ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠡᠷᠬᠢᠮᠯᠡᠨ ᠳᠡᠭᠡᠳᠦᠯᠡᠶ᠎ᠡ ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠡᠷᠬᠢᠮᠯᠡᠨ ᠳᠡᠭᠡᠳᠦᠯᠡᠶ᠎ᠡ

ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠡᠷᠬᠢᠮᠯᠡᠨ ᠳᠡᠭᠡᠳᠦᠯᠡᠶ᠎ᠡ

2025-10-13

84

1.ᠦᠵᠢᠶᠡᠳ ᠡᠷᠳᠡᠨᠢᠴᠡᠴᠡᠭ 
ᠰᠤᠳᠤᠷ ᠢ᠋ᠶ᠋ᠠᠨ ᠳᠡᠭᠡᠳᠦᠯᠡᠳᠡᠭ 
ᠰᠤᠷᠤᠭᠰᠠᠨ ᠢ᠋ᠶ᠋ᠠᠨ ᠪᠠᠲᠤᠳᠬᠠᠳᠠᠭ 
ᠰᠣᠶᠣᠯ ᠰᠤᠷᠲᠠᠯ ᠲᠠᠢ ᠶᠠᠪᠤᠴᠠᠭᠠᠳᠠᠭ᠃
ᠦᠭᠡ ᠬᠡᠯᠡ ᠪᠡᠨ ᠪᠠᠶᠠᠵᠢᠭᠤᠯᠳᠠᠭ 
ᠦᠰᠦᠭ ᠪᠢᠴᠢᠭ ᠢ᠋ᠶ᠋ᠡᠨ ᠬᠠᠮᠠᠭᠠᠯᠠᠳᠠᠭ
ᠦᠷ᠎ᠡ ᠤᠳᠤᠮ ᠢ᠋ᠶ᠋ᠠᠨ ᠦᠯᠡᠳᠡᠭᠡᠳᠡᠭ
ᠦᠨᠳᠦᠰᠦ ᠲᠡᠢ ᠮᠣᠩᠭᠣᠯ ᠤᠬᠠᠭᠠᠨ᠃
ᠪᠠᠯᠴᠢᠭ ᠠ᠋ᠴᠠ ᠯᠢᠩᠬᠤ᠎ᠠ ᠳᠡᠯᠭᠡᠷᠡᠳᠡᠭ
ᠪᠠᠷᠢᠭᠤ ᠭᠤᠲᠤᠯ ᠬᠥᠯ ᠪᠠᠷᠢᠳᠠᠭ
ᠪᠠᠷᠢᠶ᠎ᠠ ᠴᠥᠷᠬᠦᠭᠡ ᠪᠡᠷ ᠰᠤᠷᠭᠠᠳᠠᠭ᠃
2. ᠭᠠᠸᠠ
ᠬᠡᠯᠡ ᠪᠡᠨ ᠬᠡᠷᠡᠭᠯᠡᠬᠦ ᠡᠰᠡᠬᠦ ᠨᠢ ᠴᠢᠳᠠᠪᠤᠷᠢ ᠶ᠋ᠢᠨ ᠠᠰᠠᠭᠤᠳᠠᠯ ᠪᠢᠰᠢ᠂ ᠤᠬᠠᠮᠰᠠᠷ ᠤ᠋ᠨ ᠠᠰᠠᠭᠤᠳᠠᠯ᠃
3. ᠠᠯᠲᠠᠨᠴᠢᠮᠡᠭ
ᠦᠭᠡ ᠬᠡᠯᠡ ᠪᠡᠨ ᠣᠷᠬᠢᠬᠤ ᠶᠤᠮ ᠪᠣᠯ
ᠤᠳᠤᠮ ᠤᠭᠰᠠᠭ᠎ᠠ ᠴᠥᠭᠡᠷᠡᠵᠦ ᠳᠤᠲᠠᠨ᠎ᠠ
ᠥᠪᠡᠷ ᠦ᠋ᠨ ᠦᠰᠦᠭ ᠢ᠋ᠶ᠋ᠡᠨ ᠰᠤᠷᠬᠤ ᠦᠭᠡᠢ ᠶᠦᠮ ᠪᠣᠯ
ᠦᠨᠳᠦᠰᠦᠲᠡᠨ ᠶᠠᠰᠤᠲᠠᠨ ᠮᠥᠬᠥᠵᠦ ᠳᠠᠭᠤᠰᠬᠤ ᠪᠣᠯᠤᠨ᠎ᠠ᠃
4. ᠨᠠᠮᠵᠢᠯ
ᠨᠢᠭᠡᠨ ᠦᠨᠳᠦᠰᠦᠲᠡᠨ ᠦ᠌ ᠪᠤᠰᠤᠳ ᠠ᠋ᠴᠠ ᠢᠯᠭᠠᠭᠳᠠᠬᠤ ᠳᠣᠪᠣᠢᠭᠰᠠᠨ ᠨᠢᠭᠡ ᠢᠯᠭᠠᠭ᠎ᠠ ᠭᠡᠪᠡᠯ᠂ ᠥᠪᠡᠷ ᠦ᠋ᠨ ᠭᠡᠰᠡᠨ ᠦᠭᠡ ᠬᠡᠯᠡ᠂ ᠦᠰᠦᠭ ᠪᠢᠴᠢᠭ ᠲᠡᠢ ᠪᠠᠢᠬᠤ ᠳ᠋ᠤ᠌ ᠣᠷᠣᠰᠢᠨ᠎ᠠ᠃
5. ᠸᠢᠢᠰᠢᠩᠬᠤᠸᠠᠷ
ᠵᠦᠢᠷ ᠰᠡᠴᠡᠨ ᠦᠭᠡ
ᠣᠯᠪᠣᠭ ᠳᠡᠭᠡᠷ᠎ᠡ ᠰᠠᠭᠤᠭᠰᠠᠨ ᠮᠡᠷᠭᠡᠨ ᠡᠴᠡ
ᠣᠯᠠᠨ ᠢ᠋ ᠲᠣᠭᠣᠷᠢᠭᠰᠠᠨ ᠲᠡᠨᠡᠭ ᠳᠡᠭᠡᠷ᠎ᠡ
ᠪᠦᠭᠦᠳᠡ ᠪᠡᠷ ᠵᠥᠪᠯᠡᠪᠡᠯ ᠭᠡᠮ ᠦᠭᠡᠢ
ᠪᠦᠯᠢᠶᠡᠨ ᠤᠰᠤ ᠪᠠᠷ ᠤᠬᠢᠶᠠᠪᠠᠯ ᠭᠬᠢᠷ ᠦᠭᠡᠢ᠃
ᠠᠮᠢᠨ ᠬᠡᠯᠡᠨ ᠦ᠌ ᠡᠳᠦᠷ ᠦ᠋ᠨ ᠠᠮᠤᠷ ᠠᠮᠤᠭᠤᠯᠠᠩ ᠠᠢᠯᠠᠳᠬᠠᠶ᠎ᠠ!
6. ᠪᠠᠶᠠᠨᠬᠠᠩᠭᠠᠢ ᠄
ᠪᠦᠷᠭᠦᠳ ᠦ᠋ᠨ ᠨᠢᠳᠦ ᠪᠡᠷ ᠲᠠᠯ᠎ᠠ ᠪᠠᠨ ᠪᠠᠷᠠᠯᠠᠵᠤ᠂
ᠴᠢᠨᠣ᠎ᠠ ᠶ᠋ᠢᠨ ᠵᠣᠷᠢᠭ ᠢ᠋ᠶ᠋ᠠᠷ ᠨᠤᠲᠤᠭ ᠢ᠋ᠶ᠋ᠠᠨ ᠰᠠᠬᠢᠨ᠎ᠠ᠃
7. ᠰᠡᠴᠡᠨᠪᠠᠭᠠᠳᠤᠷ
ᠡᠳᠦᠷ ᠪᠣᠯᠭᠠᠨ ᠮᠣᠩᠭᠣᠯ ᠦᠰᠦᠭ ᠪᠢᠴᠢᠭ ᠢ᠋ᠶ᠋ᠡᠨ ᠪᠢᠴᠢᠶ᠎ᠡ᠂ ᠴᠢᠷᠮᠠᠢᠨ ᠰᠤᠷᠤᠯᠴᠠᠶ᠎ᠠ᠃
8. ᠬᠠᠰᠠᠠᠭᠣᠯᠠ
ᠰᠠᠢᠨ ᠤᠤ ᠭᠡᠵᠦ ᠲᠠᠨ ᠲᠠᠢ ᠮᠡᠨᠳᠦᠯᠡᠶ᠎ᠡ! ᠰᠠᠢᠨ ᠭᠡᠵᠦ ᠥᠴᠢᠭ ᠢ᠋ ᠴᠢᠨᠢ ᠰᠣᠨᠣᠰᠤᠶ᠎ᠠ! ᠢᠩᠭᠢᠵᠦ ᠠᠭᠤᠯᠵᠠᠭᠰᠠᠨ ᠬᠣᠶᠠᠷ ᠬᠥᠮᠦᠨ ᠢ᠋ ᠡᠨᠡ ᠳᠡᠯᠡᠬᠡᠢ ᠮᠣᠩᠭᠣᠯ ᠭᠡᠳᠡᠭ᠂ ᠢᠩᠭᠢᠵᠦ ᠬᠡᠯᠡᠭᠰᠡᠨ ᠬᠣᠶᠠᠷ ᠦᠭᠡ ᠶ᠋ᠢ ᠴᠦ᠍ ᠡᠨᠡ ᠳᠡᠯᠡᠬᠡᠢ ᠮᠣᠩᠭᠣᠯ ᠭᠡᠳᠡᠭ᠁
( ᠨᠠ᠊᠂ ᠥᠯᠵᠡᠢᠳᠡᠯᠭᠡᠷ ᠦ᠋ᠨ ᠰᠢᠯᠦᠭ ᠡᠴᠡ)
9. ᠨᠤᠮᠤᠴᠢᠨ ᠪᠢᠯᠢᠭ
ᠵᠣᠪᠠᠵᠤ ᠦᠵᠡᠭᠰᠡᠨ ᠬᠥᠮᠦᠨ ᠦᠷᠦ ᠵᠥᠭᠡᠯᠡᠨ᠂ ᠨᠢᠯᠪᠤᠰᠤ ᠣᠢᠷᠠᠬᠠᠨ᠂ ᠪᠤᠰᠤᠳ ᠲᠤ᠌ ᠲᠤᠰᠠᠯᠠᠬᠤ ᠶᠤᠮᠰᠠᠨ᠂ ᠪᠤᠰᠤᠳ ᠢ᠋ ᠭᠣᠮᠣᠳᠠᠭᠠᠴᠢᠬᠠᠬᠤ ᠦᠭᠡᠢ ᠶᠤᠮᠰᠠᠨ ᠭᠡᠰᠡᠨ ᠴᠢᠩ ᠰᠡᠳᠬᠢᠯ ᠲᠡᠢ ᠪᠠᠢᠳᠠᠭ ᠶᠤᠮ᠃
ᠬᠥᠮᠦᠨ ᠠᠵᠢᠯ ᠦᠭᠡᠢ ᠪᠠᠢᠬᠤ ᠲᠣᠰᠤᠮ ᠢ᠋ᠶ᠋ᠠᠨ ᠯᠠ ᠶᠠᠳᠠᠷᠠᠳᠠᠭ᠂ ᠬᠥᠮᠦᠨ ᠠᠵᠢᠯᠯᠠᠬᠤ ᠲᠣᠰᠤᠮ ᠢ᠋ᠶ᠋ᠠᠨ ᠯᠠ ᠰᠡᠷᠭᠦᠳᠡᠭ᠃ ᠠᠵᠢᠯ ᠪᠦᠲᠦᠭᠡᠯ ᠳ᠋ᠦ᠍ ᠥᠪᠡᠷ ᠢ᠋ ᠪᠡᠨ ᠳᠠᠰᠬᠠᠶ᠎ᠠ᠃
10. ᠰᠣᠨᠢᠨᠴᠡᠴᠡᠭ
ᠮᠣᠩᠭᠣᠯ ᠬᠡᠯᠡ ᠮᠢᠨᠢ ᠥᠨᠢᠳᠡ ᠣᠷᠣᠰᠢᠬᠤ ᠪᠣᠯᠲᠤᠭᠠᠢ!
ᠦᠭᠡ ᠬᠡᠯᠡ ᠠᠭᠤᠤ ᠶᠡᠬᠡ᠂ ᠮᠣᠩᠭᠣᠯ ᠬᠡᠯᠡᠨ ᠦ᠌ ᠬᠦᠴᠦᠨ ᠬᠢᠵᠠᠭᠠᠯᠠᠰᠢ ᠦᠭᠡᠢ!
