ᠵᠠᠬ᠎ᠠ ᠳᠡᠯᠭᠡᠭᠦᠷ ᠳᠡᠭᠡᠷ᠎ᠡ ᠬᠥᠯ ᠲᠣᠭᠲᠠᠬᠤZakh delgüür deer gül togtokhЗах дэлгүүр дээр гүл тогтох-ᠬᠣᠨᠢᠴᠢᠨ ᠦᠯᠵᠡᠢᠰᠦ᠋ᠷᠥᠩ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠬ᠎ᠠ ᠳᠡᠯᠭᠡᠭᠦᠷ ᠳᠡᠭᠡᠷ᠎ᠡ ᠬᠥᠯ ᠲᠣᠭᠲᠠᠬᠤZakh delgüür deer gül togtokhЗах дэлгүүр дээр гүл тогтох-ᠬᠣᠨᠢᠴᠢᠨ ᠦᠯᠵᠡᠢᠰᠦ᠋ᠷᠥᠩ

ᠵᠠᠬ᠎ᠠ ᠳᠡᠯᠭᠡᠭᠦᠷ ᠳᠡᠭᠡᠷ᠎ᠡ ᠬᠥᠯ ᠲᠣᠭᠲᠠᠬᠤZakh delgüür deer gül togtokhЗах дэлгүүр дээр гүл тогтох-ᠬᠣᠨᠢᠴᠢᠨ ᠦᠯᠵᠡᠢᠰᠦ᠋ᠷᠥᠩ

ᠠᠩᠭᠢᠯᠠᠯ:ᠠᠵᠤ ᠠᠬᠤᠢ
2025-09-17

140

        ᠳ᠋ᠣᠺᠲ᠋ᠣᠷ ᠬᠣᠨᠢᠴᠢᠨ ᠦᠯᠵᠡᠢᠰᠦ᠋ᠷᠥᠩ 

     ᠶᠡᠷᠦ ᠨᠢ ᠬᠥᠮᠦᠰ ᠦ᠋ᠨ ᠠᠮᠢᠳᠤᠷᠠᠯ ᠳᠤᠮᠳᠠ « ᠵᠢᠩᠬᠢᠨᠢ ᠰᠢᠵᠢᠷ ᠠᠯᠲᠠ ᠭᠠᠯ ᠠ᠋ᠴᠠ ᠠᠶᠤᠬᠤ ᠦᠭᠡᠢ » ᠭᠡᠰᠡᠨ ᠦᠭᠡ ᠪᠠᠢᠳᠠᠭ᠃ ᠪᠢ ᠥᠪᠡᠷ ᠢ᠋ᠶ᠋ᠡᠨ ᠡᠨᠡᠨ ᠦᠭᠡ ᠶ᠋ᠢ ᠲᠤᠩ ᠶᠡᠬᠡ ᠪᠠᠬᠠᠷᠬᠠᠳᠠᠭ᠃ ᠣᠳᠣ ᠶ᠋ᠢᠨ ᠨᠡᠢᠭᠡᠮ ᠦ᠋ᠨ ᠬᠥᠭᠵᠢᠯᠲᠡ ᠶ᠋ᠢ ᠳᠠᠭᠠᠯᠳᠤᠨ ᠦᠢᠯᠡᠳᠪᠦᠷᠢᠯᠡᠯ ᠦ᠋ᠨ ᠬᠦᠴᠦᠨ ᠶᠡᠬᠡᠰᠴᠦ ᠵᠦᠢᠯ ᠪᠦᠷᠢ  ᠶ᠋ᠢᠨ ᠲᠠᠸᠠᠷ ᠵᠠᠬ᠎ᠠ ᠳᠡᠯᠭᠡᠭᠦᠷ ᠳᠡᠭᠡᠷ᠎ᠡ ᠲᠠᠷᠬᠠᠵᠤ ᠪᠠᠢᠨ᠎ᠠ᠃ ᠲᠡᠭᠡᠪᠡᠯ ᠶᠠᠭᠠᠬᠢᠭᠠᠳ ᠵᠠᠷᠢᠮ ᠲᠠᠸᠠᠷ ᠨᠢ ᠳᠡᠮᠡᠢ ᠬᠡᠳᠦᠨ ᠵᠢᠯ ᠪᠣᠯᠬᠤ ᠦᠭᠡᠢ ᠪᠡᠷ ᠵᠠᠬ᠎ᠠ ᠳᠡᠯᠭᠡᠭᠦᠷ ᠡᠴᠡ ᠬᠠᠶᠠᠭᠳᠠᠵᠤ ᠦᠵᠡᠭᠳᠡᠬᠦ ᠦᠭᠡᠢ  ᠪᠣᠯᠳᠠᠭ ᠪᠣᠢ᠃ ᠪᠢ ᠥᠪᠡᠷ ᠢ᠋ᠶ᠋ᠡᠨ ᠡᠭᠦᠨ ᠦ᠌ ᠰᠢᠯᠲᠠᠭᠠᠨ ᠢ᠋ ᠴᠢᠨᠠᠷ ᠤ᠋ᠨ ᠠᠰᠠᠭᠤᠳᠠᠯ ᠳᠡᠭᠡᠷ᠎ᠡ ᠪᠠᠢᠨ᠎ᠠ ᠭᠡᠵᠦ ᠪᠣᠳᠣᠳᠠᠭ᠃ ᠶᠠᠷᠢᠶᠠᠨ ᠦᠭᠡᠢ ᠥᠭᠡᠷ᠎ᠡ ᠰᠢᠯᠲᠠᠭᠠᠨ ᠪᠠᠰᠠ ᠪᠠᠢᠵᠤ ᠪᠣᠯᠤᠨ᠎ᠠ᠃ ᠭᠡᠬᠦ ᠳ᠋ᠡᠭᠡᠨ ᠴᠢᠨᠠᠷ ᠮᠠᠭᠤ ᠲᠠᠸᠠᠷ ᠯᠠᠪ ᠵᠠᠬ᠎ᠠ ᠳᠡᠯᠭᠡᠭᠦᠷ ᠳᠡᠭᠡᠷ᠎ᠡ ᠬᠥᠯ ᠲᠣᠭᠲᠠᠵᠤ ᠳᠡᠢᠯᠬᠦ ᠦᠭᠡᠢ᠃ 
ᠮᠡᠳᠡᠭᠡᠵᠢ ᠪᠡᠷ ᠮᠠᠨ ᠤ᠋ ᠮᠣᠩᠭᠣᠯ ᠬᠣᠨᠢ ᠦᠬᠡᠷ ᠦ᠋ᠨ ᠮᠢᠬ᠎ᠠ ᠭᠠᠳᠠᠭᠠᠳᠤ ᠳᠣᠲᠣᠭᠠᠳᠤ ᠳ᠋ᠤ᠌ ᠰᠠᠢᠨ ᠮᠢᠬ᠎ᠠ᠂ ᠪᠡᠯᠴᠢᠭᠡᠷ ᠦ᠋ᠨ ᠮᠢᠬ᠎ᠠ ᠭᠡᠮᠡᠨ ᠨᠡᠷ᠎ᠡ ᠭᠠᠷᠴᠤ ᠪᠣᠢ᠃ ᠪᠡᠭᠡᠵᠢᠩ᠂ ᠱᠠᠩᠬᠠᠢ ᠵᠡᠷᠭᠡ ᠬᠣᠲᠠ ᠪᠠᠷ ᠨᠡᠩ ᠴᠦ ᠬᠥᠮᠦᠰ ᠦ᠋ᠨ ᠬᠦᠷᠢᠶᠡᠯᠡᠯ ᠢ᠋ ᠶᠡᠬᠡ ᠣᠯᠵᠤ ᠪᠠᠢᠨ᠎ᠠ᠃ ᠲᠡᠭᠡᠪᠡᠯ ᠪᠢᠳᠡ ᠡᠭᠦᠨ ᠡᠴᠡ ᠨᠢᠭᠡ ᠵᠦᠢᠯ ᠢ᠋ ᠪᠣᠳᠣᠵᠤ ᠪᠣᠯᠤᠨ᠎ᠠ᠃ ᠪᠢᠳᠡ ᠥᠪᠡᠷ ᠦ᠋ᠨ ᠬᠣᠨᠢ ᠦᠬᠡᠷ ᠦ᠋ᠨ ᠮᠢᠬ᠎ᠠ ᠪᠠᠨ ᠲᠦᠭᠦᠬᠡᠢ ᠡᠳ᠋  ᠢ᠋ᠶ᠋ᠡᠷ ᠭᠠᠷᠭᠠᠬᠤ ᠦᠭᠡᠢ  ᠬᠠᠷᠢᠨ ᠪᠣᠯᠪᠠᠰᠤᠷᠠᠭᠤᠯᠵᠤ ᠲᠠᠸᠠᠷ ᠪᠣᠯᠭᠠᠭᠰᠠᠨ ᠤ᠋ ᠳᠠᠷᠠᠭ᠎ᠠ ᠭᠠᠳᠠᠭᠰᠢ ᠪᠠᠨ ᠪᠣᠷᠣᠯᠠᠭᠤᠯᠵᠤ ᠪᠣᠯᠤᠨ᠎ᠠ᠃ ᠬᠣᠨᠢ ᠦᠬᠡᠷ ᠦ᠋ᠨ ᠮᠢᠬ᠎ᠠ ᠲᠡᠢᠮᠦ ᠶᠡᠬᠡ ᠬᠥᠮᠦᠰ ᠦ᠋ᠨ ᠬᠦᠷᠢᠶᠡᠯᠡᠯ ᠢ᠋ ᠣᠯᠵᠤ ᠪᠠᠢᠬᠤ ᠳ᠋ᠤ᠌ ᠬᠣᠨᠢ ᠦᠬᠡᠷ ᠦ᠋ᠨ ᠮᠢᠬ᠎ᠠ ᠪᠠᠷ ᠬᠢᠭᠰᠡᠨ ᠪᠦᠲᠦᠭᠡᠭᠳᠡᠬᠦᠨ ᠲᠠᠸᠠᠷ ᠪᠠᠰᠠ ᠯᠠᠪ ᠬᠥᠮᠦᠰ ᠦ᠋ᠨ ᠬᠦᠷᠢᠶᠡᠯᠡᠯ ᠣᠯᠬᠤ ᠪᠣᠯᠤᠮᠵᠢ ᠲᠠᠢ᠃ 
ᠲᠡᠢᠮᠦ ᠠ᠋ ᠂ ᠪᠢᠳᠡ ᠪᠠᠩᠰᠢ ᠂ ᠪᠤᠤᠵᠠ ᠬᠢᠵᠦ ᠪᠣᠯᠤᠨ᠎ᠠ᠃ ᠪᠢᠳᠡ ᠥᠪᠡᠷ ᠦ᠋ᠨ ᠤᠯᠠᠭᠠᠨ ᠢᠳᠡᠭᠡᠨ ᠢ᠋ᠶ᠋ᠡᠨ ᠲᠠᠸᠠᠷ ᠪᠣᠯᠭᠠᠵᠤ ᠬᠤᠳᠠᠯᠳᠤᠵᠤ ᠪᠣᠯᠤᠨ᠎ᠠ᠃ ᠨᠡᠩ ᠴᠢᠨᠠᠭᠰᠢᠯᠠᠭᠠᠳ ᠨᠡᠷᠡᠲᠦ ᠲᠡᠮᠳᠡᠭ ᠪᠣᠯᠭᠠᠵᠤ ᠵᠠᠬ᠎ᠠ ᠳᠡᠯᠭᠡᠭᠦᠷ ᠦ᠋ᠨ ᠲᠠᠭᠠᠰᠢᠶᠠᠯ ᠢ᠋ ᠴᠦ᠍ ᠣᠯᠵᠤ ᠪᠣᠯᠤᠨ᠎ᠠ᠃ ᠨᠡᠷᠡᠲᠦ ᠲᠡᠮᠳᠡᠭ ᠪᠣᠯᠤᠭᠰᠠᠨ ᠤ᠋ ᠰᠡᠭᠦᠯᠡᠷ ᠦᠨᠳᠦᠰᠦᠲᠡᠨ ᠦ᠌ ᠪᠡᠨ ᠠᠵᠤ ᠠᠬᠤᠢᠯᠠᠯ ᠢ᠋ ᠴᠦ᠍ ᠳᠠᠢᠴᠢᠯᠠᠵᠤ ᠪᠣᠯᠤᠨ᠎ᠠ᠃ ᠪᠢᠳᠡ ᠪᠣᠯ ᠵᠥᠪᠬᠡᠨ ᠪᠠᠩᠰᠢ ᠪᠠᠷᠢᠵᠤ ᠪᠠᠢᠭ᠎ᠠ ᠬᠥᠮᠦᠰ ᠪᠢᠰᠢ᠂ ᠪᠢᠳᠡᠨ ᠳ᠋ᠦ᠍ ᠨᠡᠩ ᠶᠡᠬᠡ ᠬᠣᠯᠠ ᠶ᠋ᠢᠨ ᠬᠠᠷᠠᠯᠲᠠ᠂ ᠠᠭᠤᠤ ᠶᠡᠬᠡ ᠬᠦᠰᠡᠯ ᠪᠣᠢ᠃ 
ᠲᠡᠭᠡᠪᠡᠯ ᠪᠢᠳᠡ ᠶᠠᠭᠠᠬᠢᠵᠤ ᠵᠢᠩᠬᠢᠨᠢ ᠪᠠᠩᠰᠢ᠂ ᠵᠢᠩᠬᠢᠨᠢ ᠲᠠᠸᠠᠷ ᠬᠢᠵᠦ ᠪᠠᠢᠬᠤ ᠪᠣᠢ? ᠬᠠᠮᠤᠭ ᠲᠡᠷᠢᠭᠦᠨ ᠳ᠋ᠦ᠍ ᠲᠦᠭᠦᠬᠡᠢ ᠡᠳ᠋  ᠢ᠋ᠶ᠋ᠡᠨ ᠰᠠᠢᠨ ᠰᠣᠩᠭᠣᠬᠤ ᠬᠡᠷᠡᠭᠲᠡᠢ᠃ ᠵᠢᠰᠢᠶᠠᠯᠠᠪᠠᠯ ᠪᠢᠳᠡᠨ ᠳ᠋ᠦ᠍ ᠲᠤᠰᠬᠠᠢ ᠨᠣᠭᠣᠭ᠎ᠠ ᠠᠪᠬᠤ ᠬᠥᠮᠦᠨ ᠲᠡᠢ᠃ ᠡᠨᠡ ᠬᠥᠮᠦᠨ ᠡᠳᠦᠷ ᠪᠣᠯᠭᠠᠨ ᠬᠠᠮᠤᠭ ᠰᠢᠨ᠎ᠡ ᠰᠣᠷᠭᠣᠭ ᠨᠣᠭᠣᠭ᠎ᠠ ᠶ᠋ᠢ ᠰᠣᠩᠭᠣᠵᠤ ᠠᠪᠴᠢᠷᠠᠨ᠂ ᠳᠠᠬᠢᠨ ᠲᠤᠰᠬᠠᠢ ᠬᠥᠮᠦᠰ ᠢ᠋ᠶ᠋ᠡᠷ ᠠᠷᠢᠯᠭᠠᠯᠭᠠᠨ᠂ ᠠᠯᠬᠤᠮ ᠳᠠᠷᠠᠭ᠎ᠠ ᠲᠠᠢ ᠪᠠᠷ ᠴᠡᠪᠡᠷᠯᠡᠨ ᠤᠬᠢᠶᠠᠭᠰᠠᠨ ᠤ᠋ ᠳᠠᠷᠠᠭ᠎ᠠ ᠬᠡᠷᠴᠢᠵᠦ ᠬᠡᠷᠡᠭᠯᠡᠬᠦ ᠳ᠋ᠦ᠍ ᠪᠡᠯᠡᠨ ᠪᠣᠯᠭᠠᠳᠠᠭ᠃ ᠮᠢᠬ᠎ᠠ ᠶ᠋ᠢ ᠰᠣᠩᠭᠣᠬᠤ  ᠳ᠋ᠤ᠌ ᠴᠤ᠌ ᠠᠳᠠᠯᠢᠬᠠᠨ ᠠᠯᠬᠤᠮ ᠳᠠᠷᠠᠭ᠎ᠠ ᠲᠠᠢ ᠨᠠᠷᠢᠯᠢᠭ ᠣᠷᠣᠳᠠᠭ᠃ ᠠᠯᠠᠭᠠᠳ ᠠᠪᠴᠢᠷᠬᠠᠰᠠᠨ ᠮᠢᠬ᠎ᠠ ᠪᠠᠨ ᠡᠬᠢᠯᠡᠭᠡᠳ ᠦᠰᠦ ᠨᠣᠣᠰᠣ  ᠶ᠋ᠢ ᠨᠢ ᠠᠷᠢᠯᠭᠠᠨ᠂ ᠪᠤᠯᠴᠢᠷᠬᠠᠢ ᠵᠡᠷᠭᠡ ᠬᠥᠮᠦᠨ ᠦ᠌ ᠡᠷᠡᠭᠦᠯ ᠮᠡᠨᠳᠦ ᠳ᠋ᠦ᠍ ᠠᠰᠢᠭ ᠦᠭᠡᠢ ᠵᠦᠢᠯ ᠢ᠋ ᠨᠢ ᠴᠡᠪᠡᠷᠯᠡᠵᠦ ᠬᠠᠶᠠᠨ ᠬᠡᠷᠡᠭᠯᠡᠬᠦ ᠳ᠋ᠦ᠍ ᠪᠡᠯᠡᠳᠬᠡᠳᠡᠭ᠃ ᠭᠤᠯᠢᠷ ᠢ᠋ ᠰᠣᠩᠭᠣᠬᠤ ᠳ᠋ᠠᠭᠠᠨ ᠴᠤ᠌ ᠪᠠᠩᠰᠢ ᠳ᠋ᠤ᠌ ᠲᠣᠬᠢᠷᠠᠬᠤ ᠠᠯᠢ ᠰᠠᠢᠨ ᠭᠤᠯᠢᠷ ᠢ᠋ ᠰᠣᠩᠭᠣᠵᠤ ᠲᠠᠸᠠᠷ ᠤ᠋ᠨ ᠢ᠋ᠶ᠋ᠠᠨ ᠴᠢᠨᠠᠷ ᠢ᠋ ᠪᠠᠲᠤᠯᠠᠳᠠᠭ᠃ ᠡᠭᠦᠨ ᠢ᠋ᠶ᠋ᠡᠷ ᠴᠦ᠍ ᠵᠣᠭᠰᠣᠬᠤ ᠦᠭᠡᠢ ᠰᠢᠶᠠᠨᠽᠢ ᠶ᠋ᠢᠨ ᠢ᠋ᠶ᠋ᠡᠨ ᠮᠢᠬ᠎ᠠ ᠨᠣᠭᠣᠭᠠᠨ ᠤ᠋ ᠤᠤᠯ ᠦᠨᠦᠷ ᠠᠮᠲᠠ᠂ ᠴᠢᠨᠠᠷ ᠢ᠋ ᠪᠠᠲᠤᠯᠠᠵᠤ ᠂ ᠬᠡᠷᠡᠭᠯᠡᠭᠴᠢ ᠶ᠋ᠢᠨ ᠡᠷᠡᠭᠦᠯ ᠮᠡᠨᠳᠦ ᠳ᠋ᠦ᠍ ᠬᠠᠷᠢᠭᠤᠴᠠᠬᠤ ᠡᠭᠦᠳᠡᠨ ᠡᠴᠡ ᠳᠠᠪᠤᠰᠤ ᠵᠡᠷᠭᠡ ᠬᠥᠮᠦᠨ ᠳ᠋ᠦ᠍ ᠬᠡᠷᠡᠭᠲᠡᠢ ᠬᠣᠶᠠᠷ ᠭᠤᠷᠪᠠᠨ ᠵᠦᠢᠯ ᠦ᠋ᠨ ᠠᠮᠲᠠᠯᠠᠭᠴᠢ ᠠ᠋ᠴᠠ ᠪᠤᠰᠤᠳ ᠵᠦᠢᠯ ᠬᠢᠳᠡᠭ ᠦᠭᠡᠢ ᠨᠢ ᠪᠠᠰᠠ ᠨᠢᠭᠡ ᠣᠨᠴᠠᠯᠢᠭ ᠪᠣᠯᠤᠭᠰᠠᠨ ᠪᠠᠢᠳᠠᠭ᠃ ᠪᠠᠩᠰᠢ ᠪᠠᠷᠢᠬᠤ ᠳ᠋ᠤ᠌ ᠴᠤ᠌ ᠠᠵᠢᠯᠴᠢᠨ ᠤ᠋ ᠡᠮᠦᠰᠬᠡᠯ ᠬᠤᠪᠴᠠᠰᠤ ᠴᠡᠪᠡᠷᠬᠡᠨ᠂ ᠭᠠᠷ ᠢ᠋ᠶ᠋ᠠᠨ ᠤᠬᠢᠶᠠᠭᠰᠠᠨ ᠪᠠᠢᠬᠤ᠂ ᠠᠮᠠᠨ ᠪᠦᠲᠡᠭᠡᠯᠭᠡ ᠵᠡᠭᠦᠭᠰᠡᠨ᠂ ᠮᠠᠯᠠᠭᠠᠢ ᠡᠮᠦᠰᠣᠭᠰᠡᠨ ᠪᠠᠢᠬᠤ ᠭᠡᠳ ᠲᠠᠸᠠᠷ ᠤ᠋ᠨ ᠢ᠋ᠶ᠋ᠠᠨ ᠴᠡᠪᠡᠷ ᠴᠢᠨᠠᠷ ᠢ᠋ ᠪᠠᠲᠤᠯᠠᠭᠰᠠᠨ ᠣᠯᠠᠨ ᠠᠯᠬᠤᠮ ᠳᠠᠷᠠᠭ᠎ᠠ ᠲᠠᠢ ᠪᠠᠢᠳᠠᠭ  ᠢ᠋ᠶ᠋ᠠᠷ ᠵᠣᠭᠰᠣᠬᠤ ᠦᠭᠡᠢ᠂ ᠪᠠᠩᠰᠢ ᠪᠣᠯᠭᠠᠨ ᠤ᠋ ᠭᠤᠯᠢᠷ᠂ ᠰᠢᠶᠠᠨᠽᠢ ᠨᠢ ᠲᠣᠭᠲᠠᠭᠰᠠᠨ ᠵᠢᠩ ᠲᠡᠢ᠂ ᠴᠢᠮᠬᠢᠬᠦ ᠬᠡᠯᠪᠡᠷᠢ ᠨᠢ ᠴᠦ᠍ ᠨᠠᠷᠢᠨ ᠪᠠᠷᠢᠮᠵᠢᠶ᠎ᠠ ᠲᠠᠢ ᠪᠠᠢᠳᠠᠭ ᠠ᠋ᠴᠠ  ᠪᠠᠩᠰᠢ ᠪᠦᠭᠦᠳᠡ ᠢᠬᠡᠷ᠎ᠡ ᠪᠠᠢᠳᠠᠭ ᠨᠢ ᠰᠣᠨᠢᠨ ᠪᠢᠰᠢ᠃  
ᠵᠢᠩᠬᠢᠨᠢ ᠲᠠᠸᠠᠷ ᠭᠡᠵᠦ ᠶᠠᠭ ᠯᠠ ᠡᠢᠮᠦ ᠪᠠᠢᠬᠤ ᠶᠣᠰᠣᠲᠠᠢ᠃ ᠣᠯᠠᠨ ᠣᠯᠠᠨ ᠵᠢᠵᠢᠭ ᠦᠢᠯᠡᠰ ᠢ᠋ᠶ᠋ᠡᠷ ᠪᠦᠷᠢᠯᠳᠦᠵᠦ ᠨᠢᠭᠡ ᠵᠢᠩᠬᠢᠨᠢ ᠲᠠᠸᠠᠷ ᠪᠣᠢ ᠪᠣᠯᠳᠠᠭ᠃ ᠶᠠᠷᠢᠶᠠᠨ ᠦᠭᠡᠢ ᠤᠭ ᠮᠠᠲ᠋ᠧᠷᠢᠶᠠᠯ ᠪᠣᠯᠭᠠᠨ ᠨᠢ ᠰᠠᠢᠨ ᠪᠠᠢᠳᠠᠭ ᠪᠣᠯᠬᠣᠷ ᠲᠠᠸᠠᠷ ᠤ᠋ᠨ ᠥᠷᠲᠡᠭ ᠨᠢ ᠥᠨᠳᠥᠷ ᠪᠠᠢᠳᠠᠭ᠃ ᠲᠡᠢᠮᠦ ᠡᠴᠡ ᠲᠠᠸᠠᠷ ᠤ᠋ᠨ ᠦᠨ᠎ᠡ ᠬᠠᠩᠰᠢ ᠨᠢ ᠴᠦ᠍ ᠳᠠᠭᠠᠯᠳᠤᠭᠠᠳ ᠬᠠᠷᠢᠴᠠᠩᠭᠤᠢ ᠥᠨᠳᠥᠷ ᠪᠣᠯᠳᠠᠭ᠃ ᠮᠢᠨᠦ ᠥᠨᠥᠳᠥᠷ  ᠦ᠋ᠨ ᠭᠣᠣᠯ ᠶᠠᠷᠢᠬᠤ ᠭᠡᠰᠡᠨ ᠨᠢ ᠲᠠᠸᠠᠷ ᠤ᠋ᠨ ᠦᠨ᠎ᠡ ᠬᠠᠩᠰᠢ᠂ ᠲᠠᠸᠠᠷ  ᠤ᠋ᠨ ᠢ᠋ᠶ᠋ᠠᠨ ᠴᠢᠨᠠᠷ ᠴᠢᠨᠰᠠᠭ᠎ᠠ ᠲᠠᠢ ᠪᠠᠨ ᠲᠣᠬᠢᠷᠠᠯᠴᠠᠭᠰᠠᠨ ᠪᠠᠢᠳᠠᠭ᠃ ᠵᠥᠪᠬᠡᠨ ᠵᠢᠩᠬᠢᠨᠢ ᠲᠠᠸᠠᠷ᠂ ᠲᠣᠬᠢᠷᠠᠮᠵᠢᠲᠠᠢ ᠦᠨ᠎ᠡ ᠬᠠᠩᠰᠢ ᠨᠢ ᠵᠠᠬ᠎ᠠ ᠳᠡᠯᠭᠡᠭᠦᠷ ᠳᠡᠭᠡᠷ᠎ᠡ ᠬᠥᠯ ᠲᠣᠭᠲᠠᠬᠤ ᠪᠣᠯᠤᠯᠴᠠᠭ᠎ᠠ ᠲᠠᠢ᠃ ᠶᠠᠷᠢᠶᠠᠨ ᠦᠭᠡᠢ ᠡᠨᠡ ᠬᠣᠶᠠᠷ ᠤ᠋ᠨ ᠠᠯᠢ ᠨᠢᠭᠡ ᠨᠢ ᠪᠣᠯᠬᠤ ᠦᠭᠡᠢ ᠪᠣᠯᠪᠠᠯ ᠲᠡᠩᠴᠡᠭᠦᠷᠢ ᠪᠡᠨ ᠠᠯᠳᠠᠵᠤ ᠵᠠᠬ᠎ᠠ ᠳᠡᠯᠭᠡᠭᠦᠷ ᠦ᠋ᠨ ᠥᠷᠢᠰᠦᠯᠳᠦᠭᠡᠨ ᠳ᠋ᠦ᠍ ᠤᠨᠠᠳᠠᠭ᠃ ᠳᠠᠷᠤᠢ ᠵᠢᠩᠬᠢᠨᠢ ᠲᠠᠸᠠᠷ ᠨᠢ ᠬᠣᠯᠠ ᠶᠠᠪᠤᠵᠤ ᠂ ᠲᠣᠬᠢᠷᠠᠮᠵᠢᠲᠠᠢ ᠦᠨ᠎ᠡ ᠬᠠᠩᠰᠢ ᠨᠢ ᠬᠡᠷᠡᠭᠯᠡᠭᠴᠢᠳ ᠲᠦ᠍ ᠲᠠᠭᠠᠯᠠᠭᠳᠠᠬᠤ ᠤᠶᠠᠯᠳᠤᠯ ᠨᠢ ᠨᠡᠷᠡᠲᠦ ᠲᠡᠮᠳᠡᠭ ᠪᠣᠯᠬᠤ ᠶᠠᠪᠤᠴᠠ  ᠳ᠋ᠠᠬᠢ ᠨᠢᠭᠡ ᠬᠡᠰᠡᠭ ᠪᠣᠯᠳᠠᠭ ᠪᠠᠢᠨ᠎ᠠ᠃

   ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