ᠦᠭᠡ ᠶ᠋ᠢᠨ ᠵᠦᠢ02-02(ᠬᠣᠶᠠᠷ) ᠲᠡᠮᠳᠡᠭ ᠦᠭᠡ ᠪᠠ ᠲᠡᠮᠳᠡᠭ ᠦᠭᠡ ᠡᠭᠦᠰᠬ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠭᠡ ᠶ᠋ᠢᠨ ᠵᠦᠢ02-02(ᠬᠣᠶᠠᠷ) ᠲᠡᠮᠳᠡᠭ ᠦᠭᠡ ᠪᠠ ᠲᠡᠮᠳᠡᠭ ᠦᠭᠡ ᠡᠭᠦᠰᠬ

ᠦᠭᠡ ᠶ᠋ᠢᠨ ᠵᠦᠢ02-02(ᠬᠣᠶᠠᠷ) ᠲᠡᠮᠳᠡᠭ ᠦᠭᠡ ᠪᠠ ᠲᠡᠮᠳᠡᠭ ᠦᠭᠡ ᠡᠭᠦᠰᠬ

ᠠᠩᠭᠢᠯᠠᠯ:ᠬᠡᠯᠡ ᠪᠢᠴᠢᠭ
2025-09-16

317

(ᠬᠣᠶᠠᠷ) ᠲᠡᠮᠳᠡᠭ ᠦᠭᠡ ᠪᠠ ᠲᠡᠮᠳᠡᠭ ᠦᠭᠡ ᠡᠭᠦᠰᠬᠦ

    ᠬᠥᠮᠦᠨ ᠶᠠᠭᠤᠮ᠎ᠠ᠂ ᠬᠡᠷᠡᠭ ᠪᠣᠳᠠᠰ᠂ ᠦᠵᠡᠭᠳᠡᠯ ᠦ᠋ᠨ ᠰᠢᠨᠵᠢ ᠲᠡᠮᠳᠡᠭ ᠪᠠ ᠣᠨᠴᠠᠯᠢᠭ ᠢ᠋ ᠵᠢᠭᠠᠭᠰᠠᠨ ᠦᠭᠡᠰ ᠢ᠋ ᠲᠡᠮᠳᠡᠭ ᠦᠭᠡ ᠭᠡᠨ᠎ᠡ᠃ ᠲᠡᠮᠳᠡᠭ ᠦᠭᠡ ᠨᠢ ᠶᠠᠮᠠᠷ? ᠶᠠᠭᠠᠬᠢᠵᠢ? ᠭᠡᠵᠦ ᠠᠰᠠᠭᠤᠬᠤ ᠳ᠋ᠤ᠌ ᠬᠠᠷᠢᠭᠤᠯᠬᠤ ᠦᠭᠡᠰ ᠪᠠᠢᠳᠠᠭ᠃
    ᠲᠡᠮᠳᠡᠭ ᠦᠭᠡ ᠶ᠋ᠢᠨ ᠠᠢᠮᠠᠭ ᠲᠤ᠌ ᠪᠠᠭᠲᠠᠬᠤ ᠦᠭᠡᠰ ᠢ᠋ ᠤᠳᠬ᠎ᠠ ᠶ᠋ᠢᠨ ᠬᠢᠨᠢ ᠲᠠᠯ᠎ᠠ ᠪᠠᠷ ᠠᠪᠴᠤ ᠦᠵᠡᠪᠡᠯ ᠬᠥᠬᠡ᠂ ᠤᠯᠠᠭᠠᠨ᠂ ᠴᠠᠭᠠᠨ᠂ ᠬᠠᠷ᠎ᠠ᠂ ᠰᠢᠷ᠎ᠠ᠂ ᠪᠣᠷᠣ ᠭᠡᠬᠦ ᠮᠡᠲᠦ ᠪᠡᠷ ᠥᠩᠭᠡ ᠶ᠋ᠢᠨ ᠨᠡᠷᠡᠰ᠂ ᠰᠠᠢᠨ᠂ ᠮᠠᠭᠤ᠂ ᠰᠢᠨ᠎ᠡ᠂ ᠬᠠᠭᠤᠴᠢᠨ᠂ ᠪᠠᠲᠤ᠂ ᠬᠡᠪᠡᠷᠡᠭ᠂ ᠬᠦᠨᠳᠦ᠂ ᠬᠥᠩᠭᠡᠨ᠂ ᠬᠤᠷᠴᠠ᠂ ᠮᠣᠬᠣᠭᠣ᠂ ᠬᠠᠲᠠᠭᠤ᠂ ᠵᠥᠭᠡᠯᠡᠨ ᠭᠡᠬᠦ ᠮᠡᠲᠦ ᠪᠡᠷ ᠣᠨᠴᠠᠯᠢᠭ ᠴᠢᠨᠠᠷ ᠤ᠋ᠨ ᠨᠡᠷᠡᠰ; ᠶᠡᠬᠡ᠂ ᠪᠠᠭ᠎ᠠ᠂ ᠥᠨᠳᠥᠷ᠂ ᠨᠠᠮ᠂ ᠤᠷᠲᠤ᠂ ᠣᠬᠣᠷ᠂ ᠪᠣᠭᠣᠨᠢ᠂ ᠵᠤᠵᠠᠭᠠᠨ᠂ ᠨᠢᠮᠭᠡᠨ᠂ ᠬᠣᠯᠠ᠂ ᠣᠢᠷ᠎ᠠ᠂ ᠣᠯᠠᠨ᠂ ᠴᠥᠭᠡᠨ ᠭᠡᠬᠦ ᠮᠡᠲᠦ ᠪᠡᠷ ᠬᠡᠮᠵᠢᠶ᠎ᠡ ᠪᠠᠢᠳᠠᠯ ᠤ᠋ᠨ ᠨᠡᠷᠡᠰ᠂ ᠬᠣᠲᠣᠭᠣᠷ᠂ ᠳᠣᠪᠣᠭᠣᠷ᠂ ᠬᠣᠩᠬᠣᠷ᠂ ᠭᠣᠨᠵᠣᠭᠣᠢ᠂ ᠭᠤᠷᠪᠠᠯᠵᠢᠨ᠂ ᠳᠥᠷᠪᠡᠯᠵᠢᠨ᠂ ᠲᠡᠭᠰᠢ᠂ ᠬᠠᠵᠠᠭᠠᠢ ᠭᠡᠬᠦ ᠮᠡᠲᠦ ᠶ᠋ᠢᠨ ᠣᠪᠣᠷ ᠪᠠᠢᠳᠠᠯ ᠤ᠋ᠨ ᠨᠡᠷᠡᠰ ᠵᠡᠷᠭᠡ ᠪᠠᠢᠳᠠᠭ᠃
    ᠲᠡᠮᠳᠡᠭ ᠦᠭᠡ ᠶ᠋ᠢᠨ ᠦᠭᠡ ᠶ᠋ᠢᠨ ᠵᠦᠢ ᠶ᠋ᠢᠨ ᠰᠢᠨᠵᠢ ᠨᠢ ᠵᠢᠩᠬᠢᠨᠢ ᠬᠥᠮᠦᠨ ᠶᠠᠭᠤᠮ᠎ᠠ᠂ ᠦᠵᠡᠭᠳᠡᠯ ᠪᠤᠶᠤ ᠦᠢᠯᠡ ᠶ᠋ᠢᠨ ᠪᠡᠯᠭᠡ ᠲᠡᠮᠳᠡᠭ ᠢ᠋ ᠵᠢᠭᠠᠭᠰᠠᠨ ᠤᠳᠬ᠎ᠠ ᠪᠠᠷ ᠬᠡᠷᠡᠭᠯᠡᠭᠳᠡᠬᠦ ᠳ᠋ᠡᠭᠡᠨ ᠢᠮᠠᠭᠲᠠ ᠦᠭᠡ ᠶ᠋ᠢᠨ ᠦᠨᠳᠦᠰᠦ ᠪᠤᠶᠤ ᠨᠡᠷᠡᠯᠡᠬᠦ ᠶ᠋ᠢᠨ ᠲᠡᠢᠨ ᠢᠯᠭᠠᠯ ᠤ᠋ᠨ ᠬᠡᠯᠪᠡᠷᠢ ᠪᠡᠷ ᠪᠠᠢᠵᠤ᠂ ᠨᠡᠷ᠎ᠡ ᠦᠭᠡ ᠶ᠋ᠢᠨ ᠤᠳᠬ᠎ᠠ ᠪᠠᠷ ᠪᠤᠶᠤ ᠪᠤᠲᠠ ᠪᠡᠶ᠎ᠡ ᠶ᠋ᠢ ᠵᠢᠭᠠᠭᠰᠠᠨ ᠤᠳᠬ᠎ᠠ ᠪᠠᠷ ᠬᠡᠷᠡᠭᠯᠡᠭᠳᠡᠬᠦ ᠳ᠋ᠡᠭᠡᠨ ᠰᠠᠶᠢ ᠮᠥᠨ ᠬᠦ᠌ ᠨᠡᠷ᠎ᠡ ᠦᠭᠡ ᠶ᠋ᠢᠨ ᠠᠳᠠᠯᠢ ᠨᠡᠷᠡᠯᠡᠬᠦ ᠡᠴᠡ ᠪᠤᠰᠤᠳ ᠲᠡᠢᠨ ᠢᠯᠭᠠᠯ ᠤ᠋ᠨ ᠬᠡᠯᠪᠡᠷᠢ ᠪᠡᠷ ᠪᠠᠢᠵᠤ ᠣᠯᠠᠨ ᠢ᠋ ᠵᠢᠭᠠᠭᠰᠠᠨ ᠳᠠᠭᠠᠪᠤᠷᠢ᠂ ᠬᠠᠮᠢᠶᠠᠳᠠᠭᠤᠯᠬᠤ ᠶ᠋ᠢᠨ ᠳᠠᠭᠠᠪᠤᠷᠢ ᠠᠪᠴᠤ ᠴᠢᠳᠠᠨ᠎ᠠ᠃
    ᠵᠢᠱ᠌ᠢᠶᠡᠯᠡᠪᠡᠯ᠄ ᠤᠯᠠᠭᠠᠨ(ᠲᠡᠮᠳᠡᠭ ᠦᠭᠡ) ᠨᠠᠷᠠ ᠮᠠᠨᠳᠤᠪᠠ᠃
   ᠪᠠᠲᠤ (ᠨᠡᠷ᠎ᠡ ᠦᠭᠡ) ᠶ᠋ᠢᠨ ᠰᠤᠷᠤᠯᠭ᠎ᠠ ᠰᠠᠢᠨ᠃
   ᠪᠠᠲᠤ (ᠨᠡᠷ᠎ᠡ ᠦᠭᠡ) ᠮᠢᠨᠢ ᠢᠷᠡᠯ᠎ᠡ᠃
    ᠲᠡᠮᠳᠡᠭ ᠦᠭᠡ ᠶ᠋ᠢᠨ ᠥᠭᠦᠯᠡᠪᠦᠷᠢ ᠶ᠋ᠢᠨ ᠵᠦᠢ ᠶ᠋ᠢᠨ ᠰᠢᠨᠵᠢ ᠨᠢ ᠭᠣᠣᠯ ᠲᠥᠯᠥᠪ ᠲᠣᠳᠣᠳᠬᠠᠯ ᠪᠠᠢᠵᠤ ᠪᠣᠯᠳᠠᠭ ᠪᠣᠯᠪᠠᠴᠤ ᠥᠭᠦᠯᠡᠪᠦᠷᠢ ᠶ᠋ᠢᠨ ᠪᠤᠰᠤᠳ ᠶᠠᠮᠠᠷ ᠴᠤ᠌ ᠭᠡᠰᠢᠭᠦᠨ ᠪᠠᠢᠵᠤ ᠪᠣᠯᠤᠨ᠎ᠠ᠃