11. ᠴᠠᠬᠠᠷ ᠪᠠᠲᠤ
ᠬᠥᠮᠦᠨ ᠢ᠋ ᠠᠷᠭ᠎ᠠ ᠪᠠᠷ
ᠬᠦᠯᠦᠭ ᠢ᠋ ᠤᠷᠭ᠎ᠠ ᠪᠠᠷ᠃
12. ᠭᠠᠩᠰᠥ᠋ᠬᠡ
ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠡᠷᠬᠢᠮᠯᠡᠨ ᠳᠡᠭᠡᠳᠦᠯᠡᠶ᠎ᠡ᠃
13. ᠡᠷᠳᠡᠨᠢᠰᠤᠪᠤᠳ
ᠬᠥᠮᠦᠨ ᠶᠠᠪᠤᠪᠠᠯ ᠨᠡᠷ᠎ᠡ ᠪᠡᠨ
ᠭᠠᠯᠠᠭᠤ ᠶᠠᠪᠤᠪᠠᠯ ᠳᠠᠭᠤ ᠪᠠᠨ᠃
14. ᠠᠯᠲᠠᠨᠨᠠᠪᠴᠢ
ᠴᠠᠭ ᠴᠠᠭ ᠢ᠋ᠶ᠋ᠠᠷ ᠢ᠋ᠶ᠋ᠠᠨ ᠪᠠᠢᠳᠠᠭ ᠦᠭᠡᠢ
ᠴᠠᠬᠢᠯᠳᠠᠭ ᠬᠥᠬᠡ ᠪᠡᠷ ᠢ᠋ᠶ᠋ᠡᠨ ᠪᠠᠢᠳᠠᠭ ᠦᠭᠡᠢ᠃
ᠢᠳᠡᠭᠰᠡᠨ ᠡᠷᠡᠦ ᠬᠤᠪᠠᠬᠠᠢᠷᠠᠵᠤ
ᠢᠳᠡᠭᠳᠡᠭᠰᠡᠨ ᠳᠣᠪᠣ ᠨᠣᠭᠣᠭᠠᠷᠠᠨ᠎ᠠ᠃
15. ᠨᠠᠷᠠᠨᠲᠣᠭᠣᠰ
ᠴᠢᠷᠮᠠᠢᠯᠭ᠎ᠠ ᠬᠥᠮᠦᠨ ᠢ᠋ ᠭᠣᠮᠣᠳᠠᠬᠤ ᠦᠭᠡᠢ ᠭᠡᠳᠡᠭ ᠰᠢᠦ᠂ ᠴᠢᠷᠮᠠᠢᠵᠤ ᠯᠠ ᠪᠠᠢᠪᠠᠯ ᠠᠮᠵᠢᠯᠲᠠ ᠣᠯᠬᠤ ᠶᠤᠮ᠃
16. ᠢᠯᠠᠯᠲᠠ
ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠪᠡᠯ ᠪᠤᠴᠠᠬᠤ ᠵᠠᠮ ᠳ᠋ᠠᠭᠠᠨ ᠴᠢᠯᠠᠭᠤ ᠲᠡᠭᠡᠭᠡᠨ᠎ᠡ᠃ ᠪᠣᠳᠣᠭᠰᠠᠨ ᠠᠷᠪᠠ ᠠ᠋ᠴᠠ ᠪᠦᠲᠦᠭᠡᠭᠰᠡᠨ ᠨᠢᠭᠡ ᠳᠡᠭᠡᠷ᠎ᠡ᠃
17. ᠴᠢᠨᠳᠠᠮᠤᠨᠢ
ᠨᠢᠭᠡ ᠬᠥᠮᠦᠨ ᠦ᠌ ᠤᠬᠠᠭᠠᠨ ᠢ᠋ ᠵᠠᠷᠤᠵᠤ ᠬᠦᠷᠬᠦ ᠦᠭᠡᠢ᠂ ᠬᠣᠶᠠᠷ ᠬᠥᠮᠦᠨ ᠦ᠌ ᠤᠬᠠᠭᠠᠨ ᠢ᠋ ᠵᠠᠷᠤᠵᠤ ᠪᠠᠷᠠᠬᠤ ᠦᠭᠡᠢ
18. ᠣᠶᠣᠩᠭᠣᠣ᠎ᠠ
ᠠᠪᠤ ᠪᠣᠯ ᠠᠢᠯ ᠭᠡᠷ ᠦ᠋ᠨ ᠠᠯᠲᠠᠨ ᠨᠠᠷᠠᠨ᠂ ᠡᠵᠢ ᠪᠣᠯ ᠠᠮᠢᠳᠤᠷᠠᠯ ᠤ᠋ᠨ ᠮᠥᠩᠭᠥᠨ ᠰᠠᠷᠠᠨ᠃
