ᠲᠡᠮᠦᠵᠢᠨ – ᠪᠠᠭᠳᠠᠳ᠋ ᠤᠨ ᠬᠠᠷ᠎ᠠ ᠰᠡᠭᠦᠳᠡᠷ - ᠴᠢᠩᠭᠢᠰ ᠬᠠᠭᠠᠨ ᠊ᠤ᠌ ᠨᠢᠭᠤᠴᠠ ᠲᠡᠦᠬᠡ 28 Тэмүүжин – Багдадын хар сүүдэр - Чингис хаан оо нууц түүх 28
ᠪᠠᠭᠳᠠᠳ᠋ ᠤ᠋ᠨ ᠬᠠᠷ᠎ᠠ ᠰᠡᠭᠦᠳᠡᠷ
| ᠬᠠᠭᠠᠨᠲᠠᠨ ᠲᠠ ᠶᠠᠭᠤᠨ ᠳ᠋ᠤ᠌ ᠢᠩᠭᠢᠵᠦ ᠡᠳᠦᠷᠵᠢᠨ ᠭᠠᠵᠠᠷ ᠴᠢᠯᠡᠲᠡᠯ᠎ᠡ ᠰᠠᠭᠤᠨ᠎ᠠ ᠪᠣᠢ? ᠭᠡᠵᠦ ᠵᠥᠭᠡᠯᠡᠬᠡᠨ ᠠᠰᠠᠭᠤᠪᠠ᠃
| ᠨᠠᠮᠠᠶ᠋ᠢ ᠰᠠᠭᠤᠭᠰᠠᠭᠠᠷ ᠪᠠᠢᠲᠠᠯ᠎ᠠ ᠲᠠᠩᠭᠤᠳ ᠤ᠋ᠨ ᠡᠨᠡ ᠲᠠᠯ᠎ᠠ ᠬᠣᠲᠣᠢᠵᠤ ᠦᠵᠡᠭᠳᠡᠨ᠎ᠡ ᠤᠤ? ᠭᠡᠵᠦ ᠴᠢᠩᠭᠢᠰ ᠬᠠᠭᠠᠨ ᠢᠨᠢᠶᠡᠬᠦ ᠠᠶᠠᠳᠠᠭᠰᠠᠨ ᠴᠤ᠌ ᠴᠢᠷᠠᠢ ᠵᠢᠰᠦ᠂ ᠳᠠᠭᠤᠨ ᠠ᠋ᠴᠠ ᠨᠢ ᠭᠦᠨᠵᠡᠭᠡᠢ ᠭᠤᠨᠢᠭ ᠰᠠᠯᠤᠭᠰᠠᠨ ᠦᠭᠡᠢ᠃
| ᠬᠠᠭᠠᠨᠲᠠᠨ ᠮᠢᠨᠢ ᠳᠡᠮᠡᠢ ᠰᠠᠭᠤᠭᠰᠠᠭᠠᠷ ᠲᠠᠨ ᠢ᠋ ᠴᠢᠯᠡᠬᠦ ᠪᠣᠢ ᠭᠡᠵᠦ ᠰᠠᠨᠠᠭ᠎ᠠ ᠵᠣᠪᠠᠬᠤ ᠲᠤᠯᠠ ᠬᠡᠯᠡᠯ᠎ᠡ᠃ ᠡᠢᠮᠦ ᠦᠭᠡ ᠶ᠋ᠢ ᠡᠨᠳᠡ ᠨᠠᠳᠠ ᠠ᠋ᠴᠠ ᠥᠭᠡᠷ᠎ᠡ ᠬᠡᠨ ᠲᠠᠨ ᠳ᠋ᠤ᠌ ᠬᠡᠯᠡᠬᠦ ᠪᠢᠯᠡ? ᠵᠡᠯᠮ᠎ᠡ ᠪᠠᠢᠭᠰᠠᠨ ᠪᠣᠯ ᠯᠠᠪ ᠮᠢᠨᠦ ᠦᠭᠡ ᠶ᠋ᠢ ᠬᠡᠯᠡᠬᠦ ᠪᠠᠢᠭᠰᠠᠨ ᠪᠢᠵᠡ᠃ ᠭᠡᠪᠡᠴᠦ ᠤᠷᠢᠶᠠᠩᠬᠠᠢ ᠶ᠋ᠢᠨ ᠰᠠᠢᠨ ᠵᠡᠯᠮ᠎ᠡ ᠬᠡᠪᠲᠡᠷᠢ ᠳ᠋ᠦ᠍ ᠣᠷᠣᠭᠠᠳ ᠤᠳᠠᠯ᠎ᠠ᠃ ᠰᠦᠪᠡᠭᠡᠳᠡᠢ ᠬᠣᠯᠠ ᠰᠠᠭᠤᠬᠤ ᠲᠤᠯᠠ ᠪᠢᠳᠡᠨ ᠦ᠌ ᠵᠣᠪᠠᠯᠠᠩ ᠢ᠋ ᠮᠡᠳᠡᠬᠦ ᠦᠭᠡᠢ᠃ ᠪᠣᠷᠣᠬᠤᠯ ᠴᠤ᠌ ᠦᠭᠡᠢ ᠪᠣᠯᠪᠠ᠃ ᠵᠡᠪᠡ ᠴᠦ᠍ ᠦᠭᠡᠢ ᠪᠣᠯᠪᠠ᠃ ᠣᠳᠣ ᠡᠢᠮᠦ ᠦᠭᠡ ᠶ᠋ᠢ ᠪᠤᠭᠤᠷᠴᠢ ᠨᠠᠳᠠ ᠠ᠋ᠴᠠ ᠥᠭᠡᠷ᠎ᠡ ᠬᠡᠨ ᠬᠡᠯᠡᠬᠦ ᠪᠢᠯᠡ ᠳᠠ? ᠪᠣᠯᠴᠢᠮ ᠦᠭᠡᠢ ᠦᠭᠡ ᠬᠡᠯᠡᠭᠰᠡᠨ ᠪᠣᠯ ᠲᠠ ᠨᠠᠮᠠᠶ᠋ᠢ ᠥᠷᠥᠰᠢᠶᠡᠭᠲᠦᠨ ᠭᠡᠵᠦ ᠬᠡᠯᠡᠬᠦ ᠳ᠋ᠦ᠍ ᠴᠢᠩᠭᠢᠰ ᠬᠠᠭᠠᠨ ᠤᠰᠤ ᠭᠦᠶᠦᠭᠰᠡᠨ ᠨᠢᠳᠦ ᠪᠡᠷ ᠲᠡᠭᠦᠨ ᠢ᠋ ᠤᠳᠠᠭᠠᠨ ᠰᠢᠷᠲᠡᠭᠡᠳ
| ᠪᠤᠭᠤᠷᠴᠢ ᠴᠢ ᠦᠨᠡᠨ ᠦᠭᠡ ᠬᠡᠯᠡᠯ᠎ᠡ᠃ ᠬᠠᠷ᠎ᠠ ᠪᠠᠭ᠎ᠠ ᠶ᠋ᠢᠨ ᠠᠨᠳᠠ᠂ ᠬᠠᠯᠠᠭᠤᠨ ᠰᠡᠳᠬᠢᠯᠲᠦ ᠨᠥᠬᠥᠳ ᠢ᠋ ᠮᠢᠨᠢ ᠳᠤᠷᠠᠰᠴᠤ ᠬᠠᠮᠤᠭ ᠴᠢᠰᠤ ᠶ᠋ᠢ ᠮᠢᠨᠢ ᠴᠢ ᠬᠥᠳᠡᠯᠭᠡᠯᠡ ᠭᠡᠵᠦ ᠠᠷᠠᠢ ᠶᠠᠳᠠᠨ ᠰᠢᠪᠡᠨᠡᠪᠡ᠃ ᠴᠢᠩᠭᠢᠰ ᠬᠠᠭᠠᠨ ᠤ᠋ ᠡᠨᠡ ᠪᠠᠢᠳᠠᠯ ᠢ᠋ ᠦᠵᠡᠭᠡᠳ ᠪᠤᠭᠤᠷᠴᠢ ᠳᠡᠮᠡᠢ ᠲᠡᠨᠡᠭ ᠦᠭᠡ ᠪᠣᠳᠣᠯᠭ᠎ᠠ ᠦᠭᠡᠢ ᠬᠡᠯᠡᠭᠰᠡᠨ ᠢ᠋ᠶ᠋ᠡᠨ ᠣᠢᠯᠠᠭᠠᠭᠰᠠᠨ ᠴᠤ᠌ ᠣᠷᠣᠢᠲᠠᠵᠠᠢ᠃ ᠬᠡᠯᠡᠭᠰᠡᠨ ᠦᠭᠡᠨ ᠡᠴᠡ ᠪᠡᠨ ᠪᠣᠯᠵᠤ ᠪᠤᠭᠤᠷᠴᠢ ᠶᠡᠬᠡᠳᠡ ᠭᠡᠮᠰᠢᠨ ᠰᠢᠨᠠᠯᠬᠤ ᠶ᠋ᠢ ᠴᠢᠩᠭᠢᠰ ᠬᠠᠭᠠᠨ ᠣᠯᠵᠤ ᠦᠵᠡᠭᠡᠳ ᠲᠡᠭᠦᠨ ᠢ᠋ ᠲᠠᠢᠪᠤᠰᠢᠷᠠᠭᠤᠯᠵᠠᠢ᠃
| ᠪᠤᠭᠤᠷᠴᠢ ᠴᠢ ᠥᠪᠡᠷ ᠢ᠋ ᠪᠡᠨ ᠪᠦᠦ ᠵᠢᠮᠡᠯᠡ᠃ ᠴᠢ ᠶᠡᠷᠦ ᠳᠡᠮᠡᠢ ᠦᠭᠡ ᠬᠡᠯᠡᠭᠰᠡᠨ ᠦᠭᠡᠢ᠃ ᠬᠠᠷᠢᠨ ᠴᠢᠨᠦ ᠦᠭᠡ ᠣᠯᠠᠨ ᠵᠦᠢᠯ ᠢ᠋ ᠨᠠᠳᠠᠳᠤ ᠤᠬᠠᠭᠠᠷᠠᠭᠤᠯᠪᠠ᠃ ᠪᠢ ᠶᠠᠭᠠᠬᠢᠭᠰᠠᠨ ᠶᠡᠬᠡ ᠮᠠᠷᠲᠠᠮᠠᠬᠠᠢ ᠪᠣᠯᠤᠭ᠎ᠠ ᠪᠣᠢ? ᠪᠢ ᠬᠡᠴᠢᠨᠡᠨ ᠣᠯᠠᠨ ᠨᠥᠬᠥᠳ ᠢ᠋ᠶ᠋ᠡᠨ᠂ ᠶᠠᠮᠠᠷ ᠶᠡᠬᠡ ᠬᠤᠭᠤᠴᠠᠭ᠎ᠠ ᠶ᠋ᠢ ᠣᠷᠣ ᠲᠠᠰᠤ ᠮᠠᠷᠲᠠᠭ᠎ᠠ ᠪᠣᠢ ᠭᠡᠵᠦ ᠴᠢᠩᠭᠢᠰ ᠬᠠᠭᠠᠨ ᠰᠢᠪᠡᠭᠡᠨᠡᠭᠡᠳ ᠪᠤᠷᠤᠭᠤ ᠬᠠᠷᠠᠵᠠᠢ᠃ ᠪᠤᠭᠤᠷᠴᠢ ᠳ᠋ᠤ᠌ ᠳᠠᠬᠢᠨ ᠬᠡᠯᠡᠬᠦ ᠦᠭᠡ ᠣᠯᠳᠠᠭᠰᠠᠨ ᠦᠭᠡᠢ᠃ ᠴᠢᠩᠭᠢᠰ ᠬᠠᠭᠠᠨ ᠤ᠋ ᠰᠡᠳᠬᠢᠯ ᠳᠡᠩᠰᠡᠯᠦᠨ ᠳᠣᠭᠳᠣᠯᠤᠭᠰᠠᠨ ᠢ᠋ ᠴᠦ᠍ ᠲᠠᠢᠳᠬᠤᠷᠠᠭᠤᠯᠬᠤ ᠦᠭᠡ ᠣᠯᠳᠠᠭᠰᠠᠨ ᠦᠭᠡᠢ᠃
| ᠴᠢᠩᠭᠢᠰ ᠬᠠᠭᠠᠨ ᠲᠠ ᠡᠯᠳᠡᠪ ᠡᠷᠢᠶᠡᠨ ᠪᠣᠳᠣᠯ ᠳ᠋ᠤ᠌ ᠠᠪᠲᠠᠵᠤ ᠡᠷᠭᠢᠵᠦ ᠢᠷᠡᠬᠦ ᠦᠭᠡᠢ ᠣᠳᠤᠭᠰᠠᠨ ᠢ᠋ ᠳᠤᠷᠠᠰᠤᠨ ᠰᠡᠳᠬᠢᠯ ᠢ᠋ᠶ᠋ᠡᠨ ᠪᠤᠤ ᠴᠢᠯᠡᠭᠡ᠃ ᠰᠡᠳᠬᠢᠯ ᠳᠣᠩᠰᠣᠯᠬᠤ ᠨᠢ ᠲᠠᠨ ᠤ᠋ ᠪᠡᠶ᠎ᠡ ᠳ᠋ᠦ᠍ ᠶᠠᠭᠠᠬᠢᠪᠠᠴᠤ ᠰᠠᠢᠨ ᠦᠭᠡᠢ᠃ ᠬᠠᠭᠠᠨᠲᠠᠨ ᠲᠠ ᠪᠣᠯᠭᠣᠭᠠᠵᠤ ᠦᠵᠡ᠃ ᠪᠢ ᠳᠡᠮᠡᠢ ᠦᠭᠡ ᠬᠡᠯᠡᠵᠦ ᠰᠡᠳᠬᠢᠯ ᠢ᠋ ᠴᠢᠨᠢ ᠴᠢᠯᠡᠭᠡᠪᠡ᠃ ᠥᠷᠥᠰᠢᠶᠡ ᠭᠡᠵᠦ ᠪᠤᠭᠤᠷᠴᠢ ᠳᠣᠣᠷ᠎ᠠ ᠮᠡᠬᠦᠢᠵᠡᠢ᠃ ᠲᠡᠷᠡ ᠶᠡᠷᠦ ᠢᠩᠭᠢᠵᠦ ᠳᠣᠣᠷ᠎ᠠ ᠮᠡᠬᠦᠢᠵᠦ ᠪᠠᠢᠭᠰᠠᠨ ᠦᠭᠡᠢ᠃ ᠬᠠᠷᠢᠨ ᠥᠨᠥᠳᠥᠷ ᠶᠠᠭᠠᠬᠢᠭᠠᠳ ᠢᠩᠭᠢᠭᠰᠡᠨ ᠢ᠋ᠶ᠋ᠡᠨ ᠣᠢᠯᠠᠭᠠᠬᠤ ᠦᠭᠡᠢ ᠪᠣᠯᠵᠠᠢ᠃
| ᠪᠤᠭᠤᠷᠴᠢ ᠴᠢ ᠡᠭᠦᠨ ᠡᠴᠡ ᠬᠣᠢᠰᠢ ᠨᠠᠮᠠᠶ᠋ᠢ ᠬᠠᠭᠠᠨ ᠭᠡᠵᠦ ᠪᠦᠦ ᠳᠠᠭᠤᠳᠠᠭᠲᠤᠨ᠃ ᠴᠢᠩᠭᠢᠰ ᠬᠠᠭᠠᠨ ᠤ᠋ ᠡᠨᠡ ᠦᠭᠡᠨ ᠳ᠋ᠦ᠍ ᠪᠤᠭᠤᠷᠴᠢ ᠮᠠᠯᠠᠭᠠᠢ ᠪᠠᠨ ᠤᠨᠠᠲᠠᠯ᠎ᠠ ᠰᠣᠴᠢᠪᠠ᠃ ᠲᠡᠷᠡ ᠡᠬᠢᠯᠡᠭᠡᠳ ᠪᠤᠷᠤᠭᠤ ᠰᠣᠨᠣᠰᠪᠠ ᠭᠡᠵᠦ ᠪᠣᠳᠣᠭᠠᠳ
| ᠬᠠᠭᠠᠨᠲᠠᠨ ᠲᠠ ᠶᠠᠭᠤ ᠠᠢᠯᠠᠳᠤᠨ᠎ᠠ ᠪᠣᠢ? ᠮᠢᠨᠦ ᠴᠢᠬᠢ ᠬᠠᠲᠠᠭᠤ ᠪᠣᠯᠤᠭᠰᠠᠨ ᠲᠤᠯᠠ ᠵᠠᠷᠢᠮ ᠳ᠋ᠠᠭᠠᠨ ᠬᠠᠵᠠᠭᠠᠢ ᠮᠤᠷᠤᠢ ᠰᠣᠨᠣᠰᠬᠤ ᠪᠣᠯᠵᠠᠢ ᠭᠡᠵᠦ ᠪᠥᠬᠥᠢᠪᠡ᠃
| ᠪᠢ ᠪᠤᠭᠤᠷᠴᠢ ᠴᠢᠨᠦ ᠰᠣᠨᠣᠰᠤᠭᠰᠠᠨ ᠢ᠋ ᠬᠡᠯᠡᠪᠡ᠃ ᠴᠢ ᠪᠢᠲᠡᠭᠡᠢ ᠪᠠᠭᠠᠰᠢᠯᠠ ᠭᠡᠵᠦ ᠴᠢᠩᠭᠢᠰ ᠬᠠᠭᠠᠨ ᠪᠤᠭᠤᠷᠴᠢ ᠶ᠋ᠢ ᠬᠠᠷ᠎ᠠ ᠦᠭᠡᠢ ᠪᠡᠷ ᠵᠢᠮᠡᠯᠡᠪᠡ᠃
| ᠪᠢ ᠴᠢᠩᠭᠢᠰ ᠬᠠᠭᠠᠨ ᠲᠠᠨ ᠢ᠋ ᠬᠡᠨ ᠭᠡᠵᠦ ᠳᠠᠭᠤᠳᠠᠨ᠎ᠠ?
| ᠴᠢ ᠲᠡᠭᠡᠪᠡᠯ ᠮᠢᠨᠦ ᠨᠡᠷ᠎ᠡ ᠶ᠋ᠢ ᠮᠠᠷᠲᠠᠵᠠᠢ ᠭᠡᠵᠦ ᠭᠣᠮᠣᠳᠠᠭᠰᠠᠨ ᠮᠡᠲᠦ ᠰᠢᠪᠡᠨᠡᠪᠡ᠃
| ᠪᠢ ᠴᠢᠨᠢ ᠶᠢᠰᠦᠭᠡᠢ ᠡᠴᠢᠭᠡ ᠶ᠋ᠢᠨ ᠦᠭᠭᠦᠭᠰᠡᠨ ᠲᠡᠮᠦᠵᠢᠨ ᠨᠡᠷ᠎ᠡ ᠲᠡᠢ ᠬᠥᠮᠦᠨ ᠰᠢᠦ᠃
| ᠲᠡᠢᠮᠦ ᠠ᠋᠂ ᠡᠨᠡ ᠨᠡᠷ᠎ᠡ ᠶ᠋ᠢ ᠪᠢ ᠶᠠᠭᠠᠬᠢᠵᠤ ᠮᠠᠷᠲᠠᠨ᠎ᠠ᠃ ᠭᠡᠲᠡᠯ᠎ᠡ ᠶᠢᠷᠲᠢᠨᠴᠦ ᠳᠠᠶᠠᠭᠠᠷ ᠲᠠᠨ ᠢ᠋ ᠴᠢᠩᠭᠢᠰ ᠬᠠᠭᠠᠨ ᠭᠡᠵᠦ ᠳᠠᠭᠤᠳᠠᠬᠤ ᠠᠲᠠᠯ᠎ᠠ ᠪᠢ ᠶᠠᠭᠠᠬᠢᠵᠤ ᠡᠭᠦᠨ ᠡᠴᠡ ᠥᠭᠡᠷ᠎ᠡ ᠪᠡᠷ ᠲᠠᠨ ᠢ᠋ ᠬᠡᠷᠬᠢᠨ ᠳᠠᠭᠤᠳᠠᠬᠤ ᠪᠢᠯᠡ? ᠲᠡᠭᠡᠪᠡᠯ ᠶᠣᠰᠣᠨ ᠳ᠋ᠤ᠌ ᠬᠠᠵᠠᠭᠠᠢ ᠬᠡᠷᠡᠭ ᠪᠣᠯᠬᠤ ᠪᠣᠢ ᠊ᠶ᠎ᠠ᠃
| ᠬᠠᠷᠢᠨ ᠪᠢ ᠲᠡᠮᠦᠵᠢᠨ ᠬᠡᠪ ᠢ᠋ᠶ᠋ᠡᠷ ᠦᠯᠡᠳᠡᠮᠡᠷ ᠪᠠᠢᠨ᠎ᠠ᠃ ᠪᠢ ᠬᠣᠷᠢᠨ ᠨᠠᠰᠤᠲᠠᠢ ᠲᠡᠮᠦᠵᠢᠨ ᠪᠣᠯᠤᠮᠠᠷ ᠪᠠᠢᠨ᠎ᠠ᠃ ᠪᠤᠭᠤᠷᠴᠢ ᠭᠠᠢᠬᠠᠨ ᠴᠢᠩᠭᠢᠰ ᠬᠠᠭᠠᠨ ᠤ᠋ ᠳᠡᠷᠭᠡᠳᠡ ᠲᠤᠯᠵᠤ ᠣᠴᠢᠪᠠ᠃ ᠴᠢᠩᠭᠢᠰ ᠬᠠᠭᠠᠨ ᠣᠷᠣᠭᠰᠢ ᠰᠢᠷᠲᠡᠭᠡᠳ ᠬᠠᠷᠠᠴᠠ ᠨᠢ ᠭᠦᠨ ᠪᠣᠳᠣᠯ ᠳ᠋ᠤ᠌ ᠠᠪᠲᠠᠵᠠᠢ᠃ ᠬᠠᠭᠠᠨᠲᠠᠨ ᠮᠢᠨᠢ᠂ ᠲᠠ ᠶᠠᠭᠤ ᠠᠢᠯᠠᠳᠤᠨ᠎ᠠ ᠪᠣᠢ? ᠢᠰᠬᠡᠷᠴᠦ ᠣᠳᠤᠭᠰᠠᠨ ᠰᠠᠯᠬᠢ ᠡᠷᠭᠢᠵᠦ ᠶᠠᠭᠠᠬᠢᠨ ᠦᠯᠢᠶᠡᠨ᠎ᠡ᠃ ᠪᠢ ᠲᠠᠨ ᠤ᠋ ᠬᠡᠯᠡᠭᠰᠡᠨ ᠢ᠋ ᠣᠢᠯᠠᠭᠠᠵᠤ ᠶᠠᠳᠠᠨ᠎ᠠ ᠭᠡᠰᠡᠨ ᠴᠦ᠍ ᠪᠤᠭᠤᠷᠴᠢ ᠶ᠋ᠢᠨ ᠰᠡᠳᠬᠢᠯ ᠳ᠋ᠦ᠍ ᠴᠢᠩᠭᠢᠰ ᠬᠠᠭᠠᠨ ᠤ᠋ ᠪᠣᠳᠣᠯ ᠬᠠᠯᠳᠠᠪᠤᠷᠢᠯᠠᠨ ᠲᠡᠷᠡ᠂ ᠡᠷᠲᠡ ᠪᠠᠭ᠎ᠠ ᠶ᠋ᠢᠨ ᠠᠮᠢᠳᠤᠷᠠᠯ ᠢ᠋ᠶ᠋ᠠᠨ ᠭᠡᠨᠡᠳᠲᠡ ᠳᠤᠷᠠᠰᠤᠨ ᠰᠠᠨᠠᠬᠤ ᠳ᠋ᠤ᠌ ᠡᠯᠢᠭᠡ ᠵᠢᠷᠦᠬᠡ ᠤᠷᠠᠭᠳᠠᠬᠤ ᠰᠢᠭ᠋ ᠰᠢᠮᠰᠢᠷᠡᠭᠡᠳ ᠢᠷᠡᠵᠡᠢ᠃ ᠬᠡᠷᠪᠡ ᠲᠡᠭᠡᠳᠡᠭ ᠰᠠᠨ ᠪᠣᠯ? ᠪᠢ ᠲᠡᠭᠡᠪᠡᠯ ᠤᠨᠤᠨ ᠮᠥᠷᠡᠨ ᠦ᠌ ᠪᠡᠨ ᠥᠨᠳᠥᠷ ᠳᠡᠨᠵᠢᠨ ᠳ᠋ᠦ᠍ ᠡᠷᠭᠢᠨ ᠣᠴᠢᠬᠤ ᠶ᠋ᠢ ᠶᠠᠭᠠᠬᠢᠭᠰᠠᠨ ᠶᠡᠬᠡ ᠬᠦᠰᠡᠨ᠎ᠡ ᠪᠣᠢ? ᠨᠠᠬᠤ ᠪᠠᠶᠠᠨ ᠡᠴᠢᠭᠡ ᠶ᠋ᠢᠨ ᠢ᠋ᠶ᠋ᠡᠨ ᠠᠭᠲᠠ ᠶ᠋ᠢ ᠡᠵᠡᠭᠦᠢ ᠰᠤᠯᠠ ᠣᠷᠬᠢᠭᠠᠳ ᠨᠠᠢ᠍ᠮᠠᠨ ᠰᠢᠷᠭ᠎ᠠ ᠠᠭᠲᠠ ᠶ᠋ᠢ ᠴᠢᠨᠢ ᠡᠷᠢᠵᠦ ᠣᠳᠬᠤ ᠰᠠᠨ᠃ ᠡᠷᠭᠢᠨ ᠢᠷᠡᠬᠦ ᠦᠭᠡᠢ ᠢᠳᠡᠷ ᠪᠠᠭ᠎ᠠ ᠨᠠᠰᠤᠨ ᠳ᠋ᠠᠭᠠᠨ ᠭᠠᠭᠴᠠ ᠬᠣᠷᠣᠮ ᠪᠣᠯᠪᠠ ᠣᠴᠢᠬᠤ ᠰᠠᠨ᠃ ᠲᠡᠨᠳᠡ ᠬᠠᠰᠠᠷ᠂ ᠪᠡᠯᠭᠦᠳᠡᠢ᠂ ᠵᠡᠯᠮ᠎ᠡ᠂ ᠪᠥᠷᠲᠡ ᠪᠦᠭᠦᠳᠡ ᠪᠠᠢᠭ᠎ᠠ ᠶᠤᠮ᠃ ᠪᠠᠰᠠ ᠭᠦᠮᠦᠳᠠ ᠴᠤ᠌ ᠪᠠᠢᠭ᠎ᠠ᠃ ᠲᠡᠮᠦᠵᠢᠨ ᠴᠦ᠍ ᠲᠡᠨᠳᠡ ᠪᠣᠢ ᠭᠡᠵᠦ ᠪᠤᠭᠤᠷᠴᠢ ᠥᠪᠡᠷ ᠦ᠋ᠨ ᠡᠷᠬᠡ ᠦᠭᠡᠢ ᠰᠢᠪᠡᠨᠡᠵᠡᠢ᠃ ᠡᠨᠡ ᠦᠭᠡ ᠶ᠋ᠢ ᠰᠣᠨᠣᠰᠤᠭᠠᠳ ᠴᠢᠩᠭᠢᠰ ᠬᠠᠭᠠᠨ ᠰᠣᠴᠢᠭᠰᠠᠨ ᠮᠡᠲᠦ ᠳᠠᠪᠬᠢᠨ ᠡᠷᠭᠢᠵᠦ ᠲᠡᠭᠦᠨ ᠢ᠋ ᠬᠠᠷᠠᠵᠠᠢ᠃
| ᠲᠡᠮᠦᠵᠢᠨ᠂ ᠴᠢ ᠲᠡᠮᠦᠵᠢᠨ ᠭᠡᠪᠡ ᠤᠤ? ᠡᠨᠡ ᠨᠡᠷ᠎ᠡ ᠶ᠋ᠢ ᠴᠢᠮ᠎ᠠ ᠠ᠋ᠴᠠ᠂ ᠪᠠᠰᠠ ᠪᠤᠰᠤᠳ ᠤ᠋ᠨ ᠠᠮᠠᠨ ᠠ᠋ᠴᠠ ᠰᠣᠨᠣᠰᠤᠭᠰᠠᠨ ᠦᠭᠡᠢ ᠬᠡᠴᠢᠨᠡᠨ ᠵᠢᠯ ᠪᠣᠯᠪᠠ? ᠥᠭᠡᠯᠦᠨ ᠡᠵᠢ ᠮᠢᠨᠢ ᠴᠦ᠍ ᠢᠩᠭᠢᠵᠦ ᠳᠠᠭᠤᠳᠠᠬᠤ ᠦᠭᠡᠢ ᠪᠣᠯᠤᠭᠰᠠᠨ ᠰᠠᠨ᠃ ᠡᠨᠡ ᠭᠠᠵᠠᠷ᠂ ᠬᠥᠮᠦᠰ᠂ ᠠᠮᠢᠳᠤᠷᠠᠯ ᠶᠠᠭᠤᠨ ᠳ᠋ᠤ᠌ ᠢᠩᠭᠢᠵᠦ ᠠᠮᠠᠷᠬᠠᠨ ᠬᠤᠪᠢᠷᠠᠵᠤ ᠥᠭᠡᠷᠡᠴᠢᠯᠡᠭᠳᠡᠨ᠎ᠡ ᠪᠣᠢ? ᠪᠢ ᠲᠡᠮᠦᠵᠢᠨ ᠴᠢᠭ ᠢ᠋ᠶ᠋ᠡᠷ ᠢ᠋ᠶ᠋ᠡᠨ ᠦᠯᠡᠳᠡᠵᠦ ᠪᠣᠯᠬᠤ ᠦᠭᠡᠢ ᠶ᠋ᠢᠨ ᠤᠴᠢᠷ ᠶᠠᠭᠤ ᠪᠣᠢ ᠭᠡᠵᠦ ᠴᠢᠩᠭᠢᠰ ᠬᠠᠭᠠᠨ ᠭᠣᠮᠣᠳᠠᠯᠲᠠᠢ ᠰᠢᠪᠡᠨᠡᠪᠡ᠃
| ᠬᠠᠭᠠᠨ ᠲᠠ ᠡᠭᠦᠨ ᠦ᠌ ᠤᠴᠢᠷ ᠢ᠋ ᠣᠯᠵᠤ ᠶᠠᠳᠠᠨ᠎ᠠ ᠤᠤ? ᠲᠠ ᠥᠪᠡᠷ ᠢ᠋ᠶ᠋ᠡᠨ ᠡᠨᠡ ᠵᠣᠪᠠᠯᠠᠩᠲᠤ ᠠᠮᠢᠳᠤᠷᠠᠯ ᠢ᠋ ᠥᠭᠡᠷᠡᠴᠢᠯᠡᠨ ᠬᠤᠪᠢᠷᠠᠭᠠᠭᠰᠠᠨ ᠪᠢᠰᠢ ᠤᠤ? ᠶᠢᠷᠲᠢᠨᠴᠦ ᠶ᠋ᠢᠨ ᠲᠠᠯ᠎ᠠ ᠨᠢ ᠣᠳᠣ ᠲᠠᠨ ᠤ᠋ ᠶᠡᠬᠡ ᠰᠦᠷ ᠬᠦᠴᠦ ᠶ᠋ᠢᠨ ᠡᠮᠦᠨ᠎ᠡ ᠪᠥᠬᠥᠢᠵᠦ᠂ ᠡᠪᠦᠳᠦᠭ ᠳᠣᠣᠷ᠎ᠠ ᠴᠢᠨᠢ ᠰᠥᠬᠥᠷᠡᠵᠡᠢ᠃ ᠲᠠ ᠥᠪᠡᠷ ᠦ᠋ᠨ ᠢ᠋ᠶ᠋ᠡᠨ ᠥᠭᠡᠷᠡᠴᠢᠯᠡᠨ ᠪᠦᠲᠦᠭᠡᠭᠰᠡᠨ ᠶᠢᠷᠲᠢᠨᠴᠦ ᠶ᠋ᠢᠨ ᠬᠣᠢᠮᠣᠷ ᠵᠠᠯᠠᠷᠠᠵᠤ ᠪᠠᠢᠨ᠎ᠠ᠃ ᠬᠠᠭᠠᠨ ᠲᠠᠨ ᠠ᠋ᠴᠠ ᠥᠭᠡᠷ᠎ᠡ ᠠᠭᠤᠤ ᠬᠦᠴᠦᠲᠡᠨ ᠦᠭᠡᠢ ᠪᠠᠢᠬᠤ ᠳ᠋ᠤ᠌ ᠲᠠ ᠡᠨᠳᠡ ᠢᠩᠭᠢᠵᠦ ᠭᠠᠭᠴᠠᠭᠠᠷ ᠭᠤᠨᠢᠭᠯᠠᠨ ᠰᠠᠭᠤᠬᠤ ᠶ᠋ᠢ ᠦᠵᠡᠭᠡᠳ ᠪᠢ ᠭᠠᠢᠬᠠᠵᠤ ᠪᠠᠢᠨ᠎ᠠ᠃ ᠡᠨᠡ ᠳᠡᠮᠡᠢ ᠬᠣᠭᠣᠰᠣᠨ ᠪᠣᠳᠣᠯ ᠢ᠋ᠶ᠋ᠠᠨ ᠣᠷᠭᠢᠭᠲᠤᠨ᠃ ᠲᠠᠨ ᠢ᠋ ᠶᠡᠬᠡ ᠦᠢᠯᠡ ᠬᠦᠯᠢᠶᠡᠵᠦ ᠪᠠᠢᠨ᠎ᠠ᠃ ᠡᠨᠳᠡ ᠲᠠᠩᠭᠤᠳ ᠤ᠋ᠨ ᠰᠢᠪᠡᠷ ᠲᠠᠯ᠎ᠠ ᠳ᠋ᠤ᠌ ᠵᠢᠭᠰᠠᠭᠰᠠᠨ ᠶᠡᠬᠡ ᠴᠡᠷᠢᠭ ᠲᠠᠨ ᠢ᠋ ᠬᠦᠯᠢᠶᠡᠵᠦ ᠪᠠᠢᠨ᠎ᠠ᠃ ᠨᠣᠢᠷ ᠠ᠋ᠴᠠ ᠰᠡᠷᠡᠵᠦ ᠦᠵᠡ ᠭᠡᠵᠦ ᠠᠮᠠ ᠨᠡᠭᠡᠭᠡᠭᠰᠡᠨ ᠳᠡᠭᠡᠷ᠎ᠡ ᠪᠡᠨ ᠭᠡᠰᠡᠨ ᠰᠢᠭ ᠪᠤᠭᠤᠷᠴᠢ ᠬᠡᠯᠡᠬᠦ ᠭᠡᠵᠦ ᠣᠯᠠᠨ ᠡᠳᠦᠷ ᠪᠣᠳᠣᠭᠰᠠᠨ ᠦᠭᠡ ᠪᠡᠨ ᠬᠡᠯᠡᠵᠦ ᠠᠮᠠᠷᠠᠪᠠ᠃
| ᠪᠢ ᠤᠨᠲᠠᠭ᠎ᠠ ᠦᠭᠡᠢ ᠪᠠᠢᠨ᠎ᠠ᠃ ᠤᠬᠠᠭᠠᠨ ᠮᠢᠨᠢ ᠰᠠᠷᠠᠭᠤᠯ ᠪᠠᠢᠨ᠎ᠠ᠃ ᠭᠠᠭᠴᠠᠬᠠᠨ ᠵᠠᠯᠠᠭᠤ ᠢᠳᠡᠷ ᠦᠶ᠎ᠡ ᠮᠢᠨᠢ ᠰᠠᠨᠠᠭᠳᠠᠬᠤ ᠪᠣᠯᠤᠯ᠎ᠠ᠃ ᠪᠢ ᠶᠠᠭᠤ ᠬᠢᠬᠦ᠂ ᠶᠠᠮᠠᠷ ᠵᠠᠷᠯᠢᠭ ᠪᠠᠭᠤᠯᠭᠠᠬᠤ ᠪᠠᠨ ᠰᠠᠢᠨ ᠮᠡᠳᠡᠵᠦ ᠪᠠᠢᠨ᠎ᠠ᠃ ᠲᠤᠯᠤᠢ ᠬᠥᠪᠡᠭᠦᠨ ᠮᠢᠨᠢ ᠵᠥᠴᠢ ᠠᠬ᠎ᠠ ᠶ᠋ᠢᠨ ᠢ᠋ᠶ᠋ᠡᠨ ᠲᠩᠷᠢ ᠳ᠋ᠦ᠍ ᠬᠠᠯᠢᠭᠰᠠᠨ ᠡᠳᠦᠷ ᠢ᠋ ᠮᠠᠷᠲᠠᠬᠤ ᠦᠭᠡᠢ ᠰᠠᠨᠠᠵᠤ ᠮᠢᠨᠦ ᠪᠣᠳᠣᠭᠰᠠᠨ ᠢ᠋ ᠬᠡᠯᠡᠵᠦ ᠰᠡᠳᠬᠢᠯ ᠢ᠋ ᠮᠢᠨᠢ ᠠᠮᠤᠷᠯᠢᠭᠤᠯᠤᠯᠠ᠃ ᠬᠠᠷᠢᠨ ᠴᠠᠭᠠᠲᠠᠢ ᠥᠭᠡᠳᠡᠢ ᠬᠣᠶᠠᠷ ᠵᠣᠯᠢᠭ ᠮᠠᠷᠲᠠᠭᠰᠠᠨ ᠪᠠᠢᠵᠠᠢ᠃ ᠲᠡᠳᠡ ᠴᠦ᠍ ᠯᠠᠪ ᠰᠠᠨᠠᠬᠤ ᠦᠭᠡᠢ ᠪᠢᠵᠡ᠃ ᠪᠤᠭᠤᠷᠴᠢ ᠶᠠᠭᠤ ᠭᠡᠵᠦ ᠪᠣᠳᠣᠨ᠎ᠠ?
