤᠷ ᠦᠨᠳᠦᠰᠦᠲᠡᠨ ᠭᠣᠣᠯᠳᠠᠭᠤ ᠥᠪᠥᠷ ᠮᠣᠩᠭᠣᠯ ᠤ᠋ᠨ ᠥᠪᠡᠷᠳᠡᠭᠡᠨ ᠵᠠᠰᠠᠬᠤ ᠣᠷᠣᠨ ᠤ ᠬᠥᠯᠥᠨ ᠪᠣᠢᠷ ᠠᠢᠮᠠᠭ ᠪᠠ ᠬᠠᠷᠠᠮᠥ᠋ᠷᠡᠨ ᠮᠤᠵᠢ᠂ ᠰᠢᠨᠵᠢᠶᠠᠩ ᠤᠨ ᠤᠢᠭᠤᠷ ᠦᠨᠳᠦᠰᠦᠲᠡᠨ ᠦ ᠥᠪᠡᠷᠳᠡᠭᠡᠨ ᠵᠠᠰᠠᠬᠤ ᠣᠷᠣᠨ ᠢᠶᠠᠷ ᠳᠠᠷᠬᠠᠨ ᠨᠤᠲᠤᠭᠯᠠᠵᠤ᠂ ᠪᠠᠷᠤᠭ 12.1 ᠲᠦᠮᠡᠨ(1990 ᠣᠨ) ᠬᠥᠮᠥᠨ ᠠᠮᠠ ᠲᠠᠢ᠃ ᠡᠨᠡ ᠬᠡᠯᠡᠨ ᠳᠦ ᠪᠣᠭᠣᠨᠢ ᠡᠭᠡᠰᠢᠭ 6 ᠪᠠᠢᠵᠤ᠂ ᠲᠡᠭᠦᠨ ᠲᠠᠢ ᠵᠣᠬᠢᠴᠠᠭᠰᠠᠨ ᠤᠷᠲᠤ ᠡᠭᠡᠰᠢᠭ ᠲᠠᠢ; ᠡᠭᠡᠰᠢᠭ ᠠᠪᠢᠶᠠᠨ ᠳ᠋ᠤᠨᠢ ᠴᠢᠩᠭ᠎ᠠ ᠬᠥᠨᠳᠡᠢ ᠶᠢᠨ ᠵᠣᠬᠢᠴᠠᠯ ᠲᠠᠢ᠃ ᠨᠡᠷ᠎ᠡ ᠦᠭᠡ ᠳ᠋ᠦ᠋ᠨᠢ ᠲᠣᠭ᠎ᠠ᠂ ᠲᠡᠢᠨ ᠢᠯᠭᠠᠯ᠂ ᠬᠠᠮᠢᠶᠠᠳᠠᠭᠤᠯᠬᠤ ᠶᠣᠰᠣ ᠲᠠᠢ ᠪᠠᠢᠵᠤ᠂  ᠲᠡᠢᠨ ᠢᠯᠭᠠᠯ ᠳ᠋ᠤᠨᠢ10 ᠲᠥᠷᠥᠯ ᠵᠦᠢᠯ ᠲᠠᠢ;  ᠪᠡᠶ᠎ᠡ ᠶᠢᠨ ᠲᠥᠯᠥᠭᠡᠨ ᠦ ᠦᠭᠡ ᠳᠦ ᠠᠪᠢᠶᠠᠨ ᠤ ᠨᠤᠭᠤᠷᠠᠯ ᠢᠶᠠᠷ ᠭᠠᠭᠴᠠ ᠣᠯᠠᠨ ᠲᠣᠭ᠎ᠠ ᠶᠢ ᠢᠯᠭᠠᠨ᠎ᠠ᠃ ᠲᠡᠮᠲᠡᠭ ᠦᠭᠡ ᠳ᠋ᠦ᠋ᠨᠢ ᠵᠡᠷᠭᠡ ᠶᠢᠨ ᠠᠢ ᠲᠠᠢ ᠪᠠ ᠬᠠᠷᠢᠴᠠᠭᠤᠯᠬᠤ ᠵᠡᠷᠭᠡ ᠶᠢ ᠨᠥᠬᠥᠴᠡᠯ ᠢᠶᠡᠷ᠂ ᠶᠡᠬᠡᠰᠭᠡᠬᠦ ᠵᠡᠷᠭᠡ ᠶᠢ ᠲᠠᠪᠲᠠᠯᠲᠠ ᠪᠠᠷ ᠢᠯᠡᠳᠬᠡᠨ᠎ᠡ;   ᠦᠢᠯᠡ ᠦᠭᠡ ᠳ᠋ᠦ᠋ᠨᠢ ᠴᠠᠭ᠂ ᠪᠡᠶ᠎ᠡ᠂ ᠲᠥᠯᠥᠪ᠂ ᠬᠡᠪ ᠪᠠᠢᠳᠠᠯ ᠤᠨ ᠠᠢ ᠲᠠᠢ ᠪᠠᠢᠵᠤ ᠪᠡᠶ᠎ᠡ ᠶᠢᠨ ᠠᠢ ᠶᠢ ᠳᠤᠰᠬᠠᠢ ᠨᠥᠬᠥᠴᠡᠯ ᠢᠶᠡᠷ ᠢᠯᠡᠳᠬᠡᠨ᠎ᠡ;  ᠦᠢᠯᠡ ᠦᠭᠡ ᠳ᠋ᠦ᠋ᠨᠢ ᠮᠥᠨ ᠲᠡᠭᠦᠰᠭᠡᠬᠦ ᠪᠠ ᠦᠢᠯᠡ ᠶᠢᠨ ᠬᠣᠯᠪᠣᠬᠤ ᠬᠡᠯᠪᠡᠷᠢ ᠶᠢᠨ ᠬᠤᠪᠢᠷᠠᠯ ᠲᠠᠢ᠃ ᠦᠭᠡ ᠡᠭᠦᠰᠭᠡᠬᠦ ᠳ᠋ᠡᠭᠡᠨ ᠳᠠᠭᠠᠪᠤᠷᠢ ᠶᠢᠨ ᠠᠷᠭ᠎ᠠ ᠴᠢᠬᠤᠯᠠ ᠪᠣᠯᠬᠤ ᠪᠥᠭᠡᠳ ᠦᠭᠡ ᠶᠢᠨ ᠣᠯᠠᠩᠬᠢ ᠨᠢ ᠮᠣᠩᠭᠣᠯ ᠦᠭᠡ ᠲᠠᠢ ᠨᠢᠭᠡ ᠭᠠᠷᠤᠯ ᠲᠠᠢ᠃  ᠦᠭᠡ ᠶᠢᠨ ᠰᠠᠩ ᠳ᠋ᠤᠨᠢ ᠠᠩ ᠭᠥᠷᠥᠭᠡ᠂ ᠵᠢᠭᠠᠰᠤᠨ ᠦᠢᠯᠡᠰ ᠪᠠ ᠮᠠᠯ ᠮᠠᠯᠵᠢᠯ ᠤᠨ ᠦᠭᠡ ᠨᠡᠯᠢᠶᠡᠳ ᠪᠠᠶᠠᠯᠢᠭ᠃ ᠭᠣᠣᠯ ᠲᠥᠯᠥᠪ ᠪᠤᠳᠬ᠎ᠠ᠂ ᠴᠢᠴᠢᠬᠠᠷ᠂ ᠳᠠᠷᠪᠠᠭᠠᠳᠠᠢ ᠭᠡᠬᠦ ᠭᠤᠷᠪᠠᠨ ᠠᠶᠠᠯᠭᠤ ᠲᠠᠢ ᠪᠣᠯᠪᠠᠴᠤ ᠠᠶᠠᠯᠭᠤ ᠶᠢᠨ ᠵᠥᠷᠢᠶ᠎ᠡ ᠲᠡᠳᠦᠢ ᠢᠯᠡᠷᠬᠡᠢ ᠪᠤᠰᠤ᠃ ᠥᠪᠡᠷ ᠦᠨ ᠦᠰᠦᠭ ᠪᠢᠴᠢᠭ ᠪᠠᠢᠬᠤ ᠦᠭᠡᠢ᠂ ᠮᠣᠩᠭᠣᠯ ᠪᠤᠶᠤ ᠬᠢᠳᠠᠳ ᠦᠰᠦᠭ ᠢ ᠬᠡᠷᠡᠭᠯᠡᠨ᠎ᠡ᠃
       ᠮᠣᠩᠭᠣᠷ ᠬᠡᠯᠡ      ᠮᠣᠩᠭᠣᠷ ᠦᠨᠳᠦᠰᠦᠲᠡᠨ ᠦ ᠭᠣᠣᠯ ᠪᠣᠯᠬᠤ ᠬᠠᠷᠢᠯᠴᠠᠭᠠᠨ ᠤ ᠬᠡᠯᠡ᠃ ᠭᠣᠣᠯᠳᠠᠭᠤ ᠬᠥᠬᠡᠨᠠᠭᠤᠷ᠂ ᠭᠠᠨᠰᠦ ᠮᠤᠵᠢ ᠳᠤ ᠨᠤᠲᠤᠭᠯᠠᠵᠤ ᠬᠥᠮᠥᠨ ᠠᠮᠠ ᠨᠢ 19.3 ᠲᠦᠮᠡ(1990 ᠣᠨ) ᠪᠠᠢᠨ᠎ᠠ᠃ ᠡᠨᠡ ᠬᠡᠯᠡᠨ ᠳᠦ ᠪᠣᠭᠣᠨᠢ ᠡᠭᠡᠰᠢᠭ 5 ᠪᠠ ᠲᠡᠭᠦᠨ ᠲᠠᠢ ᠵᠣᠬᠢᠴᠠᠭᠰᠠᠨ ᠤᠷᠲᠤ ᠡᠭᠡᠰᠢᠭ ᠲᠠᠢ;  ᠡᠭᠡᠰᠢᠭ ᠠᠪᠢᠶᠠᠨ ᠳ᠋ᠤᠨᠢ ᠴᠢᠩᠭ᠎ᠠ ᠬᠥᠨᠳᠡᠢ ᠪᠠ ᠤᠷᠤᠭᠤᠯ ᠤᠨ ᠵᠣᠬᠢᠴᠠᠯ ᠲᠠᠢ ᠪᠠᠢᠪᠠᠴᠤ ᠵᠣᠬᠢᠴᠠᠯ ᠨᠢ ᠨᠡᠯᠢᠶᠡᠳ ᠰᠤᠯᠠᠷᠠᠭᠰᠠᠨ ᠪᠠᠢᠳᠠᠯ ᠲᠠᠢ;  ᠦᠭᠡ ᠶᠢᠨ ᠡᠷᠭᠦᠯᠲᠡ ᠨᠢ ᠦᠭᠡ ᠶᠢᠨ ᠡᠴᠦᠰ ᠦᠨ ᠦᠶ᠎ᠡ ᠳᠦ ᠪᠠᠢᠳᠠᠭ ᠲᠤᠯᠠ ᠤᠤᠯ ᠤᠨ ᠡᠬᠢᠨ ᠦ ᠦᠶ᠎ᠡ ᠶᠢᠨ ᠡᠭᠡᠰᠢᠭ ᠭᠡᠭᠡᠭᠳᠡᠭ᠍ᠰᠡᠨ ᠦᠵᠡᠭᠳᠡᠯ ᠲᠡᠢ;  ᠦᠭᠡ ᠶᠢᠨ ᠡᠬᠢᠨ᠎ᠡ ᠡᠭᠡᠰᠢᠭ ᠦᠨ ᠡᠮᠦᠨ᠎ᠡ ᠡᠷᠲᠡᠨ ᠦ ᠮᠣᠩᠭᠣᠯ ᠬᠡᠯᠡᠨ ᠦ ᠦᠯᠡᠳᠡᠭᠳᠡᠯ [f~x] ᠢᠶᠡᠨ ᠬᠠᠳᠠᠭᠠᠯᠠᠵᠤ ᠪᠠᠢᠨ᠎ᠠ᠃ ᠨᠡᠷ᠎ᠡ ᠦᠭᠡ ᠪᠠ ᠲᠥᠯᠥᠭᠡᠨ ᠦ ᠦᠭᠡ ᠳ᠋ᠦ᠋ᠨᠢ ᠲᠣᠭ᠎ᠠ᠂ ᠲᠡᠢᠨ ᠢᠯᠭᠠᠯ᠂ ᠬᠠᠮᠢᠶᠠᠳᠠᠭᠤᠯᠬᠤ ᠶᠣᠰᠣ ᠲᠠᠢ;   ᠲᠡᠮᠲᠡᠭ ᠦᠭᠡ ᠳ᠋ᠦ᠋ᠨᠢ ᠶᠡᠷᠦ ᠶᠢᠨ ᠪᠠ ᠪᠠᠭᠠᠰᠬᠠᠭᠰᠠᠨ ᠵᠡᠷᠭᠡ ᠲᠠᠢ;  ᠦᠢᠯᠡ ᠦᠭᠡ ᠳ᠋ᠦ᠋ᠨᠢ ᠴᠠᠭ᠂ ᠲᠥᠯᠥᠪ᠂ ᠪᠡᠶ᠎ᠡ᠂ ᠬᠡᠪ᠂ ᠪᠠᠢᠳᠠᠯ ᠤᠨ ᠠᠢ ᠲᠠᠢ;  ᠮᠥᠨ ᠦᠢᠯᠡ ᠦᠭᠡ ᠶᠢᠨ ᠲᠡᠭᠦᠰᠭᠡᠬᠦ ᠬᠡᠯᠪᠡᠷᠢ ᠪᠠ ᠦᠢᠯᠡ ᠶᠢᠨ ᠬᠣᠯᠪᠣᠬᠤ ᠨᠥᠬᠥᠴᠡᠯ ᠦᠨ ᠬᠤᠪᠢᠷᠠᠯ ᠲᠠᠢ;  ᠲᠡᠮᠲᠡᠭ ᠪᠠ ᠦᠢᠯᠡ ᠦᠭᠡ ᠶᠢᠨ ᠡᠮᠦᠨ᠎ᠡ ᠨᠥᠬᠥᠪᠦᠷᠢᠯᠡᠬᠦ ᠭᠡᠰᠢᠭᠦᠨ ᠪᠦᠷᠢᠯᠳᠦᠭᠦᠨ ᠲᠠᠢ;  ᠦᠭᠡ ᠡᠭᠦᠰᠭᠡᠬᠦ ᠳ᠋ᠡᠭᠡᠨ ᠳᠠᠭᠠᠪᠤᠷᠢ ᠪᠠ ᠦᠭᠡ ᠬᠣᠷᠰᠢᠬᠤ ᠠᠷᠭ᠎ᠠ ᠭᠣᠣᠯᠯᠠᠨ᠎ᠠ᠃ ᠦᠭᠡ ᠶᠢᠨ ᠰᠠᠩ ᠤᠨ ᠣᠯᠠᠩᠬᠢ ᠨᠢ ᠲᠥᠷᠥᠯ ᠬᠡᠯᠡ ᠨᠦᠭᠦᠳ ᠲᠠᠢ ᠪᠠᠨ ᠨᠢᠭᠡ ᠭᠠᠷᠤᠯᠲᠠᠢ ᠪᠠ ᠬᠢᠲᠠᠳ ᠲᠥᠪᠡᠳ ᠭᠠᠷᠤᠯᠲᠠᠢ ᠦᠭᠡ ᠵᠣᠬᠢᠬᠤ ᠬᠤᠪᠢ ᠶᠢᠨ ᠵᠢᠩ ᠲᠠᠢ᠃   ᠬᠣᠭᠣᠷᠣᠨᠳᠠᠬᠢ ᠵᠥᠷᠢᠶ᠎ᠡ ᠨᠢ ᠠᠪᠢᠶ᠎ᠠ᠂ ᠬᠡᠯᠡ ᠵᠦᠢ᠂ ᠦᠭᠡ ᠶᠢᠨ ᠰᠠᠩ ᠤᠨ ᠲᠠᠯ᠎ᠠ ᠪᠠᠷ ᠴᠥᠮ ᠢᠯᠡᠷᠡᠵᠦ ᠪᠠᠢᠳᠠᠭ ᠲᠤᠯᠠ ᠬᠣᠭᠣᠷᠣᠯᠳᠤ ᠪᠠᠨ ᠬᠠᠷᠢᠯᠴᠠᠬᠤ ᠳᠤ ᠨᠡᠯᠢᠶᠡᠳ ᠪᠡᠷᠬᠡᠳᠡᠨ᠎ᠡ᠃ ᠤᠤᠯ ᠨᠢ ᠦᠰᠦᠭ ᠪᠢᠴᠢᠭ ᠪᠠᠢᠭᠰᠠᠨ ᠦᠭᠡᠢ ᠪᠣᠯᠪᠠᠴᠤ ᠬᠥᠬᠡᠨᠠᠭᠤᠷ ᠤᠨ ᠬᠤᠵᠤ ᠶᠢᠨ ᠮᠣᠩᠭᠣᠷᠴᠤᠳ 1979 ᠣᠨ ᠠᠴᠠ ᠡᠬᠢᠯᠡᠨ ᠦᠰᠦᠭ ᠪᠢᠴᠢᠭ ᠦᠨ ᠳᠥᠰᠥᠯ ᠵᠣᠬᠢᠶᠠᠨ ᠳᠤᠷᠰᠢᠨ ᠬᠡᠷᠡᠭᠯᠡᠵᠦ ᠪᠠᠢᠨ᠎ᠠ᠃ 
       ᠳ᠋ᠦᠩᠰᠢᠶᠠᠩ ᠬᠡᠯᠡ      ᠳ᠋ᠦᠩᠰᠢᠶᠠᠩ ᠦᠨᠳᠦᠰᠦᠲᠡᠨ ᠦ᠌ ᠭᠣᠣᠯ ᠪᠣᠯᠬᠤ ᠬᠠᠷᠢᠯᠴᠠᠭᠠᠨ ᠤ᠋ ᠬᠡᠯᠡ᠃ ᠳ᠋ᠦᠩᠰᠢᠶᠠᠩ ᠦᠨᠳᠦᠰᠦᠲᠡᠨ ᠭᠣᠣᠯᠳᠠᠭᠤ ᠭᠠᠨᠰᠦ ᠮᠣᠵᠢ ᠶ᠋ᠢᠨ  ᠯᠢᠨᠰᠢᠶᠠ ᠶ᠋ᠢᠨ ᠵᠡᠭᠦᠨ ᠬᠡᠰᠡᠭ ᠲᠦ᠍ ᠨᠤᠲᠤᠭᠯᠠᠵᠤ᠂ ᠬᠥᠮᠦᠨ ᠠᠮᠠ ᠨᠢ ᠪᠠᠷᠤᠭ37.4 ᠲᠦᠮᠡ(1990 ᠣᠨ) ᠪᠠᠢᠳᠠᠭ᠃ ᠡᠨᠡ ᠬᠡᠯᠡᠨ ᠳ᠋ᠦ᠍ ᠪᠣᠭᠣᠨᠢ ᠡᠭᠡᠰᠢᠭ ᠬᠠᠷᠢᠴᠠᠩᠭᠤᠢ ᠴᠥᠭᠡᠨ ᠪᠥᠭᠡᠳ ᠬᠣᠣᠰ ᠭᠤᠷᠮᠤᠰᠤᠨ ᠡᠭᠡᠰᠢᠭ ᠦ᠋ᠳ ᠬᠠᠷᠢᠴᠠᠩᠭᠤᠢ ᠣᠯᠠᠨ᠂ ᠡᠭᠡᠰᠢᠭ ᠠᠪᠢᠶᠠᠨ ᠳ᠋ᠤᠨᠢ ᠪᠣᠭᠣᠨᠢ ᠤᠷᠲᠤ ᠶ᠋ᠢᠨ ᠠᠪᠢᠶᠠᠯᠠᠪᠤᠷᠢ ᠦᠭᠡᠢ᠃  ᠡᠭᠡᠰᠢᠭ ᠠᠪᠢᠶᠠᠨ ᠳ᠋ᠤᠨᠢ ᠠᠪᠢᠶᠠᠨ ᠤ᠋ ᠵᠣᠬᠢᠴᠠᠯ ᠨᠢ ᠰᠤᠯᠠᠷᠠᠭᠰᠠᠨ ᠪᠠ ᠵᠠᠷᠢᠮᠳᠤᠭ ᠦᠯᠡᠳᠡᠭᠳᠡᠯ ᠦ᠋ᠨ ᠵᠦᠢᠯ ᠪᠣᠢ᠃ ᠭᠡᠢᠭᠦᠯᠦᠭᠴᠢ ᠠᠪᠢᠶ᠎ᠠ ᠬᠠᠷᠢᠴᠠᠩᠭᠤᠢ ᠢᠯᠡᠭᠦᠦ᠃ ᠦᠭᠡ ᠶ᠋ᠢᠨ ᠡᠬᠢᠨ᠎ᠠ ᠡᠭᠡᠰᠢᠭ ᠦ᠋ᠨ ᠡᠮᠦᠨ᠎ᠡ ᠡᠷᠲᠡᠨ ᠦ᠌ ᠮᠣᠩᠭᠣᠯ ᠬᠡᠯᠡᠨ ᠦ᠌ ᠦᠯᠡᠳᠡᠭᠳᠡᠯ[f.h.x.c] ᠬᠠᠳᠠᠭᠠᠯᠠᠭᠳᠠᠵᠤ ᠪᠠᠢᠨ᠎ᠠ᠃ ᠦᠭᠡ ᠶ᠋ᠢᠨ ᠡᠷᠭᠦᠯᠲᠡ ᠨᠢ ᠡᠴᠦᠰ ᠦ᠋ᠨ ᠦᠶ᠎ᠡ ᠳ᠋ᠡᠭᠡᠨ ᠪᠠᠢᠳᠠᠭ ᠲᠤᠯᠠ ᠡᠬᠢᠨ ᠦ᠌ ᠦᠶ᠎ᠡ ᠶ᠋ᠢᠨ ᠡᠭᠡᠰᠢᠭ ᠠᠪᠢᠶ᠎ᠠ ᠨᠢ ᠪᠠᠯᠠᠷᠬᠠᠢ ᠪᠣᠯᠵᠤ ᠠᠪᠢᠶᠠᠯᠠᠭᠳᠠᠨ᠎ᠠ᠃ ᠨᠡᠷ᠎ᠡ ᠦᠭᠡ ᠪᠠ ᠲᠥᠯᠥᠭᠡᠨ  ᠦᠭᠡ ᠳ᠋ᠦ᠍ᠨᠢ ᠲᠣᠭ᠎ᠠ᠂ ᠲᠡᠢᠨ ᠢᠯᠭᠠᠯ᠂ ᠬᠠᠮᠢᠶᠠᠳᠠᠭᠤᠯᠬᠤ ᠠᠢ ᠲᠠᠢ᠃ ᠲᠡᠮᠳᠡᠭ ᠦᠭᠡ ᠳ᠋ᠦ᠍ᠨᠢ ᠵᠡᠷᠭᠡ ᠶ᠋ᠢᠨ ᠠᠢ ᠲᠠᠢ᠃ ᠦᠢᠯᠡ ᠦᠭᠡ ᠳ᠋ᠦ᠍ᠨᠢ ᠴᠠᠭ᠂ ᠲᠥᠯᠥᠪ᠂ ᠬᠡᠪ᠂ ᠪᠠᠢᠳᠠᠯ ᠵᠡᠷᠭᠡ ᠬᠡᠯᠡ ᠵᠦᠢ ᠶ᠋ᠢᠨ ᠠᠢ ᠲᠠᠢ ᠪᠠ ᠦᠢᠯᠡ ᠶ᠋ᠢᠨ ᠬᠣᠯᠪᠣᠬᠤ ᠨᠥᠬᠥᠴᠡᠯ ᠦ᠋ᠨ ᠬᠤᠪᠢᠷᠠᠯ ᠲᠠᠢ᠃ ᠦᠭᠡ ᠡᠭᠦᠰᠬᠡᠬᠦ ᠳ᠋ᠡᠭᠡᠨ ᠳᠠᠭᠠᠪᠤᠷᠢ ᠶ᠋ᠢᠨ ᠠᠷᠭ᠎ᠠ ᠴᠢᠬᠤᠯᠠ ᠪᠠᠢᠷᠢ ᠲᠠᠢ᠃ ᠦᠭᠡ ᠶ᠋ᠢᠨ ᠰᠠᠩ ᠳ᠋ᠤᠨᠢ ᠪᠤᠰᠤᠳ ᠲᠥᠷᠥᠯ ᠬᠡᠯᠡ ᠨᠦ᠍ᠭᠦᠳ ᠲᠡᠢ ᠨᠢᠭᠡ ᠭᠠᠷᠤᠯ ᠲᠠᠢ ᠦᠭᠡ ᠨᠡᠯᠢᠶᠡᠳ ᠶᠡᠬᠡ ᠬᠤᠪᠢ ᠶ᠋ᠢᠨ ᠵᠢᠩ ᠲᠡᠢ ᠪᠠ ᠵᠠᠷᠢᠮ ᠨᠡᠯᠢᠶᠡᠳ ᠡᠷᠳᠡᠪᠳᠡᠷ ᠦᠶ᠎ᠡ ᠶ᠋ᠢᠨ ᠦᠭᠡᠰ ᠢ᠋ᠶ᠋ᠡᠨ ᠬᠠᠳᠠᠭᠠᠯᠠᠵᠤ ᠪᠠᠢᠨ᠎ᠠ᠃ ᠵᠢᠭᠡᠯᠡᠭᠡ ᠦᠭᠡ ᠨᠡᠯᠢᠶᠡᠳ ᠣᠯᠠᠨ ᠪᠠᠢᠬᠤ ᠪᠠ ᠣᠯᠠᠩᠬᠢ ᠨᠢ ᠬᠢᠲᠠᠳ ᠭᠠᠷᠤᠯᠳᠢ᠂ ᠵᠠᠷᠢᠮ ᠴᠥᠭᠡᠩᠬᠢ ᠨᠢ ᠠᠷᠠᠪ᠂ ᠢᠷᠡᠨ ᠬᠡᠯᠡ ᠭᠠᠷᠤᠯᠲᠠᠢ᠃ ᠭᠣᠣᠯ ᠲᠥᠯᠥᠪ ᠰᠦᠸᠸᠨᠠᠨᠪᠠ᠂ ᠸᠠᠩᠵᠢᠶᠡᠵᠢ ᠪᠠ ᠰᠸᠵᠢᠶᠡᠵᠢ ᠭᠡᠬᠦ ᠭᠤᠷᠪᠠᠨ ᠵᠦᠢᠯ ᠦ᠋ᠨ ᠠᠶᠠᠯᠠᠭᠤ ᠶᠠᠷᠢᠶᠠᠨ ᠤ᠋ ᠢᠯᠭᠠᠭ᠎ᠠ ᠲᠠᠢ᠃ ᠥᠪᠡᠷ ᠦ᠋ᠨ ᠲᠤᠰᠬᠠᠢ ᠦᠰᠦᠭ ᠪᠢᠴᠢᠭ ᠭᠡᠵᠦ ᠪᠠᠢᠳᠠᠭ ᠦᠭᠡᠢ᠃  
