ᠦᠭᠡ ᠶ᠋ᠢᠨ ᠵᠦᠢ02-03(ᠭᠤᠷᠪᠠ) ᠲᠣᠭᠠᠨ ᠤ᠋ ᠦᠭᠡ ᠪᠠ ᠲᠣᠭᠠᠨ ᠤ᠋ ᠦᠭᠡ ᠡᠭᠦᠰᠬᠦ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠭᠡ ᠶ᠋ᠢᠨ ᠵᠦᠢ02-03(ᠭᠤᠷᠪᠠ) ᠲᠣᠭᠠᠨ ᠤ᠋ ᠦᠭᠡ ᠪᠠ ᠲᠣᠭᠠᠨ ᠤ᠋ ᠦᠭᠡ ᠡᠭᠦᠰᠬᠦ

ᠦᠭᠡ ᠶ᠋ᠢᠨ ᠵᠦᠢ02-03(ᠭᠤᠷᠪᠠ) ᠲᠣᠭᠠᠨ ᠤ᠋ ᠦᠭᠡ ᠪᠠ ᠲᠣᠭᠠᠨ ᠤ᠋ ᠦᠭᠡ ᠡᠭᠦᠰᠬᠦ

ᠠᠩᠭᠢᠯᠠᠯ:ᠬᠡᠯᠡ ᠪᠢᠴᠢᠭ
2025-09-17

200

(ᠭᠤᠷᠪᠠ) ᠲᠣᠭᠠᠨ ᠤ᠋ ᠦᠭᠡ ᠪᠠ ᠲᠣᠭᠠᠨ ᠤ᠋ ᠦᠭᠡ ᠡᠭᠦᠰᠬᠦ

    ᠬᠥᠮᠦᠨ ᠶᠠᠭᠤᠮ᠎ᠠ᠂ ᠬᠡᠷᠡᠭ ᠪᠣᠳᠠᠰ ᠪᠠ ᠦᠵᠡᠭᠳᠡᠯ ᠦ᠋ᠨ ᠲᠣᠭ᠎ᠠ ᠬᠡᠮᠵᠢᠶ᠎ᠡ᠂ ᠳᠡᠰ ᠳ᠋ᠦ᠍ᠭᠡᠷ᠂ ᠵᠢᠴᠢ ᠦᠢᠯᠡ ᠶ᠋ᠢᠨ ᠪᠣᠯᠤᠭᠰᠠᠨ ᠤᠳᠠᠭ᠎ᠠ ᠵᠡᠷᠭᠡ ᠶ᠋ᠢ ᠵᠢᠭᠠᠭᠰᠠᠨ ᠦᠭᠡᠰ ᠢ᠋ ᠲᠣᠭᠠᠨ ᠤ᠋ ᠦᠭᠡ ᠭᠡᠨ᠎ᠡ᠃ ᠲᠣᠭᠠᠨ ᠤ᠋ ᠦᠭᠡ ᠨᠢ ᠬᠡᠳᠦ? ᠬᠡᠳᠦᠨ? ᠬᠡᠳᠦᠳᠦᠭᠡᠷ? ᠬᠡᠳᠦᠭᠦᠯᠡ? ᠬᠡᠳᠦ ᠬᠡᠳᠦᠨ? ᠬᠡᠳᠦᠢ ᠣᠷᠴᠢᠮ? ᠬᠡᠳᠦᠨ ᠤᠳᠠᠭ᠎ᠠ? ᠭᠡᠵᠦ ᠠᠰᠠᠭᠤᠬᠤ ᠳ᠋ᠤ᠌ ᠬᠠᠷᠢᠭᠤᠯᠬᠤ ᠦᠭᠡᠰ ᠪᠠᠢᠳᠠᠭ᠃