| ᠥᠷᠥᠰᠢᠶᠡ ᠬᠠᠭᠠᠨᠲᠠᠨ᠃ ᠪᠢ ᠬᠦᠷᠲᠡᠯ᠎ᠡ ᠲᠡᠷᠡ ᠡᠳᠦᠷ ᠢ᠋ ᠮᠠᠷᠲᠠᠭᠰᠠᠨ ᠪᠠᠢᠬᠤ ᠳ᠋ᠤ᠌ ᠲᠡᠳᠡᠨ ᠰᠢᠭ ᠨᠢᠯᠬ᠎ᠠ ᠠᠮᠢᠲᠠᠳ ᠶᠠᠭᠠᠬᠢᠵᠤ ᠰᠠᠨᠠᠬᠤ ᠪᠣᠢ? ᠲᠡᠳᠡᠨ ᠢ᠋ ᠥᠷᠥᠰᠢᠶᠡᠭᠰᠡᠨ ᠲᠠᠨᠢ ᠮᠡᠷᠭᠡᠨ ᠰᠢᠢᠳᠪᠦᠷᠢ ᠪᠣᠯᠵᠠᠢ ᠭᠡᠪᠡᠯ ᠴᠢᠩᠭᠢᠰ ᠬᠠᠭᠠᠨ ᠭᠡᠨᠡᠳᠲᠡ ᠰᠡᠷᠭᠦᠨ ᠵᠤᠭᠠᠲᠠᠢ ᠬᠥᠬᠥᠷᠡᠪᠡ᠃
| ᠪᠤᠭᠤᠷᠴᠢ ᠴᠢ ᠪᠢᠲᠡᠭᠡᠢ ᠨᠣᠬᠠᠢᠳᠠ᠃ ᠴᠠᠭᠠᠳᠤ ᠬᠣᠶᠠᠷ ᠢ᠋ ᠪᠡᠨ ᠪᠦᠦ ᠥᠮᠥᠭᠯᠡ᠃ ᠲᠡᠳᠡᠨ ᠢ᠋ ᠨᠢᠯᠬ᠎ᠠ ᠭᠡᠰᠡᠨ ᠴᠢᠨᠢ ᠪᠦᠷ ᠢᠨᠢᠶᠡᠳᠦ ᠬᠦᠷᠭᠡᠯ᠎ᠡ᠃ ᠳᠥᠴᠢ ᠭᠠᠷᠴᠤ ᠳᠥᠷᠪᠡᠨ ᠤᠯᠤᠰ ᠢ᠋ ᠲᠡᠢᠯᠡᠯᠡ᠃ ᠣᠳᠣ ᠲᠡᠳᠡ ᠮᠠᠷᠲᠠᠬᠤ ᠰᠠᠨᠠᠬᠤ ᠨᠢ ᠲᠡᠭᠰᠢᠷᠡᠵᠦ ᠬᠥᠮᠦᠨ ᠪᠣᠯᠪᠠᠯ ᠪᠣᠯᠤᠮᠠᠷ ᠶᠤᠮ ᠭᠡᠵᠡᠢ᠃
| ᠲᠠᠨ ᠤ᠋ ᠶᠡᠬᠡ ᠰᠦᠷ ᠬᠦᠴᠦᠨ ᠦ᠌ ᠳᠣᠣᠷ᠎ᠠ ᠲᠠᠩᠳᠠ ᠪᠠᠨ ᠯᠠ ᠢᠯᠠᠵᠤ ᠲᠠᠢᠯᠵᠤ ᠶᠠᠪᠤᠭᠰᠠᠨ ᠵᠠᠯᠠᠭᠤᠰ ᠤᠬᠠᠭᠠᠨ ᠰᠠᠭᠤᠵᠤ ᠠᠯᠤᠰ ᠢ᠋ ᠪᠣᠳᠣᠬᠤ ᠨᠢ ᠠᠯᠭᠤᠷ ᠬᠣᠪᠣᠷ ᠪᠠᠢᠵᠤ ᠮᠡᠳᠡᠨ᠎ᠡ᠃ ᠢᠯᠠᠯᠲᠠ ᠠᠮᠲᠠᠲᠠᠢ ᠴᠤ᠌ ᠶᠡᠬᠡᠳᠡᠵᠦ ᠬᠡᠲᠦᠷᠡᠪᠡᠯ ᠬᠣᠣᠷᠳᠠᠬᠤ ᠠᠶᠤᠯᠲᠠᠢ ᠭᠡᠵᠦ ᠪᠢ ᠰᠠᠨᠠᠨ᠎ᠠ᠃ ᠲᠡᠢᠮᠦ ᠤᠴᠢᠷ ᠠ᠋ᠴᠠ ᠲᠡᠳᠡᠨ ᠢ᠋ ᠨᠢᠯᠬ᠎ᠠ ᠭᠡᠵᠦ ᠬᠡᠯᠡᠯ᠎ᠡ᠃
| ᠪᠢ ᠶᠡᠷᠦ ᠨᠢ ᠬᠥᠪᠡᠭᠦᠳ ᠢ᠋ᠶ᠋ᠡᠨ ᠬᠡᠨ ᠪᠣᠯᠭᠠᠵᠤ ᠣᠷᠬᠢᠪᠠ? ᠵᠥᠴᠢ ᠠᠬ᠎ᠠ ᠶ᠋ᠢᠨ ᠢ᠋ᠶ᠋ᠡᠨ ᠭᠠᠪᠢᠶ᠎ᠠ᠂ ᠨᠥᠯᠥᠭᠡ ᠶ᠋ᠢ ᠮᠠᠷᠲᠠᠬᠤ ᠰᠡᠳᠬᠢᠯ ᠢ᠋ ᠲᠡᠳᠡ ᠬᠠᠮᠢᠭ᠎ᠠ ᠠ᠋ᠴᠠ ᠣᠯᠪᠠ? ᠵᠥᠴᠢ ᠬᠥᠪᠡᠭᠦᠨ ᠮᠢᠨᠢ ᠬᠡᠨ ᠪᠠᠢᠭᠰᠠᠨ ᠢ᠋ ᠲᠡᠳᠡ ᠶᠠᠭᠠᠬᠢᠭᠠᠳ ᠮᠠᠷᠲᠠᠪᠠ? ᠡᠨᠳᠡ ᠪᠢ ᠪᠤᠷᠤᠭᠤ ᠲᠠᠢ ᠪᠢᠰᠢ ᠤᠤ? ᠪᠤᠭᠤᠷᠴᠢ ᠴᠢ ᠳᠠᠭᠤ ᠦᠭᠡᠢ ᠵᠣᠭᠰᠣᠨ᠎ᠠ ᠤᠤ? ᠴᠢ ᠯᠠᠪ ᠨᠠᠮᠠᠶ᠋ᠢ ᠪᠤᠷᠤᠭᠤᠳᠬᠠᠬᠤ ᠪᠢᠵᠡ᠃
| ᠬᠠᠭᠠᠨ ᠲᠠᠨ ᠤ᠋ ᠬᠢᠭᠰᠡᠨ᠂ ᠪᠦᠲᠦᠭᠡᠭᠰᠡᠨ ᠪᠣᠯᠭᠠᠨ ᠭᠠᠭᠴᠠᠬᠠᠨ ᠶᠡᠬᠡ ᠮᠣᠩᠭᠣᠯ ᠤᠯᠤᠰ ᠤ᠋ᠨ ᠲᠥᠯᠥᠭᠡ ᠲᠤᠯᠠ ᠬᠡᠨ ᠴᠦ᠍ ᠲᠠᠨ ᠢ᠋ ᠪᠤᠷᠤᠭᠤᠳᠬᠠᠬᠤ ᠦᠭᠡᠢ ᠶᠦᠮ᠃ ᠲᠠ ᠡᠭᠦᠨ ᠳ᠋ᠦ᠍ ᠪᠤᠤ ᠡᠷᠡᠭᠡᠯᠵᠡᠭᠲᠦᠨ᠃
| ᠪᠤᠭᠤᠷᠴᠢ ᠴᠢᠮᠠᠶ᠋ᠢ ᠦᠬᠦᠪᠡᠯ ᠬᠡᠨ ᠨᠠᠳᠠᠳᠤ ᠡᠨᠡ ᠦᠭᠡᠰ ᠢ᠋ ᠬᠡᠯᠡᠵᠦ ᠮᠠᠨᠠᠷᠠᠭᠰᠠᠨ ᠪᠣᠳᠣᠯ ᠢ᠋ ᠰᠡᠷᠭᠦᠭᠡᠨ᠎ᠡ? ᠴᠢ ᠶᠡᠷᠦ ᠨᠢ ᠬᠡᠵᠢᠶ᠎ᠡ ᠦᠬᠦᠬᠦ ᠬᠥᠮᠦᠨ ᠪᠣᠢ ᠭᠡᠵᠦ ᠴᠢᠩᠭᠢᠰ ᠬᠠᠭᠠᠨ ᠶᠡᠷᠦ ᠳᠣᠭᠳᠣᠯᠵᠤ ᠱᠣᠭᠯᠠᠭᠰᠠᠨ ᠰᠢᠨᠵᠢ ᠦᠭᠡᠢ ᠲᠤᠯᠭᠠᠨ ᠠᠰᠠᠭᠤᠵᠠᠢ᠃ ᠪᠤᠭᠤᠷᠴᠢ ᠴᠤ᠌ ᠣᠭᠲᠣ ᠪᠣᠳᠣᠭᠰᠠᠨ ᠦᠭᠡᠢ᠃
| ᠮᠢᠨᠦ ᠬᠡᠵᠢᠶ᠎ᠡ ᠦᠬᠦᠬᠦ ᠶ᠋ᠢ ᠲᠡᠭᠷᠢ ᠯᠡ ᠮᠡᠳᠡᠬᠦ ᠪᠢᠵᠡ ᠭᠡᠪᠡ᠃
| ᠲᠡᠢᠮᠦ ᠠ᠋᠂ ᠲᠡᠭᠡᠪᠡᠯ ᠪᠢ ᠴᠢᠨᠦ ᠬᠡᠵᠢᠶ᠎ᠡ ᠦᠬᠦᠬᠦ ᠶ᠋ᠢ ᠬᠡᠯᠡᠮᠡᠴᠡ᠃
| ᠵᠠᠷᠯᠢᠭ ᠢ᠋ᠶ᠋ᠠᠷ ᠪᠣᠯᠤᠶ᠎ᠠ᠃
| ᠭᠡᠪᠡᠴᠦ ᠪᠤᠭᠤᠷᠴᠢ ᠴᠢ ᠨᠢᠭᠡᠨ ᠵᠦᠢᠯ ᠢ᠋ ᠰᠠᠢᠨ ᠲᠣᠭᠲᠠᠭᠠᠵᠤ ᠠᠪ᠃ ᠮᠢᠨᠦ ᠴᠢᠳᠠᠳᠠᠭ ᠮᠡᠳᠡᠳᠡᠭ ᠬᠣᠪᠣᠷ ᠪᠣᠯᠵᠠᠢ᠃ ᠭᠡᠪᠡᠴᠦ ᠴᠢ ᠨᠠᠮᠠᠶ᠋ᠢ ᠠᠮᠢᠳᠤ ᠰᠡᠷᠡᠭᠦᠨ ᠪᠠᠢᠬᠤ ᠳ᠋ᠤ᠌ ᠦᠬᠦᠵᠦ ᠦᠯᠦ ᠪᠣᠯᠤᠨ᠎ᠠ᠃
| ᠵᠠ᠃
| ᠲᠡᠭᠡᠪᠡᠯ ᠰᠡᠳᠬᠢᠯ ᠮᠢᠨᠢ ᠣᠩᠭᠣᠢᠵᠤ ᠪᠡᠶ᠎ᠡ ᠮᠢᠨᠢ ᠬᠥᠩᠭᠡᠷᠡᠪᠡ᠃
| ᠲᠠ ᠪᠡᠶ᠎ᠡ ᠪᠡᠨ ᠰᠤᠪᠢᠯᠠᠨ ᠠᠰᠠᠷᠠᠬᠤ ᠪᠠᠨ ᠪᠤᠤ ᠴᠠᠯᠠᠭᠠᠷᠳᠠ᠃
| ᠴᠢᠳᠠᠳᠠᠭ ᠰᠠᠨ ᠪᠣᠯ ᠳᠡᠯᠢᠭᠦᠨ ᠪᠣᠯᠳᠠᠭ ᠤ᠋ᠨ ᠢ᠋ᠶ᠋ᠠᠨ ᠡᠩᠭᠡᠷ ᠲᠦ᠍ ᠣᠴᠢᠭᠠᠳ ᠰᠢᠭᠦᠳᠡᠷᠢᠲᠦ ᠡᠪᠡᠰᠦᠨ ᠳᠡᠭᠡᠷ᠎ᠡ ᠬᠡᠳᠦ ᠬᠥᠷᠪᠡᠬᠦ ᠰᠠᠨ᠃ ᠥᠷᠯᠥᠭᠡ ᠡᠷᠲᠡ ᠤᠨᠤᠨ ᠤ᠋ ᠪᠠᠨ ᠡᠷᠭᠢ ᠶ᠋ᠢᠨ ᠰᠢᠭᠦᠳᠡᠷᠢᠲᠦ ᠡᠪᠡᠰᠦᠨ ᠳᠤᠮᠳᠠᠭᠤᠷ ᠬᠥᠯ ᠨᠢᠴᠦᠭᠦᠨ ᠶᠠᠪᠤᠬᠤ ᠰᠠᠨ᠃ ᠲᠡᠭᠡᠪᠡᠯ ᠪᠢ ᠲᠡᠷᠡ ᠳᠣᠣᠷ᠎ᠠ ᠪᠠᠨ ᠢᠯᠠᠷᠢᠰᠢᠨ ᠡᠳᠡᠭᠡᠬᠦ ᠪᠣᠯᠤᠨ᠎ᠠ ᠳᠠ᠃
| ᠬᠣᠶᠠᠭᠤᠯᠠ ᠲᠠᠩᠭᠤᠳ ᠢ᠋ ᠪᠠᠭᠤᠯᠭᠠᠨ ᠠᠪᠤᠮᠠᠭᠴᠠ ᠨᠤᠲᠤᠭ ᠲᠠᠭᠠᠨ ᠣᠴᠢᠵᠤ ᠲᠠᠨ ᠤ᠋ ᠬᠡᠯᠡᠭᠰᠡᠨ ᠢ᠋ᠶ᠋ᠡᠷ ᠶᠠᠪᠤᠶ᠎ᠠ᠃
| ᠲᠡᠭᠡᠶ᠎ᠡ᠃
ᠡᠨᠡ ᠪᠣᠯ ᠲᠡᠳᠡᠨ ᠦ᠌ ᠴᠢᠩ ᠰᠡᠳᠬᠢᠯ ᠦ᠋ᠨ ᠶᠠᠷᠢᠶ᠎ᠠ ᠪᠠᠢᠭᠰᠠᠨ ᠲᠤᠯᠠ ᠦᠭᠡ ᠪᠦᠷᠢ ᠨᠢ ᠴᠢᠩᠭᠢᠰ ᠬᠠᠭᠠᠨ ᠳ᠋ᠤ᠌ ᠡᠮ ᠮᠡᠲᠦ ᠰᠢᠩᠭᠡᠵᠦ ᠲᠡᠷᠡ ᠦᠵᠡᠲᠡᠯ᠎ᠡ ᠰᠡᠷᠭᠦᠨ ᠣᠮᠣᠭᠰᠢᠵᠠᠢ᠃
ᠬᠣᠷᠽᠸᠮ ᠠ᠋ᠴᠠ ᠢᠷᠡᠵᠦ ᠲᠠᠩᠭᠤᠳ ᠲᠤ᠌ ᠮᠣᠷᠳᠠᠬᠤ ᠬᠦᠷᠲᠡᠯ᠎ᠡ ᠪᠡᠨ ᠪᠤᠭᠤᠷᠴᠢ ᠲᠠᠢ ᠢᠩᠭᠢᠵᠦ ᠳᠣᠲᠣᠨᠣᠰᠤᠨ ᠶᠠᠷᠢᠯ ᠦᠭᠡᠢ ᠤᠳᠠᠭᠰᠠᠨ ᠳ᠋ᠠᠭᠠᠨ ᠴᠢᠩᠭᠢᠰ ᠬᠠᠭᠠᠨ ᠭᠠᠢᠬᠠᠭᠰᠠᠭᠠᠷ ᠪᠠᠢᠵᠠᠢ᠃ ᠵᠥᠴᠢ ᠶ᠋ᠢᠨ ᠦᠬᠦᠯ ᠡᠴᠡ ᠬᠣᠢᠰᠢ ᠲᠡᠳᠡᠨ ᠦ᠌ ᠬᠣᠭᠣᠷᠣᠨᠳᠣ ᠦᠯᠦ ᠦᠵᠡᠭᠳᠡᠬᠦ ᠬᠥᠰᠢᠭᠡ ᠲᠠᠲᠠᠭᠰᠠᠨ ᠮᠡᠲᠦ ᠪᠣᠯᠤᠭᠠᠳ ᠪᠤᠭᠤᠷᠴᠢ ᠲᠠᠢ ᠬᠣᠶᠠᠭᠤᠯᠠ ᠦᠯᠡᠳᠡᠨ᠎ᠡ ᠭᠡᠬᠦ ᠡᠴᠡ ᠲᠡᠷᠡ ᠶᠡᠬᠡᠳᠡ ᠬᠠᠯᠠᠭᠠᠬᠤ ᠪᠣᠯᠵᠠᠢ᠃ ᠡᠨᠡ ᠨᠢ ᠵᠥᠴᠢ ᠶ᠋ᠢᠨ ᠲᠤᠬᠠᠢ ᠲᠡᠭᠦᠨ ᠦ᠌ ᠪᠣᠳᠣᠯ ᠢ᠋ ᠪᠤᠭᠤᠷᠴᠢ ᠣᠳᠣ ᠴᠤ᠌ ᠰᠢᠭᠦᠮᠵᠢᠯᠡᠨ ᠬᠡᠯᠡᠨ᠎ᠡ ᠭᠡᠵᠦ ᠠᠶᠤᠭᠰᠠᠭᠠᠷ ᠪᠠᠢᠭᠰᠠᠨ ᠤ᠋ ᠬᠢ ᠪᠢᠯᠡ᠃ ᠡᠨᠡ ᠶᠠᠪᠤᠳᠠᠯ ᠠ᠋ᠴᠠ ᠬᠣᠢᠰᠢ ᠴᠢᠩᠭᠢᠰ ᠬᠠᠭᠠᠨ ᠥᠪᠡᠷ ᠢ᠋ ᠪᠡᠨ ᠪᠤᠭᠤᠷᠴᠢ ᠶ᠋ᠢᠨ ᠡᠮᠦᠨ᠎ᠡ ᠪᠤᠷᠤᠭᠤ ᠲᠠᠢ ᠭᠡᠵᠦ ᠪᠣᠳᠣᠬᠤ ᠨᠢ ᠤᠯᠠᠮ ᠭᠦᠨᠵᠡᠭᠡᠢᠷᠡᠵᠡᠢ᠃ ᠤᠷᠢᠳᠤ ᠭᠦᠮᠦᠳᠠ ᠳ᠋ᠤ᠌ ᠤᠴᠠᠷᠠᠭᠰᠠᠨ ᠶᠠᠪᠤᠳᠠᠯ ᠳ᠋ᠤ᠌ ᠥᠪᠡᠷ ᠢ᠋ ᠪᠡᠨ ᠪᠤᠷᠤᠭᠤᠳᠬᠠᠬᠤ ᠨᠢ ᠶᠡᠬᠡ ᠪᠠᠢᠭᠰᠠᠨ ᠪᠢᠯᠡ᠃ ᠡᠨᠡ ᠰᠡᠳᠬᠢᠯ ᠪᠤᠭᠤᠷᠴᠢ ᠥᠪᠡᠷ ᠦ᠋ᠨ ᠡᠷᠭᠦᠮᠡᠯ ᠬᠥᠪᠡᠭᠦᠨ ᠲᠡᠢ ᠪᠣᠯᠤᠭᠰᠠᠨ ᠢ᠋ᠶ᠋ᠠᠷ ᠨᠡᠯᠢᠶᠡᠳ ᠢᠯᠠᠷᠢᠰᠢᠵᠤ ᠪᠠᠢᠭᠰᠠᠨ ᠴᠤ᠌ ᠵᠥᠴᠢ ᠡᠪᠡᠳᠴᠢᠨ ᠢ᠋ᠶ᠋ᠡᠷ ᠦᠬᠦᠭᠰᠡᠨ ᠨᠢ ᠰᠡᠳᠬᠢᠯ ᠦ᠋ᠨ ᠬᠠᠭᠤᠴᠢᠨ ᠰᠢᠷᠬ᠎ᠠ ᠶ᠋ᠢ ᠳᠠᠬᠢᠨ ᠰᠡᠳᠡᠷᠡᠭᠡᠵᠡᠢ᠃ ᠶᠡᠷᠦ ᠨᠢ ᠪᠤᠭᠤᠷᠴᠢ ᠶ᠋ᠢ ᠵᠥᠴᠢ ᠶ᠋ᠢᠨ ᠲᠠᠢᠰᠢ ᠢᠯᠡᠭᠡᠭᠰᠡᠨ ᠨᠢ ᠪᠤᠷᠤᠭᠤ ᠪᠠᠷ ᠵᠣᠭᠰᠣᠬᠤ ᠦᠭᠡᠢ ᠪᠤᠭᠤᠷᠴᠢ ᠶ᠋ᠢᠨ ᠰᠡᠳᠬᠢᠯ ᠳ᠋ᠦ᠍ ᠶᠠᠮᠠᠷ ᠭᠦᠨᠵᠡᠭᠡᠢ ᠴᠣᠬᠢᠯᠲᠠ ᠪᠣᠯᠤᠭᠰᠠᠨ ᠢ᠋ ᠲᠠᠭᠠᠮᠠᠭᠯᠠᠬᠤ ᠪᠦᠷᠢ ᠳ᠋ᠡᠭᠡᠨ ᠴᠢᠩᠭᠢᠰ ᠬᠠᠭᠠᠨ ᠪᠤᠭᠤᠷᠴᠢ ᠶ᠋ᠢ ᠦᠷᠦ ᠡᠪᠡᠳᠦᠨ ᠥᠪᠡᠷ ᠢ᠋ ᠪᠡᠨ ᠪᠤᠷᠤᠭᠤᠳᠬᠠᠳᠠᠭ ᠪᠠᠢᠵᠠᠢ᠃ ᠵᠥᠴᠢ ᠳ᠋ᠦ᠍ ᠥᠪᠡᠷ ᠦ᠋ᠨ ᠬᠥᠪᠡᠭᠦᠨ ᠰᠢᠭ ᠬᠠᠨᠳᠤᠳᠠᠭ ᠢ᠋ ᠮᠡᠳᠡᠬᠦ ᠮᠥᠷᠲᠡᠯ᠎ᠡ ᠪᠡᠨ ᠲᠡᠭᠦᠨ ᠢ᠋ ᠡᠢᠮᠦ ᠪᠡᠷᠬᠡ ᠬᠡᠷᠡᠭ ᠲᠦ᠍ ᠵᠠᠷᠤᠭᠰᠠᠨ ᠳ᠋ᠤᠨᠢ ᠪᠤᠭᠤᠷᠴᠢ ᠲᠡᠭᠦᠨ ᠢ᠋ ᠦᠵᠡᠨ ᠶᠠᠳᠠᠬᠤ ᠴᠤ᠌ ᠡᠨᠡᠭᠦᠬᠡᠨ ᠳ᠋ᠦ᠍ ᠪᠢᠯᠡ᠃ ᠵᠥᠴᠢ ᠶ᠋ᠢ ᠡᠪᠡᠳᠴᠢᠨ ᠢ᠋ᠶ᠋ᠡᠷ ᠦᠬᠦᠨ᠎ᠡ ᠭᠡᠵᠦ ᠬᠡᠨ ᠰᠠᠨᠠᠬᠤ ᠪᠢᠯᠡ᠃ ᠭᠡᠲᠡᠯ᠎ᠡ ᠪᠤᠭᠤᠷᠴᠢ ᠥᠩᠭᠡᠷᠡᠭᠰᠡᠨ ᠬᠣᠶᠠᠷ ᠵᠢᠯ ᠬᠠᠷ᠎ᠠ ᠴᠠᠭᠠᠨ᠂ ᠰᠠᠢᠨ ᠮᠠᠭᠤ ᠦᠭᠡ ᠶᠡᠷᠦ ᠤᠨᠠᠭᠠᠭᠰᠠᠨ ᠦᠭᠡᠢ᠃ ᠪᠠᠰᠠ ᠵᠥᠴᠢ ᠶ᠋ᠢᠨ ᠶᠠᠭᠠᠬᠢᠵᠤ ᠦᠬᠦᠭᠰᠡᠨ ᠢ᠋ ᠪᠠᠰᠠ ᠵᠥᠴᠢ ᠲᠡᠢ ᠶᠠᠭᠤ ᠶᠠᠷᠢᠭᠰᠠᠨ ᠢ᠋ᠶ᠋ᠠᠨ ᠴᠤ᠌ ᠨᠠᠷᠢᠨ ᠲᠣᠳᠣᠷᠬᠠᠢ ᠬᠡᠯᠡᠯ ᠦᠭᠡᠢ ᠲᠥᠯᠥᠭᠰᠡᠭᠡᠷ ᠢᠷᠡᠵᠡᠢ᠃ ᠴᠢᠩᠭᠢᠰ ᠬᠠᠭᠠᠨ ᠡᠨᠡ ᠲᠤᠬᠠᠢ ᠵᠢᠷᠦᠬᠡᠯᠡᠨ ᠠᠰᠠᠭᠤᠵᠤ ᠴᠢᠳᠠᠬᠤ ᠦᠭᠡᠢ ᠪᠠᠢᠵᠠᠢ᠃ ᠬᠠᠷᠢᠨ ᠥᠨᠥᠳᠥᠷ ᠨᠢᠭᠡᠨᠲᠡ ᠨᠢᠭᠤᠷ ᠬᠠᠭᠠᠷᠠᠵᠤ ᠪᠠᠭ᠎ᠠ ᠵᠠᠯᠠᠭᠤ ᠨᠠᠰᠤᠨ ᠤ᠋ ᠶᠠᠪᠤᠳᠠᠯ ᠢ᠋ᠶ᠋ᠠᠨ ᠳᠤᠷᠠᠰᠤᠭᠰᠠᠨ ᠰᠡᠳᠬᠢᠯ ᠢ᠋ᠶ᠋ᠡᠨ ᠠᠭᠤᠳᠠᠯᠤᠨ ᠦᠨᠡᠨ ᠦᠭᠡ ᠪᠡᠨ ᠬᠡᠯᠡᠬᠦ ᠵᠣᠷᠢᠭᠲᠠᠢ ᠪᠣᠯᠵᠠᠢ᠃
| ᠪᠤᠭᠤᠷᠴᠢ᠂ ᠴᠢ ᠨᠠᠮᠠᠶ᠋ᠢ ᠬᠠᠷᠢᠶᠠᠵᠤ ᠵᠥᠭᠡᠭᠰᠡᠨ ᠴᠦ᠍ ᠪᠢ ᠦᠯᠦ ᠭᠣᠮᠣᠳᠠᠨ᠎ᠠ᠃ ᠪᠢ ᠴᠢᠮ᠎ᠠ ᠪᠠᠷ ᠬᠦᠴᠢᠷ ᠢ᠋ ᠬᠢᠯᠭᠡᠵᠦ ᠬᠦᠨᠳᠦ ᠶ᠋ᠢ ᠡᠭᠦᠷᠦᠭᠦᠯᠵᠡᠢ᠃ ᠪᠢ ᠴᠢᠨᠦ ᠬᠠᠮᠤᠭ ᠠᠮᠢᠳᠤᠷᠠᠯ᠂ ᠠᠵᠠ ᠵᠢᠷᠭᠠᠯ ᠢ᠋ ᠪᠤᠯᠢᠶᠠᠨ ᠠᠪᠴᠤ ᠨᠢᠭᠤᠷ ᠢ᠋ᠶ᠋ᠠᠨ ᠲᠠᠭᠯᠠᠭᠤᠯᠵᠤ ᠨᠢᠭᠦᠯ ᠢ᠋ᠶ᠋ᠡᠨ ᠬᠠᠭᠠᠯᠭᠠᠵᠤ ᠢᠷᠡᠯ᠎ᠡ᠃ ᠪᠢ ᠣᠳᠣ ᠴᠢᠨᠦ ᠲᠥᠯᠥᠭᠡ ᠶᠠᠭᠤ ᠬᠢᠪᠡᠯ ᠵᠣᠬᠢᠨ᠎ᠠ? ᠴᠢ ᠬᠡᠯᠡᠭᠡᠴᠢ᠃ ᠴᠢ ᠶᠠᠭᠤ ᠬᠦᠰᠡᠨ᠎ᠡ ᠪᠣᠢ? ᠭᠡᠵᠦ ᠴᠢᠩᠭᠢᠰ ᠬᠠᠭᠠᠨ ᠪᠣᠰᠴᠤ ᠵᠣᠭᠰᠣᠭᠠᠳ ᠬᠡᠯᠡᠪᠡ᠂ ᠪᠤᠭᠤᠷᠴᠢ ᠳᠤᠤᠭᠠᠷᠤᠭᠰᠠᠨ ᠦᠭᠡᠢ᠃
| ᠪᠤᠭᠤᠷᠴᠢ᠂ ᠪᠢ ᠴᠢᠮᠠᠶ᠋ᠢ ᠠᠵᠠ ᠵᠢᠷᠭᠠᠯ ᠦᠭᠡᠢ ᠠᠮᠢᠳᠤᠷᠠᠵᠤ ᠲᠡᠭᠡᠭᠡᠳ ᠪᠠᠰᠠ ᠨᠠᠮᠠᠶ᠋ᠢ ᠬᠠᠷᠢᠶᠠᠵᠤ ᠵᠥᠭᠡᠵᠦ ᠦᠬᠦᠭᠡᠰᠡᠢ ᠭᠡᠵᠦ ᠦᠯᠦ ᠬᠦᠰᠡᠨ᠎ᠡ᠃ ᠴᠢᠨᠦ ᠥᠲᠡᠯᠵᠦ ᠡᠪᠦᠭᠡᠷᠡᠬᠦ ᠶ᠋ᠢ ᠬᠠᠷᠠᠬᠤ ᠪᠦᠷᠢ ᠡᠪᠡᠳᠴᠢᠨ ᠰᠢᠷᠬᠠᠨ ᠳ᠋ᠠᠭᠠᠨ ᠰᠢᠨᠠᠯᠤᠭᠰᠠᠨ ᠴᠢᠷᠠᠢ ᠶ᠋ᠢ ᠴᠢᠨᠢ ᠬᠠᠷᠠᠬᠤ ᠪᠦᠷᠢ ᠪᠢ ᠴᠢᠮᠠᠶ᠋ᠢ ᠡᠢᠮᠦ ᠪᠣᠯᠭᠠᠵᠤ ᠣᠷᠬᠢᠭᠰᠠᠨ ᠳ᠋ᠠᠭᠠᠨ ᠭᠡᠵᠦ ᠪᠣᠳᠣᠬᠤ ᠪᠠᠷ ᠶᠠᠰᠤ ᠮᠢᠨᠢ ᠶᠠᠩᠭᠢᠨᠠᠬᠤ ᠰᠢᠭ᠋ ᠪᠣᠯᠳᠠᠭ ᠪᠣᠯᠵᠠᠢ᠃ ᠪᠢ ᠴᠢᠮᠠᠶ᠋ᠢ ᠦᠬᠦᠪᠡᠯ ᠶᠠᠭᠠᠬᠢᠨ᠎ᠠ ᠭᠡᠵᠦ ᠥᠷᠯᠥᠭᠡ ᠰᠡᠷᠡᠬᠦ ᠪᠦᠷᠢ ᠳ᠋ᠡᠭᠡᠨ ᠪᠣᠳᠣᠬᠤ ᠪᠣᠯᠤᠯ᠎ᠠ᠃ ᠪᠢ ᠴᠢᠮᠠᠶ᠋ᠢ ᠬᠠᠷᠠᠬᠤ ᠪᠦᠷᠢ ᠳ᠋ᠡᠭᠡᠨ ᠪᠢ ᠶᠠᠭᠠᠬᠢᠬᠤ ᠭᠡᠵᠦ ᠡᠨᠡ ᠶᠡᠬᠡ ᠤᠯᠤᠰ ᠢ᠋ ᠪᠠᠢᠭᠤᠯᠤᠯ᠎ᠠ ᠭᠡᠵᠦ ᠬᠠᠷᠠᠮᠰᠠᠬᠤ ᠪᠣᠯᠤᠯ᠎ᠠ᠃ ᠪᠢ ᠭᠠᠭᠴᠠ ᠴᠢᠨᠦ ᠪᠢᠰᠢ ᠬᠡᠴᠢᠨᠡᠨ ᠣᠯᠠᠨ ᠰᠠᠢᠨ ᠨᠥᠬᠥᠷ ᠦ᠋ᠨ ᠢ᠋ᠶ᠋ᠡᠨ ᠠᠮᠢ ᠶ᠋ᠢ ᠵᠦᠯᠢᠶᠠᠰᠦᠯᠠᠪᠠ ᠭᠡᠵᠦ ᠰᠠᠨᠠᠬᠤ ᠪᠦᠷᠢ ᠴᠢᠮᠠᠶ᠋ᠢ ᠠᠵᠠ ᠵᠢᠷᠭᠠᠯ ᠦᠭᠡᠢ ᠦᠬᠦᠬᠦ ᠪᠣᠢ ᠭᠡᠵᠦ ᠵᠣᠪᠠᠬᠤ ᠪᠣᠯᠤᠯ᠎ᠠ᠃
ᠴᠢᠩᠭᠢᠰ ᠬᠠᠭᠠᠨ ᠡᠨᠡ ᠦᠭᠡ ᠶ᠋ᠢ ᠬᠠᠷᠠᠭᠤᠰᠤᠯ ᠭᠡᠮᠰᠢᠯ ᠳᠦᠭᠦᠷᠡᠩ ᠬᠡᠯᠡᠪᠡ᠃
| ᠲᠡᠮᠦᠵᠢᠨ᠂ ᠴᠢ ᠡᠯᠳᠡᠪ ᠢ᠋ ᠪᠣᠳᠣᠵᠤ ᠪᠡᠶ᠎ᠡ ᠪᠡᠨ ᠪᠦᠦ ᠵᠤᠪᠠᠭ᠎ᠠ᠃ ᠴᠢ ᠪᠢᠳᠡᠨ ᠢ᠋ ᠦᠬᠦᠯ ᠲᠡᠢᠮᠦ ᠴᠦ᠍ ᠠᠮᠠᠷ ᠳᠡᠢᠯᠬᠦ ᠦᠭᠡᠢ᠃ ᠰᠠᠨᠠᠭ᠎ᠠ ᠪᠦᠦ ᠵᠣᠪᠠ᠃ ᠦᠬᠦᠬᠦ ᠭᠡᠳᠡᠭ ᠰᠠᠨᠠᠭᠠᠨ ᠤ᠋ ᠬᠢ ᠭᠡᠵᠦ ᠳᠠᠪ ᠲᠡᠭᠷᠢ ᠶ᠋ᠢᠨ ᠬᠡᠯᠡᠭᠰᠡᠨ ᠢ᠋ ᠰᠠᠨᠠᠨ᠎ᠠ ᠤᠤ? ᠮᠢᠨᠦ ᠲᠥᠯᠥᠭᠡ ᠪᠦᠦ ᠰᠡᠳᠬᠢᠯ ᠢ᠋ᠶ᠋ᠡᠨ ᠰᠢᠨᠠᠯᠭᠠ᠃ ᠪᠢ ᠠᠵᠠ ᠵᠢᠷᠭᠠᠯᠲᠠᠢ ᠪᠠᠢᠨ᠎ᠠ᠃ ᠮᠢᠨᠦ ᠡᠨᠡ ᠠᠮᠢᠳᠤᠷᠠᠯ ᠲᠩᠷᠢ ᠶ᠋ᠢᠨ ᠵᠠᠷᠯᠢᠭ ᠤᠴᠢᠷ ᠨᠠᠳᠠᠳᠤ ᠬᠠᠷᠠᠮᠰᠠᠬᠤ ᠵᠦᠢᠯ ᠨᠢᠭᠡᠬᠡᠨ ᠴᠦ᠍ ᠦᠭᠡᠢ ᠶᠦᠮ᠃ ᠬᠠᠷᠢᠨ ᠴᠤ᠌ ᠡᠢᠮᠦ ᠬᠤᠪᠢ ᠵᠠᠶᠠᠭ᠎ᠠ ᠬᠠᠢᠷᠠᠯᠠᠭᠰᠠᠨ ᠲᠩᠷᠢ ᠳ᠋ᠦ᠍ ᠪᠠᠶᠠᠷᠯᠠᠬᠤ ᠶᠣᠰᠣᠲᠠᠢ ᠶᠤᠮ᠃ ᠪᠢ ᠣᠳᠣ ᠲᠩᠷᠢ ᠡᠴᠡ ᠵᠠᠶᠠᠭᠠᠭᠰᠠᠨ ᠬᠥᠪᠡᠭᠦᠨ ᠲᠡᠢ ᠪᠣᠯᠪᠠ᠃ ᠡᠭᠦᠨ ᠡᠴᠡ ᠢᠯᠡᠭᠦᠦ ᠠᠵᠠ ᠵᠢᠷᠭᠠᠯ ᠨᠠᠳᠠᠳᠤ ᠬᠡᠷᠡᠭ ᠦᠭᠡᠢ᠃ ᠣᠳᠣ ᠴᠢᠩᠭᠢᠰ ᠬᠠᠭᠠᠨ ᠤ᠋ ᠵᠠᠷᠯᠢᠭ ᠢ᠋ ᠪᠡᠶᠡᠯᠡᠭᠦᠯᠬᠦ ᠡᠴᠡ ᠥᠭᠡᠷ᠎ᠡ ᠠᠵᠠ ᠵᠢᠷᠭᠠᠯ ᠨᠠᠳᠠ ᠳ᠋ᠤ᠌ ᠦᠯᠡᠳᠡᠭᠰᠡᠨ ᠦᠭᠡᠢ᠃ ᠢᠳᠡᠷ ᠣᠮᠣᠭᠯᠠᠩ ᠶᠠᠪᠤᠬᠤ ᠶ᠋ᠢ ᠴᠢᠨᠢ ᠦᠵᠡᠪᠡ᠃ ᠡᠵᠡᠨᠲᠦ ᠤᠯᠤᠰ ᠢ᠋ᠶ᠋ᠠᠨ ᠪᠠᠢᠭᠤᠯᠵᠤ ᠶᠡᠬᠡ ᠬᠠᠭᠠᠨ ᠰᠠᠭᠤᠬᠤ ᠶ᠋ᠢ ᠦᠵᠡᠪᠡ᠃ ᠡᠨᠡ ᠪᠣᠯᠲᠠᠯ᠎ᠠ ᠵᠢᠳᠬᠦᠪᠡ᠃ ᠪᠢ ᠥᠭᠡᠷ᠎ᠡ ᠪᠡᠷ ᠶᠠᠭᠠᠬᠢᠵᠤ ᠠᠮᠢᠳᠤᠷᠠᠨ᠎ᠠ᠃
ᠪᠣᠭᠣᠷᠴᠢ ᠶ᠋ᠢᠨ ᠡᠨᠡ ᠦᠭᠡᠨ ᠳ᠋ᠦ᠍ ᠴᠢᠩᠭᠢᠰ ᠬᠠᠭᠠᠨ ᠰᠡᠳᠬᠢᠯ ᠬᠠᠨᠤᠭᠠᠳ ᠪᠠᠶᠠᠷᠲᠠᠢ ᠢᠨᠢᠶᠡᠮᠰᠦᠭᠯᠡᠵᠦ
| ᠪᠤᠭᠤᠷᠴᠢ᠂ ᠴᠢ ᠪᠢᠳᠡᠨ ᠳ᠋ᠦ᠍ ᠢᠩᠭᠢᠵᠦ ᠰᠠᠭᠤᠬᠤ ᠬᠣᠨᠣᠭ ᠴᠥᠭᠡᠨ ᠦᠯᠡᠳᠡᠵᠡᠢ᠃ ᠴᠢᠨᠦ ᠡᠪᠡᠳᠴᠢᠨ ᠰᠢᠨᠠᠯᠤᠯ ᠢ᠋ᠶ᠋ᠠᠨ ᠨᠢᠭᠤᠬᠤ ᠭᠡᠵᠦ ᠰᠢᠲᠦ ᠵᠠᠭᠤᠵᠤ ᠶᠠᠪᠤᠭ᠎ᠠ ᠶ᠋ᠢ ᠨᠠᠳᠠ ᠠ᠋ᠴᠠ ᠥᠭᠡᠷ᠎ᠡ ᠬᠡᠨ ᠴᠦ᠍ ᠦᠯᠦ ᠮᠡᠳᠡᠨ᠎ᠡ᠃ ᠮᠢᠨᠦ ᠡᠪᠡᠳᠴᠢᠨ ᠰᠢᠨᠠᠯᠤᠯ ᠢ᠋ ᠴᠢᠮ᠎ᠠ ᠠ᠋ᠴᠠ ᠥᠭᠡᠷ᠎ᠡ ᠬᠥᠮᠦᠨ ᠮᠡᠳᠡᠭᠡᠰᠡᠢ ᠭᠡᠵᠦ ᠪᠢ ᠦᠯᠦ ᠬᠦᠰᠡᠨ᠎ᠡ᠃ ᠬᠤᠯᠠᠨ ᠤ᠋ ᠠᠪᠠ ᠶ᠋ᠢᠨ ᠦᠶ᠎ᠡ ᠳ᠋ᠦ᠍ ᠮᠣᠷᠢᠨ ᠠ᠋ᠴᠠ ᠤᠨᠠᠭᠰᠠᠨ ᠠ᠋ᠴᠠ ᠪᠣᠯᠵᠤ ᠴᠡᠭᠡᠵᠢ ᠪᠡᠷ ᠬᠠᠳᠬᠤᠬᠤ ᠨᠢ ᠳᠠᠭᠤ ᠠᠯᠳᠠᠮᠠᠷ᠂ ᠤᠬᠠᠭᠠᠨ ᠪᠠᠯᠠᠷᠳᠠᠮᠠᠷ ᠬᠦᠴᠦᠲᠡᠢ ᠪᠣᠯᠤᠭᠰᠠᠭᠠᠷ ᠪᠠᠢᠨ᠎ᠠ᠃ ᠪᠢ ᠴᠢᠮ᠎ᠠ ᠰᠢᠭ᠋ ᠲᠡᠪᠴᠢᠶᠡᠷᠢ ᠲᠡᠢ ᠪᠠᠢᠵᠤ ᠦᠯᠦ ᠴᠢᠳᠠᠬᠤ ᠲᠤᠯᠠ ᠡᠭᠦᠨ ᠡᠴᠡ ᠬᠣᠢᠰᠢ ᠶᠠᠭᠠᠬᠢᠬᠤ ᠪᠢᠯᠡ ᠭᠡᠵᠦ ᠰᠠᠨᠠᠭ᠎ᠠ ᠵᠣᠪᠠᠬᠤ ᠪᠣᠯᠤᠯ᠎ᠠ᠃ ᠴᠢ ᠨᠠᠮᠠᠶ᠋ᠢ ᠶᠠᠭᠠᠬᠢᠬᠤ ᠭᠡᠵᠦ ᠡᠨᠳᠡ ᠭᠠᠭᠴᠠᠭᠠᠷ ᠡᠳᠦᠷᠵᠢᠨ ᠰᠠᠭᠤᠭ᠎ᠠ ᠭᠡᠵᠦ ᠰᠠᠨᠠᠨ᠎ᠠ ᠪᠣᠢ? ᠡᠨᠳᠡ ᠭᠠᠭᠴᠠᠭᠠᠷ ᠰᠠᠭᠤᠬᠤ ᠳ᠋ᠤ᠌ ᠮᠢᠨᠦ ᠶᠣᠣᠯᠠᠬᠤ ᠶ᠋ᠢ ᠰᠠᠯᠬᠢᠨ ᠠ᠋ᠴᠠ ᠥᠭᠡᠷ᠎ᠡ ᠬᠡᠨ ᠴᠦ᠍ ᠰᠣᠨᠣᠰᠬᠤ ᠦᠭᠡᠢ ᠶᠦ᠍ᠮ᠃ ᠪᠢ ᠮᠢᠨᠦ ᠶᠣᠣᠯᠠᠬᠤ ᠶ᠋ᠢ ᠮᠣᠩᠭᠣᠯ ᠨᠤᠲᠤᠭ ᠤ᠋ᠨ ᠮᠢᠨᠢ ᠰᠠᠯᠬᠢ᠂ ᠲᠡᠭᠷᠢ ᠪᠤᠤ ᠰᠣᠨᠣᠰᠤᠭ ᠭᠡᠰᠡᠨ ᠳ᠋ᠡᠭᠡᠨ ᠡᠨᠡ ᠲᠠᠩᠭᠤᠳ ᠲᠤ᠌ ᠰᠠᠭᠤᠭᠰᠠᠭᠠᠷ ᠪᠠᠢᠨ᠎ᠠ᠃ ᠬᠥᠪᠡᠭᠦᠳ᠂ ᠨᠥᠬᠥᠳ ᠮᠢᠨᠢ ᠮᠢᠨᠦ ᠶᠣᠣᠯᠠᠬᠤ᠂ ᠠᠷᠴᠠᠭ᠎ᠠ ᠪᠠᠨ ᠠᠯᠲᠠᠨ ᠳᠣᠷᠣᠢᠲᠠᠬᠤ ᠶ᠋ᠢ ᠪᠦᠦ ᠦᠵᠡᠭ ᠭᠡᠰᠡᠨ ᠳ᠋ᠡᠭᠡᠨ ᠡᠨᠳᠡ ᠭᠠᠭᠴᠠᠭᠠᠷ ᠬᠥᠮᠦᠨ ᠴᠢᠯᠠᠭᠤ ᠮᠡᠲᠦ ᠰᠠᠭᠤᠬᠤ ᠪᠣᠯᠤᠯ᠎ᠠ᠃ ᠮᠢᠨᠦ ᠡᠪᠡᠳᠴᠢᠨ ᠢᠯᠠᠷᠢᠰᠢᠨ ᠨᠠᠭᠠᠰᠢᠯᠠᠬᠤ ᠶᠠᠩᠵᠤ ᠦᠭᠡᠢ ᠠᠵᠢ᠃ ᠬᠠᠷᠢᠨ ᠴᠤ᠌ ᠪᠢ ᠡᠷᠲᠡ ᠦᠬᠦᠬᠦ ᠪᠠᠢᠵᠠᠢ᠃ ᠭᠡᠲᠡᠯ᠎ᠡ ᠬᠤᠯᠠᠨ ᠬᠠᠲᠤᠨ ᠢᠷᠡᠵᠦ ᠨᠠᠳᠠᠳᠤ ᠪᠠᠭ᠎ᠠ ᠪᠣᠯᠪᠠᠴᠤ ᠠᠮᠢᠳᠤᠷᠠᠯ ᠥᠭᠪᠡ᠃ ᠠᠮᠢᠳᠤᠷᠠᠯ᠂ ᠴᠠᠭ ᠬᠤᠭᠤᠴᠠᠭ᠎ᠠ ᠭᠡᠳᠡᠭ ᠶᠠᠮᠠᠷ ᠦᠨ᠎ᠡ ᠲᠡᠢ ᠪᠠᠢᠳᠠᠭ ᠢ᠋ ᠪᠢ ᠣᠳᠣ ᠯᠠ ᠣᠢᠯᠠᠭᠠᠵᠤ ᠪᠠᠢᠨ᠎ᠠ᠃ ᠪᠢ ᠬᠡᠴᠢᠨᠡᠨ ᠶᠡᠬᠡ ᠴᠠᠭ ᠢ᠋ ᠳᠡᠮᠡᠢ ᠰᠤᠯᠠ ᠥᠩᠭᠡᠷᠡᠭᠡᠭᠡ ᠪᠣᠢ? ᠪᠢ ᠡᠪᠡᠳᠴᠢᠨ ᠦ᠌ ᠪᠡᠨ ᠲᠤᠬᠠᠢ ᠭᠠᠭᠴᠠᠬᠠᠨ ᠴᠢᠮ᠎ᠠ ᠳ᠋ᠤ᠌ ᠯᠠ ᠬᠡᠯᠡᠪᠡ᠃ ᠴᠢᠮᠠᠲᠤ ᠬᠡᠯᠡᠭᠰᠡᠨ ᠳ᠋ᠦ᠍ ᠡᠪᠡᠳᠴᠢᠨ ᠮᠢᠨᠢ ᠨᠠᠮᠳᠠᠬᠤ ᠰᠢᠭ᠋ ᠪᠣᠯᠤᠯ᠎ᠠ᠃ ᠮᠢᠨᠦ ᠡᠪᠡᠳᠴᠢᠨ ᠢ᠋ ᠭᠠᠭᠴᠠᠬᠠᠨ ᠴᠢ ᠯᠡ ᠮᠡᠳᠡᠬᠦ ᠪᠣᠯᠤᠯ᠎ᠠ᠃ ᠮᠢᠨᠦ ᠡᠪᠡᠳᠴᠢᠨ ᠴᠢᠮᠠᠳᠠᠢ ᠬᠠᠮᠲᠤ ᠦᠬᠦᠬᠦ ᠪᠢᠵᠡ ᠭᠡᠵᠡᠢ᠃
| ᠲᠡᠮᠦᠵᠢᠨ᠂ ᠪᠢ ᠴᠢᠮᠠᠲᠤ ᠨᠢᠭᠡ ᠵᠦᠢᠯ ᠬᠡᠯᠡᠶ᠎ᠡ᠂ ᠪᠡᠶ᠎ᠡ ᠴᠢᠯᠡᠷᠭᠡᠵᠤ ᠪᠠᠢᠬᠤ ᠳ᠋ᠤ᠌ ᠣᠯᠠᠨ ᠳᠣᠯᠣᠭᠠᠨ ᠶᠠᠭᠤᠮ᠎ᠠ ᠪᠦᠦ ᠪᠣᠳᠣ᠃ ᠲᠡᠷᠡ ᠲᠣᠰᠤᠮ ᠢ᠋ᠶ᠋ᠠᠨ ᠥᠩᠭᠡᠷᠡᠭᠰᠡᠨ ᠪᠠᠯᠠᠷᠠᠭᠰᠠᠨ ᠲᠡᠦᠬᠡ ᠶ᠋ᠢ ᠪᠦᠷ ᠪᠤᠤ ᠪᠣᠳᠣ᠃ ᠰᠡᠳᠬᠢᠯ ᠢ᠋ᠶ᠋ᠡᠨ ᠵᠤᠭᠠᠴᠠᠭᠤᠯ᠃ ᠡᠪᠡᠳᠴᠢᠨ ᠢ᠋ᠶ᠋ᠡᠨ ᠮᠠᠷᠲᠠ᠃ ᠨᠠᠭᠠᠳᠤᠮ ᠴᠡᠩᠭᠡᠯ ᠵᠣᠬᠢᠶᠠ᠃ ᠴᠡᠷᠢᠭ ᠦ᠋ᠳ ᠦ᠋ᠨ ᠢ᠋ᠶ᠋ᠡᠨ ᠬᠡᠢ ᠮᠣᠷᠢ ᠶ᠋ᠢ ᠰᠡᠷᠭᠦᠭᠡᠵᠦ ᠲᠠᠩᠭᠤᠳ ᠤ᠋ᠨ ᠪᠤᠤᠷ᠎ᠠ ᠬᠠᠭᠠᠨ ᠢ᠋ ᠰᠣᠴᠢᠲᠠᠯ᠎ᠠ ᠨᠠᠭᠠᠳᠤᠮ ᠬᠢᠶ᠎ᠡ᠃ ᠤᠢᠳᠬᠠᠷᠯᠠᠨ ᠰᠠᠭᠤᠬᠤ ᠪᠠᠨ ᠪᠣᠯᠢ᠃ ᠤᠷᠢᠳᠤ ᠶ᠋ᠢᠨ ᠲᠡᠮᠦᠵᠢᠨ ᠢ᠋ ᠮᠠᠷᠲᠠᠵᠤ ᠤᠭ ᠤ᠋ᠨ ᠴᠢᠩᠭᠢᠰ ᠬᠠᠭᠠᠨ ᠮᠡᠲᠦ ᠪᠠᠢᠭᠲᠤᠨ᠃
| ᠪᠤᠭᠤᠷᠴᠢ ᠴᠢᠨᠦ ᠬᠡᠯᠡᠭᠰᠡᠨ ᠢ᠋ᠶ᠋ᠡᠷ ᠬᠢᠶ᠎ᠡ᠃ ᠴᠢ ᠰᠠᠶᠢ ᠬᠡᠯᠡᠭᠰᠡᠨ ᠢ᠋ᠶ᠋ᠡᠨ ᠦᠢᠯᠡᠳᠦᠭᠲᠦᠨ᠃ ᠬᠠᠷᠢᠨ ᠨᠠᠭᠠᠳᠤᠮ ᠴᠡᠩᠭᠡᠯ ᠢ᠋ᠶ᠋ᠡᠨ ᠪᠠᠲᠤ ᠬᠥᠪᠡᠭᠦᠨ ᠢ᠋ ᠢᠷᠡᠬᠦ ᠪᠡᠷ ᠪᠣᠯᠤᠶ᠎ᠠ᠃ ᠬᠠᠷᠢᠨ ᠲᠡᠭᠦᠨ ᠦ᠌ ᠡᠮᠦᠨ᠎ᠡ ᠢᠷᠭᠠᠢ ᠪᠠᠯᠭᠠᠰᠤ ᠶ᠋ᠢ ᠡᠵᠡᠯᠡᠨ ᠠᠪᠴᠤ ᠪᠤᠤᠷ᠎ᠠ ᠬᠠᠭᠠᠨ ᠢ᠋ ᠶᠠᠪᠤᠬᠤ ᠭᠠᠵᠠᠷ ᠦᠭᠡᠢ ᠪᠣᠯᠭᠠᠭᠲᠤᠨ᠃ ᠪᠤᠤᠷ᠎ᠠ ᠬᠠᠭᠠᠨ ᠢ᠋ ᠪᠤᠤ ᠦᠬᠦᠭᠦᠯ᠃ ᠲᠡᠭᠦᠨ ᠢ᠋ ᠮᠢᠨᠦ ᠡᠮᠦᠨ᠎ᠡ ᠥᠪᠡᠷ ᠢ᠋ᠶ᠋ᠡᠨ ᠮᠥᠯᠬᠥᠵᠦ ᠢᠷᠡᠲᠡᠯ᠎ᠡ ᠨᠢ ᠰᠠᠬᠢᠵᠤ ᠰᠠᠭᠤᠭᠲᠤᠨ ᠭᠡᠵᠦ ᠴᠢᠩᠭᠢᠰ ᠬᠠᠭᠠᠨ ᠵᠠᠷᠯᠢᠭ ᠪᠠᠭᠤᠯᠭᠠᠪᠠ᠃
ᠲᠡᠭᠦᠨ ᠦ᠌ ᠲᠠᠩᠭᠤᠳ ᠤᠯᠤᠰ ᠲᠤ᠌ ᠥᠪᠡᠷ ᠦ᠋ᠨ ᠪᠡᠶ᠎ᠡ ᠪᠡᠷ ᠬᠡᠷᠡᠭ ᠪᠣᠯᠭᠠᠨ ᠮᠣᠷᠢᠯᠠᠨ ᠢᠷᠡᠭᠰᠡᠨ ᠦ᠌ ᠤᠴᠢᠷ ᠢ᠋ ᠪᠤᠭᠤᠷᠴᠢ ᠰᠠᠶᠢ ᠯᠠ ᠲᠣᠳᠣ ᠣᠢᠯᠠᠭᠠᠪᠠ᠃ ᠪᠤᠤᠷ᠎ᠠ ᠬᠠᠭᠠᠨ ᠠ᠋ᠴᠠ ᠥᠰᠢᠶ᠎ᠡ ᠠᠪᠴᠤ ᠪᠠᠬ᠎ᠠ ᠲᠠᠪᠠ ᠪᠠᠨ ᠬᠠᠩᠭᠠᠬᠤ ᠭᠡᠵᠦ ᠴᠢᠩᠭᠢᠰ ᠬᠠᠭᠠᠨ ᠡᠨᠳᠡ ᠢᠷᠡᠵᠡᠢ᠃ ᠲᠡᠭᠦᠨ ᠡᠴᠡ ᠪᠢᠰᠢ ᠲᠠᠩᠭᠤᠳ ᠢ᠋ ᠮᠥᠬᠥᠭᠡᠬᠦ ᠳ᠋ᠦ᠍ ᠪᠤᠤᠷ᠎ᠠ ᠬᠠᠭᠠᠨ ᠤ᠋ ᠬᠣᠲᠠ ᠶ᠋ᠢ ᠯᠡ ᠡᠵᠡᠯᠡᠨ ᠠᠪᠤᠪᠠᠯ ᠪᠣᠯᠬᠤ ᠪᠣᠯᠪᠠᠴᠤ ᠴᠢᠩᠭᠢᠰ ᠬᠠᠭᠠᠨ ᠭᠠᠭᠴᠠᠬᠠᠨ ᠪᠤᠤᠷ᠎ᠠ ᠬᠠᠭᠠᠨ ᠤ᠋ ᠰᠠᠭᠤᠭ᠎ᠠ ᠬᠣᠲᠠ ᠶ᠋ᠢ ᠲᠣᠭᠣᠷᠢᠨ ᠪᠤᠰᠤᠳ ᠵᠠᠬ᠎ᠠ ᠬᠢᠵᠠᠭᠠᠷ ᠬᠣᠲᠠ ᠪᠠᠯᠭᠠᠰᠤ ᠶ᠋ᠢ ᠡᠵᠡᠯᠡᠨ ᠴᠠᠭ ᠠᠯᠳᠠᠭᠰᠠᠭᠠᠷ ᠪᠠᠢᠭ᠎ᠠ ᠶ᠋ᠢᠨ ᠤᠴᠢᠷ ᠡᠨᠡ ᠠᠵᠢ᠃ ᠪᠤᠤᠷ᠎ᠠ ᠬᠠᠭᠠᠨ ᠢ᠋ ᠥᠪᠡᠷ ᠢ᠋ᠶ᠋ᠡᠨ ᠢᠷᠡᠵᠦ ᠠᠮᠢ ᠭᠤᠶᠤᠬᠤ ᠶ᠋ᠢ ᠬᠦᠯᠢᠶᠡᠵᠦ ᠪᠠᠢᠭ᠎ᠠ ᠨᠢ ᠲᠣᠳᠣᠷᠬᠠᠢ ᠪᠣᠯᠪᠠ᠃ ᠲᠠᠩᠭᠤᠳ ᠢ᠋ ᠮᠥᠬᠥᠭᠡᠬᠦ ᠲᠡᠢᠨ ᠢ᠋ ᠴᠢᠩᠭᠢᠰ ᠬᠠᠭᠠᠨ ᠥᠪᠡᠷ ᠦ᠋ᠨ ᠬᠦᠰᠡᠯ ᠢ᠋ᠶ᠋ᠡᠷ ᠰᠤᠨᠵᠢᠷᠠᠭᠤᠯᠵᠤ ᠪᠠᠢᠪᠠ᠃ ᠢᠩᠭᠢᠬᠦ ᠨᠢ ᠮᠣᠩᠭᠣᠯ ᠤ᠋ᠨ ᠴᠡᠷᠢᠭ ᠲᠦ᠍ ᠬᠣᠬᠢᠷᠠᠯᠲᠠᠢ ᠶ᠋ᠢ ᠴᠢᠩᠭᠢᠰ ᠬᠠᠭᠠᠨ ᠲᠣᠭᠣᠭᠰᠠᠨ ᠦᠭᠡᠢ᠃ ᠪᠠᠰᠠ ᠲᠠᠩᠭᠤᠳ ᠤᠯᠤᠰ ᠢ᠋ ᠡᠵᠡᠯᠡᠨ ᠠᠪᠴᠤ ᠰᠦᠷ ᠢ᠋ᠶ᠋ᠡᠨ ᠦᠵᠡᠭᠦᠯᠬᠦ ᠨᠢ ᠳᠠᠷᠠᠭ᠎ᠠ ᠠᠯᠲᠠᠨ ᠪᠣᠯᠤᠭᠠᠳ ᠰᠥᠩ ᠤᠯᠤᠰ ᠲᠠᠢ ᠳᠠᠢᠳᠤᠬᠤ ᠳ᠋ᠤ᠌ ᠴᠢᠬᠤᠯᠠ ᠪᠠᠢᠪᠠ᠃ ᠲᠠᠩᠭᠤᠳ ᠤᠯᠤᠰ ᠢ᠋ ᠡᠵᠡᠯᠡᠭᠰᠡᠨ ᠢ᠋ᠶ᠋ᠡᠷ ᠣᠳᠣᠬᠠᠨ ᠳ᠋ᠠᠭᠠᠨ ᠨᠠᠢᠷᠠᠮᠳᠠᠯᠲᠠᠢ ᠪᠠᠢᠭ᠎ᠠ ᠰᠥᠩ ᠤᠯᠤᠰ ᠲᠠᠢ ᠡᠪᠰᠡᠨ ᠲᠡᠳᠡᠨ ᠦ᠌ ᠨᠤᠲᠤᠭ ᠢ᠋ᠶ᠋ᠠᠷ ᠳᠠᠮᠵᠢᠨ ᠠᠯᠲᠠᠨ ᠤᠯᠤᠰ ᠤ᠋ᠨ ᠪᠠᠷᠠᠭᠤᠨ ᠡᠮᠦᠨ᠎ᠡ ᠲᠠᠯ᠎ᠠ ᠠ᠋ᠴᠠ ᠳᠣᠪᠲᠣᠯᠬᠤ ᠪᠣᠯᠤᠮᠵᠢ ᠨᠡᠭᠡᠭᠡᠭᠳᠡᠨ᠎ᠡ ᠭᠡᠵᠦ ᠴᠢᠩᠭᠢᠰ ᠬᠠᠭᠠᠨ ᠪᠣᠳᠣᠭᠰᠠᠨ ᠪᠠᠢᠪᠠ᠃ ᠲᠡᠢᠮᠦ ᠤᠴᠢᠷ ᠠ᠋ᠴᠠ ᠰᠥᠩ ᠤᠯᠤᠰ ᠤ᠋ᠨ ᠬᠠᠭᠠᠨ ᠳ᠋ᠤ᠌ ᠲᠠᠩᠭᠤᠳ ᠠ᠋ᠴᠠ ᠣᠯᠵᠠᠯᠠᠭᠰᠠᠨ ᠶᠡᠬᠡ ᠪᠡᠯᠡᠭ ᠢᠯᠡᠭᠡᠵᠦ ᠬᠠᠭᠤᠴᠢᠨ ᠨᠠᠢᠷᠠᠮᠳᠠᠯᠲᠠᠢ ᠪᠠᠢᠭᠰᠠᠨ ᠢ᠋ᠶ᠋ᠠᠨ ᠪᠠᠲᠤᠯᠠᠨ ᠵᠠᠬᠢᠳᠠᠯ ᠬᠦᠷᠭᠡᠭᠦᠯᠦᠭᠰᠡᠨ ᠦ᠌ ᠬᠠᠷᠢᠭᠤ ᠶ᠋ᠢ ᠬᠦᠯᠢᠶᠡᠵᠦ ᠪᠠᠢᠪᠠ᠃ ᠣᠳᠣ ᠴᠢᠩᠭᠢᠰ ᠬᠠᠭᠠᠨ ᠤ᠋ ᠤᠬᠠᠭᠠᠨ ᠳ᠋ᠤ᠌ ᠾᠢᠮᠠᠯᠢ ᠶ᠋ᠢᠨ ᠶᠡᠬᠡ ᠠᠭᠤᠯᠠᠰ ᠤ᠋ᠨ ᠡᠮᠦᠨ᠎ᠡ ᠬᠣᠢᠲᠤ ᠲᠠᠯ᠎ᠠ ᠶ᠋ᠢᠨ ᠭᠠᠵᠠᠷ ᠣᠷᠣᠨ ᠢ᠋ ᠥᠪᠡᠷ ᠦ᠋ᠨ ᠤᠯᠤᠰ ᠲᠠᠢ ᠨᠢᠭᠡᠳᠬᠡᠬᠦ ᠶᠡᠬᠡ ᠲᠥᠯᠥᠪᠯᠡᠭᠡ ᠨᠢᠭᠡᠨᠲᠡ ᠪᠡᠯᠡᠨ ᠪᠣᠯᠵᠠᠢ᠃ ᠡᠨᠡ ᠪᠣᠯ ᠪᠤᠳ᠋ᠳ᠋ᠾᠠ ᠶ᠋ᠢ ᠰᠢᠲᠦᠭᠴᠢ ᠤᠯᠤᠰ ᠣᠷᠣᠨ ᠨᠤᠭᠤᠳ ᠪᠠᠢᠪᠠ᠃ ᠲᠠᠩᠭᠤᠳ ᠤᠯᠤᠰ ᠪᠣᠯ ᠡᠨᠡ ᠶᠡᠬᠡ ᠲᠡᠢᠨ ᠦ᠌ ᠦᠶ᠎ᠡ ᠳ᠋ᠦ᠍ ᠶᠡᠬᠡ ᠴᠡᠷᠢᠭ ᠢ᠋ ᠬᠦᠨᠡᠰᠦ ᠬᠣᠭᠣᠯᠠ ᠪᠠᠷ ᠬᠠᠩᠭᠠᠬᠤ ᠭᠠᠵᠠᠷ᠂ ᠪᠡᠯᠡᠳᠬᠡᠯ ᠢ᠋ᠶ᠋ᠡᠨ ᠪᠠᠵᠠᠭᠠᠬᠤ ᠨᠤᠲᠤᠭ ᠪᠣᠯᠬᠤ ᠶᠤᠮ᠃ ᠲᠡᠢᠮᠦ ᠤᠴᠢᠷ ᠠ᠋ᠴᠠ ᠲᠠᠩᠭᠤᠳ ᠢ᠋ ᠳᠠᠬᠢᠨ ᠰᠡᠬᠡᠬᠦ ᠦᠭᠡᠢ ᠪᠡᠷ ᠳᠠᠷᠤᠵᠤ ᠡᠵᠡᠯᠡᠨ ᠠᠪᠬᠤ ᠨᠢ ᠴᠢᠬᠤᠯᠠ ᠪᠠᠢᠪᠠ᠃ ᠲᠠᠩᠭᠤᠳ ᠤᠯᠤᠰ ᠳᠠᠷᠤᠭᠳᠠᠪᠠᠯ ᠪᠠᠷᠠᠭᠤᠨ ᠵᠦᠭ ᠡᠴᠡ ᠳᠠᠢᠴᠢᠯᠠᠭᠰᠠᠨ ᠴᠡᠷᠢᠭ ᠦ᠋ᠨ ᠢᠷᠡᠬᠦ ᠵᠠᠮ ᠲᠦᠳᠡ ᠰᠢᠯᠤᠭᠤᠨ ᠪᠣᠯᠬᠤ ᠪᠢᠯᠡ᠃ ᠢᠷᠡᠭᠡᠳᠦᠢ ᠶ᠋ᠢᠨ ᠶᠡᠬᠡ ᠲᠡᠢᠨ ᠦ᠌ ᠲᠠᠪᠰᠢᠯᠲᠠ ᠶ᠋ᠢᠨ ᠲᠥᠯᠥᠪᠯᠡᠭᠡ ᠶ᠋ᠢ ᠵᠣᠬᠢᠶᠠᠵᠤ ᠡᠯᠳᠡᠪ ᠢ᠋ ᠨᠢᠭᠲᠠᠯᠠᠨ ᠰᠠᠭᠤᠬᠤ ᠨᠢ ᠴᠢᠩᠭᠢᠰ ᠬᠠᠭᠠᠨ ᠤ᠋ ᠡᠪᠡᠳᠴᠢᠨ ᠢ᠋ᠶ᠋ᠡᠨ ᠮᠠᠷᠲᠠᠬᠤ ᠭᠣᠣᠯ ᠭᠠᠭᠴᠠ ᠠᠷᠭ᠎ᠠ ᠪᠣᠯᠵᠠᠢ᠃ ᠲᠡᠭᠦᠨ ᠦ᠌ ᠲᠤᠰᠢᠶᠠᠭᠰᠠᠨ ᠢ᠋ᠶ᠋ᠠᠷ ᠠᠯᠲᠠᠨ᠂ ᠰᠥᠩ ᠤᠯᠤᠰ ᠲᠤ᠌ ᠢᠯᠡᠭᠡᠭᠰᠡᠨ ᠲᠠᠩᠨᠠᠭᠤᠯ ᠤ᠋ᠳ ᠡᠷᠭᠢᠨ ᠢᠷᠡᠭᠡᠳ ᠡᠳᠡᠭᠡᠷ ᠤᠯᠤᠰ ᠤ᠋ᠨ ᠨᠤᠲᠤᠭ ᠣᠷᠣᠨ ᠤ᠋ ᠪᠠᠢᠳᠠᠯ᠂ ᠭᠣᠣᠯ ᠮᠥᠷᠡᠨ᠂ ᠠᠭᠤᠯᠠ ᠳᠠᠪᠠᠭ᠎ᠠ᠂ ᠵᠠᠮ ᠬᠠᠷᠭᠤᠢ ᠶ᠋ᠢᠨ ᠵᠢᠷᠤᠭ ᠢ᠋ ᠦᠢᠯᠡᠳᠴᠦ ᠡᠬᠢᠯᠡᠵᠡᠢ᠃ ᠠᠩᠬ᠎ᠠ ᠬᠣᠷᠽᠸᠮ ᠢ᠋ ᠳᠣᠪᠲᠣᠯᠬᠤ ᠳ᠋ᠠᠭᠠᠨ ᠪᠦᠷᠢᠨ ᠬᠡᠷᠡᠭᠯᠡᠭᠰᠡᠨ ᠡᠨᠡ ᠠᠷᠭ᠎ᠠ ᠲᠤᠢᠯ ᠤ᠋ᠨ ᠠᠰᠢᠭᠲᠠᠢ ᠵᠦᠢᠯ ᠪᠣᠯᠬᠤ ᠨᠢ ᠨᠢᠭᠡᠨᠲᠡ ᠪᠠᠲᠤᠯᠠᠭᠳᠠᠭᠰᠠᠨ ᠶᠤᠮ᠃ ᠬᠣᠷᠽᠸᠮ ᠳ᠋ᠤ᠌ ᠳᠣᠪᠲᠣᠯᠬᠤ ᠶ᠋ᠢᠨ ᠡᠮᠦᠨᠡᠬᠢ ᠭᠤᠷᠪᠠᠨ ᠵᠢᠯ ᠳ᠋ᠦ᠍ ᠪᠠᠷᠠᠭᠤᠨ ᠵᠦᠭ ᠲᠦ᠍ ᠬᠤᠳᠠᠯᠳᠤᠭᠠᠴᠢᠨ ᠤ᠋ ᠳᠦᠷᠢ ᠪᠡᠷ ᠠᠶᠠᠯᠠᠭᠰᠠᠨ ᠴᠢᠩᠭᠢᠰ ᠬᠠᠭᠠᠨ ᠤ᠋ ᠲᠠᠩᠨᠠᠭᠤᠯ ᠤ᠋ᠳ ᠤ᠋ᠨ ᠴᠤᠭᠯᠠᠭᠤᠯᠤᠭᠰᠠᠨ ᠮᠡᠳᠡᠭᠡ ᠶᠡᠬᠡ ᠳᠣᠪᠲᠣᠯᠭᠠᠨ ᠢ᠋ ᠪᠡᠯᠡᠳᠬᠡᠬᠦ ᠭᠣᠣᠯ ᠴᠢᠭᠯᠡᠯ ᠪᠠᠷᠢᠮᠵᠢᠶ᠎ᠠ ᠪᠣᠯᠤᠭᠰᠠᠨ ᠠᠵᠢ᠃ ᠲᠠᠩᠨᠠᠭᠤᠯ ᠤ᠋ᠨ ᠠᠯᠪᠠ ᠶ᠋ᠢ ᠥᠷᠭᠡᠵᠢᠭᠦᠯᠵᠦ ᠲᠡᠭᠦᠨ ᠳ᠋ᠦ᠍ ᠥᠷᠭᠡᠨ ᠡᠷᠬᠡ ᠮᠠᠲᠠᠯ ᠣᠯᠭᠣᠭᠠᠳ ᠣᠯᠠᠨ ᠬᠡᠯᠡ ᠶ᠋ᠢᠨ ᠵᠦᠭ ᠵᠦᠭ ᠦ᠋ᠨ ᠤᠯᠤᠰ ᠬᠣᠲᠠ ᠨᠤᠭᠤᠳ ᠠ᠋ᠴᠠ ᠦᠨᠡᠨᠴᠢ ᠠᠯᠪᠠᠲᠤ ᠨᠤᠭᠤᠳ ᠢ᠋ ᠰᠢᠯᠢᠨ ᠠᠪᠴᠤ᠂ ᠬᠡᠷᠡᠭᠲᠡᠢ ᠨᠤᠲᠤᠭ ᠣᠷᠣᠨ ᠳ᠋ᠤ᠌ ᠢᠯᠡᠭᠡᠳᠡᠭ ᠪᠣᠯᠪᠠ᠃ ᠡᠨᠡ ᠨᠢᠭᠤᠴᠠ ᠠᠯᠪᠠ ᠶ᠋ᠢ ᠣᠳᠣ ᠵᠠᠯᠮ᠎ᠠ ᠶ᠋ᠢᠨ ᠬᠥᠪᠡᠭᠦᠨ ᠶᠢᠰᠦᠨᠲᠡᠢ ᠲᠣᠯᠣᠭᠠᠢᠯᠠᠬᠤ ᠪᠣᠯᠵᠠᠢ᠃ ᠶᠢᠰᠦᠨᠲᠡᠢ ᠪᠣᠯ ᠢᠲᠡᠭᠡᠯᠲᠡᠢ ᠦᠨᠡᠨᠴᠢ ᠪᠠᠰᠠ ᠤᠬᠠᠭᠠᠨᠲᠠᠢ ᠬᠥᠮᠦᠨ ᠭᠡᠳᠡᠭ ᠢ᠋ᠶ᠋ᠡᠨ ᠨᠢᠭᠡᠨᠲᠡ ᠴᠢᠩᠭᠢᠰ ᠬᠠᠭᠠᠨ ᠤ᠋ ᠡᠮᠦᠨ᠎ᠡ ᠪᠠᠲᠤᠯᠠᠭᠰᠠᠨ ᠪᠢᠯᠡ᠃ ᠢᠩᠭᠢᠵᠦ ᠲᠠᠩᠭᠤᠳ ᠲᠤ᠌ ᠮᠣᠩᠭᠣᠯ ᠤ᠋ᠨ ᠶᠡᠬᠡ ᠴᠡᠷᠢᠭ ᠳᠣᠷᠣᠨ᠎ᠠ ᠵᠦᠭ ᠲᠦ᠍ ᠬᠢᠬᠦ ᠶᠡᠬᠡ ᠠᠶᠠᠨ ᠲᠡᠢᠨ ᠳ᠋ᠡᠭᠡᠨ ᠠᠯᠭᠤᠷ ᠲᠠᠢᠪᠤᠩ᠂ ᠳᠠᠢᠳᠤᠵᠤ ᠪᠠᠢᠭ᠎ᠠ ᠨᠡᠷ᠎ᠡ ᠶ᠋ᠢᠨ ᠳᠣᠣᠷ᠎ᠠ ᠨᠢᠭᠤᠴᠠ ᠪᠠᠷ ᠪᠡᠯᠡᠳᠬᠡᠵᠦ ᠪᠠᠢᠯ᠎ᠠ᠃ ᠭᠡᠪᠡᠴᠦ ᠳᠣᠷᠣᠨ᠎ᠠ ᠵᠦᠭ ᠲᠦ᠍ ᠠᠯᠲᠠᠨ ᠤᠯᠤᠰ ᠲᠤ᠌ ᠳᠣᠪᠲᠣᠯᠬᠤ ᠡᠨᠡ ᠨᠢᠭᠤᠴᠠ ᠶ᠋ᠢ ᠣᠳᠣᠬᠠᠨ ᠳ᠋ᠤ᠌ ᠪᠠᠨ ᠭᠠᠭᠴᠠᠬᠠᠨ ᠴᠢᠩᠭᠢᠰ ᠬᠠᠭᠠᠨ ᠯᠠ ᠮᠡᠳᠡᠵᠦ ᠪᠠᠢᠪᠠ᠃ ᠶᠡᠬᠡᠩᠬᠢ ᠴᠡᠷᠢᠭ ᠦ᠋ᠳ᠂ ᠵᠠᠩᠵᠤᠨ ᠨᠤᠭᠤᠳ ᠲᠠᠩᠭᠤᠳ ᠢ᠋ ᠡᠵᠡᠯᠡᠨ ᠠᠪᠴᠤ ᠲᠡᠯᠡᠵᠦ ᠳᠡᠭᠡᠷᠡᠮᠳᠡᠭᠡᠳ ᠨᠤᠲᠤᠭ ᠪᠤᠴᠠᠨ᠎ᠠ ᠭᠡᠵᠦ ᠪᠣᠳᠣᠵᠤ ᠪᠠᠢᠯ᠎ᠠ᠃ ᠶᠡᠷᠦ ᠡᠴᠡ ᠨᠡᠭᠦᠳᠡᠯᠴᠢᠨ ᠦ᠌ ᠲᠡᠢᠨ ᠡᠢᠮᠦ ᠪᠠᠢᠳᠠᠭ ᠪᠢᠯᠡ᠃ ᠭᠡᠲᠡᠯ᠎ᠡ ᠴᠠᠭ ᠥᠭᠡᠷ᠎ᠡ ᠪᠣᠯᠵᠤ ᠨᠢᠭᠡ ᠤᠳᠠᠭ᠎ᠠ ᠪᠤᠯᠢᠶᠠᠨ ᠳᠡᠭᠡᠷᠡᠮᠳᠡᠬᠦ ᠪᠢᠰᠢ ᠪᠠᠢᠩᠭᠤ ᠥᠪᠡᠷ ᠲᠡᠭᠡᠨ ᠵᠢᠳᠬᠦᠭᠦᠯᠬᠦ᠂ ᠲᠠᠲᠠᠪᠤᠷᠢ ᠠᠪᠬᠤ ᠬᠡᠮᠵᠢᠶ᠎ᠡ ᠶ᠋ᠢ ᠲᠣᠭᠲᠠᠭᠠᠨ ᠨᠢᠭᠡᠳᠦᠭᠰᠡᠨ ᠤᠯᠤᠰ ᠤ᠋ᠨ ᠵᠢᠷᠤᠮ ᠳ᠋ᠤ᠌ ᠣᠷᠣᠭᠤᠯᠬᠤ ᠶ᠋ᠢᠨ ᠲᠤᠯᠠᠳᠠ ᠲᠡᠢᠨ ᠬᠢᠬᠦ ᠬᠡᠷᠡᠭᠲᠡᠢ ᠪᠣᠯᠤᠭᠰᠠᠨ ᠨᠢ ᠲᠣᠳᠣᠷᠬᠠᠢ ᠪᠠᠢᠪᠠ᠃ ᠡᠭᠦᠨ ᠦ᠌ ᠲᠤᠯᠠᠳᠠ ᠬᠦᠴᠦᠷᠬᠡᠭ ᠴᠡᠷᠢᠭ ᠪᠠᠢᠬᠤ ᠶᠣᠰᠣᠲᠠᠢ᠃ ᠶᠡᠬᠡ ᠴᠡᠷᠢᠭ ᠳᠠᠢᠳᠤᠵᠤ ᠪᠠᠢᠯᠳᠤᠵᠤ ᠪᠠᠢᠪᠠᠯ ᠬᠦᠴᠦᠷᠬᠡᠭ ᠪᠣᠯᠤᠨ᠎ᠠ ᠭᠡᠵᠦ ᠴᠢᠩᠭᠢᠰ ᠬᠠᠭᠠᠨ ᠪᠣᠳᠣᠬᠤ ᠤᠴᠢᠷ ᠶᠡᠬᠡ ᠴᠡᠷᠢᠭ ᠢ᠋ ᠠᠮᠠᠷᠠᠵᠤ᠂ ᠮᠣᠷᠢ ᠪᠠᠨ ᠲᠠᠷᠭᠤᠯᠠᠭᠤᠯᠬᠤ ᠠ᠋ᠴᠠ ᠪᠤᠰᠤᠳ ᠴᠠᠭ ᠲᠤ᠌ ᠠᠶᠠᠯᠠᠨ ᠳᠠᠢᠳᠤᠵᠤ ᠪᠠᠢᠬᠤ ᠶᠣᠰᠣᠲᠠᠢ ᠭᠡᠵᠦ ᠦᠵᠡᠨ᠎ᠡ᠃ ᠪᠠᠰᠠ ᠶᠡᠬᠡ ᠴᠡᠷᠢᠭ ᠢ᠋ ᠨᠢᠭᠡᠳᠬᠡᠨ ᠥᠪᠡᠷ ᠦ᠋ᠨ ᠳᠣᠣᠷ᠎ᠠ ᠵᠠᠬᠢᠷᠴᠤ ᠲᠡᠢᠨ ᠲᠤᠯᠤᠯᠳᠤᠭᠠᠨ ᠳ᠋ᠤ᠌ ᠪᠠᠢᠯᠭᠠᠬᠤ ᠨᠢ ᠰᠢᠳᠠᠷ᠂ ᠰᠠᠢᠳ ᠤ᠋ᠳ ᠥᠭᠡᠷ᠎ᠡ ᠬᠡᠨ ᠳ᠋ᠦ᠍ ᠴᠦ᠍ ᠭᠡᠰᠡᠨ ᠲᠤᠰᠠᠭᠠᠷ ᠶᠠᠪᠤᠵᠤ ᠪᠡᠶ᠎ᠡ ᠳᠠᠭᠠᠭᠠᠬᠤ ᠬᠦᠰᠡᠯ ᠵᠣᠷᠢᠭ ᠲᠥᠷᠥᠬᠦ ᠶᠠᠪᠤᠳᠠᠯ ᠢ᠋ ᠬᠢᠵᠠᠭᠠᠷᠯᠠᠬᠤ ᠬᠠᠮᠤᠭ ᠤ᠋ᠨ ᠰᠠᠢᠨ ᠠᠷᠭ᠎ᠠ ᠭᠡᠵᠦ ᠢᠲᠡᠭᠡᠨ᠎ᠡ᠃ ᠡᠨᠡ ᠪᠣᠯ ᠠᠷᠪᠠᠨ ᠲᠠᠪᠤᠨ ᠨᠠᠰᠤᠨ ᠠ᠋ᠴᠠ ᠬᠢᠭᠰᠡᠨ ᠶᠡᠬᠡ ᠪᠠᠭ᠎ᠠ ᠣᠯᠠᠨ ᠲᠡᠢᠨ ᠳᠣᠯᠣᠭᠠᠨ ᠠ᠋ᠴᠠ ᠣᠯᠤᠭᠰᠠᠨ ᠤᠬᠠᠭᠠᠨ ᠪᠠᠢᠪᠠ᠃ ᠠᠩᠬ᠎ᠠ ᠠᠷᠪᠠᠨ ᠲᠠᠪᠤᠨ ᠨᠠᠰᠤᠲᠠᠢ ᠳ᠋ᠠᠭᠠᠨ ᠲᠡᠮᠦᠵᠢᠨ᠂ ᠲᠤᠭᠤᠷᠢᠯ ᠬᠠᠨ ᠤ᠋ ᠬᠦᠷᠢᠶᠡᠨ ᠳ᠋ᠦ᠍ ᠵᠢᠯ ᠬᠠᠭᠠᠰ ᠰᠠᠭᠤᠭᠰᠠᠨ ᠪᠢᠯᠡ᠃ ᠡᠨᠡ ᠬᠤᠭᠤᠴᠠᠭᠠᠨ ᠳ᠋ᠤ᠌ ᠲᠡᠮᠦᠵᠢᠨ ᠡᠮᠦᠨ᠎ᠡ ᠨᠢ ᠰᠤᠷᠤᠭ᠎ᠠ ᠦᠭᠡᠢ᠂ ᠦᠵᠡᠭᠡ ᠦᠭᠡᠢ ᠣᠯᠠᠨ ᠵᠦᠢᠯ ᠢ᠋ ᠦᠵᠡᠵᠦ ᠰᠤᠷᠴᠠᠢ᠃ ᠲᠤᠭᠤᠷᠢᠯ ᠬᠠᠨ ᠰᠢᠨᠵᠢᠭᠡᠳ ᠶᠡᠬᠡᠳᠡ ᠲᠣᠭᠣᠵᠤ ᠣᠯᠠᠨ ᠤ᠋ ᠳᠡᠷᠭᠡᠳᠡ ᠢᠯᠡ ᠲᠣᠳᠣ ᠰᠢᠭᠤᠳ ᠦᠨᠡᠯᠡᠭᠰᠡᠨ ᠨᠢ ᠲᠡᠮᠦᠵᠢᠨ ᠳ᠋ᠦ᠍ ᠥᠪᠡᠷ ᠲᠦ᠍ ᠪᠡᠨ ᠢᠲᠡᠭᠡᠬᠦ ᠶᠡᠬᠡ ᠰᠡᠳᠬᠢᠯ ᠢ᠋ ᠠᠩᠬ᠎ᠠ ᠤᠳᠠᠭ᠎ᠠ ᠲᠥᠷᠥᠭᠦᠯᠦᠭᠰᠡᠨ ᠪᠢᠯᠡ᠃ ᠲᠡᠭᠡᠬᠦ ᠳ᠋ᠦ᠍ ᠲᠡᠮᠦᠵᠢᠨ ᠲᠤᠭᠤᠷᠢᠯ ᠤ᠋ᠨ ᠬᠥᠪᠡᠭᠦᠨ ᠰᠡᠩᠭᠦᠮ ᠦ᠋ᠨ ᠬᠠᠮᠲᠤ ᠲᠦᠪᠡᠭᠡᠨ ᠠᠢᠮᠠᠭ ᠤ᠋ᠨ ᠴᠥᠭᠡᠨ ᠪᠦᠯᠢ ᠢᠷᠭᠡᠳ ᠢ᠋ ᠳᠠᠭᠠᠷᠢᠨ ᠳᠡᠭᠡᠷᠡᠮᠳᠡᠭᠰᠡᠨ ᠨᠢ ᠲᠡᠭᠦᠨ ᠦ᠌ ᠠᠮᠢᠳᠤᠷᠠᠯ ᠳ᠋ᠠᠭᠠᠨ ᠦᠵᠡᠭᠰᠡᠨ ᠬᠠᠮᠤᠭ ᠤ᠋ᠨ ᠠᠩᠬᠠᠨ ᠤ᠋ ᠲᠤᠯᠤᠯᠳᠤᠭᠠᠨ ᠪᠠᠢᠭᠰᠠᠨ ᠶᠤᠮ᠃ ᠲᠡᠳᠡ ᠣᠯᠠᠨ ᠠᠳᠤᠭᠤ᠂ ᠦᠬᠡᠷ ᠣᠯᠵᠠᠯᠠᠨ ᠠᠪᠴᠤ ᠲᠤᠭᠤᠷᠢᠯ ᠬᠠᠨ ᠳᠣᠯᠣᠭᠠᠨ ᠤ᠋ ᠣᠯᠵᠠ ᠶ᠋ᠢ ᠬᠤᠪᠢᠶᠠᠬᠤ ᠳ᠋ᠠᠭᠠᠨ ᠨᠢᠭᠡᠨ ᠰᠠᠢᠬᠠᠨ ᠰᠠᠭᠠᠷᠠᠯ ᠮᠣᠷᠢ ᠶ᠋ᠢ ᠲᠡᠮᠦᠵᠢᠨ ᠳ᠋ᠦ᠍ ᠥᠭᠭᠦᠭᠰᠡᠨ ᠨᠢ ᠲᠡᠭᠦᠨ ᠦ᠌ ᠠᠩᠬᠠᠨ ᠤ᠋ ᠣᠯᠵᠠ ᠪᠠᠢᠪᠠ᠃ ᠪᠦᠬᠦ ᠲᠥᠷᠥᠭᠰᠡᠨ ᠠᠬ᠎ᠠ ᠳᠡᠭᠦᠦ ᠨᠠᠷ ᠢ᠋ᠶ᠋ᠠᠨ ᠠᠳᠠ ᠦᠵᠡᠨ ᠵᠠᠷᠢᠮ ᠢ᠋ ᠨᠢ ᠠᠯᠠᠵᠤ᠂ ᠵᠠᠷᠢᠮ ᠢ᠋ ᠨᠢ ᠬᠥᠭᠡᠭᠡᠵᠦ ᠶᠠᠪᠤᠭᠤᠯᠤᠭᠰᠠᠨ ᠲᠣᠭᠣᠷᠢᠯ ᠬᠠᠨ ᠤ᠋ ᠡᠯ᠎ᠡ ᠦᠢᠯᠡᠳᠦᠯ ᠢ᠋ ᠲᠡᠮᠦᠵᠢᠨ ᠲᠡᠷᠡ ᠦᠶ᠎ᠡ ᠳ᠋ᠡᠭᠡᠨ ᠶᠡᠷᠦ ᠵᠥᠪᠲᠥᠭᠡᠨ ᠪᠣᠳᠣᠭ᠎ᠠ ᠦᠭᠡᠢ ᠪᠡᠷ ᠪᠠᠷᠠᠬᠤ ᠦᠭᠡᠢ ᠳᠣᠲᠣᠷ᠎ᠠ ᠪᠠᠨ ᠦᠷᠭᠦᠯᠵᠢ ᠰᠢᠭᠦᠮᠵᠢᠯᠡᠳᠡᠭ ᠪᠠᠢᠪᠠ᠃ ᠥᠪᠡᠷ ᠵᠠᠭᠤᠷ᠎ᠠ ᠳ᠋ᠠᠭᠠᠨ᠂ ᠬᠠᠯᠠᠭᠤᠨ ᠠᠮᠠ ᠪᠦᠯᠢ ᠳ᠋ᠡᠭᠡᠨ ᠡᠪᠲᠡᠢ ᠪᠠᠢᠬᠤ ᠨᠢ ᠬᠦᠴᠦᠷᠬᠡᠭ ᠪᠠᠢᠬᠤ ᠶ᠋ᠢᠨ ᠭᠣᠣᠯ ᠦᠨᠳᠦᠰᠦ ᠭᠡᠵᠦ ᠲᠡᠮᠦᠵᠢᠨ ᠬᠠᠷ᠎ᠠ ᠪᠠᠭ᠎ᠠ ᠠ᠋ᠴᠠ ᠪᠠᠨ ᠦᠵᠡᠵᠦ ᠥᠰᠴᠦ ᠬᠥᠮᠦᠵᠢᠭᠰᠡᠨ ᠨᠢ ᠥᠭᠡᠯᠦᠨ ᠡᠬᠡ ᠶ᠋ᠢᠨ ᠨᠥᠯᠥᠭᠡ ᠪᠠᠢᠭᠰᠠᠨ ᠴᠤ᠌ ᠪᠠᠰᠠ ᠠᠬ᠎ᠠ ᠳᠡᠭᠦᠦ ᠭᠡᠳᠡᠭ ᠬᠠᠮᠤᠭ ᠤ᠋ᠨ ᠠᠶᠤᠯᠲᠠᠢ ᠥᠰᠢᠷᠬᠡᠭ ᠳᠠᠢᠰᠤᠨ ᠪᠣᠯᠳᠠᠭ ᠤ᠋ᠨ ᠤᠴᠢᠷ ᠢ᠋ ᠰᠠᠢᠲᠤᠷ ᠣᠢᠯᠠᠭᠠᠵᠤ ᠠᠪᠤᠭᠰᠠᠨ ᠪᠢᠯᠡ᠃ ᠲᠡᠭᠡᠭᠡᠳ ᠲᠤᠭᠤᠷᠢᠯ ᠬᠠᠨ ᠤ᠋ ᠠᠬ᠎ᠠ ᠳᠡᠭᠦᠦ ᠨᠠᠷ ᠢ᠋ᠶ᠋ᠠᠨ ᠬᠢᠳᠤᠭᠰᠠᠨ ᠤ᠋ ᠤᠴᠢᠷ ᠢ᠋ ᠰᠡᠭᠦᠯ ᠳ᠋ᠦ᠍ ᠣᠢᠯᠠᠭᠠᠵᠤ ᠮᠡᠳᠡᠵᠡᠢ᠃ ᠬᠠᠷᠢᠨ ᠬᠠᠷᠢ ᠣᠮᠣᠭ ᠤ᠋ᠨ ᠶᠤᠮ ᠤᠤ᠂ ᠥᠪᠡᠷ ᠦ᠋ᠨ ᠣᠮᠣᠭ ᠤ᠋ᠨ ᠵᠢᠷ ᠦ᠋ᠨ ᠠᠷᠠᠳ ᠤ᠋ᠨ ᠬᠥᠪᠡᠭᠦᠳ ᠡᠴᠡ ᠠᠯᠢ ᠰᠢᠳᠤᠷᠭᠤ ᠵᠣᠷᠢᠭᠲᠠᠢ ᠶ᠋ᠢ ᠨᠢ ᠰᠣᠩᠭᠣᠨ ᠳᠡᠪᠰᠢᠭᠦᠯᠵᠦ ᠠᠰᠢᠭᠯᠠᠬᠤ ᠵᠠᠮ ᠢ᠋ ᠰᠣᠩᠭᠣᠭᠰᠠᠨ ᠨᠢ ᠲᠡᠭᠦᠨ ᠦ᠌ ᠤᠬᠠᠭᠠᠨ ᠤ᠋ ᠬᠢ ᠪᠠᠢᠪᠠ᠃ ᠨᠥᠬᠥᠳ ᠭᠡᠳᠡᠭ ᠨᠢ ᠡᠷᠬᠡ ᠮᠠᠲᠠᠯ ᠢᠯᠡ ᠰᠢᠭᠤᠳ ᠪᠤᠯᠢᠶᠠᠯᠳᠤᠬᠤ ᠨᠢ ᠬᠣᠪᠣᠷ᠂ ᠪᠠᠰᠠ ᠲᠡᠳᠡᠨ ᠳ᠋ᠦ᠍ ᠢᠩᠭᠢᠵᠦ ᠥᠷᠢᠰᠦᠯᠳᠦᠬᠦ ᠦᠨᠳᠦᠰᠦ ᠰᠢᠯᠲᠠᠭᠠᠨ ᠪᠠᠭ᠎ᠠ ᠶᠤᠮ᠃ ᠨᠥᠬᠥᠳ ᠦ᠋ᠨ ᠢ᠋ᠶ᠋ᠡᠨ ᠭᠠᠪᠢᠶ᠎ᠠ ᠴᠢᠳᠠᠯ ᠢ᠋ ᠢᠯᠡ ᠲᠣᠳᠣ᠂ ᠰᠢᠳᠤᠷᠭᠤ ᠪᠠᠷ ᠦᠨᠡᠯᠡᠬᠦ ᠨᠢ ᠯᠡ ᠭᠣᠣᠯ ᠪᠠᠢᠳᠠᠭ ᠪᠢᠯᠡ᠃ ᠶᠠᠭ ᠡᠢᠮᠦ ᠨᠥᠬᠥᠳ ᠢ᠋ ᠲᠡᠮᠦᠵᠢᠨ ᠰᠣᠩᠭᠣᠨ ᠣᠯᠵᠤ ᠴᠢᠳᠠᠭᠰᠠᠨ ᠳ᠋ᠠᠭᠠᠨ ᠪᠠᠬᠠᠳᠤᠨ ᠪᠠᠶᠠᠰᠤᠭᠠᠳ ᠬᠠᠨᠳᠠᠭ ᠦᠭᠡᠢ ᠪᠥᠭᠡᠳ ᠲᠡᠷᠡ ᠥᠪᠡᠷ ᠢ᠋ ᠪᠡᠨ ᠬᠥᠮᠦᠨ ᠰᠢᠨᠵᠢᠵᠦ ᠲᠠᠨᠢᠬᠤ ᠳ᠋ᠠᠭᠠᠨ ᠭᠠᠷᠭᠠᠭᠤᠳ ᠭᠡᠵᠦ ᠦᠨᠡᠨ ᠡᠴᠡ ᠪᠡᠨ ᠢᠲᠡᠭᠡᠳᠡᠭ ᠪᠠᠢᠪᠠ᠃ ᠲᠡᠮᠦᠵᠢᠨ ᠦ᠌ ᠬᠠᠷ᠎ᠠ ᠪᠠᠭ᠎ᠠ ᠶ᠋ᠢᠨ ᠡᠨᠡ ᠴᠢᠨᠠᠷ ᠶᠡᠬᠡ ᠬᠠᠭᠠᠨ ᠰᠠᠭᠤᠬᠤ ᠳ᠋ᠤᠨᠢ ᠬᠠᠮᠤᠭ ᠠ᠋ᠴᠠ ᠶᠡᠬᠡ ᠪᠡᠷ ᠬᠡᠷᠡᠭ ᠲᠤᠰᠠ ᠪᠣᠯᠵᠠᠢ᠃ ᠭᠡᠲᠡᠯ᠎ᠡ ᠣᠳᠣ ᠡᠯᠰᠡᠭᠦᠯᠵᠦ ᠬᠥᠮᠦᠵᠢᠭᠦᠯᠵᠦ ᠠᠪᠤᠭᠰᠠᠨ᠂ ᠶᠡᠬᠡ ᠶ᠋ᠢ ᠪᠦᠲᠦᠭᠡᠯᠴᠡᠭᠰᠡᠨ ᠲᠡᠷᠡ ᠨᠥᠬᠥᠳ ᠦ᠋ᠨ ᠶᠡᠬᠡᠩᠬᠢ ᠨᠢ ᠲᠡᠢᠨ ᠳ᠋ᠦ᠍ ᠦᠬᠦᠵᠦ ᠦᠷᠡᠭᠳᠡᠭᠡᠳ ᠡᠰᠡᠪᠡᠯ ᠬᠥᠭᠰᠢᠷᠡᠵᠦ ᠡᠪᠦᠭᠡᠷᠡᠭᠰᠡᠭᠡᠷ ᠳᠠᠭᠤᠰᠴᠠᠢ᠃ ᠳᠡᠷᠭᠡᠳᠡ ᠨᠢ ᠭᠠᠭᠴᠠ ᠪᠤᠭᠤᠷᠴᠢ ᠯᠠ ᠦᠯᠡᠳᠡᠪᠡ᠃ ᠲᠡᠢᠮᠦ ᠴᠦ᠍ ᠤᠴᠢᠷ ᠠ᠋ᠴᠠ ᠠᠮᠢᠳᠤ ᠦᠯᠡᠳᠡᠭᠰᠡᠨ ᠰᠦᠪᠡᠭᠡᠳᠡᠢ ᠮᠤᠬᠤᠯᠠᠢ ᠨᠠᠷ ᠢ᠋ ᠳᠠᠭᠤᠳᠠᠭᠤᠯᠵᠠᠢ᠃ ᠮᠠᠭᠠᠳ ᠦᠭᠡᠢ ᠰᠡᠭᠦᠯᠴᠢ ᠶ᠋ᠢᠨ ᠤᠳᠠᠭ᠎ᠠ ᠠᠭᠤᠯᠵᠠᠵᠠᠭᠠᠨᠠ ᠭᠡᠳᠡᠭ ᠢ᠋ᠶ᠋ᠡᠨ ᠴᠦ᠍ ᠮᠡᠳᠡᠵᠦ ᠪᠠᠢᠪᠠ᠃
ᠪᠡᠶ᠎ᠡ ᠨᠢ ᠮᠠᠭᠤᠳᠠᠵᠤ ᠡᠪᠡᠳᠦᠭᠰᠡᠨ ᠡᠴᠡ ᠬᠣᠢᠰᠢ ᠴᠢᠩᠭᠢᠰ ᠬᠠᠭᠠᠨ ᠠᠭᠤᠷᠲᠠᠢ ᠤᠴᠠᠭᠠᠷᠲᠠᠢ ᠪᠣᠯᠤᠭᠰᠠᠨ ᠴᠤ᠌ ᠪᠠᠰᠠ ᠤᠶᠠᠷᠠᠭᠤ ᠵᠥᠭᠡᠯᠡᠨ ᠪᠣᠯᠵᠠᠢ᠃ ᠲᠡᠷᠡ ᠰᠡᠪ ᠯᠠ ᠭᠡᠪᠡᠯ ᠥᠩᠭᠡᠷᠡᠭᠰᠡᠨ ᠠᠮᠢᠳᠤᠷᠠᠯ᠂ ᠦᠨᠡᠨᠴᠢ ᠨᠥᠬᠥᠳ ᠢ᠋ᠶ᠋ᠡᠨ ᠳᠤᠷᠠᠰᠤᠨ ᠰᠠᠨᠠᠬᠤ ᠪᠣᠯᠪᠠ᠃ ᠪᠠᠰᠠ ᠬᠡᠨ ᠨᠢᠭᠡᠨ ᠢ᠋ ᠳᠡᠮᠡᠢ ᠦᠬᠦᠭᠦᠯᠵᠦ ᠦᠷ᠎ᠡ ᠤᠳᠤᠮ ᠢ᠋ ᠨᠢ ᠲᠠᠰᠤᠯᠤᠭᠰᠠᠨ ᠪᠠᠢᠬᠤ ᠪᠣᠢ ᠭᠡᠵᠦ ᠡᠯᠳᠡᠪ ᠢ᠋ ᠬᠥᠭᠡᠭᠡᠨ ᠰᠢᠭᠦᠨ ᠪᠣᠳᠣᠵᠤ ᠰᠠᠭᠤᠬᠤ ᠪᠣᠯᠵᠠᠢ᠃ ᠡᠨᠡ ᠪᠣᠯ ᠦᠬᠦᠯ ᠢ᠋ᠶ᠋ᠡᠨ ᠮᠡᠳᠡᠷᠡᠭᠰᠡᠨ ᠬᠥᠮᠦᠨ ᠦ᠌ ᠵᠠᠩ ᠶᠤᠮ᠃ ᠬᠤᠯᠠᠨ ᠤ᠋ ᠠᠪᠠ ᠶ᠋ᠢᠨ ᠦᠶ᠎ᠡ ᠪᠡᠷ ᠲᠡᠭᠦᠨ ᠤᠷᠤᠭᠤ ᠳᠠᠭᠠᠷᠢᠭᠰᠠᠨ ᠲᠡᠷᠡ ᠬᠠᠷ᠎ᠠ ᠠᠵᠢᠷᠭ᠎ᠠ ᠪᠣᠯ ᠦᠬᠦᠯ ᠪᠠᠢᠪᠠ᠃ ᠬᠠᠷᠢᠨ ᠠᠵᠠ ᠪᠠᠷ ᠮᠣᠷᠢᠨ ᠠ᠋ᠴᠠ ᠤᠨᠠᠵᠤ ᠪᠠᠰᠠ ᠬᠤᠯᠠᠨ ᠬᠠᠲᠤᠨ ᠤ᠋ ᠰᠦᠨᠡᠰᠦ ᠲᠡᠷᠡ ᠠᠵᠢᠷᠭ᠎ᠠ ᠶ᠋ᠢ ᠠᠯᠠᠭᠰᠠᠨ ᠢ᠋ᠶ᠋ᠠᠷ ᠴᠢᠩᠭᠢᠰ ᠬᠠᠭᠠᠨ ᠠᠪᠤᠷᠠᠭᠳᠠᠵᠠᠢ᠃ ᠭᠡᠨᠡᠳᠲᠡ ᠢᠷᠡᠬᠦ ᠦᠬᠦᠯ ᠦ᠋ᠨ ᠤᠴᠢᠷ ᠰᠢᠯᠲᠠᠭᠠᠨ ᠢ᠋ ᠮᠡᠳᠡᠭᠡᠳ ᠬᠤᠯᠠᠨ ᠬᠠᠲᠤᠨ ᠤ᠋ ᠰᠦᠨᠡᠰᠦ ᠰᠠᠯᠬᠤ ᠦᠭᠡᠢ ᠳᠠᠭᠠᠵᠤ ᠶᠠᠪᠤᠭᠰᠠᠨ ᠢ᠋ ᠴᠢᠩᠭᠢᠰ ᠬᠠᠭᠠᠨ ᠣᠭᠲᠣ ᠮᠡᠳᠡᠭᠡ ᠦᠭᠡᠢ ᠪᠢᠯᠡ᠃ ᠬᠠᠷ᠎ᠠ ᠠᠵᠢᠷᠭ᠎ᠠ ᠶ᠋ᠢᠨ ᠣᠮᠣᠷᠤᠤ ᠳ᠋ᠤ᠌ ᠵᠤᠭᠤᠯᠲᠠ ᠲᠠᠢ ᠪᠠᠢᠭᠰᠠᠨ ᠲᠡᠷᠡ ᠬᠢᠲᠤᠭ᠎ᠠ ᠬᠤᠯᠠᠨ ᠬᠠᠲᠤᠨ ᠤ᠋ ᠬᠢ ᠪᠠᠢᠭᠰᠠᠨ ᠢ᠋ ᠴᠢᠩᠭᠢᠰ ᠬᠠᠭᠠᠨ ᠰᠠᠢᠨ ᠲᠠᠨᠢᠭᠰᠠᠨ ᠪᠢᠯᠡ᠃ ᠮᠣᠷᠢᠨ ᠠ᠋ᠴᠠ ᠤᠨᠠᠭᠰᠠᠨ ᠲᠡᠭᠦᠨ ᠢ᠋ ᠬᠤᠯᠠᠨ ᠬᠠᠲᠤᠨ ᠤ᠋ ᠬᠢᠨᠢ ᠰᠦᠨᠡᠰᠦ ᠬᠠᠮᠠᠭᠠᠯᠠᠨ ᠠᠪᠴᠤ᠂ ᠣᠯᠠᠨ ᠵᠡᠷᠯᠢᠭ ᠠᠳᠤᠭᠤᠰᠤᠨ ᠤ᠋ ᠬᠥᠯ ᠳ᠋ᠦ᠍ ᠭᠢᠰᠬᠢᠭᠳᠡᠨ ᠦᠬᠦᠬᠦ ᠡᠴᠡ ᠠᠪᠤᠷᠠᠵᠤ ᠪᠠᠰᠠ ᠬᠠᠷ᠎ᠠ ᠠᠵᠢᠷᠭ᠎ᠠ ᠶ᠋ᠢ ᠬᠢᠲᠤᠭᠠᠯᠠᠨ ᠠᠯᠠᠵᠠᠢ᠃ ᠡᠨᠡ ᠪᠣᠯ ᠭᠠᠷᠴᠠᠭ᠎ᠠ ᠦᠭᠡᠢ ᠪᠣᠯᠤᠭᠰᠠᠨ ᠬᠡᠷᠡᠭ ᠤᠴᠢᠷ ᠠ᠋ᠴᠠ ᠥᠪᠡᠷ ᠦ᠋ᠨ ᠪᠡᠷᠲᠡᠭᠰᠡᠨ ᠳ᠋ᠦ᠍ ᠲᠡᠷᠡ ᠪᠡᠷ ᠬᠡᠨ ᠢ᠋ ᠴᠦ᠍ ᠪᠤᠷᠤᠭᠤᠳᠬᠠᠬᠤ ᠶᠣᠰᠣ ᠦᠭᠡᠢ ᠭᠡᠵᠦ ᠰᠢᠢᠳᠦᠭᠰᠡᠨ ᠪᠢᠯᠡ᠃ ᠪᠦᠬᠦ ᠵᠦᠢᠯ ᠬᠤᠯᠠᠨ ᠬᠠᠲᠤᠨ ᠤ᠋ ᠰᠦᠨᠡᠰᠦᠨ ᠦ᠌ ᠠᠴᠢ ᠪᠠᠷ ᠰᠠᠢᠨ ᠢ᠋ᠶ᠋ᠠᠷ ᠲᠡᠭᠦᠰᠦᠭᠰᠡᠨ ᠴᠦ᠍ ᠦᠬᠦᠯ ᠥᠪᠡᠷ ᠲᠦ᠋ᠨᠢ ᠶᠡᠬᠡ ᠣᠢᠷᠠᠬᠠᠨ ᠢᠷᠡᠭᠰᠡᠨ ᠢ᠋ ᠴᠢᠩᠭᠢᠰ ᠬᠠᠭᠠᠨ ᠮᠡᠳᠡᠷᠡᠵᠦ ᠪᠠᠢᠯ᠎ᠠ᠃ ᠲᠡᠢᠮᠦ ᠤᠴᠢᠷ ᠠ᠋ᠴᠠ ᠦᠬᠦᠯ ᠠᠪᠴᠤ ᠶᠠᠪᠤᠬᠤ ᠠ᠋ᠴᠠ ᠡᠮᠦᠨ᠎ᠡ ᠰᠠᠨᠠᠭᠰᠠᠨ ᠪᠦᠭᠦᠳᠡ ᠪᠡᠨ ᠠᠮᠵᠢᠭᠤᠯᠬᠤ ᠭᠡᠵᠦ ᠶᠠᠭᠠᠷᠠᠵᠤ ᠪᠠᠢᠪᠠ᠃ ᠭᠡᠲᠡᠯ᠎ᠡ ᠠᠮᠢᠳᠤᠷᠠᠯ ᠲᠡᠭᠦᠨ ᠦ᠌ ᠰᠠᠨᠠᠭᠰᠠᠨ ᠢ᠋ᠶ᠋ᠠᠷ ᠬᠤᠷᠳᠤᠨ ᠲᠦᠷᠭᠡᠨ ᠬᠥᠳᠡᠯᠵᠦ ᠤᠷᠤᠭᠰᠢᠯᠠᠵᠤ ᠥᠭᠬᠦ ᠦᠭᠡᠢ ᠠᠵᠢ᠃ ᠬᠠᠷᠢᠨ ᠬᠤᠯᠠᠨ ᠬᠠᠲᠤᠨ ᠤ᠋ ᠪᠠᠨ ᠰᠦᠨᠡᠰᠦ ᠶ᠋ᠢ ᠳᠠᠬᠢᠨ ᠬᠦᠷᠦᠭᠡᠳ ᠢᠷᠡᠭᠡᠰᠡᠢ᠂ ᠦᠵᠡᠭᠳᠡᠭᠡᠰᠡᠢ ᠭᠡᠵᠦ ᠬᠡᠴᠢᠨᠡᠨ ᠬᠦᠯᠢᠶᠡᠭᠰᠡᠨ ᠴᠦ᠍ ᠢᠷᠡᠭᠰᠡᠨ ᠦᠭᠡᠢ ᠡᠪᠦᠯ ᠥᠩᠭᠡᠷᠡᠵᠦ ᠬᠠᠪᠤᠷ ᠪᠣᠯᠵᠠᠢ᠃ ᠦᠬᠦᠯ ᠭᠠᠷᠴᠠᠭ᠎ᠠ ᠦᠭᠡᠢ ᠢᠷᠡᠬᠦ ᠶ᠋ᠢ ᠮᠡᠳᠡᠭᠦᠯᠦᠭᠰᠡᠨ ᠨᠢᠭᠡᠨ ᠤᠴᠠᠷᠠᠯ ᠢ᠋ ᠴᠢᠩᠭᠢᠰ ᠬᠠᠭᠠᠨ ᠥᠪᠡᠷ ᠡᠴᠡ ᠪᠡᠨ ᠴᠦ᠍ ᠨᠢᠭᠤᠵᠤ ᠪᠠᠢᠭᠰᠠᠨ ᠪᠢᠯᠡ᠃ ᠶᠢᠰᠦᠢ ᠬᠠᠲᠤᠨ ᠤ᠋ ᠱᠠᠭᠠᠷᠳᠠᠭᠰᠠᠨ ᠢ᠋ᠶ᠋ᠠᠷ ᠴᠢᠩᠭᠢᠰ ᠬᠠᠭᠠᠨ ᠤ᠋ ᠰᠦᠨᠡᠰᠦ ᠶ᠋ᠢ ᠳᠠᠭᠤᠳᠠᠭᠤᠯᠤᠭᠰᠠᠨ ᠳ᠋ᠤ᠌ ᠪᠡᠶ᠎ᠡ ᠨᠢ ᠢᠯᠠᠷᠢᠰᠢᠵᠤ ᠡᠪᠡᠳᠴᠢᠨ ᠨᠠᠮᠳᠠᠭᠰᠠᠨ ᠨᠢ ᠲᠡᠭᠦᠨ ᠦ᠌ ᠰᠡᠳᠬᠢᠯ ᠡᠴᠡ ᠦᠬᠦᠯ ᠦ᠋ᠨ ᠲᠤᠬᠠᠢ ᠪᠣᠳᠣᠯ ᠢ᠋ ᠲᠦᠷ ᠪᠣᠯᠪᠠᠴᠤ ᠬᠣᠯᠠᠳᠠᠭᠤᠯᠵᠤ ᠮᠠᠷᠲᠠᠭᠤᠯᠵᠠᠢ᠃ ᠴᠢᠩᠭᠢᠰ ᠬᠠᠭᠠᠨ ᠳᠠᠬᠢᠨᠲᠠ ᠯᠠ ᠮᠣᠷᠢᠨ ᠳ᠋ᠠᠭᠠᠨ ᠮᠣᠷᠳᠠᠵᠤ ᠤᠷᠢᠳ ᠤ᠋ᠨ ᠠᠳᠠᠯᠢ ᠢᠲᠡᠭᠡᠯ ᠵᠣᠷᠢᠭ ᠲᠡᠭᠦᠰ ᠳᠦᠷᠢ ᠳ᠋ᠡᠭᠡᠨ ᠣᠷᠣᠯ᠎ᠠ᠃ ᠡᠨᠡ ᠪᠣᠯ ᠪᠠᠲᠤ ᠳ᠋ᠤ᠌ ᠬᠡᠯᠡ ᠬᠦᠷᠭᠡᠭᠡᠳ ᠬᠡᠷᠡᠭᠡ ᠶ᠋ᠢᠨ ᠪᠤᠴᠠᠵᠤ ᠢᠷᠡᠭᠰᠡᠨ ᠦ᠌ ᠳᠠᠷᠠᠭ᠎ᠠ ᠪᠣᠯᠵᠠᠢ᠃
ᠪᠦᠬᠦ ᠶᠠᠭᠤᠮ᠎ᠠ ᠴᠢᠩᠭᠢᠰ ᠬᠠᠭᠠᠨ ᠤ᠋ ᠪᠣᠳᠣᠭᠰᠠᠨ ᠢ᠋ᠶ᠋ᠠᠷ ᠪᠣᠯᠵᠤ ᠰᠠᠷ᠎ᠠ ᠶ᠋ᠢᠨ ᠳᠠᠷᠠᠭ᠎ᠠ ᠲᠠᠩᠭᠤᠳ ᠤ᠋ᠨ ᠶᠡᠬᠡ ᠤᠰᠤᠲᠤ ᠬᠥᠬᠡ ᠨᠠᠭᠤᠷ ᠤ᠋ᠨ ᠡᠷᠭᠢ ᠳᠡᠭᠡᠷ᠎ᠡ ᠪᠠᠢᠷᠢᠯᠠᠵᠤ ᠠᠭᠰᠠᠨ ᠬᠡᠭᠡᠷ᠎ᠡ ᠶ᠋ᠢᠨ ᠬᠦᠷᠢᠶᠡᠨ ᠳ᠋ᠦ᠍ ᠠᠯᠲᠠᠨ ᠤᠯᠤᠰ ᠠ᠋ᠴᠠ ᠮᠤᠬᠤᠯᠠᠢ᠂ ᠲᠡᠭᠦᠨ ᠦ᠌ ᠳᠠᠷᠠᠭ᠎ᠠ ᠺᠠᠰᠫᠢ ᠶ᠋ᠢᠨ ᠲᠠᠩᠭᠢᠰ ᠤ᠋ᠨ ᠳᠡᠷᠭᠡᠳᠡ ᠡᠴᠡ ᠪᠠᠲᠤ ᠰᠦᠪᠡᠭᠡᠳᠡᠢ ᠬᠣᠶᠠᠷ ᠢᠷᠡᠵᠡᠢ᠃ ᠡᠭᠦᠨ ᠦ᠌ ᠡᠮᠦᠨ᠎ᠡ ᠲᠠᠩᠭᠤᠳ ᠤ᠋ᠨ ᠪᠠᠷᠠᠭᠤᠨ ᠪᠣᠯᠤᠭᠠᠳ ᠪᠠᠷᠠᠭᠤᠨ ᠡᠮᠦᠨ᠎ᠡ ᠵᠦᠭ ᠦ᠋ᠨ ᠬᠣᠲᠠ ᠪᠠᠯᠭᠠᠰᠤ ᠶ᠋ᠢ ᠪᠠᠭᠤᠯᠭᠠᠨ ᠠᠪᠤᠭᠰᠠᠨ ᠴᠠᠭᠠᠲᠠᠢ ᠥᠭᠡᠳᠡᠢ ᠬᠣᠶᠠᠷ ᠢᠷᠡᠭᠡᠳ ᠪᠠᠢᠵᠠᠢ᠃ ᠥᠷᠭᠡᠨ ᠳᠡᠨᠵᠢ ᠳ᠋ᠦ᠍ ᠵᠠᠳᠠᠭᠠᠢ ᠠᠯᠲᠠᠨ ᠠᠰᠠᠷ ᠤ᠋ᠨ ᠳᠣᠣᠷ᠎ᠠ ᠢᠳᠡᠭᠡ ᠪᠤᠳᠠᠭ᠎ᠠ ᠵᠠᠰᠠᠭᠠᠳ ᠲᠡᠳᠡᠨ ᠦ᠌ ᠢᠷᠡᠭᠰᠡᠨ ᠢ᠋ ᠲᠡᠮᠳᠡᠭᠯᠡᠨ ᠶᠡᠬᠡ ᠨᠠᠢᠷ ᠬᠢᠵᠡᠢ᠃ ᠴᠢᠩᠭᠢᠰ ᠬᠠᠭᠠᠨ ᠤ᠋ ᠵᠡᠭᠦᠨ ᠲᠠᠯ᠎ᠠ ᠳ᠋ᠤ᠌ ᠴᠠᠭᠠᠲᠠᠢ᠂ ᠥᠭᠡᠳᠡᠢ᠂ ᠲᠤᠯᠤᠢ ᠬᠥᠪᠡᠭᠦᠳ᠂ ᠶᠢᠰᠦᠨᠮᠥ᠋ᠩᠬᠡ᠂ ᠭᠦᠶᠦᠭ᠂ ᠪᠠᠲᠤ᠂ ᠪᠦᠷᠢ᠂ ᠭᠣᠳᠠᠨ᠂ ᠬᠤᠪᠢᠯᠠᠢ ᠵᠡᠷᠭᠡ ᠠᠴᠢ ᠬᠥᠪᠡᠭᠦᠳ᠂ ᠪᠠᠷᠠᠭᠤᠨ ᠲᠠᠯ᠎ᠠ ᠳ᠋ᠤ᠌ ᠪᠤᠭᠤᠷᠴᠢ᠂ ᠮᠤᠬᠤᠯᠠᠢ᠂ ᠰᠥᠪᠡᠭᠡᠳᠡᠢ ᠳᠠᠷᠠᠭᠠᠯᠠᠨ ᠪᠤᠰᠤᠳ ᠰᠢᠳᠠᠷ ᠵᠠᠩᠵᠤᠨ ᠰᠠᠭᠤᠵᠠᠢ᠃ ᠬᠠᠷᠢᠨ ᠶᠢᠰᠦᠢ ᠬᠠᠲᠤᠨ ᠲᠡᠭᠦᠨ ᠲᠡᠢ ᠵᠡᠷᠭᠡᠴᠡᠨ ᠰᠠᠭᠤᠵᠤ ᠪᠠᠢᠪᠠ᠃ ᠢᠩᠭᠢᠵᠦ ᠨᠢᠭᠡ ᠪᠦᠭᠦᠳᠡᠭᠡᠷ ᠴᠤᠭᠯᠠᠨ ᠡᠩ ᠦ᠋ᠨ ᠰᠠᠢᠬᠠᠨ ᠬᠥᠭᠡᠷᠦᠯᠳᠦᠨ ᠰᠠᠭᠤᠶ᠎ᠠ ᠭᠡᠰᠡᠨ ᠨᠢ ᠴᠢᠩᠭᠢᠰ ᠬᠠᠭᠠᠨ ᠤ᠋ ᠶᠡᠬᠡ ᠬᠦᠰᠡᠯ ᠪᠠᠢᠵᠠᠢ᠃ ᠲᠡᠷᠡ ᠬᠦᠰᠡᠯ ᠢ᠋ᠶ᠋ᠡᠨ ᠪᠡᠶᠡᠯᠡᠭᠦᠯᠦᠭᠰᠡᠨ ᠳ᠋ᠡᠭᠡᠨ ᠰᠡᠳᠬᠢᠯ ᠬᠠᠨᠵᠠᠢ᠃ ᠠᠴᠢ ᠨᠠᠷ ᠨᠢ ᠨᠠᠰᠤ ᠪᠡᠶ᠎ᠡ ᠭᠦᠢᠴᠡᠵᠦ ᠠᠬᠠᠮᠠᠳ ᠨᠢ ᠨᠢᠭᠡᠨᠲᠡ ᠬᠣᠷᠢᠨ ᠬᠣᠶᠠᠷ ᠭᠤᠷᠪᠠ ᠬᠦᠷᠦᠭᠰᠡᠨ ᠢ᠋ ᠦᠵᠡᠭᠡᠳ ᠲᠡᠷᠡ ᠥᠪᠡᠷ ᠢ᠋ ᠪᠡᠨ ᠬᠡᠴᠢᠨᠡᠨ ᠤᠳᠠᠭᠠᠨ ᠠᠮᠢᠳᠤᠷᠠᠭᠰᠠᠨ ᠢ᠋ ᠣᠢᠯᠠᠭᠠᠪᠠ᠃ ᠴᠢᠩᠭᠢᠰ ᠬᠠᠭᠠᠨ ᠤ᠋ ᠵᠡᠭᠦᠨ ᠲᠠᠯ᠎ᠠ ᠳ᠋ᠤ᠌ ᠲᠡᠭᠦᠨ ᠦ᠌ ᠶᠡᠬᠡ ᠦᠢᠯᠡᠰ ᠢ᠋ ᠵᠠᠯᠭᠠᠮᠵᠢᠯᠠᠭᠴᠢ ᠬᠥᠪᠡᠭᠦᠳ ᠠᠴᠢ ᠨᠠᠷ ᠨᠢ ᠰᠠᠭᠤᠬᠤ ᠶ᠋ᠢ ᠬᠠᠷᠠᠬᠤ ᠳ᠋ᠤ᠌ ᠲᠡᠳᠡᠨ ᠡᠴᠡ ᠶᠡᠬᠡ ᠭᠡᠷᠡᠯ ᠰᠠᠴᠤᠷᠠᠵᠤ ᠪᠠᠢᠬᠤ ᠰᠠᠨᠠᠭᠳᠠᠨ᠎ᠠ᠃ ᠠᠴᠢ ᠨᠠᠷ ᠨᠢ ᠨᠢᠳᠦ ᠪᠡᠨ ᠭᠢᠯᠠᠯᠵᠠᠭᠤᠯᠵᠤ ᠰᠡᠳᠬᠢᠯ ᠨᠢ ᠬᠥᠳᠡᠯᠦᠭᠰᠡᠨ ᠶᠠᠩᠵᠤ ᠲᠠᠢ ᠴᠤ᠌ ᠶᠡᠬᠡᠳᠡ ᠬᠢᠴᠢᠶᠡᠨ ᠲᠥᠯᠥᠪ ᠳᠤᠭᠤᠢ ᠰᠠᠭᠤᠵᠠᠭᠠᠨ᠎ᠠ᠃ ᠬᠠᠷᠢᠨ ᠲᠡᠭᠦᠨ ᠦ᠌ ᠪᠠᠷᠠᠭᠤᠨ ᠲᠠᠯ᠎ᠠ ᠳ᠋ᠤ᠌ ᠲᠡᠭᠦᠨ ᠲᠡᠢ ᠬᠠᠮᠲᠤ ᠥᠰᠴᠦ ᠲᠡᠮᠡᠴᠡᠵᠦ ᠶᠡᠬᠡ ᠶ᠋ᠢ ᠪᠦᠲᠦᠭᠡᠭᠰᠡᠨ ᠬᠥᠭᠰᠢᠳ ᠡᠪᠦᠭᠡᠴᠦᠦᠯ ᠰᠠᠭᠤᠭᠰᠠᠨ ᠨᠢ ᠴᠢᠩᠭᠢᠰ ᠬᠠᠭᠠᠨ ᠤ᠋ ᠥᠩᠭᠡᠷᠡᠭᠰᠡᠨ ᠪᠥᠭᠡᠳ ᠣᠳᠣ ᠴᠠᠭ ᠨᠢ ᠪᠠᠢᠪᠠ᠃ ᠪᠤᠭᠤᠷᠴᠢ ᠶ᠋ᠢᠨ ᠪᠣᠳᠣᠯ ᠪᠣᠯᠤᠭᠰᠠᠨ ᠡᠭᠡᠯ ᠳᠦᠷᠢ᠂ ᠮᠤᠬᠤᠯᠠᠢ ᠶ᠋ᠢᠨ ᠤᠬᠠᠭᠠᠯᠢᠭ ᠨᠢᠳᠦ᠂ ᠳᠤᠯᠠᠭᠠᠨ ᠴᠢᠷᠠᠢ᠂ ᠰᠥᠪᠡᠭᠡᠳᠡᠢ ᠶ᠋ᠢᠨ ᠰᠣᠴᠢᠵᠤ ᠰᠦᠷᠳᠡᠮᠡᠷ ᠳᠣᠭᠰᠢᠨ ᠲᠥᠷᠬᠦ᠂ ᠰᠢᠭᠢᠬᠤᠲᠤᠭ ᠤ᠋ᠨ ᠪᠣᠯᠭᠣᠮᠵᠢᠲᠠᠢ᠂ ᠵᠠᠯᠢᠵᠢᠨ ᠬᠠᠷᠠᠴᠠ ᠭᠡᠳ ᠠᠯᠢ ᠬᠡᠦᠬᠡᠳ ᠴᠠᠭ ᠤ᠋ᠨ ᠬᠢᠨᠢ ᠰᠢᠨᠵᠢ ᠶᠡᠷᠦ ᠥᠭᠡᠷᠡᠴᠢᠯᠡᠭᠳᠡᠭᠡ ᠦᠭᠡᠢ ᠮᠡᠲᠦ ᠦᠵᠡᠭᠳᠡᠨ᠎ᠡ᠃ ᠡᠢᠮᠦ ᠨᠥᠬᠥᠳ ᠲᠡᠢ ᠪᠠᠢᠬᠤ ᠳ᠋ᠤ᠌ ᠶᠢᠷᠲᠢᠨᠴᠦ ᠶ᠋ᠢᠨ ᠲᠠᠯ᠎ᠠ ᠶ᠋ᠢ ᠬᠣᠷᠢᠶᠠᠨ ᠠᠪᠬᠤ ᠳ᠋ᠤ᠌ ᠶᠠᠭᠤᠬᠠᠨ ᠪᠠᠢᠬᠤ ᠪᠣᠢ ᠭᠡᠵᠦ ᠣᠮᠣᠭᠰᠢᠨ ᠪᠣᠳᠣᠮᠠᠷ ᠰᠠᠨᠠᠭᠳᠠᠬᠤ ᠠᠵᠢ᠃ ᠣᠳᠣ ᠪᠤᠭᠤᠷᠴᠢ᠂ ᠮᠤᠬᠤᠯᠠᠢ᠂ ᠰᠥᠪᠡᠭᠡᠳᠡᠢ ᠨᠠᠷ ᠤ᠋ᠨ ᠴᠠᠭ ᠬᠦᠰᠡᠭᠰᠡᠨ ᠬᠦᠰᠡᠭᠡ ᠦᠭᠡᠢ ᠥᠩᠭᠡᠷᠡᠵᠦ ᠪᠠᠢᠭ᠎ᠠ ᠶ᠋ᠢ ᠮᠡᠳᠡᠷᠡᠵᠦ ᠰᠠᠭᠤᠬᠤ ᠳ᠋ᠤ᠌ ᠠᠶᠤᠮᠰᠢᠭᠲᠤ ᠭᠤᠨᠢᠭ ᠲᠥᠷᠥᠬᠦ ᠠᠵᠢ᠃ ᠬᠠᠷᠢᠨ ᠢᠳᠡᠷ ᠬᠣᠢᠴᠢ ᠦᠶ᠎ᠡ᠂ ᠠᠴᠢ ᠬᠥᠪᠡᠭᠦᠳ ᠢ᠋ᠶ᠋ᠡᠨ ᠬᠠᠷᠠᠬᠤ ᠳ᠋ᠤ᠌ ᠡᠨᠡ ᠭᠤᠨᠢᠭ ᠬᠠᠷᠠᠮᠰᠠᠯ ᠡᠷᠬᠡ ᠦᠭᠡᠢ ᠮᠠᠷᠲᠠᠭᠳᠠᠨᠠ᠃ ᠴᠢᠩᠭᠢᠰ ᠬᠠᠭᠠᠨ ᠡᠨᠡ ᠨᠠᠢᠷ ᠤ᠋ᠨ ᠦᠶ᠎ᠡ ᠳ᠋ᠦ᠍ ᠣᠯᠠᠨ ᠦᠭᠡ ᠶᠠᠷᠢᠭᠰᠠᠨ ᠦᠭᠡᠢ᠃ ᠡᠢᠮᠦᠷᠬᠦ ᠰᠠᠨᠠᠭ᠎ᠠ ᠪᠣᠳᠣᠯ ᠳ᠋ᠤ᠌ ᠡᠵᠡᠯᠡᠭᠳᠡᠨ ᠨᠢᠭᠡ ᠢᠨᠢᠶᠡᠵᠦ᠂ ᠨᠢᠭᠡ ᠭᠤᠨᠢᠭᠯᠠᠨ ᠰᠠᠭᠤᠵᠠᠢ᠃ ᠨᠥᠬᠥᠳ ᠨᠢ ᠲᠤᠰ ᠲᠤᠰ ᠤ᠋ᠨ ᠶᠠᠪᠤᠳᠠᠯ ᠲᠡᠦᠬᠡ ᠪᠡᠨ ᠬᠥᠭᠵᠢᠯᠲᠡᠢ ᠴᠢᠯᠥᠭᠡᠲᠡᠢ ᠰᠠᠢᠬᠠᠨ ᠬᠥᠭᠡᠷᠦᠯᠳᠦᠵᠦ ᠪᠠᠭ᠎ᠠ ᠢᠳᠡᠷ ᠨᠠᠰᠤ ᠪᠠᠨ ᠳᠤᠷᠠᠰᠤᠨ ᠰᠠᠭᠤᠬᠤ ᠶ᠋ᠢ ᠰᠣᠨᠣᠰᠤᠭ᠎ᠠ ᠦᠭᠡᠢ ᠶᠡᠬᠡᠳᠡ ᠤᠳᠠᠵᠠᠢ᠃ ᠨᠥᠬᠥᠳ ᠨᠢ ᠴᠤᠭᠯᠠᠭᠰᠠᠨ ᠨᠢ ᠴᠢᠩᠭᠢᠰ ᠬᠠᠭᠠᠨ ᠢ᠋ ᠲᠡᠮᠦᠵᠢᠨ ᠪᠣᠯᠭᠠᠨ ᠪᠤᠴᠠᠭᠠᠨ ᠬᠤᠪᠢᠷᠠᠭᠠᠵᠤ ᠰᠡᠳᠬᠡᠯ ᠰᠠᠨᠠᠭ᠎ᠠ ᠨᠢ ᠥᠭᠡᠷᠡᠴᠢᠯᠡᠭᠳᠡᠬᠦ ᠶ᠋ᠢ ᠲᠡᠷᠡ ᠮᠡᠳᠡᠷᠡᠵᠦ ᠪᠠᠢᠪᠠ᠃ ᠲᠡᠷᠡ ᠣᠳᠣ ᠪᠠᠭ᠎ᠠ ᠶ᠋ᠢᠨ ᠦᠨᠡᠨᠴᠢ ᠨᠥᠬᠥᠳ ᠢ᠋ᠶ᠋ᠡᠨ ᠲᠡᠮᠦᠵᠢᠨ ᠦ᠌ ᠨᠢᠳᠦ ᠰᠡᠳᠬᠢᠯ ᠢ᠋ᠶ᠋ᠡᠷ ᠬᠠᠷᠠᠵᠤ ᠰᠠᠭᠤᠪᠠ᠃ ᠠᠯᠲᠠᠨ ᠤᠯᠤᠰ ᠲᠤ᠌ ᠰᠠᠮᠠᠭᠤᠨ ᠭᠠᠷᠴᠤ ᠲᠡᠭᠦᠨ ᠢ᠋ ᠳᠠᠷᠤᠬᠤ ᠭᠡᠵᠦ ᠬᠤᠷᠤᠭᠤ ᠪᠠᠨ ᠮᠤᠯᠲᠤᠯᠵᠤ᠂ ᠬᠢᠮᠤᠰᠤ ᠪᠠᠨ ᠡᠮᠲᠡᠯᠡᠵᠦ ᠪᠠᠢᠭᠰᠠᠨ ᠢ᠋ᠶ᠋ᠠᠨ ᠮᠤᠬᠤᠯᠠᠢ ᠶᠠᠷᠢᠬᠤ ᠠᠵᠢ᠃ ᠵᠠᠯᠠᠢᠷ ᠤ᠋ᠨ ᠴᠠᠭᠠᠨᠭᠤᠤᠡ ᠭᠡᠭᠴᠢ ᠥᠪᠡᠷ ᠦ᠋ᠨ ᠬᠥᠪᠡᠭᠦᠨ ᠮᠤᠬᠤᠯᠠᠢ ᠶ᠋ᠢ ᠳᠠᠭᠠᠭᠤᠯᠤᠨ ᠢᠷᠡᠵᠦ ᠲᠡᠮᠦᠵᠢᠨ ᠳ᠋ᠦ᠍ ᠪᠡᠯᠡᠭᠯᠡᠭᠰᠡᠨ ᠨᠢ ᠮᠤᠬᠤᠯᠠᠢ ᠶ᠋ᠢᠨ ᠠᠮᠢᠳᠤᠷᠠᠯ ᠤ᠋ᠨ ᠡᠷᠭᠢᠯᠲᠡ ᠶ᠋ᠢᠨ ᠦᠶ᠎ᠡ ᠪᠣᠯᠵᠠᠢ᠃ ᠮᠤᠬᠤᠯᠠᠢ ᠪᠣᠯ ᠳᠠᠯᠳᠠ ᠶ᠋ᠢᠨ ᠶᠠᠭᠤᠮ᠎ᠠ ᠶ᠋ᠢ ᠳᠠᠭᠠᠵᠤ ᠮᠡᠳᠡᠳᠡᠭ ᠵᠦᠩ ᠰᠣᠪᠢᠩ ᠲᠠᠢ ᠴᠥᠭᠡᠬᠡᠨ ᠬᠥᠮᠦᠨ ᠦ᠌ ᠨᠢᠭᠡ ᠪᠠᠢᠯ᠎ᠠ᠃ ᠲᠡᠮᠦᠵᠢᠨ ᠢ᠋ ᠬᠠᠮᠤᠭ ᠤ᠋ᠨ ᠬᠠᠭᠠᠨ ᠪᠣᠯᠬᠤ ᠶ᠋ᠢ ᠤᠷᠢᠳᠴᠢᠯᠠᠨ ᠬᠡᠯᠡᠭᠰᠡᠨ ᠭᠤᠷᠪᠠᠨ ᠬᠥᠮᠦᠨ ᠦ᠌ ᠨᠢᠭᠡ ᠨᠢ ᠮᠤᠬᠤᠯᠠᠢ ᠶᠤᠮ᠃ ᠲᠠᠢᠴᠤ ᠰᠡᠴᠡ ᠪᠡᠬᠢ ᠬᠣᠶᠠᠷ ᠢ᠋ᠶ᠋ᠠᠷ ᠲᠣᠯᠣᠭᠠᠢᠯᠠᠭᠤᠯᠤᠭᠰᠠᠨ ᠵᠥᠷᠭᠢᠨ ᠠᠢᠮᠠᠭ ᠲᠡᠮᠦᠵᠢᠨ ᠢ᠋ ᠡᠰᠡᠷᠭᠦᠴᠡᠨ ᠡᠪ ᠡᠪᠳᠡᠷᠡᠨ ᠲᠡᠮᠡᠴᠡᠭᠡᠳ ᠳᠠᠷᠤᠭᠳᠠᠬᠤ ᠳ᠋ᠤ᠌ ᠮᠤᠬᠤᠯᠠᠢ᠂ ᠡᠴᠢᠭᠡ ᠪᠡᠨ ᠳ᠋ᠡᠭᠡᠨ ᠢᠷᠡᠵᠡᠢ᠃ ᠵᠠᠯᠠᠢᠷ ᠣᠪᠣᠭ ᠤ᠋ᠨ ᠴᠠᠭᠠᠨᠭᠣᠣᠡ ᠤᠭ ᠨᠢ ᠪᠣᠷᠵᠢᠭᠢᠨ ᠠᠢᠮᠠᠭ ᠤ᠋ᠨ ᠪᠣᠭᠣᠯ ᠪᠠᠢᠭᠰᠠᠨ ᠪᠣᠯᠪᠠᠴᠤ ᠰᠡᠭᠦᠯ ᠳ᠋ᠦ᠍ᠨᠢ ᠵᠥᠷᠭᠢᠨ ᠳ᠋ᠦ᠍ ᠬᠤᠳᠠᠯᠳᠤᠭᠳᠠᠵᠤ ᠰᠤᠯᠠ ᠢᠷᠭᠡᠨ ᠪᠣᠯᠤᠭᠰᠠᠨ ᠠᠵᠢ᠃ ᠵᠥᠷᠬᠢᠨ ᠦ᠌ ᠳᠠᠭᠠᠵᠤ ᠢᠷᠡᠭᠰᠡᠨ ᠢᠷᠭᠡᠳ ᠡᠴᠡ ᠵᠠᠯᠠᠭᠤ ᠡᠷᠡᠰ ᠢ᠋ ᠳᠠᠢᠴᠢᠯᠠᠨ ᠲᠦᠮᠡᠨ ᠴᠡᠷᠢᠭ ᠪᠣᠯᠭᠠᠬᠤ ᠳ᠋ᠤ᠌ ᠬᠡᠨ ᠢ᠋ᠶ᠋ᠡᠷ ᠲᠣᠯᠣᠭᠠᠢᠯᠠᠭᠤᠯᠬᠤ ᠲᠤᠬᠠᠢ ᠠᠰᠠᠭᠤᠳᠠᠯ ᠲᠡᠮᠦᠵᠢᠨ ᠦ᠌ ᠡᠮᠦᠨ᠎ᠡ ᠲᠤᠯᠭᠠᠷᠠᠵᠠᠢ᠃ ᠤᠭ ᠨᠢ ᠵᠥᠷᠬᠢᠨ ᠣᠪᠣᠭ ᠤ᠋ᠨ ᠬᠢᠨ ᠢ᠋ ᠬᠠᠰᠠᠷ ᠲᠤ᠌ ᠥᠭᠭᠦᠶ᠎ᠡ ᠭᠡᠵᠦ ᠲᠡᠮᠦᠵᠢᠨ ᠳᠣᠲᠣᠷ᠎ᠠ ᠪᠠᠨ ᠰᠢᠢᠳᠴᠦ ᠪᠠᠢᠵᠠᠢ᠃ ᠤᠴᠢᠷ ᠨᠢ ᠵᠥᠷᠬᠢᠨ ᠣᠪᠣᠭ ᠤ᠋ᠨ ᠬᠢᠨ ᠤᠭ ᠤ᠋ᠨ ᠬᠡᠷᠡᠭᠦᠯᠴᠢ ᠵᠠᠷᠭᠤᠴᠢ᠂ ᠣᠮᠣᠭᠲᠠᠢ ᠵᠣᠷᠢᠮᠠᠭ ᠡᠷᠡᠰ ᠣᠯᠠᠨ ᠲᠠᠢ ᠲᠤᠯᠠ ᠲᠡᠳᠡᠨ ᠢ᠋ ᠥᠪᠡᠷ ᠲᠡᠭᠡᠨ ᠣᠢᠷ᠎ᠠ ᠪᠠᠢᠯᠭᠠᠬᠤ ᠨᠢ ᠬᠣᠵᠢᠮ ᠣᠰᠣᠯ ᠠᠶᠤᠯ ᠶᠡᠬᠡᠲᠡᠢ ᠭᠡᠵᠦ ᠪᠣᠯᠭᠣᠮᠵᠢᠯᠠᠬᠤ ᠳ᠋ᠤ᠌ ᠬᠦᠷᠭᠡᠵᠡᠢ᠃ ᠪᠠᠰᠠ ᠢᠩᠭᠢᠬᠦ ᠶ᠋ᠢ ᠳᠠᠪ ᠲᠡᠭᠷᠢ ᠪᠥᠬᠡ ᠵᠥᠪᠯᠡᠭᠰᠡᠨ ᠪᠠᠢᠪᠠ᠃ ᠲᠣᠯᠣᠭᠠᠢᠯᠠᠭᠴᠢᠳ ᠨᠢ ᠠᠯᠠᠭᠳᠠᠵᠤ ᠣᠮᠣᠭ ᠨᠢ ᠳᠠᠷᠤᠭᠳᠠᠭᠰᠠᠨ ᠵᠥᠷᠬᠢᠨ ᠦ᠌ ᠬᠢᠨ ᠢ᠋ ᠬᠠᠰᠠᠷ ᠲᠤ᠌ ᠯᠠ ᠥᠭᠬᠦ ᠨᠢ ᠭᠠᠷᠴᠠᠭ᠎ᠠ ᠦᠭᠡᠢ ᠵᠥᠪ ᠵᠠᠮ ᠪᠠᠢᠭᠰᠠᠨ ᠪᠥᠭᠡᠳ ᠬᠡᠷᠡᠭᠦᠯ ᠲᠡᠮᠡᠴᠡᠯ ᠪᠣᠯᠪᠠᠯ ᠬᠠᠰᠠᠷ ᠲᠤ᠌ ᠲᠦᠪᠡᠭ ᠴᠢᠷᠦᠭᠳᠡᠯ ᠤᠴᠠᠷᠠᠬᠤ ᠪᠣᠯᠬᠤ ᠠ᠋ᠴᠠ ᠲᠡᠮᠦᠵᠢᠨ ᠳ᠋ᠦ᠍ ᠬᠣᠣᠷ ᠬᠥᠨᠥᠭᠡᠯ ᠢᠷᠡᠬᠦ ᠦᠭᠡᠢ ᠪᠥᠯᠥᠭᠡ᠃ ᠢᠩᠭᠢᠵᠦ ᠪᠣᠳᠣᠭᠰᠠᠨ ᠤᠴᠢᠷ ᠠ᠋ᠴᠠ ᠳᠠᠪ ᠲᠡᠭᠷᠢ ᠶ᠋ᠢᠨ ᠦᠭᠡ ᠶ᠋ᠢ ᠳᠠᠭᠠᠵᠠᠢ᠃ ᠬᠠᠷᠢᠨ ᠴᠠᠭᠠᠨᠭᠤᠣᠠ ᠵᠡᠪᠡᠬᠡ᠂ ᠮᠤᠬᠤᠯᠠᠢ ᠬᠣᠶᠠᠷ ᠬᠥᠪᠡᠭᠦᠨ ᠢ᠋ᠶ᠋ᠡᠨ ᠳᠠᠭᠠᠭᠤᠯᠵᠤ ᠢᠷᠡᠬᠦ ᠳ᠋ᠦ᠍ ᠠᠷᠪᠠᠨ ᠳᠣᠯᠣᠭᠠᠨ ᠨᠠᠰᠤᠲᠠᠢ ᠮᠤᠬᠤᠯᠠᠢ ᠲᠡᠮᠦᠵᠢᠨ ᠳ᠋ᠦ᠍ ᠶᠡᠬᠡᠳᠡ ᠲᠠᠭᠠᠯᠠᠭᠳᠠᠵᠤ ᠤᠳᠠᠲᠠᠯ᠎ᠠ ᠪᠣᠳᠣᠭᠰᠠᠨ ᠤ᠋ ᠡᠴᠦᠰ ᠲᠦ᠍ ᠤᠷᠢᠳ ᠤ᠋ᠨ ᠰᠢᠢᠳᠪᠦᠷᠢ ᠡᠴᠡ ᠤᠬᠤᠷᠢᠬᠤ ᠳ᠋ᠤ᠌ ᠬᠦᠷᠴᠡᠢ᠃ ᠮᠤᠬᠤᠯᠠᠢ ᠭᠡᠭᠴᠢ ᠲᠡᠷᠡ ᠬᠥᠪᠡᠭᠦᠨ ᠲᠤᠩ ᠣᠨᠴᠠᠭᠠᠢ ᠰᠣᠳᠣᠨ ᠴᠠᠭᠠᠨ᠎ᠠ ᠪᠠᠨ ᠨᠢᠭᠡ ᠬᠥᠮᠦᠨ ᠲᠠᠲᠠᠬᠤ ᠤᠪᠠᠳᠢᠰ ᠲᠠᠢ ᠮᠡᠲᠦ ᠰᠠᠨᠠᠭᠳᠠᠭᠠᠳ ᠪᠣᠯᠤᠭᠰᠠᠨ ᠦᠭᠡᠢ᠃ ᠪᠠᠲᠤ ᠴᠢᠭᠢᠷᠠᠭ ᠪᠡᠶ᠎ᠡ ᠲᠡᠢ ᠴᠦ᠍᠂ ᠤᠬᠠᠭᠠᠨ ᠵᠠᠯᠢ ᠨᠢᠭᠤᠭᠳᠠᠭᠰᠠᠨ ᠲᠣᠳᠣ ᠬᠤᠷᠴᠠ ᠬᠠᠷᠠᠴᠠ ᠲᠠᠢ ᠨᠢᠳᠦ ᠨᠢ ᠲᠡᠭᠡᠵᠦ ᠣᠨᠴᠠᠭᠠᠢ ᠰᠠᠨᠠᠭᠳᠠᠭᠰᠠᠨ ᠢ᠋ ᠬᠣᠵᠢᠮ ᠲᠡᠷᠡ ᠣᠢᠯᠠᠭᠠᠭᠰᠠᠨ ᠪᠢᠯᠡ᠃ ᠲᠡᠷᠡ ᠰᠥᠨᠢ ᠴᠠᠭᠠᠨᠭᠣᠣᠠ ᠶ᠋ᠢᠨ ᠬᠥᠪᠡᠭᠦᠨ ᠮᠤᠬᠤᠯᠠᠢ ᠶ᠋ᠢᠨ ᠳᠦᠷᠢ ᠲᠥᠷᠬᠦ ᠵᠡᠭᠦᠳᠦᠨ ᠳ᠋ᠦ᠍ᠨᠢ ᠰᠣᠯᠣᠩᠭ᠎ᠠ ᠮᠡᠲᠦ ᠦᠵᠡᠭᠳᠡᠭᠰᠡᠨ ᠨᠢ ᠲᠡᠮᠦᠵᠢᠨ ᠦ᠌ ᠰᠡᠳᠬᠢᠯ ᠦ᠋ᠨ ᠡᠷᠡᠭᠡᠯᠵᠡᠭᠡ ᠶ᠋ᠢ ᠠᠷᠢᠯᠭᠠᠵᠤ ᠮᠠᠷᠭᠠᠰᠢ ᠨᠢ ᠲᠡᠭᠦᠨ ᠢ᠋ ᠡᠴᠢᠭᠡ ᠶ᠋ᠢᠨ ᠬᠢᠨᠢ ᠬᠠᠮᠲᠤ ᠦᠷᠭᠦᠭᠡᠨ ᠳ᠋ᠡᠭᠡᠨ ᠳᠠᠭᠤᠳᠠᠨ ᠢᠷᠡᠭᠦᠯᠪᠡ᠃ ᠰᠥᠨᠢ ᠵᠡᠭᠦᠳᠦᠨ ᠳ᠋ᠦ᠍ ᠦᠵᠡᠭᠳᠡᠭᠰᠡᠨ ᠰᠣᠯᠣᠩᠭ᠎ᠠ ᠪᠣᠯ ᠮᠤᠬᠤᠯᠠᠢ ᠶ᠋ᠢ ᠲᠡᠮᠦᠵᠢᠨ ᠳ᠋ᠦ᠍ ᠢᠯᠡᠭᠡᠭᠰᠡᠨ ᠲᠡᠭᠷᠢ ᠶ᠋ᠢᠨ ᠳᠣᠬᠢᠶ᠎ᠠ ᠪᠠᠢᠵᠠᠢ᠃ ᠣᠮᠣᠭ ᠵᠣᠷᠢᠭ ᠶᠡᠬᠡᠲᠦ ᠵᠥᠷᠬᠢᠨ ᠣᠪᠣᠭ ᠤ᠋ᠨ ᠲᠦᠮᠡᠨ ᠴᠡᠷᠢᠭ ᠢ᠋ ᠳᠥᠩᠭᠡᠵᠦ ᠠᠷᠪᠠᠨ ᠳᠣᠯᠣᠭᠠᠨ ᠨᠠᠰᠤᠲᠠᠢ ᠮᠤᠬᠤᠯᠠᠢ ᠳ᠋ᠤ᠌ ᠵᠠᠬᠢᠷᠤᠭᠤᠯᠬᠤ ᠪᠠᠷ ᠦᠭᠭᠦᠭᠰᠡᠨ ᠨᠢ ᠪᠦᠭᠦᠳᠡ ᠶ᠋ᠢᠨ ᠨᠢᠳᠦ ᠶ᠋ᠢ ᠪᠦᠯᠲᠡᠢᠯᠭᠡᠭᠰᠡᠨ ᠬᠠᠴᠢᠷᠬᠠᠯᠲᠠᠢ ᠰᠢᠢᠳᠪᠦᠷᠢ ᠪᠠᠢᠪᠠ᠃ ᠲᠡᠷᠡ ᠳᠤᠮᠳᠠ ᠪᠠᠨ ᠲᠡᠮᠦᠵᠢᠨ ᠳ᠋ᠦ᠍ ᠰᠠᠢᠨ ᠳᠤᠷ᠎ᠠ ᠪᠠᠷ ᠳᠠᠭᠠᠵᠤ ᠢᠷᠡᠭᠰᠡᠨ ᠵᠥᠷᠬᠢᠨ ᠦ᠌ ᠪᠠᠭᠠᠲᠤᠷ ᠡᠷᠡᠰ᠂ ᠨᠣᠶᠠᠳ ᠶᠡᠬᠡᠰ ᠦ᠋ᠨ ᠳᠤᠷ᠎ᠠ ᠦᠭᠡᠢᠴᠡᠯ᠂ ᠡᠰᠡᠷᠭᠦᠴᠡᠯ ᠲᠡᠢ ᠲᠤᠯᠭᠠᠷᠠᠭᠰᠠᠨ ᠪᠢᠯᠡ᠃ ᠭᠡᠪᠡᠴᠦ ᠲᠡᠮᠦᠵᠢᠨ ᠢ᠋ ᠰᠢᠭᠦᠬᠦ᠂ ᠡᠰᠡᠷᠭᠦᠴᠡᠬᠦ ᠵᠣᠷᠢᠭᠲᠠᠨ ᠢᠯᠠᠭᠳᠠᠭᠰᠠᠨ ᠵᠥᠷᠬᠢᠨ ᠦ᠌ ᠬᠢᠨ ᠳᠣᠲᠣᠷ᠎ᠠ ᠠ᠋ᠴᠠ ᠭᠠᠷᠤᠭᠰᠠᠨ ᠦᠭᠡᠢ᠃ ᠤᠴᠢᠷ ᠨᠢ ᠲᠡᠳᠡᠨ ᠦ᠌ ᠰᠦᠷ ᠰᠦᠯᠳᠡ᠂ ᠰᠦᠨᠡᠰᠦ ᠬᠡᠢ ᠮᠣᠷᠢ ᠨᠢ ᠪᠣᠯᠤᠭᠰᠠᠨ ᠪᠠᠭᠠᠲᠤᠷ ᠪᠦᠷᠢ ᠪᠥᠬᠡ ᠶ᠋ᠢ ᠲᠡᠮᠦᠵᠢᠨ ᠵᠠᠯᠢ ᠵᠣᠬᠢᠶᠠᠨ ᠪᠡᠯᠭᠦᠳᠡᠢ ᠲᠡᠢ ᠪᠠᠷᠢᠯᠳᠤᠭᠤᠯᠵᠤ ᠨᠢᠷᠤᠭᠤ ᠶ᠋ᠢ ᠨᠢ ᠬᠤᠭᠤᠯᠤᠨ ᠦᠬᠦᠭᠦᠯᠦᠭᠰᠡᠨ ᠤᠴᠢᠷ ᠵᠥᠷᠬᠢᠨ ᠣᠪᠣᠭ ᠤ᠋ᠨ ᠬᠢᠨ ᠦ᠌ ᠣᠮᠣᠭ ᠵᠣᠷᠢᠭ᠂ ᠡᠰᠡᠷᠭᠦᠴᠡᠬᠦ ᠰᠡᠳᠬᠢᠯ ᠨᠢ ᠨᠢᠭᠡᠨᠲᠡ ᠳᠠᠷᠤᠭᠳᠠᠭᠠᠳ ᠪᠠᠢᠵᠠᠢ᠃ ᠡᠬᠢᠯᠡᠭᠡᠳ ᠪᠦᠷᠢ ᠪᠥᠬᠡ ᠶ᠋ᠢ ᠦᠬᠦᠭᠦᠯᠬᠦ ᠶ᠋ᠢ ᠳᠠᠪ ᠲᠡᠭᠷᠢ ᠨᠢᠭᠡᠨᠲᠡ ᠲᠡᠮᠦᠵᠢᠨ ᠳ᠋ᠦ᠍ ᠬᠡᠯᠡᠵᠡᠢ᠃ ᠢᠩᠭᠢᠵᠦ ᠨᠢᠭᠡᠨᠲᠡ ᠰᠦᠯᠳᠡ ᠬᠡᠢ ᠮᠣᠷᠢ ᠨᠢ ᠳᠠᠷᠤᠭᠳᠠᠭᠰᠠᠨ ᠲᠤᠯᠠ ᠵᠥᠷᠬᠢᠨ ᠣᠪᠣᠭ ᠠᠶᠤᠯ ᠦᠭᠡᠢ ᠪᠣᠯᠵᠠᠢ᠃ ᠠᠷᠪᠠᠨ ᠳᠣᠯᠣᠭᠠᠨ ᠨᠠᠰᠤᠲᠠᠢ᠂ ᠪᠣᠭᠣᠯ ᠤ᠋ᠨ ᠬᠥᠪᠡᠭᠦᠨ ᠮᠤᠬᠤᠯᠠᠢ ᠳ᠋ᠤ᠌ ᠢᠲᠡᠭᠡᠬᠦ ᠦᠭᠡᠢ ᠬᠥᠮᠦᠨ ᠣᠯᠠᠨ ᠪᠠᠢᠭᠰᠠᠨ ᠴᠤ᠌ ᠲᠡᠭᠦᠨ ᠦ᠌ ᠨᠢᠭᠤᠴᠠ ᠳᠠᠯᠳᠠ ᠴᠢᠳᠠᠯ ᠢ᠋ ᠲᠡᠮᠦᠵᠢᠨ ᠤᠷᠢᠳ ᠢ᠋ᠶ᠋ᠠᠷ ᠳᠠᠭᠠᠵᠤ ᠮᠡᠳᠡᠭᠰᠡᠨ ᠨᠢ ᠣᠳᠣ ᠨᠢᠭᠡᠨᠲᠡ ᠲᠣᠳᠣᠷᠬᠠᠢ ᠪᠣᠯᠵᠠᠢ᠃ ᠮᠤᠬᠤᠯᠠᠢ ᠵᠥᠷᠬᠢᠨ ᠣᠪᠣᠭ ᠤ᠋ᠨ ᠴᠡᠷᠢᠭ ᠢ᠋ ᠢᠲᠡᠭᠡᠯᠲᠡᠢ ᠪᠡᠷ ᠵᠠᠰᠠᠭᠠᠳ ᠵᠣᠭᠰᠣᠭᠰᠠᠨ ᠦᠭᠡᠢ ᠤᠳᠠᠯ ᠦᠭᠡᠢ ᠲᠡᠮᠦᠵᠢᠨ ᠦ᠌ ᠭᠠᠷᠮᠠᠭᠠᠢ ᠵᠠᠩᠵᠤᠨ ᠨᠤᠭᠤᠳ ᠤ᠋ᠨ ᠨᠢᠭᠡ ᠪᠣᠯᠪᠠ᠃ ᠲᠡᠭᠦᠨ ᠦ᠌ ᠪᠠᠢᠭᠤᠯᠤᠭᠰᠠᠨ ᠭᠠᠪᠢᠶ᠎ᠠ ᠶ᠋ᠢ ᠳᠤᠷᠠᠳᠴᠤ ᠪᠠᠷᠠᠰᠢ ᠦᠭᠡᠢ ᠭᠡᠵᠦ ᠣᠳᠣ ᠲᠡᠮᠦᠵᠢᠨ ᠨᠥᠬᠥᠳ ᠢ᠋ᠶ᠋ᠡᠨ ᠬᠠᠷᠠᠭᠠᠳ ᠪᠣᠳᠣᠵᠤ ᠰᠠᠭᠤᠪᠠ᠃ ᠠᠩᠬ᠎ᠠ ᠳᠠᠯᠠᠨ ᠨᠥᠮᠥᠷᠭᠡᠲᠦ ᠲᠠᠲ᠋ᠠᠷ ᠤ᠋ᠨ ᠴᠡᠷᠢᠭ ᠲᠡᠢ ᠪᠠᠢᠯᠳᠤᠬᠤ ᠳ᠋ᠤ᠌ ᠴᠣᠬᠣᠮ ᠮᠤᠬᠤᠯᠠᠢ ᠳᠡᠷᠭᠡᠳᠡ ᠨᠢ ᠪᠠᠢᠭ᠎ᠠ ᠦᠭᠡᠢ ᠪᠣᠯ ᠲᠡᠮᠦᠵᠢᠨ ᠭᠠᠷᠴᠠᠭ᠎ᠠ ᠦᠭᠡᠢ ᠦᠬᠦᠬᠦ ᠪᠠᠢᠪᠠ᠃ ᠮᠣᠷᠢ ᠪᠠᠨ ᠰᠢᠷᠬᠠᠲᠤᠭᠤᠯᠵᠤ ᠲᠠᠲ᠋ᠠᠷ ᠤ᠋ᠨ ᠴᠡᠷᠢᠭ ᠲᠦ᠍ ᠪᠦᠰᠡᠯᠡᠭᠳᠡᠭᠡᠳ ᠶᠠᠭᠤ ᠶᠠᠭᠤ ᠦᠭᠡᠢ ᠴᠠᠪᠴᠢᠭᠤᠯᠤᠨ ᠦᠬᠦᠳᠡᠭ ᠦ᠋ᠨ ᠳᠠᠪᠠᠭᠠᠨ ᠳᠡᠭᠡᠷ᠎ᠡ ᠭᠡᠨᠡᠳᠲᠡ ᠲᠡᠭᠷᠢ ᠳᠤᠤᠭᠠᠷᠬᠤ ᠰᠢᠭ᠋ ᠨᠢᠵᠢᠭᠢᠨᠡᠭᠰᠡᠨ ᠨᠢ ᠮᠤᠬᠤᠯᠠᠢ ᠬᠠᠰᠬᠢᠷᠤᠨ ᠳᠠᠭᠠᠷᠢᠵᠤ ᠢᠷᠡᠭᠰᠡᠨ ᠬᠡᠷᠡᠭ ᠪᠠᠢᠪᠠ᠃ ᠮᠤᠬᠤᠯᠠᠢ ᠲᠠᠲ᠋ᠠᠷ ᠤ᠋ᠨ ᠴᠡᠷᠢᠭ ᠢ᠋ ᠬᠠᠭ᠎ᠠ ᠵᠦᠰᠦᠨ ᠡᠪᠡᠰᠦ ᠰᠢᠭ ᠬᠠᠨᠠᠷᠠᠭᠤᠯᠤᠨ ᠴᠠᠪᠴᠢᠵᠤ ᠵᠠᠮ ᠭᠠᠷᠭᠠᠭᠠᠳ ᠲᠡᠮᠦᠵᠢᠨ ᠦ᠌ ᠳᠡᠷᠭᠡᠳᠡ ᠢᠷᠡᠵᠦ ᠮᠣᠷᠢᠨ ᠳ᠋ᠠᠭᠠᠨ ᠰᠤᠨᠳᠠᠯᠠᠭᠠᠳ ᠮᠥᠨ ᠯᠡ ᠲᠡᠷᠡ ᠶᠠᠩᠵᠤ ᠪᠠᠷ ᠳᠠᠭᠠᠷᠢᠨ ᠭᠠᠷᠴᠤ ᠠᠪᠤᠷᠠᠵᠠᠢ᠃ ᠲᠡᠭᠡᠬᠦ ᠳ᠋ᠦ᠍ ᠮᠤᠬᠤᠯᠠᠢ ᠥᠪᠡᠷ ᠦ᠋ᠨ ᠬᠠᠷᠠᠴᠠ ᠪᠠᠷ ᠬᠥᠮᠦᠨ ᠦᠬᠦᠭᠦᠯᠵᠦ ᠴᠢᠳᠠᠳᠠᠭ ᠢ᠋ ᠲᠡᠮᠦᠵᠢᠨ ᠠᠩᠬ᠎ᠠ ᠦᠵᠡᠵᠦ ᠮᠡᠯᠡᠷᠡᠨ ᠭᠠᠢᠬᠠᠭᠰᠠᠨ ᠪᠢᠯᠡ᠃ ᠡᠢᠮᠦ ᠴᠢᠳᠠᠯᠲᠠᠢ ᠷᠢᠳᠢ ᠰᠢᠳᠢ ᠲᠡᠢ ᠬᠥᠮᠦᠨ ᠪᠠᠢᠨ᠎ᠠ ᠭᠡᠳᠡᠭ ᠲᠦ᠍ ᠲᠡᠮᠦᠵᠢᠨ ᠢᠲᠡᠭᠡᠬᠦ ᠡᠴᠡ ᠥᠭᠡᠷ᠎ᠡ ᠠᠷᠭ᠎ᠠ ᠦᠭᠡᠢ ᠪᠣᠯᠵᠠᠢ᠃ ᠲᠡᠮᠦᠵᠢᠨ ᠦ᠌ ᠰᠢᠲᠦᠨ ᠪᠢᠰᠢᠷᠡᠳᠡᠭ ᠳᠠᠪ ᠲᠡᠭᠷᠢ ᠪᠥᠬᠡ ᠴᠦ᠍ ᠬᠥᠮᠦᠨ ᠢ᠋ ᠬᠠᠷᠠᠴᠠ ᠪᠠᠷ ᠢ᠋ᠶ᠋ᠠᠨ ᠦᠬᠦᠭᠦᠯᠵᠦ ᠴᠢᠳᠠᠬᠤ ᠦᠭᠡᠢ ᠶ᠋ᠢ ᠲᠡᠷᠡ ᠮᠡᠳᠡᠬᠦ ᠪᠢᠯᠡ᠃ ᠲᠡᠷᠡ ᠰᠥᠨᠢ ᠮᠤᠬᠤᠯᠠᠢ ᠶ᠋ᠢ ᠢᠯᠡᠭᠡᠭᠰᠡᠨ ᠳ᠋ᠦ᠍ ᠲᠠᠯᠠᠷᠬᠠᠨ ᠲᠡᠭᠷᠢ ᠳ᠋ᠦ᠍ ᠮᠥᠷᠭᠥᠵᠡᠢ᠃ ᠬᠣᠵᠢᠮ ᠲᠠᠢᠴᠢᠭᠤᠳ ᠲᠠᠢ ᠲᠤᠯᠤᠯᠳᠤᠬᠤ ᠳ᠋ᠤ᠌ ᠰᠤᠷᠬᠠᠨ ᠰᠢᠷ᠎ᠠ ᠶ᠋ᠢᠨ ᠥᠬᠢᠨ ᠬᠠᠲᠠᠭᠠᠨ ᠢ᠋ ᠪᠤᠯᠢᠶᠠᠨ ᠠᠮᠢᠳᠤ ᠮᠡᠨᠳᠦ ᠠᠪᠤᠷᠠᠵᠤ ᠭᠠᠷᠭᠠᠭᠰᠠᠨ ᠬᠥᠮᠦᠨ ᠨᠢ ᠮᠥᠨ ᠮᠤᠬᠤᠯᠠᠢ ᠶᠤᠮ᠃ ᠬᠠᠲᠠᠭᠠᠨ ᠪᠣᠯᠤᠭᠠᠳ ᠲᠡᠮᠦᠵᠢᠨ ᠦ᠌ ᠰᠡᠳᠬᠢᠯ ᠦ᠋ᠨ ᠳᠠᠯᠳᠠ ᠬᠣᠯᠪᠣᠭ᠎ᠠ ᠶ᠋ᠢ ᠵᠦᠩ ᠰᠤᠪᠢᠩ ᠢ᠋ᠶ᠋ᠠᠷ ᠣᠢᠯᠠᠭᠠᠨ ᠮᠡᠳᠡᠷᠡᠭᠰᠡᠨ ᠮᠤᠬᠤᠯᠠᠢ᠂ ᠡᠷ᠎ᠡ ᠨᠢ ᠠᠯᠠᠭᠳᠠᠵᠤ ᠦᠬᠦᠯ ᠦ᠋ᠨ ᠠᠶᠤᠯ ᠳ᠋ᠤ᠌ ᠤᠴᠠᠷᠠᠭᠰᠠᠨ ᠬᠠᠲᠠᠭᠠᠨ ᠢ᠋ ᠣᠯᠵᠤ ᠠᠪᠤᠷᠠᠵᠠᠢ᠃ ᠬᠠᠲᠠᠭᠠᠨ ᠲᠠᠢ ᠠᠭᠤᠯᠵᠠᠭᠰᠠᠨ ᠨᠢ ᠲᠡᠮᠦᠵᠢᠨ ᠦ᠌ ᠬᠤᠪᠢ ᠳ᠋ᠤ᠌ ᠬᠡᠵᠢᠶ᠎ᠡ ᠴᠦ᠍ ᠮᠠᠷᠲᠠᠭᠳᠠᠬᠤ ᠦᠭᠡᠢ ᠠᠵᠠᠲᠠᠢ ᠬᠤᠪᠢᠲᠠᠢ ᠲᠣᠬᠢᠶᠠᠯ ᠭᠡᠵᠦ ᠲᠡᠷᠡ ᠦᠵᠡᠬᠦ ᠤᠴᠢᠷ ᠮᠤᠬᠤᠯᠠᠢ ᠳ᠋ᠤ᠌ ᠲᠠᠯᠠᠷᠬᠠᠬᠤ ᠨᠢ ᠤᠯᠠᠮ ᠶᠡᠬᠡ ᠪᠣᠯᠵᠠᠢ᠃
ᠲᠠᠢᠴᠢᠭᠤᠳ ᠤ᠋ᠨ ᠣᠯᠵᠠᠨ ᠠ᠋ᠴᠠ ᠰᠤᠷᠬᠠᠨ ᠰᠢᠷ᠎ᠠ ᠭᠡᠭᠴᠢ ᠪᠣᠭᠣᠯ ᠤ᠋ᠨ ᠠᠴᠢ ᠪᠠᠷ ᠠᠪᠤᠷᠠᠭᠳᠠᠭᠠᠳ ᠭᠡᠷ ᠦ᠋ᠨ ᠵᠦᠭ ᠶᠠᠪᠤᠵᠤ ᠪᠠᠢᠬᠤ ᠳ᠋ᠠᠭᠠᠨ ᠲᠡᠭᠦᠨ ᠦ᠌ ᠥᠬᠢᠨ᠂ ᠬᠣᠩᠭᠣᠷ ᠵᠥᠭᠡᠯᠡᠨ ᠠᠭᠠᠰᠢᠲᠠᠢ ᠬᠠᠲᠠᠭᠠᠨ ᠢ᠋ ᠡᠬᠡᠨᠡᠷ ᠢ᠋ᠶ᠋ᠡᠨ ᠪᠣᠯᠭᠠᠨ ᠠᠪᠤᠨ᠎ᠠ ᠭᠡᠵᠦ ᠲᠠᠩᠭᠠᠷᠢᠭᠯᠠᠭᠰᠠᠨ ᠪᠢᠯᠡ᠃ ᠡᠭᠦᠨ ᠢ᠋ ᠪᠡᠨ ᠬᠠᠭᠠᠴᠠᠬᠤ ᠶ᠋ᠢᠨ ᠡᠮᠦᠨ᠎ᠡ ᠬᠠᠲᠠᠭᠠᠨ ᠳ᠋ᠤ᠌ ᠬᠡᠯᠡᠵᠡᠢ᠃ ᠤᠴᠢᠷ ᠨᠢ ᠬᠠᠲᠠᠭᠠᠨ ᠪᠣᠯ ᠪᠡᠶ᠎ᠡ ᠰᠡᠳᠬᠢᠯ ᠢ᠋ᠶ᠋ᠡᠨ ᠬᠠᠮᠤᠭ ᠤ᠋ᠨ ᠠᠩᠬ᠎ᠠ ᠲᠡᠮᠦᠵᠢᠨ ᠳ᠋ᠦ᠍ ᠥᠭᠭᠦᠭᠰᠡᠨ ᠥᠬᠢᠨ ᠪᠠᠢᠯ᠎ᠠ᠃ ᠲᠠᠷᠭᠤᠲᠠᠢ ᠶ᠋ᠢᠨ ᠶᠠᠪᠤᠭᠤᠯᠤᠭᠰᠠᠨ ᠡᠷᠢᠯ ᠦ᠋ᠨ ᠬᠢᠨ ᠲᠡᠮᠦᠵᠢᠨ ᠢ᠋ ᠣᠯᠣᠯ ᠦᠭᠡᠢ ᠳᠠᠪᠬᠢᠨ ᠣᠳᠤᠭᠰᠠᠨ ᠤ᠋ ᠳᠠᠷᠠᠭ᠎ᠠ ᠬᠤᠷᠢᠶᠠᠯᠲᠠᠲᠠᠢ ᠨᠣᠣᠰᠣᠨ ᠳ᠋ᠤ᠌ ᠨᠢᠭᠤᠭᠳᠠᠵᠤ ᠬᠡᠪᠲᠡᠭᠰᠡᠨ ᠲᠡᠮᠦᠵᠢᠨ ᠬᠠᠲᠠᠭᠠᠨ ᠬᠣᠶᠠᠷ ᠥᠪᠡᠷᠰᠡᠳ ᠦ᠋ᠨ ᠣᠭᠲᠣ ᠮᠡᠳᠡᠬᠦ ᠦᠭᠡᠢ ᠲᠡᠢᠮᠦ ᠭᠠᠢᠬᠠᠯᠲᠠᠢ ᠰᠡᠳᠬᠢᠯ ᠳ᠋ᠦ᠍ ᠠᠪᠲᠠᠵᠠᠢ᠃ ᠵᠤᠨ ᠤ᠋ ᠪᠦᠭᠴᠢᠮ᠎ᠡ ᠬᠠᠯᠠᠭᠤᠨ ᠳ᠋ᠤ᠌ ᠨᠣᠣᠰᠣ ᠣᠩᠭᠢᠴᠠᠬᠤ ᠠ᠋ᠴᠠ ᠲᠦᠪᠡᠭᠰᠢᠶᠡᠭᠰᠡᠨ ᠴᠡᠷᠢᠭ ᠦ᠋ᠳ ᠵᠢᠳᠠ ᠪᠠᠷ ᠰᠶ᠋ᠶ᠋ᠴᠢᠭᠰᠡᠨ ᠳ᠋ᠦ᠍ ᠲᠡᠮᠦᠵᠢᠨ ᠥᠷᠲᠥᠭᠡᠳ ᠰᠢᠨ᠎ᠡ ᠤᠷᠤᠭᠤ ᠨᠢ ᠴᠢᠰᠤ ᠤᠷᠤᠰᠴᠤ ᠪᠠᠢᠵᠠᠢ᠃ ᠬᠠᠷᠢᠨ ᠬᠠᠲᠠᠭᠠᠨ ᠲᠡᠭᠦᠨ ᠦ᠌ ᠴᠢᠰᠤ ᠶ᠋ᠢ ᠬᠡᠯᠡ ᠪᠡᠷ ᠢ᠋ᠶ᠋ᠡᠨ ᠳᠣᠯᠢᠶᠠᠵᠤ ᠲᠡᠭᠦᠨ ᠡᠴᠡ ᠪᠣᠯᠵᠤ ᠬᠣᠶᠠᠭᠤᠯᠠ ᠪᠡᠶᠡᠰ ᠢ᠋ᠶ᠋ᠡᠨ ᠬᠦᠰᠡᠬᠦ ᠰᠣᠯᠢᠶᠠᠷᠠᠭᠰᠠᠨ ᠳᠤᠷᠠᠯᠠᠯ ᠳ᠋ᠤ᠌ ᠠᠪᠲᠠᠵᠠᠢ᠃ ᠬᠠᠯᠠᠭᠤᠨ ᠨᠣᠣᠰᠣᠨ ᠳᠤᠮᠳᠠ ᠨᠢᠴᠦᠭᠦᠨ ᠬᠥᠯᠪᠡᠷᠢᠵᠦ ᠬᠥᠮᠦᠨ ᠦ᠌ ᠶᠣᠰᠣᠭᠠᠷ ᠡᠷ᠎ᠡ ᠡᠮ᠎ᠡ ᠶ᠋ᠢᠨ ᠦᠢᠯᠡ ᠶ᠋ᠢ ᠠᠩᠬ᠎ᠠ ᠬᠢᠵᠡᠢ᠃ ᠬᠣᠷᠸ᠎ᠠ ᠳ᠋ᠤ᠌ ᠡᠢᠮᠦ ᠠᠵᠠ ᠵᠢᠷᠭᠠᠯ ᠰᠢᠨᠠᠯᠭᠠᠲᠤ ᠳᠤᠷᠠᠯᠠᠯ ᠪᠠᠢᠳᠠᠭ ᠢ᠋ ᠲᠡᠳᠡ ᠮᠡᠳᠡᠬᠦ ᠦᠭᠡᠢ ᠪᠠᠢᠯ᠎ᠠ᠃ ᠲᠡᠳᠡᠨ ᠦ᠌ ᠳᠤᠷᠠᠯᠠᠯ ᠠᠵᠠ ᠵᠢᠷᠭᠠᠯ ᠶᠡᠷᠦ ᠳ᠋ᠡᠭᠡᠨ ᠯᠡ ᠬᠣᠨᠣᠭ ᠤ᠋ᠨ ᠨᠠᠰᠤᠲᠠᠢ ᠪᠠᠢᠪᠠ᠃ ᠲᠡᠮᠦᠵᠢᠨ ᠳ᠋ᠦ᠍ ᠳᠤᠷᠠᠯᠠᠬᠤ ᠪᠢᠰᠢ ᠠᠮᠢᠳᠤ ᠦᠯᠡᠳᠡᠬᠦ ᠨᠢ ᠴᠢᠬᠤᠯᠠ ᠪᠠᠢᠯ᠎ᠠ᠃ ᠭᠡᠨᠡᠳᠲᠡ ᠢᠷᠡᠭᠰᠡᠨ ᠠᠩᠬᠠᠨ ᠤ᠋ ᠬᠠᠢᠷ᠎ᠠ᠂ ᠠᠮᠠᠷᠠᠭ ᠬᠣᠩᠭᠣᠷ ᠬᠠᠲᠠᠭᠠᠨ ᠢ᠋ ᠣᠷᠬᠢᠨ ᠶᠠᠪᠤᠬᠤ ᠠ᠋ᠴᠠ ᠥᠭᠡᠷ᠎ᠡ ᠠᠷᠭ᠎ᠠ ᠲᠡᠭᠦᠨ ᠳ᠋ᠦ᠍ ᠪᠠᠢᠭᠰᠠᠨ ᠦᠭᠡᠢ᠃ ᠲᠡᠮᠦᠵᠢᠨ ᠢ᠋ ᠬᠠᠢᠭᠰᠠᠳ ᠰᠤᠷᠬᠠᠨ ᠰᠢᠷ᠎ᠠ ᠶ᠋ᠢᠨ ᠭᠡᠷ ᠲᠦ᠍ ᠬᠡᠵᠢᠶ᠎ᠡ ᠯᠡ ᠪᠣᠯ ᠬᠡᠵᠢᠶ᠎ᠡ ᠳᠠᠬᠢᠨ ᠢᠷᠡᠵᠦ ᠮᠡᠳᠡᠬᠦ ᠪᠠᠢᠪᠠ᠃ ᠲᠠᠢᠴᠢᠭᠤᠳ ᠤ᠋ᠨ ᠬᠦᠷᠢᠶ᠎ᠡ ᠡᠴᠡ ᠮᠤᠯᠲᠤᠷᠠᠵᠤ ᠪᠥᠷᠲᠡ ᠶ᠋ᠢ ᠡᠬᠡᠨᠡᠷ ᠢ᠋ᠶ᠋ᠡᠨ ᠪᠣᠯᠭᠠᠵᠤ ᠪᠣᠷᠵᠢᠭᠢᠨ ᠠᠢᠮᠠᠭ ᠢ᠋ᠶ᠋ᠠᠨ ᠨᠢᠭᠡᠳᠬᠡᠲᠡᠯᠡ ᠪᠡᠨ ᠲᠡᠮᠦᠵᠢᠨ ᠨᠢᠭᠡ ᠴᠦ᠍ ᠡᠳᠦᠷ ᠬᠠᠢᠷᠠᠲᠠᠢ ᠬᠠᠲᠠᠭᠠᠨ ᠢ᠋ ᠮᠠᠷᠲᠠᠭᠰᠠᠨ ᠦᠭᠡᠢ ᠰᠠᠨᠠᠭᠰᠠᠭᠠᠷ ᠪᠠᠢᠵᠠᠢ᠃ ᠡᠮ᠎ᠡ ᠬᠥᠮᠦᠨ ᠳ᠋ᠦ᠍ ᠭᠠᠭᠴᠠ ᠬᠣᠷᠣᠮ ᠤ᠋ᠨ ᠳᠣᠲᠣᠷ᠎ᠠ ᠢᠩᠭᠢᠲᠡᠯ᠎ᠡ ᠪᠡᠨ ᠰᠡᠳᠬᠢᠯ ᠠᠯᠳᠠᠷᠠᠵᠤ ᠪᠣᠯᠬᠤ ᠶ᠋ᠢ ᠲᠡᠮᠦᠵᠢᠨ ᠳᠠᠬᠢᠭᠠᠳ ᠬᠡᠵᠢᠶ᠎ᠡ ᠴᠦ᠍ ᠦᠵᠡᠭᠡ ᠦᠭᠡᠢ ᠪᠢᠯᠡ᠃ ᠲᠠᠢᠴᠢᠭᠤᠳ ᠲᠠᠢ ᠲᠤᠯᠤᠯᠳᠤᠬᠤ ᠶ᠋ᠢᠨ ᠡᠮᠦᠨ᠎ᠡ ᠬᠠᠲᠠᠭᠠᠨ ᠢ᠋ ᠵᠠᠪᠠᠯ ᠣᠯᠵᠤ ᠠᠪᠤᠨ᠎ᠠ ᠭᠡᠵᠦ ᠲᠡᠮᠦᠵᠢᠨ ᠪᠠᠲᠤ ᠰᠢᠢᠳᠦᠭᠡᠳ ᠪᠠᠢᠭᠰᠠᠨ ᠴᠤ᠌ ᠠᠮᠢ ᠮᠡᠨᠳᠦ ᠠᠭᠤᠯᠵᠠᠬᠤ ᠡᠰᠡᠬᠦ ᠳ᠋ᠡᠭᠡᠨ ᠡᠷᠡᠭᠡᠯᠵᠡᠭᠰᠡᠭᠡᠷ ᠪᠠᠢᠪᠠ᠃ ᠪᠠᠰᠠ ᠬᠠᠲᠠᠭᠠᠨ ᠤ᠋ ᠲᠤᠬᠠᠢ ᠪᠣᠳᠣᠯ ᠢ᠋ᠶ᠋ᠠᠨ ᠬᠡᠨ ᠳ᠋ᠦ᠍ ᠴᠦ᠍ ᠬᠡᠯᠡᠯ ᠦᠭᠡᠢ ᠪᠠᠢᠭᠰᠠᠨ ᠪᠢᠯᠡ᠃ ᠭᠡᠪᠡᠴᠦ ᠲᠡᠮᠦᠵᠢᠨ ᠦ᠌ ᠰᠡᠳᠬᠢᠯ ᠦ᠋ᠨ ᠳᠠᠯᠳᠠ ᠨᠢᠭᠤᠴᠠ ᠶ᠋ᠢ ᠮᠤᠬᠤᠯᠠᠢ ᠶᠠᠭᠠᠬᠢᠵᠤ ᠮᠡᠳᠡᠭᠰᠡᠨ ᠢ᠋ ᠲᠡᠷᠡ ᠠᠩᠵᠠᠭᠠᠷᠠᠭᠰᠠᠨ ᠦᠭᠡᠢ᠃ ᠬᠠᠲᠠᠭᠠᠨ ᠪᠣᠯ ᠲᠡᠮᠦᠵᠢᠨ ᠦ᠌ ᠬᠤᠪᠢ ᠳ᠋ᠤ᠌ ᠣᠨᠴᠠᠭᠠᠢ ᠤᠴᠢᠷᠲᠠᠢ ᠬᠥᠮᠦᠨ ᠪᠢᠯᠡ᠃ ᠲᠡᠢᠮᠦ ᠤᠴᠢᠷ ᠠ᠋ᠴᠠ ᠡᠨᠡ ᠲᠣᠬᠢᠶᠠᠯᠳᠤᠯ ᠢ᠋ ᠲᠡᠮᠦᠵᠢᠨ ᠣᠳᠣ ᠴᠤ᠌ ᠭᠠᠢᠬᠠᠨ ᠪᠢᠰᠢᠷᠡᠭᠰᠡᠭᠡᠷ ᠶᠠᠪᠤᠳᠠᠭ ᠶᠤᠮ᠃ ᠠᠩᠬ᠎ᠠ ᠠᠷᠪᠠᠨ ᠳᠣᠯᠣᠭᠠᠲᠠᠢ ᠮᠤᠬᠤᠯᠠᠢ ᠶ᠋ᠢ ᠵᠦᠷᠬᠢᠨ ᠣᠪᠣᠭ ᠤ᠋ᠨ ᠴᠡᠷᠢᠭ ᠢ᠋ ᠲᠣᠯᠣᠭᠠᠢᠯᠠᠭᠤᠯᠬᠤ ᠪᠠᠷ ᠲᠣᠮᠢᠯᠠᠬᠤ ᠳ᠋ᠤ᠌ ᠲᠡᠭᠦᠨ ᠦ᠌ ᠬᠠᠷᠠᠴᠠ ᠳ᠋ᠤ᠌ ᠳᠦᠷᠡᠯᠵᠡᠭᠰᠡᠨ ᠲᠡᠷᠡ ᠭᠠᠯ ᠣᠳᠣ ᠴᠤ᠌ ᠮᠤᠬᠤᠯᠠᠢ ᠶ᠋ᠢᠨ ᠨᠢᠳᠦᠨ ᠡᠴᠡ ᠲᠣᠳᠣ ᠭᠡᠷᠡᠯᠲᠦᠭᠰᠡᠭᠡᠷ ᠪᠠᠢᠬᠤ ᠶ᠋ᠢ ᠴᠢᠩᠭᠢᠰ ᠬᠠᠭᠠᠨ ᠣᠯᠵᠤ ᠦᠵᠡᠵᠡᠢ᠃ ᠮᠤᠬᠤᠯᠠᠢ ᠣᠳᠣ ᠨᠢᠭᠡᠨᠲᠡ ᠬᠥᠭᠰᠢᠷᠡᠵᠦ ᠲᠡᠭᠦᠨ ᠣ ᠬᠥᠪᠡᠭᠦᠨ ᠪᠣᠷᠣ᠂ ᠢᠳᠡᠷ ᠨᠠᠰᠤᠨ ᠤ᠋ ᠵᠠᠩᠵᠤᠨ ᠪᠣᠯᠤᠭᠰᠠᠨ ᠨᠢ ᠥᠨᠥ ᠡᠴᠢᠭᠡ ᠶ᠋ᠢᠨ ᠢ᠋ᠶ᠋ᠡᠨ ᠳᠣᠣᠷ᠎ᠠ ᠰᠠᠭᠤᠵᠤ ᠪᠠᠢᠯ᠎ᠠ᠃ ᠪᠣᠷᠣ ᠶ᠋ᠢᠨ ᠳᠡᠷᠭᠡᠳᠡ ᠵᠡᠯᠮ᠎ᠡ ᠶ᠋ᠢᠨ ᠬᠥᠪᠡᠭᠦᠨ ᠶᠢᠰᠤᠨᠲᠡᠢ᠂ ᠲᠡᠭᠦᠨ ᠦ᠌ ᠳᠡᠭᠡᠷ᠎ᠡ ᠪᠤᠭᠤᠷᠴᠢ ᠶ᠋ᠢᠨ ᠬᠥᠪᠡᠭᠦᠨ ᠬᠡᠷᠡᠭᠡ᠂ ᠲᠡᠳᠡᠨ ᠦ᠌ ᠬᠠᠮᠤᠭ ᠤ᠋ᠨ ᠰᠡᠭᠦᠯ ᠳ᠋ᠦ᠍ ᠰᠦᠪᠡᠭᠡᠲᠡᠢ ᠶ᠋ᠢᠨ ᠬᠥᠪᠡᠭᠦᠨ ᠤᠷᠢᠶᠠᠩᠬᠠᠢᠳᠠᠢ ᠰᠠᠭᠤᠬᠤ ᠠᠵᠢ᠃ ᠴᠢᠩᠭᠢᠰ ᠬᠠᠭᠠᠨ ᠲᠡᠳᠡᠨ ᠢ᠋ ᠬᠠᠷᠠᠭᠠᠳ ᠪᠠᠬᠠᠳᠤᠬᠤ ᠰᠡᠳᠬᠢᠯ ᠢ᠋ᠶ᠋ᠡᠨ ᠪᠠᠷᠢᠵᠤ ᠲᠠᠢᠯᠤᠮᠠ ᠦᠭᠡᠢ ᠰᠠᠨᠠᠭᠳᠠᠪᠠ᠃ ᠲᠡᠭᠦᠨ ᠦ᠌ ᠶᠡᠬᠡ ᠬᠡᠷᠡᠭ ᠢ᠋ ᠤᠳᠤᠷᠢᠳᠤᠨ ᠦᠷᠭᠦᠯᠵᠢᠯᠡᠭᠦᠯᠬᠦ ᠤᠬᠠᠭᠠᠨ ᠵᠣᠷᠢᠭ ᠳᠦᠭᠦᠷᠡᠩ ᠭᠤᠷᠪᠠᠨ ᠦᠶ᠎ᠡ ᠶ᠋ᠢᠨ ᠡᠷᠡᠰ ᠣᠳᠣ ᠡᠮᠦᠨ᠎ᠡ ᠨᠢ ᠰᠠᠭᠤᠵᠤ ᠪᠠᠢᠪᠠ᠃ ᠬᠠᠷᠢᠨ ᠶᠢᠰᠤᠨᠲᠡᠢ ᠪᠣᠯᠤᠭᠠᠳ ᠤᠷᠢᠶᠠᠩᠬᠠᠢᠳᠠᠢ ᠶ᠋ᠢᠨ ᠬᠥᠪᠡᠭᠦᠳ ᠡᠨᠡ ᠨᠠᠢᠷ ᠲᠤ᠌ ᠣᠷᠣᠭᠰᠠᠨ ᠦᠭᠡᠢ᠃ ᠤᠴᠢᠷ ᠨᠢ ᠲᠡᠳᠡ ᠣᠳᠣ ᠪᠠᠯᠴᠢᠷ ᠭᠡᠯᠭᠦᠢ ᠡᠴᠢᠭᠡ ᠡᠪᠦᠭᠡᠳ ᠢ᠋ᠶ᠋ᠡᠨ ᠣᠷᠣᠯᠠᠨ ᠭᠡᠷ ᠦ᠋ᠨ ᠭᠠᠳᠠᠨᠠᠬᠢ ᠬᠡᠷᠡᠭ ᠢ᠋ ᠵᠣᠬᠢᠴᠠᠭᠤᠯᠵᠤ ᠪᠠᠢᠵᠠᠢ᠃ ᠰᠢᠨ᠎ᠡ ᠵᠠᠯᠠᠭᠤ ᠦᠶ᠎ᠡ᠂ ᠰᠢᠨ᠎ᠡ ᠵᠠᠩᠵᠤᠨ ᠪᠠᠭᠠᠲᠤᠷ ᠤ᠋ᠳ ᠡᠪᠡᠰᠦ ᠨᠣᠭᠣᠭ᠎ᠠ ᠠᠳᠠᠯᠢ ᠪᠠᠷ ᠠᠷᠤ ᠠᠷᠤ ᠠ᠋ᠴᠠ ᠪᠠᠨ ᠤᠷᠭᠤᠨ ᠲᠥᠯᠵᠢᠵᠦ ᠲᠡᠳᠡᠨ ᠲᠡᠢ ᠬᠠᠮᠲᠤ ᠰᠢᠨ᠎ᠡ ᠵᠣᠷᠢᠯᠭ᠎ᠠ ᠣᠨᠳᠣᠷᠴᠤ ᠰᠢᠨ᠎ᠡ ᠲᠡᠢᠨ ᠬᠢᠬᠦ ᠬᠦᠰᠡᠯ ᠴᠣᠭ ᠤᠷᠭᠤᠨ ᠭᠠᠷᠴᠤ ᠪᠣᠢ ᠶ᠋ᠢ ᠴᠢᠩᠭᠢᠰ ᠬᠠᠭᠠᠨ ᠣᠢᠯᠠᠭᠠᠵᠤ ᠪᠠᠢᠪᠠ᠃
ᠬᠠᠷᠢᠨ ᠲᠡᠭᠦᠨ ᠦ᠌ ᠨᠥᠬᠥᠳ ᠦ᠋ᠨ ᠳᠤᠮᠳᠠ ᠠ᠋ᠴᠠ ᠬᠠᠮᠤᠭ ᠤ᠋ᠨ ᠶᠡᠬᠡ ᠪᠡᠷ ᠰᠢᠷᠬᠠᠲᠤᠵᠤ ᠭᠡᠮᠲᠦᠭᠰᠡᠨ ᠨᠢ ᠰᠦᠪᠡᠭᠡᠳᠡᠢ ᠪᠠᠢᠵᠠᠢ᠃ ᠵᠡᠭᠦᠨ ᠨᠢᠳᠦ ᠪᠡᠨ ᠬᠠᠷ᠎ᠠ ᠢᠯᠭᠢ ᠪᠡᠷ ᠲᠠᠭᠯᠠᠵᠤ ᠪᠣᠭᠣᠭᠰᠠᠨ ᠤᠭ ᠤ᠋ᠨ ᠳᠣᠭᠰᠢᠨ ᠰᠦᠷᠯᠢᠭ ᠰᠦᠪᠡᠭᠡᠲᠡᠢ ᠬᠥᠭᠰᠢᠷᠡᠵᠦ ᠨᠢᠭᠤᠷ ᠴᠢᠷᠠᠢ ᠨᠢ ᠲᠦᠮᠡᠨ ᠦᠷᠴᠢᠯᠡᠭᠡ ᠪᠣᠯᠤᠭᠠᠳ ᠬᠡᠦᠬᠡᠳ ᠬᠠᠷᠠᠭᠠᠳ ᠠᠶᠤᠵᠤ ᠤᠬᠢᠯᠠᠮᠠᠷ᠂ ᠬᠥᠭᠰᠢᠳ ᠡᠮᠡᠰ ᠰᠣᠴᠢᠵᠤ ᠬᠠᠰᠬᠢᠷᠤᠮᠠᠷ ᠦᠵᠡᠭᠳᠡᠨ᠎ᠡ᠃ ᠪᠠᠰᠠ ᠪᠣᠯᠤᠭ᠎ᠠ ᠦᠭᠡᠢ ᠢᠨᠢᠶᠡᠬᠦ ᠨᠢ ᠶᠠᠭ ᠯᠠ ᠰᠠ ᠡᠪᠡᠳᠴᠢᠨ ᠲᠤᠰᠤᠭᠰᠠᠨ ᠬᠥᠮᠦᠨ ᠮᠡᠲᠦ ᠬᠠᠷᠠᠭᠳᠠᠬᠤ ᠲᠤᠯᠠ ᠴᠢᠩᠭᠢᠰ ᠬᠠᠭᠠᠨ ᠰᠠᠬᠠᠯ ᠤ᠋ᠨ ᠳᠣᠣᠷ᠎ᠠ ᠢᠨᠢᠶᠡᠮᠰᠦᠭᠯᠡᠨ ᠬᠠᠷᠠᠵᠤ ᠰᠠᠭᠤᠪᠠ᠃ ᠵᠠᠯᠮ᠎ᠠ ᠰᠦᠪᠡᠭᠡᠲᠡᠢ ᠭᠡᠭᠴᠢ ᠲᠥᠷᠥᠭᠰᠡᠨ ᠠᠬ᠎ᠠ ᠳᠡᠭᠦᠦ ᠬᠣᠶᠠᠷ ᠢᠩᠭᠢᠵᠦ ᠬᠡᠳᠦᠨ ᠦᠶ᠎ᠡ ᠪᠡᠷ ᠢ᠋ᠶ᠋ᠡᠨ ᠲᠡᠮᠦᠵᠢᠨ ᠳ᠋ᠦ᠍ ᠠᠮᠢ ᠪᠡᠶ᠎ᠡ ᠪᠡᠨ ᠵᠣᠷᠢᠭᠤᠯᠬᠤ ᠤᠴᠢᠷᠲᠠᠢ ᠪᠠᠢᠵᠠᠢ᠃ ᠬᠠᠷᠢᠨ ᠰᠠ ᠡᠪᠡᠳᠴᠢᠨ ᠳ᠋ᠦ᠍ ᠨᠡᠷᠪᠡᠭᠳᠡᠭᠰᠡᠨ ᠠᠬ᠎ᠠ ᠵᠠᠯᠮ᠎ᠠ ᠨᠢ ᠢᠷᠡᠵᠦ ᠴᠢᠳᠠᠬᠤ ᠦᠭᠡᠢ ᠪᠣᠯᠵᠠᠢ᠃《ᠪᠢ ᠵᠠᠯᠮ᠎ᠠ ᠲᠠᠢ ᠠᠭᠤᠯᠵᠠᠬᠤ ᠦᠭᠡᠢ ᠪᠢᠵᠡ》 ᠭᠡᠵᠦ ᠴᠢᠩᠭᠢᠰ ᠬᠠᠭᠠᠨ ᠭᠤᠨᠢᠭᠯᠠᠨ ᠪᠣᠳᠣᠵᠤ ᠰᠠᠭᠤᠪᠠ᠃ ᠺᠢᠶᠸᠹ ᠦ᠋ᠨ ᠸᠠᠩ ᠬᠡᠷᠬᠢᠨ ᠪᠠᠭᠤᠵᠤ ᠥᠭᠭᠦᠭᠰᠡᠨ᠂ ᠲᠡᠭᠦᠨ ᠢ᠋ ᠬᠣᠶᠠᠷ ᠬᠦᠦ ᠶ᠋ᠢᠨ ᠬᠢᠨᠢ ᠬᠠᠮᠲᠤ ᠴᠠᠭᠠᠵᠠᠯᠠᠭᠰᠠᠨ ᠢ᠋ᠶ᠋ᠠᠨ ᠪᠠᠬᠠᠷᠬᠠᠯᠲᠠᠢ ᠪᠠᠷ ᠶᠠᠷᠢᠵᠤ ᠰᠠᠭᠤᠭ᠎ᠠ ᠰᠦᠪᠡᠭᠡᠲᠡᠢ ᠶ᠋ᠢ ᠬᠠᠷᠠᠭᠠᠳ ᠴᠢᠩᠭᠢᠰ ᠬᠠᠭᠠᠨ ᠨᠢᠭᠡᠨ ᠵᠦᠢᠯ ᠢ᠋ ᠲᠣᠳᠣ ᠣᠢᠯᠠᠭᠠᠵᠤ ᠠᠪᠤᠪᠠ᠃ ᠡᠨᠡ ᠪᠣᠯ ᠨᠥᠬᠥᠳ ᠢ᠋ᠶ᠋ᠡᠨ ᠪᠠᠬᠠᠳᠤᠵᠤ ᠲᠡᠳᠡᠨ ᠦ᠌ ᠬᠦᠴᠦ ᠦᠭᠡᠢ ᠪᠣᠯ ᠶᠡᠬᠡ ᠬᠠᠭᠠᠨ ᠰᠠᠭᠤᠵᠤ ᠴᠢᠳᠠᠬᠤ ᠦᠭᠡᠢ ᠪᠠᠢᠭᠰᠠᠨ ᠢ᠋ᠶ᠋ᠠᠨ ᠣᠢᠯᠠᠭᠠᠭᠰᠠᠨ ᠶᠠᠪᠤᠳᠠᠯ ᠶᠤᠮ᠃ ᠥᠷᠥᠭᠡᠰᠦᠨ ᠨᠢᠳᠦᠲᠦ ᠪᠠᠰᠠ ᠬᠠᠵᠠᠭᠠᠷ ᠡᠨᠡ ᠰᠦᠪᠡᠭᠡᠲᠡᠢ ᠪᠣᠯ ᠪᠠᠭ᠎ᠠ ᠬᠦᠴᠦ ᠪᠡᠷ ᠳᠠᠢᠰᠤᠨ ᠤ᠋ ᠣᠯᠠᠨ ᠴᠡᠷᠢᠭ ᠲᠡᠢ ᠪᠠᠢᠯᠳᠤᠬᠤ ᠳ᠋ᠠᠭᠠᠨ ᠭᠠᠷᠭᠠᠭᠤᠳ᠂ ᠶᠣᠰᠣᠲᠠᠢ ᠨᠢᠭᠡ ᠴᠢᠳᠬᠥᠷ ᠰᠢᠭ ᠠᠷᠭ᠎ᠠ ᠮᠡᠬᠡᠲᠡᠢ ᠬᠥᠮᠦᠨ ᠪᠢᠯᠡ᠃ ᠲᠡᠢᠮᠦ ᠴᠦ᠍ ᠤᠴᠢᠷ ᠠ᠋ᠴᠠ ᠰᠦᠪᠡᠭᠡᠲᠡᠢ ᠶ᠋ᠢ ᠬᠠᠮᠤᠭ ᠤ᠋ᠨ ᠬᠣᠯᠠ ᠶ᠋ᠢᠨ ᠠᠶᠠᠨ ᠲᠡᠢᠨ ᠳ᠋ᠦ᠍ ᠢᠯᠡᠭᠡᠳᠡᠭ ᠪᠢᠯᠡ᠃ ᠨᠠᠢ᠍ᠮᠠᠨ ᠣ ᠬᠦᠴᠦᠯᠦᠭ ᠢ᠋ ᠰᠦᠪᠡᠭᠡᠲᠡᠢ ᠪᠦᠷ ᠢᠨᠳ᠋ ᠮᠥᠷᠡᠨ ᠦ᠌ ᠬᠥᠨᠳᠡᠢ ᠬᠦᠷᠲᠡᠯ᠎ᠡ ᠡᠯᠳᠡᠨ ᠬᠥᠭᠡᠭᠡᠵᠦ ᠰᠥᠨᠥᠭᠡᠭᠡᠳ ᠢᠷᠡᠭᠰᠡᠨ ᠢ᠋ ᠪᠠᠬᠠᠷᠬᠠᠬᠤ ᠦᠭᠡᠢ᠂ ᠲᠣᠭᠣᠬᠤ ᠦᠭᠡᠢ ᠪᠠᠢᠬᠤ ᠶ᠋ᠢᠨ ᠠᠷᠭ᠎ᠠ ᠦᠭᠡᠢ ᠶᠦᠮ᠃ ᠲᠠᠪᠤᠨ ᠤᠯᠤᠰ ᠤ᠋ᠨ ᠨᠤᠲᠤᠭ ᠣᠷᠣᠨ ᠢ᠋ᠶ᠋ᠠᠷ ᠬᠥᠨᠳᠡᠯᠡᠨ ᠭᠤᠯᠳᠤ ᠶᠠᠪᠤᠵᠤ ᠵᠢᠯ ᠬᠥᠭᠡᠭᠡᠭᠰᠡᠭᠡᠷ ᠬᠦᠴᠦᠯᠢᠭ ᠢ᠋ ᠰᠥᠨᠥᠭᠡᠭᠰᠡᠨ ᠨᠢ ᠭᠠᠭᠴᠠ ᠰᠦᠪᠡᠭᠡᠳᠡᠢ ᠶ᠋ᠢᠨ ᠬᠢᠵᠦ ᠴᠢᠳᠠᠬᠤ ᠬᠡᠷᠡᠭ ᠪᠠᠢᠯ᠎ᠠ᠃ ᠡᠢᠮᠦ ᠬᠡᠷᠡᠭ ᠲᠦ᠍ ᠰᠦᠪᠡᠭᠡᠳᠡᠢ ᠶ᠋ᠢ ᠶᠠᠮᠠᠷ ᠴᠤ᠌ ᠡᠷᠡᠭᠡᠯᠵᠡᠭᠡ ᠦᠭᠡᠢ ᠪᠡᠷ ᠲᠣᠮᠢᠯᠠᠭᠰᠠᠨ ᠪᠥᠭᠡᠳ ᠳᠠᠷᠠᠭ᠎ᠠ ᠨᠢ ᠬᠣᠷᠽᠸᠮ ᠢ᠋ ᠡᠵᠡᠯᠡᠨ ᠠᠪᠤᠭᠠᠳ ᠣᠷᠣᠰ ᠲᠤ᠌ ᠴᠥᠮᠥᠷᠡᠨ ᠲᠠᠩᠨᠠᠭᠤᠯ ᠲᠤᠷᠰᠢᠭᠤᠯ ᠤ᠋ᠨ ᠲᠡᠢᠨ ᠳ᠋ᠦ᠍ ᠢᠯᠡᠭᠡᠭᠰᠡᠨ ᠨᠢ ᠲᠡᠭᠦᠨ ᠦ᠌ ᠭᠠᠢᠬᠠᠮᠰᠢᠭᠲᠠᠢ ᠴᠢᠳᠠᠪᠤᠷᠢ ᠶ᠋ᠢ ᠦᠨᠡᠯᠡᠭᠰᠡᠨ ᠲᠡᠢ ᠬᠣᠯᠪᠣᠭᠠᠲᠠᠢ ᠶᠤᠮ᠃ ᠣᠷᠣᠰ ᠲᠤ᠌ ᠴᠥᠮᠥᠷᠡᠨ ᠣᠷᠣᠭᠰᠠᠨ ᠨᠢ ᠪᠠᠰᠠ ᠯᠠ ᠭᠠᠭᠴᠠ ᠰᠦᠪᠡᠭᠡᠳᠡᠢ ᠶ᠋ᠢᠨ ᠴᠢᠳᠠᠬᠤ ᠬᠡᠷᠡᠭ ᠪᠠᠢᠪᠠ᠃ ᠰᠦᠪᠡᠭᠡᠳᠡᠢ ᠢᠩᠭᠢᠵᠦ ᠲᠠᠨᠢᠵᠤ ᠮᠡᠳᠡᠬᠦ ᠦᠭᠡᠢ ᠭᠠᠵᠠᠷ ᠣᠷᠣᠨ ᠳ᠋ᠤ᠌ ᠴᠥᠮᠥᠷᠡᠨ ᠣᠷᠣᠵᠤ ᠬᠦᠴᠦ ᠢᠯᠡᠭᠦᠦ ᠳᠠᠢᠰᠤᠨ ᠲᠠᠢ ᠠᠶᠤᠮᠰᠢᠭ ᠦᠭᠡᠢ ᠲᠤᠯᠵᠤ᠂ ᠢᠯᠠᠨ ᠳᠡᠢᠯᠳᠡᠭ ᠨᠢ ᠴᠣᠬᠣᠮ ᠲᠡᠭᠦᠨ ᠦ᠌ ᠲᠩᠷᠢ ᠶ᠋ᠢᠨ ᠢᠪᠡᠭᠡᠯ ᠳ᠋ᠦ᠍ ᠪᠠᠭᠲᠠᠭᠰᠠᠨ ᠤ᠋ ᠬᠢ ᠪᠢᠵᠡ ᠭᠡᠵᠦ ᠢᠲᠡᠭᠡᠬᠦ ᠪᠢᠯᠡ᠃ ᠶᠡᠷᠦ ᠡᠴᠡ ᠲᠡᠭᠦᠨ ᠦ᠌ ᠨᠥᠬᠥᠳ ᠥᠪᠡᠷ ᠥᠪᠡᠷ ᠦ᠋ᠨ ᠴᠢᠳᠠᠳᠠᠭ ᠮᠡᠳᠡᠳᠡᠭ ᠢ᠋ᠶ᠋ᠡᠷ ᠢ᠋ᠶ᠋ᠡᠨ ᠲᠡᠭᠦᠨ ᠢ᠋ ᠶᠡᠬᠡ ᠬᠠᠭᠠᠨ ᠰᠠᠭᠤᠬᠤ ᠳ᠋ᠤ᠌ ᠬᠠᠷᠠᠮ ᠦᠭᠡᠢ ᠵᠢᠳᠬᠦᠵᠡᠢ᠃ ᠮᠤᠬᠤᠯᠠᠢ ᠠᠯᠲᠠᠨ ᠤᠯᠤᠰ ᠲᠤ᠌ ᠠᠷᠪᠠᠨ ᠬᠡᠳᠦᠨ ᠵᠢᠯ ᠰᠠᠭᠤᠵᠤ ᠡᠰᠡᠷᠭᠦᠴᠡᠯ ᠪᠣᠰᠤᠯᠭ᠎ᠠ ᠪᠦᠷᠢ ᠶ᠋ᠢ ᠥᠪᠡᠷ ᠦ᠋ᠨ ᠴᠥᠭᠡᠨ ᠴᠡᠷᠢᠭ ᠢ᠋ᠶ᠋ᠡᠷ ᠳᠠᠷᠤᠭᠠᠳ ᠣᠳᠣ ᠨᠢᠭᠡᠨᠲᠡ ᠠᠯᠲᠠᠨ ᠤᠯᠤᠰ ᠤ᠋ᠨ ᠡᠷᠯᠢᠭ ᠭᠡᠭᠳᠡᠬᠦ ᠪᠣᠯᠵᠠᠢ᠃ ᠬᠠᠰᠠᠷ ᠢ᠋ ᠦᠬᠦᠭᠦᠯᠦᠭᠰᠡᠨ ᠦ᠌ ᠬᠣᠢᠨ᠎ᠠ ᠲᠡᠭᠦᠨ ᠢ᠋ ᠠᠯᠲᠠᠨ ᠤᠯᠤᠰ ᠢ᠋ ᠶᠡᠷᠦᠩᠬᠡᠢᠯᠡᠨ ᠵᠠᠬᠢᠷᠬᠤ ᠰᠠᠢᠳ ᠢ᠋ᠶ᠋ᠠᠷ ᠲᠣᠮᠢᠯᠠᠵᠤ ᠤᠯᠤᠰ ᠤ᠋ᠨ ᠭᠦᠸᠧ ᠸᠠᠩ ᠴᠣᠯᠠ ᠣᠯᠭᠣᠨ ᠰᠠᠭᠤᠯᠭᠠᠭᠰᠠᠨ ᠨᠢ ᠠᠯᠲᠠᠨ ᠤᠯᠤᠰ ᠲᠤ᠌ ᠲᠣᠯᠣᠭᠠᠢ ᠪᠠᠨ ᠥᠨᠳᠡᠢᠯᠭᠡᠬᠦ ᠪᠣᠯᠤᠮᠵᠢ ᠣᠯᠭᠣᠬᠤ ᠦᠭᠡᠢ ᠬᠡᠷᠡᠭ ᠪᠣᠯᠤᠭᠰᠠᠨ ᠪᠢᠯᠡ᠃ ᠮᠤᠬᠤᠯᠠᠢ ᠢᠩᠭᠢᠵᠦ ᠴᠢᠳᠠᠵᠠᠢ᠃ ᠮᠤᠬᠤᠯᠠᠢ ᠶ᠋ᠢᠨ ᠠᠴᠢ ᠭᠠᠪᠢᠶ᠎ᠠ ᠪᠠᠷ ᠴᠢᠩᠭᠢᠰ ᠬᠠᠭᠠᠨ ᠪᠠᠷᠠᠭᠤᠨ ᠵᠦᠭ ᠲᠦ᠍ ᠠᠷᠤ ᠲᠠᠯ᠎ᠠ ᠳ᠋ᠠᠭᠠᠨ ᠰᠡᠳᠬᠢᠯ ᠵᠣᠪᠠᠬᠤ ᠵᠦᠢᠯ ᠦᠭᠡᠢ ᠪᠠᠢᠯᠳᠤᠵᠤ ᠶᠡᠬᠡ ᠢᠯᠠᠯᠲᠠ ᠣᠯᠤᠭᠰᠠᠨ ᠶᠤᠮ᠃ ᠥᠨᠥᠳᠥᠷ ᠥᠪᠡᠷ ᠦ᠋ᠨ ᠠᠮᠢᠳᠤ ᠦᠯᠡᠳᠡᠭᠰᠡᠨ ᠭᠠᠷᠮᠠᠭᠠᠢ ᠨᠥᠬᠥᠳ ᠢ᠋ᠶ᠋ᠡᠨ ᠴᠤᠭᠯᠠᠭᠤᠯᠤᠭᠠᠳ ᠴᠢᠩᠭᠢᠰ ᠬᠠᠭᠠᠨ ᠡᠢᠨ ᠨᠠᠢᠷᠯᠠᠵᠤ ᠰᠠᠭᠤᠭ᠎ᠠ ᠨᠢ ᠲᠩᠷᠢ ᠶ᠋ᠢᠨ ᠢᠪᠡᠭᠡᠯ ᠢ᠋ᠶ᠋ᠡᠷ ᠣᠯᠳᠠᠭᠰᠠᠨ ᠬᠣᠪᠣᠷ ᠠᠯᠲᠠᠨ ᠬᠣᠷᠣᠮ ᠪᠠᠢᠪᠠ᠃ ᠡᠭᠦᠨ ᠢ᠋ ᠬᠡᠨ ᠬᠡᠨ ᠨᠢ ᠰᠠᠢᠲᠤᠷ ᠣᠢᠯᠠᠭᠠᠵᠤ ᠪᠠᠢᠯ᠎ᠠ᠃