       ᠪᠤᠤ ᠠᠨ ᠬᠡᠯᠡ       ᠪᠤᠤ ᠠᠨ ᠦᠨᠳᠦᠰᠦᠲᠡᠨ ᠦ᠌ ᠭᠣᠣᠯ ᠪᠣᠯᠬᠤ ᠬᠠᠷᠢᠯᠴᠠᠭᠠᠨ ᠤ᠋ ᠬᠡᠯᠡ᠃ ᠪᠤᠤ ᠠᠨ ᠬᠡᠯᠡᠳᠡᠳ ᠭᠣᠣᠯᠳᠠᠭᠤ ᠭᠠᠨᠰᠦ ᠮᠣᠵᠢ ᠶ᠋ᠢᠨ ᠯᠢᠨᠰᠢᠶᠠ ᠬᠣᠲᠣᠩ ᠦᠨᠳᠦᠰᠦᠲᠡᠨ ᠦ᠌ ᠥᠪᠡᠷᠲᠡᠭᠡᠨ ᠵᠠᠰᠠᠬᠤ ᠵᠧᠦ᠂ ᠬᠥᠬᠡᠨᠠᠭᠤᠷ ᠮᠣᠵᠢ ᠶ᠋ᠢᠨ ᠬᠤᠸᠠᠩᠨᠡᠨ ᠲᠥᠪᠡᠳ ᠦᠨᠳᠦᠰᠦᠲᠡᠨ ᠦ᠌ ᠥᠪᠡᠷᠲᠡᠭᠡᠨ ᠵᠠᠰᠠᠬᠤ ᠵᠧᠦ ᠳ᠋ᠦ᠍ ᠨᠤᠲᠤᠭᠯᠠᠵᠤ ᠬᠥᠮᠦᠨ ᠠᠮᠠ ᠨᠢ1.2 ᠲᠦᠮᠡ(1990 ᠣᠨ) ᠪᠠᠢᠨ᠎ᠠ᠃ ᠡᠨᠡ ᠬᠡᠯᠡᠨ ᠳ᠋ᠦ᠍ ᠪᠣᠭᠣᠨᠢ ᠤᠷᠲᠤ ᠡᠭᠡᠰᠢᠭ ᠦ᠋ᠨ ᠢᠯᠭᠠᠭ᠎ᠠ ᠲᠠᠢ ᠪᠣᠯᠪᠠᠴᠤ ᠣᠯᠠᠩᠬᠢ ᠨᠢ ᠠᠪᠢᠶᠠᠯᠠᠪᠤᠷᠢ ᠶ᠋ᠢᠨ ᠢᠯᠭᠠᠭ᠎ᠠ  ᠦᠭᠡᠢ᠃ ᠨᠡᠢᠯᠡᠮᠡᠯ ᠡᠭᠡᠰᠢᠭ ᠪᠠ ᠨᠡᠢᠯᠡᠮᠡᠯ ᠭᠡᠢᠭᠦᠯᠦᠭᠴᠢ ᠬᠠᠷᠢᠴᠠᠩᠭᠤᠢ ᠣᠯᠠᠨ᠃ ᠡᠭᠡᠰᠢᠭ ᠠᠪᠢᠶᠠᠨ ᠤ᠋ ᠵᠣᠬᠢᠴᠠᠯ ᠨᠢ ᠨᠡᠯᠢᠶᠡᠳ ᠰᠤᠯᠠᠷᠠᠭᠰᠠᠨ ᠪᠠ ᠭᠡᠰᠡᠭ ᠬᠡᠪᠴᠢᠶᠡᠨ ᠳᠦ ᠢᠯᠡᠷᠡᠨ᠎ᠡ᠃ ᠦᠭᠡ ᠶ᠋ᠢᠨ ᠡᠬᠢᠨ ᠳ᠋ᠦ᠍ ᠡᠭᠡᠰᠢᠭ ᠦ᠋ᠨ ᠡᠮᠦᠨ᠎ᠡ ᠡᠷᠲᠡᠨ ᠦ᠌ ᠮᠣᠩᠭᠣᠯ ᠬᠡᠯᠡᠨ ᠦ᠌ ᠦᠯᠡᠳᠡᠭᠳᠡᠯ [h,f]  ᠢᠶᠠᠨ ᠬᠠᠳᠠᠭᠠᠯᠠᠵᠤ ᠪᠠᠢᠨ᠎ᠠ; ᠦᠭᠡ ᠶ᠋ᠢᠨ ᠡᠷᠭᠦᠯᠲᠡ ᠨᠢ ᠡᠴᠦᠰ ᠦᠨ ᠦᠶ᠎ᠡ ᠳ᠋ᠡᠭᠡᠨ ᠪᠠᠢᠳᠠᠭ ᠲᠤᠯᠠ ᠡᠬᠢᠨ ᠦ᠌ ᠦᠶ᠎ᠡ ᠳ᠋ᠡᠬᠢ ᠡᠭᠡᠰᠢᠭ ᠠᠪᠢᠶ᠎ᠠ ᠰᠤᠯᠠᠷᠠᠵᠤ ᠭᠡᠭᠡᠭᠳᠡᠭᠡᠳ ᠵᠠᠷᠢᠮ ᠳ᠋ᠠᠭᠠᠨ ᠨᠡᠢᠯᠡᠮᠡᠯ ᠭᠡᠢᠭᠦᠯᠦᠭᠴᠢ ᠶ᠋ᠢ ᠪᠦᠷᠢᠯᠳᠦᠭᠦᠯᠵᠢ᠂ ᠭᠡᠬᠦ ᠳ᠋ᠡᠭᠡᠨ ᠡᠭᠦᠰᠦᠮᠡᠯ ᠦᠭᠡ ᠳᠦ ᠡᠷᠭᠦᠯᠲᠡ ᠨᠢ ᠡᠴᠦᠰ ᠦ᠋ᠨ ᠦᠶ᠎ᠡ ᠳ᠋ᠤ᠌ ᠰᠢᠯᠵᠢᠵᠦ ᠠᠪᠢᠶᠠᠯᠠᠭᠳᠠᠬᠤ ᠨᠢ ᠪᠤᠰᠤᠳ ᠲᠥᠷᠥᠯ ᠬᠡᠯᠡ ᠨᠦᠭᠦᠳ ᠡᠴᠡ ᠣᠨᠴᠠᠭᠠᠢ᠃ ᠨᠡᠷ᠎ᠡ ᠦᠭᠡ ᠳ᠋ᠦ᠍ ᠲᠣᠭ᠎ᠠ᠂ ᠲᠡᠢᠨ ᠢᠯᠭᠠᠯ᠂ ᠬᠠᠮᠢᠶᠠᠳᠠᠭᠤᠯᠬᠤ ᠶᠣᠰᠣ ᠲᠠᠢ ᠪᠥᠭᠡᠳ ᠲᠡᠢᠨ ᠢᠯᠭᠠᠯ ᠨᠢ ᠨᠡᠷᠡᠯᠡᠬᠦ᠂ ᠬᠠᠷᠢᠶᠠᠯᠠᠬᠤ᠂ ᠵᠢᠭᠠᠬᠤ᠂ ᠥᠭᠬᠦ ᠣᠷᠣᠰᠢᠬᠤ᠂ ᠭᠠᠷᠬᠤ ᠠᠳᠠᠯᠢᠳᠬᠠᠬᠤ᠂ ᠦᠢᠯᠡᠳᠬᠦ ᠬᠠᠮᠲᠤᠷᠠᠬᠤ ᠭᠡᠬᠦ 5 ᠪᠣᠯᠣᠨ᠎ᠠ; ᠦᠢᠯᠡ ᠦᠭᠡ ᠳᠦ ᠴᠠᠭ ᠪᠠ ᠪᠠᠢᠳᠠᠯ᠂ ᠬᠡᠪ᠂ ᠲᠥᠯᠥᠪ ᠦᠨ ᠠᠢ ᠲᠠᠢ ᠪᠠᠢᠵᠤ ᠮᠠᠭᠠᠳᠲᠤ ᠪᠠ ᠡᠰᠡ ᠮᠠᠭᠠᠳᠲᠤ ᠪᠠᠢᠳᠠᠯ ᠤ᠋ᠨ ᠠᠢ ᠨᠢ ᠣᠨᠴᠠᠭᠠᠢ;  ᠦᠢᠯᠡ ᠨᠢ ᠬᠣᠯᠪᠣᠬᠤ ᠨᠥᠬᠥᠴᠡᠯ ᠦ᠋ᠨ ᠬᠤᠪᠢᠷᠠᠯ ᠲᠠᠢ; ᠦᠭᠡ ᠡᠭᠦᠰᠭᠡᠬᠦ ᠳ᠋ᠡᠭᠡᠨ ᠳᠠᠭᠠᠪᠤᠷᠢ ᠶ᠋ᠢᠨ ᠠᠷᠭ᠎ᠠ ᠴᠢᠬᠤᠯᠠ ᠪᠠᠢᠷᠢ ᠲᠠᠢ; ᠦᠭᠡ ᠶ᠋ᠢᠨ ᠰᠠᠩ ᠳ᠋ᠤᠨᠢ ᠬᠠᠷᠢ ᠭᠠᠷᠤᠯ ᠤ᠋ᠨ ᠦᠭᠡ ᠪᠠᠷᠤᠭ ᠭᠤᠷᠪᠠᠨ ᠤ᠋ ᠨᠢᠭᠡ ᠶ᠋ᠢ ᠡᠵᠡᠯᠡᠵᠦ ᠳᠡᠢᠯᠦᠩᠭᠢ ᠨᠢ ᠬᠢᠲᠠᠳ᠂ ᠳᠡᠳ᠋ᠯᠡᠪᠡᠯ ᠲᠥᠪᠡᠳ ᠬᠡᠯᠡᠨ ᠦ ᠵᠢᠭᠡᠯᠡᠯᠭᠡ ᠦᠭᠡ ᠪᠣᠯᠣᠨ᠎ᠠ;  ᠭᠣᠣᠯ ᠲᠥᠯᠥᠪ  ᠳ᠋ᠠ ᠾᠧ᠎ ᠵᠢᠶᠠ ᠪᠠ ᠲᠦᠩᠷᠸᠠ ᠭᠡᠬᠦ ᠬᠣᠶᠠᠷ ᠠᠶᠠᠯᠭᠤ ᠲᠠᠢ ᠪᠣᠯᠪᠠᠴᠤ ᠢᠯᠭᠠᠭ᠎ᠠ ᠨᠢ ᠪᠠᠭ᠎ᠠ᠂ ᠬᠡᠯᠡ ᠵᠦᠢ ᠶ᠋ᠢᠨ ᠲᠠᠯ᠎ᠠ ᠪᠠᠷ ᠲᠡᠳᠦᠢ ᠵᠥᠷᠢᠶ᠎ᠡ ᠦᠭᠡᠢ᠃ ᠥᠪᠡᠷ ᠦ᠋ᠨ ᠬᠢᠨᠢ ᠲᠤᠰᠬᠠᠢ ᠦᠰᠦᠭ ᠪᠢᠴᠢᠭ ᠭᠡᠵᠦ ᠪᠠᠢᠳᠠᠭ ᠦᠭᠡᠢ᠃ 
