ᠪᠠᠲᠤ ᠬᠠᠭᠠᠨ 2-02 ᠵᠠᠮ ᠳ᠋ᠤ᠌-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠬᠣᠶᠠᠷ ᠵᠠᠮ ᠳ᠋ᠤ᠌
᠁ ᠪᠡᠴᠢᠨ ᠵᠢᠯ ᠦ᠋ᠨ ᠬᠠᠪᠤᠷ᠂ ᠬᠣᠶᠠᠳᠤᠭᠠᠷ ᠳ᠋ᠵᠤᠮᠠᠳ᠋ ᠰᠠᠷ᠎ᠠ ᠳ᠋ᠤ᠌ ᠮᠣᠩᠭᠣᠯ ᠤ᠋ᠨ ᠬᠠᠨ ᠬᠥᠪᠡᠭᠦᠳ ᠨᠠᠷ ᠪᠦᠭᠦᠳᠡᠭᠡᠷ ᠢ᠋ᠶ᠋ᠡᠨ ᠥᠷᠥᠨ᠎ᠡ ᠵᠦᠭ ᠲᠦ᠍ ᠬᠥᠳᠡᠯᠵᠦ᠂ ᠵᠠᠮ ᠳ᠋ᠤ᠌ ᠵᠤᠨ ᠢ᠋ ᠪᠠᠷᠠᠨ ᠨᠠᠮᠤᠷ ᠪᠣᠯᠭᠠᠷᠢ ᠶ᠋ᠢᠨ ᠨᠤᠲᠤᠭ ᠲᠤ᠌᠂ ᠮᠥᠨ ᠨᠤᠲᠤᠭ ᠢ᠋ ᠬᠠᠷᠢᠶᠠᠯᠠᠭᠤᠯᠤᠭᠰᠠᠨ (ᠵᠥᠴᠢ ᠶ᠋ᠢᠨ ᠬᠥᠪᠡᠭᠦᠨ) ᠪᠠᠲᠤ᠂ ᠤᠷᠲᠤ ᠱᠸᠢ᠌ᠪᠠᠨᠢ ᠲᠠᠩᠭᠤᠳ ᠨᠠᠷ ᠤ᠋ᠨ ᠠᠶ᠋ᠢᠮᠠᠭ ᠤᠯᠤᠰ ᠲᠠᠢ ᠨᠡᠶ᠋ᠢᠯᠡᠵᠡᠢ᠃
(ᠷᠠᠰᠢᠳ᠋ ᠡᠳ᠋ — ᠳ᠋ᠢ᠍ᠨ᠂ ᠣᠨ ᠳᠠᠷᠠᠭᠠᠯᠠᠯ ᠤ᠋ᠨ ᠪᠢᠴᠢᠭ)
《ᠪᠢ ᠨᠢᠷᠭᠡᠬᠦ ᠦᠭᠡᠰ ᠦ᠋ᠨ ᠴᠠᠬᠢᠯᠬᠤ ᠴᠠᠬᠢᠯᠭᠠᠨ ᠢ᠋ ᠠᠯᠢ ᠡᠭᠦᠯᠡᠨ ᠡᠴᠡ ᠪᠠᠭᠤᠯᠭᠠᠨ ᠠᠪᠬᠤ ᠪᠣᠢ? ᠰᠡᠳᠬᠢᠯ ᠳᠣᠭᠳᠣᠯᠬᠤ ᠦᠨᠡᠨ ᠦ᠌ ᠪᠣᠳᠣᠯᠭ᠎ᠠ ᠶ᠋ᠢᠨ ᠮᠥᠩᠭᠥᠨ ᠰᠦᠷᠦᠭ ᠢ᠋ ᠠᠯᠢ ᠮᠡᠷᠭᠡᠨ ᠣᠨᠣᠯ ᠤ᠋ᠨ ᠨᠠᠭᠤᠷ ᠠ᠋ᠴᠠ ᠪᠡᠬᠢ ᠲᠣᠣᠷ ᠢ᠋ᠶ᠋ᠠᠷ ᠱᠦᠭᠦᠷᠳᠡᠨ ᠠᠪᠬᠤ ᠪᠣᠢ? ᠮᠣᠩᠭᠣᠯ ᠴᠡᠷᠢᠭ ᠦ᠋ᠨ ᠤᠷᠤᠭᠰᠢ ᠠᠯᠬᠤᠬᠤ ᠳᠣᠳᠣᠮ ᠲᠣᠬᠢᠶᠠᠯᠳᠤᠬᠤ ᠵᠣᠪᠠᠯᠠᠩ᠂ ᠴᠥᠬᠥᠷᠡᠯ᠂ ᠲᠠᠢᠳᠬᠤᠷᠠᠰᠢ ᠦᠭᠡᠢ ᠨᠢᠯᠪᠤᠰᠤ (ᠨᠢᠯᠪᠤᠰᠤᠨ ᠳ᠋ᠤ᠌ ) ᠭᠦᠨ᠎ᠡ ᠲᠠᠴᠢᠶᠠᠳᠠᠨ᠂ ᠦᠷᠦ ᠡᠪᠡᠳᠴᠦ᠂ ᠪᠤᠷᠤᠭᠤᠰᠢᠶᠠᠨ ᠵᠢᠭᠰᠢᠬᠦ ᠦᠵᠡᠭᠳᠡᠯ ᠢ᠋ ᠵᠢᠷᠤᠬᠤ ᠪᠤᠴᠠᠯᠠᠩ ᠳᠠᠪᠠᠷᠬᠠᠢ ᠲᠠᠢ ᠤᠯᠠᠢᠰᠮᠠᠯ ᠲᠣᠭᠣᠭ᠎ᠠ ᠶ᠋ᠢ ᠬᠠᠮᠢᠭ᠎ᠠ ᠠ᠋ᠴᠠ ᠣᠯᠬᠤ ᠪᠣᠢ? ᠡᠨᠡ ᠴᠡᠷᠢᠭ ᠵᠠᠮ ᠳ᠋ᠤ᠌ ᠳᠠᠭᠠᠷᠢᠯᠳᠤᠭᠰᠠᠨ ᠶᠠᠭᠤᠮ᠎ᠠ ᠪᠦᠬᠦᠨ ᠢ᠋ ᠵᠠᠯᠭᠢᠵᠤ ᠤᠰᠠᠳᠬᠠᠨ᠎ᠠ᠁ ᠬᠥᠮᠦᠨ ᠪᠦᠬᠦᠨ᠂ ᠡᠬᠡᠨᠡᠷ ᠬᠡᠦᠬᠡᠨ ᠪᠤᠶᠤ ᠬᠡᠦᠬᠡᠳ ᠴᠥᠮ᠂ ᠡᠨᠡᠷᠢᠬᠦ ᠰᠡᠳᠬᠢᠯ ᠦᠭᠡᠢ ᠴᠡᠷᠢᠭ ᠦ᠋ᠨ ᠠᠷᠠᠴᠢᠭ᠎ᠠ ᠦᠭᠡᠢ ᠣᠯᠵᠠ ᠪᠣᠯᠭᠠᠨ᠂ ᠡᠰᠡᠷᠭᠦᠴᠡᠪᠡᠯ ᠳᠠᠷᠤᠢ ᠠᠯᠠᠬᠤ᠂ ᠳᠠᠭᠠᠵᠤ ᠵᠠᠬᠢᠷᠤᠭᠳᠠᠪᠠᠯ ᠬᠦᠨᠳᠦ ᠪᠡᠷ ᠪᠣᠭᠣᠯᠴᠢᠯᠠᠬᠤ᠂ ᠤᠴᠠᠷᠠᠭᠰᠠᠨ ᠬᠥᠮᠦᠨ ᠢ᠋ ᠠᠪᠤᠷᠠᠬᠤ ᠶᠠᠭᠤᠮ᠎ᠠ ᠣᠭᠲᠣ ᠦᠭᠡᠢ᠃ ᠠᠯᠠᠬᠤ ᠰᠦᠢᠳᠬᠡᠬᠦ ᠮᠣᠩᠭᠣᠯ ᠤ᠋ᠨ ᠳᠥᠷᠪᠡᠨ ᠪᠤᠮᠠᠨ ᠳᠡᠭᠡᠷᠡᠮᠴᠢᠨ ᠠᠶᠤᠮᠰᠢᠭ ᠲᠠᠢ ᠪᠠᠷ ᠪᠠᠷᠬᠢᠷᠠᠬᠤ ᠳ᠋ᠤ᠌ ᠦᠯᠦ ᠴᠡᠴᠡᠷᠡᠬᠦ ᠵᠣᠷᠢᠭᠲᠤ ᠰᠠᠢᠨ ᠡᠷᠡᠰ ᠬᠠᠮᠢᠭ᠎ᠠ ᠪᠠᠢᠨᠠᠮ? ᠭᠠᠭᠴᠠ ᠪᠤᠯᠢᠶᠠᠬᠤ ᠳᠠᠷᠤᠯᠠᠬᠤ ᠶ᠋ᠢᠨ ᠬᠣᠢᠨ᠎ᠠ ᠠ᠋ᠴᠠ ᠤᠯᠠᠢᠬᠤ ᠲᠠᠯ᠎ᠠ ᠬᠡᠭᠡᠷ᠎ᠡ ᠶ᠋ᠢᠨ ᠰᠢᠨᠤᠬᠠᠢᠴᠤᠳ ᠢ᠋ ᠬᠡᠨ ᠬᠥᠭᠡᠭᠡᠨ ᠵᠠᠢᠯᠠᠭᠤᠯᠬᠤ ᠪᠣᠢ?᠁》ᠭᠡᠵᠡᠢ᠃
ᠬᠠᠳ᠋ᠵᠢ ᠷᠠᠾᠢᠮ ᠰᠦᠯᠵᠢᠮᠡᠯ ᠠᠷᠤᠭ ᠳᠣᠲᠣᠷ᠎ᠠ᠂ ᠡᠪᠦᠳᠦᠭ ᠳᠡᠭᠡᠷ᠎ᠡ ᠪᠡᠨ ᠰᠠᠮᠠᠷᠺᠠᠠᠳ᠋ ᠤ᠋ᠨ ᠰᠠᠷᠠᠯ ᠴᠠᠭᠠᠰᠤ ᠲᠠᠯᠪᠢᠵᠤ ᠠᠲᠤᠷᠢᠨ ᠰᠠᠭᠤᠵᠤ ᠢᠩᠭᠢᠵᠦ ᠪᠢᠴᠢᠭᠡᠳ《ᠵᠠᠮ ᠤ᠋ᠨ ᠲᠡᠮᠳᠡᠭᠯᠡᠯ 》 ᠢ᠋ᠶ᠋ᠡᠨ ᠬᠢᠴᠢᠶᠡᠨ ᠦᠷᠭᠦᠯᠵᠢᠯᠡᠪᠡ᠃ ᠲᠡᠮᠡᠭᠡ ᠨᠢ ᠰᠦᠪᠡᠭᠡᠲᠡᠢ ᠪᠠᠭᠠᠲᠤᠷ ᠤ᠋ᠨ ᠪᠡᠶ᠎ᠡ ᠬᠠᠮᠠᠭᠠᠯᠠᠬᠤ ᠮᠢᠩᠭᠠᠨ《ᠭᠠᠯᠵᠠᠭᠤ》ᠠ᠋ᠴᠠ ᠬᠣᠵᠢᠮᠳᠠᠯ ᠦᠭᠡᠢ ᠬᠣᠯᠠ ᠬᠣᠯᠠ ᠠᠯᠬᠤᠯᠠᠵᠤ ᠶᠠᠪᠤᠪᠠ᠃ ᠰᠦᠪᠡᠭᠡᠲᠡᠢ ᠪᠠᠭᠠᠲᠤᠷ ᠵᠢᠷᠣᠭ᠎ᠠ ᠬᠣᠯᠠ ᠮᠣᠷᠢ ᠲᠠᠢ ᠲᠦᠷᠦᠭᠦᠯᠡᠨ ᠥᠭᠰᠥᠬᠦ ᠳ᠋ᠡᠭᠡᠨ ᠶᠠᠪᠤᠳᠠᠯ ᠢ᠋ᠶ᠋ᠠᠨ ᠠᠯᠭᠤᠷᠯᠠᠵᠤ᠂ ᠬᠥᠲᠥᠯ ᠦ᠋ᠨ ᠬᠢᠷ᠎ᠠ ᠳᠡᠭᠡᠷ᠎ᠡ ᠵᠣᠭᠰᠣᠭᠠᠳ᠂ ᠲᠡᠭᠰᠢ ᠲᠠᠯᠠᠪᠠᠢ ᠳᠡᠭᠡᠭᠦᠷ ᠲᠦᠷᠭᠡᠬᠡᠨ ᠣᠳᠬᠤ ᠳ᠋ᠤ᠌᠂ ᠲᠡᠮᠡᠭᠡ ᠨᠠᠢᠭᠤᠨ ᠵᠥᠭᠡᠯᠡᠨ ᠶᠠᠪᠤᠳᠠᠯ ᠢ᠋ᠶ᠋ᠠᠷ ᠵᠢᠷᠣᠭᠠᠯᠠᠨ ᠶᠠᠪᠤᠵᠤ᠂ ᠠᠷᠤᠭ ᠤ᠋ᠨ ᠠᠮᠠᠰᠠᠷ ᠠ᠋ᠴᠠ ᠵᠢᠭᠤᠷᠠᠭᠰᠠᠨ ᠬᠠᠳ᠋ᠵᠢ ᠷᠠᠾᠢᠮ᠂ ᠨᠠᠽᠠᠷ ᠡᠪᠦᠭᠡᠨ ᠬᠣᠶᠠᠷ ᠢ᠋ ᠨᠠᠰᠢ ᠴᠠᠰᠢ ᠬᠣᠯᠬᠢᠭᠤᠯᠵᠤ ᠪᠠᠢᠯ᠎ᠠ᠃