ᠶᠡᠬᠡ ᠨᠠᠢᠷ ᠤ᠋ᠨ ᠳᠤᠮᠳᠠᠭᠤᠷ ᠴᠢᠩᠭᠢᠰ ᠬᠠᠭᠠᠨ ᠤ᠋ ᠶᠡᠬᠡ ᠰᠦᠷ ᠬᠦᠴᠦ ᠶ᠋ᠢ ᠪᠠᠲᠤᠯᠠᠭᠰᠠᠨ ᠨᠢᠭᠡᠨ ᠬᠡᠷᠡᠭ ᠪᠣᠯᠪᠠ᠃ ᠡᠨᠡ ᠨᠢ ᠴᠢᠩᠭᠢᠰ ᠬᠠᠭᠠᠨ ᠳ᠋ᠤ᠌ ᠪᠠᠷᠠᠯᠬᠠᠬᠤ ᠪᠠᠷ ᠪᠠᠭᠳᠠᠳ᠋ ᠤ᠋ᠨ ᠬᠠᠯᠢᠹ ᠤ᠋ᠨ ᠡᠯᠴᠢ ᠢᠷᠡᠭᠰᠡᠨ ᠬᠡᠷᠡᠭ ᠪᠠᠢᠪᠠ᠃ ᠬᠡᠷᠡᠭᠡ ᠶ᠋ᠢᠨ ᠪᠠᠢᠴᠠᠭᠠᠨ ᠮᠡᠳᠡᠵᠦ ᠤᠯᠠᠮᠵᠢᠯᠠᠭᠰᠠᠨ ᠢ᠋ᠶ᠋ᠠᠷ ᠲᠡᠷᠡ ᠡᠯᠴᠢ ᠲᠤᠤᠯᠠ ᠶ᠋ᠢᠨ ᠬᠥᠨᠳᠡᠢ ᠳ᠋ᠡᠬᠢ ᠶᠡᠬᠡ ᠣᠷᠳᠣᠨ ᠳ᠋ᠤ᠌ ᠣᠴᠢᠵᠤ ᠪᠥᠷᠲᠡ ᠬᠠᠲᠤᠨ ᠳ᠋ᠤ᠌ ᠪᠠᠷᠠᠯᠬᠠᠭᠠᠳ ᠨᠠᠭᠠᠰᠢ ᠵᠠᠮ ᠵᠢᠭᠠᠯᠭᠠᠨ ᠬᠦᠷᠴᠦ ᠢᠷᠡᠵᠡᠢ᠃ ᠪᠠᠭᠳᠠᠳ᠋ ᠠ᠋ᠴᠠ ᠭᠠᠷᠤᠭᠠᠳ ᠵᠢᠯ ᠰᠢᠬᠠᠮ ᠶᠠᠪᠤᠭᠰᠠᠨ ᠲᠡᠷᠡ ᠡᠯᠴᠢ ᠴᠢᠩᠭᠢᠰ ᠬᠠᠭᠠᠨ ᠳ᠋ᠤ᠌ ᠯᠠᠯᠤ ᠮᠥᠷᠭᠥᠯᠲᠡᠨ ᠦ᠌ ᠲᠡᠷᠢᠭᠦᠨ ᠬᠠᠯᠢᠹ ᠤ᠋ᠨ ᠢ᠋ᠶ᠋ᠠᠨ ᠵᠠᠬᠢᠳᠠᠯ ᠢ᠋ ᠭᠠᠷᠳᠠᠭᠤᠯᠬᠤ ᠬᠦᠰᠡᠯ ᠲᠡᠢ ᠭᠡᠵᠡᠢ᠃ ᠴᠢᠩᠭᠢᠰ ᠬᠠᠭᠠᠨ ᠤ᠋ ᠰᠡᠳᠬᠢᠯ ᠳ᠋ᠦ᠍ ᠬᠣᠷᠽᠸᠮ ᠤ᠋ᠨ ᠫᠸᠷᠸᠠᠨ ᠤ᠋ ᠬᠥᠨᠳᠡᠢ ᠳ᠋ᠦ᠍ ᠪᠠᠢᠬᠤ ᠳ᠋ᠤ᠌ ᠢᠷᠡᠵᠦ ᠪᠠᠷᠠᠯᠬᠠᠭᠰᠠᠨ ᠷᠢᠮ ᠦ᠋ᠨ ᠯᠠᠮᠠ ᠡᠯᠴᠢ ᠥᠨᠥᠬᠢ ᠥᠷᠥᠭᠡᠰᠦᠨ ᠬᠥᠮᠥᠰᠭᠡᠲᠦ᠂ ᠦᠯᠦ ᠬᠠᠯᠵᠠᠨ ᠠᠪᠷᠠᠮ ᠲᠠᠶᠠᠨ ᠭᠡᠭᠴᠢ ᠰᠠᠨᠠᠭᠳᠠᠵᠠᠢ᠃ ᠪᠠᠰᠠ ᠪᠤᠭᠤᠷᠴᠢ ᠴᠤ᠌ ᠲᠡᠷᠡ ᠶᠠᠪᠤᠳᠠᠯ ᠢ᠋ ᠰᠠᠨᠠᠭᠰᠠᠨ ᠪᠣᠯᠤᠯᠲᠠᠢ
| ᠲᠡᠷᠡ ᠡᠯᠴᠢ ᠶ᠋ᠢ ᠬᠡᠨ ᠭᠡᠨ᠎ᠡ? ᠭᠡᠵᠦ ᠠᠰᠠᠭᠤᠵᠠᠢ᠃
| ᠢᠷᠡᠭᠰᠡᠨ ᠡᠯᠴᠢ ᠶ᠋ᠢᠨ ᠨᠡᠷ᠎ᠡ ᠶ᠋ᠢ ᠠᠯ ᠺᠠᠢᠳᠠ ᠭᠡᠨ᠎ᠡ᠃ ᠢᠳᠡᠷ ᠨᠠᠰᠤᠨ ᠤ᠋ ᠬᠥᠮᠦᠨ ᠪᠠᠢᠨ᠎ᠠ ᠭᠡᠵᠦ ᠬᠡᠷᠡᠭᠡ ᠬᠡᠯᠡᠵᠡᠢ᠃ ᠪᠠᠭᠳᠠᠳ᠋ ᠤ᠋ᠨ ᠬᠠᠯᠢᠹ ᠤ᠋ᠨ ᠡᠯᠴᠢ ᠡᠨᠳᠡ ᠢᠷᠡᠭᠰᠡᠨ ᠢ᠋ ᠰᠣᠨᠣᠰᠤᠭᠠᠳ ᠴᠠᠭᠠᠲᠠᠢ ᠬᠠᠮᠤᠭ ᠤ᠋ᠨ ᠶᠡᠬᠡ ᠪᠡᠷ ᠭᠠᠢᠬᠠᠭᠰᠠᠨ ᠴᠤ᠌ ᠳᠤᠤᠭᠠᠷᠤᠭᠰᠠᠨ ᠦᠭᠡᠢ ᠰᠠᠭᠤᠵᠠᠢ᠃ ᠪᠦᠭᠦᠳᠡ ᠴᠢᠩᠭᠢᠰ ᠬᠠᠭᠠᠨ ᠤ᠋ ᠵᠠᠷᠯᠢᠭ ᠢ᠋ ᠬᠦᠯᠢᠶᠡᠪᠡ᠃
| ᠪᠤᠭᠤᠷᠴᠢ᠂ ᠴᠢ ᠴᠠᠭᠠᠲᠠᠢ ᠶ᠋ᠢᠨ ᠬᠠᠮᠲᠤ ᠪᠠᠭᠳᠠᠳ᠋ ᠤ᠋ᠨ ᠡᠯᠴᠢ ᠶ᠋ᠢ ᠰᠠᠢᠬᠠᠨ ᠤᠭᠲᠤᠨ ᠠᠭᠤᠯᠵᠠᠵᠤ ᠦᠭᠡ ᠶ᠋ᠢ ᠰᠣᠨᠣᠰᠤᠭᠲᠤᠨ᠃ ᠪᠢᠳᠡᠨ ᠢ᠋ ᠭᠡᠵᠦ ᠡᠨᠡ ᠬᠣᠯᠠ ᠢᠷᠡᠵᠦ ᠪᠠᠢᠭ᠎ᠠ ᠪᠦᠬᠦᠨ ᠢ᠋ ᠪᠢᠳᠡ ᠨᠥᠬᠥᠷ ᠢ᠋ᠶ᠋ᠡᠨ ᠭᠡᠵᠦ ᠤᠭᠲᠤᠨ ᠠᠪᠬᠤ ᠨᠢ ᠴᠢᠬᠤᠯᠠ ᠭᠡᠵᠦ ᠴᠢᠩᠭᠢᠰ ᠬᠠᠭᠠᠨ ᠤᠷᠮᠠᠲᠠᠢ ᠬᠡᠯᠡᠵᠡᠢ᠃
| ᠪᠢᠳᠡ ᠣᠳᠣ ᠠᠭᠤᠯᠵᠠᠬᠤ ᠤᠤ? ᠭᠡᠵᠦ ᠴᠠᠭᠠᠲᠠᠢ ᠶᠠᠭᠠᠷᠠᠨ ᠥᠨᠳᠡᠯᠵᠡᠵᠦ ᠠᠰᠠᠭᠤᠪᠠ᠃
| ᠪᠦᠦ ᠶᠠᠭᠠᠷᠠ᠃ ᠠᠭᠤᠯᠵᠠᠬᠤ ᠭᠡᠰᠡᠨ ᠪᠣᠯ ᠬᠦᠯᠢᠶᠡᠨ᠎ᠡ ᠪᠢᠵᠡ᠃ ᠮᠠᠷᠭᠠᠰᠢ ᠪᠣᠯᠤᠭᠲᠤᠨ᠃ ᠡᠰᠡᠪᠡᠯ ᠬᠡᠳᠦ ᠬᠣᠨᠣᠭ ᠬᠦᠯᠢᠶᠡᠭ ᠭᠡᠵᠦ ᠴᠢᠩᠭᠢᠰ ᠬᠠᠭᠠᠨ ᠵᠠᠷᠯᠢᠭ ᠪᠠᠭᠤᠯᠭᠠᠭᠰᠠᠨ ᠲᠤᠯᠠ ᠪᠤᠭᠤᠷᠴᠢ
| ᠡᠯᠴᠢ ᠶ᠋ᠢ ᠲᠣᠬᠢᠲᠠᠢ ᠠᠮᠠᠷᠠᠭ᠎ᠠ ᠭᠡᠵᠦ ᠬᠡᠷᠡᠭᠡ ᠳ᠋ᠦ᠍ ᠬᠡᠯᠡᠪᠡ᠃ ᠬᠡᠷᠡᠭᠡ ᠡᠭᠦᠷᠭᠡ ᠪᠡᠨ ᠪᠡᠶᠡᠯᠡᠭᠦᠯᠬᠦ ᠪᠡᠷ ᠳᠠᠷᠤᠢ ᠭᠠᠷᠴᠤ ᠣᠳᠴᠠᠢ᠃ ᠬᠠᠷᠢᠨ ᠴᠢᠩᠭᠢᠰ ᠬᠠᠭᠠᠨ ᠥᠨᠥ ᠪᠡᠯᠡᠨ ᠦᠭᠡᠲᠦ ᠳᠠᠶᠠᠨ ᠤ᠋ ᠲᠤᠬᠠᠢ ᠪᠣᠳᠣᠵᠤ ᠰᠠᠭᠤᠵᠠᠢ᠃ ᠮᠠᠷᠭᠠᠰᠢ ᠨᠢ ᠪᠤᠭᠤᠷᠴᠢ ᠴᠠᠭᠠᠲᠠᠢ ᠬᠣᠶᠠᠷ ᠪᠠᠭᠳᠠᠳ᠋ ᠤ᠋ᠨ ᠬᠠᠯᠢᠹ ᠤ᠋ᠨ ᠡᠯᠴᠢ ᠲᠡᠢ ᠠᠭᠤᠯᠵᠠᠭᠠᠳ ᠴᠢᠩᠭᠢᠰ ᠬᠠᠭᠠᠨ ᠳ᠋ᠤ᠌ ᠪᠠᠷᠠᠯᠬᠠᠵᠤ ᠤᠴᠢᠷ ᠢ᠋ ᠮᠡᠳᠡᠭᠦᠯᠵᠦ ᠬᠠᠯᠢᠹ ᠤ᠋ᠨ ᠵᠠᠬᠢᠳᠠᠯ ᠢ᠋ ᠣᠷᠴᠢᠭᠤᠯᠤᠭᠰᠠᠨ ᠢ᠋ ᠤᠩᠰᠢᠨ ᠰᠣᠨᠣᠰᠬᠠᠪᠠ᠃ ᠲᠡᠷᠡ ᠵᠠᠬᠢᠳᠠᠯ ᠳ᠋ᠤ᠌《ᠠᠯᠯᠠ ᠲᠩᠷᠢ ᠶ᠋ᠢᠨ ᠢᠪᠡᠭᠡᠯ ᠳᠣᠣᠷ᠎ᠠ ᠣᠷᠣᠰᠢᠨ ᠪᠠᠢᠭᠰᠠᠨ ᠬᠣᠷᠽᠧᠮ ᠤᠯᠤᠰ ᠮᠥᠬᠥᠵᠦ ᠰᠦᠯᠳᠡ ᠵᠠᠯᠠᠯᠳᠢᠨ ᠰᠤᠷᠠᠭ ᠦᠭᠡᠢ ᠪᠣᠯᠵᠠᠢ᠃ ᠭᠡᠪᠡᠴᠦ ᠤᠯᠤᠰ ᠨᠢ ᠮᠥᠬᠥᠵᠦ ᠬᠠᠭᠠᠨ ᠨᠢ ᠵᠢᠭᠤᠲᠠᠭᠰᠠᠨ ᠴᠤ᠌ ᠯᠠᠯᠤ ᠶ᠋ᠢᠨ ᠮᠥᠷᠭᠥᠯᠲᠦ ᠣᠯᠠᠨ ᠲᠦᠮᠡᠨ ᠨᠤᠲᠤᠭ ᠭᠠᠵᠠᠷ ᠲᠠᠭᠠᠨ ᠰᠠᠭᠤᠭᠰᠠᠭᠠᠷ ᠪᠠᠢᠬᠤ ᠪᠢᠵᠡ᠃ ᠯᠠᠯᠤ ᠶ᠋ᠢᠨ ᠮᠥᠷᠭᠥᠯᠲᠦ ᠰᠦᠰᠦᠭᠲᠡᠨ ᠣᠯᠠᠨ ᠢ᠋ ᠠᠪᠤᠷᠠᠨ ᠭᠡᠢᠭᠦᠯᠬᠦ ᠠᠷᠢᠭᠤᠨ ᠡᠭᠦᠷᠭᠡ ᠶ᠋ᠢ ᠠᠯᠯᠠ ᠲᠩᠷᠢ ᠡᠴᠡ ᠪᠠᠭᠳᠠᠳ᠋ ᠤ᠋ᠨ ᠬᠠᠯᠢᠹ ᠨᠠᠳᠠᠳᠤ ᠥᠭᠭᠦᠭᠰᠡᠨ ᠪᠢᠯᠡ᠃ ᠡᠨᠡ ᠵᠠᠷᠯᠢᠭ ᠢ᠋ᠶ᠋ᠠᠷ ᠠᠯᠯᠠ ᠲᠩᠷᠢ ᠶ᠋ᠢᠨ ᠠᠷᠢᠭᠤᠨ ᠣᠷᠣᠨ ᠪᠠᠭᠳᠠᠳ᠋ ᠠ᠋ᠴᠠ ᠯᠠᠯᠤ ᠶ᠋ᠢᠨ ᠮᠥᠷᠭᠥᠯᠲᠦ ᠬᠣᠷᠽᠧᠮ ᠤᠯᠤᠰ ᠤ᠋ᠨ ᠰᠦᠯᠲᠠᠨ ᠢ᠋ ᠰᠣᠩᠭᠣᠨ ᠪᠠᠲᠤᠯᠠᠵᠤ᠂ ᠲᠡᠭᠦᠨ ᠳ᠋ᠦ᠍ ᠠᠯᠯᠠ ᠶ᠋ᠢᠨ ᠲᠩᠷᠢ ᠶ᠋ᠢᠨ ᠠᠪᠤᠷᠠᠯ ᠤ᠋ᠨ ᠪᠠᠲᠤᠯᠠᠭ᠎ᠠ ᠪᠣᠯᠤᠭᠰᠠᠨ ᠲᠠᠮᠠᠭ᠎ᠠ ᠶ᠋ᠢ ᠣᠯᠭᠣᠵᠤ ᠲᠡᠭᠦᠨ ᠢ᠋ᠶ᠋ᠡᠷ ᠳᠠᠮᠵᠢᠭᠤᠯᠤᠨ ᠯᠠᠯᠤ ᠶ᠋ᠢᠨ ᠮᠥᠷᠭᠥᠯᠲᠦ ᠰᠦᠰᠦᠭᠲᠡᠨ ᠣᠯᠠᠨ ᠢ᠋ᠶ᠋ᠠᠨ ᠵᠢᠯᠣᠭᠣᠳᠤᠨ ᠰᠠᠭᠤᠬᠤ ᠡᠷᠬᠡ ᠲᠡᠢ ᠪᠣᠯᠳᠠᠭ ᠵᠠᠮ ᠢ᠋ ᠳᠠᠭᠠᠭᠰᠠᠭᠠᠷ ᠳᠠᠷᠤᠢ ᠮᠢᠩᠭᠠᠨ ᠣᠨ ᠢ᠋ ᠦᠵᠡᠵᠡᠢ᠃ ᠣᠳᠣ ᠬᠣᠷᠽᠧᠮ ᠤᠯᠤᠰ ᠨᠢᠭᠡᠨᠲᠡ ᠴᠢᠩᠭᠢᠰ ᠬᠠᠭᠠᠨ ᠲᠠᠨ ᠤ᠋ ᠶᠡᠬᠡ ᠮᠣᠩᠭᠣᠯ ᠤᠯᠤᠰ ᠤ᠋ᠨ ᠪᠠᠷᠠᠭᠤᠨ ᠬᠠᠶᠠᠭ᠎ᠠ ᠪᠣᠯᠵᠠᠢ᠃ ᠪᠠᠭᠳᠠᠳ᠋ ᠤ᠋ᠨ ᠬᠠᠯᠢᠹ ᠨᠠᠳᠠᠳᠤ ᠴᠢᠩᠭᠢᠰ ᠬᠠᠭᠠᠨ ᠲᠠᠨ ᠲᠠᠢ ᠡᠪᠳᠡᠷᠡᠯᠴᠡᠨ ᠳᠠᠢᠰᠤᠩᠨᠠᠬᠤ ᠪᠣᠳᠣᠯ ᠥᠴᠦᠬᠡᠨ ᠴᠦ᠍ ᠦᠭᠡᠢ ᠶᠦᠮ᠃ ᠡᠢᠮᠦ ᠰᠡᠳᠬᠢᠯ ᠦ᠋ᠨ ᠡᠭᠦᠳᠡᠨ ᠡᠴᠡ ᠲᠠᠨ ᠤ᠋ ᠵᠠᠩᠵᠤᠨ ᠴᠣᠷᠮᠣᠭᠤᠨ ᠬᠣᠷᠴᠢ ᠶ᠋ᠢ ᠬᠡᠳᠦᠨ ᠵᠢᠯ ᠦ᠋ᠨ ᠡᠮᠦᠨ᠎ᠡ ᠪᠠᠭᠳᠠᠳ᠋ ᠤ᠋ᠨ ᠣᠢᠷ᠎ᠠ ᠮᠣᠷᠢᠯᠠᠨ ᠢᠷᠡᠬᠦ ᠳ᠋ᠦ᠍ ᠨᠠᠢᠷᠰᠠᠭ ᠰᠠᠢᠨ ᠢ᠋ᠶ᠋ᠠᠷ ᠤᠭᠲᠤᠨ ᠠᠪᠴᠤ ᠬᠠᠭᠠᠨ ᠲᠠᠨ ᠳ᠋ᠤ᠌ ᠥᠴᠦᠬᠡᠨ ᠪᠡᠯᠡᠭ ᠢ᠋ ᠡᠷᠭᠦᠨ ᠨᠠᠢᠷᠠᠮᠳᠠᠯ ᠲᠠᠢ ᠶᠠᠪᠤᠬᠤ ᠪᠠᠨ ᠪᠠᠲᠤᠯᠠᠭᠰᠠᠨ ᠪᠢᠯᠡ᠃ ᠣᠳᠣ ᠴᠤ᠌ ᠡᠨᠡ ᠰᠠᠨᠠᠭ᠎ᠠ ᠬᠤᠪᠢᠷᠠᠭ᠎ᠠ ᠦᠭᠡᠢ ᠶ᠋ᠢ ᠪᠠᠲᠤᠯᠠᠨ᠎ᠠ᠃ ᠭᠡᠪᠡᠴᠦ ᠪᠢᠳᠡ ᠠᠯᠯᠠ ᠲᠩᠷᠢ ᠶ᠋ᠢᠨ ᠠᠷᠢᠭᠤᠨ ᠵᠠᠷᠯᠢᠭ ᠢ᠋ ᠡᠪᠳᠡᠬᠦ ᠥᠭᠡᠷᠡᠴᠢᠯᠡᠬᠦ ᠡᠷᠬᠡ ᠦᠭᠡᠢ ᠶᠦᠮ᠃ ᠣᠳᠣ ᠬᠣᠷᠽᠧᠮ ᠦ᠋ᠨ ᠡᠮᠦᠨᠡᠲᠦ ᠨᠤᠲᠤᠭ ᠢ᠋ ᠵᠠᠬᠢᠷᠤᠨ ᠰᠠᠭᠤᠭ᠎ᠠ ᠲᠠᠨ ᠤ᠋ ᠬᠥᠪᠡᠭᠦᠨ ᠴᠠᠭᠠᠲᠠᠢ ᠶ᠋ᠢ ᠪᠢᠳᠡ ᠬᠠᠭᠤᠴᠢᠨ ᠰᠦᠯᠲᠠᠨ ᠤ᠋ ᠠᠳᠠᠯᠢ ᠦᠵᠡᠨ ᠭᠦᠨ ᠬᠦᠨᠳᠦᠳᠬᠡᠯ ᠲᠡᠢ ᠬᠠᠨᠳᠤᠵᠤ ᠪᠠᠢᠨ᠎ᠠ᠃ ᠡᠭᠦᠨ ᠢ᠋ ᠴᠠᠭᠠᠲᠠᠢ ᠬᠠᠭᠠᠨ ᠪᠡᠯᠡᠬᠡᠨ᠎ᠡ ᠪᠠᠲᠤᠯᠠᠬᠤ ᠪᠣᠢ ᠊ᠶ᠎ᠠ᠃ ᠪᠢᠳᠡ ᠴᠠᠭᠠᠲᠠᠢ ᠬᠠᠭᠠᠨ ᠳ᠋ᠤ᠌ ᠯᠠᠯᠤ ᠶ᠋ᠢᠨ ᠱᠠᠰᠢᠨ ᠤ᠋ ᠠᠷᠢᠭᠤᠨ ᠲᠠᠮᠠᠭ᠎ᠠ ᠶ᠋ᠢ ᠰᠢᠢᠳᠬᠡᠨ ᠣᠯᠭᠣᠵᠤ ᠲᠡᠭᠦᠨ ᠢ᠋ ᠰᠦᠯᠲᠠᠨ ᠮᠡᠲᠦ ᠬᠦᠨᠳᠦᠯᠡᠨ ᠦᠵᠡᠵᠦ ᠳᠡᠭᠡᠳᠦ ᠡᠷᠬᠡ ᠶ᠋ᠢ ᠪᠠᠷᠢᠭᠤᠯᠬᠤ ᠳ᠋ᠤ᠌ ᠲᠠᠲᠠᠭᠠᠯᠵᠠᠨ ᠭᠡᠳᠡᠢᠬᠦ ᠵᠦᠢᠯ ᠥᠴᠦᠬᠡᠨ ᠴᠦ᠍ ᠦᠭᠡᠢ᠃ ᠭᠡᠲᠡᠯ᠎ᠡ ᠴᠠᠭᠠᠲᠠᠢ ᠨᠢᠭᠡᠨᠲᠡ ᠮᠠᠨ ᠤ᠋ ᠯᠠᠯᠤ ᠶ᠋ᠢᠨ ᠱᠠᠰᠢᠨ ᠳ᠋ᠤ᠌ ᠳᠠᠭᠠᠵᠤ ᠣᠷᠣᠬᠤ ᠡᠰᠡᠬᠦ ᠨᠢ ᠮᠡᠳᠡᠭᠳᠡᠬᠦ ᠦᠭᠡᠢ ᠤᠳᠠᠵᠤ ᠪᠠᠢᠭ᠎ᠠ ᠨᠢ ᠪᠢᠳᠡᠨ ᠢ᠋ ᠬᠦᠴᠢᠷ ᠪᠠᠢᠳᠠᠯ ᠳ᠋ᠤ᠌ ᠣᠷᠣᠭᠤᠯᠤᠯ᠎ᠠ᠃ ᠴᠠᠭᠠᠲᠠᠢ ᠬᠠᠭᠠᠨ ᠳ᠋ᠤ᠌ ᠴᠡᠷᠢᠭ ᠦ᠋ᠨ ᠬᠦᠴᠦ ᠶᠡᠬᠡ ᠪᠠᠢᠪᠠᠴᠤ ᠲᠡᠷᠡ ᠨᠢᠭᠡᠨᠲᠡ ᠯᠠᠯᠤ ᠶ᠋ᠢᠨ ᠮᠥᠷᠭᠥᠯᠲᠡᠨ ᠪᠢᠰᠢ ᠨᠢ ᠪᠢᠳᠡ ᠲᠡᠭᠦᠨ ᠳ᠋ᠦ᠍ ᠠᠷᠢᠭᠤᠨ ᠲᠠᠮᠠᠭ᠎ᠠ ᠪᠠᠨ ᠰᠢᠢᠳᠬᠡᠨ ᠣᠯᠭᠣᠬᠤ ᠠᠷᠭ᠎ᠠ ᠦᠭᠡᠢ ᠪᠣᠯᠭᠠᠵᠤ ᠪᠠᠢᠨ᠎ᠠ᠃ ᠠᠷᠠᠳ ᠨᠡᠢᠲᠡ ᠪᠡᠷ ᠰᠢᠲᠦᠨ ᠪᠢᠰᠢᠷᠡᠵᠦ ᠢᠪᠡᠭᠡᠯ ᠳ᠋ᠦ᠍ᠨᠢ ᠪᠠᠭᠲᠠᠭᠰᠠᠨ ᠠᠯᠯᠠ ᠲᠡᠭᠷᠢ ᠶ᠋ᠢᠨ ᠮᠥᠷᠭᠥᠯᠲᠡᠨ ᠪᠣᠯᠵᠤ ᠬᠠᠯᠢᠹ ᠤ᠋ᠨ ᠲᠠᠮᠠᠭ᠎ᠠ ᠶ᠋ᠢ ᠭᠠᠷᠳᠠᠨ ᠠᠪᠬᠤ ᠦᠭᠡᠢ ᠪᠡᠷ ᠯᠠᠯᠤ ᠶ᠋ᠢᠨ ᠣᠯᠠᠨ ᠮᠥᠷᠭᠥᠯᠲᠡᠨ ᠢ᠋ ᠵᠦᠢ ᠶᠣᠰᠣᠭᠠᠷ ᠵᠠᠬᠢᠷᠤᠨ ᠰᠠᠭᠤᠬᠤ ᠳ᠋ᠤ᠌ ᠪᠡᠷᠬᠡ ᠪᠣᠯᠬᠤ ᠨᠢ ᠭᠠᠷᠴᠠᠭ᠎ᠠ ᠦᠭᠡᠢ᠃ ᠪᠢᠳᠡ ᠲᠠᠨ ᠤ᠋ ᠬᠥᠪᠡᠭᠦᠨ ᠴᠠᠭᠠᠲᠠᠢ ᠬᠠᠭᠠᠨ ᠢ᠋ ᠯᠠᠯᠤ ᠶ᠋ᠢᠨ ᠮᠥᠷᠭᠥᠯᠲᠡᠨ ᠪᠣᠯᠪᠠᠯ ᠥᠴᠦᠬᠡᠨ ᠴᠦ᠍ ᠡᠷᠡᠭᠡᠯᠵᠡᠭᠡ ᠦᠭᠡᠢ ᠪᠡᠷ ᠠᠷᠢᠭᠤᠨ ᠲᠠᠮᠠᠭ᠎ᠠ ᠪᠠᠨ ᠣᠯᠭᠣᠬᠤ ᠪᠢᠯᠡ᠃ ᠴᠢᠩᠭᠢᠪᠡᠯ ᠴᠠᠭᠠᠲᠠᠢ ᠬᠠᠭᠠᠨ ᠢ᠋ ᠬᠤᠷᠽᠸᠮ ᠳᠠᠶᠠᠭᠠᠷ ᠰᠢᠲᠦᠨ ᠳᠠᠭᠠᠭᠠᠳ ᠵᠣᠭᠰᠣᠬᠤ ᠦᠭᠡᠢ ᠯᠠᠯᠤ ᠶ᠋ᠢᠨ ᠮᠥᠷᠭᠥᠯᠲᠡᠨ ᠦ᠌ ᠪᠤᠰᠤᠳ ᠤᠯᠤᠰ ᠤ᠋ᠳ ᠲᠤ᠌ ᠴᠤ᠌ ᠨᠡᠷ᠎ᠡ ᠠᠯᠳᠠᠷ ᠨᠢ ᠰᠠᠢᠨ ᠢ᠋ᠶ᠋ᠠᠷ ᠳᠠᠭᠤᠷᠢᠰᠤᠭᠳᠠᠨ ᠶᠡᠬᠡ ᠬᠦᠴᠦ ᠶ᠋ᠢ ᠣᠯᠬᠤ ᠨᠢ ᠭᠠᠷᠴᠠᠭ᠎ᠠ ᠦᠭᠡᠢ ᠪᠢᠯᠡ᠃ ᠴᠠᠭᠠᠲᠠᠢ ᠬᠠᠭᠠᠨ ᠯᠠᠯᠤ ᠶ᠋ᠢᠨ ᠮᠥᠷᠭᠥᠯᠲᠡᠨ ᠪᠣᠯᠵᠤ ᠰᠦᠯᠲᠠᠨ ᠠᠯᠳᠠᠷ ᠢ᠋ ᠬᠦᠷᠲᠡᠬᠦ ᠠᠪᠠᠰᠤ ᠨᠡᠢᠲᠡ ᠯᠠᠯᠤ ᠮᠥᠷᠭᠥᠯᠲᠡᠨ ᠦ᠌ ᠤᠯᠤᠰ ᠤ᠋ᠳ ᠠᠮᠤᠷᠯᠢᠨ ᠵᠢᠷᠭᠠᠬᠤ ᠡᠬᠡ ᠦᠨᠳᠦᠰᠦ ᠪᠣᠯᠬᠤ ᠪᠢᠯᠡ᠃ ᠴᠢᠩᠭᠢᠰ ᠬᠠᠭᠠᠨ ᠲᠠ ᠡᠯ᠎ᠡ ᠤᠴᠢᠷ ᠢ᠋ ᠪᠣᠯᠭᠣᠭᠠᠵᠤ ᠮᠡᠷᠭᠡᠨ ᠰᠢᠢᠳᠪᠦᠷᠢ ᠪᠡᠨ ᠲᠠᠯᠪᠢᠬᠤ ᠪᠢᠵᠡ ᠠ᠋ ᠭᠡᠵᠦ ᠡᠯᠴᠢ ᠶ᠋ᠢ ᠢᠯᠡᠭᠡᠪᠡ》 ᠬᠡᠮᠡᠵᠡᠢ᠃ ᠪᠢᠴᠢᠭ ᠢ᠋ ᠰᠣᠨᠣᠰᠤᠮᠠᠭᠴᠠ ᠴᠢᠩᠭᠢᠰ ᠬᠠᠭᠠᠨ ᠪᠣᠳᠣᠯ ᠳ᠋ᠤ᠌ ᠣᠷᠣᠪᠠ᠃ ᠡᠨᠡ ᠪᠣᠯ ᠵᠥᠭᠡᠯᠡᠨ ᠠᠯᠭᠤᠷ ᠠᠶᠠᠰ ᠲᠠᠢ ᠴᠤ᠌ ᠱᠠᠰᠢᠨ ᠮᠥᠷᠭᠥᠯ ᠦ᠋ᠨ ᠨᠡᠷ᠎ᠡ ᠪᠠᠷᠢᠭᠰᠠᠨ ᠲᠤᠯᠭᠠᠨ ᠱᠠᠭᠠᠷᠳᠠᠭᠰᠠᠨ ᠪᠢᠴᠢᠭ ᠪᠠᠢᠪᠠ᠃
| ᠴᠠᠭᠠᠲᠠᠢ ᠴᠢ ᠶᠠᠭᠤ ᠭᠡᠵᠦ ᠰᠠᠨᠠᠨ᠎ᠠ ᠭᠡᠵᠦ ᠴᠢᠩᠭᠢᠰ ᠬᠠᠭᠠᠨ ᠤᠳᠠᠭᠠᠨ ᠰᠠᠭᠤᠭᠰᠠᠨ ᠦᠭᠡᠢ ᠠᠰᠠᠭᠤᠪᠠ᠃ ᠬᠠᠭᠠᠨ ᠡᠴᠢᠭᠡ ᠨᠢ ᠢᠩᠭᠢᠵᠦ ᠠᠰᠠᠭᠤᠨ᠎ᠠ ᠭᠡᠵᠦ ᠴᠠᠭᠠᠲᠠᠢ ᠰᠥᠨᠢᠵᠢᠨ ᠪᠣᠳᠣᠵᠤ ᠬᠣᠨᠣᠭᠰᠠᠨ ᠪᠢᠯᠡ᠃ ᠬᠠᠯᠢᠹ ᠤ᠋ᠨ ᠵᠠᠬᠢᠳᠠᠯ ᠳ᠋ᠤ᠌ ᠲᠡᠭᠦᠨ ᠢ᠋ ᠬᠠᠭᠠᠨ ᠭᠡᠮᠡᠨ ᠡᠷᠭᠦᠮᠵᠢᠯᠡᠨ ᠳᠤᠷᠠᠳᠤᠭᠰᠠᠨ ᠨᠢ ᠴᠠᠭᠠᠲᠠᠢ ᠳ᠋ᠤ᠌ ᠶᠡᠬᠡᠳᠡ ᠰᠣᠨᠣᠰᠬᠤᠯᠠᠩᠲᠠᠢ ᠳᠤᠭᠤᠯᠳᠠᠭᠰᠠᠨ ᠪᠥᠭᠡᠳ ᠪᠠᠰᠠ ᠡᠨᠡ ᠵᠠᠬᠢᠳᠠᠯ ᠳ᠋ᠤ᠌ ᠲᠡᠭᠦᠨ ᠦ᠌ ᠴᠠᠭᠠᠰᠢᠳᠠ ᠬᠡᠷᠬᠢᠬᠦ ᠶ᠋ᠢ ᠲᠣᠪ ᠲᠣᠳᠣᠷᠬᠠᠢ ᠥᠭᠦᠯᠡᠭᠰᠡᠨ ᠮᠡᠲᠦ ᠰᠠᠨᠠᠭᠳᠠᠭᠠᠳ ᠰᠡᠳᠬᠢᠯ ᠬᠥᠳᠡᠯᠦᠨ ᠨᠣᠢᠷ ᠦᠭᠡᠢ ᠰᠢᠬᠠᠮ ᠬᠣᠨᠣᠭᠰᠠᠨ ᠪᠢᠯᠡ᠃ ᠦᠨᠡᠬᠡᠷ ᠴᠠᠭᠠᠲᠠᠢ ᠳ᠋ᠤ᠌ ᠥᠪᠡᠷ ᠦ᠋ᠨ ᠤᠯᠤᠰ ᠢ᠋ ᠪᠠᠢᠭᠤᠯᠵᠤ ᠬᠠᠭᠠᠨ ᠡᠴᠢᠭᠡ ᠶ᠋ᠢᠨ ᠢ᠋ᠶ᠋ᠡᠨ ᠠᠳᠠᠯᠢ ᠶᠡᠬᠡ ᠬᠠᠭᠠᠨ ᠰᠠᠭᠤᠬᠤ ᠴᠠᠭ ᠨᠢᠭᠡᠨᠲᠡ ᠢᠷᠡᠭᠰᠡᠨ ᠭᠡᠵᠦ ᠢᠲᠡᠭᠡᠵᠦ ᠪᠠᠢᠵᠠᠢ᠃ ᠭᠡᠪᠡᠴᠦ ᠬᠠᠭᠠᠨ ᠡᠴᠢᠭᠡ ᠨᠢ ᠶᠠᠭᠤ ᠭᠡᠵᠦ ᠦᠵᠡᠬᠦ ᠶ᠋ᠢ ᠳᠠᠭᠠᠬᠤ ᠠᠷᠭ᠎ᠠ ᠦᠭᠡᠢ ᠲᠤᠯᠠ ᠬᠡᠢ ᠬᠥᠭᠡᠷᠦᠨ ᠳᠣᠭᠳᠣᠯᠬᠤ ᠪᠠᠨ ᠲᠡᠪᠴᠢᠬᠦ ᠶᠣᠰᠣᠲᠠᠢ ᠪᠠᠨ ᠣᠢᠯᠠᠭᠠᠵᠠᠢ᠃ ᠡᠨᠡ ᠪᠣᠯ ᠲᠤᠩ ᠣᠰᠤᠯᠲᠠᠢ ᠲᠣᠭᠯᠠᠭᠠᠮ ᠪᠠᠢᠪᠠ᠃ ᠢᠯᠡᠷᠬᠡᠢ ᠲᠤᠰᠠᠭᠠᠷ ᠪᠡᠶ᠎ᠡ ᠳᠠᠭᠠᠭᠠᠭᠰᠠᠨ ᠪᠣᠳᠣᠯᠭ᠎ᠠ ᠪᠠᠷᠢᠬᠤ ᠶ᠋ᠢ ᠴᠢᠩᠭᠢᠰ ᠬᠠᠭᠠᠨ ᠬᠡᠵᠢᠶ᠎ᠡ ᠴᠦ᠍ ᠦᠯᠦ ᠲᠡᠪᠴᠢᠳᠡᠭ ᠢ᠋ ᠮᠡᠳᠡᠬᠦ ᠲᠤᠯᠠ ᠲᠦᠷᠦᠭᠦᠯᠡᠵᠦ ᠬᠠᠮᠢᠶ᠎ᠠ ᠦᠭᠡᠢ ᠳᠡᠯ ᠰᠤᠯᠠ ᠦᠭᠡ ᠤᠨᠠᠭᠠᠵᠤ ᠥᠪᠡᠷ ᠢ᠋ ᠪᠡᠨ ᠢᠯᠡᠴᠢᠯᠡᠬᠦ ᠦᠭᠡᠢ ᠪᠠᠢᠬᠤ ᠨᠢ ᠬᠠᠮᠤᠭ ᠤ᠋ᠨ ᠴᠢᠬᠤᠯᠠ ᠭᠡᠵᠦ ᠲᠡᠷᠡ ᠦᠵᠡᠵᠡᠢ᠃
| ᠮᠢᠨᠦ(ᠪᠢ) ᠦᠵᠡᠪᠡᠯ ᠡᠨᠡ ᠯᠠᠯᠤ ᠶ᠋ᠢᠨ ᠱᠠᠰᠢᠨᠲᠠᠨ ᠮᠥᠷᠭᠥᠯᠴᠢᠳ ᠦ᠋ᠨ ᠠᠮᠢᠳᠤᠷᠠᠬᠤ ᠪᠠᠢᠳᠠᠯ᠂ ᠰᠡᠳᠬᠢᠨ ᠪᠣᠳᠣᠬᠤ ᠨᠢ ᠪᠢᠳᠡᠨ ᠡᠴᠡ ᠡᠷᠡᠰ ᠥᠭᠡᠷ᠎ᠡ᠃ ᠲᠡᠳᠡ ᠠᠯᠯᠠ ᠲᠡᠭᠷᠢ ᠳ᠋ᠡᠭᠡᠨ ᠳᠠᠩᠴᠤ ᠬᠠᠲᠠᠭᠤ ᠢᠲᠡᠭᠡᠳᠡᠭ ᠶᠦᠮ᠃ ᠲᠡᠳᠡᠨ ᠳ᠋ᠦ᠍ ᠠᠯᠯᠠ ᠲᠡᠭᠷᠢ ᠡᠴᠡ ᠥᠭᠡᠷ᠎ᠡ ᠬᠦᠴᠦᠲᠡᠨ᠂ ᠠᠪᠤᠷᠠᠯᠲᠠᠨ ᠪᠠᠢᠬᠤ ᠦᠭᠡᠢ ᠭᠡᠵᠦ ᠴᠠᠭᠠᠲᠠᠢ ᠶ᠋ᠢᠨ ᠬᠡᠯᠡᠬᠦ ᠳ᠋ᠦ᠍
| ᠣᠳᠣ ᠴᠤ᠌ ᠲᠡᠭᠡᠵᠦ ᠰᠠᠨᠠᠭᠰᠠᠭᠠᠷ ᠤᠤ? ᠭᠡᠵᠦ ᠴᠢᠩᠭᠢᠰ ᠬᠠᠭᠠᠨ ᠠᠰᠠᠭᠤᠭᠰᠠᠨ ᠨᠢ ᠴᠠᠭᠠᠲᠠᠢ ᠶ᠋ᠢᠨ ᠦᠭᠡᠨ ᠳ᠋ᠦ᠍ ᠪᠤᠬᠢᠨᠢᠳᠤᠭᠰᠠᠨ ᠤ᠋ ᠬᠢ ᠪᠠᠢᠪᠠ᠃ ᠥᠪᠡᠷ ᠦ᠋ᠨ ᠡᠵᠡᠯᠡᠨ ᠠᠪᠤᠭᠰᠠᠨ ᠨᠤᠲᠤᠭ ᠤ᠋ᠨ ᠠᠯᠪᠠᠲᠤ ᠢᠷᠭᠡᠳ ᠲᠡᠭᠦᠨ ᠢ᠋ ᠪᠢᠰᠢ ᠬᠠᠷᠢᠨ ᠥᠨᠥᠬᠢ ᠠᠯᠯᠠ ᠲᠡᠭᠷᠢ ᠭᠡᠭᠴᠢ ᠶ᠋ᠢ ᠰᠢᠲᠦᠭᠰᠡᠭᠡᠷ ᠪᠠᠢᠭ᠎ᠠ ᠨᠢ ᠴᠢᠩᠭᠢᠰ ᠬᠠᠭᠠᠨ ᠳ᠋ᠤ᠌ ᠣᠭᠲᠣᠬᠠᠨ ᠴᠤ᠌ ᠲᠠᠭᠠᠯᠠᠭᠳᠠᠭᠰᠠᠨ ᠦᠭᠡᠢ᠃
| ᠯᠠᠯᠤ ᠶ᠋ᠢᠨ ᠮᠥᠷᠭᠥᠯᠲᠡᠨ ᠨᠦ᠍ᠭᠦᠳ ᠭᠠᠵᠠᠷ ᠢ᠋ᠶ᠋ᠠᠷ ᠨᠢᠭᠡ ᠲᠡᠷᠡᠵᠡ᠃ ᠡᠨᠡ ᠲᠠᠩᠭᠤᠳ ᠤᠯᠤᠰ ᠤ᠋ᠨ ᠪᠠᠷᠠᠭᠤᠨ ᠲᠠᠯ᠎ᠠ ᠶ᠋ᠢᠨ ᠬᠣᠲᠠ ᠨᠤᠭᠤᠳ ᠤ᠋ᠨ ᠢᠷᠭᠡᠳ ᠦ᠋ᠨ ᠶᠡᠬᠡᠩᠬᠢ ᠨᠢ ᠯᠠᠯᠤ ᠶ᠋ᠢᠨ ᠮᠥᠷᠭᠥᠯ ᠲᠡᠢ ᠶᠦᠮ ᠭᠡᠵᠦ ᠴᠠᠭᠠᠲᠠᠢ ᠪᠤᠯᠵᠠᠬᠤ ᠮᠠᠶᠢᠭᠲᠠᠢ ᠥᠭᠦᠯᠡᠪᠡ᠃ ᠴᠢᠩᠭᠢᠰ ᠬᠠᠭᠠᠨ ᠪᠣᠳᠣᠯ ᠳ᠋ᠤ᠌ ᠠᠪᠲᠠᠵᠠᠢ᠃
| ᠲᠡᠷᠡ ᠡᠯᠴᠢ ᠪᠠᠰᠠ ᠵᠠᠪᠠᠯ ᠨᠠᠳᠠᠳᠤ ᠪᠠᠷᠠᠯᠬᠠᠬᠤ ᠬᠦᠰᠡᠯ ᠲᠡᠢ ᠭᠡᠪᠡ ᠤᠤ? ᠭᠡᠵᠦ ᠴᠢᠩᠭᠢᠰ ᠬᠠᠭᠠᠨ ᠠᠰᠠᠭᠤᠪᠠ᠃
| ᠲᠡᠢᠮᠦ ᠠ᠋᠃ ᠭᠡᠪᠡᠴᠦ ᠨᠠᠳᠠᠲᠠᠢ ᠠᠭᠤᠯᠵᠠᠭᠰᠠᠨ ᠨᠢ ᠲᠡᠭᠦᠨ ᠳ᠋ᠦ᠍ ᠪᠣᠯᠬᠤ ᠪᠢᠵᠡ ᠭᠡᠵᠦ ᠴᠠᠭᠠᠲᠠᠢ ᠰᠠᠨᠠᠭ᠎ᠠ ᠪᠠᠨ ᠰᠢᠭᠤᠳ ᠬᠡᠯᠡᠵᠡᠢ᠃ ᠤᠴᠢᠷ ᠨᠢ ᠴᠠᠭᠠᠲᠠᠢ ᠯᠠᠯᠤ ᠶ᠋ᠢᠨ ᠮᠥᠷᠭᠥᠯᠲᠡᠨ ᠢ᠋ ᠥᠪᠡᠷ ᠦ᠋ᠨ ᠠᠯᠪᠠᠲᠤ ᠪᠣᠭᠣᠯ ᠭᠡᠵᠦ ᠦᠵᠡᠵᠦ ᠪᠠᠢᠪᠠ᠃ ᠪᠠᠭᠳᠠᠳ᠋ ᠤ᠋ᠨ ᠬᠠᠯᠢᠹ ᠤ᠋ᠨ ᠡᠯᠴᠢ ᠶ᠋ᠢ ᠴᠢᠩᠭᠢᠰ ᠬᠠᠭᠠᠨ ᠳ᠋ᠤ᠌ ᠪᠠᠷᠠᠯᠬᠠᠭᠤᠯᠬᠤ ᠨᠢ ᠥᠪᠡᠷ ᠢ᠋ ᠨᠢ ᠳᠣᠣᠷ᠎ᠠ ᠳ᠋ᠤ᠌ ᠦᠵᠡᠭᠰᠡᠨ ᠬᠡᠷᠡᠭ ᠪᠣᠯᠤᠨ᠎ᠠ ᠭᠡᠵᠦ ᠲᠡᠷᠡ ᠪᠣᠳᠣᠵᠠᠢ᠃ ᠴᠠᠭᠠᠲᠠᠢ ᠶ᠋ᠢᠨ ᠡᠨᠡ ᠲᠤᠢᠯ ᠤ᠋ᠨ ᠪᠣᠯᠭᠣᠮᠵᠢ ᠦᠭᠡᠢ ᠦᠭᠡ ᠴᠢᠩᠭᠢᠰ ᠬᠠᠭᠠᠨ ᠤ᠋ ᠬᠢᠯᠢᠩ ᠢ᠋ ᠬᠥᠳᠡᠯᠭᠡᠵᠦ ᠮᠡᠳᠡᠬᠦ ᠪᠠᠢᠭᠰᠠᠨ ᠲᠤᠯᠠ ᠪᠤᠭᠤᠷᠴᠢ ᠪᠣᠯᠭᠣᠮᠵᠢᠯᠠᠨ ᠴᠠᠭᠠᠲᠠᠢ ᠳ᠋ᠤ᠌ ᠬᠠᠷᠠᠴᠠ ᠪᠠᠷ ᠰᠠᠨᠠᠭᠤᠯᠤᠭᠰᠠᠨ ᠪᠣᠯᠪᠠᠴᠤ ᠣᠷᠣᠢᠲᠠᠵᠠᠢ᠃
| ᠪᠠᠭᠳᠠᠳ᠋ ᠤ᠋ᠨ ᠬᠠᠯᠢᠹ ᠨᠢᠭᠡᠨᠲᠡ ᠯᠠᠯᠤ ᠮᠥᠷᠭᠥᠯᠲᠡᠨ ᠦ᠌ ᠲᠦᠷᠦᠭᠦᠨ ᠪᠠᠢᠭᠠᠳ ᠪᠠᠰᠠ ᠴᠢᠩᠭᠢᠰ ᠬᠠᠭᠠᠨ ᠨᠠᠳᠠᠳᠤ ᠵᠠᠬᠢᠳᠠᠯ ᠪᠠᠷᠢᠭᠤᠯᠤᠨ ᠡᠯᠴᠢ ᠢᠯᠡᠭᠡᠵᠡᠢ ᠭᠡᠵᠦ ᠴᠢᠩᠭᠢᠰ ᠬᠠᠭᠠᠨ ᠰᠢᠪᠡᠨᠡᠪᠡ᠃ ᠴᠠᠭᠠᠲᠠᠢ ᠪᠤᠷᠤᠭᠤ ᠦᠭᠡ ᠬᠡᠯᠡᠵᠦ ᠬᠠᠭᠠᠨ ᠡᠴᠢᠭᠡ ᠶ᠋ᠢ ᠪᠡᠨ ᠬᠢᠯᠢᠩᠨᠡᠭᠦᠯᠦᠭᠰᠡᠨ ᠳ᠋ᠡᠭᠡᠨ ᠠᠶᠤᠵᠤ ᠰᠣᠴᠢᠭᠠᠳ ᠳᠣᠭᠣᠭᠰᠢ ᠲᠣᠩᠭᠣᠢᠪᠠ᠃ ᠭᠡᠪᠡᠴᠦ ᠴᠢᠩᠭᠢᠰ ᠬᠠᠭᠠᠨ ᠲᠡᠷᠡ ᠳᠣᠣᠷ᠎ᠠ ᠪᠠᠨ ᠲᠠᠢᠪᠤᠰᠢᠷᠠᠭᠠᠳ