    ᠲᠣᠭᠠᠨ ᠤ᠋ ᠦᠭᠡ ᠶ᠋ᠢᠨ ᠠᠢᠮᠠᠭ ᠲᠤ᠌ ᠪᠠᠭᠲᠠᠬᠤ ᠦᠭᠡᠰ ᠢ᠋ ᠤᠳᠬ᠎ᠠ ᠶ᠋ᠢᠨ ᠲᠠᠯ᠎ᠠ ᠪᠠᠷ ᠠᠪᠴᠤ ᠦᠵᠡᠪᠡᠯ ᠨᠢᠭᠡ᠂ ᠬᠣᠶᠠᠷ᠂ ᠭᠤᠷᠪᠠ᠂ ᠨᠢᠭᠡᠳᠦᠭᠡᠷ᠂ ᠬᠣᠶᠠᠳᠤᠭᠠᠷ᠂ ᠭᠤᠷᠪᠠᠳᠤᠭᠠᠷ᠂ ᠬᠣᠶᠠᠭᠤᠯᠠ᠂ ᠭᠤᠷᠪᠠᠭᠤᠯᠠ᠂ ᠨᠠᠢ᠍ᠮᠠᠭᠤᠯᠠ᠂ ᠨᠢᠵᠡᠭᠡᠳ᠂ ᠠᠷᠪᠠᠭᠠᠳ᠂ ᠭᠤᠴᠢᠭᠠᠳ᠂ ᠬᠣᠶᠠᠷᠲᠠ᠂ ᠭᠤᠷᠪᠠᠨᠲᠠ᠂ ᠳᠥᠷᠪᠡᠨᠲᠡ᠂ ᠲᠠᠪᠤᠨ ᠤ᠋ ᠨᠢᠭᠡ᠂ ᠳᠣᠯᠣᠭᠠᠨ ᠤ᠋ ᠬᠣᠶᠠᠷ ᠭᠡᠬᠦ ᠮᠡᠲᠦ ᠲᠣᠭᠠᠨ ᠤ᠋ ᠦᠭᠡ ᠪᠠᠢᠬᠤ ᠪᠠ ᠵᠢᠩ᠂ ᠯᠠᠩ᠂ ᠴᠢᠨ᠂ ᠳ᠋ᠧᠦ᠂ ᠱᠧᠩ᠂ ᠠᠶᠠᠭ᠎ᠠ᠂ ᠮᠧᠲ᠋ᠷ᠂ ᠲᠣᠬᠣᠢ᠂ ᠢᠮᠠᠬᠤ᠂ ᠠᠯᠲᠠ᠂ ᠠᠯᠬᠤᠮ᠂ ᠲᠥᠭᠡ᠂ ᠲᠥᠭᠥᠷᠢᠭ᠂ ᠮᠥᠩᠭᠥ᠂ ᠣᠨ᠂ ᠰᠠᠷ᠎ᠠ᠂ ᠡᠳᠦᠷ᠂ ᠭᠡᠬᠦ ᠮᠡᠲᠦ ᠬᠡᠮᠵᠢᠭᠦᠷ ᠢ᠋ ᠵᠢᠭᠠᠭᠰᠠᠨ ᠦᠭᠡᠰ ᠪᠠᠢᠳᠠᠭ᠃
   ᠲᠣᠭᠠᠨ ᠤ᠋ ᠦᠭᠡ ᠶ᠋ᠢ ᠦᠭᠡ ᠶ᠋ᠢᠨ ᠵᠦᠢ ᠶ᠋ᠢᠨ ᠲᠠᠯ᠎ᠠ ᠪᠠᠷ ᠠᠪᠴᠤ ᠦᠵᠡᠪᠡᠯ ᠴᠡᠪᠡᠷ ᠲᠣᠭ᠎ᠠ ᠶ᠋ᠢ ᠵᠢᠭᠠᠭᠰᠠᠨ ᠤᠳᠬ᠎ᠠ ᠪᠦᠬᠦᠢ ᠭᠠᠵᠠᠷ ᠲᠡᠢᠨ ᠢᠯᠭᠠᠯ ᠤ᠋ᠨ ᠳᠠᠭᠠᠪᠤᠷᠢ᠂ ᠬᠠᠮᠢᠶᠠᠳᠠᠭᠤᠯᠬᠤ ᠶ᠋ᠢᠨ ᠳᠠᠭᠠᠪᠤᠷᠢ᠂ ᠣᠯᠠᠨ ᠲᠣᠭᠠᠨ ᠤ᠋ ᠳᠠᠭᠠᠪᠤᠷᠢ ᠠᠪᠬᠤ ᠦᠭᠡᠢ᠃ ᠬᠡᠷᠪᠡ ᠲᠣᠭᠠᠨ ᠤ᠋ ᠦᠭᠡ ᠨᠢ ᠳᠠᠩ ᠭᠠᠭᠴᠠ ᠦᠨᠳᠦᠰᠦ ᠪᠡᠷ ᠢ᠋ᠶ᠋ᠡᠨ ᠪᠠᠢᠬᠤ ᠪᠣᠯᠪᠠᠴᠤ ᠨᠡᠷ᠎ᠡ ᠦᠭᠡ ᠶ᠋ᠢᠨ ᠤᠳᠬ᠎ᠠ ᠪᠠᠷ ᠬᠡᠷᠡᠭᠯᠡᠭᠳᠡᠭᠰᠡᠨ ᠪᠣᠯ ᠲᠡᠢᠨ ᠢᠯᠭᠠᠯ ᠢ᠋ᠶ᠋ᠠᠷ ᠢᠯᠭᠠᠯᠯᠠᠭᠳᠠᠵᠤ᠂ ᠬᠠᠮᠢᠶᠠᠳᠠᠭᠤᠯᠬᠤ ᠶ᠋ᠢᠨ ᠳᠠᠭᠠᠪᠤᠷᠢ ᠲᠠᠢ ᠪᠠᠢᠵᠤ ᠪᠣᠯᠤᠨ᠎ᠠ᠃ ᠮᠣᠩᠭᠣᠯ ᠬᠡᠯᠡᠨ ᠦ᠌ ᠲᠣᠭᠠᠨ ᠤ᠋ ᠦᠭᠡ ᠨᠢ ᠴᠡᠷᠢᠭ ᠦ᠋ᠨ ᠵᠠᠬᠢᠷᠭ᠎ᠠ ᠪᠠ ᠣᠪᠣᠭ ᠠᠢᠮᠠᠭ ᠢ᠋ ᠨᠡᠷᠡᠯᠡᠭᠰᠡᠨ ᠴᠤ᠌ ᠪᠠᠢᠬᠤ ᠪᠥᠭᠡᠳ ᠢᠩᠭᠢᠵᠦ ᠬᠡᠷᠡᠭᠯᠡᠭᠰᠡᠨ ᠭᠠᠵᠠᠷ ᠣᠯᠠᠨ ᠲᠣᠭᠠᠨ ᠤ᠋ ᠳᠠᠭᠠᠪᠤᠷᠢ ᠠᠪᠴᠤ ᠨᠡᠷ᠎ᠡ ᠦᠭᠡ ᠪᠣᠯᠤᠭᠰᠠᠨ ᠪᠣᠢ᠃
    ᠵᠢᠱ᠌ᠢᠶᠡᠯᠡᠪᠡᠯ ᠄ ᠰᠣᠩᠭᠣᠮᠠᠯ ᠵᠣᠬᠢᠶᠠᠯ ᠠ᠋ᠴᠠ ᠲᠠᠪᠤᠨ ᠳᠡᠪᠲᠡᠷ(ᠴᠡᠪᠡᠷ ᠲᠣᠭ᠎ᠠ) ᠠᠪᠤᠪᠠ᠃
ᠮᠠᠨ ᠤ᠋ ᠪᠠᠭᠰᠢ ᠨᠠᠷ ᠤ᠋ᠨ ᠬᠣᠶᠠᠷ ᠨᠢ(ᠨᠡᠷ᠎ᠡ ᠦᠭᠡ) ᠰᠤᠷᠤᠯᠴᠠᠬᠤ ᠪᠠᠷ ᠶᠠᠪᠤᠯ᠎ᠠ᠃
ᠳᠠᠯᠠᠳ ᠬᠣᠰᠢᠭᠤ(ᠨᠡᠷ᠎ᠡ ᠦᠭᠡ) ᠳᠠᠪᠰᠢᠵᠤ ᠪᠠᠢᠨ᠎ᠠ᠃
ᠲᠠᠪᠤ ᠶ᠋ᠢ ᠭᠤᠷᠪᠠ ᠪᠠᠷ(ᠨᠡᠷ᠎ᠡ ᠦᠭᠡ) ᠦᠷᠡᠵᠢᠭᠦᠯᠪᠡᠯ ᠠᠷᠪᠠᠨ ᠲᠠᠪᠤ(ᠴᠡᠪᠡᠷ ᠲᠣᠭ᠎ᠠ) ᠪᠣᠯᠤᠨ᠎ᠠ᠃
   ᠲᠣᠭᠠᠨ ᠤ᠋ ᠦᠭᠡ ᠶ᠋ᠢ ᠥᠭᠦᠯᠡᠪᠦᠷᠢ ᠶ᠋ᠢᠨ ᠵᠦᠢ ᠶ᠋ᠢᠨ ᠲᠠᠯ᠎ᠠ ᠪᠠᠷ ᠠᠪᠴᠤ ᠦᠵᠡᠪᠡᠯ ᠭᠣᠣᠯ ᠲᠥᠯᠥᠪ ᠲᠣᠳᠣᠳᠬᠠᠯ᠂ ᠪᠠᠢᠴᠠ ᠪᠣᠯᠬᠤ ᠪᠣᠯᠪᠠᠴᠤ ᠥᠭᠦᠯᠡᠪᠦᠷᠢ ᠶ᠋ᠢᠨ ᠪᠤᠰᠤᠳ ᠶᠠᠮᠠᠷ ᠴᠤ᠌ ᠭᠡᠰᠢᠭᠦᠨ ᠪᠠᠢᠵᠤ ᠪᠣᠯᠤᠨ᠎ᠠ᠃ ᠥᠭᠦᠯᠡᠭᠳᠡᠬᠦᠨ ᠪᠣᠯᠬᠤ ᠳ᠋ᠠᠭᠠᠨ ᠭᠣᠣᠯ ᠲᠥᠯᠥᠪ《ᠮᠢᠨᠢ᠂ ᠴᠢᠨᠢ᠂ ᠨᠢ》 ᠭᠡᠬᠦ ᠮᠡᠲᠦ ᠶ᠋ᠢᠨ ᠬᠠᠮᠢᠶᠠᠳᠠᠭᠤᠯᠬᠤ ᠶ᠋ᠢᠨ ᠳᠠᠭᠠᠪᠤᠷᠢ ᠲᠠᠢ ᠪᠠᠢᠳᠠᠭ ᠪᠠ ᠲᠤᠰᠤᠭᠳᠠᠬᠤᠨ ᠪᠣᠯᠬᠤ ᠳ᠋ᠠᠭᠠᠨ ᠶᠠᠩᠵᠤ ᠪᠦᠷᠢ ᠶ᠋ᠢᠨ ᠲᠡᠢᠨ ᠢᠯᠭᠠᠯ ᠢ᠋ᠶ᠋ᠠᠷ ᠬᠡᠯᠪᠡᠷᠢᠵᠢᠭᠰᠡᠨ ᠪᠠᠢᠳᠠᠭ᠃
    ᠵᠢᠱ᠌ᠢᠶᠡᠯᠡᠪᠡᠯ᠄ ᠠᠷᠪᠠ ᠨᠢ(ᠥᠭᠦᠯᠡᠭᠳᠡᠬᠦᠨ) ᠢᠷᠡᠯ᠎ᠡ᠃ ᠬᠣᠷᠢ  ᠶ᠋ᠢ(ᠲᠤᠰᠤᠭᠳᠠᠬᠤᠨ) ᠬᠣᠴᠣᠷᠭᠠᠯ᠎ᠠ᠃ ᠲᠠᠪᠤᠨ ᠤ᠋(ᠲᠣᠳᠣᠳᠬᠠᠯ) ᠭᠤᠷᠪᠠ ᠨᠢ ᠳᠠᠪᠰᠢᠪᠠ᠃ ᠲᠡᠷᠢᠭᠦᠨ ᠦ᠌ ᠠᠵᠢᠯᠲᠠᠨ ᠠᠷᠪᠠᠭᠠᠳ(ᠪᠠᠢᠴᠠ) ᠨᠡᠮᠡᠭᠳᠡᠪᠡ᠃
    ᠲᠣᠭᠠᠨ ᠤ᠋ ᠦᠭᠡ ᠶ᠋ᠢ ᠲᠡᠭᠦᠨ ᠦ᠌ ᠤᠳᠬ᠎ᠠ ᠪᠠ ᠥᠭᠦᠯᠡᠪᠦᠷᠢ ᠳ᠋ᠦ᠍ ᠭᠦᠢᠴᠡᠳᠬᠡᠬᠦ ᠡᠭᠦᠷᠭᠡ᠂ ᠬᠡᠯᠡᠨ ᠦ᠌ ᠵᠦᠢ ᠶ᠋ᠢᠨ ᠬᠡᠯᠪᠡᠷᠢ ᠪᠡᠷ ᠨᠢ ᠦᠨᠳᠦᠰᠦᠯᠡᠨ ᠠᠩᠭᠢᠯᠠᠪᠠᠯ ᠳᠣᠣᠷᠠᠬᠢ ᠮᠡᠲᠦ ᠵᠢᠷᠭᠤᠭᠠᠨ ᠵᠦᠢᠯ ᠪᠣᠢ᠃
