ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ -2- ᠬᠣᠷᠸ᠎ᠠ ᠶᠢᠨ ᠡᠷᠢᠶᠡᠨ ᠪᠠᠷᠠᠭᠠᠨ - <6>᠂ ᠬᠣᠷᠮᠣᠢ ᠶ᠋ᠢᠨ ᠪᠣᠭ Эр эмийн ёсон – Д᠂ Болдцэрэн <2-р бүлэг>– Хорвоогийн эрээн бараан- 6᠂Хормойн бог
ᠵᠢᠷᠭᠤᠭ᠎ᠠ᠂ ᠬᠣᠷᠮᠣᠢ ᠶ᠋ᠢᠨ ᠪᠣᠭ
ᠴᠣᠬᠣᠮ ᠡᠢᠨ《 ᠲᠠᠪᠠᠷᠠᠭᠰᠠᠨ》 ᠬᠠᠷᠠᠳᠠᠯᠲᠠ ᠨᠢ ᠢᠮᠠᠭᠲᠠ ᠬᠠᠷ᠎ᠠ ᠮᠥᠷ ᠲᠠᠲᠠᠭᠤᠯᠵᠤ᠂ ᠬᠥᠮᠦᠨ ᠢ᠋ ᠶᠠᠭᠤᠨ ᠳ᠋ᠤ᠌ ᠴᠦ᠍ ᠬᠦᠷᠭᠡᠵᠦ᠂ ᠶᠠᠭᠤ ᠴᠦ᠍ ᠬᠢᠯᠭᠡᠵᠦ ᠮᠡᠳᠡᠬᠦ ᠪᠢᠯᠡ᠃ ᠬᠠᠷᠠᠲᠠᠢ ᠬᠥᠮᠦᠨ ᠳ᠋ᠦ᠍ ᠬᠠᠷᠠᠳᠠᠬᠤ ᠰᠡᠵᠢᠭᠦᠷ ᠮᠤᠩᠳᠠᠬᠤ ᠦᠭᠡᠢ ᠣᠯᠠᠨ᠃ ᠬᠠᠮᠲᠤ ᠶᠠᠪᠤᠵᠤ ᠪᠠᠢᠭᠠᠳ ᠲᠠᠨᠢᠳᠠᠭ ᠬᠥᠮᠦᠨ ᠨᠢ ᠡᠳᠦᠷ ᠲᠠᠭᠠᠷᠠᠯᠳᠤᠭᠠᠳ《ᠰᠠᠢᠨ ᠤᠤ?》 ᠭᠡᠳ ᠵᠥᠷᠢᠬᠦ ᠳ᠋ᠦ᠍ ᠯᠡ ᠶᠠᠭᠤᠨ ᠬᠥᠮᠦᠨ ᠶᠦᠮ? ᠬᠡᠵᠢᠶ᠎ᠡ᠂ ᠶᠠᠭᠠᠬᠢᠵᠤ ᠲᠠᠨᠢᠯᠴᠠᠭᠰᠠᠨ ᠶᠤᠮ ᠪᠣᠢ? ᠭᠡᠳ ᠪᠠᠢᠴᠠᠭᠠᠵᠤ ᠭᠠᠷᠤᠨ᠎ᠠ᠃ ᠡᠰᠡᠬᠦᠯ᠎ᠡ ᠠᠥ᠋ᠲ᠋ᠤᠪᠤᠰ ᠤ᠋ᠨ ᠵᠣᠭᠰᠣᠭᠠᠯ ᠤ᠋ᠨ ᠰᠠᠨᠳᠠᠯᠢ ᠳᠡᠭᠡᠷ᠎ᠡ ᠰᠠᠭᠤᠵᠤ ᠪᠠᠢᠬᠤ ᠳ᠋ᠤ᠌ ᠬᠠᠵᠠᠭᠤ ᠳ᠋ᠤᠨᠢ ᠡᠷᠡᠭᠲᠡᠢ ᠯᠡ ᠬᠥᠮᠦᠨ ᠪᠠᠢᠪᠠᠯ ᠵᠠᠩᠨᠠᠵᠤ ᠡᠬᠢᠯᠡᠨ᠎ᠡ᠃ ᠲᠡᠷᠡ ᠪᠦᠦ ᠬᠡᠯᠡ ᠲᠠᠨᠢᠬᠤ ᠦᠭᠡᠢ ᠬᠥᠮᠦᠨ ᠥᠭᠡᠳᠡ ᠡᠴᠡ ᠨᠢ ᠬᠠᠷᠠᠭᠠᠳ ᠰᠠᠭᠤᠬᠤ ᠳ᠋ᠤ᠌《ᠴᠢᠮ᠎ᠠ ᠤᠷᠤᠭᠤ ᠬᠠᠷᠠᠴᠢᠬᠠᠯ᠎ᠠ᠂ ᠲᠠ ᠬᠣᠶᠠᠷ ᠨᠢᠭᠡ ᠯᠡ ᠤᠴᠢᠷ ᠲᠠᠢ》 ᠭᠡᠳ ᠠᠭᠤᠷᠯᠠᠨ᠎ᠠ᠃ ᠬᠠᠷᠠᠲᠠᠢ ᠬᠥᠮᠦᠨ ᠬᠥᠮᠦᠨ ᠦ᠌ ᠡᠯᠢᠭᠡ ᠬᠥᠰᠢᠮᠡᠷ᠂ ᠶᠠᠯᠢᠶᠠ ᠦᠭᠡᠢ ᠶᠠᠭᠤᠮ᠎ᠠ ᠶ᠋ᠢ ᠴᠦ᠍ ᠬᠠᠷᠠᠳᠠᠨᠠ ᠭᠡᠭᠴᠢ᠃ ᠬᠥᠷᠰᠢ ᠠᠢᠯ ᠤ᠋ᠨ ᠬᠢᠨᠢ ᠶᠦᠮ ᠤᠤ ᠡᠰᠡᠪᠡᠯ ᠠᠵᠢᠯ ᠤ᠋ᠨ ᠭᠠᠵᠠᠷ ᠤ᠋ᠨ ᠬᠢᠨᠢ ᠬᠥᠮᠦᠨ ᠣᠷᠣᠵᠤ ᠢᠷᠡᠬᠦ ᠳ᠋ᠦ᠍ ᠠᠢᠯ ᠤ᠋ᠨ ᠭᠡᠷ ᠦ᠋ᠨ ᠡᠵᠡᠭᠲᠡᠢ᠂ ᠡᠮᠡᠭᠲᠡᠢ ᠬᠥᠮᠦᠨ ᠶᠦᠮ ᠴᠢᠨᠢ ᠢᠳᠡᠭᠡ ᠪᠤᠳᠠᠭ᠎ᠠ ᠪᠠᠨ ᠲᠠᠯᠪᠢᠵᠤ᠂ ᠠᠶᠠᠭ᠎ᠠ ᠴᠠᠢ ᠬᠢᠵᠦ᠂ ᠠᠷᠪᠠ ᠲᠠᠪᠤᠨ ᠦᠭᠡ ᠰᠣᠯᠢᠯ ᠦᠭᠡᠢ ᠶᠠᠭᠠᠬᠢᠬᠤᠪ᠃ ᠲᠡᠭᠡᠬᠦᠯᠡᠷ ᠯᠡ ᠪᠣᠯᠬᠤ ᠪᠠᠨ ᠪᠠᠢᠨ᠎ᠠ᠃《ᠴᠢ ᠡᠷᠡᠭᠲᠡᠢ ᠬᠥᠮᠦᠨ ᠯᠡ ᠬᠠᠷᠠᠬᠤ ᠪᠠᠷ ᠢ᠋ᠶ᠋ᠠᠨ ᠬᠥᠯ ᠢ᠋ᠶ᠋ᠡᠨ ᠬᠤᠭᠤᠯᠴᠢᠬᠠᠬᠤ ᠭᠡᠳ ᠭᠦᠶᠦᠭᠡᠳ᠂ ᠠᠩᠭᠠᠯᠵᠠᠭᠠᠳ᠂ ᠬᠡᠵᠢᠶ᠎ᠡ ᠯᠡ ᠴᠢ ᠡᠮᠡᠭᠲᠡᠢ ᠬᠥᠮᠦᠨ ᠱᠠᠭᠠᠢᠬᠤ ᠳ᠋ᠤ᠌ ᠢᠩᠭᠢᠵᠦ ᠰᠦᠢᠳ ᠮᠡᠢᠳ ᠪᠣᠯᠳᠠᠭ ᠪᠠᠢᠯ᠎ᠠ᠂ ᠲᠡᠭᠡᠳᠡᠭ ᠦᠭᠡᠢ ᠰᠢᠦ ᠳᠡ 》 ᠭᠡᠬᠦᠴᠢᠯᠡᠨ ᠶᠣᠰᠣᠲᠠᠢ ᠰᠣᠯᠪᠢᠵᠤ ᠬᠠᠷᠠᠨ᠎ᠠ ᠭᠡᠭᠴᠢ ᠶ᠋ᠢᠨ ᠦᠯᠢᠭᠡᠷ ᠢ᠋ᠶ᠋ᠡᠷ ᠨᠢᠳᠦ ᠨᠢ ᠶᠠᠭᠤᠮ᠎ᠠ ᠶ᠋ᠢ ᠭᠠᠵᠢᠭᠤ ᠲᠤᠰᠬᠠᠳᠠᠭ᠃ ᠶᠡᠷᠦᠨᠢ ᠬᠠᠷᠠᠲᠠᠢ ᠬᠥᠮᠦᠨ ᠬᠢᠮᠤᠰᠤ ᠶ᠋ᠢᠨ ᠴᠢᠨᠡᠭᠡ ᠶᠠᠭᠤᠮ᠎ᠠ ᠶ᠋ᠢ ᠬᠤᠷᠤᠭᠤᠨ ᠴᠢᠨᠡᠭᠡ᠂ ᠢᠮᠠᠭᠠᠨ ᠴᠢᠨᠡᠭᠡ ᠶᠠᠭᠤᠮ᠎ᠠ ᠶ᠋ᠢ ᠲᠡᠮᠡᠭᠡᠨ ᠴᠢᠨᠡᠭᠡ ᠪᠣᠯᠭᠠᠳᠠᠭ ᠭᠠᠢᠬᠠᠯᠲᠠᠢ ᠳᠤᠷᠠᠨ ᠠᠪᠠᠢ ᠪᠠᠷ ᠡᠬᠡᠨᠡᠷ ᠢ᠋ᠶ᠋ᠡᠨ ᠲᠠᠩᠳᠠ《ᠳᠤᠷᠠᠨᠳᠠᠵᠤ》 ᠪᠠᠢᠳᠠᠭ᠃
ᠬᠠᠷᠠᠲᠠᠢ ᠨᠥᠬᠥᠷ ᠲᠡᠢ᠂ ᠡᠮᠨᠡᠯᠭᠡ ᠶ᠋ᠢᠨ ᠳᠤᠮᠳᠠ ᠮᠡᠷᠭᠡᠵᠢᠯ ᠦ᠋ᠨ ᠨᠢᠭᠡᠨ ᠪᠦᠰᠡᠭᠦᠢ ᠢᠩᠭᠢᠵᠦ ᠶᠠᠷᠢᠭᠰᠠᠨ ᠶᠤᠮ᠃
《᠁ ᠲᠠᠰᠤᠭ ᠲᠤᠨᠢ ᠬᠡᠪᠲᠡᠭᠡᠳ ᠭᠠᠷᠤᠭᠰᠠᠨ ᠨᠢᠭᠡ ᠡᠪᠡᠳᠴᠢᠲᠡᠨ ᠦ᠌(ᠺᠠᠽᠠᠭ) ᠡᠮᠨᠡᠯᠭᠡ ᠶ᠋ᠢᠨ ᠬᠠᠭᠤᠳᠠᠰᠤ ᠶ᠋ᠢ ᠠᠪᠴᠤ ᠥᠭᠬᠦ ᠭᠡᠳ ᠳᠠᠭᠠᠭᠤᠯᠤᠭᠠᠳ ᠳ᠋ᠦᠩ ᠪᠦᠷᠢᠳᠬᠡᠯ ᠤᠷᠤᠭᠤ ᠶᠠᠪᠤᠵᠤ ᠪᠠᠢᠭᠠᠳ ᠭᠠᠢ ᠲᠠᠢ ᠶᠤᠮ ᠰᠢᠭ᠋ ᠲᠠᠭᠠᠷᠠᠯᠳᠤᠭᠰᠠᠨ ᠴᠢᠨᠢ ᠶᠠᠮᠠᠷ ᠰᠢᠷ᠎ᠠ ᠪᠠᠨ ᠭᠡᠭᠴᠢ᠂ ᠲᠡᠷᠡ ᠣᠯᠠᠨ ᠲᠠᠨᠢᠳᠠᠭ᠂ ᠲᠠᠨᠢᠳᠠᠭ ᠦᠭᠡᠢ ᠬᠥᠮᠦᠨ ᠦ᠌ ᠨᠢᠭᠤᠷ ᠳᠡᠭᠡᠷ᠎ᠡ(ᠺᠠᠽᠠᠭ ᠤ᠋ᠨ ᠬᠢ ᠲᠣᠮᠣ ᠪᠠᠢᠳᠠᠭ ᠶᠤᠮ ᠭᠡᠨ᠎ᠡ ᠯᠠᠢ᠃ ᠴᠢ ᠳᠠᠭᠠᠵᠤ ᠭᠦᠶᠦᠵᠦ ᠪᠠᠢᠬᠤ ᠳ᠋ᠠᠭᠠᠨ ᠶᠠᠭᠠᠬᠢᠳᠠᠭ ᠶᠤᠮ) ᠭᠡᠵᠦ ᠬᠣᠩᠭᠢᠯ ᠳ᠋ᠤ᠌ ᠤᠯᠠᠢᠮ᠎ᠠ ᠴᠠᠢᠮ᠎ᠠ ᠢᠴᠢᠬᠦ ᠦᠭᠡᠢ ᠬᠡᠯᠡᠵᠦ ᠪᠠᠢᠭ᠎ᠠ ᠶᠤᠮ ᠳᠠ᠃ ᠪᠢ ᠪᠦᠷ ᠡᠮᠦᠨ᠎ᠡ ᠡᠴᠡ ᠨᠢ ᠨᠢᠭᠤᠷ ᠬᠢᠬᠦ ᠭᠠᠵᠠᠷ ᠣᠯᠳᠠᠭ᠎ᠠ ᠦᠭᠡᠢ》 ᠭᠡᠵᠦ ᠨᠢᠳᠦ ᠨᠢ ᠨᠢᠯᠪᠤᠰᠤ ᠪᠠᠷ ᠴᠡᠢᠯᠡᠭᠡᠨᠡᠵᠦ ᠶᠠᠷᠢᠶ᠎ᠠ ᠪᠠᠨ ᠴᠠᠰᠢ ᠦᠷᠭᠦᠯᠵᠢᠯᠡᠭᠦᠯᠦᠭᠰᠡᠨ ᠶᠦᠮ᠃ ᠣᠳᠣ ᠲᠡᠭᠦᠨ ᠦ᠌ ᠬᠠᠷᠠᠲᠠᠢ ᠶ᠋ᠢ ᠨᠢ ᠠᠪᠤ ᠡᠵᠢ᠂ ᠠᠬ᠎ᠠ ᠳᠡᠭᠦᠦ ᠨᠠᠷ ᠨᠢ ᠴᠥᠮ ᠮᠡᠳᠡᠬᠦ ᠦᠭᠡᠢ ᠭᠡᠵᠦ ᠪᠠᠢᠬᠤ ᠦᠭᠡᠢ᠃ ᠠᠪᠤ ᠡᠵᠢ ᠬᠣᠶᠠᠷ ᠨᠢ ᠬᠥᠭᠰᠢᠨ ᠬᠥᠮᠦᠨ ᠪᠣᠯᠬᠣᠷ ᠠᠷᠭ᠎ᠠ ᠪᠠᠨ ᠪᠠᠷᠠᠬᠤ ᠳ᠋ᠠᠭᠠᠨ ᠬᠥᠮᠦᠨ ᠳ᠋ᠦ᠍ ᠦᠵᠡᠭᠦᠯᠦᠭᠰᠡᠨ ᠴᠢᠨᠢ《ᠰᠢᠷ᠎ᠠ ᠥᠩᠭᠡᠲᠡᠢ(ᠤᠰᠤ) ᠰᠢᠷᠣᠢ ᠥᠭᠭᠦᠭᠡᠳ᠂ ᠰᠢᠷᠣᠢ ᠶ᠋ᠢ ᠨᠢ ᠭᠤᠲᠤᠯ ᠤ᠋ᠨ ᠬᠢᠨᠢ ᠳᠣᠣᠷ᠎ᠠ ᠬᠢᠭᠡᠷᠡᠢ᠂ ᠰᠢᠩᠭᠡᠨ ᠶᠠᠭᠤᠮ᠎ᠠ ᠶ᠋ᠢ ᠨᠢ ᠬᠣᠭᠣᠯᠠ ᠴᠠᠢ ᠳ᠋ᠤᠨᠢ ᠶᠤᠮ ᠤᠤ ᠡᠰᠡᠬᠦᠯ᠎ᠡ ᠵᠦᠭᠡᠷ ᠤᠤᠭᠤᠯᠭᠠᠭᠠᠷᠠᠢ ᠭᠡᠰᠡᠨ ᠪᠠᠢᠨ᠎ᠠ ᠯᠠᠢ ᠲᠡᠭᠡᠭᠰᠡᠨ ᠴᠢᠨᠢ ᠡᠨᠡ ᠯᠠᠮᠠ ᠶ᠋ᠢᠨ ᠰᠢᠭᠡᠰᠦ ᠪᠡᠷ ᠪᠢ ᠶᠠᠭᠠᠬᠢᠬᠤ ᠶᠤᠮ ᠭᠡᠳ ᠰᠠᠴᠤᠴᠢᠬᠠᠭᠰᠠᠨ᠃ ᠶᠣᠰᠣᠲᠠᠢ ᠬᠠᠷᠠᠲᠠᠢ ᠬᠥᠮᠦᠨ ᠲᠠᠢ ᠯᠠ ᠰᠠᠭᠤᠮᠠᠷ ᠦᠭᠡᠢ ᠶᠦᠮ ᠪᠠᠢᠨ᠎ᠠ ᠭᠡᠵᠦ ᠤᠷᠲᠤ ᠬᠣᠢᠲᠤᠬᠢ ᠳ᠋ᠠᠭᠠᠨ7 ᠵᠠᠬᠢᠮᠠᠷ ᠶᠤᠮ ᠪᠠᠢᠨ᠎ᠠ》 ᠭᠡᠵᠦ ᠰᠠᠨᠠᠭ᠎ᠠ ᠠᠯᠲᠠᠨ᠂ ᠬᠡᠯᠡᠬᠦ ᠦᠭᠡ ᠪᠡᠨ ᠣᠯᠬᠤ ᠦᠭᠡᠢ ᠪᠠᠢᠵᠤ ᠪᠢᠯᠡ᠃ ᠲᠡᠷᠡ ᠪᠡᠷ ᠨᠥᠬᠥᠷ ᠨᠢ ᠬᠠᠷᠠᠳᠠᠬᠤ ᠪᠠᠷ ᠢ᠋ᠶ᠋ᠠᠨ ᠤᠬᠠᠭᠠᠨ ᠢ᠋ᠶ᠋ᠠᠨ ᠠᠯᠳᠠᠵᠤ᠂ ᠥᠪᠡᠷ ᠦ᠋ᠨ ᠮᠠᠲᠠᠯ ᠦᠭᠡᠢ ᠶᠦᠮ ᠰᠢᠭ ᠪᠣᠯᠳᠠᠭ᠃ ᠭᠠᠷ ᠬᠥᠯ ᠨᠢ ᠰᠠᠯᠭᠠᠨᠠᠵᠤ ᠴᠡᠴᠡᠷᠡᠭᠡᠳ᠂ ᠴᠢᠷᠠᠢ ᠨᠢ ᠢᠩᠳᠡᠦᠳᠡᠴᠢᠬᠡᠭᠰᠡᠨ ᠶᠦᠮ ᠰᠢᠭ ᠭᠥᠯᠢᠰᠬᠢᠭᠡᠳ ᠳᠠᠷᠠᠭ᠎ᠠ ᠨᠢ ᠤᠯᠠᠢᠵᠤ᠂ ᠬᠣᠷᠸ᠎ᠠ ᠶ᠋ᠢᠨ ᠮᠠᠭᠤᠬᠠᠢ ᠦᠭᠡ ᠪᠣᠯᠭᠠᠨ ᠢ᠋ᠶ᠋ᠠᠷ(ᠶᠠᠩᠬᠠᠨ᠂ ᠪᠠᠩᠵᠠᠯ᠂ ᠳᠡᠪᠢᠰᠬᠡᠷ᠂ ᠵᠣᠷᠯᠣᠩ᠂ ᠦᠮᠡᠬᠡᠢ ᠨᠦᠬᠡ᠂ ᠪᠡᠯᠡᠨ ᠪᠣᠷᠣ ᠭᠡᠬᠦ ᠮᠡᠲᠦ) ᠤᠲᠤᠵᠤ ᠭᠠᠷᠤᠨ᠎ᠠ᠃ ᠲᠡᠭᠡᠭᠡᠳ ᠵᠣᠭᠰᠣᠬᠤ ᠦᠭᠡᠢ ᠨᠢᠳᠦ ᠪᠡᠨ ᠪᠦᠯᠲᠡᠷᠡᠭᠡᠳ᠂ ᠣᠴᠢ ᠦᠰᠦᠷᠲᠡᠯ᠎ᠡ ᠠᠯᠠᠭᠠᠳᠠᠵᠤ ᠴᠣᠬᠢᠵᠤ ᠵᠣᠳᠣᠭᠰᠠᠨ ᠨᠢ ᠨᠢᠭᠡ ᠪᠤᠰᠤ ᠤᠳᠠᠭ᠎ᠠ ᠠᠵᠠᠢ᠃ ᠦᠰᠦᠨ ᠡᠴᠡ ᠨᠢ ᠭᠠᠷ ᠢ᠋ᠶ᠋ᠠᠷ ᠢ᠋ᠶ᠋ᠠᠨ ᠣᠷᠢᠶᠠᠵᠤ ᠬᠠᠮᠠᠷ ᠢ᠋ᠶ᠋ᠠᠷ ᠨᠢ ᠱᠠᠯᠠ ᠮᠥᠷᠭᠥᠭᠦᠯᠵᠦ᠂ ᠨᠢᠭᠤᠷ ᠠᠮᠠ ᠶ᠋ᠢ ᠨᠢ ᠴᠢᠰᠤ ᠪᠠᠷ ᠪᠣᠳᠣᠭᠰᠠᠨ ᠤᠳᠠᠭ᠎ᠠ ᠲᠠᠢ᠃ ᠢᠩᠭᠢᠭᠡᠳ ᠪᠠᠢᠬᠤ ᠪᠠᠷ ᠨᠢ ᠶᠠᠳᠠᠵᠤ ᠭᠠᠭᠴᠠ ᠬᠣᠶᠠᠷ ᠵᠢᠯ ᠠᠮᠢᠳᠤ ᠶᠠᠪᠤᠬᠤ ᠪᠠᠨ ᠪᠣᠳᠣᠶ᠎ᠠ᠂ ᠰᠠᠯᠤᠶ᠎ᠠ ᠭᠡᠬᠦ ᠳ᠋ᠦ᠍ ᠨᠣᠢᠲᠠᠨ ᠬᠠᠮᠠᠭᠤ ᠰᠢᠭ᠋ ᠰᠠᠯᠬᠤ ᠦᠭᠡᠢ᠃ ᠢᠩᠭᠢᠵᠦ ᠠᠮᠢᠳᠤᠷᠠᠵᠤ ᠴᠢᠳᠠᠬᠤ ᠦᠭᠡᠢ ᠰᠠᠯᠤᠨ᠎ᠠ ᠭᠡᠬᠦ ᠪᠡᠷ ᠠᠯᠠᠨ᠎ᠠ᠂ ᠳᠡᠯᠡᠨ᠎ᠡ ᠭᠡᠳᠡᠭ᠃ ᠡᠬᠢᠨ ᠳ᠋ᠡᠭᠡᠨ ᠴᠢᠮ᠎ᠠ ᠶᠢ ᠠᠯᠠᠨ᠎ᠠ ᠭᠡᠳᠡᠭ ᠪᠠᠢᠭᠰᠠᠨ ᠰᠡᠭᠦᠯ ᠳ᠋ᠡᠭᠡᠨ ᠬᠠᠷᠠᠳᠠᠯᠲᠠ ᠨᠢ ᠨᠡᠮᠡᠭᠳᠡᠬᠦ ᠬᠢᠷᠢ ᠪᠡᠷ ᠦᠷ᠎ᠡ ᠬᠡᠦᠬᠡᠳ ᠲᠡᠢ ᠪᠡᠨ ᠴᠥᠮ ᠢ᠋ᠶ᠋ᠡᠷ ᠢ᠋ᠶ᠋ᠡᠨ ᠯᠡ ᠵᠦᠢᠯ ᠳᠠᠭᠤᠰᠤᠨ᠎ᠠ ᠭᠡᠳᠡᠭ ᠪᠣᠯᠤᠭᠰᠠᠨ᠃ ᠡᠢᠨᠬᠦ ᠬᠠᠷᠠᠲᠠᠢ ᠬᠥᠮᠦᠨ ᠦ᠌ ᠠᠮᠢᠳᠤᠷᠠᠯ ᠡᠳᠦᠷ ᠬᠣᠨᠣᠭ ᠥᠩᠭᠡᠷᠡᠭᠡᠭᠰᠡᠨ᠂ ᠦᠯᠭᠡᠨ ᠰᠠᠯᠭᠠᠨ ᠪᠣᠯᠤᠨ᠎ᠠ᠃ ᠡᠮᠡᠭᠲᠡᠢ ᠬᠥᠮᠦᠨ ᠦᠷ᠎ᠡ ᠬᠡᠦᠬᠡᠳ ᠢ᠋ᠶ᠋ᠡᠨ ᠪᠣᠳᠣᠭᠠᠳ᠂ ᠬᠡᠦᠬᠡᠳ ᠢ᠋ᠶ᠋ᠡᠨ ᠬᠣᠢᠲᠤ ᠡᠴᠢᠭᠡ ᠶ᠋ᠢᠨ ᠴᠢᠷᠠᠢ ᠬᠠᠷᠠᠭᠤᠯᠬᠤ ᠦᠭᠡᠢ ᠭᠡᠳ ᠲᠡᠰᠦᠭᠡᠳ ᠲᠡᠪᠴᠢᠭᠡᠳ ᠶᠠᠪᠤᠭᠠᠳ ᠪᠠᠢᠬᠤ ᠲᠣᠰᠤᠮ ᠬᠥᠭᠡᠷᠦᠬᠦᠢ ᠭᠡᠵᠦ ᠨᠢᠭᠡ ᠴᠦ᠍ ᠤᠳᠠᠭ᠎ᠠ ᠪᠣᠳᠣᠬᠤ ᠦᠭᠡᠢ᠂ ᠤᠯᠠᠮ ᠯᠠ ᠭᠠᠭᠠᠷᠠᠭᠠᠳ ᠪᠠᠢᠨ᠎ᠠ ᠭᠡᠭᠴᠢ᠃ ᠬᠠᠷᠠᠲᠠᠢ ᠬᠥᠮᠦᠨ ᠦ᠌ ᠡᠬᠡᠨᠡᠷ ᠡᠬᠢᠨ ᠳ᠋ᠡᠭᠡᠨ ᠶᠠᠭᠤᠮ᠎ᠠ ᠪᠣᠯ ᠤᠬᠢᠯᠠᠨ᠎ᠠ᠃ ᠬᠥᠮᠦᠨ ᠳ᠋ᠦ᠍ ᠬᠡᠯᠡᠵᠦ ᠶᠠᠷᠢᠭᠠᠳ ᠤᠬᠢᠯᠠᠭᠠᠳ ᠪᠠᠢᠨ᠎ᠠ᠃ ᠰᠡᠭᠦᠯ ᠳ᠋ᠡᠭᠡᠨ ᠣᠯᠠᠨ ᠵᠢᠯ ᠲᠠᠮᠤᠯᠠᠭᠳᠠᠴᠢᠬᠠᠬᠤ ᠪᠠᠷ ᠢ᠋ᠶ᠋ᠠᠨ ᠴᠦ᠍ ᠲᠡᠷᠡ ᠶᠦᠮ ᠤᠤ ᠶᠣᠰᠣᠲᠠᠢ ᠨᠢᠯᠪᠤᠰᠤ ᠲᠠᠲᠠᠨ᠎ᠠ ᠭᠡᠳᠡᠭ ᠪᠣᠯᠬᠤ ᠨᠢ ᠲᠡᠷᠡ᠃ ᠬᠠᠷᠠᠲᠠᠢ ᠬᠥᠮᠦᠨ ᠢ᠋ ᠥᠭᠦᠯᠡᠵᠦ ᠬᠡᠯᠡᠭᠡᠳ ᠴᠦ᠍ ᠬᠡᠷᠡᠭ ᠦᠭᠡᠢ᠂ ᠤᠬᠢᠯᠠᠵᠤ ᠬᠡᠯᠡᠭᠡᠳ ᠴᠦ᠍ ᠬᠡᠷᠡᠭ ᠦᠭᠡᠢ᠂ ᠡᠪ ᠢ᠋ᠶ᠋ᠡᠷ ᠬᠡᠯᠡᠭᠡᠳ ᠴᠦ᠍ ᠬᠡᠷᠡᠭ ᠦᠭᠡᠢ᠂ ᠡᠢᠮᠦ ᠯᠡ ᠨᠢᠭᠡ《ᠡᠷᠡᠭᠦᠯ ᠰᠠᠷᠠᠭᠤᠯ ᠪᠢᠰᠢ》 ᠤᠬᠠᠭᠠᠨ ᠲᠠᠢ ᠬᠥᠮᠦᠨ ᠶᠠᠪᠤᠳᠠᠭ᠃ ᠡᠷᠬᠢᠯᠡᠭᠰᠡᠨ ᠠᠵᠢᠯ ᠬᠥᠳᠡᠯᠮᠦᠷᠢ᠂ ᠭᠡᠷ ᠣᠷᠣᠨ ᠤ᠋ ᠠᠵᠢᠯ ᠳ᠋ᠤ᠌ ᠪᠣᠯ ᠵᠥᠪ ᠵᠦᠭᠡᠷ᠃ ᠲᠡᠭᠡᠭᠰᠡᠨ ᠮᠥᠷᠲᠡᠭᠡᠨ ᠬᠠᠷᠠᠳᠠᠬᠤ ᠪᠠᠷ ᠢ᠋ᠶ᠋ᠠᠨ ᠶᠠᠭ ᠡᠪᠡᠳᠴᠢᠨ ᠲᠡᠢ ᠶᠦᠮ ᠰᠢᠭ ᠪᠣᠯᠴᠢᠬᠠᠨ᠎ᠠ᠃