       ᠵᠡᠭᠦᠨ ᠶᠤᠭᠤᠷ ᠬᠡᠯᠡ     ᠶᠤᠭᠤᠷ ᠦᠨᠳᠦᠰᠦᠲᠡᠨ ᠦ᠌ ᠳᠣᠷᠣᠨᠠᠲᠤ ᠬᠡᠰᠡᠭ ᠦ᠋ᠨ ᠶᠤᠭᠤᠷᠴᠤᠳ ᠤ᠋ᠨ ᠭᠣᠣᠯ ᠪᠣᠯᠬᠤ ᠬᠠᠷᠢᠯᠴᠠᠭᠠᠨ ᠤ᠋ ᠬᠡᠯᠡ᠃ ᠶᠣᠭᠣᠷ ᠦᠨᠳᠦᠰᠦᠲᠡᠨ ᠭᠣᠣᠯᠳᠠᠭᠤ ᠭᠠᠨᠰᠦ ᠮᠣᠵᠢ ᠶ᠋ᠢᠨ ᠰᠤᠨᠠᠨ ᠤ᠋ ᠶᠤᠭᠤᠷ ᠦᠨᠳᠦᠰᠦᠲᠡᠨ ᠦ᠌ ᠥᠪᠡᠷᠲᠡᠭᠡᠨ ᠵᠠᠰᠠᠬᠤ ᠰᠢᠶᠠᠨ ᠳ᠋ᠤ᠌ ᠨᠤᠲᠤᠭᠯᠠᠵᠤ ᠬᠥᠮᠦᠨ ᠠᠮᠠ ᠨᠢ 1. 2 ᠲᠦᠮᠡ (1990 ᠣᠨ) ᠪᠠᠢᠵᠤ᠂ ᠵᠡᠭᠦᠨ ᠶᠤᠭᠤᠷ ᠬᠡᠯᠡ ᠪᠡᠷ ᠬᠡᠯᠡᠯᠴᠡᠭᠴᠢᠳ ᠪᠠᠷᠤᠭ ᠬᠠᠭᠠᠰ ᠬᠤᠪᠢ ᠶ᠋ᠢ ᠡᠵᠡᠯᠡᠨ᠎ᠡ᠃ ᠵᠡᠭᠦᠨ ᠶᠤᠭᠤᠷ ᠬᠡᠯᠡᠨ ᠳ᠋ᠦ᠍ ᠪᠣᠭᠣᠨᠢ ᠡᠭᠡᠰᠢᠭ 8 ᠪᠠᠢᠵᠤ ᠡᠭᠦᠨ ᠲᠡᠢ ᠲᠣᠬᠢᠷᠠᠯᠴᠠᠬᠤ 7 ᠤᠷᠲᠤ ᠡᠭᠡᠰᠢᠭ ᠲᠡᠢ ᠪᠣᠯᠪᠠᠴᠤ ᠤᠷᠲᠤ ᠪᠣᠭᠣᠨᠢ ᠶ᠋ᠢᠨ ᠢᠯᠭᠠᠭ᠎ᠠ ᠨᠢ ᠠᠪᠢᠶᠠᠯᠠᠪᠤᠷᠢ ᠪᠣᠯᠬᠤ ᠦᠭᠡᠢ ; ᠬᠣᠣᠰ ᠡᠭᠡᠰᠢᠭ 13᠂ ᠭᠤᠷᠮᠤᠰᠤᠨ ᠡᠭᠡᠰᠢᠭ 2 ᠪᠠᠢᠵᠤ ᠨᠡᠢᠯᠡᠮᠡᠯ ᠡᠭᠡᠰᠢᠭ ᠢ᠋ᠶ᠋ᠡᠷ ᠮᠣᠩᠭᠣᠯ ᠲᠥᠷᠥᠯ ᠬᠡᠯᠡᠨ ᠳ᠋ᠦ᠍ ᠨᠡᠯᠢᠶᠡᠳ ᠣᠯᠠᠨ ; ᠡᠭᠡᠰᠢᠭ ᠠᠪᠢᠶᠠᠨ ᠤ᠋ ᠵᠣᠬᠢᠴᠠᠯ ᠳ᠋ᠤᠨᠢ ᠴᠢᠩᠭ᠎ᠠ ᠬᠥᠨᠳᠡᠢ ᠪᠠ ᠤᠷᠤᠭᠤᠯ ᠣᠨ ᠵᠣᠬᠢᠴᠠᠯ ᠲᠠᠢ᠃ ᠦᠭᠡ ᠶ᠋ᠢᠨ ᠡᠬᠢᠨ ᠳ᠋ᠦ᠍ ᠡᠭᠡᠰᠢᠭ ᠦ᠋ᠨ ᠡᠮᠦᠨ᠎ᠡ ᠡᠷᠲᠡᠨ ᠦ᠌ ᠬᠡᠯᠡᠨ ᠦ᠌ ᠦᠯᠡᠳᠡᠭᠳᠡᠯ [ h ] ᠬᠠᠳᠠᠭᠠᠯᠠᠭᠳᠠᠵᠤ ᠪᠠᠢᠨ᠎ᠠ ; ᠦᠭᠡ ᠶ᠋ᠢᠨ ᠡᠷᠭᠦᠯᠲᠡ ᠨᠢ ᠦᠭᠡ ᠶ᠋ᠢᠨ ᠡᠴᠦᠰ ᠦ᠋ᠨ ᠦᠶ᠎ᠡ ᠳ᠋ᠦ᠍ ᠲᠣᠬᠢᠶᠠᠯᠳᠤᠵᠤ ᠦᠭᠡ ᠶ᠋ᠢᠨ ᠡᠬᠢᠨ ᠦ᠌ ᠡᠭᠡᠰᠢᠭ ᠠᠪᠢᠶ᠎ᠠ ᠰᠤᠯᠠᠷᠠᠵᠤ ᠭᠡᠭᠡᠭᠳᠡᠭᠰᠡᠨ ᠦᠵᠡᠭᠳᠡᠯ ᠵᠥᠩᠳᠡᠭᠡᠨ ᠲᠤᠯᠠ ᠨᠡᠢᠯᠡᠮᠠᠯ ᠭᠡᠢᠭᠦᠯᠦᠭᠴᠢ ᠦᠭᠡ ᠶ᠋ᠢᠨ ᠡᠬᠢᠨ ᠳ᠋ᠦ᠍ ᠣᠯᠠᠨ ᠲᠣᠬᠢᠶᠠᠯᠳᠤᠨ᠎ᠠ ; ᠡᠭᠦᠰᠦᠮᠡᠯ ᠦᠭᠡ ᠳ᠋ᠦ᠍ ᠡᠷᠭᠦᠯᠲᠡ ᠨᠢ ᠡᠴᠦᠰ ᠦ᠋ᠨ ᠦᠶ᠎ᠡ ᠳ᠋ᠦ᠍ ᠰᠢᠯᠵᠢᠵᠦ ᠠᠪᠢᠶᠠᠯᠠᠭᠳᠠᠬᠤ ᠨᠢ ᠪᠤᠰᠤᠳ ᠲᠥᠷᠥᠯ ᠬᠡᠯᠡ ᠡᠴᠡ ᠣᠨᠴᠠᠭᠠᠢ᠃ ᠨᠡᠷ᠎ᠡ ᠦᠭᠡ ᠳ᠋ᠦ᠍ ᠲᠣᠭ᠎ᠠ᠂ ᠳᠠᠢᠨ ᠢᠯᠭᠠᠯ᠂ ᠬᠠᠮᠢᠶᠠᠳᠠᠭᠤᠯᠬᠤ ᠶᠣᠰᠣ ᠲᠠᠢ ᠪᠥᠭᠡᠳ ᠳᠠᠢᠨ ᠢᠯᠭᠠᠯ ᠳ᠋ᠤᠨᠢ ᠨᠡᠷᠡᠯᠡᠬᠦ᠂ ᠬᠠᠷᠢᠶᠠᠯᠠᠬᠤ ᠵᠢᠭᠠᠬᠤ᠂ ᠥᠭᠬᠦ ᠣᠷᠣᠰᠢᠬᠤ᠂ ᠭᠠᠷᠬᠤ᠂ ᠠᠳᠠᠯᠢᠳᠬᠠᠬᠤ᠂ ᠦᠢᠯᠡᠳᠬᠦ᠂ ᠬᠠᠮᠲᠤᠷᠠᠬᠤ᠂ ᠳᠠᠭᠠᠯᠳᠤᠬᠤ ᠵᠡᠷᠭᠡ 7 ᠪᠣᠢ ; ᠦᠢᠯᠡ ᠦᠭᠡ ᠳ᠋ᠦ᠍ ᠴᠠᠭ᠂ ᠲᠥᠯᠥᠪ᠂ ᠬᠡᠪ᠂ ᠪᠠᠢᠳᠠᠯ ᠤ᠋ᠨ ᠠᠢ ᠲᠠᠢ ᠪᠠᠢᠵᠤ ᠦᠢᠯᠡ ᠶ᠋ᠢᠨ ᠬᠣᠯᠪᠣᠬᠤ ᠬᠤᠪᠢᠷᠠᠯ ᠲᠠᠢ ; ᠲᠤᠰᠬᠠᠢ ᠨᠡᠷ᠎ᠡ ᠪᠠ ᠳᠠᠭᠤᠳᠠᠯᠭ᠎ᠠ ᠨᠡᠷ᠎ᠡ ᠳ᠋ᠦ᠍ᠨᠢ - ti ᠭᠡᠬᠦ ᠬᠤᠷᠢᠶᠠᠬᠤ ᠨᠥᠬᠥᠴᠡᠯ ᠲᠡᠢ ᠪᠠ ᠪᠡᠶ᠎ᠡ ᠶ᠋ᠢᠨ ᠲᠥᠯᠥᠭᠡᠨ ᠦ᠌ ᠦᠭᠡ ᠶ᠋ᠢᠨ ᠲᠣᠭ᠎ᠠ ᠶ᠋ᠢ ᠨᠥᠬᠥᠴᠡᠯ ᠢ᠋ᠶ᠋ᠡᠷ ᠢᠯᠡᠳᠬᠡᠨ᠎ᠡ ; ᠦᠢᠯᠡ ᠶ᠋ᠢᠨ  -sa/-sǝ ~ -so ᠭᠡᠬᠦ ᠬᠦᠰᠡᠬᠦ ᠨᠥᠬᠥᠴᠡᠯ ᠲᠡᠢ᠃ ᠦᠭᠡ ᠡᠭᠦᠰᠬᠡᠬᠦ ᠳ᠋ᠡᠭᠡᠨ ᠳᠠᠭᠠᠪᠤᠷᠢ ᠪᠠ ᠦᠭᠡ ᠬᠣᠯᠪᠣᠬᠤ ᠠᠷᠭ᠎ᠠ ᠭᠣᠣᠯᠯᠠᠨ᠎ᠠ; ᠤᠤᠭᠠᠯ ᠦᠭᠡᠰ ᠲᠦ᠋ᠨᠢ ᠮᠣᠩᠭᠣᠯ ᠬᠡᠯᠡ ᠲᠡᠢ ᠭᠠᠷᠤᠯ ᠨᠢᠭᠡᠲᠡᠢ ᠡᠷᠲᠡᠨ ᠦ᠌ ᠬᠢ ᠵᠦᠢᠯ ᠨᠡᠯᠢᠶᠡᠳ ᠬᠤᠪᠢ ᠶ᠋ᠢᠨ ᠵᠢᠩ ᠲᠡᠢ᠃ ᠵᠢᠭᠡᠯᠡᠭᠡ ᠦᠭᠡ ᠬᠠᠷᠢᠴᠠᠩᠭᠤᠢ ᠢᠯᠡᠭᠦᠦ ᠪᠠᠢᠵᠤ ᠪᠠᠷᠤᠭ ᠭᠤᠷᠪᠠᠨ ᠤ᠋ ᠨᠢᠭᠡ ᠶ᠋ᠢ ᠡᠵᠡᠯᠡᠵᠦ ᠳᠡᠢᠯᠦᠩᠬᠡᠶ ᠨᠢ ᠬᠢᠲᠠᠳ᠂ ᠲᠦᠷᠺ᠂ ᠲᠥᠪᠡᠳ ᠭᠠᠷᠤᠯ ᠲᠠᠢ᠂ ᠭᠡᠬᠦ ᠳ᠋ᠡᠭᠡᠨ ᠣᠷᠴᠢᠨ ᠴᠠᠭ ᠤ᠋ᠨ ᠰᠢᠨ᠎ᠡ ᠦᠭᠡᠰ ᠲᠦ᠍ ᠬᠢᠲᠠᠳ ᠬᠡᠯᠡᠨ ᠦ᠌ ᠦᠭᠡ ᠢᠯᠡᠭᠦᠦ ᠪᠠᠢᠵᠤ᠂ ᠲᠦᠷᠺ ᠭᠠᠷᠤᠯ ᠲᠠᠢ ᠦᠭᠡ ᠪᠤᠰᠤᠳ ᠮᠣᠩᠭᠣᠯ ᠲᠥᠷᠥᠯ ᠬᠡᠯᠡ ᠡᠴᠡ ᠢᠯᠡᠭᠦᠦ ᠪᠣᠯᠤᠨ᠎ᠠ᠃ ᠥᠪᠡᠷ ᠦ᠋ᠨ ᠲᠤᠰᠬᠠᠢ ᠦᠰᠦᠭ ᠪᠢᠴᠢᠭ ᠭᠡᠵᠦ ᠪᠠᠢᠳᠠᠭ ᠦᠭᠡᠢ᠃ 