ᠬᠠᠳ᠋ᠵᠢ ᠷᠠᠾᠢᠮ ᠤ᠋ᠨ ᠪᠢᠴᠢᠭᠰᠡᠨ ᠨᠢ᠄
《᠁ ᠴᠡᠷᠢᠭ ᠬᠠᠪᠤᠷ᠂ ᠰᠢᠬ᠌ᠨᠡᠺ ᠠ᠋ᠴᠠ ᠪᠠᠷᠠᠭᠤᠨ ᠵᠦᠭ ᠲᠦ᠍ ᠬᠥᠳᠡᠯᠵᠦ᠂ ᠪᠣᠷᠣᠭᠠᠨ ᠦᠭᠡᠢ ᠭᠠᠩ ᠲᠠᠢ ᠬᠠᠯᠠᠭᠤᠨ ᠵᠤᠨ ᠤ᠋ ᠲᠤᠷᠰᠢ ᠶᠠᠪᠤᠪᠠ᠃ ᠣᠯᠠᠨ ᠵᠠᠭᠤᠨ ᠵᠢᠯ ᠳ᠋ᠦ᠍ ᠲᠣᠭᠲᠠᠭᠰᠠᠨ ᠵᠠᠮ᠂ ᠲᠠᠯ᠎ᠠ ᠶ᠋ᠢᠨ ᠨᠢᠭᠡᠨ ᠭᠣᠣᠯ ᠠ᠋ᠴᠠ ᠨᠥᠭᠦᠭᠡ ᠳ᠋ᠦ᠍ ᠬᠦᠷᠬᠦ ᠲᠤᠯᠠ ᠣᠯᠠᠨ ᠵᠠᠭᠤᠨ ᠠᠳᠤᠭᠤ ᠥᠯᠥᠰᠬᠦ ᠴᠠᠩᠭᠠᠬᠤ ᠨᠢ ᠭᠠᠢᠭᠤᠢ᠂ ᠲᠠᠯ᠎ᠠ ᠳᠡᠭᠡᠷ᠎ᠡ ᠬᠠᠪᠤᠷ ᠤ᠋ᠨ ᠴᠣᠷᠪᠣ ᠨᠤᠭᠤ ᠬᠥᠬᠡᠷᠡᠵᠦ᠂ ᠴᠠᠰᠢ ᠶᠠᠪᠤᠬᠤ ᠳᠣᠳᠣᠮ ᠬᠠᠪᠤᠷ ᠤ᠋ᠨ ᠦᠶᠡᠷ ᠦ᠋ᠨ ᠳᠠᠷᠠᠭ᠎ᠠ ᠲᠣᠭᠲᠠᠭᠰᠠᠨ ᠨᠤᠭᠤ᠂ ᠨᠠᠮᠤᠭ᠂ ᠵᠡᠭᠡᠰᠦ ᠲᠡᠢ ᠭᠣᠣᠯ ᠤᠯᠠᠮ ᠣᠯᠠᠰᠢᠷᠠᠬᠤ ᠳ᠋ᠤ᠌ ᠲᠠᠲ᠋ᠠᠷ ᠤ᠋ᠨ ᠲᠡᠰᠪᠦᠷᠢ ᠲᠡᠢ ᠠᠭᠲᠠ ᠶ᠋ᠢᠨ ᠲᠡᠵᠢᠭᠡᠯ ᠬᠦᠷᠦᠯᠴᠡᠬᠦᠢᠴᠡ ᠪᠠᠢᠨ᠎ᠠ᠃
ᠨᠢᠭᠡ ᠪᠦᠷᠢ ᠮᠣᠷᠢᠲᠤ ᠲᠦᠮᠡᠨ ᠴᠡᠷᠢᠭ ᠲᠡᠢ ᠭᠤᠴᠢᠨ ᠭᠤᠷᠪᠠᠨ ᠲᠦᠮᠡᠲᠦ ᠭᠤᠴᠢᠨ ᠭᠤᠷᠪᠠᠨ ᠵᠠᠮ ᠢ᠋ᠶ᠋ᠠᠷ ᠦᠶᠡᠷ ᠮᠡᠲᠦ ᠤᠷᠤᠰᠬᠠᠬᠤ ᠳ᠋ᠤ᠌ ᠮᠣᠩᠭᠣᠯ ᠡᠷᠳᠡᠮ ᠢ᠋ ᠰᠤᠳᠤᠯᠤᠭᠰᠠᠨ ᠲᠦᠮᠡᠲᠦ ᠶ᠋ᠢᠨ ᠳᠠᠷᠤᠭ᠎ᠠ ᠨᠠᠷ ᠢ᠋ ᠲᠤᠰ ᠲᠤᠰ ᠲᠣᠮᠢᠯᠠᠵᠤ ᠪᠢᠯᠡ᠃ ᠲᠦᠮᠡᠲᠦ ᠶ᠋ᠢᠨ ᠳᠠᠷᠤᠭ᠎ᠠ ᠨᠠᠷ ᠴᠡᠷᠢᠭ ᠢ᠋ ᠵᠠᠬᠢᠷᠤᠨ ᠲᠦᠷᠦᠭᠦᠯᠡᠵᠦ ᠪᠠᠭᠤᠳᠠᠯ ᠢ᠋ ᠵᠢᠭᠠᠬᠤ᠂ ᠬᠠᠢᠭᠤᠯᠴᠢᠨ ᠵᠠᠷᠤᠯᠭ᠎ᠠ ᠨᠠᠷ ᠢ᠋ ᠢᠯᠡᠬᠡᠨ᠂ ᠶᠡᠷᠦᠩᠬᠡᠢ ᠵᠢᠯᠣᠭᠣᠳᠤᠭᠴᠢ ᠶ᠋ᠢᠨ ᠶᠣᠰᠣᠭᠠᠷ ᠪᠦᠬᠦ ᠴᠡᠷᠢᠭ ᠢ᠋ ᠠᠶᠠᠨ ᠲᠡᠢᠨ ᠳ᠋ᠦ᠍ ᠤᠳᠤᠷᠢᠳᠬᠤ ᠰᠥᠪᠡᠭᠡᠳᠡᠢ ᠪᠠᠭᠠᠲᠤᠷ ᠲᠠᠢ ᠬᠠᠷᠢᠯᠴᠠᠨ ᠶᠠᠷᠢᠯᠴᠠᠳᠠᠭ ᠪᠠᠢᠨ᠎ᠠ᠃ ᠲᠦᠮᠡᠲᠦ ᠪᠦᠷᠢ ᠡᠴᠡ ᠶᠢᠰᠦᠨ ᠬᠣᠨᠣᠭ ᠳᠣᠳᠣᠮ ᠰᠥᠪᠡᠭᠡᠳᠡᠢ ᠪᠠᠭᠠᠲᠤᠷ ᠲᠤ᠌ ᠡᠯᠴᠢ ᠵᠠᠷᠤᠯᠭ᠎ᠠ ᠢᠷᠡᠵᠦ ᠥᠪᠡᠷ ᠬᠢᠨᠢ ᠴᠡᠷᠢᠭ ᠬᠠᠮᠢᠭ᠎ᠠ᠂ ᠱᠣᠩᠬᠣᠷ ᠪᠤᠶᠤ ᠲᠠᠢᠭ᠎ᠠ ᠪᠠᠷ ᠬᠡᠷᠬᠢᠨ ᠠᠩ ᠬᠢᠵᠦ ᠪᠠᠢᠭ᠎ᠠ᠂ ᠴᠢᠩᠭᠢᠰ ᠦ᠋ᠨ ᠠᠴᠢ ᠨᠠᠷ ᠬᠡᠷᠬᠢᠨ ᠬᠣᠭᠣᠯᠠ ᠢᠳᠡᠵᠦ ᠴᠠᠭ ᠢ᠋ ᠬᠡᠷᠬᠢᠨ ᠥᠩᠭᠡᠷᠡᠭᠦᠯᠳᠡᠭ᠂ ᠴᠠᠰᠢ ᠠᠯᠢ ᠵᠠᠮ ᠢ᠋ᠶ᠋ᠠᠷ ᠵᠣᠷᠴᠢᠬᠤ᠂ ᠵᠠᠮ ᠳ᠋ᠤ᠌ ᠠᠭᠲᠠᠨ ᠤ᠋ ᠢᠳᠡᠰᠢ ᠬᠢᠷᠢ ᠵᠡᠷᠭᠡ ᠪᠣᠢ᠂ ᠠᠭᠲᠠ ᠠᠯᠢ ᠬᠢᠷᠢ ᠲᠠᠷᠭᠤᠨ᠂ ᠬᠠᠪᠢᠷᠭᠠᠨ ᠳᠡᠭᠡᠷ᠎ᠡ ᠪᠡᠨ ᠥᠭᠡᠬᠦ ᠲᠡᠢ ᠡᠰᠡᠬᠦ ᠶ᠋ᠢ ᠢᠯᠡᠳᠬᠡᠨ ᠲᠣᠭᠠᠴᠢᠳᠠᠭ ᠪᠠᠢᠵᠠᠢ᠃