ᠤᠬᠠᠭᠠᠨ ᠦᠭᠡᠢ ᠬᠠᠷᠠᠳᠠᠯᠲᠠ ᠨᠢ ᠬᠠᠭᠠᠰ ᠡᠷᠡᠭᠦᠯ ᠬᠥᠮᠦᠨ ᠦ᠌ ᠯᠡ ᠵᠠᠩ᠃ ᠰᠣᠯᠢᠶᠠᠲᠠᠢ ᠭᠡᠬᠦ ᠳ᠋ᠦ᠍ ᠰᠣᠯᠢᠶᠠᠲᠠᠢ ᠪᠢᠰᠢ᠂ ᠮᠡᠳᠡᠷᠡᠯ— ᠰᠡᠳᠬᠢᠴᠡ ᠶ᠋ᠢᠨ ᠡᠷᠡᠭᠦᠯ ᠮᠡᠨᠳᠦ ᠶ᠋ᠢᠨ ᠬᠤᠪᠢ ᠳ᠋ᠤ᠌ ᠡᠷᠡᠭᠦᠯ᠂ ᠡᠪᠡᠳᠴᠢᠨ ᠲᠡᠢ ᠶ᠋ᠢᠨ《ᠵᠠᠪᠰᠠᠷ ᠤ᠋ᠨ》 ᠬᠥᠮᠦᠰ ᠲᠦ᠍ ᠯᠡ ᠬᠠᠷᠠᠳᠠᠯᠲᠠ ᠬᠠᠮᠤᠭ ᠤ᠋ᠨ ᠣᠯᠠᠨᠲᠠ ᠲᠣᠬᠢᠶᠠᠯᠳᠤᠳᠠᠭ ᠢ᠋ ᠡᠮᠴᠢ ᠨᠠᠷ ᠠᠵᠢᠭᠯᠠᠵᠠᠢ᠃ ᠬᠠᠷᠠᠲᠠᠢ ᠬᠥᠮᠦᠨ ᠦ᠌ ᠡᠬᠡᠨᠡᠷ ᠡᠴᠦᠰ ᠦ᠋ᠨ ᠡᠴᠦᠰ ᠲᠦ᠍ ᠨᠠᠢᠵᠠ ᠨᠥᠬᠥᠳ ᠦᠭᠡᠢ᠂ ᠭᠡᠷ ᠲᠦ᠋ᠨᠢ ᠱᠠᠭᠠᠢᠬᠤ ᠬᠥᠮᠦᠨ ᠦᠭᠡᠢ᠂ ᠲᠠᠨᠢᠳᠠᠭ ᠮᠡᠳᠡᠳᠡᠭ ᠪᠠᠢᠩᠭᠤ 2 ᠬᠥᠮᠦᠨ ᠲᠡᠢ ᠪᠡᠨ ᠴᠦ᠍ ᠮᠡᠨᠳᠦᠯᠡᠬᠦ ᠡᠷᠬᠡ ᠦᠭᠡᠢ ᠪᠣᠯᠤᠨ᠎ᠠ᠃ ᠬᠠᠷᠠᠳᠠᠭᠠᠳ ᠪᠠᠢᠳᠠᠭ ᠪᠣᠯᠬᠣᠷ ᠲᠠᠨᠢᠳᠠᠭ ᠬᠥᠮᠦᠨ ᠲᠡᠢ ᠪᠡᠨ ᠴᠦ᠍ ᠲᠠᠭᠠᠷᠠᠯᠳᠤᠬᠤ ᠠ᠋ᠴᠠ ᠶᠠᠰᠤ ᠨᠢ ᠬᠠᠪᠲᠠᠰᠬᠢᠨᠡ᠃ ᠡᠢᠨᠬᠦ ᠪᠠᠢᠩᠭᠤ ᠬᠠᠷᠠᠳᠠᠨ ᠰᠡᠷᠡᠳᠡᠭᠦᠯᠵᠦ᠂ ᠲᠦᠭᠰᠢᠵᠦ᠂ ᠠᠶᠤᠵᠤ ᠰᠠᠨᠳᠤᠷᠴᠤ ᠠ᠋ᠴᠠ ᠮᠡᠳᠡᠷᠡᠯ ᠨᠢ ᠰᠤᠯᠠᠳᠠᠵᠤ᠂ ᠰᠡᠳᠬᠢᠯ ᠦ᠋ᠨ ᠡᠪᠡᠳᠴᠢᠨ ᠴᠦ᠍ ᠪᠣᠯᠵᠤ ᠪᠣᠯᠤᠨ᠎ᠠ᠃
16 ᠵᠢᠯ ᠬᠠᠨᠢᠯᠠᠬᠤ ᠳ᠋ᠠᠭᠠᠨ ᠬᠠᠷᠠᠳᠠᠭᠠ ᠦᠭᠡᠢ ᠨᠢᠭᠡ ᠡᠳᠦᠷ ᠦᠵᠡᠭᠡ ᠦᠭᠡᠢ ᠨᠥᠬᠥᠷ ᠲᠡᠢ ᠨᠢᠭᠡᠨ ᠵᠣᠪᠠᠭᠰᠠᠨ ᠡᠮᠡᠭᠲᠡᠢ ᠡᠬᠢᠯᠡᠭᠡᠳ ᠪᠠᠮᠪᠠᠢ ᠲᠠᠢ ᠪᠣᠯᠵᠤ ᠳᠠᠷᠠᠭ᠎ᠠ ᠨᠢ ᠨᠢᠳᠦᠨ ᠦ᠌ ᠳᠠᠷᠤᠯᠲᠠ ᠶᠡᠬᠡᠰᠴᠦ᠂ ᠬᠣᠳᠣᠭᠣᠳᠣ ᠨᠢ ᠶᠡᠬᠡ ᠡᠪᠡᠳᠳᠡᠭ᠂ ᠨᠣᠢᠷ ᠨᠢ ᠬᠦᠷᠬᠦ ᠪᠡᠨ ᠪᠣᠯᠢᠭᠰᠠᠨ ᠪᠠᠢᠪᠠ᠃ ᠡᠨᠡ ᠪᠦᠬᠦᠨ ᠴᠣᠬᠣᠮ ᠳ᠋ᠠᠭᠠᠨ ᠬᠠᠷᠠᠳᠠᠯᠲᠠ ᠶ᠋ᠢᠨ ᠬᠠᠷ᠎ᠠ ᠰᠠᠯᠬᠢ ᠳᠠᠷᠤᠢ ᠮᠥᠨ᠃ ᠬᠠᠷᠠᠳᠠᠯᠲᠠ ᠪᠡᠯᠭᠡ ᠶ᠋ᠢᠨ ᠠᠮᠢᠳᠤᠷᠠᠯ ᠳ᠋ᠤ᠌ ᠴᠦ᠍ ᠲᠤᠩ ᠮᠠᠭᠤ ᠪᠠᠷ ᠨᠥᠯᠥᠭᠡᠯᠡᠨ᠎ᠡ᠃ ᠬᠠᠷᠠᠲᠠᠢ ᠬᠥᠮᠦᠨ ᠦ᠌ ᠡᠬᠡᠨᠡᠷ ᠪᠡᠯᠭᠡ ᠶ᠋ᠢᠨ ᠬᠠᠷᠢᠴᠠᠭᠠᠨ ᠳ᠋ᠤ᠌ ᠰᠣᠨᠢᠷᠬᠠᠯ ᠦᠭᠡᠢ ᠪᠣᠯᠵᠤ᠂ ᠳᠤᠷ᠎ᠠ ᠨᠢ ᠬᠦᠷᠬᠦ ᠨᠢ ᠣᠯᠠᠨᠲᠠ ᠪᠠᠢᠳᠠᠭ ᠢ᠋ ᠪᠡᠯᠭᠡ ᠶ᠋ᠢᠨ ᠡᠮᠭᠡᠭ ᠰᠤᠳᠤᠯᠤᠭᠴᠢ- ᠡᠮᠴᠢ ᠶ᠋ᠢᠨ ᠬᠤᠪᠢ ᠳ᠋ᠤ᠌ ᠪᠢ ᠰᠠᠢᠨ ᠮᠡᠳᠡᠬᠦ ᠪᠢᠯᠡ᠃ ᠡᠩᠭᠡᠷ ᠵᠥᠷᠢᠭᠦᠯᠬᠦ ᠦᠶ᠎ᠡ ᠳ᠋ᠦ᠍ ᠴᠠᠭᠠᠷᠢᠭ ᠪᠤᠯᠴᠢᠩ ᠠᠭᠰᠢᠭᠠᠳ ᠶᠠᠭ ᠠᠮᠠᠰᠠᠷ ᠳᠡᠭᠡᠷ᠎ᠡ ᠪᠡᠨ ᠢᠷᠡᠵᠦ ᠪᠠᠢᠲᠠᠯ᠎ᠠ ᠮᠠᠭᠤᠬᠠᠢ ᠦᠭᠡ ᠪᠡᠷ ᠤᠲᠤᠵᠤ ᠪᠠᠢᠭᠰᠠᠨ ᠨᠢ ᠴᠢᠬᠢᠨ ᠳ᠋ᠦ᠍ ᠬᠠᠲᠠᠭᠠᠳ ᠨᠥᠭᠦᠭᠡ ᠠᠰᠢᠲᠠᠢᠬᠠᠨ᠂ ᠭᠣᠶᠣ ᠪᠣᠯᠵᠤ ᠪᠠᠢᠭᠰᠠᠨ ᠴᠢᠨᠢ ᠳᠣᠣᠷᠠᠬᠠᠨ ᠢ᠋ᠶ᠋ᠠᠨ ᠠᠯᠠᠭ᠎ᠠ ᠪᠣᠯᠴᠢᠬᠠᠨ᠎ᠠ᠃《ᠡᠨᠡ ᠨᠠᠮ᠎ᠠ ᠶ᠋ᠢ ᠶᠠᠮᠠᠷ ᠬᠠᠢᠷᠠᠯᠠᠳᠠᠭ᠂ ᠬᠠᠯᠠᠮᠵᠢᠯᠠᠳᠠᠭ ᠪᠢᠰᠢ ᠳᠡ᠂ ᠵᠦᠭᠡᠷ ᠠᠰᠢᠭᠯᠠᠵᠤ ᠯᠠ ᠪᠠᠢᠭ᠎ᠠ ᠰᠢᠦ ᠳᠡ》 ᠭᠡᠵᠦ ᠪᠣᠳᠣᠭᠳᠠᠭᠠᠳ ᠳᠤᠷ᠎ᠠ ᠦᠭᠡᠢ ᠨᠢ ᠬᠦᠷᠦᠭᠡᠳ ᠶᠠᠪᠤᠴᠢᠬᠠᠨ᠎ᠠ᠃ ᠡᠢᠮᠦ ᠳ᠋ᠦ᠍ ᠢᠩᠭᠢᠵᠦ ᠠᠰᠢᠭᠯᠠᠭᠤᠯᠵᠤ ᠪᠠᠢᠭᠠᠳ ᠶᠠᠭᠠᠬᠢᠳᠠᠭ ᠶᠤᠮ ᠭᠡᠵᠦ ᠪᠣᠳᠣᠬᠤ ᠠ᠋ᠴᠠ ᠶᠠᠭᠠᠬᠢᠬᠤᠪ᠃ ᠬᠠᠷ᠎ᠠ ᠦᠭᠡᠢ ᠨᠥᠬᠥᠷ ᠲᠡᠢ ᠡᠮᠡᠭᠲᠡᠢ ᠬᠥᠮᠦᠨ ᠡᠷ᠎ᠡ ᠨᠥᠬᠥᠷ ᠲᠡᠭᠡᠨ ᠪᠡᠶ᠎ᠡ ᠰᠡᠳᠬᠢᠯ ᠢ᠋ᠶ᠋ᠡᠨ ᠪᠦᠷᠢᠨ ᠲᠤᠰᠢᠶᠠᠵᠤ᠂ ᠬᠠᠨᠢ ᠳ᠋ᠠᠭᠠᠨ ᠶᠠᠮᠠᠷ ᠶᠡᠬᠡ ᠬᠠᠢᠷᠠᠲᠠᠢ᠂ ᠳᠤᠷᠠᠲᠠᠢ ᠪᠠᠢᠬᠤ ᠨᠢ ᠣᠢᠯᠠᠭᠠᠮᠵᠢᠲᠠᠢ᠂ ᠢᠩᠭᠢᠬᠦᠯᠡᠷ ᠬᠠᠷᠠᠳᠠᠯᠲᠠ ᠪᠣᠯ ᠡᠮᠡᠭᠲᠡᠢ ᠶ᠋ᠢᠨ ᠪᠡᠯᠭᠡ ᠶ᠋ᠢᠨ ᠳᠤᠷ᠎ᠠ ᠬᠥᠷᠥᠬᠦ ᠨᠢᠭᠡ ᠭᠣᠣᠯ ᠰᠢᠯᠲᠠᠭᠠᠨ ᠶᠠᠭᠠᠬᠢᠬᠤ ᠶ᠋ᠢᠨ ᠠᠷᠭ᠎ᠠ ᠦᠭᠡᠢ ᠮᠥᠨ᠃ ᠤᠴᠢᠷ ᠡᠢᠮᠦ ᠳ᠋ᠦ᠍ ᠡᠬᠡᠨᠡᠷ ᠢ᠋ᠶ᠋ᠡᠨ《ᠮᠥᠰᠥᠨ》 ᠬᠥᠮᠦᠨ ᠪᠣᠯᠭᠠᠴᠢᠬᠠᠬᠤ ᠦᠭᠡᠢ ᠭᠡᠪᠡᠯ ᠬᠡᠵᠢᠶ᠎ᠡ ᠴᠦ᠍ ᠪᠦᠦ ᠬᠠᠷᠠᠳᠠᠭᠠᠷᠠᠢ ᠠᠮᠤᠷ ᠵᠠᠶᠠᠭ᠎ᠠ ᠦᠵᠡᠭᠦᠯᠬᠦ ᠦᠭᠡᠢ᠂ ᠦᠷᠭᠦᠯᠵᠢ ᠬᠠᠷᠠᠳᠠᠭᠠᠳ ᠪᠠᠢᠬᠤ ᠳ᠋ᠤ᠌ ᠡᠮᠡᠭᠲᠡᠢ ᠬᠥᠮᠦᠨ ᠦ᠌ ᠬᠠᠮᠤᠭ ᠤ᠋ᠨ ᠳᠤᠷ᠎ᠠ ᠰᠠᠷᠠᠯ ᠭᠤᠲᠤᠬᠤ ᠠ᠋ᠴᠠ ᠪᠢᠰᠢ᠂ ᠠᠰᠠᠬᠤ ᠦᠭᠡᠢ ᠨᠢ ᠮᠡᠳᠡᠭᠡᠵᠢ ᠮᠠᠭᠠᠳ ᠦᠭᠡᠢ ᠬᠣᠭᠣᠰᠣᠨ ᠬᠠᠷᠠᠳᠠᠭᠤᠯᠤᠭᠠᠳ ᠬᠣᠬᠢᠷᠠᠵᠤ ᠶᠠᠪᠤᠬᠤ ᠪᠠᠷ《ᠬᠣᠭᠣᠯᠠ ᠲᠠᠢ》 ᠭᠡᠵᠦ ᠤᠷᠢᠳᠤ ᠨᠢ ᠪᠣᠳᠣᠭ᠎ᠠ ᠦᠭᠡᠢ ᠪᠣᠳᠣᠯ ᠴᠦ᠍ ᠲᠥᠷᠥᠭᠡᠳ ᠢᠷᠡᠬᠦ ᠶᠦᠮ ᠪᠢᠯᠢᠤ᠂ ᠬᠡᠨ ᠮᠡᠳᠡᠯ᠎ᠡ᠃ ᠡᠢᠮᠦ ᠶᠠᠪᠤᠳᠠᠯ ᠠᠮᠢᠳᠤᠷᠠᠯ ᠳᠤ ᠴᠦ᠍ ᠪᠣᠢ ᠰᠢᠦ ᠳᠡ᠃ ᠲᠡᠭᠡᠬᠦ ᠪᠡᠷ᠂ ᠡᠬᠡᠨᠡᠷ ᠢ᠋ᠶ᠋ᠡᠨ ᠥᠭᠡᠷ᠎ᠡ ᠬᠥᠮᠦᠨ ᠲᠡᠢ ᠠᠭᠤᠯᠵᠠᠭᠤᠯᠬᠤ ᠦᠭᠡᠢ ᠭᠡᠵᠦ ᠬᠠᠷᠠᠳᠠᠭᠠᠳ ᠪᠠᠢᠭ᠎ᠠ ᠴᠢᠨᠢ ᠡᠴᠦᠰ ᠲᠡᠭᠡᠨ ᠡᠨᠡ ᠵᠠᠮ ᠤᠷᠤᠭᠤ ᠲᠦᠯᠬᠢᠵᠦ ᠮᠡᠳᠡᠬᠦ ᠶᠦᠮ ᠰᠢᠦ! ᠬᠠᠷᠠᠲᠠᠢ ᠬᠥᠮᠦᠨ ᠡᠬᠡᠨᠡᠷ ᠲᠡᠭᠡᠨ ᠭᠣᠶᠣ ᠭᠠᠩᠭᠠᠩ ᠬᠤᠪᠴᠠᠰᠤ ᠬᠤᠨᠠᠷ ᠠᠪᠴᠤ ᠥᠭᠬᠦ ᠡᠴᠡ ᠴᠦ᠍ ᠠᠶᠤᠨ᠎ᠠ᠃ ᠭᠠᠭᠴᠠ ᠠᠮᠢᠳᠤᠷᠠᠬᠤ ᠠᠮᠢᠳᠤᠷᠠᠯ ᠢ᠋ ᠢᠩᠭᠢᠵᠦ ᠤᠴᠢᠷ ᠦᠭᠡᠢ ᠥᠩᠭᠡᠷᠡᠭᠡᠬᠦ ᠶ᠋ᠢᠨ ᠬᠡᠷᠡᠭ ᠪᠠᠢᠨ᠎ᠠ ᠤᠤ! ᠲᠠ ᠰᠠᠢᠨ ᠪᠣᠳᠣᠭᠠᠷᠠᠢ᠃ ᠡᠬᠡᠨᠡᠷ ᠢ᠋ᠶ᠋ᠡᠨ ᠬᠠᠷᠠᠳᠠᠭᠠᠳ ᠠᠮᠤᠷ ᠵᠠᠶᠠᠭ᠎ᠠ ᠦᠵᠡᠭᠦᠯᠬᠦ ᠦᠭᠡᠢ ᠮᠥᠷᠲᠡᠭᠡᠨ ᠥᠪᠡᠷ ᠢ᠋ᠶ᠋ᠡᠨ ᠵᠦᠭᠡᠷ ᠪᠠᠢᠳᠠᠭ ᠦᠭᠡᠢ᠂ ᠡᠨᠡ ᠭᠡᠮ ᠢ᠋ᠶ᠋ᠡᠨ ᠶᠠᠭᠤᠮᠠᠨ ᠴᠢᠨᠡᠭᠡ ᠲᠣᠭᠣᠳᠠᠭ ᠦᠭᠡᠢ ᠡᠷᠡᠴᠦᠳ ᠴᠦ᠍ ᠪᠠᠰᠠ ᠪᠠᠢᠬᠤ ᠯᠠ ᠶᠤᠮ᠃ ᠡᠢᠮᠦ ᠡᠷᠡᠴᠦᠳ ᠰᠣᠯᠢᠶᠠᠲᠠᠢ ᠶᠤᠮ ᠰᠢᠭ᠋ ᠬᠠᠷᠠᠳᠠᠬᠤ ᠬᠡᠳᠦᠢ ᠮᠥᠷᠲᠡᠭᠡᠨ ᠠᠪᠠᠯᠢ ᠡᠬᠡᠨᠡᠷ ᠴᠦ᠍᠂ ᠥᠭᠡᠷ᠎ᠡ ᠪᠤᠰᠤᠳ ᠡᠮᠡᠭᠲᠡᠢᠴᠦᠳ ᠢ᠋ ᠴᠦ᠍᠂ ᠶᠡᠷᠦᠨᠢ ᠬᠡᠨ ᠢ᠋ ᠴᠦ᠍ ᠵᠢᠩᠬᠢᠨᠢ ᠶᠣᠰᠣ ᠪᠠᠷ ᠬᠠᠢᠷᠠᠯᠠᠵᠤ ᠴᠢᠳᠠᠬᠤ ᠦᠭᠡᠢ᠂ ᠲᠡᠳᠡᠨ ᠢ᠋ ᠪᠦᠭᠦᠳᠡᠭᠡᠷ ᠢ᠋ ᠬᠤᠳᠠᠯᠴᠢ ᠬᠠᠭᠤᠷᠤᠨ ᠮᠡᠬᠡᠯᠡᠭᠴᠢ ᠭᠡᠵᠦ ᠪᠣᠳᠣᠵᠤ ᠶᠠᠪᠤᠳᠠᠭ᠃ ᠡᠷᠡᠭᠲᠡᠢ ᠬᠥᠮᠦᠨ ᠡᠴᠡ ᠳᠤᠲᠠᠬᠤ ᠦᠭᠡᠢ ᠠᠶᠤᠮᠠᠷ ᠬᠠᠷᠠᠲᠠᠢ《ᠡᠬᠡᠨᠡᠷ ᠦ᠋ᠳ》 ᠢ᠋ ᠴᠦ᠍ ᠪᠠᠰᠠ ᠠᠯᠢ ᠶ᠋ᠢ ᠨᠢ ᠲᠡᠷᠡ ᠭᠡᠬᠦᠪ᠃ ᠭᠡᠪᠡᠴᠦ ᠡᠷᠡᠭᠲᠡᠢ ᠬᠥᠮᠦᠨ ᠬᠠᠷᠠᠳᠠᠬᠤ ᠪᠠᠷ ᠢ᠋ᠶ᠋ᠠᠨ ᠡᠬᠡᠨᠡᠷ ᠤᠷᠤᠭᠤ ᠪᠠᠨ ᠬᠠᠯᠳᠠᠳᠠᠭ ᠪᠣᠯ ᠡᠮᠡᠭᠲᠡᠢᠴᠦᠳ ᠭᠣᠣᠯᠳᠠᠭᠤ ᠨᠥᠬᠥᠷ ᠦ᠋ᠨ ᠢ᠋ᠶ᠋ᠡᠨ《ᠨᠢᠭᠤᠴᠠ ᠠᠮᠠᠷᠠᠭ》 ᠤᠷᠤᠭᠤ ᠳᠠᠭᠠᠷᠢᠳᠠᠭ᠃ ᠬᠠᠷᠠᠳᠠᠯᠲᠠ ᠠ᠋ᠴᠠ ᠡᠭᠦᠰᠦᠭᠰᠡᠨ ᠬᠡᠷᠡᠭᠦᠯ ᠮᠠᠷᠭᠤᠭᠠᠨ ᠳ᠋ᠤ᠌ ᠬᠥᠨᠳᠡᠯᠡᠨ ᠦ᠌ ᠬᠥᠮᠦᠰ ᠢ᠋᠂ ᠢᠯᠠᠩᠭᠤᠶ᠎ᠠ ᠬᠡᠦᠬᠡᠳ ᠢ᠋ ᠲᠡᠳᠡᠨ ᠤᠷᠣᠭᠤᠯᠵᠤ ᠬᠡᠷᠬᠢᠪᠡᠴᠦ ᠪᠣᠯᠬᠤ ᠦᠭᠡᠢ᠃ ᠬᠠᠷᠠᠲᠠᠢ ᠨᠥᠬᠥᠷ ᠢ᠋ᠶ᠋ᠡᠨ ᠲᠤᠢᠯ ᠢ᠋ᠶ᠋ᠠᠷ ᠵᠣᠪᠠᠭᠠᠵᠤ᠂ ᠲᠡᠭᠦᠨ ᠢ᠋ ᠥᠪᠡᠷ ᠡᠴᠡ ᠪᠡᠨ ᠤᠯᠠᠮ ᠬᠥᠨᠳᠡᠢᠷᠡᠭᠦᠯᠦᠨᠡ᠃ ᠡᠷᠡᠭᠲᠡᠢ ᠬᠥᠮᠦᠨ ᠬᠠᠷᠠᠳᠠᠭᠤᠯᠤᠭᠰᠠᠨ ᠢ᠋ᠶ᠋ᠠᠷ ᠤᠯᠠᠮ ᠴᠠᠭᠠᠰᠢᠯᠠᠨᠠ ᠤᠤ ᠭᠡᠬᠦ ᠡᠴᠡ ᠪᠢᠰᠢ᠂ ᠨᠠᠭᠠᠰᠢᠯᠠᠬᠤ ᠨᠢ ᠬᠡᠵᠢᠶ᠎ᠡ ᠴᠦ᠍ ᠦᠭᠡᠢ᠃ ᠬᠠᠷ᠎ᠠ ᠠ᠋ᠴᠠ ᠪᠣᠯᠵᠤ ᠡᠷ᠎ᠡ ᠶ᠋ᠢᠨ ᠢ᠋ᠶ᠋ᠡᠨ《ᠡᠮᠵᠡᠭ》 ᠡᠷᠬᠡᠲᠡᠨ ᠢ᠋ ᠬᠦᠢᠲᠡᠨ ᠮᠡᠰᠡ ᠪᠡᠷ ᠬᠥᠨᠳᠡᠭᠰᠡᠨ ᠡᠮᠡᠭᠲᠡᠢ ᠪᠣᠢ᠃ ᠬᠠᠷᠠᠳᠠᠯᠲᠠ ᠭᠡᠳᠡᠭ ᠴᠣᠬᠣᠮ ᠳ᠋ᠠᠭᠠᠨ ᠡᠢᠮᠦ ᠯᠡ ᠬᠠᠷ᠎ᠠ ᠮᠥᠷ ᠲᠡᠢ᠃ ᠬᠠᠷᠠᠲᠠᠢ ᠠᠪᠤ ᠶᠤᠮ ᠤᠤ ᠡᠵᠢ ᠲᠡᠢ ᠬᠡᠦᠬᠡᠳ ᠴᠦ᠍ ᠪᠠᠭ᠎ᠠ ᠠ᠋ᠴᠠ ᠪᠠᠨ ᠬᠥᠮᠦᠨ ᠳ᠋ᠦ᠍ ᠢᠲᠡᠭᠡᠬᠦ ᠪᠡᠨ ᠪᠠᠢᠵᠤ ᠲᠣᠮᠣ ᠪᠣᠯᠤᠭᠰᠠᠨ ᠤ᠋ ᠬᠣᠢᠨ᠎ᠠ ᠮᠥᠨ《ᠡᠬᠡ ᠨᠢ ᠬᠡᠭᠡᠷ᠎ᠡ ᠠᠯᠠᠭ ᠪᠣᠯ ᠤᠨᠠᠭ᠎ᠠ ᠨᠢ ᠰᠢᠭᠢᠷ᠎ᠡ ᠠᠯᠠᠭ》 ᠭᠡᠭᠴᠢ ᠬᠠᠷᠠᠲᠠᠢ ᠬᠥᠮᠦᠨ ᠪᠣᠯᠵᠤ᠂ ᠠᠮᠢᠲᠠᠨ ᠤ᠋ ᠠᠯᠠᠭ ᠦᠷ᠎ᠡ ᠶ᠋ᠢ ᠵᠣᠪᠠᠭᠠᠵᠤ ᠲᠠᠮᠤᠯᠠᠬᠤ ᠨᠢ ᠪᠣᠢ᠃ ᠠᠪᠤ ᠨᠢ ᠤᠴᠢᠷ ᠦᠭᠡᠢ ᠬᠠᠷᠠᠲᠠᠢ ᠨᠢᠭᠡᠨ ᠠᠢᠯ ᠤ᠋ᠨ 8 ᠨᠠᠰᠤᠲᠠᠢ ᠬᠦᠦ ᠬᠣᠶᠠᠷ ᠡᠭᠡᠴᠢ ᠪᠡᠨ ᠬᠠᠮᠢᠭᠠᠰᠢ ᠶᠠᠪᠤᠭᠰᠠᠨ ᠢ᠋ ᠦᠷᠭᠦᠯᠵᠢ ᠪᠠᠢᠴᠠᠭᠠᠵᠤ᠂ ᠶᠠᠭᠠᠬᠢᠬᠤ ᠭᠡᠵᠦ ᠪᠠᠢᠭ᠎ᠠ ᠶᠤᠮ ᠭᠡᠵᠦ ᠠᠰᠠᠭᠤᠵᠤ ᠰᠢᠯᠭᠠᠬᠤ ᠶᠤᠮ ᠤᠤ ᠡᠰᠡᠪᠡᠯ ᠡᠵᠢ᠂ ᠠᠪᠤ ᠳ᠋ᠠᠭᠠᠨ ᠲᠡᠢᠮᠦ ᠬᠡᠦᠬᠡᠳ ᠲᠡᠢ ᠲᠡᠭᠡᠵᠦ ᠢᠩᠭᠢᠵᠦ ᠶᠠᠪᠤᠭᠠᠳ ᠦᠭᠭᠦᠭᠰᠡᠨ ᠰᠢᠦ ᠭᠡᠵᠦ ᠦᠷᠭᠦᠯᠵᠢ ᠬᠣᠪ ᠵᠥᠭᠡᠭᠡᠳᠡᠭ ᠪᠣᠯᠤᠭᠰᠠᠨ ᠪᠠᠢᠪᠠ᠃ ᠡᠨᠡ ᠪᠣᠯ ᠡᠴᠢᠭᠡ ᠡᠬᠡ ᠶ᠋ᠢᠨ ᠦᠯᠢᠭᠡᠷ ᠳᠠᠭᠤᠷᠢᠶᠠᠯ ᠮᠥᠨ ᠬᠣᠵᠢᠮ ᠬᠣᠢᠰᠢᠳᠠ ᠬᠠᠨᠢᠯᠠᠭᠰᠠᠨ ᠡᠢᠨᠬᠦ ᠮᠥᠷᠳᠡᠨ ᠮᠥᠰᠬᠢᠬᠦ ᠯᠡ ᠨᠢᠭᠡ ᠠᠯᠬᠤᠮ ᠴᠤᠬᠤᠯᠵᠠᠵᠤ ᠪᠠᠢᠭ᠎ᠠ ᠨᠢ ᠲᠡᠷᠡ᠃ ᠢᠩᠭᠢᠬᠦᠯᠡᠷ ᠠᠭᠤᠷ ᠢ᠋ ᠠᠭᠤᠷᠯᠠᠵᠤ ᠪᠠᠷᠠᠬᠤ ᠦᠭᠡᠢ᠂ ᠢᠨᠢᠶᠡᠵᠦ ᠪᠠᠷᠠᠳᠠᠭ ᠤ᠋ᠨ ᠨᠢᠭᠡᠨ ᠠᠳᠠᠯᠢ ᠬᠠᠷᠠᠳᠠᠯᠲᠠ ᠶ᠋ᠢ ᠬᠠᠯᠠᠭᠤᠨ ᠬᠠᠢᠷ᠎ᠠ ᠰᠡᠳᠬᠢᠯ ᠡᠴᠡ ᠥᠭᠡᠷ᠎ᠡ ᠶᠠᠭᠤ ᠴᠦ᠍ ᠰᠢᠬᠠᠨ ᠵᠠᠢᠯᠠᠭᠤᠯᠵᠤ ᠦᠯᠦ ᠴᠢᠳᠠᠨ᠎ᠠ᠃ ᠬᠠᠷᠠᠳᠠᠯᠲᠠ ᠪᠣᠯ ᠤᠭ ᠲᠠᠭᠠᠨ ᠪᠤᠵᠠᠷ ᠠ᠋ᠴᠠ ᠡᠭᠦᠰᠳᠡᠭ ᠪᠥᠭᠰᠡᠨ ᠦ᠌ ᠬᠡᠷᠡᠭᠦᠯ ᠮᠠᠷᠭᠤᠭᠠᠨ ᠪᠣᠯᠠᠢ᠃ ᠡᠢᠮᠦ ᠪᠥᠭᠡᠰᠦ ᠲᠡᠭᠦᠨ ᠢ᠋ ᠦᠯᠦ ᠲᠡᠪᠴᠢᠪᠡᠰᠦ ᠠᠢᠯ ᠭᠡᠷ ᠦ᠋ᠨ ᠥᠩᠭᠡ ᠵᠢᠰᠦ ᠬᠥᠰᠡᠷ ᠢ᠋ ᠳᠠᠭᠠᠭᠠᠵᠤ᠂ ᠠᠯᠠᠭ ᠦᠷᠡᠰ ᠨᠢ ᠥᠭᠡᠳᠡᠯᠡᠬᠦ ᠦᠭᠡᠢ᠃