ᠲᠣᠳᠣᠪᠣᠬ᠎ᠠ ᠲᠠᠢᠽᠦᠢ᠍ᠩ ᠬᠠᠭᠠᠨ Todovokh taizun khaanТодовох тайзун хаан ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠳᠣᠪᠣᠬ᠎ᠠ ᠲᠠᠢᠽᠦᠢ᠍ᠩ ᠬᠠᠭᠠᠨ Todovokh taizun khaanТодовох тайзун хаан

ᠲᠣᠳᠣᠪᠣᠬ᠎ᠠ ᠲᠠᠢᠽᠦᠢ᠍ᠩ ᠬᠠᠭᠠᠨ Todovokh taizun khaanТодовох тайзун хаан

ᠠᠩᠭᠢᠯᠠᠯ:ᠴᠤᠤᠲᠤ ᠬᠥᠮᠥᠰ
2025-10-13

22

ᠲᠣᠳᠣᠪᠣᠬ᠎ᠠ ᠲᠠᠢᠽᠦᠢ᠍ᠩ ᠬᠠᠭᠠᠨ

   ᠨᠠᠢᠷᠠᠭᠤᠯᠤᠭᠰᠠᠨ ᠨᠢ ᠄ ᠱ · ᠴᠸᠶᠢᠨ — ᠣᠢᠳᠤᠪ 

ᠬᠢᠶᠠᠳ ᠪᠣᠷᠵᠢᠭᠢᠨ ᠣᠪᠣᠭᠲᠤ ᠲᠣᠳᠣᠪᠣᠬ᠎ᠠ ᠶ᠋ᠢᠨ ᠥᠨᠳᠥᠷ ᠡᠪᠦᠭᠡ ᠲᠡᠭᠦᠰᠳᠡᠮᠦᠷ ᠬᠠᠭᠠᠨ᠂ ᠥᠪᠡᠷ ᠦᠨ ᠡᠪᠦᠭᠡ ᠬᠠᠷᠭᠤᠴᠠᠭ ᠳᠦᠭᠦᠷᠡᠩ ᠲᠠᠢᠵᠢ᠂ ᠡᠴᠢᠭᠡ ᠨᠢ ᠠᠵᠠᠢ ᠲᠠᠢᠵᠢ ᠶᠤᠮ᠃ ᠳᠤᠳᠤᠪᠤᠬ᠎ᠠ 1422 ᠣᠨ ᠳ᠋ᠤ᠌ ᠡᠴᠢᠭᠡ ᠠᠵᠠᠢ ᠲᠠᠢᠵᠢ ᠶ᠋ᠢᠨ ᠭᠡᠷ ᠲᠦ᠍ ᠲᠥᠷᠥᠵᠡᠢ᠃1439 ᠣᠨ ᠤ᠋ ᠰᠢᠷᠠᠭᠴᠢᠨ ᠬᠣᠨᠢᠨ ᠵᠢᠯ ᠬᠠᠭᠠᠨ ᠰᠢᠷᠡᠭᠡᠨ ᠡᠷᠭᠦᠮᠵᠢᠯᠡᠵᠦ《ᠲᠠᠢᠽᠦᠢ᠍ᠩ 》 ᠴᠣᠯᠠ ᠥᠭᠴᠡᠢ ᠳᠡᠭᠦᠦ ᠠᠭᠪᠠᠷᠵᠢᠨ ᠢ᠋ ᠵᠢᠨᠦᠩ ᠪᠣᠯᠭᠠᠭᠰᠠᠨ ᠪᠠᠢᠨ᠎ᠠ᠃ ᠲᠣᠳᠣᠪᠣᠬ᠎ᠠ ᠲᠠᠢᠽᠦᠢ᠍ᠩ ᠬᠠᠭᠠᠨ ᠪᠣᠯ ᠬᠠᠭᠠᠨᠲᠤ ᠮᠣᠩᠭᠣᠯ ᠤᠯᠤᠰ ᠤ᠋ᠨ24ᠳᠠᠬᠢ ᠬᠠᠭᠠᠨ ᠪᠢᠯᠡ᠃
ᠲᠣᠭᠣᠨ ᠣᠢᠷᠠᠳ ᠤ᠋ᠨ ᠡᠷᠬᠡ ᠶ᠋ᠢ ᠭᠠᠷ ᠲᠤ᠌ ᠪᠠᠨ ᠠᠳᠬᠤᠭᠰᠠᠨ ᠤ᠋ ᠳᠠᠷᠠᠭ᠎ᠠ ᠠᠯᠲᠠᠨ ᠤᠷᠤᠭ ᠤ᠋ᠨ ᠬᠦᠦ ᠶ᠋ᠢ ᠠᠰᠢᠭᠯᠠᠬᠤ ᠬᠣᠯᠠ ᠶ᠋ᠢᠨ ᠪᠣᠳᠣᠯᠭ᠎ᠠ ᠪᠠᠷ ᠥᠪᠡᠷ ᠦ᠋ᠨ ᠥᠬᠢᠨ ᠢ᠋ ᠲᠣᠳᠣᠪᠣᠬ᠎ᠠ ᠳ᠋ᠤ᠌ ᠬᠠᠲᠤᠨ ᠪᠣᠯᠭᠠᠨ ᠥᠭᠴᠡᠢ᠃ ᠲᠡᠭᠡᠭᠡᠳ ᠲᠣᠭᠣᠨ《ᠮᠣᠩᠭᠣᠯ ᠤ᠋ᠨ ᠬᠠᠭᠠᠨ ᠰᠢᠷᠡᠭᠡ ᠶ᠋ᠢ ᠠᠯᠲᠠᠨ ᠤᠷᠤᠭ ᠤ᠋ᠨ ᠭᠣᠣᠯ ᠤᠭᠰᠠᠭ᠎ᠠ ᠪᠣᠯᠬᠤ ᠲᠣᠳᠣᠪᠣᠬ᠎ᠠ ᠴᠢᠮᠠᠲᠤ ᠥᠭᠭᠦᠶ᠎ᠡ》 ᠭᠡᠬᠦ ᠳ᠋ᠦ᠍ ᠲᠣᠳᠣᠪᠣᠬ᠎ᠠ ᠪᠠᠶᠠᠷᠯᠠᠵᠤ《ᠬᠣᠵᠢᠮ ᠤ᠋ᠨ ᠡᠳᠦᠷ ᠬᠠᠭᠠᠨ ᠰᠠᠭᠤᠪᠠᠯ ᠲᠠᠨ ᠢ᠋ ᠲᠡᠢᠰᠢ ᠡᠷᠭᠦᠮᠵᠢᠯᠡᠵᠦ ᠴᠡᠷᠢᠭ ᠦ᠋ᠨ ᠡᠷᠬᠡ ᠶ᠋ᠢ ᠠᠳᠬᠤᠯᠤᠨᠠᠮ》 ᠭᠡᠵᠦ ᠬᠠᠷᠢᠭᠤ ᠢᠯᠡᠷᠬᠡᠢᠯᠡᠵᠡᠢ᠃