    ᠵᠢᠱ᠌ᠢᠶᠡᠯᠡᠪᠡᠯ᠄ ᠳᠠᠷᠤᠤ ᠬᠢᠴᠢᠶᠡᠩᠭᠦᠢ ᠪᠣᠯ(ᠥᠭᠦᠯᠡᠭᠳᠡᠬᠦᠨ) ᠳᠠᠪᠰᠢᠳᠠᠭ᠃
    ᠮᠠᠯᠵᠢᠬᠤ ᠣᠷᠣᠨ ᠤ᠋ ᠦᠰᠦᠷᠦᠩᠭᠦᠢ ᠲᠠᠪᠰᠢᠯᠲᠠ
    ᠮᠥᠩᠭᠥᠨ(ᠲᠣᠳᠣᠳᠬᠠᠯ) ᠨᠢᠰᠬᠡᠯ ᠡᠴᠡ ᠲᠦᠷᠭᠡᠨ᠂
    ᠮᠥᠩᠬᠡ ᠶ᠋ᠢᠨ(ᠲᠣᠳᠣᠳᠬᠠᠯ) ᠨᠠᠷᠠᠨ ᠠ᠋ᠴᠠ ᠳᠤᠯᠠᠭᠠᠨ᠃
    ᠣᠯᠠᠨ ᠢ᠋(ᠲᠤᠰᠤᠭᠳᠠᠬᠤᠨ) ᠳᠠᠢᠴᠢᠯᠠᠵᠤ᠂ ᠦᠢᠯᠡᠳᠪᠦᠷᠢᠯᠡᠯ ᠳ᠋ᠦ᠍ ᠣᠷᠣᠯᠴᠠᠭᠤᠯᠪᠠ᠃
    ᠠᠵᠢᠯᠴᠢᠳ ᠪᠠᠭᠠᠲᠤᠷᠯᠢᠭ ᠢ᠋ᠶ᠋ᠠᠷ(ᠪᠠᠢᠴᠠ) ᠠᠵᠢᠯᠯᠠᠵᠤ ᠪᠠᠢᠨ᠎ᠠ᠃
  ᠲᠡᠮᠳᠡᠭ ᠦᠭᠡ ᠶ᠋ᠢ ᠪᠦᠲᠦᠨ ᠢ᠋ᠶ᠋ᠡᠷ ᠨᠢ ᠦᠨᠳᠦᠰᠦᠨ ᠪᠠ ᠡᠭᠦᠰᠦᠮᠡᠯ ᠲᠡᠮᠳᠡᠭ ᠦᠭᠡ ᠭᠡᠵᠦ ᠬᠣᠶᠠᠷ ᠬᠤᠪᠢᠶᠠᠨ᠎ᠠ᠃ ᠦᠨᠳᠦᠰᠦᠨ ᠲᠡᠮᠳᠡᠭ ᠦᠭᠡ ᠨᠢ ᠦᠭᠡ ᠶ᠋ᠢᠨ ᠢᠵᠠᠭᠤᠷ ᠢ᠋ᠶ᠋ᠠᠷ ᠢ᠋ᠶ᠋ᠠᠨ ᠪᠠᠢᠬᠤ ᠲᠡᠮᠳᠡᠭ ᠦᠭᠡ ᠪᠣᠯᠤᠨ᠎ᠠ᠃ ᠡᠭᠦᠰᠦᠮᠡᠯ ᠲᠡᠮᠳᠡᠭ ᠦᠭᠡ ᠨᠢ ᠨᠡᠷ᠎ᠡ᠂ ᠦᠢᠯᠡ ᠦᠭᠡᠨ ᠳ᠋ᠦ᠍ ᠶᠠᠩᠵᠤ ᠪᠦᠷᠢ ᠶ᠋ᠢᠨ ᠳᠠᠭᠠᠪᠤᠷᠢ ᠵᠠᠯᠭᠠᠬᠤ ᠪᠤᠶᠤ ᠦᠭᠡ ᠬᠣᠷᠰᠢᠵᠤ ᠪᠦᠲᠦᠭᠡᠬᠦ ᠠᠷᠭ᠎ᠠ ᠪᠠᠷ ᠡᠭᠦᠰᠦᠭᠰᠡᠨ ᠲᠡᠮᠳᠡᠭ ᠦᠭᠡ ᠶ᠋ᠢ ᠬᠡᠯᠡᠵᠦ ᠪᠠᠢᠨ᠎ᠠ᠃
    ᠵᠢᠱ᠌ᠢᠶᠡᠯᠡᠪᠡᠯ᠄ ᠶᠡᠬᠡ᠂ ᠪᠠᠭ᠎ᠠ᠂ ᠰᠠᠢᠨ᠂ ᠮᠠᠭᠤ᠂ᠬᠠᠲᠠᠭᠤ᠂ ᠵᠥᠭᠡᠯᠡᠨ᠂ ᠬᠤᠷᠴᠠ᠂ ᠮᠣᠬᠣᠭᠣ᠂ ᠬᠥᠬᠡ᠂ ᠰᠢᠷ᠎ᠠ ᠭᠡᠬᠦ ᠮᠡᠲᠦ ᠶ᠋ᠢᠨ ᠲᠡᠮᠳᠡᠭ ᠦᠭᠡ ᠨᠢ ᠦᠨᠳᠦᠰᠦᠨ ᠲᠡᠮᠳᠡᠭ ᠦᠭᠡ ᠪᠣᠯᠬᠤ ᠪᠠ ᠰᠦᠷᠯᠢᠭ᠂ ᠪᠠᠶᠠᠯᠢᠭ᠂ ᠨᠥᠬᠥᠷᠰᠡᠭ᠂ ᠬᠠᠯᠠᠭᠤᠮᠰᠤᠭ᠂ ᠬᠥᠩᠭᠡᠮᠰᠦᠭ᠂ ᠦᠨᠡᠨᠴᠢ᠂ ᠭᠣᠣᠯᠴᠢ᠂ ᠴᠣᠪᠣᠭᠣ ᠰᠡᠷᠭᠦᠯᠡᠩ᠂ ᠵᠥᠪ ᠣᠨᠣᠪᠴᠢᠲᠠᠢ᠂ ᠢᠷᠠᠭᠤ ᠲᠣᠳᠣ᠂ ᠰᠠᠢᠨ ᠰᠠᠢᠬᠠᠨ ᠭᠡᠬᠦ ᠮᠡᠲᠦ ᠶ᠋ᠢᠨ ᠲᠡᠮᠳᠡᠭ ᠦᠭᠡ ᠨᠢ ᠡᠭᠦᠰᠦᠮᠡᠯ ᠲᠡᠮᠳᠡᠭ ᠦᠭᠡ ᠪᠣᠯᠤᠨ᠎ᠠ᠃
ᠲᠡᠮᠳᠡᠭ ᠦᠭᠡ ᠡᠭᠦᠰᠬᠦ ᠶ᠋ᠢᠨ ᠳᠠᠭᠠᠪᠤᠷᠢ ᠪᠠ ᠲᠡᠭᠦᠨ ᠦ᠌ ᠵᠢᠱ᠌ᠢᠶ᠎ᠡ᠄
- ᠊ᠯᠢ᠊ᠭ᠂ ᠊ᠯᠢᠭ᠄ ᠤᠰᠤᠯᠢᠭ᠂ ᠲᠣᠰᠣᠯᠢᠭ᠂ ᠰᠦᠷᠯᠢᠭ᠂ ᠬᠥᠷᠥᠰᠥᠯᠢᠭ᠃
- ᠳ᠋ᠠᠢ᠄ ᠪᠠᠶᠠᠷᠲᠠᠢ᠂ ᠵᠣᠷᠢᠭᠲᠠᠢ᠂ ᠵᠢᠳᠬᠦᠯᠲᠡᠢ᠂ ᠢᠳᠡᠪᠬᠢᠲᠡᠢ᠂ ᠠᠮᠲᠠᠲᠠᠢ᠃
-᠎ ᠊ᠳᠤ᠄ ᠠᠴᠢᠲᠤ᠂ ᠠᠯᠳᠠᠷᠲᠤ᠂ ᠵᠢᠷᠤᠮᠲᠤ
- ᠬᠢ᠄ ᠠᠭᠤᠯᠠᠨ ᠳ᠋ᠠᠬᠢ᠂ ᠬᠣᠲᠠ ᠳ᠋ᠠᠬᠢ᠂ ᠵᠢᠷᠦᠬᠡᠨ ᠳ᠋ᠡᠬᠢ᠃
- ᠊ᠰᠠᠭ᠂ ᠊ᠰᠡᠭ᠄ ᠨᠠᠢᠷᠰᠠᠭ᠂ ᠨᠥᠬᠥᠷᠰᠡᠭ᠂ ᠡᠯᠢᠭᠡᠰᠡᠭ᠃
- ᠷᠠᠬᠤ᠂ ᠊ᠷᠬᠦᠤ᠄ ᠶᠣᠰᠣᠷᠬᠠᠤ᠂ ᠦᠰᠦᠷᠬᠦᠤ᠃
- ᠊ᠮᠰᠤ᠊ᠭ᠂ ᠊ᠮᠰᠦᠭ᠌᠄ ᠡᠯᠢᠭᠡᠮᠰᠦᠭ᠂ ᠭᠣᠶᠣᠮᠰᠣᠭ᠂ ᠶᠡᠬᠡᠮᠰᠦᠭ᠃
- ᠴᠠ᠄ ᠥᠩᠭᠡᠴᠡ᠃
- ᠊ᠮ᠎‍ᠠ᠋᠄ ᠭᠠᠢᠬᠠᠮ᠎ᠠ᠂ ᠠᠩᠬᠢᠯᠤᠮ᠎ᠠ᠂ ᠬᠠᠩᠭᠢᠨᠠᠮ᠎ᠠ᠂ ᠴᠠᠪᠴᠢᠮ᠎ᠠ᠃
- ᠊ᠵᠢᠶᠡᠷ ᠂ ᠊ᠵᠢᠶᠡᠯ ᠄ ᠡᠪᠦᠭᠡᠵᠢᠶᠡᠷ᠂ ᠡᠪᠦᠭᠡᠵᠢᠶᠡᠯ᠂ ᠡᠮᠡᠭᠡᠵᠢᠶᠡᠷ᠂ ᠡᠮᠡᠭᠡᠵᠢᠶᠡᠯ᠃
- ᠊ᠨᠴᠢᠷ᠂ ᠊᠊ᠨᠴᠢ᠄ ᠠᠮᠢᠨᠴᠢᠷ᠂ ᠠᠮᠢᠨᠴᠢ᠃
- ᠩᠭᠤᠢ᠂᠊ᠩᠭᠦᠢ ᠄ ᠪᠠᠳᠠᠷᠠᠩᠭᠤᠢ᠂ ᠳᠡᠯᠭᠡᠷᠡᠩᠭᠦᠢ᠂ ᠪᠣᠯᠪᠠᠰᠤᠷᠠᠩᠭᠤᠢ᠃
- ᠊᠊ᠠ᠄ ᠴᠠᠭᠠᠨ᠂ ᠨᠣᠭᠣᠭᠠᠨ᠂ ᠰᠢᠩᠭᠡᠨ᠂ ᠬᠤᠷᠳᠤᠨ᠂ ᠲᠠᠷᠭᠤᠨ᠃
- ᠊᠊ᠮᠡᠷ᠄ ᠭᠠᠢᠬᠠᠮᠠᠷ᠂ ᠰᠣᠨᠢᠷᠬᠠᠮᠠᠷ᠂ ᠪᠣᠯᠤᠮᠠᠷ᠃
- ᠊ᠯᠵᠢᠨ᠄ ᠭᠤᠷᠪᠠᠯᠵᠢᠨ᠂ ᠳᠥᠷᠪᠡᠯᠵᠢᠨ᠃
- ᠊ᠬᠴᠢ᠂ ᠊᠊ᠭ᠌ᠴᠢ᠄ ᠬᠠᠷᠠᠭᠴᠢ᠂ ᠬᠥᠭᠡᠭᠴᠢ᠂ ᠪᠣᠷᠣᠭᠴᠢ᠃
- ᠊ᠬᠴᠢᠨ᠂ ᠊ᠭ᠌ᠴᠢᠨ᠄ ᠤᠯᠠᠭᠠᠭᠴᠢᠨ᠂ ᠴᠠᠭᠠᠭᠴᠢᠨ᠂ ᠬᠥᠬᠡᠭᠴᠢᠨ᠃
- ᠪᠴᠢ᠄ ᠪᠦᠳᠦᠭᠦᠪᠴᠢ᠂ ᠨᠠᠷᠢᠪᠴᠢ᠂ ᠥᠩᠭᠡᠪᠴᠢ᠃
- ᠊ᠬᠠᠢ᠂ ᠬᠡᠢ᠄ ᠪᠤᠲᠠᠷᠬᠠᠢ᠂ ᠡᠮᠲᠡᠷᠬᠡᠢ᠂ ᠬᠡᠯᠲᠡᠷᠬᠡᠢ᠃
- ᠴᠢ᠄ ᠭᠣᠣᠯᠴᠢ᠂ ᠦᠨᠡᠨᠴᠢ᠃
- ᠊ᠭᠠᠷ᠂ ᠭᠡᠷ᠂ ᠊ᠭᠣᠷ᠄ ᠪᠦᠯᠲᠡᠭᠡᠷ᠂ ᠠᠷᠵᠠᠭᠠᠷ᠂ ᠪᠠᠷᠵᠠᠭᠠᠷ᠂ ᠱᠣᠪᠣᠭᠣᠷ᠂ ᠬᠠᠨᠠᠭᠠᠷ᠃
- ᠊ᠮᠠᠯ᠄ ᠵᠣᠬᠢᠶᠠᠮᠠᠯ᠂ ᠪᠢᠴᠢᠮᠡᠯ᠂ ᠰᠣᠩᠭᠣᠮᠠᠯ᠂ ᠲᠠᠷᠢᠮᠠᠯ᠃
- ᠊ᠮᠠᠳᠠᠭᠠᠢ᠂ ᠊ᠮᠡᠳᠡᠭᠡᠢ᠄ ᠬᠥᠭᠡᠷᠮᠡᠲᠡᠭᠡᠢ᠂ ᠠᠶᠤᠮᠠᠲᠠᠭᠠᠢ᠃
- ᠊ᠮᠠᠭᠠᠢ᠂ ᠊ᠮᠡᠬᠡᠢ᠄ ᠴᠢᠳᠠᠮᠠᠭᠠᠢ᠂ ᠳᠠᠳᠮᠠᠭᠠᠢ᠂ ᠬᠡᠯᠡᠮᠡᠭᠡᠢ᠃
- ᠊ᠭ᠂ ᠊ᠭ᠌᠄ ᠬᠦᠴᠦᠷᠬᠡᠭ᠂ ᠶᠣᠰᠣᠷᠬᠠᠭ᠂ ᠶᠡᠬᠡᠷᠬᠡᠭ᠃
- ᠊ᠭᠤ᠂ ᠊ᠭᠦᠦ᠂ ᠊᠊ᠤ᠄ ᠶᠠᠳᠠᠭᠤ᠂ ᠵᠦᠳᠡᠭᠦᠦ᠂ ᠶᠠᠭᠠᠷᠠᠤ᠂ ᠳᠠᠷᠤᠤ᠃
- ᠩᠬᠠᠢ᠂ ᠊ᠩᠬᠡᠢ᠄ ᠡᠴᠡᠩᠬᠡᠢ(ᠡᠴᠡᠩᠭᠢ)᠂ ᠬᠠᠲᠠᠩᠬᠠᠢ᠂ ᠴᠣᠭᠣᠷᠠᠩᠬᠠᠢ᠃
-(᠊ᠩᠬᠢ᠂ ᠊ᠩᠬᠢᠷ)᠄ (ᠬᠠᠲᠠᠩᠭᠢᠷ)᠃
- ᠊᠊ᠮᠠᠭ᠂ ᠊ᠮᠩ᠄ ᠵᠣᠷᠢᠮᠠᠭ᠂ ᠬᠠᠭᠤᠷᠮᠠᠭ᠂ ᠬᠣᠯᠢᠮᠠᠭ᠂ ᠰᠤᠷᠮᠠᠭ᠃
- ᠊ᠭᠤᠠ᠂ ᠊ᠭᠦᠨ᠄ ᠬᠥᠭᠵᠢᠭᠦᠨ᠂ ᠠᠭᠰᠢᠭᠤᠨ᠃
- ᠊ᠰᠢ ᠲᠡᠢ᠂ ᠊ᠰᠢ ᠦᠭᠡᠢ᠄ ᠠᠪᠤᠰᠢ ᠲᠠᠢ᠂ ᠠᠪᠤᠰᠢ ᠦᠭᠡᠢ᠂ ᠦᠵᠡᠰᠢ ᠦᠭᠡᠢ᠃
- ᠊ᠭ᠎ᠠ᠂ ᠬᠡ᠄ ᠪᠠᠷᠬᠢᠷᠠᠭ᠎ᠠ᠂ ᠬᠠᠰᠬᠢᠷᠤᠭ᠎ᠠ᠃
- ᠊ᠬᠦᠳᠦᠷ᠄ ᠢᠴᠢᠭᠦᠲᠦᠷ᠃
- ᠊ᠪᠳᠦᠷ᠄ ᠶᠡᠬᠡᠪᠲᠦᠷ᠂ ᠤᠯᠠᠭᠠᠪᠲᠤᠷ᠂ ᠰᠢᠷᠠᠪᠲᠤᠷ᠃
- ᠊ᠳ᠄ ᠭᠦᠢᠴᠡᠳ᠃
- ᠪᠣᠷ᠄ ᠡᠭᠡᠪᠦᠷ᠂
- ᠪᠠᠰᠤᠨ᠄ ᠪᠣᠯᠪᠠᠰᠤᠨ᠃
- ᠊ᠷᠠᠭᠭ᠋(᠊ᠷᠭᠡᠭ)᠄ ᠠᠭᠤᠯᠠᠷᠬᠠᠭ᠂ ᠡᠯᠡᠰᠦᠷᠬᠡᠭ᠃
- ᠊ᠯᠠᠭᠭ᠋(᠊ᠯᠭᠡᠭ)᠄ ᠡᠷᠡᠯᠬᠡᠭ᠃
- ᠊ᠭᠠᠢ᠂ ᠬᠡᠢ᠄ ᠬᠡᠯᠡᠭᠡᠢ᠂ ᠬᠠᠩᠭᠠᠢ᠃
- ᠊ᠩ᠄ ᠳᠦᠭᠦᠷᠡᠩ᠂ ᠡᠭᠡᠳᠡᠩ᠃
- ᠊ᠭᠤᠯᠠᠩ᠂ ᠊ᠭᠥᠯᠡᠩ᠄ ᠥᠯᠥᠰᠬᠦᠯᠡᠩ᠂ ᠴᠠᠳᠬᠤᠯᠠᠩ᠂ᠦᠵᠡᠰᠬᠦᠯᠡᠩ᠃
- ᠊ᠯᠠᠩ᠄ ᠰᠡᠷᠭᠦᠯᠡᠩ᠂ ᠵᠣᠪᠠᠯᠠᠩ᠃
- ᠊ᠬᠠᠨ᠂ ᠊ᠬᠡᠨ᠄ ᠪᠠᠭᠠᠬᠠᠨ᠂ ᠶᠡᠬᠡᠬᠡᠨ᠃
- ᠷᠠᠢ᠄ ᠪᠠᠭᠤᠷᠠᠢ᠃
- ᠊ᠨᠴᠡ᠄ ᠥᠭᠡᠨᠴᠡ    ᠃
- ᠊ᠯ᠊ᠳᠡᠩ᠄ ᠭᠣᠵᠣᠢᠯᠳᠠᠩ
    ᠭᠡᠬᠦ ᠵᠡᠷᠭᠡ ᠪᠣᠯᠤᠨ᠎ᠠ᠃

   ᠦᠰᠦᠭ ᠠᠮᠢᠯᠠᠭᠤᠯᠤᠭᠴᠢ᠄ ᠠᠯᠲᠠᠨᠴᠢᠮᠡᠭ᠂ ᠮᠥᠩᠭᠥᠨ᠂ ᠪᠠᠢ᠂ ᠰᠠᠷᠠᠨ᠎ᠠ᠂ ᠪᠠᠶᠠᠨᠴᠡᠴᠡᠭ᠂ ᠨᠠᠷᠠᠨᠲᠤᠶᠠᠭ᠎ᠠ
   ᠬᠢᠨᠠᠭᠴᠢ᠄ ᠨᠠᠷᠠᠨ᠂ ᠰᠡᠬᠡᠭᠡᠷᠡᠯ᠂ ᠣᠳᠬᠠᠨᠰᠤ᠎ᠠ