    1 ᠦᠨᠳᠦᠰᠦᠨ ᠲᠣᠭᠠᠨ ᠤ᠋ ᠦᠭᠡ᠄
    ᠨᠢᠭᠡ᠂ ᠬᠣᠶᠠᠷ᠂ ᠭᠤᠷᠪᠠ᠂ ᠲᠠᠪᠤ᠂ ᠳᠣᠯᠣᠭ᠎ᠠ᠂ ᠠᠷᠪᠠ᠂ ᠵᠠᠭᠤ᠂ ᠮᠢᠩᠭ᠎ᠠ᠂ ᠲᠦᠮᠡ᠂ ᠳ᠋ᠦᠩᠰᠢᠭᠤᠷ ᠭᠡᠬᠦ ᠮᠡᠲᠦ᠃
    2 ᠳᠡᠰ ᠲᠣᠭᠠᠨ ᠤ᠋ ᠦᠭᠡ᠄
    ᠦᠨᠳᠦᠰᠦᠨ ᠲᠣᠭᠠᠨ ᠤ᠋ ᠦᠭᠡᠨ ᠳ᠋ᠦ᠍《ᠳ᠋ᠤᠭᠠᠷ᠂ ᠳ᠋ᠦ᠍ᠭᠡᠷ᠂ ᠲᠡᠬᠢ》 ᠳᠠᠭᠠᠪᠤᠷᠢ ᠶ᠋ᠢ ᠵᠠᠯᠭᠠᠬᠤ ᠵᠡᠷᠭᠡ ᠠᠷᠭ᠎ᠠ ᠪᠠᠷ ᠳᠡᠰ ᠲᠣᠭᠠᠨ ᠤ᠋ ᠦᠭᠡ ᠡᠭᠦᠰᠦᠨ᠎ᠡ᠃
    ᠵᠢᠱ᠌ᠢᠶᠡᠯᠡᠪᠡᠯ᠄ ᠨᠢᠭᠡᠳᠦᠭᠡᠷ᠂ ᠬᠣᠶᠠᠳᠤᠭᠠᠷ᠂ ᠭᠤᠷᠪᠠᠳᠤᠭᠠᠷ᠂ ᠠᠷᠪᠠᠳᠤᠭᠠᠷ᠂ ᠭᠤᠴᠢᠳᠤᠭᠠᠷ᠂ ᠲᠠᠪᠢᠳᠤᠭᠠᠷ᠂ ᠵᠠᠭᠤᠳᠤᠭᠠᠷ᠂ ᠮᠢᠩᠭᠠᠳᠤᠭᠠᠷ᠂ ᠭᠤᠲᠠᠭᠠᠷ᠂ ᠲᠦᠳᠡᠬᠡᠷ᠂ ᠨᠢᠭᠡᠳᠡᠬᠢ᠂ ᠬᠣᠶᠠᠳᠠᠬᠢ᠂ ᠭᠤᠷᠪᠠᠳᠠᠬᠢ᠂ ᠳᠥᠷᠪᠡᠳᠡᠬᠢ᠂ ᠲᠠᠪᠤᠳᠠᠬᠢ ᠭᠡᠬᠦ ᠮᠡᠲᠦ᠃
    3 ᠬᠠᠮ ᠲᠣᠭᠠᠨ ᠤ᠋ ᠦᠭᠡ᠄
    ᠦᠨᠳᠦᠰᠦᠨ ᠲᠣᠭᠠᠨ ᠤ᠋ ᠦᠭᠡᠨ ᠳ᠋ᠦ᠍ 《᠊᠊ᠭᠤᠯᠠ᠂ ᠊᠊ᠬᠦᠯᠡ》 ᠳᠠᠭᠠᠪᠤᠷᠢ ᠵᠠᠯᠭᠠᠵᠤ᠂ ᠬᠠᠮ ᠲᠣᠭᠠᠨ ᠤ᠋ ᠦᠭᠡ ᠡᠭᠦᠰᠦᠨ᠎ᠡ᠃ 
    ᠵᠢᠱ᠌ᠢᠶᠡᠯᠡᠪᠡᠯ᠄ ᠬᠣᠶᠠᠭᠤᠯᠠ᠂ ᠭᠤᠷᠪᠠᠭᠤᠯᠠ᠂ ᠳᠥᠷᠪᠡᠭᠦᠯᠡ᠂ ᠳᠣᠯᠣᠭᠤᠯᠠ᠂ ᠨᠠᠢ᠍ᠮᠠᠭᠤᠯᠠ᠂ ᠠᠷᠪᠠᠭᠤᠯᠠ᠂ ᠠᠷᠪᠠᠨ ᠲᠠᠪᠤᠭᠤᠯᠠ᠂ ᠣᠯᠠᠭᠤᠯᠠ᠂ ᠬᠡᠳᠦᠭᠦᠯᠡ ᠭᠡᠬᠦ ᠮᠡᠲᠦ᠃
    4 ᠲᠣᠢᠮᠣ ᠪᠤᠶᠤ ᠲᠦᠭᠡᠭᠡᠯ ᠲᠣᠭᠠᠨ ᠤ᠋ ᠦᠭᠡ᠄
   ᠦᠨᠳᠦᠰᠦᠨ ᠲᠣᠭᠠᠨ ᠤ᠋ ᠦᠭᠡᠨ ᠳ᠋ᠦ᠍《᠊ᠭᠠᠳ᠂᠊ᠭᠡᠳ》 ᠳᠠᠭᠠᠪᠤᠷᠢ ᠶ᠋ᠢ ᠵᠠᠯᠭᠠᠬᠤ ᠵᠡᠷᠭᠡ ᠠᠷᠭ᠎ᠠ ᠪᠠᠷ ᠲᠣᠢᠮᠣ ᠪᠤᠶᠤ ᠲᠦᠭᠡᠭᠡᠯ ᠲᠣᠭᠠᠨ ᠤ᠋ ᠦᠭᠡ ᠡᠭᠦᠰᠦᠨ᠎ᠡ᠃
    ᠵᠢᠱ᠌ᠢᠶᠡᠯᠡᠪᠡᠯ᠄ ᠨᠢᠵᠢᠭᠡᠳ᠂ ᠬᠣᠰᠢᠶᠠᠳ᠂ ᠨᠢᠭᠡ ᠨᠢᠭᠡ᠂ ᠬᠣᠶᠠᠷ ᠬᠣᠶᠠᠷ᠂ ᠠᠷᠪᠠ ᠠᠷᠪᠠ᠂ ᠳᠥᠴᠢ ᠳᠥᠴᠢ᠂ ᠵᠠᠭᠤ ᠵᠠᠭᠤ᠂ ᠠᠷᠪᠠ ᠣᠷᠴᠢᠮ᠂ ᠬᠣᠷᠢ ᠣᠷᠴᠢᠮ᠂ ᠠᠷᠪᠠᠭᠠᠳ᠂ ᠬᠣᠷᠢᠭᠠᠳ᠂ ᠲᠠᠪᠢᠭᠠᠳ᠂ ᠵᠠᠭᠤᠭᠠᠳ᠂ ᠮᠢᠩᠭᠠᠭᠠᠳ ᠭᠡᠬᠦ ᠮᠡᠲᠦ᠃
   5ᠳᠠᠭᠢᠬᠤ ᠲᠣᠭᠠᠨ ᠤ᠋ ᠦᠭᠡ᠄
   ᠦᠨᠳᠦᠰᠦᠨ ᠲᠣᠭᠠᠨ ᠤ᠋ ᠦᠭᠡᠨ ᠳ᠋ᠦ᠍《ᠳᠡ》 ᠳᠠᠭᠠᠪᠤᠷᠢ ᠶ᠋ᠢ ᠵᠠᠯᠭᠠᠬᠤ ᠵᠡᠷᠭᠡ ᠠᠷᠭ᠎ᠠ ᠪᠠᠷ ᠳᠠᠭᠢᠬᠤ ᠲᠣᠭᠠᠨ ᠤ᠋ ᠦᠭᠡ ᠡᠭᠦᠰᠦᠨ᠎ᠡ᠃
    ᠵᠢᠱ᠌ᠢᠶᠡᠯᠡᠪᠡᠯ᠄ ᠭᠤᠷᠪᠠᠨᠲᠠ᠂ ᠳᠥᠷᠪᠡᠨᠲᠡ᠂ ᠶᠢᠰᠦᠨᠲᠡ᠂ ᠠᠷᠪᠠᠨᠲᠠ᠂ ᠵᠠᠭᠤᠨᠲᠠ᠂ ᠮᠢᠩᠭᠠᠨᠲᠠ᠂ ᠬᠣᠶᠠᠷ ᠤᠳᠠᠭ᠎ᠠ᠂ ᠭᠤᠷᠪᠠᠨ ᠤᠳᠠᠭ᠎ᠠ᠂ ᠲᠠᠪᠤᠨ ᠳᠠᠬᠢᠨ᠂ ᠳᠣᠯᠣᠭ᠎ᠠ ᠳᠠᠬᠢᠨ᠂ ᠠᠷᠪᠠ ᠳᠠᠬᠢᠨ ᠭᠡᠬᠦ ᠮᠡᠲᠦ᠃