1438 ᠣᠨ ᠳ᠋ᠤ᠌ ᠣᠢᠷᠠᠳ ᠤ᠋ᠨ ᠲᠣᠭᠣᠨ ᠲᠣᠳᠣᠪᠣᠬ᠎ᠠ ᠨᠠᠷ ᠠᠲᠠᠢ ᠬᠠᠭᠠᠨ ᠢ᠋ ᠪᠠᠢᠯᠳᠤᠨ ᠣᠳᠣ ᠶ᠋ᠢᠨ ᠥᠪᠥᠷ ᠮᠣᠩᠭᠣᠯ ᠤ᠋ᠨ ᠮᠤᠨᠠ ᠠᠭᠤᠯᠠ ᠶ᠋ᠢᠨ ᠬᠣᠷᠮᠣᠢ ᠴᠠᠭᠠᠨ ᠨᠠᠭᠤᠷ ᠭᠡᠬᠦ ᠭᠠᠵᠠᠷ ᠲᠤ᠌ ᠠᠷᠤᠭᠲᠠᠢ ᠲᠠᠢᠰᠢ ᠶ᠋ᠢ ᠠᠯᠠᠵᠤ᠂ ᠶᠠᠪᠷᠠᠢ ᠠᠭᠤᠯᠠ ᠶ᠋ᠢᠨ ᠪᠠᠯ ᠳ᠋ᠤ᠌ ᠠᠲᠠᠢ ᠬᠠᠭᠠᠨ ᠢ᠋ ᠬᠣᠷᠣᠭᠠᠭᠰᠠᠨ ᠪᠠᠢᠨ᠎ᠠ᠃ ᠡᠢᠨ ᠬᠦ᠌ ᠬᠠᠭᠠᠨ ᠢ᠋ ᠬᠥᠨᠥᠭᠡᠭᠰᠡᠨ ᠦ᠌ ᠳᠠᠷᠠᠭ᠎ᠠ ᠪᠦᠬᠦ ᠮᠣᠩᠭᠣᠯ ᠢ᠋ ᠡᠷᠬᠡᠨ ᠳ᠋ᠦ᠍ ᠪᠡᠨ ᠣᠷᠣᠭᠤᠯᠤᠭᠠᠳ ᠠᠮᠠᠯᠠᠯᠲᠠ ᠪᠠᠨ ᠮᠠᠷᠲᠠᠵᠤ᠂ ᠬᠠᠭᠠᠨ ᠰᠢᠷᠡᠭᠡᠨ ᠳ᠋ᠦ᠍ ᠰᠠᠭᠤᠬᠤ ᠪᠠᠨ ᠪᠣᠳᠣᠵᠠᠢ᠃ ᠭᠡᠲᠡᠯ᠎ᠡ ᠴᠢᠩᠭᠢᠰ ᠬᠠᠭᠠᠨ ᠤ᠋ ᠠᠯᠲᠠᠨ ᠤᠷᠤᠭ ᠤ᠋ᠨ ᠶᠡᠬᠡᠰ ᠳᠡᠭᠡᠳᠦᠰ ᠡᠷᠡᠰ ᠡᠰᠡᠷᠭᠦᠴᠡᠨ ᠬᠢᠯᠢᠩᠨᠡᠬᠦ ᠳ᠋ᠦ᠍ ᠠᠷᠭ᠎ᠠ ᠪᠤᠰᠤ1439 ᠣᠨ ᠳ᠋ᠤ᠌ ᠬᠦᠷᠭᠡᠨ ᠲᠣᠳᠣᠪᠣᠬ᠎ᠠ ᠳ᠋ᠤ᠌ ᠬᠠᠭᠠᠨ ᠡᠷᠭᠦᠮᠵᠢᠯᠡᠵᠦ《ᠲᠠᠢᠽᠦᠢ᠍ᠩ》 ᠴᠣᠯᠠ ᠥᠭᠭᠦᠭᠡᠳ ᠥᠪᠡᠷ ᠢ᠋ᠶ᠋ᠡᠨ ᠲᠡᠢᠰᠢ ᠪᠣᠯᠵᠠᠢ᠃
ᠲᠣᠭᠣᠨ ᠲᠠᠢᠰᠢ ᠡᠷᠬᠡ ᠡᠷᠭᠦᠮᠵᠢ ᠪᠡᠨ ᠪᠠᠲᠤᠳᠬᠠᠬᠤ ᠶ᠋ᠢᠨ ᠲᠥᠯᠥᠭᠡ ᠴᠢᠩᠭᠢᠰ ᠬᠠᠭᠠᠨ ᠤ᠋ ᠨᠠᠢ᠍ᠮᠠᠨ ᠴᠠᠭᠠᠨ ᠣᠷᠳᠣᠨ ᠤ᠋ ᠡᠮᠦᠨ᠎ᠡ ᠲᠠᠬᠢᠯᠭ᠎ᠠ ᠦᠢᠯᠡᠳᠬᠦ ᠪᠡᠷ ᠣᠴᠢᠨ ᠠᠷᠢᠬᠢᠨ ᠳ᠋ᠤ᠌ ᠬᠡᠳᠦ ᠰᠣᠭᠲᠣᠵᠤ ᠭᠡᠨᠡᠳᠲᠡ ᠨᠠᠰᠤ ᠪᠠᠷᠠᠪᠠ᠃ ᠬᠡᠷᠡᠭ ᠶᠠᠪᠤᠳᠠᠯ ᠡᠢᠮᠦ ᠪᠣᠯᠬᠤ ᠳ᠋ᠤ᠌
ᠲᠣᠳᠣᠪᠣᠬ᠎ᠠ ᠲᠠᠢᠽᠦᠢ᠍ᠩ ᠬᠠᠭᠠᠨ
ᠲᠣᠭᠣᠨ ᠲᠠᠢᠰᠢ ᠶ᠋ᠢᠨ ᠬᠦᠦ ᠡᠰᠡᠨ ᠳ᠋ᠦ᠍ ᠲᠠᠢᠰᠢ ᠬᠡᠷᠬᠡᠮ ᠵᠡᠷᠭᠡ ᠶ᠋ᠢ ᠵᠠᠯᠭᠠᠮᠵᠢᠯᠠᠭᠤᠯᠵᠤ᠂ ᠴᠡᠷᠢᠭ ᠦ᠋ᠨ ᠡᠷᠬᠡ ᠶ᠋ᠢ ᠠᠳᠬᠤᠭᠤᠯᠵᠠᠢ᠃ ᠬᠠᠭᠠᠨ ᠣᠷᠳᠣᠨ ᠢ᠋ᠶ᠋ᠠᠨ ᠶᠡᠬᠡ ᠭᠣᠪᠢ ᠶ᠋ᠢᠨ ᠬᠣᠢᠨ᠎ᠠ ᠬᠠᠷᠠᠬᠣᠷᠣᠮ ᠬᠣᠲᠠ ᠳ᠋ᠤ᠌ ᠪᠠᠢᠭᠤᠯᠵᠠᠢ᠃
ᠲᠣᠳᠣᠪᠣᠬ᠎ᠠ ᠲᠠᠢᠽᠦᠢ᠍ᠩ ᠬᠠᠭᠠᠨ
ᠶᠡᠬᠡ ᠬᠠᠲᠤᠨ ᠣᠢᠷᠠᠳ ᠤ᠋ᠨ ᠲᠣᠭᠣᠨ ᠲᠡᠢᠰᠢ ᠶ᠋ᠢᠨ ᠥᠬᠢᠨ᠂ ᠪᠠᠭ᠎ᠠ ᠬᠠᠲᠤᠨ ᠣᠢᠷᠠᠳ ᠤ᠋ᠨ ᠬᠠᠷᠢᠯᠤᠭᠤᠨ ᠠᠢᠮᠠᠭ ᠤ᠋ᠨ ᠴᠠᠪᠳᠠᠨ ᠤ᠋ ᠥᠬᠢᠨ ᠠᠯᠲᠠᠭᠠᠨ᠎ᠠ ᠠ᠋ᠴᠠ ᠮᠣᠯᠣᠨ ᠬᠦᠦ ᠲᠡᠢ ᠪᠣᠯᠤᠭᠰᠠᠨ ᠤ᠋ ᠳᠠᠷᠠᠭ᠎ᠠ ᠶᠡᠬᠡ ᠬᠠᠲᠤᠨ ᠠ᠋ᠴᠠ ᠠᠪᠲᠠᠨ ᠭᠡᠳᠡᠭ ᠬᠦᠦ ᠲᠥᠷᠥᠭᠡᠳ ᠶᠡᠬᠡ ᠬᠠᠲᠤᠨ ᠳ᠋ᠤ᠌ ᠪᠠᠨ ᠢᠯᠡᠭᠦᠦ ᠬᠠᠢᠷᠠᠲᠠᠢ ᠪᠣᠯᠵᠤ᠂ ᠰᠡᠭᠦᠯᠡᠷ ᠨᠢ ᠪᠠᠭ᠎ᠠ ᠬᠠᠲᠤᠨ ᠢ᠋ᠶ᠋ᠠᠨ ᠨᠣᠶᠠᠨ ᠬᠠᠯᠴᠠᠬᠠᠢ ᠲᠠᠢ ᠳᠣᠲᠣᠨᠣ ᠭᠡᠰᠡᠨ ᠬᠣᠪ ᠦᠭᠡᠨ ᠳ᠋ᠦ᠍ ᠢᠲᠡᠭᠡᠵᠦ᠂ ᠬᠠᠯᠴᠠᠬᠠᠢ ᠨᠣᠶᠠᠨ ᠢ᠋ ᠠᠯᠠᠵᠤ᠂ ᠪᠠᠭ᠎ᠠ ᠬᠠᠲᠤᠨ ᠢ᠋ᠶ᠋ᠠᠨ ᠮᠣᠯᠣᠨ ᠬᠦᠦ ᠲᠡᠢ ᠨᠢ ᠲᠥᠷᠬᠥᠮ ᠳ᠋ᠦ᠍ ᠨᠢ ᠪᠤᠴᠠᠭᠠᠵᠠᠢ᠃
1438—1448 ᠬᠦᠷᠲᠡᠯᠡᠬᠢ ᠠᠷᠪᠠᠨ ᠵᠢᠯ ᠳ᠋ᠦ᠍ ᠡᠰᠡᠨ ᠲᠠᠢᠰᠢ᠂ᠲᠣᠳᠣᠪᠣᠬ᠎ᠠ ᠲᠠᠢᠽᠦᠢ᠍ᠩ ᠬᠠᠭᠠᠨ
ᠵᠡᠭᠦᠨ ᠪᠠᠷᠠᠭᠤᠨ ᠢ᠋ ᠳᠠᠭᠠᠷᠢᠵᠤ ᠪᠠᠢᠯᠳᠤᠨ ᠮᠣᠩᠭᠣᠯ ᠢ᠋ ᠲᠦᠷ ᠨᠢᠭᠡᠳᠬᠡᠪᠡ᠃
1449 ᠣᠨ ᠳ᠋ᠤ᠌ ᠡᠰᠡᠨ ᠮᠢᠩ ᠤᠯᠤᠰ ᠢ᠋ ᠳᠣᠪᠲᠣᠯᠵᠤ᠂ᠲᠣᠳᠣᠪᠣᠬ᠎ᠠ ᠲᠠᠢᠽᠦᠢ᠍ᠩ ᠬᠠᠭᠠᠨ ᠭᠤᠷᠪᠠᠨ ᠭᠠᠵᠠᠷ ᠤ᠋ᠨ ᠶᠡᠬᠡ ᠴᠡᠷᠢᠭ ᠢ᠋ᠶ᠋ᠡᠷ ᠯᠢᠶᠣᠤᠳ᠋ᠦ᠋ᠩ ᠢ᠋ ᠳᠣᠪᠲᠣᠯᠤᠨ ᠰᠡᠲᠡᠯᠵᠦ ᠬᠥᠮᠦᠨ ᠮᠠᠯ ᠣᠯᠵᠠᠯᠠᠪᠠ᠃