       ᠺᠠᠩᠵᠢᠶᠠ ᠬᠡᠯᠡ    ᠺᠠᠩᠵᠢᠶᠠ ᠶ᠋ᠢᠨ ᠬᠣᠲᠣᠩ ᠦᠨᠳᠦᠰᠦᠲᠡᠨ ᠦ᠌ ᠴᠢᠬᠤᠯᠠ ᠪᠣᠯᠬᠤ ᠬᠠᠷᠢᠯᠴᠠᠭᠠᠨ ᠤ᠋ ᠬᠡᠯᠡ᠃ ᠺᠠᠩᠵᠢᠶᠠ ᠶ᠋ᠢᠨ ᠬᠣᠲᠣᠩ ᠦᠨᠳᠦᠰᠦᠲᠡᠨ ᠭᠣᠣᠯᠳᠠᠭᠤ ᠬᠥᠬᠡᠨᠠᠭᠤᠷ ᠮᠣᠵᠢ ᠶ᠋ᠢᠨ ᠵᠢᠶᠠᠨᠵᠠ ᠰᠢᠶᠠᠨ ᠤ᠋ ᠺᠠᠩᠶᠠᠩ ᠪᠠᠯᠭᠠᠰᠤᠨ ᠳ᠋ᠤ᠌ ᠨᠤᠲᠤᠭᠯᠠᠳᠠᠭ᠂ ᠡᠨᠡ ᠬᠡᠯᠡ ᠪᠡᠷ ᠬᠡᠯᠡᠯᠴᠡᠭᠴᠢᠳ ᠰᠠᠶᠢ 487 (1995 ᠣᠨ) ᠪᠠᠢᠵᠤ᠂ ᠬᠡᠷᠡᠭᠯᠡᠭᠴᠢᠳ ᠨᠢ ᠨᠡᠯᠢᠶᠡᠳ ᠠᠪᠴᠢᠭᠰᠠᠨ ᠬᠡᠯᠡᠨ ᠳ᠋ᠦ᠍ ᠲᠣᠭᠠᠴᠢᠭᠳᠠᠨ᠎ᠠ᠃ ᠡᠨᠡ ᠬᠡᠯᠡᠨ ᠳ᠋ᠦ᠍ ᠪᠣᠭᠣᠨᠢ ᠡᠭᠡᠰᠢᠭ 11᠂ ᠬᠣᠣᠰ ᠡᠭᠡᠰᠢᠭ 19 ᠪᠠᠢᠵᠤ ᠪᠣᠭᠣᠨᠢ ᠬᠣᠣᠰ ᠡᠭᠡᠰᠢᠭ ᠢ᠋ᠶ᠋ᠡᠷ ᠬᠠᠮᠤᠭ ᠠ᠋ᠴᠠ ᠣᠯᠠᠨ ; ᠤᠷᠲᠤ ᠡᠭᠡᠰᠢᠭ ᠪᠠᠢᠬᠤ ᠪᠣᠯᠪᠠᠴᠤ ᠠᠪᠢᠶᠠᠯᠠᠪᠤᠷᠢ ᠪᠣᠯᠬᠤ ᠦᠭᠡᠢ ; ᠡᠭᠡᠰᠢᠭ ᠭᠡᠢᠭᠦᠯᠦᠭᠴᠢ ᠠᠪᠢᠶᠠᠨ ᠳ᠋ᠤᠨᠢ ᠠᠪᠢᠶᠠᠨ ᠤ ᠵᠣᠬᠢᠴᠠᠯ ᠤ᠋ᠨ ᠣᠷᠣ ᠮᠥᠷ ᠦᠯᠡᠳᠡᠭᠳᠡᠵᠦ ᠪᠠᠢᠭ᠎ᠠ ᠪᠣᠯᠪᠠᠴᠤ ᠵᠣᠬᠢᠴᠠᠯ ᠨᠢ ᠲᠡᠳᠦᠢ ᠴᠢᠩᠭ᠎ᠠ ᠪᠢᠰᠢ ᠪᠣᠯᠵᠤ ᠪᠠᠢᠨ᠎ᠠ ; ᠦᠭᠡ ᠶ᠋ᠢᠨ ᠡᠬᠢᠨ ᠳ᠋ᠦ᠍ ᠡᠭᠡᠰᠢᠭ ᠦ᠋ᠨ ᠡᠮᠦᠨᠡᠬᠢ ᠡᠷᠲᠡᠨ ᠦ᠌ ᠬᠡᠯᠡᠨ ᠦ᠌ ᠭᠡᠢᠭᠦᠯᠦᠭᠴᠢ ᠠᠪᠢᠶ᠎ᠠ [ p ] ᠵᠢᠴᠢ [ f; h , ʃ ] ᠭᠡᠬᠦ ᠮᠡᠲᠦ ᠬᠤᠪᠢᠷᠠᠯ ᠤ᠋ᠨ ᠬᠡᠯᠪᠡᠷᠢ ᠪᠡᠷ ᠬᠠᠳᠠᠭᠠᠯᠠᠭᠳᠠᠵᠤ ᠪᠠᠢᠬᠤ ᠪᠥᠭᠡᠳ ᠡᠨᠡ ᠲᠠᠯ᠎ᠠ ᠪᠠᠷ ᠮᠣᠩᠭᠣᠯ ᠲᠥᠷᠥᠯ ᠦ᠋ᠨ ᠬᠡᠯᠡ ᠨᠦ᠍ᠭᠦᠳ ᠲᠦ᠍ ᠬᠠᠮᠤᠭ ᠠ᠋ᠴᠠ ᠣᠨᠴᠠᠯᠢᠭ ᠲᠠᠢ ; ᠦᠶ᠎ᠡ ᠶ᠋ᠢᠨ ᠡᠴᠦᠰ ᠦ᠋ᠨ [ r ] ᠨᠢ ᠭᠡᠭᠡᠭᠳᠡᠭᠰᠡᠨ ᠪᠠ [ l ] ᠨᠢ [ r ] ᠪᠣᠯᠵᠤ ᠬᠤᠪᠢᠷᠬᠠᠰᠠᠨ ᠂ [g ] ᠤᠨ ᠡᠮᠦᠨ᠎ᠡ [ X ] ᠨᠡᠮᠡᠭᠳᠡᠭᠰᠡᠨ ᠠᠪᠢᠶᠠᠨ ᠤ᠋ ᠬᠤᠪᠢᠷᠠᠯ ᠲᠠᠢ᠃ ᠲᠣᠭᠠᠨ ᠤ᠋ ᠠᠢ ᠳ᠋ᠦ᠍ᠨᠢ -sɄn ~ -sɯ ~ -lasɄn ᠭᠡᠬᠦ ᠣᠯᠠᠨ ᠲᠣᠭᠠᠨ ᠤ᠋ ᠨᠥᠬᠥᠴᠡᠯ ᠲᠡᠢ ; ᠪᠡᠶ᠎ᠡ ᠶ᠋ᠢᠨ ᠲᠥᠯᠥᠭᠡᠨ ᠦ᠌ ᠦᠭᠡ ᠳ᠋ᠦ᠍ᠨᠢ ᠥᠪᠡᠷᠮᠢᠴᠡ ᠭᠠᠭᠴᠠ ᠣᠯᠠᠨ ᠲᠣᠭᠠᠨ ᠤ᠋ ᠠᠪᠢᠶᠠᠨ ᠤ᠋ ᠨᠤᠭᠤᠷᠠᠯ ᠤ᠋ᠨ ᠬᠤᠪᠢᠷᠠᠯ ᠲᠠᠢ ᠪᠠ ᠮᠥᠨ ᠣᠯᠠᠨ ᠲᠣᠭᠠᠨ ᠤ᠋ ᠨᠥᠬᠥᠴᠡᠯ ᠲᠡᠢ ; ᠳᠠᠢᠨ ᠢᠯᠭᠠᠯ ᠳ᠋ᠤᠨᠢ ᠨᠡᠷᠡᠯᠡᠬᠦ᠂ ᠬᠠᠷᠢᠶᠠᠯᠠᠬᠤ ᠵᠢᠭᠠᠬᠤ᠂ ᠥᠭᠬᠦ ᠣᠷᠣᠰᠢᠬᠤ᠂ ᠬᠠᠮᠲᠤᠷᠠᠬᠤ ᠦᠢᠯᠡᠳᠬᠦ᠂ ᠭᠠᠷᠬᠤ ᠵᠡᠷᠭᠡ 5 ᠵᠦᠢᠯ ᠦ᠋ᠨ ᠳᠠᠢᠨ ᠢᠯᠭᠠᠯ ᠲᠠᠢ ᠪᠠᠢᠵᠤ᠂ ᠭᠠᠷᠬᠤ ᠶ᠋ᠢᠨ ᠨᠥᠬᠥᠴᠡᠯ ᠨᠢ -dzala~-sala ᠂ ᠮᠥᠨ ᠪᠤᠰᠤᠳ ᠬᠡᠯᠡᠨ ᠳ᠋ᠡᠬᠢ ᠭᠠᠷᠬᠤ ᠤᠳᠬ᠎ᠠ ᠶ᠋ᠢ ᠬᠠᠷᠢᠶᠠᠯᠠᠬᠤ ᠵᠢᠭᠠᠬᠤ ᠶ᠋ᠢᠨ -ni ~ -i ᠂ ᠥᠭᠬᠦ ᠣᠷᠣᠰᠢᠬᠤ - da/ -dɄ ~ - ta/ - tɄ ~- te ᠵᠡᠷᠭᠡ ᠨᠥᠬᠥᠴᠡᠯ ᠢ᠋ᠶ᠋ᠡᠷ ᠢᠯᠡᠳᠬᠡᠨ᠎ᠡ ; ᠦᠢᠯᠡ ᠦᠭᠡ ᠳ᠋ᠦ᠍ᠨᠢ ᠴᠠᠭ᠂ ᠲᠥᠯᠥᠪ᠂ ᠪᠡᠶ᠎ᠡ᠂ ᠬᠡᠪ᠂ ᠪᠠᠢᠳᠠᠯ ᠤ᠋ᠨ ᠠᠢ ᠲᠠᠢ ᠪᠠᠢᠵᠤ ᠦᠢᠯᠡ ᠶ᠋ᠢᠨ ᠬᠣᠯᠪᠣᠬᠤ ᠬᠤᠪᠢᠷᠠᠯ ᠲᠠᠢ ; 20 - 90 ᠬᠦᠷᠲᠡᠯᠡᠬᠢ ᠠᠷᠪᠠᠲᠤ ᠶ᠋ᠢᠨ ᠲᠣᠭ᠎ᠠ ᠶ᠋ᠢ ᠨᠢᠭᠡᠴᠢ ᠶ᠋ᠢᠨ ᠲᠣᠭ᠎ᠠ +harɔ (ᠠᠷᠪᠠ)ᠭᠡᠬᠦ ᠪᠦᠲᠦᠴᠡ ᠪᠡᠷ ᠪᠦᠷᠢᠯᠳᠦᠭᠦᠯᠦᠨ᠎ᠡ᠂ ᠪᠤᠲᠠᠷᠬᠠᠢ ᠲᠣᠭᠠᠨ ᠤ᠋ ᠢᠯᠡᠳᠬᠡᠮᠵᠢ ᠴᠦ᠍ ᠣᠨᠴᠠᠭᠠᠢ ; ᠪᠡᠶ᠎ᠡ ᠶ᠋ᠢᠨ ᠲᠥᠯᠥᠭᠡᠨ ᠦ᠌ ᠦᠭᠡ ɄrɄ (ᠲᠡᠷᠡ)᠂ ᠵᠢᠭᠠᠬᠤ ᠲᠥᠯᠥᠭᠡᠨ ᠦ᠌ ᠦᠭᠡ jɄn (ᠨᠠᠭᠠᠰᠢ)᠂ tɄn (ᠴᠠᠭᠠᠰᠢ)ᠭᠡᠬᠦ ᠦᠭᠡᠰ ᠦ᠋ᠳ ᠨᠢ ᠣᠨᠴᠠᠭᠠᠢ᠃ ᠦᠭᠡ ᠨᠢ ᠳᠠᠭᠠᠪᠤᠷᠢ ᠪᠠ ᠬᠣᠯᠪᠣᠬᠤ ᠠᠷᠭ᠎ᠠ ᠪᠠᠷ ᠪᠦᠲᠦᠭᠰᠡᠨ ᠪᠠᠢᠪᠠᠴᠤ᠂ ᠺᠠᠩᠵᠢᠶᠠ ᠬᠡᠯᠡ ᠨᠢ ᠢᠪᠴᠤᠷᠠᠨ ᠠᠪᠴᠢᠵᠤ ᠪᠠᠢᠭ᠎ᠠ ᠬᠡᠯᠡ ᠤᠴᠢᠷ ᠠ᠋ᠴᠠ ᠰᠢᠨ᠎ᠡ ᠦᠭᠡ ᠨᠢ ᠤᠯᠠᠮ ᠢ᠋ᠶ᠋ᠠᠷ ᠬᠠᠷᠢ ᠬᠡᠯᠡ ᠪᠡᠷ ᠣᠷᠣᠯᠠᠭᠳᠠᠵᠤ ᠪᠠᠢᠭ᠎ᠠ ᠦᠵᠡᠭᠳᠡᠯ ᠪᠠᠢᠩᠭᠤ ; ᠤᠤᠭᠠᠯ ᠦᠭᠡᠰ ᠲᠤᠨᠢ ᠮᠣᠩᠭᠣᠯ ᠬᠡᠯᠡ ᠲᠡᠢ ᠭᠠᠷᠤᠯ ᠨᠢᠭᠡᠲᠡᠢ ᠦᠭᠡᠰ ᠨᠡᠯᠢᠶᠡᠳ ᠶᠡᠬᠡ ᠬᠤᠪᠢ ᠶ᠋ᠢᠨ ᠵᠢᠩ ᠲᠡᠢ ᠪᠠ ᠥᠪᠡᠷᠮᠢᠴᠡ ᠦᠭᠡ ᠨᠡᠯᠢᠶᠡᠳ ᠣᠯᠠᠨ ;  ᠵᠢᠭᠡᠯᠡᠭᠡ ᠦᠭᠡ ᠳ᠋ᠦ᠍ᠨᠢ ᠬᠢᠲᠠᠳ ᠲᠥᠪᠡᠳ ᠦᠭᠡ ᠣᠯᠠᠨ ᠪᠠ ᠴᠥᠭᠡᠪᠲᠦᠶ ᠠᠷᠠᠪ᠂ ᠲᠦᠷᠺ ᠬᠡᠯᠡᠨ ᠦ᠌ ᠦᠭᠡ ᠪᠣᠢ᠃ ᠥᠪᠡᠷ ᠦ᠋ᠨ ᠲᠤᠰᠬᠠᠢ ᠦᠰᠦᠭ ᠪᠢᠴᠢᠭ ᠭᠡᠵᠦ ᠪᠠᠢᠳᠠᠭ ᠦᠭᠡᠢ᠃ ᠡᠨᠡ ᠬᠡᠯᠡ ᠶ᠋ᠢ ᠵᠠᠷᠢᠮ ᠡᠷᠳᠡᠮᠲᠡᠨ ᠪᠠᠰᠠ ᠺᠠᠩᠵᠢᠶᠡ ᠶᠠᠷᠢᠶ᠎ᠠ ᠪᠤᠶᠤ ᠠᠶᠠᠯᠭᠤ ᠭᠡᠵᠦ ᠪᠠᠢᠳᠠᠭ᠃ 
       ᠡᠳᠡᠭᠡᠷ ᠪᠣᠯ ᠤᠯᠤᠰ ᠤ᠋ᠨ ᠳᠣᠲᠣᠭᠠᠳᠤ ᠳ᠋ᠠᠬᠢ ᠨᠡᠯᠢᠶᠡᠳ ᠲᠣᠳᠣᠷᠬᠠᠢ ᠰᠤᠳᠤᠯᠤᠭᠳᠠᠭᠰᠠᠨ ᠮᠣᠩᠭᠣᠯ ᠲᠥᠷᠥᠯ ᠬᠡᠯᠡ ᠨᠦ᠍ᠭᠦᠳ ᠪᠣᠯᠤᠨ᠎ᠠ᠃ᠡᠭᠦᠨ ᠡᠴᠡ ᠭᠠᠳᠠᠨ᠎ᠠ ᠬᠥᠬᠡ ᠮᠣᠨᠴᠣᠭ ᠬᠡᠯᠡ ᠨᠢ ᠮᠣᠩᠭᠣᠯ ᠲᠥᠷᠥᠯ ᠬᠡᠯᠡ ᠪᠣᠯᠵᠤ ᠮᠡᠳᠡᠬᠦ ᠪᠠ ᠰᠧᠴᠤᠸᠠᠨ᠂ ᠶᠦᠨᠨᠠᠨ ᠤ᠋ ᠮᠣᠩᠭᠣᠯᠴᠤᠳ ᠤ᠋ᠨ ᠬᠡᠯᠡᠨ ᠦ᠌ ᠪᠠᠢᠳᠠᠯ ᠨᠠᠷᠢᠨ ᠰᠤᠳᠤᠯᠤᠭᠳᠠᠭ᠎ᠠ ᠦᠭᠡᠢ᠂ ᠡᠳ᠋ᠭᠡᠶ ᠬᠡᠯᠡᠨ ᠦ᠌ ᠲᠤᠬᠠᠢ ᠰᠤᠳᠤᠯᠵᠤ ᠲᠣᠳᠣᠷᠬᠠᠢᠯᠠᠬᠤ ᠠᠵᠢᠯ ᠪᠢᠳᠡ ᠪᠦᠬᠦᠨ ᠦ᠌ ᠡᠮᠦᠨ᠎ᠡ ᠲᠠᠯᠪᠢᠭᠳᠠᠵᠤ ᠪᠠᠢᠨ᠎ᠠ᠃ 
       ᠤᠯᠤᠰ ᠤ᠋ᠨ ᠭᠠᠳᠠᠭᠠᠳᠤ ᠳ᠋ᠤ᠌ ᠪᠠᠢᠭ᠎ᠠ ᠮᠣᠩᠭᠣᠯ ᠲᠥᠷᠥᠯ ᠬᠡᠯᠡ ᠭᠡᠪᠡᠯ : 
       ᠮᠣᠭᠣᠯ ᠬᠡᠯᠡ    ᠠᠹᠭᠠᠨᠢᠰᠲ᠋ᠠᠨ ᠳ᠋ᠠᠬᠢ ᠮᠣᠭᠤᠯᠴᠤᠳ ᠤ᠋ᠨ ᠭᠣᠣᠯ ᠪᠣᠯᠬᠤ ᠬᠠᠷᠢᠯᠴᠠᠭᠠᠨ ᠤ᠋ ᠬᠡᠯᠡ᠃ ᠮᠣᠭᠣᠯ ᠬᠡᠯᠡ ᠪᠡᠷ ᠬᠡᠯᠡᠯᠴᠡᠭᠴᠢᠳ ᠭᠣᠣᠯᠳᠠᠭᠤ ᠠᠹᠭᠠᠨᠢᠰᠲ᠋ᠠᠨ ᠤᠯᠤᠰ ᠤ᠋ᠨ ᠾᠧᠷᠠᠲ ᠮᠣᠵᠢ ᠪᠠ ᠡᠨᠡ ᠮᠣᠵᠢ ᠶ᠋ᠢᠨ ᠣᠢᠷᠠᠯᠴᠠᠭ᠎ᠠ ᠣᠷᠣᠨ ᠳ᠋ᠤ᠌ ᠨᠤᠲᠤᠭ ᠲᠠᠢ᠃ ᠬᠥᠮᠦᠨ ᠠᠮᠠ ᠨᠢ ᠪᠠᠷᠤᠭ 2 ᠲᠦᠮᠡ ᠢᠯᠡᠭᠦᠦ ᠪᠠᠢᠨ᠎ᠠ᠃ ᠮᠣᠭᠣᠯ ᠬᠡᠯᠡᠨ ᠦ᠌ ᠡᠭᠡᠰᠢᠭ ᠠᠪᠢᠶᠠᠯᠠᠪᠤᠷᠢ 5 ᠪᠣᠯᠪᠠᠴᠤ ᠲᠡᠳᠡᠭᠡᠷ ᠦ᠋ᠨ ᠬᠤᠪᠢᠯᠪᠤᠷᠢ ᠨᠢ ᠬᠠᠷᠢᠴᠠᠩᠭᠤᠢ ᠢᠯᠡᠭᠦᠦ ; ᠭᠣᠣᠯ ᠡᠭᠡᠰᠢᠭ ᠨᠢ 6 ᠪᠠᠢᠳᠠᠭ ᠪᠣᠯᠪᠠᠴᠤ ᠢᠷᠡᠯ ᠦ᠋ᠨ ᠲᠠᠯ᠎ᠠ ᠪᠠᠷ ᠤᠤᠭᠠᠯ ᠬᠡᠯᠡᠨ ᠡᠴᠡ ᠪᠡᠨ ᠤᠯᠠᠮᠵᠢᠯᠠᠭᠳᠠᠵᠤ ᠢᠷᠡᠭᠰᠡᠨ᠂ ᠫᠧᠷᠰ ᠬᠡᠯᠡᠨ ᠡᠴᠡ ᠣᠷᠣᠵᠤ ᠢᠷᠡᠭᠰᠡᠨ᠂ ᠤᠷᠲᠤᠳᠬᠠᠯ ᠦᠶ᠎ᠡ ᠡᠴᠡ ᠡᠭᠦᠰᠦᠭᠰᠡᠨ᠂ ᠬᠣᠶᠠᠷ ᠦᠭᠡ ᠶ᠋ᠢᠨ ᠬᠣᠯᠪᠣᠭᠠᠨ ᠠ᠋ᠴᠠ ᠡᠭᠦᠰᠦᠭᠰᠡᠨ ᠬᠡᠳᠦ ᠬᠡᠳᠦᠨ ᠵᠦᠶᠯ ᠪᠣᠢ ; ᠡᠭᠡᠰᠢᠭ ᠵᠣᠬᠢᠴᠠᠯ ᠨᠢ ᠲᠡᠳᠦᠢ ᠴᠢᠩᠭ᠎ᠠ ᠪᠢᠰᠢ ᠪᠣᠯᠵᠠᠢ᠃ ᠦᠶ᠎ᠡ ᠶ᠋ᠢᠨ ᠡᠷᠭᠦᠯᠲᠡ ᠨᠢ ᠣᠯᠠᠩᠬᠢ  ᠳ᠋ᠠᠭᠠᠨ ᠦᠭᠡ ᠶ᠋ᠢᠨ ᠡᠴᠦᠰ ᠲᠦ᠍ ᠪᠠᠢᠳᠠᠭ ᠪᠣᠯᠪᠠᠴᠤ᠂ ᠵᠠᠷᠢᠮ ᠦᠭᠡ ᠶ᠋ᠢᠨ ᠡᠷᠭᠦᠯᠲᠡ ᠨᠢ ᠡᠴᠦᠰ ᠡᠴᠡ ᠡᠮᠦᠨᠡᠰᠢ ᠬᠣᠶᠠᠳᠤᠭᠠᠷ ᠦᠶ᠎ᠡ ᠪᠠ ᠨᠡᠢᠯᠡᠮᠡᠯ ᠦᠭᠡ ᠳ᠋ᠦ᠍ ᠡᠮᠦᠨᠡᠰᠢ ᠭᠤᠷᠪᠠᠳᠤᠭᠠᠷ ᠦᠶ᠎ᠡ ᠳ᠋ᠦ᠍ ᠪᠠᠢᠳᠠᠭ ᠲᠠᠯ᠎ᠠ ᠪᠠᠷ ᠪᠤᠰᠤᠳ ᠲᠥᠷᠥᠯ ᠬᠡᠯᠡᠨ ᠡᠴᠡ ᠣᠨᠴᠠᠭᠠᠢ᠃ ᠨᠡᠷ᠎ᠡ ᠦᠭᠡᠰ ᠲᠦ᠍ ᠲᠣᠭ᠎ᠠ᠂ ᠳᠠᠢᠨ ᠢᠯᠭᠠᠯ᠂ ᠬᠠᠮᠢᠶᠠᠳᠠᠭᠤᠯᠬᠤ ᠶᠣᠰᠣ ᠵᠡᠷᠭᠡ ᠬᠡᠯᠡ ᠵᠦᠢ ᠶ᠋ᠢᠨ ᠠᠢ ᠲᠠᠢ ᠪᠠ ᠦᠢᠯᠡ ᠦᠭᠡ ᠳ᠋ᠦ᠍ᠨᠢ ᠪᠡᠶ᠎ᠡ ᠶ᠋ᠢᠨ ᠠᠢ ᠨᠢ ᠨᠡᠯᠢᠶᠡᠳ ᠣᠨᠴᠠᠭᠠᠶᠢᠷᠠᠭᠰᠠᠨ ᠪᠠᠢᠳᠠᠭ ; ᠦᠭᠡ ᠡᠭᠦᠰᠬᠡᠬᠦ  ᠳ᠋ᠡᠭᠡᠨ ᠭᠣᠣᠯᠳᠠᠭᠤ ᠳᠠᠭᠠᠪᠤᠷᠢ ᠵᠠᠯᠭᠠᠬᠤ ᠠᠷᠭ᠎ᠠ ᠪᠠ ᠦᠭᠡ ᠬᠣᠷᠰᠢᠬᠤ ᠠᠷᠭ᠎ᠠ ᠭᠣᠣᠯᠳᠠᠨ᠎ᠠ᠃ ᠦᠭᠡ ᠶ᠋ᠢᠨ ᠰᠠᠩ ᠤ᠋ᠨ ᠣᠯᠠᠩᠬᠢ ᠨᠢ ᠮᠣᠩᠭᠣᠯ ᠲᠥᠷᠥᠯ ᠬᠡᠯᠡ ᠨᠦ᠍ᠭᠦᠳ ᠲᠡᠢ ᠭᠠᠷᠤᠯ ᠨᠢᠭᠡᠲᠡᠢ ᠪᠣᠯᠪᠠᠴᠤ ᠪᠠᠰᠠ ᠫᠧᠷᠰ ᠬᠡᠯᠡ ᠮᠡᠲᠦ ᠢᠷᠡᠨ ᠭᠠᠷᠤᠯ ᠲᠠᠢ ᠦᠭᠡ ᠨᠡᠯᠢᠶᠡᠳ ᠬᠤᠪᠢ ᠶ᠋ᠢᠨ ᠵᠢᠩ ᠲᠡᠢ᠃ ᠮᠣᠭᠣᠯ ᠬᠡᠯᠡ ᠪᠣᠯ ᠪᠤᠰᠤᠳ ᠮᠣᠩᠭᠣᠯ ᠲᠥᠷᠥᠯ ᠬᠡᠯᠡᠨ ᠡᠴᠡ ᠨᠡᠯᠢᠶᠡᠳ ᠣᠨᠴᠠᠭᠠᠢᠷᠠᠭᠰᠠᠨ ᠪᠠᠢᠵᠤ ᠬᠠᠷᠢᠴᠠᠩᠭᠤᠢ ᠪᠠᠷ ᠬᠡᠯᠡᠪᠡᠯ᠂ ᠨᠢᠭᠡ ᠲᠠᠯ᠎ᠠ ᠪᠠᠷ ᠮᠣᠩᠭᠣᠯ ᠲᠥᠷᠥᠯ ᠬᠡᠯᠡᠨ ᠦ᠌ ᠪᠡᠨ ᠨᠡᠢᠲᠡᠯᠢᠭ ᠣᠨᠴᠠᠯᠢᠭ ᠢ ᠣᠯᠠᠨ ᠲᠠᠯ᠎ᠠ ᠪᠠᠷ ᠬᠠᠳᠠᠭᠠᠯᠠᠵᠤ ᠪᠠᠢᠭ᠎ᠠ ᠪᠣᠯᠪᠠᠴᠤ᠂ ᠨᠥᠭᠦᠭᠡ ᠲᠠᠯ᠎ᠠ ᠪᠠᠷ ᠢᠷᠡᠨ ᠬᠡᠯᠡ ᠵᠡᠷᠭᠡ ᠣᠷᠴᠢᠨ ᠲᠣᠭᠣᠷᠢᠨ ᠤ᠋ ᠬᠡᠯᠡ ᠨᠦ᠍ᠭᠦᠳ ᠦ᠋ᠨ ᠨᠥᠯᠥᠭᠡ ᠶ᠋ᠢ ᠨᠡᠯᠢᠶᠡᠳ ᠬᠦᠷᠲᠡᠭᠰᠡᠨ ᠶᠦᠮ᠃ ᠮᠣᠭᠣᠯ ᠬᠡᠯᠡᠨ ᠳ᠋ᠦ᠍ ᠮᠠᠷᠲᠠ ᠪᠠ ᠮᠠᠩᠭᠤᠳ ᠵᠡᠷᠭᠡ ᠠᠮᠠᠨ ᠠᠶᠠᠯᠭᠤ ᠲᠠᠢ᠃ ᠲᠤᠰᠬᠠᠢ ᠦᠰᠦᠭ ᠪᠢᠴᠢᠭ ᠭᠡᠵᠦ ᠪᠠᠢᠳᠠᠭ ᠦᠭᠡᠢ᠃ ᠮᠤᠭᠤᠯᠴᠤᠳ ᠮᠣᠭᠣᠯ ᠬᠡᠯᠡ ᠪᠡᠷ ᠢ᠋ᠶ᠋ᠡᠨ ᠬᠠᠷᠢᠯᠴᠠᠬᠤ ᠠ᠋ᠴᠠ ᠭᠠᠳᠠᠨ᠎ᠠ ᠪᠠᠰᠠ ᠲᠠᠵᠢᠺ ᠬᠡᠯᠡᠨ ᠦ᠌ ᠲᠤᠬᠠᠢ ᠶ᠋ᠢᠨ ᠣᠷᠣᠨ ᠤ᠋ ᠠᠶᠠᠯᠭᠤ ᠶ᠋ᠢ ᠨᠡᠶᠢᠳᠡᠮ ᠬᠡᠷᠡᠭᠯᠡᠵᠦ ᠪᠠᠢᠳᠠᠭ᠃
       ᠪᠤᠷᠢᠶᠠᠳ ᠬᠡᠯᠡ   ᠣᠷᠣᠰ ᠤᠯᠤᠰ ᠳᠠᠬᠢ ᠪᠤᠷᠢᠶᠠᠳ ᠮᠣᠩᠭᠣᠯᠴᠤᠳ ᠤ᠋ᠨ ᠭᠣᠣᠯ ᠪᠣᠯᠬᠤ ᠬᠠᠷᠢᠯᠴᠠᠭᠠᠨ ᠤ᠋ ᠬᠡᠯᠡ᠃ ᠪᠠᠷᠤᠭ 42 ᠲᠦᠮᠡᠨ (1995 ᠣᠨ) ᠬᠥᠮᠦᠨ ᠠᠮᠠ ᠲᠠᠢ᠂ ᠮᠣᠩᠭᠣᠯ ᠤᠯᠤᠰ ᠲᠤ᠌ ᠪᠠᠰᠠ 4. 5 ᠲᠦᠮᠡ ᠪᠣᠢ᠃ ᠮᠣᠩᠭᠣᠯ ᠬᠡᠯᠡ ᠲᠡᠢ ᠨᠡᠯᠢᠶᠡᠳ ᠣᠢᠷᠠᠯᠴᠠᠭ᠎ᠠ᠃ ᠡᠭᠡᠰᠢᠭ ᠠᠪᠢᠶᠠᠨ ᠳ᠋ᠤᠨᠢ ᠪᠣᠭᠣᠨᠢ [ө]  ᠪᠠᠢᠬᠤ ᠦᠭᠡᠢ ᠂ ᠴᠥᠮ [ Ʉ ] ᠪᠡᠷ ᠶᠠᠷᠢᠨ᠎ᠠ ; ᠤᠷᠤᠭᠤᠳᠠᠬᠤ ᠬᠣᠣᠰ ᠡᠭᠡᠰᠢᠭ ᠦ᠋ᠳ ᠨᠢ ᠮᠣᠩᠭᠣᠯ ᠬᠡᠯᠡ ᠲᠡᠢ ᠦᠨᠳᠦᠰᠦᠨ ᠳ᠋ᠡᠭᠡᠨ ᠲᠣᠬᠢᠷᠠᠯᠴᠠᠨ᠎ᠠ᠃ ᠦᠭᠡ ᠶ᠋ᠢᠨ ᠡᠬᠢᠨ ᠳ᠋ᠦ᠍ ᠲᠣᠬᠢᠶᠠᠯᠳᠤᠬᠤ [ h , ʧ'] ᠭᠡᠢᠭᠦᠯᠦᠭᠴᠢ ᠨᠢ ᠣᠯᠠᠩᠬᠢ ᠳ᠋ᠠᠭᠠᠨ ᠮᠣᠩᠭᠣᠯ ᠬᠡᠯᠡᠨ ᠦ᠌ [s, ʃ ] ᠲᠠᠢ ᠲᠤᠰ ᠲᠤᠰ ᠲᠣᠬᠢᠷᠠᠯᠴᠠᠨ᠎ᠠ᠃ ᠡᠭᠡᠰᠢᠭ ᠠᠪᠢᠶᠠᠨ ᠤ᠋ ᠴᠢᠩᠭ᠎ᠠ ᠬᠥᠨᠳᠡᠢ ᠶ᠋ᠢᠨ ᠵᠣᠬᠢᠴᠠᠯ ᠵᠢᠴᠢ ᠤᠷᠤᠭᠤᠯ ᠤ᠋ᠨ ᠵᠣᠬᠢᠴᠠᠯ ᠨᠢ ᠨᠡᠯᠢᠶᠡᠳ ᠴᠢᠩᠭ᠎ᠠ᠃ ᠨᠡᠷ᠎ᠡ ᠦᠭᠡ ᠳ᠋ᠦ᠍ᠨᠢ ᠲᠣᠭ᠎ᠠ᠂ ᠲᠡᠢᠨ ᠢᠯᠭᠠᠯ ᠬᠠᠮᠢᠶᠠᠳᠠᠭᠤᠯᠬᠤ ᠶᠣᠰᠣ ᠲᠠᠢ᠂ ᠭᠡᠬᠦ ᠳ᠋ᠡᠭᠡᠨ ᠣᠯᠠᠨ ᠲᠣᠭ᠎ᠠ ᠨᠢ [-t~ - Ʊt/- Ʉt ]ᠪᠣᠯᠤᠨ᠎ᠠ ; ᠭᠠᠷᠬᠤ ᠶ᠋ᠢᠨ ᠳᠠᠢᠨ ᠢᠯᠭᠠᠯ ᠤ᠋ᠨ ᠨᠥᠬᠥᠴᠡᠯ ᠨᠢ [-ha: / -he ~ -hɔ:/-hө: ] ᠪᠠᠢᠬᠤ ᠨᠢ ᠪᠤᠰᠤᠳ ᠲᠥᠷᠥᠯ ᠬᠡᠯᠡᠨ ᠡᠴᠡ ᠣᠨᠴᠠᠭᠠᠢ ; ᠦᠢᠯᠡ ᠦᠭᠡ ᠳ᠋ᠦ᠍ ᠴᠠᠭ᠂ ᠲᠥᠯᠥᠪ᠂ ᠪᠡᠶ᠎ᠡ᠂ ᠬᠡᠪ ᠪᠠᠢᠳᠠᠯ ᠤ᠋ᠨ ᠠᠢ ᠲᠠᠢ᠂ ᠮᠥᠨ ᠪᠡᠶ᠎ᠡ ᠶ᠋ᠢᠨ ᠠᠢ ᠶ᠋ᠢᠨ ᠭᠠᠭᠴᠠ ᠣᠯᠠᠨ ᠤ᠋ ᠲᠤᠰᠬᠠᠢ ᠨᠥᠬᠥᠴᠡᠯ ᠲᠡᠢ ; ᠦᠢᠯᠡ ᠶ᠋ᠢᠨ ᠬᠣᠯᠪᠣᠬᠤ ᠬᠤᠪᠢᠷᠠᠯ ᠤ᠋ᠨ ᠨᠥᠬᠥᠴᠡᠯ ᠲᠡᠢ᠂ ᠦᠭᠡ ᠡᠭᠦᠰᠬᠡᠬᠦ ᠳ᠋ᠡᠭᠡᠨ ᠳᠠᠭᠠᠪᠤᠷᠢ ᠶ᠋ᠢᠨ ᠠᠷᠭ᠎ᠠ ᠭᠣᠣᠯ ᠪᠣᠯᠤᠨ᠎ᠠ᠃ ᠦᠭᠡ ᠶ᠋ᠢᠨ ᠰᠠᠩ ᠤ᠋ᠨ ᠣᠯᠠᠩᠬᠢ ᠨᠢ ᠮᠣᠩᠭᠣᠯ ᠬᠡᠯᠡᠨ ᠦ᠌ ᠬᠢ ᠲᠡᠢ ᠠᠳᠠᠯᠢ᠂ ᠣᠷᠴᠢᠨ ᠴᠠᠭ ᠪᠣᠯᠵᠤ ᠢᠷᠡᠭᠡᠳ ᠣᠷᠣᠰ ᠬᠡᠯᠡᠨ ᠦ᠌ ᠵᠢᠭᠡᠯᠡᠭᠡ ᠦᠭᠡ ᠨᠡᠯᠢᠶᠡᠳ ᠬᠤᠪᠢ ᠶ᠋ᠢᠨ ᠵᠢᠩ ᠲᠡᠢ ᠪᠣᠯᠵᠤ ᠪᠠᠢᠨ᠎ᠠ᠃ ᠪᠤᠷᠢᠶᠠᠳ ᠬᠡᠯᠡᠨ ᠦ᠌ ᠠᠶᠠᠯᠭᠤ ᠶᠠᠷᠢᠶᠠᠨ ᠤ᠋ ᠵᠥᠷᠢᠶ᠎ᠡ ᠨᠡᠯᠢᠶᠡᠳ ᠣᠯᠠᠨ᠃ ᠪᠤᠷᠢᠶᠠᠳᠴᠤᠳ ᠤᠤᠯ ᠨᠢ ᠤᠢᠭᠤᠷᠵᠢᠨ ᠦᠰᠦᠭ ᠢ᠋ ᠬᠡᠷᠡᠭᠯᠡᠵᠦ ᠪᠠᠢᠭᠰᠠᠨ ᠢ᠋ᠶ᠋ᠠᠨ1938 ᠣᠨ ᠠ᠋ᠴᠠ ᠺᠢᠷᠢᠯ ᠦᠰᠦᠭ ᠢ᠋ ᠠᠪᠴᠤ ᠬᠡᠷᠡᠭᠯᠡᠭᠰᠡᠨ ᠪᠥᠭᠡᠳ ү,ө, h ᠭᠡᠬᠦ ᠬᠡᠳᠦᠨ ᠦᠰᠦᠭ ᠢ᠋ ᠰᠢᠨ᠎ᠡ ᠪᠡᠷ ᠵᠣᠬᠢᠶᠠᠨ ᠬᠡᠷᠡᠭᠯᠡᠭᠰᠡᠨ ᠪᠠᠢᠳᠠᠭ᠃ ᠪᠤᠷᠢᠶᠠᠳ ᠬᠡᠯᠡ ᠨᠢ ᠮᠠᠨ ᠤ᠋ ᠤᠯᠤᠰ ᠤ᠋ᠨ ᠮᠣᠩᠭᠣᠯ ᠬᠡᠯᠡᠨ ᠦ᠌ ᠪᠤᠷᠢᠶᠠᠳ ᠠᠮᠠᠨ ᠠᠶᠠᠯᠭᠤ ᠲᠠᠢ ᠨᠡᠯᠢᠶᠡᠳ ᠠᠳᠠᠯᠢᠪᠲᠤᠷ ᠪᠠᠢᠭ᠎ᠠ ᠲᠤᠯᠠ ᠵᠠᠷᠢᠮ ᠡᠷᠳᠡᠮᠲᠡᠳ ᠪᠤᠷᠢᠶᠠᠳ ᠬᠡᠯᠡ ᠶ᠋ᠢ ᠮᠣᠩᠭᠣᠯ ᠬᠡᠯᠡᠨ ᠦ᠌ ᠪᠠᠷᠭᠤ ᠪᠤᠷᠢᠶᠠᠳ ᠨᠤᠲᠤᠭ ᠤ᠋ᠨ ᠠᠶᠠᠯᠭᠤ ᠪᠤᠶᠤ ᠠᠮᠠᠨ ᠠᠶᠠᠯᠭᠤ ᠪᠣᠯᠭᠠᠨ ᠦᠵᠡᠭᠴᠢᠳ ᠴᠦ᠍ ᠪᠠᠢᠨ᠎ᠠ᠃ 
        ᠬᠠᠯᠢᠮᠠᠭ ᠬᠡᠯᠡ    ᠣᠷᠣᠰ ᠤᠯᠤᠰ ᠳᠠᠬᠢ ᠬᠠᠯᠢᠮᠠᠭ ᠮᠣᠩᠭᠣᠯᠴᠤᠳ ᠤ᠋ᠨ ᠭᠣᠣᠯ ᠪᠣᠯᠬᠤ ᠬᠠᠷᠢᠯᠴᠠᠭᠠᠨ ᠤ᠋ ᠬᠡᠯᠡ᠃ ᠪᠠᠷᠤᠭ 17. 4 ᠲᠦᠮᠡᠨ(1995 ᠣᠨ) ᠬᠥᠮᠦᠨ ᠠᠮᠠ ᠲᠠᠢ᠃ ᠡᠭᠡᠰᠢᠭ ᠠᠪᠢᠶ᠎ᠠ ᠨᠢ ᠣᠯᠠᠩᠬᠢ ᠳ᠋ᠠᠭᠠᠨ ᠮᠣᠩᠭᠣᠯ ᠬᠡᠯᠡᠨ ᠦ᠌ ᠬᠢ ᠲᠡᠢ ᠣᠢᠷᠠᠯᠴᠠᠭ᠎ᠠ ᠪᠣᠯᠪᠠᠴᠤ ᠠᠪᠢᠶᠠᠯᠠᠴᠠ ᠪᠠᠷ ᠪᠠᠭ᠎ᠠ ᠵᠥᠷᠢᠨ᠎ᠡ᠃ ᠬᠥᠨᠳᠡᠢ ᠦᠭᠡ ᠳ᠋ᠡᠬᠢ [ K' ]ᠨᠢ ᠮᠣᠩᠭᠣᠯ ᠬᠡᠯᠡᠨ ᠦ᠌ [x]ᠲᠠᠶ ᠲᠣᠬᠢᠷᠠᠯᠴᠠᠨ᠎ᠠ ; ᠡᠭᠡᠰᠢᠭ ᠠᠪᠢᠶᠠᠨ ᠳ᠋ᠤ᠌ ᠴᠢᠩᠭ᠎ᠠ ᠬᠥᠨᠳᠡᠢ ᠶ᠋ᠢᠨ ᠵᠣᠬᠢᠴᠠᠯ ᠨᠡᠯᠢᠶᠡᠳ ᠴᠢᠩᠭ᠎ᠠ ᠪᠣᠯᠪᠠᠴᠤ ᠤᠷᠤᠭᠤᠯ ᠤ᠋ᠨ ᠵᠣᠬᠢᠴᠠᠯ ᠨᠡᠯᠢᠶᠡᠳ ᠰᠤᠯᠠ᠃ ᠨᠡᠷ᠎ᠡ ᠦᠭᠡ ᠳ᠋ᠦ᠍ ᠲᠣᠭ᠎ᠠ᠂ ᠳᠠᠢᠨ ᠢᠯᠭᠠᠯ᠂ ᠬᠠᠮᠢᠶᠠᠳᠠᠭᠤᠯᠬᠤ ᠶᠣᠰᠣ ᠲᠠᠢ ᠪᠠᠢᠳᠠᠭ ; ᠣᠯᠠᠨ ᠲᠣᠭᠠᠨ ᠤ᠋ [- mƱ:t/- my:t ] ᠭᠡᠬᠦ ᠨᠥᠬᠥᠴᠡᠯ ᠨᠢ ᠮᠣᠩᠭᠣᠯ ᠬᠡᠯᠡᠨ ᠦ᠌ [- nƱ:t/- nɄ:t ]ᠲᠠᠶ ᠲᠣᠬᠢᠷᠠᠯᠴᠠᠨ᠎ᠠ ; ᠣᠯᠠᠩᠬᠢ ᠨᠡᠷ᠎ᠡ ᠦᠭᠡ ᠶ᠋ᠢᠨ ᠡᠴᠦᠰ ᠲᠦ᠍ [n ] ᠭᠡᠬᠦ ᠪᠢᠲᠡᠭᠦᠦ ᠦᠶ᠎ᠡ ᠲᠡᠢ ᠪᠠᠶᠢᠭ᠎ᠠ ᠨᠢ ᠵᠠᠷᠢᠮ ᠡᠷᠳᠡᠮᠲᠡᠨ ᠦ᠌ ᠬᠡᠯᠡᠳᠡᠭ ᠬᠥᠳᠡᠯᠬᠦ ᠦᠨᠳᠦᠰᠦ ᠭᠡᠭᠴᠢ ᠲᠡᠢ ᠲᠣᠬᠢᠷᠠᠯᠴᠠᠨ᠎ᠠ᠃ ᠨᠡᠷ᠎ᠡ ᠦᠭᠡ ᠳ᠋ᠦ᠍ ᠵᠦᠭ ᠴᠢᠭ ᠢ ᠢᠯᠡᠳᠬᠡᠬᠦ [-rƱ:/-ry:] ᠭᠡᠬᠦ ᠳᠠᠢᠨ ᠢᠯᠭᠠᠯ ᠤ᠋ᠨ ᠨᠥᠬᠥᠴᠡᠯ ᠲᠡᠢ ; ᠦᠢᠯᠡ ᠶ᠋ᠢᠨ ᠴᠠᠭ᠂ ᠲᠥᠯᠥᠪ᠂ ᠪᠡᠶ᠎ᠡ᠂ ᠬᠡᠪ᠂ ᠪᠠᠢᠳᠠᠯ ᠤ᠋ᠨ ᠠᠢ ᠴᠥᠮ ᠪᠣᠢ ᠪᠥᠭᠡᠳ ᠪᠡᠶ᠎ᠡ᠎ᠡ ᠶ᠋ᠢᠨ ᠠᠢ ᠶ᠋ᠢᠨ ᠭᠠᠭᠴᠠ ᠣᠯᠠᠨ ᠲᠣᠭᠠᠨ ᠤ᠋ ᠲᠤᠰᠬᠠᠢ ᠨᠥᠬᠥᠴᠡᠯ ᠲᠡᠢ ; ᠦᠭᠡ ᠡᠭᠦᠰᠬᠡᠬᠦ ᠳ᠋ᠡᠭᠡᠨ ᠳᠠᠭᠠᠪᠤᠷᠢ ᠶ᠋ᠢᠨ ᠠᠷᠭ᠎ᠠ ᠭᠣᠣᠯ ᠪᠣᠯᠤᠨ᠎ᠠ᠃ ᠦᠭᠡ ᠶ᠋ᠢᠨ ᠰᠠᠩ ᠤ᠋ᠨ ᠣᠯᠠᠩᠬᠢ ᠨᠢ ᠮᠠᠨ ᠤ᠋ ᠤᠯᠤᠰ ᠤ᠋ᠨ ᠮᠣᠩᠭᠣᠯ ᠬᠡᠯᠡᠨ ᠦ᠌ ᠣᠢᠷᠠᠳ ᠠᠶᠠᠯᠭᠤ ᠲᠠᠢ ᠠᠳᠠᠯᠢ ᠪᠣᠯᠪᠠᠴᠤ ᠣᠷᠴᠢᠨ ᠴᠠᠭ ᠲᠤ᠌ ᠪᠣᠯᠵᠤ ᠢᠷᠡᠭᠡᠳ ᠣᠷᠣᠰ ᠬᠡᠯᠡᠨ ᠣ ᠵᠢᠭᠡᠯᠡᠭᠡ ᠦᠭᠡ ᠨᠡᠯᠢᠶᠡᠳ ᠬᠤᠪᠢ ᠶ᠋ᠢᠨ ᠵᠢᠩ ᠲᠡᠢ ᠪᠣᠯᠵᠤ ᠪᠠᠢᠨ᠎ᠠ᠃ ᠤᠤᠯ ᠨᠢ ᠲᠣᠳᠣ ᠦᠰᠦᠭ ᠢ᠋ ᠬᠡᠷᠡᠭᠯᠡᠵᠦ ᠪᠠᠢᠭᠰᠠᠨ ᠪᠣᠯᠪᠠᠴᠤ 20 ᠳ᠋ᠤᠭᠠᠷ ᠵᠠᠭᠤᠨ ᠤ᠋ ᠬᠣᠷᠢ ᠭᠤᠴᠢᠭᠠᠳ ᠣᠨ ᠤ᠋ ᠦᠶ᠎ᠡ ᠡᠴᠡ ᠡᠬᠢᠯᠡᠨ ᠺᠢᠷᠢᠯ ᠦᠰᠦᠭ ᠢ᠋ ᠠᠪᠴᠤ ᠬᠡᠷᠡᠭᠯᠡᠭᠰᠡᠨ ᠪᠥᠭᠡᠳ ǝ,  ө,ү, h, ж, н ᠵᠡᠷᠭᠡ ᠬᠡᠳᠦᠨ ᠦᠰᠦᠭ ᠢ᠋ ᠵᠣᠬᠢᠶᠠᠭᠰᠠᠨ ᠪᠤᠶᠤ ᠥᠭᠡᠷᠡᠴᠢᠯᠡᠵᠦ ᠬᠡᠷᠡᠭᠯᠡᠭᠰᠡᠨ ᠪᠠᠢᠳᠠᠭ᠃ ᠠᠶᠠᠯᠭᠤ ᠶᠠᠷᠢᠶᠠᠨ ᠤ᠋ ᠲᠠᠯ᠎ᠠ ᠪᠠᠷ ᠲᠡᠷᠡ ᠨᠢ ᠮᠠᠨ ᠤ᠋ ᠤᠯᠤᠰ ᠤ᠋ᠨ ᠮᠣᠩᠭᠣᠯ ᠬᠡᠯᠡᠨ ᠦ᠌ ᠣᠢᠷᠠᠳ ᠠᠶᠠᠯᠭᠤ ᠲᠠᠢ ᠢᠷᠡᠯ ᠦ᠋ᠨ ᠬᠠᠷᠢᠴᠠᠭ᠎ᠠ ᠲᠠᠢ ᠪᠥᠭᠡᠳ ᠨᠡᠯᠢᠶᠡᠳ ᠠᠳᠠᠯᠢᠪᠲᠤᠷ ᠪᠠᠢᠭ᠎ᠠ ᠲᠤᠯᠠ ᠵᠠᠷᠢᠮ ᠡᠷᠳᠡᠮᠲᠡᠳ ᠬᠠᠯᠢᠮᠠᠭ ᠬᠡᠯᠡ ᠶ᠋ᠢ ᠮᠣᠩᠭᠣᠯ ᠬᠡᠯᠡᠨ ᠦ᠌ ᠣᠢᠷᠠᠳ ᠠᠶᠠᠯᠭᠤ ᠪᠣᠯᠭᠠᠨ ᠦᠵᠡᠭᠴᠢᠳ ᠴᠦ᠍ ᠪᠣᠢ᠃