   6 ᠴᠢᠮᠠᠯᠠᠭᠰᠠᠨ᠂ ᠬᠢᠵᠠᠭᠠᠷᠯᠠᠭᠰᠠᠨ ᠲᠣᠭᠠᠨ ᠤ᠋ ᠦᠭᠡ
   ᠦᠨᠳᠦᠰᠦᠨ ᠲᠣᠭ᠎ᠠ᠂ ᠬᠠᠮ ᠲᠣᠭ᠎ᠠ᠂ ᠲᠣᠢᠮᠣ ᠪᠤᠶᠤ ᠲᠦᠭᠡᠭᠡᠯ ᠲᠣᠭᠠᠨ ᠤ᠋ ᠦᠭᠡᠨ ᠳ᠋ᠦ᠍《᠊ᠬᠠᠨ᠂᠊ᠬᠡᠨ》 ᠳᠠᠭᠠᠪᠤᠷᠢ ᠶ᠋ᠢ ᠵᠠᠯᠭᠠᠬᠤ ᠵᠡᠷᠭᠡ ᠠᠷᠭ᠎ᠠ ᠪᠠᠷ ᠴᠢᠮᠠᠯᠠᠭᠰᠠᠨ ᠬᠢᠵᠠᠭᠠᠷᠯᠠᠭᠰᠠᠨ ᠲᠣᠭᠠᠨ ᠤ᠋ ᠦᠭᠡ ᠡᠭᠦᠰᠬᠦ ᠪᠠ ᠦᠨᠳᠦᠰᠦᠨ ᠲᠣᠭ᠎ᠠ ᠶ᠋ᠢ ᠲᠡᠢᠨ ᠢᠯᠭᠠᠯ ᠢ᠋ᠶ᠋ᠠᠷ ᠬᠡᠯᠪᠡᠷᠢᠵᠢᠭᠦᠯᠪᠡᠯ ᠬᠢᠵᠠᠭᠠᠷᠯᠠᠬᠤ ᠰᠠᠨᠠᠭ᠎ᠠ ᠶ᠋ᠢ ᠢᠯᠡᠳᠬᠡᠭᠰᠡᠨ ᠲᠣᠭᠠᠨ ᠤ᠋ ᠦᠭᠡ ᠡᠭᠦᠰᠴᠦ ᠪᠣᠯᠤᠨ᠎ᠠ᠃
    ᠵᠢᠱ᠌ᠢᠶᠡᠯᠡᠪᠡᠯ᠄ ᠬᠣᠶᠠᠷᠬᠠᠨ᠂ ᠭᠤᠷᠪᠠᠬᠠᠨ᠂ ᠳᠦᠷᠪᠡᠭᠡᠨ᠂ ᠬᠣᠶᠠᠭᠤᠯᠠᠬᠠᠨ᠂ ᠭᠤᠷᠪᠠᠭᠤᠯᠠᠬᠠᠨ᠂ ᠳᠥᠷᠪᠡᠭᠦᠯᠡᠬᠡᠨ᠂ ᠠᠷᠪᠠᠭᠠᠳᠬᠠᠨ᠂ ᠬᠣᠷᠢᠭᠠᠳᠬᠠᠨ᠂ ᠭᠤᠴᠢᠭᠠᠳᠬᠠᠨ᠂ ᠭᠤᠷᠪᠠᠨ ᠤ᠋ ᠨᠢᠭᠡ᠂ ᠠᠷᠪᠠᠨ ᠤ᠋ ᠬᠣᠶᠠᠷ᠂ ᠳᠥᠴᠢ ᠶᠢᠰᠦᠨ ᠦ᠌ ᠳᠣᠯᠣᠭ᠎ᠠ᠂ ᠭᠤᠷᠪᠠᠨ ᠰᠠᠷ᠎ᠠ ᠶ᠋ᠢᠨ ᠨᠠᠢ᠍ᠮᠠᠨ᠂ ᠲᠠᠪᠤᠨ ᠰᠠᠷ᠎ᠠ ᠶ᠋ᠢᠨ ᠨᠢᠭᠡᠨ᠂ ᠥᠷᠯᠥᠭᠡᠨ ᠦ᠌ ᠨᠠᠢ᠍ᠮᠠᠨ ᠴᠠᠭ᠂ ᠦᠳᠡ ᠶ᠋ᠢᠨ ᠠᠷᠪᠠᠨ ᠬᠣᠶᠠᠷ ᠴᠠᠭ᠂ ᠣᠷᠣᠢ ᠶ᠋ᠢᠨ ᠳᠣᠯᠣᠭᠠᠨ ᠴᠠᠭ᠂ ᠰᠥᠨᠢ ᠶ᠋ᠢᠨ ᠬᠣᠶᠠᠷ ᠴᠠᠭ᠂ ᠠᠷᠪᠠᠨ ᠲᠠᠪᠤᠨ ᠠ᠋ᠴᠠ ᠬᠣᠢᠰᠢ᠂ ᠬᠣᠷᠢᠨ ᠢ᠋ ᠥᠩᠭᠡᠷᠡᠪᠡᠯ᠂ ᠠᠷᠪᠠᠨ ᠰᠠᠷ᠎ᠠ ᠶ᠋ᠢᠨ ᠨᠢᠭᠡᠨ ᠳ᠋ᠦ᠍ ᠭᠡᠬᠦ ᠮᠡᠲᠦ᠃
   ᠬᠥᠮᠦᠨ ᠶᠠᠭᠤᠮ᠎ᠠ᠂ ᠦᠯᠡ ᠬᠥᠳᠡᠯᠭᠡᠭᠡᠨ ᠦ᠌ ᠬᠡᠮᠵᠢᠶ᠎ᠡ ᠪᠤᠶᠤ ᠨᠢᠭᠡᠴᠢ ᠶ᠋ᠢ ᠵᠢᠭᠠᠭᠰᠠᠨ ᠦᠭᠡᠰ ᠢ᠋ ᠬᠡᠮᠵᠢᠭᠦᠷ ᠦ᠋ᠨ ᠦᠭᠡ ᠭᠡᠳᠡᠭ᠃
    ᠵᠢᠱ᠌ᠢᠶᠡᠯᠡᠪᠡᠯ᠄ ᠲᠤᠨ᠂ ᠵᠢᠩ᠂ ᠯᠠᠩ᠂ ᠴᠢᠨ᠂ ᠳ᠋ᠧᠦ᠂ ᠱᠧᠩ᠂ ᠠᠶᠠᠭ᠎ᠠ᠂ ᠰᠢᠨᠠᠭ᠎ᠠ᠂ ᠪᠢᠲᠡᠭᠦᠦ᠂ ᠯᠣᠩᠬᠣ᠂ ᠠᠯᠲᠠ᠂ ᠮᠧᠲ᠋ᠷ᠂ ᠲᠣᠬᠣᠢ᠂ ᠢᠮᠠᠬᠤ᠂ ᠲᠥᠭᠥᠷᠢᠭ᠂ ᠮᠥᠩᠭᠥ ᠮᠢᠨᠦ᠋ᠲ᠂ ᠰᠠᠭᠤᠷᠢ᠂ ᠪᠠᠭᠴᠠ᠂ ᠬᠡᠰᠡᠭ᠂ ᠪᠦᠯᠦᠭ᠂ ᠪᠠᠳᠠᠭ᠂ ᠵᠠᠬ᠎ᠠ᠂ ᠲᠣᠯᠣᠭᠠᠢ᠂ ᠰᠦᠷᠦᠭ᠂ ᠬᠣᠣᠰ᠂ ᠤᠳᠠᠭ᠎ᠠ᠂ ᠳᠠᠬᠢᠨ᠂ ᠠᠯᠬᠤᠮ᠂ ᠲᠥᠭᠡ᠂ ᠰᠥᠭᠥᠮ ᠭᠡᠬᠦ ᠮᠡᠲᠦ᠃

 ᠦᠰᠦᠭ ᠠᠮᠢᠯᠠᠭᠤᠯᠤᠭᠴᠢ᠄ ᠬᠡᠯᠡᠰᠣᠶᠣᠯ (ᠪᠤᠤ ᠵᠢᠨ ᠬᠤᠸᠠ)᠂ ᠳ᠂ ᠣᠶᠤᠨᠪᠢᠯᠢᠭ᠌᠂ ᠠᠯᠲᠠᠨᠴᠢᠮᠡᠭ᠂ ᠨᠠᠷᠠᠨᠲᠤᠶᠠᠭ᠎ᠠ᠂ ᠤᠷᠠᠨᠴᠢᠮᠡᠭ
 ᠬᠢᠨᠠᠭᠴᠢ᠄ ᠨᠠᠷᠠᠨ᠂ ᠣᠳᠬᠠᠨᠰᠣ᠎ᠠ