ᠡᠰᠡᠨ ᠳ᠋ᠦ᠍ ᠮᠦ᠍ ᠪᠦ ᠭᠡᠳᠡᠭ ᠭᠠᠵᠠᠷ ᠲᠤ᠌ ᠮᠢᠩ ᠤᠯᠤᠰ ᠤ᠋ᠨ50 ᠲᠦᠮᠡᠨ ᠴᠡᠷᠢᠭ ᠢ᠋ ᠪᠤᠲᠠ ᠨᠢᠷᠭᠡᠵᠦ ᠢᠩᠽᠦᠢ᠍ᠩ ᠬᠠᠭᠠᠨ ᠢ᠋ ᠠᠮᠢᠳᠤ ᠪᠠᠷ ᠨᠢ ᠪᠠᠷᠢᠵᠠᠢ᠃ ᠪᠡᠭᠡᠵᠢᠩ ᠬᠣᠲᠠ ᠳ᠋ᠤ᠌ ᠭᠦᠨ ᠣᠷᠣᠵᠤ ᠲᠠᠯ᠎ᠠ ᠲᠠᠯ᠎ᠠ ᠪᠦᠷᠢ ᠡᠴᠡ ᠨᠢ ᠴᠣᠬᠢᠭᠰᠠᠨ ᠶᠠᠪᠤᠳᠠᠯ ᠳᠡᠭᠡᠷ᠎ᠡ ᠲᠣᠳᠣᠪᠣᠬ᠎ᠠ ᠲᠠᠢᠽᠦᠢ᠍ᠩ ᠬᠠᠭᠠᠨ ᠡᠰᠡᠨ ᠲᠡᠢ ᠠᠩᠬ᠎ᠠ ᠰᠠᠨᠠᠯ ᠵᠣᠷᠢᠵᠤ᠂ ᠴᠡᠷᠢᠭ ᠢ᠋ᠶ᠋ᠡᠨ ᠠᠪᠤᠨ ᠤᠮᠠᠷ᠎ᠠ ᠵᠦᠭ ᠪᠤᠴᠠᠭᠰᠠᠨ ᠨᠢ ᠮᠢᠩ ᠤᠯᠤᠰ ᠲᠠᠢ ᠬᠤᠪᠢ ᠪᠠᠷ ᠢ᠋ᠶ᠋ᠠᠨ ᠰᠠᠢᠨ ᠬᠠᠷᠢᠯᠴᠠᠭ᠎ᠠ ᠲᠣᠭᠲᠠᠭᠠᠵᠤ᠂ ᠮᠢᠩ ᠤᠯᠤᠰ ᠢ᠋ ᠠᠰᠢᠭᠯᠠᠨ ᠥᠪᠡᠷ ᠦ᠋ᠨ ᠡᠰᠡᠷᠭᠦ ᠬᠦᠴᠦᠷᠬᠡᠭᠵᠢᠨ ᠪᠣᠢ ᠡᠰᠡᠨ ᠢ᠋ ᠬᠢᠵᠠᠭᠠᠷᠯᠠᠬᠤ ᠭᠡᠰᠡᠨ ᠳᠠᠯᠳᠠ ᠰᠠᠨᠠᠭ᠎ᠠ ᠪᠠᠢᠪᠠ᠃
ᠮᠢᠩ ᠤᠯᠤᠰ ᠴᠤ᠌ ᠲᠡᠳᠡ ᠬᠣᠶᠠᠷ ᠤ᠋ᠨ ᠬᠣᠭᠣᠷᠣᠨᠳᠣᠬᠢ ᠵᠥᠷᠢᠴᠡᠯ ᠢ᠋ ᠠᠰᠢᠭᠯᠠᠵᠤ᠂ ᠶᠡᠬᠡ ᠬᠡᠮᠵᠢᠶᠡᠨ ᠦ᠌ ᠪᠡᠯᠡᠭ ᠢ᠋ ᠲᠣᠳᠣᠪᠣᠬ᠎ᠠ ᠲᠠᠢᠽᠦᠢ᠍ᠩ ᠬᠠᠭᠠᠨ ᠳ᠋ᠤ᠌ ᠬᠦᠷᠭᠡᠵᠦ
ᠵᠥᠷᠢᠴᠡᠯ ᠢ᠋ ᠤᠯᠠᠮ ᠬᠤᠷᠴᠠᠳᠬᠠᠪᠠ᠃
ᠲᠣᠳᠣᠪᠣᠬ᠎ᠠ ᠲᠠᠢᠽᠦᠢ᠍ᠩ ᠬᠠᠭᠠᠨ᠂ ᠡᠰᠡᠨ ᠦ᠌ ᠬᠠᠲᠤᠨ ᠡᠭᠡᠴᠢ ᠶ᠋ᠢᠨ ᠢ᠋ᠶ᠋ᠡᠨ ᠬᠦᠦ ᠠᠪᠲᠠᠨ ᠢ᠋ ᠬᠣᠩ ᠲᠠᠢᠵᠢ ᠪᠣᠯᠭᠠᠬᠤ ᠶ᠋ᠢ ᠵᠥᠪᠰᠢᠶᠡᠷᠡᠭᠰᠡᠨ ᠦᠭᠡᠢ ᠡᠴᠡ ᠲᠡᠳᠡ ᠬᠣᠶᠠᠷ ᠤ᠋ᠨ ᠵᠥᠷᠢᠴᠡᠯ ᠢ᠋ ᠪᠠᠰᠠ ᠨᠢᠭᠡ ᠠᠯᠬᠤᠮ ᠰᠢᠷᠦᠭᠦᠰᠬᠡᠵᠡᠢ ᠃
ᠲᠣᠳᠣᠪᠣᠬ᠎ᠠ ᠲᠠᠢᠽᠦᠢ᠍ᠩ ᠬᠠᠭᠠᠨ ᠳᠡᠭᠦᠦ ᠠᠭᠪᠠᠷᠵᠢᠨ ᠵᠢᠨᠦᠩ ᠦ᠋ᠨ ᠰᠢᠳᠠᠷ ᠴᠡᠷᠢᠭ ᠢ᠋ ᠬᠠᠭᠠᠨ ᠤ᠋ ᠮᠣᠷᠢ᠂ ᠬᠤᠶᠠᠭ ᠳᠤᠭᠤᠯᠠᠭ᠎ᠠ ᠬᠤᠯᠠᠭᠠᠢᠯᠠᠭᠰᠠᠨ ᠭᠡᠵᠦ ᠪᠠᠷᠢᠪᠴᠢᠯᠠᠭᠰᠠᠨ ᠤᠴᠢᠷ ᠠ᠋ᠴᠠ ᠠᠭᠪᠠᠷᠵᠢᠨ ᠵᠢᠨᠦᠩ ᠦ᠋ᠨ ᠳᠤᠷ᠎ᠠ ᠦᠭᠡᠢᠴᠡᠯ ᠢ᠋ ᠬᠦᠷᠭᠡᠵᠡᠢ᠃ ᠡᠰᠡᠨ ᠡᠨᠡᠬᠦ ᠵᠥᠷᠢᠴᠡᠯ ᠢ᠋ ᠠᠰᠢᠭᠯᠠᠨ ᠠᠭᠪᠠᠷᠵᠢᠨ ᠵᠢᠨᠦᠩ ᠢ᠋ ᠪᠦᠬᠦ ᠮᠣᠩᠭᠣᠯ ᠤᠯᠤᠰ ᠤ᠋ᠨ ᠬᠠᠭᠠᠨ ᠰᠢᠷᠡᠭᠡᠨ ᠳ᠋ᠦ᠍ ᠡᠷᠭᠦᠮᠵᠢᠯᠡᠵᠦ᠂ ᠥᠪᠡᠷ ᠢ᠋ᠶ᠋ᠡᠨ ᠲᠦᠰᠢᠮᠡᠯ ᠪᠣᠯᠬᠤ ᠪᠠᠷ ᠨᠢᠭᠤᠴᠠ ᠬᠡᠯᠡᠯᠴᠡᠭᠡᠷ ᠲᠣᠭᠲᠠᠭᠠᠵᠤ᠂ ᠳᠡᠭᠦᠦ ᠶ᠋ᠢ ᠨᠢ ᠪᠡᠶ᠎ᠡ ᠳ᠋ᠦ᠍ ᠪᠡᠨ ᠲᠠᠲᠠᠵᠠᠢ᠃
1452 ᠣᠨ ᠳ᠋ᠤ᠌ ᠡᠰᠡᠨ ᠲᠡᠢᠰᠢ ᠠᠭᠪᠠᠷᠵᠢᠨ ᠬᠣᠶᠠᠷ ᠬᠠᠷᠠᠬᠣᠷᠣᠮ ᠬᠣᠲᠠ ᠶ᠋ᠢ ᠪᠦᠰᠡᠯᠡᠨ ᠴᠣᠬᠢᠭᠰᠠᠨ ᠳ᠋ᠤ᠌ ᠲᠣᠳᠣᠪᠣᠬ᠎ᠠ ᠲᠠᠢᠽᠦᠢ᠍ᠩ ᠬᠠᠭᠠᠨ ᠠᠷᠭ᠎ᠠ ᠪᠤᠰᠤ ᠤᠬᠤᠷᠢᠨ ᠵᠢᠭᠤᠲᠠᠵᠤ ᠬᠠᠳᠠᠮ ᠴᠠᠪᠳᠠᠨ ᠤ᠋ ᠳ᠋ᠤ᠌ ᠳᠠᠭᠠᠭᠤᠯᠵᠤ ᠣᠴᠢᠭᠰᠠᠨ ᠠᠩᠬᠠᠪᠣᠯᠣᠳ᠂ ᠪᠠᠭᠠᠪᠣᠯᠣᠳ ᠠᠬ᠎ᠠ ᠳᠡᠭᠦᠦ ᠬᠣᠶᠠᠷ ᠤ᠋ᠨ ᠬᠠᠮᠲᠤ ᠬᠣᠣᠷᠯᠠᠭᠳᠠᠪᠠ᠃
ᠲᠣᠳᠣᠪᠣᠬ᠎ᠠ ᠲᠠᠢᠽᠦᠢ᠍ᠩ ᠬᠠᠭᠠᠨ
1439—1452 ᠣᠨ ᠬᠦᠷᠲᠡᠯ᠎ᠡ14 ᠵᠢᠯ ᠮᠣᠩᠭᠣᠯ ᠤᠯᠤᠰ ᠤ᠋ᠨ ᠬᠠᠭᠠᠨ ᠰᠢᠷᠡᠭᠡᠨ ᠳ᠋ᠦ᠍ ᠰᠠᠭᠤᠭᠠᠳ ᠢᠳᠡ ᠵᠠᠯᠠᠭᠤ31 ᠨᠠᠰᠤᠲᠠᠢ ᠳ᠋ᠤ᠌ ᠪᠠᠨ ᠥᠪᠡᠷ ᠦ᠋ᠨ ᠥᠷᠢᠰᠦᠯᠳᠦᠭᠴᠢ ᠡᠰᠡᠨ ᠲᠡᠢᠰᠢ᠂ ᠳᠡᠭᠦᠦ ᠠᠭᠪᠠᠷᠵᠢᠨ ᠵᠢᠨᠦᠩ ᠨᠠᠷ ᠲᠤ᠌ ᠳᠡᠢᠯᠦᠭᠳᠡᠨ ᠬᠠᠷᠠᠬᠣᠷᠣᠮ ᠬᠣᠲᠠ ᠪᠠᠨ ᠣᠷᠬᠢᠨ ᠶᠠᠪᠤᠭᠰᠠᠭᠠᠷ ᠣᠢᠷᠠᠳ ᠤ᠋ᠨ ᠴᠠᠪᠳᠠᠨ ᠳ᠋ᠤ᠌ ᠬᠣᠣᠷᠯᠠᠭᠳᠠᠨ ᠨᠠᠰᠤ ᠦᠷᠡᠭᠳᠡᠵᠡᠢ᠃
ᠢᠷᠡᠯᠲᠡ᠄《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠨᠠᠢᠷᠠᠭᠤᠯᠤᠨ ᠰᠣᠩᠭᠣᠵᠤ ᠰᠡᠢᠷᠡᠭᠦᠯᠪᠡ᠃
    ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