ᠰᠥᠪᠡᠭᠡᠳᠡᠢ᠂ ᠴᠥᠮ ᠦ᠋ᠨ ᠦᠭᠡ ᠶ᠋ᠢ ᠠᠩᠬᠠᠷᠤᠨ ᠴᠢᠩᠨᠠᠵᠤ ᠲᠣᠯᠣᠭᠠᠢ ᠰᠡᠭᠰᠦᠷᠦᠨ < ᠰᠣᠨᠣᠰᠴᠤ ᠪᠠᠢᠨ᠎ᠠ᠂ ᠰᠣᠨᠣᠰᠴᠤ ᠪᠠᠢᠨ᠎ᠠ > ᠭᠡᠳᠡᠭ᠃ ᠬᠡᠵᠢᠶ᠎ᠡ ᠴᠦ᠍ ᠰᠠᠢᠰᠢᠶᠠᠬᠤ ᠦᠭᠡᠢ ᠬᠠᠷᠢᠨ ᠤᠴᠠᠭᠠᠷᠯᠠᠨ ᠲᠤᠷᠰᠢᠵᠤ᠂ ᠡᠯᠴᠢ ᠨᠠᠷ ᠠ᠋ᠴᠠ ᠺᠢᠫᠴᠠᠺ ᠤ᠋ᠨ ᠠᠯᠢ ᠠᠯᠢ ᠬᠠᠭᠠᠨ ᠨᠢ᠂ ᠬᠠᠭᠠᠨ ᠤ᠋ ᠠᠴᠢ ᠨᠠᠷ ᠤ᠋ᠨ ᠮᠡᠨᠳᠦ ᠶ᠋ᠢ ᠮᠡᠳᠡᠬᠦ ᠪᠡᠷ ᠵᠣᠯᠭᠠᠵᠤ᠂ ᠶᠠᠭᠤᠨ ᠤ᠋ ᠲᠤᠬᠠᠢ ᠰᠢᠪᠡᠨᠡᠨ ᠶᠠᠷᠢᠳᠠᠭ ᠢ᠋ ᠠᠰᠠᠭᠤᠳᠠᠭ ᠠᠵᠢ᠃ ᠬᠡᠷᠪᠡ ᠡᠯᠴᠢ ᠨᠠᠷ< ᠮᠡᠳᠡᠬᠦ ᠦᠭᠡᠢ > ᠭᠡᠪᠡᠯ ᠰᠥᠪᠡᠭᠡᠳᠡᠢ ᠭᠠᠷ ᠢ᠋ᠶ᠋ᠠᠨ ᠵᠠᠩᠭᠢᠳᠤᠨ᠂ ᠡᠪᠦᠳᠦᠭ ᠢ᠋ᠶ᠋ᠡᠨ ᠳᠡᠯᠡᠰᠴᠦ᠂ ᠡᠯᠴᠢ ᠨᠠᠷ ᠢ᠋ ᠬᠥᠭᠡᠭᠡᠨ᠂ ᠳᠠᠬᠢᠨ ᠢᠷᠡᠬᠦ ᠶ᠋ᠢ ᠵᠣᠭᠰᠣᠭᠠᠨ᠎ᠠ᠃
ᠪᠠᠲᠤ ᠬᠠᠭᠠᠨ᠂ ᠭᠠᠭᠴᠠᠬᠠᠨ ᠰᠦᠪᠡᠭᠡᠲᠡᠢ ᠪᠠᠭᠠᠲᠤᠷ ᠤ᠋ᠨ ᠬᠠᠮᠲᠤ ᠦᠵᠡᠭᠳᠡᠨ᠎ᠡ᠃ ᠰᠥᠪᠡᠭᠡᠳᠡᠢ ᠪᠠᠭᠠᠲᠤᠷ ᠰᠢᠷᠦᠭᠦᠨ ᠥᠷᠥᠭᠡᠰᠦᠨ ᠨᠢᠳᠦᠲᠦ ᠵᠠᠩᠵᠤᠨ ᠤ᠋ ᠬᠡᠯᠡᠭᠰᠡᠨ ᠦᠭᠡ ᠶ᠋ᠢ ᠮᠡᠷᠭᠡᠨ ᠪᠠᠭᠰᠢ ᠶ᠋ᠢᠨ ᠬᠡᠯᠡᠭᠰᠡᠨ ᠰᠢᠭ ᠢ᠋ᠶ᠋ᠡᠷ ᠬᠦᠯᠢᠶᠡᠨ ᠳᠠᠭᠠᠳᠠᠭ᠃ ᠰᠥᠪᠡᠭᠡᠳᠡᠢ ᠪᠠᠭᠠᠲᠤᠷ ᠪᠣᠯ ᠪᠠᠲᠤ ᠬᠠᠭᠠᠨ ᠠ᠋ᠴᠠ ᠢᠯᠡᠭᠦᠦ ᠤᠬᠠᠭᠠᠨ ᠲᠠᠢ᠂ ᠢᠯᠡᠭᠦᠦ ᠲᠤᠷᠰᠢᠯᠭ᠎ᠠ ᠲᠠᠢ ᠪᠣᠯᠤᠯᠲᠠᠢ ᠬᠠᠷᠢᠯᠴᠠᠳᠠᠭ᠃ ᠶᠠᠷᠢᠯᠴᠠᠬᠤ ᠳ᠋ᠠᠭᠠᠨ ᠡᠪᠦᠭᠡᠨ᠂ ᠪᠠᠲᠤ ᠬᠠᠭᠠᠨ ᠢ᠋ ᠪᠣᠭᠳᠠ ᠴᠢᠩᠭᠢᠰ ᠦ᠋ᠨ ᠠᠴᠢ ᠭᠡᠵᠦ ᠬᠥᠨᠳᠡᠯᠡᠨ (ᠬᠦᠨᠳᠦᠯᠡᠨ ) ᠭᠠᠵᠠᠷ ᠲᠤ᠌ ᠱᠦᠷᠭᠦᠭᠡᠨ ᠪᠥᠬᠥᠢᠳᠡᠭ ᠠᠵᠢ᠃
ᠪᠠᠲᠤ ᠬᠠᠭᠠᠨ ᠳ᠋ᠤ᠌ ᠪᠡᠶ᠎ᠡ ᠬᠠᠮᠠᠭᠠᠯᠠᠬᠤ ᠮᠢᠩᠭᠠᠨ ᠳᠠᠭᠠᠭᠤᠯᠢ ᠪᠠᠢᠵᠠᠢ᠂ ᠲᠡᠳᠡᠨ ᠢ᠋ ᠦᠯᠦ ᠳᠡᠢᠯᠦᠭᠳᠡᠭᠴᠢᠳ ᠭᠡᠵᠦ ᠨᠡᠷᠡᠢᠳᠴᠡᠢ᠃ ᠡᠨᠡ ᠵᠣᠷᠢᠭᠲᠤ ᠮᠣᠷᠢᠲᠤ ᠴᠡᠷᠢᠭ ᠦ᠋ᠨ ᠬᠠᠭᠠᠰ ᠨᠢ ᠵᠡᠭᠡᠷᠳᠡ ᠮᠣᠷᠢᠲᠠᠢ᠂ ᠬᠠᠭᠠᠰ ᠨᠢ ᠬᠡᠭᠡᠷ ᠮᠣᠷᠢᠲᠠᠢ᠂ ᠠᠶᠠᠨ ᠲᠡᠢᠨ ᠦ᠌ ᠪᠦᠷ ᠡᠬᠢᠨ ᠡᠴᠡ ᠬᠡᠭᠡᠷ ᠮᠣᠷᠢᠲᠠᠨ ᠨᠢᠭᠡᠨ ᠵᠠᠭᠤᠲᠤ ᠶ᠋ᠢᠨ ᠵᠠᠬᠢᠷᠤᠯ ᠳ᠋ᠤ᠌ ᠵᠠᠯᠠᠭᠤ ᠴᠡᠷᠢᠭ ᠠᠷᠠᠫᠱᠠ ᠲᠣᠮᠢᠯᠠᠭᠳᠠᠭᠰᠠᠨ ᠪᠥᠭᠡᠳ ᠪᠠᠲᠤ ᠬᠠᠭᠠᠨ ᠲᠡᠭᠦᠨ ᠢ᠋ ᠥᠷᠥᠰᠢᠶᠡᠵᠦ ᠳᠣᠲᠣᠨᠣᠴᠢᠯᠠᠨ᠂ ᠤᠳᠤᠷᠢᠳᠤᠭᠴᠢ ᠶ᠋ᠢ ᠰᠣᠩᠭᠣᠬᠤ ᠡᠳᠦᠷ ᠵᠠᠯᠠᠭᠤ ᠳ᠋ᠵᠢᠬᠠᠩᠬᠢᠷ ᠤ᠋ᠨ ᠠᠮᠢ ᠶ᠋ᠢ ᠠᠪᠤᠷᠠᠭᠰᠠᠨ ᠠ᠋ᠴᠠ ᠬᠣᠢᠰᠢ ᠠᠷᠠᠫᠱᠠ ᠶ᠋ᠢ ᠨᠤᠲᠠᠳᠠ ᠢᠲᠡᠭᠡᠮᠵᠢᠯᠡᠵᠡᠢ᠃