19. ᠴᠢ · ᠤᠷᠠᠨᠴᠡᠴᠡᠭ
ᠬᠤᠨᠳᠠᠭ᠎ᠠ ᠪᠠᠨ ᠭᠠᠳᠠᠭᠰᠢ ᠪᠠᠨ ᠡᠷᠭᠦᠭᠡᠳ
ᠬᠢᠲᠤᠭ᠎ᠠ ᠪᠠᠨ ᠳᠣᠲᠣᠭᠰᠢ ᠪᠠᠨ ᠲᠥᠷᠥᠭᠡᠳ᠃
20. ᠰᠡᠴᠡᠨᠪᠠᠭᠠᠳᠤᠷ
ᠳᠠᠶᠠᠭᠠᠷ ᠢ᠋ᠶ᠋ᠠᠨ ᠰᠠᠢᠨ ᠪᠠᠢᠨ᠎ᠠ ᠤᠤ? ᠦᠰᠦᠭ ᠪᠢᠴᠢᠭ ᠢ᠋ᠶ᠋ᠡᠨ ᠪᠢᠴᠢᠵᠦ ᠰᠤᠷᠤᠯᠴᠠᠵᠤ᠂ᠮᠣᠩᠭᠣᠯ ᠦᠰᠦᠭ ᠪᠢᠴᠢᠭ ᠢ᠋ᠶ᠋ᠡᠨ ᠴᠢᠷᠮᠠᠢᠨ ᠪᠢᠴᠢᠶ᠎ᠡ᠃
21. ᠠᠶᠣᠷᠽᠠᠨ᠎ᠠ
ᠦᠭᠡ ᠬᠡᠯᠡ ᠣᠷᠬᠢᠵᠤ ᠪᠣᠯᠣᠰᠢ ᠦᠭᠡᠢ᠂ ᠦᠨᠳᠦᠰᠦᠲᠡᠨ ᠦ᠌ ᠪᠡᠯᠭᠡ ᠲᠡᠮᠳᠡᠭ᠃
ᠦᠰᠦᠭ ᠪᠢᠴᠢᠭ ᠠᠯᠳᠠᠵᠤ ᠪᠣᠯᠣᠰᠢ ᠦᠭᠡᠢ᠂ ᠰᠣᠶᠣᠯ ᠤ᠋ᠨ ᠠᠯᠲᠠᠨ ᠲᠦᠯᠬᠢᠭᠦᠷ᠃
ᠥᠪᠡᠷ ᠦ᠋ᠨ ᠶᠠᠭᠤᠮ᠎ᠠ ᠪᠠᠨ ᠭᠣᠯᠣᠵᠤ ᠪᠣᠯᠬᠤ ᠦᠭᠡᠢ᠂ ᠶᠠᠭᠤᠨ ᠠ᠋ᠴᠠ ᠴᠤ᠌ ᠦᠨᠡᠲᠡᠢ ᠡᠷᠳᠡᠨᠢ᠃
ᠦᠨᠳᠦᠰᠦ ᠤᠭᠰᠠᠭ᠎ᠠ ᠲᠠᠰᠤᠷᠠᠵᠤ ᠪᠣᠯᠬᠤ ᠦᠭᠡᠢ᠂ ᠮᠥᠩᠬᠡ ᠶ᠋ᠢᠨ ᠭᠠᠯ ᠭᠣᠯᠣᠮᠲᠠ᠃
22. ᠣᠳᠣᠨᠲᠤᠶᠠᠭ᠎ᠠ
ᠰᠠᠨᠠᠭ᠎ᠠ ᠰᠡᠳᠬᠢᠯ ᠢ᠋ᠶ᠋ᠡᠨ ᠲᠠᠢᠪᠤᠩ ᠪᠠᠢᠬᠤ ᠪᠣᠯ ᠬᠥᠮᠦᠨ ᠦ᠌ ᠠᠮᠵᠢᠯᠲᠠ ᠬᠦᠷᠬᠦ ᠶ᠋ᠢᠨ ᠲᠡᠷᠢᠭᠦᠨ ᠨᠥᠬᠥᠴᠡᠯ!
ᠪᠤᠰᠤᠳ ᠤ᠋ᠨ ᠵᠣᠪᠠᠭᠰᠠᠨ ᠢ᠋᠂ ᠠᠯᠳᠠᠭᠰᠠᠨ ᠢ᠋ ᠪᠢᠲᠡᠭᠡᠢ ᠶᠠᠷᠢᠵᠤ ᠪᠠᠢ᠂ ᠬᠥᠮᠦᠨ ᠢ᠋ ᠪᠠᠢᠲᠤᠭᠠᠢ᠂ ᠥᠪᠡᠷ ᠢ᠋ ᠪᠡᠨ ᠴᠦ᠍ ᠶᠠᠭᠠᠬᠢᠵᠤ ᠶᠠᠪᠤᠬᠤ ᠶ᠋ᠢ ᠮᠡᠳᠡᠬᠦ ᠦᠭᠡᠢ ᠬᠣᠷᠸ᠎ᠠ ᠰᠢᠦ ᠳᠡ᠁
ᠮᠠᠭᠤ ᠵᠤᠷᠰᠢᠯ ᠢ᠋ᠶ᠋ᠠᠨ ