ᠪᠠᠲᠤ ᠬᠠᠭᠠᠨ 3-11ᠣᠷᠣᠰ ᠤ᠋ᠨ ᠠᠩᠬᠠᠳᠤᠭᠠᠷ ᠣᠯᠵᠠᠯᠠᠭᠳᠠᠭᠰᠠᠨ ᠬᠥᠮᠦᠨ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ
ᠠᠩᠭᠢᠯᠠᠯ:ᠲᠤᠭᠤᠵᠢ ᠷᠣᠮᠠᠨТоож роман 2025-10-13
233
ᠠᠷᠪᠠ ᠨᠢᠭᠡ ᠣᠷᠣᠰ ᠤ᠋ᠨ ᠠᠩᠬᠠᠳᠤᠭᠠᠷ ᠣᠯᠵᠠᠯᠠᠭᠳᠠᠭᠰᠠᠨ ᠬᠥᠮᠦᠨ ᠰᠥᠨᠢ ᠳᠤᠮᠳᠠ ᠶ᠋ᠢᠨ ᠠᠯᠲᠠ ᠳ᠋ᠤ᠌ ᠵᠠᠮᠴᠢᠨ ᠰᠸᠨ᠋ᠲ᠋ᠶᠠᠺ᠂ ᠺᠢᠫᠴᠠᠺ ᠤ᠋ᠳ ᠣᠷᠣᠰ ᠤ᠋ᠳ ᠢ᠋ ᠣᠢ ᠶ᠋ᠢᠨ ᠴᠠᠭᠠᠨ᠎ᠠ ᠠ᠋ᠴᠠ ᠳᠣᠪᠲᠣᠯᠤᠭᠰᠠᠨ ᠲᠤᠬᠠᠢ ᠶᠠᠷᠢᠵᠤ ᠪᠠᠢᠪᠠ᠃ ᠴᠡᠷᠢᠭ ᠦ᠋ᠳ ᠭᠠᠯ ᠢ᠋ᠶ᠋ᠠᠨ ᠲᠣᠭᠣᠷᠢᠨ ᠬᠡᠪᠲᠡᠵᠡᠭᠡᠨ ᠵᠡᠭᠦᠷᠮᠡᠭᠯᠡᠵᠡᠭᠡᠨ ᠲᠡᠭᠦᠨ ᠦ᠌ ᠦᠯᠢᠭᠡᠷ ᠢ᠋ ᠰᠣᠨᠣᠰᠴᠤ ᠪᠠᠢᠯ᠎ᠠ᠃ ᠬᠦᠢᠲᠡᠨ ᠴᠢᠩᠭᠠᠷᠠᠵᠤ ᠬᠥᠩᠭᠡᠨ ᠴᠠᠰᠤ ᠭᠠᠵᠠᠷ ᠳᠡᠭᠡᠷ᠎ᠡ ᠬᠤᠢᠯᠠᠷᠠᠨ ᠬᠡᠪᠲᠡᠵᠦ ᠪᠣᠢ ᠬᠥᠮᠦᠰ ᠢ᠋ ᠳᠠᠷᠤᠨ᠎ᠠ᠃ ᠵᠠᠭᠤᠨ ᠤ᠋...