ᠠᠷᠠᠫᠱᠠ ᠥᠪᠡᠷ ᠦ᠋ᠨ ᠵᠠᠭᠤᠲᠤ ᠪᠠᠨ ᠠᠪᠴᠤ᠂ ᠪᠠᠲᠤ ᠬᠠᠭᠠᠨ ᠢ᠋ ᠭᠠᠵᠠᠷ ᠪᠦᠬᠦᠨ᠎ᠡ ᠳᠠᠭᠠᠵᠤ ᠰᠥᠨᠢ ᠨᠣᠢᠷᠰᠤᠬᠤ ᠳ᠋ᠤᠨᠢ ᠮᠠᠨᠠᠳᠠᠭ ᠪᠢᠯᠡ᠃
ᠰᠦᠪᠡᠭᠡᠳᠡᠢ ᠪᠠᠭᠠᠲᠤᠷ ᠲᠤ᠌ ᠥᠪᠡᠷ ᠦ᠋ᠨ ᠲᠦᠮᠡᠲᠦ ᠪᠣᠢ᠃ ᠲᠡᠭᠦᠨ ᠦ᠌ ᠪᠡᠶ᠎ᠡ ᠬᠠᠮᠠᠭᠠᠯᠠᠬᠤ ᠮᠢᠩᠭᠠᠨ ᠴᠡᠷᠢᠭ ᠨᠢ<ᠭᠠᠯᠵᠠᠭᠤ> ᠭᠡᠳᠡᠭ ᠬᠣᠴᠢ ᠲᠠᠢ᠂ ᠲᠡᠳᠡ ᠰᠦᠪᠡᠭᠡᠳᠡᠢ ᠪᠠᠭᠠᠲᠤᠷ ᠤ᠋ᠨ ᠬᠠᠮᠲᠤ ᠲᠡᠭᠦᠨ ᠦ᠌ ᠠᠶᠠᠨ ᠲᠡᠢᠨ ᠳ᠋ᠦ᠍ ᠶᠠᠪᠤᠵᠤ ᠪᠠᠢᠭᠰᠠᠨ ᠪᠥᠭᠡᠳ ᠥᠪᠡᠷ ᠦ᠋ᠨ ᠵᠢᠯᠣᠭᠣᠳᠤᠭᠴᠢ ᠶ᠋ᠢᠨ ᠬᠠᠮᠤᠭ ᠤ᠋ᠨ ᠠᠶᠤᠯᠲᠠᠢ ᠲᠤᠰᠢᠶᠠᠯ ᠢ᠋ ᠴᠥ᠍ ᠵᠥᠷᠢᠴᠡᠯ ᠦᠭᠡᠢ ᠪᠡᠶᠡᠯᠡᠭᠦᠯᠬᠦ ᠳ᠋ᠦ᠍ ᠪᠡᠯᠡᠬᠡᠨ᠃ ᠭᠡᠲᠡᠯ᠎ᠡ ᠲᠡᠳᠡᠨ ᠢ᠋ ᠲᠤᠰᠬᠠᠢ ᠪᠠᠭ ᠴᠡᠷᠢᠭ ᠦ᠋ᠨ ᠵᠠᠬᠢᠷᠤᠯ ᠪᠣᠯᠭᠠᠬᠤ ᠪᠠᠷ ᠪᠡᠯᠡᠳᠬᠡᠳᠡᠭ ᠡᠢᠮᠦ ᠵᠢᠷᠤᠮ ᠢ᠋ ᠳᠡᠯᠡᠬᠡᠢ ᠳ᠋ᠠᠬᠢᠨ ᠢ᠋ ᠳᠣᠩᠰᠣᠯᠭᠠᠭᠴᠢ ᠴᠢᠩᠭᠢᠰ ᠬᠠᠭᠠᠨ ᠢ᠋ ᠠᠮᠢᠳᠤ ᠪᠠᠢᠬᠤ ᠳ᠋ᠤ᠌ ᠰᠦᠪᠡᠭᠡᠳᠡᠢ ᠪᠠᠭᠠᠲᠤᠷ ᠲᠣᠭᠲᠠᠭᠠᠨ᠎ᠠ᠁》 ᠭᠡᠵᠡᠢ᠃
ᠦᠰᠦᠭ ᠠᠮᠢᠯᠠᠭᠤᠯᠤᠭᠴᠢ᠄ ᠠᠷᠢᠭᠤᠨ᠂ ᠠᠯᠲᠠᠨᠴᠢᠮᠡᠭ᠂ ᠡᠷᠳᠡᠨᠢᠭᠣᠸ᠎ᠠ᠂ ᠪᠠᠶᠠᠨᠴᠡᠴᠡᠭ
ᠬᠢᠨᠠᠭᠴᠢ᠄ ᠪᠠᠯ᠂ ᠠᠷᠢᠭᠤᠨ᠂ ᠠᠯᠲᠠᠨᠴᠢᠮᠡᠭ