| ᠬᠠᠯᠢᠹ ᠤ᠋ᠨ ᠡᠯᠴᠢ ᠶ᠋ᠢ ᠨᠠᠳᠠᠳᠤ ᠪᠠᠷᠠᠯᠬᠠᠭᠤᠯ ᠭᠡᠵᠦ ᠵᠠᠷᠯᠢᠭ ᠪᠣᠯᠵᠠᠢ᠃ ᠬᠠᠷᠢᠨ ᠪᠠᠷᠠᠯᠬᠠᠭᠤᠯᠬᠤ ᠶ᠋ᠢᠨ ᠡᠮᠦᠨ᠎ᠡ ᠬᠡᠷᠡᠭᠡ ᠶ᠋ᠢ ᠳᠠᠭᠤᠳᠠᠨ ᠥᠨᠥᠬᠢ ᠡᠯᠴᠢ ᠶ᠋ᠢᠨ ᠶᠠᠮᠠᠷ ᠬᠦ᠌ ᠠᠭᠠᠰᠢ ᠠᠶᠢᠬᠲᠠᠢ ᠬᠥᠮᠦᠨ ᠪᠣᠯᠬᠤ ᠶ᠋ᠢ ᠠᠰᠠᠭᠤᠵᠤ ᠰᠣᠨᠣᠰᠴᠠᠢ᠃ ᠤᠴᠢᠷ ᠨᠢ ᠬᠡᠷᠡᠭᠡ ᠲᠡᠷᠡ ᠡᠯᠴᠢ ᠶ᠋ᠢ ᠢᠷᠡᠭᠰᠡᠨ ᠡᠴᠡ ᠬᠣᠢᠰᠢ ᠨᠢᠳᠦ ᠰᠠᠯᠭᠠᠬᠤ ᠦᠭᠡᠢ ᠠᠵᠢᠭᠯᠠᠨ ᠮᠥᠷᠳᠡᠵᠦ ᠪᠠᠢᠵᠠᠢ᠃ ᠢᠷᠡᠭᠰᠡᠨ ᠡᠯᠴᠢ ᠪᠤᠶᠤ ᠴᠢᠩᠭᠢᠰ ᠬᠠᠭᠠᠨ ᠤ᠋ ᠬᠦᠷᠢᠶᠡᠨ ᠳ᠋ᠦ᠍ ᠭᠠᠳᠠᠨ᠎ᠠ ᠠ᠋ᠴᠠ ᠢᠷᠡᠭᠰᠡᠳ ᠢ᠋ ᠢᠩᠭᠢᠵᠦ ᠲᠡᠩᠨᠡᠵᠦ ᠮᠥᠷᠳᠡᠬᠦ ᠨᠢ ᠡᠷᠲᠡᠨ ᠡᠴᠡ ᠲᠣᠭᠲᠠᠭᠰᠠᠨ ᠬᠠᠲᠠᠭᠤ ᠶᠣᠰᠣ᠂ ᠲᠣᠷᠭᠠᠨ ᠴᠡᠷᠢᠭ ᠦ᠋ᠳ ᠦ᠋ᠨ ᠨᠢᠭᠡ ᠡᠭᠦᠷᠭᠡ ᠪᠠᠢᠯ᠎ᠠ᠃ ᠡᠨᠡ ᠳᠠᠭᠠᠤ ᠬᠡᠷᠡᠭᠡ ᠠᠵᠢᠭᠯᠠᠵᠤ ᠮᠡᠳᠡᠭᠰᠡᠨ ᠢ᠋ᠶ᠋ᠡᠨ ᠥᠴᠢᠵᠡᠢ᠃ ᠠᠯ ᠺᠡᠢᠳᠠ ᠭᠡᠭᠴᠢ ᠲᠡᠷᠡ ᠡᠯᠴᠢ ᠥᠷᠯᠥᠭᠡ ᠦᠳᠡᠰᠢ ᠪᠦᠷᠢ ᠬᠠᠪᠲᠠᠭᠠᠢ ᠮᠣᠳᠣᠨ ᠳ᠋ᠤ᠌ ᠬᠢᠲᠤᠭ᠎ᠠ ᠵᠣᠭᠣᠬᠤ ᠰᠤᠷᠭᠠᠭᠤᠯᠢ ᠲᠣᠭᠲᠠᠮᠠᠯ ᠬᠢᠳᠡᠭ ᠢ᠋ ᠰᠠᠮ ᠬᠠᠷᠠᠵᠤ ᠮᠡᠳᠡᠭᠰᠡᠨ ᠨᠢ ᠬᠠᠮᠤᠭ ᠤ᠋ᠨ ᠬᠠᠴᠢᠷᠬᠠᠯᠲᠠᠢ ᠬᠡᠷᠡᠭ ᠰᠢᠭ ᠬᠡᠷᠡᠭᠡ ᠳ᠋ᠦ᠍ ᠰᠠᠨᠠᠭᠳᠠᠵᠠᠢ᠃
ᠲᠡᠷᠡ ᠡᠯᠴᠢ ᠰᠦᠰᠦᠭᠲᠡᠨ ᠭᠡᠬᠦ ᠡᠴᠡ ᠪᠡᠨ ᠠᠯᠠᠭᠤᠷᠴᠢᠨ ᠮᠡᠲᠦ ᠰᠠᠨᠠᠭᠳᠠᠪᠠ ᠭᠡᠵᠦ ᠬᠡᠷᠡᠭᠡ ᠰᠠᠨᠠᠭᠰᠠᠨ ᠢ᠋ᠶ᠋ᠠᠨ ᠨᠢᠭᠤᠯ ᠦᠭᠡᠢ ᠬᠡᠯᠡᠵᠡᠢ᠃
| ᠲᠡᠭᠦᠨ ᠢ᠋ ᠨᠠᠳᠠᠳᠤ ᠪᠠᠷᠠᠯᠬᠠᠭᠤᠯᠬᠤ ᠳ᠋ᠠᠭᠠᠨ ᠬᠢᠲᠤᠭ᠎ᠠ ᠶ᠋ᠢ ᠠᠪᠴᠤ ᠰᠠᠢᠲᠤᠷ ᠨᠡᠩᠵᠢᠭᠲᠦᠨ᠃ ᠮᠢᠨᠦ ᠳᠡᠷᠭᠡᠳᠡ ᠮᠤᠬᠤᠯᠠᠢ ᠶ᠋ᠢ ᠪᠠᠢ ᠭᠡᠵᠦ ᠬᠡᠯᠡ ᠭᠡᠵᠦ ᠴᠢᠩᠭᠢᠰ ᠬᠠᠭᠠᠨ ᠬᠡᠯᠡᠪᠡ᠃ ᠬᠡᠷᠡᠭᠡ ᠶ᠋ᠢᠨ ᠪᠣᠯᠭᠣᠮᠵᠢᠯᠠᠭᠤᠯᠤᠭᠰᠠᠨ ᠢ᠋ ᠦᠯᠦ ᠬᠠᠢᠬᠤᠷᠤᠨ ᠲᠡᠷᠡ ᠪᠡᠷ ᠪᠠᠭᠳᠠᠳ᠋ ᠤ᠋ᠨ ᠡᠯᠴᠢ ᠶ᠋ᠢ ᠬᠦᠯᠢᠶᠡᠨ ᠠᠪᠴᠠᠢ᠃ ᠡᠭᠡᠮ ᠢ᠋ᠶ᠋ᠡᠨ ᠬᠦᠷᠦᠭᠰᠡᠨ ᠥᠳᠬᠡᠨ ᠬᠠᠷ᠎ᠠ ᠰᠠᠬᠠᠯ ᠲᠠᠢ ᠴᠠᠭᠠᠨ ᠠᠯᠴᠢᠭᠤᠷ ᠢ᠋ᠶ᠋ᠠᠷ ᠲᠣᠯᠣᠭᠠᠢ ᠪᠠᠨ ᠣᠷᠢᠶᠠᠭᠰᠠᠨ ᠲᠡᠷᠡ ᠡᠯᠴᠢ ᠦᠨᠡᠬᠡᠷ ᠵᠣᠷᠢᠭᠲᠠᠢ ᠳᠠᠢᠴᠢᠨ ᠡᠷ᠎ᠡ ᠶ᠋ᠢᠨ ᠰᠢᠨᠵᠢ ᠲᠡᠢ ᠦᠵᠡᠭᠳᠡᠨ᠎ᠡ᠃ ᠤᠭᠲᠤᠨ ᠠᠪᠬᠤ ᠬᠦᠨᠳᠦᠳᠬᠡᠬᠦ ᠶᠣᠰᠣᠯᠠᠯ ᠳᠠᠭᠤᠰᠲᠠᠯ᠎ᠠ ᠴᠢᠩᠭᠢᠰ ᠬᠠᠭᠠᠨ ᠦᠭᠡ ᠳᠤᠤᠭᠠᠷᠤᠭᠰᠠᠨ ᠦᠭᠡᠢ᠃
| ᠠᠯ ᠺᠠᠢᠳᠠ ᠭᠡᠵᠦ ᠴᠢᠨᠦ ᠡᠴᠢᠭᠡ ᠶ᠋ᠢᠨ ᠥᠭᠭᠦᠭᠰᠨ ᠨᠡᠷ᠎ᠡ ᠤᠤ? ᠭᠡᠵᠦ ᠴᠢᠩᠭᠢᠰ ᠬᠠᠭᠠᠨ ᠭᠡᠨᠡᠳᠲᠡ ᠠᠰᠠᠭᠤᠵᠠᠢ᠃ ᠴᠢᠩᠭᠢᠰ ᠬᠠᠭᠠᠨ ᠤ᠋ ᠡᠨᠡ ᠰᠠᠨᠠᠭᠠᠨ ᠳ᠋ᠤ᠌ ᠦᠭᠡᠢ ᠡᠩ ᠦ᠋ᠨ ᠠᠰᠠᠭᠤᠯᠲᠠ ᠠᠯ ᠺᠠᠢᠳᠠ ᠶ᠋ᠢ ᠪᠢᠴᠢᠬᠠᠨ ᠰᠠᠨᠳᠤᠷᠤᠭᠤᠯᠵᠠᠢ᠃ ᠡᠢᠮᠦ ᠠᠰᠠᠭᠤᠯᠲᠠ ᠪᠠᠷ ᠶᠠᠷᠢᠶ᠎ᠠ ᠡᠬᠢᠯᠡᠨ᠎ᠡ ᠭᠡᠵᠦ ᠲᠡᠷᠡ ᠳᠠᠩᠴᠤ ᠰᠠᠨᠠᠭᠰᠠᠨ ᠦᠭᠡᠢ᠃ ᠲᠡᠭᠦᠨ ᠦ᠌ ᠢᠩᠭᠢᠵᠦ ᠰᠣᠴᠢᠵᠤ ᠰᠠᠨᠳᠤᠷᠬᠤ ᠶ᠋ᠢ ᠴᠢᠩᠭᠢᠰ ᠬᠠᠭᠠᠨ ᠠᠵᠢᠭᠯᠠᠪᠠ᠃ ᠦᠨᠡᠬᠡᠷ ᠲᠡᠭᠦᠨ ᠦ᠌ ᠶᠠᠮᠠᠷ ᠨᠡᠷᠡᠲᠡᠢ ᠶ᠋ᠢ ᠴᠢᠩᠭᠢᠰ ᠬᠠᠭᠠᠨ ᠮᠡᠳᠡᠯ᠎ᠡ ᠭᠡᠵᠦ ᠤᠤ ᠭᠡᠰᠡᠨ ᠪᠣᠳᠣᠯ ᠲᠥᠷᠥᠭᠰᠡᠨ ᠲᠤᠯᠠ ᠡᠯᠴᠢ ᠲᠡᠷᠡᠬᠡᠨ ᠵᠠᠭᠤᠷ᠎ᠠ ᠪᠣᠳᠣᠭᠠᠳ ᠡᠢᠮᠦ ᠥᠴᠦᠬᠡᠨ ᠵᠦᠢᠯ ᠢ᠋ ᠨᠢᠭᠤᠬᠤ ᠨᠢ ᠤᠳᠬ᠎ᠠ ᠦᠭᠡᠢ ᠭᠡᠵᠦ ᠦᠵᠡᠪᠡ᠃
| ᠲᠡᠢᠮᠦ ᠠ᠋᠃ ᠴᠢᠩᠭᠢᠰ ᠬᠠᠭᠠᠨᠲᠠᠨ᠃ ᠨᠠᠮᠠᠶ᠋ᠢ ᠤᠭ ᠨᠢ ᠮᠠᠬᠠᠮᠤᠳ᠋ ᠠᠪᠪᠠᠰ ᠭᠡᠳᠡᠭ ᠶᠦᠮ᠃ ᠪᠢ ᠮᠢᠰᠢᠷ ᠬᠥᠮᠦᠨ ᠯᠡ ᠳᠡ᠃ ᠪᠠᠭᠳᠠᠳ᠋ ᠤ᠋ᠨ ᠬᠠᠯᠢᠹ ᠤ᠋ᠨ ᠣᠷᠳᠣᠨ ᠳ᠋ᠤ᠌ ᠰᠢᠳᠠᠷᠯᠠᠬᠤ ᠪᠣᠯᠤᠭᠰᠠᠨ ᠠ᠋ᠴᠠ ᠬᠣᠢᠰᠢ ᠠᠯ ᠺᠠᠢᠲᠠ ᠭᠡᠵᠦ ᠨᠡᠷᠡᠲᠡᠢ ᠪᠣᠯᠤᠭᠰᠠᠨ ᠶᠤᠮ᠃ ᠠᠯ ᠺᠠᠢᠲᠠ ᠭᠡᠵᠦ ᠡᠷᠲᠡᠨ ᠦ᠌ ᠠᠷᠠᠪ ᠬᠡᠯᠡ ᠪᠡᠷ ᠠᠯᠯᠠ ᠶ᠋ᠢᠨ ᠠᠪᠤᠷᠠᠭᠴᠢ ᠭᠡᠰᠡᠨ ᠦᠭᠡ ᠭᠡᠵᠦ ᠲᠡᠷᠡ ᠳᠠᠬᠢᠨ ᠡᠢᠮᠦ ᠭᠡᠨᠡᠳᠲᠡ ᠶ᠋ᠢᠨ ᠠᠰᠠᠭᠤᠯᠲᠠ ᠭᠠᠷᠬᠤ ᠠ᠋ᠴᠠ ᠰᠡᠷᠭᠡᠢᠯᠡᠨ ᠪᠦᠭᠦᠳᠡ ᠶ᠋ᠢ ᠤᠷᠢᠳᠴᠢᠯᠠᠨ ᠬᠡᠯᠡᠵᠡᠢ᠃ ᠡᠨᠡ ᠨᠢ ᠵᠥᠪ ᠪᠣᠯᠵᠤ ᠴᠢᠩᠭᠢᠰ ᠬᠠᠭᠠᠨ ᠲᠡᠭᠦᠨ ᠡᠴᠡ ᠳᠠᠬᠢᠨ ᠡᠯᠳᠡᠪ ᠵᠦᠢᠯ ᠠᠰᠠᠭᠤᠭᠰᠠᠨ ᠦᠭᠡᠢ ᠴᠦ᠍ ᠠᠯ ᠺᠠᠢᠲᠠ ᠶᠡᠬᠡ ᠯᠡ ᠰᠡᠵᠢᠭᠲᠡᠢ ᠪᠣᠯᠵᠠᠢ᠃ ᠴᠢᠩᠭᠢᠰ ᠬᠠᠭᠠᠨ ᠲᠡᠭᠦᠨ ᠡᠴᠡ ᠵᠦᠭᠡᠷ ᠨᠢᠭᠡ ᠢᠩᠭᠢᠵᠦ ᠠᠰᠠᠭᠤᠭ᠎ᠠ ᠦᠭᠡᠢ ᠭᠡᠵᠦ ᠪᠣᠳᠣᠵᠤ ᠰᠠᠭᠤᠪᠠ᠃
| ᠡᠷᠬᠢᠮ ᠡᠯᠴᠢ ᠠ᠋᠃ ᠪᠢ ᠲᠠᠨ ᠤ᠋ ᠬᠠᠯᠢᠹ ᠤ᠋ᠨ ᠰᠠᠢᠬᠠᠨ ᠰᠡᠳᠬᠢᠯ ᠢ᠋ᠶ᠋ᠡᠷ ᠢᠯᠡᠭᠡᠭᠰᠡᠨ ᠵᠠᠬᠢᠳᠠᠯ ᠢ᠋ ᠤᠩᠰᠢᠯ᠎ᠠ᠃ ᠲᠠ ᠨᠠᠷ ᠤ᠋ᠨ ᠰᠢᠳᠦᠨ ᠪᠢᠰᠢᠷᠡᠳᠡᠭ ᠲᠡᠷᠡ ᠭᠡᠭᠡᠨ ᠮᠤᠬᠠᠮᠮᠡᠳ᠋ ᠭᠡᠭᠴᠢ ᠣᠳᠣ ᠬᠠᠮᠢᠭ᠎ᠠ ᠰᠠᠭᠤᠨ᠎ᠠ? ᠴᠢ ᠲᠡᠭᠦᠨ ᠲᠡᠢ ᠠᠭᠤᠯᠵᠠᠵᠤ ᠪᠠᠢᠬᠰᠨ ᠪᠠᠢᠯᠭᠦᠢ ᠭᠡᠵᠦ ᠴᠢᠩᠭᠢᠰ ᠬᠠᠭᠠᠨ ᠶᠠᠷᠢᠶᠠᠨ ᠤ᠋ ᠳᠤᠮᠳᠠᠭᠤᠷ ᠠᠰᠠᠭᠤᠭᠰᠠᠨ ᠨᠢ ᠠᠯ ᠺᠠᠢᠲᠠ ᠶ᠋ᠢ ᠬᠦᠨᠳᠦ ᠪᠠᠢᠳᠠᠯ ᠳ᠋ᠤ᠌ ᠣᠷᠣᠭᠤᠯᠤᠯ᠎ᠠ᠃ ᠴᠢᠩᠭᠢᠰ ᠬᠠᠭᠠᠨ ᠢᠩᠭᠢᠵᠦ ᠠᠰᠠᠭᠤᠬᠤ ᠨᠢ ᠠᠷᠭ᠎ᠠ ᠦᠭᠡᠢ ᠪᠠᠢᠯ᠎ᠠ᠃ ᠬᠤᠷᠽᠸᠮ ᠢ᠋ ᠡᠵᠡᠯᠡᠨ ᠠᠪᠤᠭᠠᠳ ᠯᠠᠯᠤ ᠮᠥᠷᠭᠥᠯᠲᠡᠨ ᠨᠦ᠍ᠭᠦᠳ ᠦ᠋ᠨ ᠬᠥᠭᠡᠷᠦᠬᠦᠢ ᠨᠣᠮᠣᠬᠠᠨ ᠪᠠᠢᠳᠠᠯ ᠢ᠋᠂ ᠱᠠᠰᠢᠨ ᠰᠢᠲᠦᠯᠭᠡ ᠳ᠋ᠡᠭᠡᠨ ᠬᠡᠳᠦ ᠶᠡᠬᠡ ᠪᠡᠷ ᠮᠤᠩᠬᠠᠷᠠᠭᠰᠠᠨ ᠢ᠋ ᠦᠵᠡᠭᠡᠳ ᠲᠡᠳᠡᠨ ᠢ᠋ ᠢᠩᠭᠢᠵᠦ ᠪᠢᠰᠢᠷᠡᠭᠦᠯᠦᠭᠰᠡᠨ ᠮᠤᠬᠠᠮᠮᠡᠳ᠋ ᠭᠡᠭᠴᠢ ᠬᠡᠨ ᠪᠣᠯᠬᠤ ᠶ᠋ᠢ ᠮᠡᠳᠡᠬᠦ ᠭᠡᠵᠦ ᠣᠯᠠᠨ ᠨᠡᠷᠡᠲᠡᠢ ᠢᠮᠡᠮ ᠲᠡᠢ ᠠᠭᠤᠯᠵᠠᠵᠤ ᠶᠠᠷᠢᠭᠰᠠᠨ ᠪᠥᠭᠡᠳ ᠡᠴᠦᠰ ᠲᠦ᠋ᠨᠢ ᠡᠨᠡ ᠪᠣᠯ ᠬᠡᠨ ᠨᠢᠭᠡᠨ ᠦ᠌ ᠰᠠᠨᠠᠭᠠᠨ ᠠ᠋ᠴᠠ ᠪᠠᠨ ᠵᠣᠬᠢᠶᠠᠭᠰᠠᠨ ᠦᠯᠢᠭᠡᠷ ᠪᠣᠯᠬᠤ ᠶ᠋ᠢ ᠣᠯᠵᠤ ᠮᠡᠳᠡᠵᠡᠢ᠃ ᠪᠠᠷᠢᠬᠵᠡᠨ ᠠᠭᠤᠯᠠ ᠶ᠋ᠢᠨ ᠣᠷᠣᠢ ᠳ᠋ᠤ᠌ ᠭᠠᠷᠴᠤ ᠠᠯᠯᠠ ᠲᠩᠷᠢ ᠭᠡᠭᠴᠢ ᠲᠡᠢ ᠠᠭᠤᠯᠵᠠᠬᠤ ᠭᠡᠰᠡᠨ ᠪᠣᠯᠪᠠᠴᠤ ᠲᠡᠷᠡ ᠨᠢ ᠪᠠᠢᠭ᠎ᠠ ᠦᠭᠡᠢ ᠲᠤᠯᠠ ᠡᠢᠨ ᠠᠰᠠᠭᠤᠵᠠᠢ᠃ ᠴᠢᠩᠭᠢᠰ ᠬᠠᠭᠠᠨ ᠲᠠᠢ ᠯᠠᠯᠤ ᠶ᠋ᠢᠨ ᠮᠥᠷᠭᠥᠯᠲᠡᠨ ᠪᠦᠷ ᠲᠡᠭᠦᠨ ᠦ᠌ ᠡᠨᠡ ᠠᠰᠠᠭᠤᠯᠲᠠ ᠳ᠋ᠤ᠌ ᠬᠠᠷᠢᠭᠤᠯᠵᠤ ᠴᠢᠳᠠᠭ᠎ᠠ ᠦᠭᠡᠢ ᠪᠥᠭᠡᠳ ᠥᠨᠥᠳᠥᠷ ᠡᠴᠡ ᠠᠯ ᠺᠠᠢᠲᠠ ᠴᠤ᠌ ᠦᠭᠡ ᠪᠡᠨ ᠣᠯᠵᠤ ᠬᠡᠯᠡᠵᠦ ᠴᠢᠳᠠᠭᠰᠠᠨ ᠦᠭᠡᠢ᠃ ᠱᠠᠰᠢᠨ ᠭᠡᠭᠴᠢ ᠡᠢᠮᠦ ᠬᠣᠭᠣᠰᠣᠨ ᠵᠦᠢᠯ ᠪᠣᠯᠬᠤ ᠶ᠋ᠢ ᠴᠢᠩᠭᠢᠰ ᠬᠠᠭᠠᠨ ᠮᠡᠳᠡᠭᠰᠡᠭᠡᠷ ᠠᠪᠠᠴᠤ ᠬᠠᠷᠢᠨ ᠬᠥᠮᠦᠰ ᠪᠦᠭᠦᠳᠡᠭᠡᠷ ᠲᠡᠭᠦᠨ ᠢ᠋ ᠰᠢᠲᠦᠨ ᠪᠢᠰᠢᠷᠡᠭᠰᠡᠭᠡᠷ᠂ ᠲᠡᠭᠦᠨ ᠦ᠌ ᠲᠥᠯᠥᠭᠡ ᠠᠮᠢ ᠪᠠᠨ ᠥᠭᠭᠦᠭᠰᠡᠭᠡᠷ ᠪᠠᠢᠭ᠎ᠠ ᠶ᠋ᠢ ᠯᠡ ᠣᠢᠯᠠᠭᠠᠬᠤ ᠦᠭᠡᠢ ᠪᠠᠢᠵᠠᠢ᠃ ᠮᠤᠬᠠᠮᠮᠡᠳ᠋ ᠪᠣᠯ ᠮᠢᠩᠭᠠᠨ ᠵᠢᠯ ᠦ᠋ᠨ ᠡᠮᠦᠨ᠎ᠡ ᠠᠮᠢᠳᠤᠷᠠᠵᠤ ᠪᠠᠢᠭᠰᠠᠨ ᠾᠷᠢᠰᠲ᠋ᠣᠰ ᠪᠣᠯᠤᠭᠠᠳ ᠪᠤᠳ᠋ᠳ᠋ᠾᠠ ᠶ᠋ᠢᠨ ᠠᠳᠠᠯᠢ ᠬᠥᠮᠦᠨ᠃ ᠬᠠᠷᠢᠨ ᠦᠵᠡᠯ ᠰᠤᠷᠭᠠᠯ ᠨᠢ ᠣᠯᠠᠨ ᠲᠦᠮᠡᠨ ᠢ᠋ ᠠᠪᠤᠷᠠᠨ ᠭᠡᠢᠭᠦᠯᠦᠭᠰᠡᠭᠡᠷ ᠪᠠᠢᠭ᠎ᠠ ᠶ᠋ᠢ ᠴᠢᠩᠭᠢᠰ ᠬᠠᠭᠠᠨ ᠳ᠋ᠤ᠌ ᠲᠠᠢᠯᠪᠤᠷᠢᠯᠠᠬᠤ ᠠ᠋ᠴᠠ ᠥᠭᠡᠷ᠎ᠡ ᠠᠷᠭ᠎ᠠ ᠠᠯ ᠺᠠᠢᠲᠠ ᠳ᠋ᠤ᠌ ᠣᠯᠳᠠᠭᠰᠠᠨ ᠦᠭᠡᠢ᠃ ᠪᠠᠰᠠ ᠴᠢᠩᠭᠢᠰ ᠬᠠᠭᠠᠨ ᠭᠡᠭᠴᠢ ᠲᠡᠨᠡᠭ ᠮᠣᠩᠭᠣᠯ ᠡᠨᠡ ᠶ᠋ᠢ ᠬᠡᠵᠢᠶ᠎ᠡ ᠴᠦ᠍ ᠣᠢᠯᠠᠭᠠᠬᠤ ᠦᠭᠡᠢ ᠭᠡᠵᠦ ᠪᠣᠳᠣᠵᠤ ᠪᠠᠢᠪᠠ᠃ ᠭᠡᠪᠡᠴᠦ ᠴᠢᠩᠭᠢᠰ ᠬᠠᠭᠠᠨ ᠤ᠋ ᠡᠨᠡ ᠢᠯᠡ ᠰᠢᠯᠤᠭᠤᠨ ᠦᠭᠡ ᠰᠡᠳᠬᠢᠯ ᠳ᠋ᠦ᠍ᠨᠢ ᠬᠠᠴᠢᠨ ᠳᠣᠲᠣᠨᠣ ᠳᠤᠯᠠᠭᠠᠨ ᠰᠠᠨᠠᠭᠳᠠᠬᠤ ᠶ᠋ᠢ ᠮᠡᠳᠡᠷᠡᠵᠡᠢ᠃ ᠯᠠᠯᠤ ᠶ᠋ᠢᠨ ᠮᠥᠷᠭᠥᠯᠲᠡᠨ ᠨᠦ᠍ᠭᠦᠳ ᠦ᠋ᠨ ᠭᠡᠭᠡᠨ ᠰᠢᠲᠦᠭᠡᠨ ᠮᠤᠬᠠᠮᠮᠡᠳ᠋ ᠭᠡᠭᠴᠢ ᠪᠠᠢᠭ᠎ᠠ ᠦᠭᠡᠢ ᠭᠡᠵᠦ ᠢᠩᠭᠢᠵᠦ ᠬᠡᠯᠡᠬᠦ ᠵᠣᠷᠢᠭᠲᠠᠨ ᠴᠢᠩᠭᠢᠰ ᠬᠠᠭᠠᠨ ᠠ᠋ᠴᠠ ᠥᠭᠡᠷ᠎ᠡ ᠬᠠᠮᠢᠭ᠎ᠠ ᠴᠤ᠌ ᠪᠠᠢᠬᠤ ᠦᠭᠡᠢ ᠭᠡᠳᠡᠭ ᠲᠦ᠍ ᠠᠯ ᠺᠠᠢᠲᠠ ᠢᠲᠡᠭᠡᠵᠦ ᠪᠠᠢᠪᠠ᠃ ᠥᠪᠡᠷ ᠦ᠋ᠨ ᠬᠢᠨᠢ ᠰᠠᠨᠠᠭᠠᠨ ᠤ᠋ ᠮᠤᠬᠤᠷ ᠤ᠋ᠨ ᠣᠷᠣᠢ ᠭᠠᠭᠴᠠ ᠨᠢᠭᠤᠴᠠ ᠬᠦᠰᠡᠯ ᠢ᠋ ᠴᠢᠩᠭᠢᠰ ᠬᠠᠭᠠᠨ ᠡᠢᠨ ᠳᠠᠭᠠᠬᠤ ᠮᠡᠲᠦ ᠬᠡᠯᠡᠭᠰᠡᠨ ᠨᠢ ᠲᠡᠭᠦᠨ ᠢ᠋ ᠪᠠᠶᠠᠷᠯᠠᠭᠤᠯᠵᠤ ᠪᠠᠰᠠ ᠶᠡᠬᠡ ᠪᠡᠷ ᠠᠶᠤᠯᠭᠠᠪᠠ᠃ ᠤᠴᠢᠷ ᠨᠢ ᠠᠯ ᠺᠠᠢᠲᠠ ᠬᠠᠭᠠᠳ᠂ ᠡᠵᠡᠳ ᠢ᠋ ᠨᠢ ᠠᠯᠠᠬᠤ ᠵᠠᠮ ᠢ᠋ᠶ᠋ᠠᠷ ᠶᠠᠮᠠᠷ ᠴᠤ᠌ ᠤᠯᠤᠰ ᠭᠦᠷᠦᠨ᠂ ᠦᠵᠡᠯ ᠪᠣᠳᠣᠯ ᠢ᠋ ᠤᠰᠠᠳᠬᠠᠵᠤ ᠪᠠᠰᠠ ᠡᠵᠡᠯᠡᠨ ᠳᠠᠭᠠᠭᠤᠯᠵᠤ ᠪᠣᠯᠤᠨ᠎ᠠ ᠭᠡᠵᠦ ᠲᠥᠷᠥᠯᠬᠢ ᠡᠴᠡ ᠪᠡᠨ ᠢᠲᠡᠭᠡᠭᠰᠡᠨ ᠨᠢᠭᠡᠨ ᠪᠠᠢᠪᠠ᠃ ᠭᠡᠪᠡᠴᠦ ᠭᠠᠭᠴᠠ ᠬᠠᠷ᠎ᠠ ᠪᠡᠶ᠎ᠡ ᠶ᠋ᠢᠨ ᠬᠢᠨᠢ ᠬᠦᠴᠦᠨ ᠴᠢᠳᠠᠯ ᠮᠡᠬᠦᠰ ᠲᠤᠯᠠ ᠰᠠᠨᠠᠭ᠎ᠠ ᠨᠢᠭᠡᠲᠡᠨ ᠢ᠋ᠶ᠋ᠡᠨ ᠴᠤᠭᠯᠠᠭᠤᠯᠤᠨ ᠬᠦᠴᠦᠷᠬᠡᠭ ᠲᠡᠮᠦᠷ ᠢ᠋ᠶ᠋ᠡᠷ ᠴᠡᠷᠢᠭ ᠪᠠᠢᠭᠤᠯᠬᠤ ᠶ᠋ᠢ ᠬᠡᠢᠷᠬᠡᠨ ᠮᠥᠷᠥᠭᠡᠳᠦᠭᠴᠢ ᠪᠠᠢᠵᠠᠢ᠃ ᠲᠡᠷᠡ ᠥᠪᠡᠷ ᠦ᠋ᠨ ᠳᠣᠣᠷ᠎ᠠ ᠶᠠᠮᠠᠷ ᠴᠤ᠌ ᠠᠶᠤᠮᠰᠢᠭᠲᠠᠢ ᠠᠯᠠᠯᠭ᠎ᠠ ᠪᠠᠨ ᠬᠢᠬᠦ ᠡᠴᠡ ᠪᠤᠴᠠᠬᠤ ᠦᠭᠡᠢ ᠦᠨᠡᠨᠴᠢ ᠨᠥᠬᠥᠳ ᠲᠡᠢ ᠪᠣᠯᠵᠤ ᠬᠠᠮᠤᠭ ᠤ᠋ᠨ ᠶᠡᠬᠡ ᠬᠠᠭᠠᠳ ᠢ᠋ ᠤᠰᠠᠳᠬᠠᠨ ᠶᠢᠷᠲᠢᠨᠴᠦ ᠶ᠋ᠢ ᠥᠪᠡᠷ ᠦ᠋ᠨ ᠡᠮᠦᠨ᠎ᠡ ᠰᠥᠬᠦᠷᠡᠭᠦᠯᠦᠨ ᠮᠥᠩᠬᠡᠷᠡᠬᠦ ᠶ᠋ᠢ ᠬᠦᠰᠡᠵᠦ ᠲᠥᠯᠥᠪᠯᠡᠵᠦ ᠪᠠᠢᠭ᠎ᠠ ᠠᠵᠢ᠃ ᠶᠢᠷᠲᠢᠨᠴᠦ ᠶ᠋ᠢ ᠵᠠᠬᠢᠷᠬᠤ ᠶ᠋ᠢᠨ ᠲᠤᠯᠠᠳᠠ ᠬᠠᠭᠠᠳ ᠠ᠋ᠴᠠ ᠨᠢ ᠡᠬᠢᠯᠡᠨ ᠠᠯᠠᠬᠤ ᠨᠢ ᠬᠠᠮᠤᠭ ᠤ᠋ᠨ ᠪᠣᠭᠣᠨᠢ ᠪᠥᠭᠡᠳ ᠵᠥᠪ ᠵᠠᠮ ᠭᠡᠵᠦ ᠦᠵᠡᠳᠡᠭ ᠠᠵᠢ᠃ ᠡᠨᠡ ᠨᠢᠭᠤᠴᠠ ᠬᠦᠰᠡᠯ ᠢ᠋ᠶ᠋ᠡᠨ ᠪᠡᠶᠡᠯᠡᠭᠦᠯᠬᠦ ᠶ᠋ᠢᠨ ᠲᠤᠯᠠᠳᠠ ᠪᠠᠭᠳᠠᠳ᠋ ᠤ᠋ᠨ ᠬᠠᠯᠢᠹ ᠤ᠋ᠨ ᠳᠡᠷᠭᠡᠳᠡ ᠲᠡᠭᠦᠨ ᠦ᠌ ᠢᠲᠡᠭᠡᠯ ᠢ᠋ ᠣᠯᠵᠤ ᠰᠢᠳᠠᠷᠯᠠᠵᠠᠢ᠃ ᠬᠤᠷᠽᠧᠮ ᠦ᠋ᠨ ᠬᠠᠭᠠᠨ ᠵᠠᠯᠠᠯᠲᠢᠨ ᠪᠣᠯᠤᠨ ᠪᠠᠭᠳᠠᠳ᠋ ᠤ᠋ᠨ ᠬᠠᠯᠢᠹ ᠤ᠋ᠨ ᠬᠣᠭᠣᠷᠣᠨᠳᠣ ᠡᠭᠦᠰᠦᠭᠰᠡᠨ ᠵᠥᠷᠢᠴᠡᠯ ᠲᠡᠭᠦᠨ ᠳ᠋ᠦ᠍ ᠨᠡᠷ᠎ᠡ ᠨᠢᠭᠤᠷ ᠣᠯᠬᠤ ᠰᠠᠢᠬᠠᠨ ᠪᠣᠯᠤᠮᠵᠢ ᠣᠯᠭᠤᠵᠠᠢ᠃ ᠬᠣᠷᠽᠧᠮ ᠦ᠋ᠨ ᠵᠠᠯᠠᠯᠲᠢᠨ ᠬᠠᠭᠠᠨ ᠤ᠋ ᠲᠠᠯ᠎ᠠ ᠶ᠋ᠢᠨ ᠨᠡᠷ᠎ᠡ ᠨᠥᠯᠥᠭᠡ ᠪᠦᠬᠦᠢ ᠬᠡᠳᠦ ᠬᠡᠳᠦᠨ ᠬᠥᠮᠦᠨ ᠢ᠋ ᠠᠯᠠᠵᠤ ᠲᠤᠰᠠᠯᠠᠭᠰᠠᠨ ᠨᠢ ᠲᠡᠭᠦᠨ ᠢ᠋ ᠬᠠᠯᠢᠹ ᠤ᠋ᠨ ᠨᠢᠭᠤᠴᠠ ᠠᠯᠠᠭᠤᠷᠴᠢᠨ ᠤ᠋ ᠵᠢᠩᠳᠠᠭᠠᠨ ᠳ᠋ᠤ᠌ ᠬᠦᠷᠭᠡᠵᠡᠢ᠃ ᠬᠠᠷᠢᠨ ᠲᠡᠭᠦᠨ ᠦ᠌ ᠳᠠᠷᠠᠭ᠎ᠠ ᠶ᠋ᠢᠨ ᠵᠣᠷᠢᠯᠭ᠎ᠠ ᠨᠢ ᠬᠤᠷᠽᠧᠮ ᠢ᠋ ᠵᠠᠬᠢᠷᠤᠨ ᠦᠯᠡᠳᠡᠭᠰᠡᠨ ᠮᠣᠩᠭᠣᠯᠴᠤᠳ ᠤ᠋ᠨ ᠬᠠᠭᠠᠨ ᠴᠠᠭᠠᠲᠠᠢ ᠶ᠋ᠢ ᠠᠯᠠᠬᠤ ᠬᠡᠷᠡᠭ ᠪᠠᠢᠪᠠ᠃ ᠬᠡᠷᠪᠡ ᠬᠤᠷᠽᠧᠮ ᠳ᠋ᠦ᠍ ᠪᠠᠢᠭ᠎ᠠ ᠮᠣᠩᠭᠣᠯᠴᠤᠳ ᠤ᠋ᠨ ᠬᠠᠭᠠᠨ ᠴᠠᠭᠠᠲᠠᠢ ᠶ᠋ᠢ ᠠᠯᠠᠴᠢᠬᠠᠪᠠᠯ ᠰᠦᠢᠷᠡᠵᠦ ᠳᠣᠷᠣᠢᠲᠠᠭᠰᠠᠨ ᠬᠤᠷᠽᠧᠮ ᠪᠠᠭᠳᠠᠳ᠋ ᠤ᠋ᠨ ᠮᠠᠲᠠᠯ ᠳ᠋ᠤ᠌ ᠣᠷᠣᠬᠤ ᠨᠢ ᠭᠠᠷᠴᠠᠭ᠎ᠠ ᠦᠭᠡᠢ ᠪᠥᠭᠡᠳ ᠢᠩᠭᠢᠵᠦ ᠴᠢᠳᠠᠪᠠᠯ ᠮᠣᠩᠭᠣᠯᠴᠤᠳ ᠤ᠋ᠨ ᠬᠦᠴᠦ ᠪᠡᠷ ᠯᠠᠯᠤ ᠮᠥᠷᠭᠥᠯᠲᠡᠨ ᠨᠦ᠍ᠭᠦᠳ ᠢ᠋ ᠨᠢᠭᠡᠳᠬᠡᠬᠦ ᠡᠭᠦᠳᠡ ᠨᠡᠭᠡᠭᠡᠭᠳᠡᠬᠦ ᠶᠦᠮ᠃ ᠴᠠᠭᠠᠲᠠᠢ ᠶ᠋ᠢ ᠠᠯᠠᠬᠤ ᠶ᠋ᠢ ᠪᠠᠭᠳᠠᠳ᠋ ᠤ᠋ᠨ ᠬᠠᠯᠢᠹ ᠵᠥᠪᠰᠢᠶᠡᠷᠡᠵᠦ ᠪᠠᠢᠭᠰᠠᠨ ᠠ᠋ᠴᠠ ᠡᠴᠦᠰ ᠦ᠋ᠨ ᠮᠥᠴᠡ ᠳ᠋ᠦ᠍ ᠤᠬᠠᠭᠠᠷᠠᠵᠤ ᠡᠬᠢᠯᠡᠭᠰᠡᠨ ᠬᠦᠴᠦᠷᠬᠡᠭ ᠮᠣᠩᠭᠣᠯᠴᠤᠳ ᠢ᠋ ᠯᠠᠯᠤ ᠶ᠋ᠢᠨ ᠮᠥᠷᠭᠥᠯ ᠳ᠋ᠦ᠍ ᠳᠠᠭᠠᠭᠤᠯᠤᠨ ᠣᠷᠣᠭᠤᠯᠬᠤ ᠵᠠᠮ ᠢ᠋ ᠰᠣᠩᠭᠣᠵᠤ ᠠᠯ ᠺᠠᠢᠳᠠ ᠶ᠋ᠢ ᠨᠠᠭᠠᠰᠢ ᠢᠯᠡᠭᠡᠵᠡᠢ᠃ ᠶᠠᠭᠤᠨ ᠡᠮᠦᠨ᠎ᠡ ᠴᠢᠩᠭᠢᠰ ᠬᠠᠭᠠᠨ ᠤ᠋ ᠣᠢᠷ᠎ᠠ ᠳᠡᠷᠭᠡᠳᠡ ᠰᠢᠳᠠᠷᠯᠠᠵᠤ ᠲᠡᠭᠦᠨ ᠳ᠋ᠦ᠍ ᠵᠢᠳᠬᠦᠵᠦ ᠪᠠᠢᠭ᠎ᠠ ᠣᠯᠠᠨ ᠯᠠᠯᠤ ᠮᠥᠷᠭᠥᠯᠲᠡᠨ ᠨᠦ᠍ᠭᠦᠳ ᠢ᠋ ᠲᠠᠯ᠎ᠠ ᠳ᠋ᠠᠭᠠᠨ ᠲᠠᠲᠠᠬᠤ ᠨᠢ ᠬᠠᠮᠤᠭ ᠤ᠋ᠨ ᠴᠢᠬᠤᠯᠠ ᠭᠡᠵᠦ ᠬᠠᠯᠢᠹ ᠦᠵᠡᠵᠡᠢ᠃ ᠬᠠᠯᠢᠹ ᠤ᠋ᠨ ᠪᠣᠳᠣᠯ ᠵᠥᠪ ᠪᠠᠢᠪᠠ᠃ ᠬᠡᠷᠪᠡ ᠢᠩᠭᠢᠵᠦ ᠴᠢᠳᠠᠪᠠᠯ ᠮᠣᠩᠭᠣᠯᠴᠤᠳ ᠤ᠋ᠨ ᠬᠦᠴᠦ ᠪᠡᠷ ᠥᠪᠡᠷ ᠦ᠋ᠨ ᠨᠡᠷ᠎ᠡ ᠶ᠋ᠢᠨ ᠳᠣᠣᠷ᠎ᠠ ᠳᠣᠷᠣᠨ᠎ᠠ ᠪᠣᠯᠤᠭᠠᠳ ᠥᠷᠥᠨ᠎ᠡ ᠳ᠋ᠠᠬᠢᠨ ᠢ᠋ ᠨᠢᠭᠡᠳᠬᠡᠨ ᠵᠠᠬᠢᠷᠴᠤ ᠪᠦᠭᠦᠳᠡ ᠠᠯᠯᠠ ᠲᠩᠷᠢ ᠶ᠋ᠢᠨ ᠳᠣᠣᠷ᠎ᠠ ᠨᠢᠭᠡᠳᠬᠦ ᠪᠢᠯᠡ᠃ ᠡᠨᠡ ᠪᠣᠯ ᠪᠠᠭᠳᠠᠳ᠋ ᠤ᠋ᠨ ᠬᠠᠯᠢᠹ ᠤ᠋ᠨ ᠬᠦᠰᠡᠯ ᠶᠦᠮ᠃ ᠭᠡᠲᠡᠯ᠎ᠡ ᠴᠢᠩᠭᠢᠰ ᠬᠠᠭᠠᠨ ᠬᠡᠵᠢᠶ᠎ᠡ ᠴᠦ᠍ ᠯᠠᠯᠤ ᠶ᠋ᠢᠨ ᠮᠥᠷᠭᠥᠯ ᠢ᠋ ᠲᠣᠭᠣᠵᠤ ᠦᠵᠡᠬᠦ ᠦᠭᠡᠢ ᠨᠢ ᠲᠣᠳᠣᠷᠬᠠᠢ ᠪᠣᠯᠵᠠᠢ᠃ ᠠᠯ ᠺᠡᠢᠳᠠ ᠴᠢᠩᠭᠢᠰ ᠬᠠᠭᠠᠨ ᠳ᠋ᠤ᠌ ᠲᠤᠢᠯ ᠦᠭᠡᠢ ᠶᠡᠬᠡ ᠪᠡᠷ ᠠᠲᠠᠭᠠᠷᠬᠠᠵᠤ ᠪᠠᠢᠪᠠ᠃ ᠲᠡᠭᠦᠨ ᠳ᠋ᠦ᠍ ᠴᠢᠩᠭᠢᠰ ᠬᠠᠭᠠᠨ ᠰᠢᠭ᠋ ᠶᠡᠬᠡ ᠴᠡᠷᠢᠭ ᠪᠠᠢᠭᠰᠠᠨ ᠪᠣᠯ ᠲᠡᠷᠡ ᠮᠠᠭᠤ ᠪᠠᠭᠳᠠᠳ᠋ ᠤ᠋ᠨ ᠬᠠᠯᠢᠹ ᠢ᠋ ᠬᠠᠮᠤᠭ ᠠ᠋ᠴᠠ ᠲᠦᠷᠦᠭᠦᠨ ᠳ᠋ᠦ᠍ ᠦᠬᠦᠭᠦᠯᠵᠦ ᠡᠮᠡᠰ ᠬᠠᠲᠤᠳ ᠢ᠋ ᠨᠢ ᠡᠵᠡᠮᠳᠡᠬᠦ ᠪᠠᠢᠪᠠ᠃ ᠡᠢᠮᠦ ᠨᠢᠭᠡ ᠡᠲᠡᠭᠡᠳ ᠭᠠᠵᠢ ᠳᠣᠩᠲᠠᠨ ᠲᠡᠭᠦᠨ ᠦ᠌ ᠡᠮᠦᠨ᠎ᠡ ᠯᠠᠯᠤ ᠶ᠋ᠢᠨ ᠮᠥᠷᠭᠥᠯᠲᠡᠨ ᠦ᠌ ᠳᠦᠷᠢ ᠪᠡᠷ ᠰᠠᠭᠤᠵᠤ ᠪᠠᠢᠭ᠎ᠠ ᠶ᠋ᠢ ᠴᠢᠩᠭᠢᠰ ᠬᠠᠭᠠᠨ ᠭᠠᠳᠠᠷᠯᠠᠭᠰᠠᠨ ᠦᠭᠡᠢ ᠪᠢᠯᠡ᠃
| ᠪᠠᠭᠳᠠᠳ᠋ ᠤ᠋ᠨ ᠬᠠᠯᠢᠹ ᠤ᠋ᠨ ᠵᠠᠬᠢᠳᠠᠯ ᠤ᠋ᠨ ᠬᠠᠷᠢᠭᠤ ᠶ᠋ᠢ ᠴᠠᠭᠠᠲᠠᠢ ᠨᠤᠲᠤᠭ ᠲᠠᠭᠠᠨ ᠣᠴᠢᠭᠠᠳ ᠥᠭᠭᠦᠨ᠎ᠡ ᠭᠡᠵᠦ ᠴᠢᠩᠭᠢᠰ ᠬᠠᠭᠠᠨ ᠬᠡᠯᠡᠭᠰᠡᠨ ᠢ᠋ᠶ᠋ᠡᠷ ᠲᠡᠳᠡᠨ ᠦ᠌ ᠠᠭᠤᠯᠵᠠᠯᠲᠠ ᠥᠨᠳᠥᠷᠯᠡᠪᠡ᠃ ᠬᠠᠷᠢᠨ ᠠᠯ ᠺᠠᠢᠳᠠ ᠴᠢᠩᠭᠢᠰ ᠬᠠᠭᠠᠨ ᠢ᠋ ᠠᠯᠠᠬᠤ ᠪᠠᠷ ᠰᠢᠢᠳᠴᠡᠢ᠃ ᠲᠡᠭᠦᠨ ᠦ᠌ ᠬᠠᠮᠤᠭ ᠤ᠋ᠨ ᠥᠰᠲᠦ ᠳᠠᠢᠰᠤᠨ ᠨᠢ ᠴᠢᠩᠭᠢᠰ ᠬᠠᠭᠠᠨ ᠭᠡᠳᠡᠭ ᠢ᠋ ᠠᠯ ᠺᠡᠢᠳᠠ ᠣᠢᠯᠠᠭᠠᠵᠠᠢ᠃ ᠡᠨᠡ ᠶᠢᠷᠲᠢᠨᠴᠦ ᠶ᠋ᠢᠨ ᠬᠠᠮᠤᠭ ᠤ᠋ᠨ ᠬᠦᠴᠦᠷᠬᠡᠭ ᠬᠠᠭᠠᠨ ᠢ᠋ ᠠᠯᠠᠭᠰᠠᠨ ᠢ᠋ᠶ᠋ᠠᠷ ᠠᠯ ᠺᠡᠢᠳᠠ ᠶ᠋ᠢᠨ ᠨᠡᠷ᠎ᠡ ᠡᠭᠦᠷᠢᠳᠡ ᠮᠥᠩᠬᠡᠷᠡᠨ᠎ᠡ ᠭᠡᠵᠦ ᠰᠠᠨᠠᠪᠠ᠃ ᠡᠢᠮᠦ ᠪᠣᠯᠤᠮᠵᠢ ᠭᠠᠭᠴᠠᠬᠠᠨ ᠤᠳᠠᠭ᠎ᠠ ᠣᠯᠳᠠᠬᠤ ᠪᠢᠵᠡ᠃ ᠲᠡᠭᠡᠮᠡᠭᠴᠡ ᠠᠯ ᠺᠡᠢᠳᠠ ᠪᠠᠶᠠᠷᠲᠠᠢ ᠪᠣᠯᠵᠤ ᠴᠢᠩᠭᠢᠰ ᠬᠠᠭᠠᠨ ᠭᠡᠭᠴᠢ ᠠᠭᠤᠤ ᠬᠠᠭᠠᠨ ᠲᠠᠢ ᠤᠴᠠᠷᠠᠭᠤᠯᠵᠤ ᠲᠡᠭᠦᠨ ᠦ᠌ ᠮᠥᠩᠬᠡᠷᠡᠬᠦ ᠵᠠᠮ ᠢ᠋ ᠨᠡᠭᠡᠭᠡᠭᠰᠡᠨ ᠠᠯᠯᠠ ᠲᠩᠷᠢ ᠳ᠋ᠡᠭᠡᠨ ᠬᠠᠰᠬᠢᠷᠤᠨ ᠮᠥᠷᠭᠥᠵᠡᠢ᠃ ᠠᠯ ᠺᠡᠢᠳᠠ ᠡᠨᠳᠡ ᠴᠢᠩᠭᠢᠰ ᠬᠠᠭᠠᠨ ᠲᠠᠢ ᠬᠠᠮᠲᠤ ᠦᠬᠦᠬᠦ ᠪᠡᠷ ᠰᠢᠢᠳᠪᠡ᠃ ᠲᠡᠭᠦᠨ ᠦ᠌ ᠠᠭᠤᠤ ᠶᠡᠬᠡ ᠨᠡᠷ᠎ᠡ ᠲᠥᠷᠥ ᠶ᠋ᠢᠨ ᠮᠠᠨᠳᠤᠬᠤ ᠴᠠᠭ᠂ ᠮᠥᠩᠬᠡᠷᠡᠬᠦ ᠬᠣᠷᠣᠮ ᠡᠨᠳᠡ ᠢᠷᠡᠵᠡᠢ᠃ ᠠᠯ ᠺᠠᠢᠳᠠ ᠭᠠᠭᠴᠠᠬᠠᠨ ᠡᠭᠦᠨ ᠦ᠌ ᠲᠥᠯᠥᠭᠡ ᠵᠣᠷᠢᠵᠤ ᠲᠡᠮᠡᠦᠯᠵᠦ ᠠᠮᠢᠳᠤᠷᠠᠭᠰᠠᠨ ᠪᠢᠯᠡ᠃ ᠲᠡᠷᠡ ᠠᠯ ᠺᠠᠢᠳᠠ ᠨᠡᠷ᠎ᠡ ᠶ᠋ᠢᠨ ᠢ᠋ᠶ᠋ᠡᠨ ᠤᠴᠢᠷ ᠢ᠋ ᠲᠠᠢᠯᠵᠤ ᠠᠯᠯᠠ ᠲᠩᠷᠢ ᠪᠡᠨ ᠠᠪᠤᠷᠠᠬᠤ ᠪᠠᠷ ᠡᠷᠭᠢᠯᠲᠡ ᠦᠭᠡᠢ ᠰᠢᠢᠳᠴᠡᠢ᠃
ᠦᠷᠭᠦᠭᠡᠨ ᠳ᠋ᠦ᠍ ᠪᠤᠭᠤᠷᠴᠢ ᠴᠠᠭᠠᠲᠠᠢ ᠬᠣᠶᠠᠷ ᠢ᠋ ᠣᠷᠣᠵᠤ ᠢᠷᠡᠭᠰᠡᠨ ᠦ᠌ ᠳᠠᠷᠠᠭ᠎ᠠ ᠲᠦᠷᠦᠭᠦᠨ ᠡᠴᠡ ᠬᠣᠢᠰᠢ ᠭᠠᠭᠴᠠ ᠦᠭᠡ ᠳᠤᠤᠭᠠᠷᠤᠭ᠎ᠠ ᠦᠭᠡᠢ ᠮᠤᠬᠤᠯᠠᠢ ᠠ᠋ᠴᠠ
| ᠴᠢ ᠶᠠᠭᠤ ᠭᠡᠵᠦ ᠰᠠᠨᠠᠨ᠎ᠠ? ᠭᠡᠵᠦ ᠴᠢᠩᠭᠢᠰ ᠬᠠᠭᠠᠨ ᠠᠰᠠᠭᠤᠵᠠᠢ᠃ ᠴᠣᠬᠣᠮ ᠲᠡᠭᠦᠨ ᠦ᠌ ᠦᠭᠡ ᠶ᠋ᠢ ᠰᠣᠨᠣᠰᠬᠤ ᠭᠡᠵᠦ ᠯᠡ ᠡᠨᠳᠡ ᠰᠠᠭᠤᠯᠭᠠᠭᠰᠠᠨ ᠪᠢᠯᠡ᠃ ᠮᠤᠬᠤᠯᠠᠢ ᠭᠡᠷᠡᠯᠲᠦ ᠨᠢᠳᠦ ᠪᠡᠷ ᠢ᠋ᠶ᠋ᠡᠨ ᠬᠠᠭᠠᠨ ᠡᠵᠡᠨ ᠢ᠋ᠶ᠋ᠡᠨ ᠬᠠᠷᠠᠵᠤ ᠰᠠᠭᠤᠭᠠᠳ ᠪᠣᠳᠣᠭᠰᠠᠨ ᠴᠤ᠌ ᠦᠭᠡᠢ
| ᠡᠢᠮᠦ ᠬᠥᠮᠦᠨ ᠢ᠋ ᠦᠳᠲᠡᠷ ᠲᠦᠷᠭᠡᠨ ᠲᠣᠨᠢᠯᠭᠠᠪᠠᠯ ᠵᠣᠬᠢᠨ᠎ᠠ᠃ ᠲᠡᠷᠡ ᠬᠠᠭᠠᠨ ᠲᠠᠨ ᠢ᠋ ᠠᠯᠠᠬᠤ ᠶ᠋ᠢ ᠬᠦᠰᠡᠵᠦ ᠪᠠᠢᠨ᠎ᠠ ᠭᠡᠵᠦ ᠰᠢᠭᠤᠳ ᠬᠡᠯᠡᠪᠡ᠃ ᠬᠡᠨ ᠴᠦ᠍ ᠶᠠᠭᠤ ᠴᠤ᠌ ᠬᠡᠯᠡᠭᠰᠡᠨ ᠦᠭᠡᠢ᠃ ᠮᠤᠬᠤᠯᠠᠢ ᠥᠪᠡᠷ ᠦ᠋ᠨ ᠳᠠᠯᠳᠠ ᠶ᠋ᠢ ᠳᠠᠭᠠᠳᠠᠭ ᠵᠦᠩ ᠰᠣᠪᠢᠩ ᠢ᠋ᠶ᠋ᠠᠷ ᠢ᠋ᠶ᠋ᠠᠨ ᠡᠵᠡᠨ ᠬᠠᠭᠠᠨ ᠢ᠋ᠶ᠋ᠠᠨ ᠠᠪᠤᠷᠠᠭᠰᠠᠨ ᠨᠢ ᠡᠨᠡ ᠶᠦᠮ᠃
| ᠯᠠᠯᠤ ᠶ᠋ᠢᠨ ᠮᠥᠷᠭᠥᠯᠲᠡᠨ ᠦ᠌ ᠳᠤᠮᠳᠠ ᠡᠢᠮᠦ ᠬᠥᠮᠦᠨ ᠣᠯᠠᠨ ᠪᠣᠯᠵᠤ ᠮᠡᠳᠡᠨ᠎ᠡ᠃ ᠴᠠᠭᠠᠲᠠᠢ ᠳᠡᠭᠦᠦ ᠴᠢ ᠪᠣᠯᠭᠣᠮᠵᠢᠲᠠᠢ ᠪᠠᠢᠭᠲᠤᠨ ᠭᠡᠵᠦ ᠮᠤᠬᠤᠯᠠᠢ ᠳᠠᠬᠢᠨ ᠬᠡᠯᠡᠬᠦ ᠳ᠋ᠦ᠍ ᠴᠦ᠍ ᠳᠤᠤᠭᠠᠷᠴᠠᠭᠠᠭᠰᠠᠨ ᠦᠭᠡᠢ᠃ ᠴᠢᠩᠭᠢᠰ ᠬᠠᠭᠠᠨ ᠶᠠᠭᠤ ᠭᠡᠬᠦ ᠶ᠋ᠢ ᠬᠦᠯᠢᠶᠡᠵᠦ ᠪᠠᠢᠪᠠ᠃
| ᠴᠠᠭᠠᠲᠠᠢ᠂ ᠪᠢ ᠮᠤᠬᠤᠯᠠᠢ ᠶ᠋ᠢᠨ ᠠᠳᠠᠯᠢ ᠰᠠᠨᠠᠨ᠎ᠠ᠃ ᠡᠨᠡ ᠠᠯ ᠺᠠᠢᠳᠠ ᠭᠡᠭᠴᠢ ᠶᠠᠭ ᠠᠯᠠᠭᠤᠷᠴᠢᠨ ᠤ᠋ ᠨᠢᠳᠦ ᠲᠡᠢ ᠶᠦᠮ᠃ ᠲᠡᠷᠡ ᠨᠢᠭᠡ ᠲᠤᠰᠠᠭᠠᠷ ᠤᠯᠤᠰ ᠤ᠋ᠨ ᠡᠯᠴᠢ ᠲᠤᠯᠠ ᠡᠩ ᠦ᠋ᠨ ᠨᠢᠭᠡ ᠠᠯᠠᠭᠤᠷᠴᠢᠨ ᠤ᠋ ᠠᠳᠠᠯᠢ ᠦᠵᠡᠵᠦ ᠦᠯᠦ ᠪᠣᠯᠤᠨ᠎ᠠ᠃ ᠡᠯᠴᠢ ᠶ᠋ᠢ ᠳᠠᠷᠤᠢ ᠬᠦᠨᠳᠦᠲᠡᠢ ᠪᠡᠷ ᠦᠳᠡᠨ ᠮᠣᠷᠳᠠᠭᠤᠯ᠃ ᠬᠠᠷᠢᠨ ᠢᠲᠡᠭᠡᠯᠲᠡᠢ ᠬᠥᠮᠦᠰ ᠢ᠋ᠶ᠋ᠡᠨ ᠳᠡᠷᠭᠡᠳᠡ ᠨᠢ ᠳᠠᠭᠠᠯᠳᠤᠭᠤᠯᠵᠤ ᠶᠠᠭ ᠪᠠᠭᠳᠠᠳ᠋ ᠤ᠋ᠨ ᠬᠡᠷᠡᠮ ᠦ᠋ᠨ ᠭᠠᠳᠠᠨ᠎ᠠ ᠬᠦᠷᠭᠡᠭᠡᠳ ᠲᠡᠭᠦᠨ ᠢ᠋ ᠬᠣᠷᠣᠭᠠᠭᠲᠤᠨ᠃ ᠬᠠᠷᠢᠨ ᠪᠠᠭᠳᠠᠳ᠋ ᠤ᠋ᠨ ᠬᠠᠯᠢᠹ ᠲᠤ᠌ ᠶᠠᠮᠠᠷ ᠬᠠᠷᠢᠭᠤ ᠥᠭᠬᠦ ᠶ᠋ᠢ ᠪᠢ ᠴᠠᠭᠠᠲᠠᠢ ᠶ᠋ᠢ ᠪᠤᠴᠠᠬᠤ ᠠ᠋ᠴᠠ ᠡᠮᠦᠨ᠎ᠡ ᠬᠡᠯᠡᠨ᠎ᠡ ᠭᠡᠵᠡᠢ᠃
ᠮᠠᠷᠭᠠᠰᠢ ᠥᠷᠯᠥᠭᠡ ᠰᠡᠷᠡᠬᠦ ᠳ᠋ᠦ᠍ ᠠᠯ ᠺᠠᠢᠳᠠ ᠶ᠋ᠢ ᠦᠳᠡᠬᠦ ᠭᠡᠵᠦ ᠲᠣᠷᠭᠠᠨ ᠴᠡᠷᠢᠭ ᠵᠢᠭᠰᠠᠵᠤ ᠪᠠᠰᠠ ᠪᠠᠭᠳᠠᠳ᠋ ᠲᠤ᠌ ᠬᠦᠷᠲᠡᠯ᠎ᠡ ᠳᠠᠭᠠᠯᠳᠤᠨ ᠶᠠᠪᠤᠬᠤ ᠪᠠᠭ ᠴᠡᠷᠢᠭ ᠪᠡᠯᠡᠨ ᠪᠣᠯᠤᠭᠰᠠᠨ ᠪᠠᠢᠭᠰᠠᠨ ᠨᠢ ᠬᠡᠨ ᠨᠢᠭᠡᠨ ᠠᠯ ᠺᠠᠢᠳᠠ ᠶ᠋ᠢᠨ ᠨᠢᠭᠤᠴᠠ ᠪᠣᠳᠣᠯ ᠢ᠋ ᠳᠠᠭᠠᠭᠰᠠᠨ ᠮᠡᠲᠦ ᠪᠣᠯᠵᠠᠢ᠃ ᠠᠯᠠᠯᠭ᠎ᠠ ᠬᠢᠬᠦ ᠵᠠᠮ ᠢ᠋ᠶ᠋ᠠᠷ ᠶᠢᠷᠲᠢᠨᠴᠦ ᠶ᠋ᠢ ᠵᠠᠬᠢᠷᠬᠤ ᠳᠣᠩᠲᠣᠨ ᠠᠯ ᠺᠠᠢᠳᠠ ᠭᠡᠭᠴᠢ ᠢᠩᠭᠢᠵᠦ ᠪᠠᠭᠳᠠᠳ᠋ ᠤ᠋ᠨ ᠬᠡᠷᠡᠮ ᠦ᠋ᠨ ᠭᠠᠳᠠᠨ᠎ᠠ ᠦᠬᠦᠳᠡᠯ ᠪᠣᠯᠤᠨ ᠠᠶᠤᠮᠰᠢᠭᠲᠤ ᠮᠥᠷᠥᠭᠡᠳᠦᠯᠲᠡᠢ ᠪᠡᠷ ᠬᠠᠮᠲᠤ ᠪᠤᠯᠠᠭᠳᠠᠵᠠᠢ᠃ ᠲᠡᠷᠡ ᠠᠮᠢᠰᠬᠤᠯ ᠬᠤᠷᠢᠶᠠᠲᠠᠯᠠ ᠪᠠᠨ ᠴᠢᠩᠭᠢᠰ ᠬᠠᠭᠠᠨ ᠢ᠋ ᠠᠯᠠᠬᠤ ᠶᠡᠬᠡ ᠬᠦᠰᠡᠯ ᠳ᠋ᠡᠭᠡᠨ ᠰᠢᠲᠠᠭᠰᠠᠭᠠᠷ᠂ ᠥᠪᠡᠷ ᠦ᠋ᠨ ᠦᠬᠦᠵᠦ ᠪᠠᠢᠭ᠎ᠠ ᠳ᠋ᠤ᠌ ᠣᠭᠲᠣ ᠢᠲᠡᠭᠡᠬᠦ ᠦᠭᠡᠢ ᠪᠠᠢᠭᠰᠠᠭᠠᠷ ᠭᠣᠣᠯ ᠨᠢ ᠲᠠᠰᠤᠷᠠᠬᠤ ᠶ᠋ᠢ ᠴᠠᠭᠠᠲᠠᠢ ᠶ᠋ᠢᠨ ᠬᠥᠪᠡᠭᠦᠨ ᠶᠢᠰᠦᠨᠮᠥ᠋ᠩᠬᠡ ᠭᠠᠢᠬᠠᠨ ᠬᠠᠷᠠᠵᠤ ᠪᠠᠢᠵᠠᠢ᠃ ᠢᠩᠭᠢᠵᠦ ᠤᠳᠠᠭᠠᠨ ᠠᠮᠢ ᠲᠠᠯᠪᠢᠳᠠᠭ᠂ ᠳᠣᠯᠣᠭᠠᠨ ᠭᠣᠣᠯ ᠲᠠᠢ ᠬᠥᠮᠦᠨ ᠢ᠋ ᠣᠭᠲᠣ ᠦᠵᠡᠭᠰᠡᠨ ᠦᠭᠡᠢ ᠪᠠᠢᠵᠠᠢ᠃ ᠲᠣᠯᠣᠭᠠᠢ ᠨᠢ ᠪᠡᠶ᠎ᠡ ᠡᠴᠡ ᠲᠠᠰᠤᠷᠠᠭᠰᠠᠨ ᠮᠥᠷᠲᠡᠭᠡᠨ ᠨᠢᠳᠦ ᠨᠢ ᠠᠨᠢᠪᠴᠢᠨ ᠠᠮᠠ ᠨᠢ ᠠᠩᠭᠠᠯᠵᠠᠵᠤ ᠶᠠᠮᠠᠷ ᠨᠢᠭᠡ ᠵᠦᠢᠯ ᠢ᠋ ᠬᠠᠰᠬᠢᠷᠤᠭᠰᠠᠭᠠᠷ ᠪᠠᠢᠵᠠᠢ᠃
ᠡᠨᠡ ᠪᠣᠯ ᠭᠠᠷᠴᠠᠭ᠎ᠠ ᠦᠭᠡᠢ ᠵᠥᠪ ᠰᠢᠢᠳᠪᠦᠷᠢ ᠪᠠᠢᠭᠰᠠᠨ ᠭᠡᠳᠡᠭ ᠲᠦ᠍ ᠪᠤᠭᠤᠷᠴᠢ ᠢᠲᠡᠭᠡᠯᠲᠡᠢ ᠪᠠᠢᠯ᠎ᠠ᠃ ᠤᠴᠢᠷ ᠨᠢ ᠮᠤᠬᠤᠯᠠᠢ ᠶᠡᠷᠦ ᠬᠣᠭᠣᠰᠣᠨ ᠦᠭᠡ ᠬᠡᠯᠡᠳᠡᠭ ᠦᠭᠡᠢ᠃ ᠣᠢᠷ᠎ᠠ ᠵᠠᠭᠤᠷ᠎ᠠ ᠶ᠋ᠢᠨ ᠶᠠᠭᠤᠮ᠎ᠠ ᠮᠡᠳᠡᠵᠦ᠂ ᠳᠠᠭᠠᠳᠠᠭ ᠲᠤᠯᠠ ᠢᠩᠭᠢᠵᠡᠢ᠃ ᠡᠯᠴᠢ ᠪᠦᠷᠢ ᠶᠠᠩᠵᠤ ᠶᠠᠩᠵᠤ ᠶ᠋ᠢᠨ ᠰᠠᠨᠠᠭ᠎ᠠ ᠡᠪᠦᠷᠯᠡᠵᠦ ᠢᠷᠡᠬᠦ ᠶᠦᠮ ᠳᠡ ᠭᠡᠵᠦ ᠪᠤᠭᠤᠷᠴᠢ ᠪᠣᠳᠣᠵᠠᠢ᠃ ᠵᠠᠭᠠᠯᠮᠠᠢ ᠶ᠋ᠢᠨ ᠮᠥᠷᠭᠥᠯᠲᠡᠨ ᠦ᠌ ᠲᠦᠷᠦᠭᠦᠨ ᠷᠢᠮ ᠦ᠋ᠨ ᠶᠡᠬᠡ ᠯᠠᠮᠠ ᠶ᠋ᠢᠨ ᠡᠯᠴᠢ ᠠᠪᠷᠠᠮ ᠲᠠᠶᠠᠨ ᠭᠡᠭᠴᠢ ᠲᠡᠷᠡ ᠰᠡᠳᠬᠢᠯ ᠦ᠋ᠨ ᠬᠥᠭᠡᠷᠦᠯ ᠲᠡᠢ ᠡᠷ᠎ᠡ ᠶ᠋ᠢ ᠵᠠᠯᠢ ᠵᠣᠬᠢᠶᠠᠵᠤ ᠰᠠᠢᠬᠠᠨ ᠪᠡᠯᠡᠨ ᠦᠭᠡ ᠬᠡᠯᠡᠭᠡᠳ ᠪᠤᠯᠲᠠᠨ ᠠᠯᠠᠭ᠎ᠠ ᠪᠣᠯᠪᠠ ᠭᠡᠵᠦ ᠪᠤᠭᠤᠷᠴᠢ ᠪᠣᠳᠣᠳᠠᠭ ᠠᠵᠢ᠃ ᠤᠭ ᠨᠢ ᠪᠤᠭᠤᠷᠴᠢ ᠳ᠋ᠤ᠌ ᠳᠠᠶᠠᠨ ᠤ᠋ ᠢᠷᠡᠭᠰᠡᠨ ᠷᠢᠮ ᠳ᠋ᠦ᠍ ᠣᠴᠢᠬᠤ ᠬᠦᠰᠡᠯ ᠶᠡᠬᠡ ᠪᠠᠢᠭᠰᠠᠨ ᠪᠢᠯᠡ᠃ ᠰᠦᠪᠡᠭᠡᠳᠡᠢ ᠶ᠋ᠢ ᠺᠠᠯᠺᠠ ᠭᠣᠣᠯ ᠤ᠋ᠨ ᠬᠥᠨᠳᠡᠢ ᠳ᠋ᠦ᠍ ᠺᠢᠶᠸᠹ ᠦ᠋ᠨ ᠶᠡᠬᠡ ᠸᠠᠩ ᠤ᠋ᠨ ᠴᠡᠷᠢᠭ ᠲᠡᠢ ᠲᠤᠯᠤᠯᠳᠤᠵᠤ ᠣᠷᠣᠰ᠂ ᠬᠢᠪᠴᠠᠭ ᠤ᠋ᠨ ᠨᠢᠭᠡᠳᠦᠭᠰᠡᠨ ᠴᠡᠷᠢᠭ ᠢ᠋ ᠬᠢᠶᠠᠷ ᠴᠣᠬᠢᠨ ᠰᠥᠨᠥᠭᠡᠭᠡᠳ ᠪᠠᠢᠬᠤ ᠳ᠋ᠤ᠌ ᠪᠤᠭᠤᠷᠴᠢ ᠬᠡᠷᠡᠭᠡ ᠶ᠋ᠢᠨ ᠬᠠᠮᠲᠤ ᠣᠴᠢᠵᠠᠢ᠃ ᠭᠣᠣᠯ ᠤ᠋ᠨ ᠬᠥᠨᠳᠡᠢ ᠳᠠᠭᠠᠭᠠᠳ ᠮᠣᠷᠢᠲᠠᠢ ᠶᠠᠪᠤᠵᠤ ᠪᠣᠯᠬᠤ ᠶ᠋ᠢᠨ ᠠᠷᠭ᠎ᠠ ᠦᠭᠡᠢ ᠪᠡᠷ ᠣᠷᠣᠰ᠂ ᠬᠢᠪᠴᠠᠭ ᠴᠡᠷᠢᠭ ᠦ᠋ᠨ ᠬᠡᠭᠦᠷ ᠣᠪᠣᠭᠠᠷᠠᠭᠰᠠᠨ ᠢ᠋ ᠲᠡᠳᠡ ᠵᠠᠢᠴᠢᠯᠠᠨ ᠶᠠᠪᠤᠭᠰᠠᠭᠠᠷ ᠠᠷᠠᠢᠬᠠᠨ ᠬᠦᠷᠴᠡᠢ᠃ ᠲᠡᠷᠡ ᠦᠳᠡᠰᠢ ᠰᠥᠪᠡᠭᠡᠳᠠᠢ ᠣᠷᠣᠰ᠂ ᠬᠢᠪᠴᠠᠭ ᠤ᠋ᠨ ᠣᠯᠵᠠᠯᠠᠭᠳᠠᠨ ᠪᠠᠭᠤᠵᠤ ᠦᠭᠭᠦᠭᠰᠡᠨ ᠴᠡᠷᠢᠭ ᠦ᠋ᠨ ᠸᠠᠩ᠂ ᠨᠣᠶᠠᠨ ᠰᠤᠷᠪᠤᠯᠵᠢᠲᠤ ᠵᠠᠭᠤᠨ ᠬᠥᠮᠦᠨ ᠢ᠋ ᠭᠠᠵᠠᠷ ᠲᠤ᠌ ᠬᠡᠪᠳᠡᠭᠦᠯᠦᠭᠡᠳ ᠳᠡᠭᠡᠷ᠎ᠡ ᠨᠢ ᠱᠠᠯᠠ ᠲᠠᠯᠪᠢᠵᠤ᠂ ᠰᠢᠷᠡᠭᠡ ᠢᠳᠡᠭᠡ ᠵᠠᠰᠠᠭᠠᠳ ᠪᠣᠭᠤᠷᠴᠢ ᠶ᠋ᠢ ᠬᠦᠨᠳᠦᠳᠬᠡᠨ ᠨᠠᠢᠷ ᠬᠢᠵᠡᠢ᠃ ᠨᠤᠲᠤᠭ ᠤ᠋ᠨ ᠰᠢᠷ᠎ᠠ ᠦᠰᠦᠲᠦ ᠪᠦᠰᠡᠭᠦᠢᠴᠦᠳ ᠢ᠋ ᠠᠪᠴᠢᠷᠠᠵᠤ ᠡᠮᠦᠨ᠎ᠡ ᠪᠡᠨ ᠪᠦᠵᠢᠭᠯᠡᠭᠦᠯᠵᠦ᠂ ᠳᠠᠷᠠᠭ᠎ᠠ ᠨᠢ ᠲᠡᠳᠡᠨ ᠢ᠋ ᠥᠪᠡᠷ ᠦ᠋ᠨ ᠴᠡᠷᠢᠭ ᠦ᠋ᠳ ᠲᠦ᠍ ᠱᠠᠩᠨᠠᠨ ᠲᠠᠷᠬᠠᠭᠠᠵᠤ ᠥᠭᠴᠡᠢ᠃ ᠣᠷᠣᠰ ᠪᠦᠰᠡᠭᠦᠢᠴᠦᠳ ᠦ᠋ᠨ ᠣᠷᠢᠯᠠᠯᠳᠤᠬᠤ ᠲᠡᠷᠡ ᠰᠥᠨᠢᠵᠢᠨ ᠢ᠋ᠶ᠋ᠡᠷ ᠲᠩᠷᠢ ᠪᠡᠷ ᠨᠢᠭᠡ ᠬᠠᠳᠠᠭᠰᠠᠭᠠᠷ ᠪᠠᠢᠵᠠᠢ᠃ ᠲᠡᠳᠡ ᠦᠷ ᠴᠠᠢᠲᠠᠯ᠎ᠠ ᠨᠠᠢᠷᠯᠠᠵᠤ ᠬᠠᠷᠢᠨ ᠱᠠᠯᠠᠨ ᠳᠣᠣᠷ᠎ᠠ ᠠ᠋ᠴᠠ《ᠫᠣᠮᠣᠬᠢᠲ᠋ᠸ》 ᠭᠡᠵᠦ ᠬᠠᠰᠬᠢᠷᠬᠤ ᠳᠠᠭᠤ ᠲᠣᠳᠣ ᠰᠣᠨᠣᠰᠤᠭᠳᠠᠭᠰᠠᠭᠠᠷ ᠪᠠᠢᠭᠰᠠᠨ ᠢ᠋ᠶ᠋ᠠᠨ ᠰᠡᠭᠦᠯ ᠳ᠋ᠡᠭᠡᠨ ᠰᠢᠪᠡᠨᠡᠬᠦ ᠲᠡᠳᠦᠢ ᠪᠣᠯᠵᠤ ᠡᠴᠦᠰ ᠲᠦ᠍ ᠥᠨᠥ ᠣᠷᠣᠰ ᠨᠣᠶᠠᠳ ᠪᠦᠭᠦᠳᠡ ᠳᠠᠷᠤᠭᠳᠠᠨ ᠦᠬᠦᠵᠡᠢ᠃ ᠡᠢᠨ ᠬᠦ᠌ ᠺᠠᠯᠺᠠ ᠭᠣᠣᠯ ᠤ᠋ᠨ ᠬᠥᠪᠡᠭᠡᠨ ᠳ᠋ᠦ᠍ ᠣᠷᠣᠰ ᠨᠣᠶᠠᠳ ᠢ᠋ᠶ᠋ᠠᠷ ᠠᠮᠢᠳᠤ ᠰᠢᠷᠡᠭᠡ ᠵᠠᠰᠠᠵᠤ ᠨᠠᠢᠷᠯᠠᠨ ᠰᠠᠭᠤᠬᠤ ᠳ᠋ᠠᠭᠠᠨ ᠷᠢᠮ ᠳ᠋ᠦ᠍ ᠣᠴᠢᠬᠤ ᠬᠦᠰᠡᠯᠲᠡᠢ ᠪᠡᠨ ᠪᠤᠭᠤᠷᠴᠢ ᠰᠥᠪᠡᠭᠡᠳᠠᠢ ᠳ᠋ᠤ᠌ ᠬᠡᠯᠡᠵᠡᠢ᠃ ᠰᠥᠪᠡᠭᠡᠳᠠᠢ ᠡᠨᠡ ᠦᠶ᠎ᠡ ᠳ᠋ᠦ᠍ ᠠᠮᠢᠳᠤ ᠮᠣᠭᠠᠢ ᠠᠪᠴᠢᠷᠠᠭᠤᠯᠤᠭᠠᠳ ᠵᠢᠷᠦᠬᠡ ᠶ᠋ᠢ ᠨᠢ ᠰᠤᠭᠤᠯᠤᠨ ᠠᠪᠴᠤ ᠠᠷᠢᠬᠢᠨ ᠳ᠋ᠤ᠌ ᠬᠢᠭᠡᠳ ᠲᠡᠭᠦᠨ ᠢ᠋ ᠳᠠᠢᠯᠠᠬᠤ ᠭᠡᠵᠦ ᠪᠠᠢᠵᠠᠢ᠃
| ᠪᠡᠶ᠎ᠡ ᠶ᠋ᠢᠨ ᠴᠢᠯᠬ᠎ᠠ ᠳ᠋ᠤ᠌ ᠭᠠᠢᠬᠠᠯᠲᠠᠢ ᠡᠮ ᠭᠡᠳᠡᠭ ᠶᠦ᠍ᠮ ᠳᠡ ᠭᠡᠵᠦ ᠰᠥᠪᠡᠭᠡᠳᠠᠢ ᠪᠠᠬᠠᠷᠬᠠᠨ ᠬᠡᠯᠡᠭᠡᠳ ᠠᠶᠠᠭ᠎ᠠ ᠲᠠᠢ ᠤᠯᠠᠭᠠᠨ ᠠᠷᠢᠬᠢ ᠪᠠᠨ ᠴᠢᠰᠤ ᠲᠠᠢ ᠭᠠᠷ ᠢ᠋ᠶ᠋ᠠᠷ ᠪᠠᠷᠢᠵᠠᠢ᠃ ᠪᠤᠭᠤᠷᠴᠢ ᠡᠷᠡᠭᠡᠯᠵᠡᠭᠰᠡᠨ ᠦᠭᠡᠢ ᠵᠠᠯᠭᠢᠵᠤ ᠣᠷᠬᠢᠪᠠ᠃ ᠮᠣᠭᠠᠢ ᠶ᠋ᠢᠨ ᠵᠢᠷᠦᠬᠡ ᠬᠡᠯᠡᠨ ᠳᠡᠭᠡᠷ᠎ᠡ ᠨᠢ ᠲᠣᠭᠲᠠᠭᠠᠳ ᠪᠤᠯᠬᠠᠯᠵᠠᠨ ᠴᠣᠬᠢᠯᠵᠤ ᠪᠠᠢᠬᠤ ᠨᠢ ᠮᠡᠳᠡᠷᠡᠭᠳᠡᠭᠡᠳ ᠬᠣᠭᠣᠯᠠᠢ ᠳᠠᠪᠠᠪᠠ᠃ ᠬᠣᠳᠣᠭᠣᠳᠣᠨ ᠳ᠋ᠤ᠌ ᠣᠷᠣᠭᠰᠠᠨ ᠬᠣᠢᠨ᠎ᠠ ᠨᠢ ᠴᠦ᠍ ᠮᠣᠭᠠᠢ ᠶ᠋ᠢᠨ ᠵᠢᠷᠦᠬᠡ ᠴᠣᠬᠢᠯᠠᠭᠰᠠᠭᠠᠷ ᠪᠠᠢᠪᠠ᠃
| ᠴᠢ ᠮᠢᠨᠦ ᠬᠡᠯᠡᠭᠰᠡᠨ ᠢ᠋ ᠰᠣᠨᠣᠰᠤᠭᠰᠠᠨ ᠦᠭᠡᠢ ᠤᠤ? ᠭᠡᠵᠦ ᠪᠤᠭᠤᠷᠴᠢ ᠬᠡᠯᠡᠪᠡ᠃ ᠰᠦᠪᠡᠭᠡᠳᠡᠢ ᠮᠣᠭᠠᠢ ᠶ᠋ᠢᠨ ᠵᠢᠷᠦᠬᠡ ᠰᠤᠭᠤᠯᠬᠤ ᠳ᠋ᠠᠭᠠᠨ ᠠᠮᠲᠠᠰᠢᠨ ᠰᠠᠳᠠᠭᠠᠷᠠᠭᠰᠠᠨ ᠲᠤᠯᠠ ᠪᠤᠭᠤᠷᠴᠢ ᠶ᠋ᠢᠨ ᠦᠭᠡ ᠶ᠋ᠢ ᠠᠩᠵᠠᠭᠠᠷᠠᠭ᠎ᠠ ᠦᠭᠡᠢ ᠪᠠᠢᠵᠠᠢ᠃
| ᠴᠢ ᠶᠠᠭᠤ ᠭᠡᠨ᠎ᠡ? ᠭᠡᠵᠦ ᠰᠥᠪᠡᠭᠡᠳᠠᠢ ᠥᠷᠥᠭᠡᠰᠦᠨ ᠨᠢᠳᠦ ᠪᠡᠷ ᠢ᠋ᠶ᠋ᠡᠨ ᠴᠣᠭᠣ ᠰᠢᠷᠳᠡᠪᠡ᠃
| ᠷᠢᠮ ᠭᠡᠭᠴᠢ ᠤᠯᠤᠰ ᠢ᠋ ᠪᠢ ᠦᠵᠡᠬᠦ ᠶ᠋ᠢ ᠬᠦᠰᠡᠨ᠎ᠡ ᠭᠡᠵᠦ ᠪᠤᠭᠤᠷᠴᠢ ᠰᠢᠭᠤᠳ ᠬᠡᠯᠡᠪᠡ᠃
| ᠴᠢ ᠲᠡᠨᠳᠡ ᠣᠴᠢᠵᠤ ᠶᠠᠭᠠᠬᠢᠨ᠎ᠠ?
| ᠥᠨᠥ ᠷᠢᠮ ᠦ᠋ᠨ ᠯᠠᠮᠠ ᠶ᠋ᠢᠨ ᠡᠯᠴᠢ ᠲᠠᠶᠠᠨ ᠭᠡᠭᠴᠢ ᠨᠠᠮᠠᠶ᠋ᠢ ᠤᠷᠢᠭᠰᠠᠨ ᠶᠤᠮ᠃ ᠪᠢᠳᠡᠨ ᠢ᠋ ᠣᠴᠢᠪᠠᠯ ᠬᠡᠷᠡᠮ ᠦ᠋ᠨ ᠢ᠋ᠶ᠋ᠡᠨ ᠡᠭᠦᠳᠡ ᠶ᠋ᠢ ᠨᠡᠭᠡᠭᠡᠵᠦ ᠤᠭᠲᠤᠨ᠎ᠠ ᠭᠡᠰᠡᠨ ᠪᠢᠯᠡ᠃ ᠬᠡᠷᠪᠡ ᠲᠡᠷᠡ ᠷᠢᠮ ᠦ᠋ᠨ ᠶᠡᠬᠡ ᠯᠠᠮᠠ ᠲᠡᠢᠮᠦ ᠶᠡᠬᠡ ᠨᠥᠯᠥᠭᠡ ᠡᠷᠬᠡᠲᠡᠢ ᠨᠢ ᠦᠨᠡᠨ ᠪᠣᠯ ᠶᠠᠭᠤᠨ ᠤ᠋ ᠲᠦᠷᠦᠭᠦᠨ ᠳ᠋ᠦ᠍ ᠲᠡᠭᠦᠨ ᠢ᠋ ᠡᠵᠡᠯᠡᠨ ᠠᠪᠤᠪᠠᠯ ᠵᠣᠬᠢᠨ᠎ᠠ ᠭᠡᠵᠦ ᠪᠤᠭᠤᠷᠴᠢ ᠬᠡᠯᠡᠪᠡ᠃
| ᠴᠢᠨᠦ ᠢᠩᠭᠢᠵᠦ ᠪᠣᠳᠣᠬᠤ ᠴᠢᠨᠢ ᠶᠠᠭ ᠵᠥᠪ ᠪᠠᠢᠨ᠎ᠠ᠃ ᠪᠢ ᠴᠦ᠍ ᠪᠠᠰᠠ ᠲᠡᠭᠡᠵᠦ ᠪᠣᠳᠣᠵᠤ ᠪᠠᠢᠨ᠎ᠠ᠃ ᠤᠭ ᠨᠢ ᠣᠳᠣ ᠡᠨᠳᠡ ᠡᠴᠡ ᠤᠬᠤᠰᠬᠢᠪᠡᠯ ᠴᠦ᠍ ᠶᠠᠭᠤ ᠪᠠᠢᠬᠤ ᠪᠣᠢ ᠳᠠ᠃ ᠴᠢ ᠪᠢᠳᠡ ᠴᠢᠩᠭᠢᠰ ᠬᠠᠭᠠᠨ ᠤ᠋ ᠪᠠᠨ ᠵᠠᠷᠯᠢᠭ ᠢ᠋ ᠳᠠᠭᠠᠬᠤ ᠦᠭᠡᠢ ᠪᠣᠯ ᠶᠠᠭᠠᠬᠢᠵᠤ ᠪᠣᠯᠤᠨ᠎ᠠ᠃ ᠶᠡᠷᠦ ᠨᠢ ᠣᠴᠢᠭᠰᠠᠨ ᠬᠣᠢᠨ᠎ᠠ ᠪᠠᠨ ᠡᠨᠡ ᠪᠦᠭᠦᠳᠡ ᠶ᠋ᠢ ᠴᠢᠩᠭᠢᠰ ᠬᠠᠭᠠᠨ ᠳ᠋ᠤ᠌ ᠠᠢᠯᠠᠳᠬᠠᠨ ᠨᠠᠭᠠᠰᠢ ᠳᠠᠬᠢᠨ ᠢᠷᠡᠪᠡᠯ ᠵᠣᠬᠢᠨ᠎ᠠ ᠭᠡᠵᠦ ᠰᠥᠪᠡᠭᠡᠳᠡᠢ ᠶ᠋ᠢᠨ ᠬᠡᠯᠡᠭᠰᠡᠨ ᠢ᠋ᠶ᠋ᠡᠷ ᠲᠡᠳᠦᠢ ᠷᠢᠮ ᠦ᠋ᠨ ᠲᠤᠬᠠᠢ ᠶᠠᠷᠢᠶ᠎ᠠ ᠲᠡᠭᠦᠰᠦᠭᠰᠡᠨ ᠪᠢᠯᠡ᠃ ᠦᠨᠡᠬᠡᠷ ᠴᠢᠩᠭᠢᠰ ᠬᠠᠭᠠᠨ ᠤ᠋ ᠨᠤᠲᠤᠭ ᠪᠤᠴᠠᠬᠤ ᠵᠠᠷᠯᠢᠭ ᠢ᠋ ᠵᠥᠷᠢᠴᠡᠬᠦ ᠡᠷᠬᠡ ᠲᠡᠳᠡᠨ ᠳ᠋ᠦ᠍ ᠪᠠᠢᠭᠰᠠᠨ ᠦᠭᠡᠢ᠃ ᠢᠩᠭᠢᠵᠦ ᠳᠠᠶᠠᠨ ᠤ᠋ ᠦᠨᠡᠨ ᠬᠡᠯᠡᠭᠰᠡᠨ ᠡᠰᠡᠬᠦ ᠶ᠋ᠢ ᠮᠡᠳᠡᠬᠦ ᠪᠣᠯᠤᠮᠵᠢ ᠪᠤᠭᠤᠷᠴᠢ ᠳ᠋ᠤ᠌ ᠣᠯᠳᠠᠭᠰᠠᠨ ᠦᠭᠡᠢ᠃
ᠭᠡᠪᠡᠴᠦ ᠳᠠᠶᠠᠨ ᠭᠡᠭᠴᠢ ᠲᠡᠷᠡ ᠥᠷᠥᠭᠡᠰᠦᠨ ᠬᠥᠮᠦᠰᠭᠡᠲᠦ ᠡᠷ᠎ᠡ ᠣᠳᠣ ᠨᠢᠭᠡᠨᠲᠡ ᠦᠭᠡᠢ ᠪᠣᠯᠤᠭᠰᠠᠨ ᠢ᠋ ᠪᠤᠭᠤᠷᠴᠢ ᠮᠡᠳᠡᠭᠰᠡᠨ ᠦᠭᠡᠢ᠃ ᠶᠢᠷᠲᠢᠨᠴᠦ ᠶ᠋ᠢᠨ ᠡᠵᠡᠨ ᠠᠪᠤᠷᠠᠭᠴᠢ ᠢᠰᠦᠰ ᠦ᠋ᠨ ᠡᠯᠴᠢ ᠲᠡᠢ ᠠᠭᠤᠯᠵᠠᠵᠤ ᠭᠡᠭᠡᠷᠡᠭᠰᠡᠨ ᠳ᠋ᠡᠭᠡᠨ ᠰᠣᠯᠢᠶ᠎ᠠ ᠲᠤᠰᠤᠭᠰᠠᠨ ᠳᠠᠶᠠᠨ ᠥᠪᠡᠷ ᠦ᠋ᠨ ᠦᠵᠡᠯ ᠪᠢᠰᠢᠷᠡᠯ ᠳ᠋ᠡᠭᠡᠨ ᠬᠥᠲᠥᠯᠦᠭᠳᠡᠭᠰᠡᠨ ᠴᠢᠭ ᠢ᠋ᠶ᠋ᠡᠷ ᠷᠢᠮ ᠳ᠋ᠦ᠍ ᠣᠴᠢᠵᠤ ᠶᠡᠬᠡ ᠯᠠᠮᠠ ᠳ᠋ᠠᠭᠠᠨ ᠪᠠᠷᠠᠯᠬᠠᠨ ᠫᠸᠷᠸᠠᠨ ᠤ᠋ ᠬᠥᠨᠳᠡᠢ ᠳ᠋ᠦ᠍ ᠢᠰᠦᠰ ᠦ᠋ᠨ ᠡᠯᠴᠢ ᠴᠢᠩᠭᠢᠰ ᠬᠠᠭᠠᠨ ᠮᠣᠷᠢᠯᠠᠨ ᠢᠷᠡᠵᠦ ᠯᠠᠯᠤ ᠶ᠋ᠢᠨ ᠱᠠᠰᠢᠨᠲᠠᠨ ᠨᠤᠭᠤᠳ ᠢ᠋ ᠭᠡᠰᠭᠡᠭᠡᠨ ᠳᠠᠷᠤᠭᠠᠳ ᠪᠠᠢᠭ᠎ᠠ ᠶ᠋ᠢ ᠦᠵᠡᠭᠰᠡᠨ ᠢ᠋ᠶ᠋ᠡᠨ ᠪᠠᠬᠠᠷᠬᠠᠯ ᠳᠦᠭᠦᠷᠡᠩ ᠥᠴᠢᠵᠡᠢ᠃ ᠴᠢᠩᠭᠢᠰ ᠬᠠᠭᠠᠨ ᠪᠣᠯ ᠢᠰᠦᠰ ᠾᠷᠢᠰᠲ᠋ᠣᠰ ᠤ᠋ᠨ ᠠᠪᠤᠷᠠᠯ ᠳ᠋ᠤ᠌ ᠪᠠᠭᠲᠠᠭᠰᠠᠨ ᠲᠡᠭᠷᠢ ᠶ᠋ᠢᠨ ᠡᠯᠴᠢ ᠪᠣᠯᠬᠤ ᠶ᠋ᠢ ᠪᠠᠲᠤᠯᠠᠨ ᠬᠡᠯᠡᠭᠰᠡᠨ ᠲᠡᠭᠦᠨ ᠦ᠌ ᠦᠭᠡ ᠷᠢᠮ ᠦ᠋ᠨ ᠬᠠᠮᠪᠤ ᠯᠠᠮᠠ ᠶ᠋ᠢᠨ ᠥᠷᠭᠥᠭᠡ ᠶ᠋ᠢ ᠡᠪᠳᠡᠨ ᠪᠤᠰᠠᠨᠢᠭᠤᠯᠬᠤ ᠰᠢᠭ᠋ ᠪᠣᠯᠵᠠᠢ᠃ ᠲᠠᠯ᠎ᠠ ᠶ᠋ᠢᠨ ᠵᠡᠷᠯᠢᠭ ᠨᠡᠭᠦᠳᠡᠯᠴᠢᠳ ᠢᠰᠦᠰ ᠲᠡᠭᠷᠢ ᠶ᠋ᠢᠨ ᠡᠯᠴᠢᠨ ᠪᠠᠢᠬᠤ ᠨᠢ ᠵᠠᠭᠠᠯᠮᠠᠢ ᠶ᠋ᠢᠨ ᠮᠥᠷᠭᠥᠯᠲᠡᠨ ᠦ᠌ ᠶᠡᠬᠡᠰ ᠳᠡᠭᠡᠳᠦᠰ ᠲᠦ᠍ ᠦᠵᠡᠭᠡ ᠦᠭᠡᠢ ᠳᠣᠷᠣᠮᠵᠢᠯᠠᠯ ᠪᠠᠢᠭᠰᠠᠨ ᠲᠤᠯᠠ ᠪᠦᠭᠦᠳᠡ ᠨᠢᠭᠡᠨ ᠳᠠᠭᠤ ᠪᠠᠷ ᠬᠥᠭᠡᠷᠦᠬᠦᠢ ᠳᠠᠶᠠᠨ ᠢ᠋ ᠲᠠᠯ᠎ᠠ ᠶ᠋ᠢᠨ ᠵᠡᠷᠯᠢᠭ ᠨᠡᠭᠦᠳᠡᠯᠴᠢᠳ ᠦ᠋ᠨ ᠮᠡᠬᠡᠨ ᠳ᠋ᠦ᠍ ᠤᠨᠠᠵᠤ ᠲᠡᠳᠡᠨ ᠦ᠌ ᠲᠠᠩᠨᠠᠭᠤᠯ ᠪᠣᠯᠪᠠ ᠭᠡᠵᠦ ᠦᠵᠡᠵᠡᠢ᠃ ᠡᠨᠡ ᠰᠣᠯᠢᠶᠠᠷᠠᠭᠰᠠᠨ ᠮᠡᠳᠡᠭᠡ ᠣᠯᠠᠨ ᠳ᠋ᠤ᠌ ᠲᠠᠷᠬᠠᠪᠠᠯ ᠲᠦᠢᠮᠡᠷ ᠮᠡᠲᠦ ᠠᠶᠤᠯᠲᠠᠢ ᠭᠡᠵᠦ ᠬᠠᠮᠪᠤ ᠶ᠋ᠢᠨ ᠵᠥᠪᠯᠡᠯ ᠬᠤᠷᠠᠯᠳᠤᠨ ᠰᠢᠢᠳᠦᠭᠡᠳ ᠰᠥᠨᠢ ᠨᠢ ᠲᠡᠭᠦᠨ ᠢ᠋ ᠪᠠᠷᠢᠪᠴᠢᠯᠠᠨ ᠬᠣᠷᠢᠵᠤ ᠮᠠᠷᠭᠠᠰᠢ ᠠ᠋ᠴᠠ ᠨᠢ ᠲᠡᠷᠰᠯᠡᠭᠦᠦ ᠦᠵᠡᠯᠲᠦ᠂ ᠪᠤᠷᠤᠭᠤ ᠨᠣᠮᠲᠠᠨ ᠪᠣᠯᠤᠭᠰᠠᠨ ᠢ᠋ ᠵᠠᠷᠯᠠᠪᠠ᠃ ᠳᠠᠶᠠᠨ ᠢ᠋ ᠷᠢᠮ ᠦ᠋ᠨ ᠲᠥᠪ ᠲᠠᠯᠠᠪᠠᠢ ᠳ᠋ᠤ᠌ ᠶᠡᠬᠡ ᠲᠦᠳᠡᠭ ᠦ᠋ᠨ ᠳᠡᠭᠡᠷ᠎ᠡ ᠰᠢᠲᠠᠭᠠᠨ ᠠᠯᠠᠪᠠ᠃ ᠶᠢᠷᠲᠢᠨᠴᠦ ᠶ᠋ᠢᠨ ᠡᠵᠡᠨ ᠦ᠌ ᠡᠯᠴᠢ ᠤᠯᠠᠭᠠᠨ ᠰᠣᠷᠪᠢᠲᠤ ᠮᠣᠩᠭᠣᠯ ᠡᠷ᠎ᠡ ᠪᠤᠭᠤᠷᠴᠢ ᠲᠡᠭᠷᠢ ᠡᠴᠡ ᠪᠠᠭᠤᠨ ᠢᠷᠡᠵᠦ ᠠᠪᠤᠷᠠᠨ᠎ᠠ ᠭᠡᠵᠦ ᠢᠳᠡᠭᠡᠨ ᠵᠠᠯᠪᠠᠷᠢᠭᠰᠠᠭᠠᠷ ᠵᠠᠭᠠᠯᠮᠠᠢ ᠶ᠋ᠢᠨ ᠱᠠᠰᠢᠨ ᠤ᠋ ᠦᠨᠡᠨ ᠰᠦᠰᠦᠭᠲᠦ ᠳᠠᠶᠠᠨ ᠭᠡᠭᠴᠢ ᠡᠷ᠎ᠡ ᠰᠢᠲᠠᠨ ᠦᠬᠦᠵᠡᠢ᠃ ᠲᠡᠭᠦᠨ ᠢ᠋ ᠦᠬᠦᠭᠰᠡᠨ ᠦ᠌ ᠳᠠᠷᠠᠭ᠎ᠠ ᠪᠦᠬᠦ ᠨᠣᠮ ᠰᠤᠷᠭᠠᠯ ᠢ᠋ ᠨᠢ ᠬᠠᠮᠤᠨ ᠠᠪᠴᠤ ᠰᠢᠲᠠᠭᠠᠨ ᠤᠰᠠᠳᠬᠠᠵᠠᠢ᠃ ᠳᠠᠶᠠᠨ ᠤ᠋ ᠱᠠᠪᠢ ᠨᠠᠷ᠂ ᠡᠬᠡᠨᠡᠷ ᠬᠡᠦᠬᠡᠳ ᠢ᠋ ᠨᠢ ᠴᠦ᠍ ᠮᠥᠨ ᠠᠳᠠᠯᠢ ᠠᠯᠠᠵᠠᠢ᠃ ᠢᠩᠭᠢᠵᠦ ᠲᠠᠯ᠎ᠠ ᠶ᠋ᠢᠨ ᠨᠡᠭᠦᠳᠡᠯᠴᠢᠳ ᠦ᠋ᠨ ᠬᠠᠭᠠᠨ ᠲᠡᠮᠦᠵᠢᠨ ᠢ᠋ ᠶᠢᠷᠲᠢᠨᠴᠦ ᠶ᠋ᠢᠨ ᠡᠵᠡᠨ ᠦ᠌ ᠡᠯᠴᠢ ᠪᠠᠢᠭᠰᠠᠨ ᠢ᠋ ᠮᠡᠳᠡᠵᠦ ᠪᠠᠢᠭᠰᠠᠨ ᠴᠣᠷ ᠤ᠋ᠨ ᠭᠠᠭᠴᠠ ᠬᠥᠮᠦᠨ ᠦᠭᠡᠢ ᠪᠣᠯᠪᠠ᠃ ᠣᠳᠣ ᠳᠠᠶᠠᠨ ᠢ᠋ ᠷᠢᠮ ᠳᠠᠶᠠᠭᠠᠷ ᠬᠠᠷᠢᠶᠠᠨ ᠵᠥᠭᠡᠵᠦ ᠪᠠᠢᠭ᠎ᠠ ᠶ᠋ᠢ ᠪᠤᠭᠤᠷᠴᠢ ᠮᠡᠳᠡᠭᠰᠡᠨ ᠦᠭᠡᠢ ᠪᠢᠯᠡ᠃ ᠷᠢᠮ ᠳ᠋ᠦ᠍ ᠪᠠᠢᠭᠰᠠᠨ ᠰᠦᠪᠡᠭᠡᠳᠡᠢ ᠶ᠋ᠢᠨ ᠨᠢᠭᠤᠴᠠ ᠲᠠᠩᠨᠠᠭᠤᠯ᠂ ᠠᠪᠷᠠᠮ ᠳᠠᠶᠠᠨ ᠤ᠋ ᠲᠤᠬᠠᠢ ᠡᠨᠡ ᠭᠤᠨᠢᠭᠲᠤ ᠲᠡᠦᠬᠡ ᠶ᠋ᠢ ᠬᠣᠵᠢᠮ ᠨᠤᠲᠠᠯᠠᠵᠠᠢ᠃ ᠯᠠᠯᠤ ᠶ᠋ᠢᠨ ᠮᠥᠷᠭᠥᠯᠲᠡᠨ ᠦ᠌ ᠠᠷᠢᠭᠤᠨ ᠲᠥᠪ ᠭᠡᠭᠳᠡᠬᠦ ᠪᠠᠭᠳᠠᠳ᠋ ᠤ᠋ᠨ ᠬᠠᠯᠢᠹ ᠤ᠋ᠨ ᠡᠯᠴᠢ᠂ ᠤᠷᠲᠤ ᠬᠠᠷ᠎ᠠ ᠰᠠᠬᠠᠯ ᠲᠠᠢ᠂ ᠲᠣᠯᠣᠭᠠᠢ ᠪᠠᠨ ᠴᠠᠭᠠᠨ ᠳᠠᠪᠤᠤ ᠪᠠᠷ ᠣᠷᠢᠶᠠᠭᠰᠠᠨ ᠠᠯ ᠺᠠᠢᠳᠠ ᠭᠡᠭᠴᠢ ᠡᠷ᠎ᠡ ᠶ᠋ᠢ ᠦᠳᠡᠵᠦ ᠥᠭᠬᠦ ᠳ᠋ᠡᠭᠡᠨ ᠡᠨᠡ ᠡᠯᠴᠢ ᠳ᠋ᠦ᠍ ᠶᠠᠮᠠᠷ ᠬᠤᠪᠢ ᠵᠠᠶᠠᠭ᠎ᠠ ᠲᠣᠬᠢᠶᠠᠬᠤ ᠭᠡᠵᠦ ᠪᠣᠢ ᠶ᠋ᠢ ᠪᠤᠭᠤᠷᠴᠢ ᠬᠠᠷᠢᠨ ᠮᠡᠳᠡᠵᠦ ᠪᠠᠢᠯ᠎ᠠ᠃
ᠦᠰᠦᠭ ᠠᠮᠢᠯᠠᠭᠤᠯᠤᠭᠴᠢ᠄ ᠰᠡᠴᠡᠨᠴᠢᠮᠡᠭ᠂ ᠬᠡᠷᠡᠢᠳ·ᠮᠥᠩᠬᠡᠨᠠᠰᠤᠨ᠂ ᠠᠯᠲᠠᠨᠴᠡᠴᠡᠭ᠂
ᠠᠯᠲᠠᠨᠴᠢᠮᠡᠭ᠂ ᠨᠠᠷᠠᠨᠲᠤᠶᠠᠭ᠎ᠠ᠂ ᠳᠡᠭᠦᠦᠵᠠᠶᠠᠭ᠎ᠠ᠂ ᠵᠢᠩᠯᠢᠬᠤᠸᠠᠷ᠂
ᠠᠷᠢᠭᠤᠨ᠂ ᠪᠠᠶᠠᠨᠴᠡᠴᠡᠭ᠂ ᠳ· ᠣᠶᠤᠨᠪᠢᠯᠢᠭ᠌᠂
ᠬᠢᠨᠠᠭᠴᠢ᠄ ᠣᠳᠬᠠᠨᠰᠣ᠎ᠠ᠂ ᠠᠷᠢᠭᠤᠨ᠂ ᠵᠢᠩᠯᠢᠬᠤᠸᠠᠷ᠂ ᠲ· ᠬᠦᠮᠦᠵᠢᠯᠲᠦ᠂ ᠰᠡᠬᠡᠭᠡᠷᠡᠯ᠂ ᠬᠠᠢ ᠵᠢᠶᠦ᠋ᠨ
