ᠤᠭᠠᠯᠵᠠᠨ ᠬᠡ ᠲᠠᠢ ᠡᠮᠡᠭᠡᠯ–ᠦᠭᠡ᠄ ᠶᠢᠨ ᠰᠢ ᠴᠸᠨ᠂ᠠᠶ᠎ᠠ᠄ ᠪᠣᠣ ᠭᠦᠢ᠂ ᠣᠷᠴᠢᠭᠤᠯᠤᠭᠰᠠᠨ ᠨᠢ᠄ ᡀᠠᠬᠰᠦᠷᠦᠩ᠂ ᠮᠥᠩᠬᠡᠥ᠋ᠯᠵᠡᠢ ᠳᠠᠭᠤᠯᠠᠨ᠎ᠠ Угалзан хээтэй эмээл – үгээ᠄ Ин ши чен᠂ аяа᠄ Боогүй᠂ орчуулсан нь᠄ Лхахсүрэн᠂ Мөнхүүлжээ дуулна
ᠤᠭᠠᠯᠵᠠᠨ ᠬᠡ ᠲᠠᠢ ᠡᠮᠡᠭᠡᠯ
ᠤᠷᠭ᠎ᠠ ᠪᠠᠨ ᠴᠢᠷᠦᠭᠰᠡᠨ ᠠᠪᠤ ᠪᠠᠨ ᠳᠠᠭᠠᠭᠠᠳ ᠳᠡᠷᠪᠡᠵᠦ ᠭᠦᠶᠦᠳᠡᠭ ᠰᠠᠨ
ᠤᠷᠠᠯᠠᠵᠤ ᠰᠡᠢᠯᠦᠭᠰᠡᠨ ᠽᠠᠨᠳᠠᠨ ᠡᠮᠡᠭᠡᠯ
ᠠ ᠬᠠ ᠬᠥ
ᠤᠬᠠᠭᠠᠨ ᠪᠣᠳᠣᠯ ᠤ᠋ᠨ ᠮᠢᠨᠢ ᠲᠣᠷᠭᠠᠨ ᠥᠯᠥᠭᠡᠢ ᠲᠣᠷᠭᠠᠨ ᠥᠯᠥᠭᠡᠢ
ᠠᠪᠤ ᠮᠢᠨᠢ ᠨᠠᠮᠠᠶ᠋ᠢ ᠠᠭᠲᠠ ᠶ᠋ᠢᠨ ᠨᠢᠷᠤᠭᠤᠨ ᠳᠡᠭᠡᠷ᠎ᠡ
ᠦᠨᠦᠰᠴᠦ ᠥᠭᠥᠭᠡᠷᠳᠡᠭᠳ ᠲᠡᠪᠡᠷᠢᠵᠦ ᠮᠣᠷᠳᠠᠭᠤᠯᠤᠭᠰᠠᠨ
ᠠᠭᠰᠤᠮ ᠬᠡᠭᠡᠷ᠎ᠡ ᠶ᠋ᠢᠨ ᠠᠯᠬᠤᠭ᠎ᠠ ᠰᠠᠢᠪᠤᠷ
ᠠᠳᠤᠭᠤᠴᠢᠨ ᠬᠦᠦ ᠶ᠋ᠢᠨ ᠬᠡᠢᠮᠣᠷᠢ ᠰᠦᠯᠳᠡ
ᠠᠳᠤᠭᠤᠴᠢᠨ ᠮᠢᠨᠦ ᠬᠦ ᠵᠠᠶᠠᠭ᠎ᠠ ᠪᠢᠯᠡ
ᠭᠠᠯ ᠵᠠᠯᠠᠭᠤ ᠭᠠᠩᠭᠠᠩ ᠨᠠᠰᠤᠨ ᠳ᠋ᠤ᠌ ᠭᠠᠩᠭᠠᠩ ᠨᠠᠰᠤᠨ ᠳ᠋ᠤ᠌
ᠭᠠᠯ ᠢ᠋ᠶ᠋ᠠᠨ ᠮᠠᠨᠠᠭᠰᠠᠨ ᠡᠵᠢ ᠪᠡᠨ ᠣᠷᠬᠢᠭᠠᠳ ᠤᠬᠢᠯᠠᠭᠠᠳ ᠮᠣᠷᠳᠠᠭᠰᠠᠨ
ᠭᠠᠯᠪᠢᠷ ᠽᠠᠨᠳᠠᠨ ᠠᠯᠲᠠᠨ ᠡᠮᠡᠭᠡᠯ
ᠠ ᠬᠠ ᠬᠥ
ᠭᠠᠷ ᠢ᠋ ᠮᠢᠨᠢ ᠭᠠᠨᠵᠤᠭᠠᠨ ᠳ᠋ᠤ᠌ ᠬᠥᠯ ᠢ᠋ ᠮᠢᠨᠢ ᠳᠥᠷᠦᠭᠡᠨ ᠳ᠋ᠦ᠍ ᠡᠷᠭᠦᠭᠰᠡᠨ ᠥᠯᠥᠭᠡᠢ
ᠡᠵᠢ ᠮᠢᠨᠢ ᠨᠠᠮᠠᠶ᠋ᠢ ᠠᠯᠤᠰ ᠤ᠋ᠨ ᠬᠠᠷᠭᠤᠢ ᠳ᠋ᠤ᠌
ᠰᠦ ᠪᠡᠨ ᠡᠷᠭᠦᠭᠡᠳ ᠦᠨᠦᠰᠴᠦ ᠮᠣᠷᠳᠠᠭᠤᠯᠤᠭᠰᠠᠨ
ᠡᠮᠨᠢᠭ ᠵᠡᠭᠡᠷᠳᠡ ᠶ᠋ᠢᠨ ᠪᠤᠯᠭᠢᠶ᠎ᠠ ᠲᠤᠢᠯᠠᠭᠠ
ᠡᠷ᠎ᠡ ᠴᠢᠳᠠᠯ ᠤ᠋ᠨ ᠬᠡᠢᠮᠣᠷᠢ ᠰᠦᠯᠳᠡ
ᠠᠳᠤᠭᠤᠴᠢᠨ ᠮᠢᠨᠦ ᠬᠦ ᠵᠠᠶᠠᠭ᠎ᠠ ᠪᠢᠯᠡ ᠵᠠᠶᠠᠭ᠎ᠠ ᠪᠢᠯᠡ
ᠦᠰᠦᠭ ᠠᠮᠢᠯᠠᠭᠤᠯᠤᠭᠴᠢ᠄ ᠡᠷᠳᠡᠮᠲᠦ
ᠬᠢᠨᠠᠭᠴᠢ᠄ ᠵᠢᠩᠯᠢᠬᠣᠸᠠᠷ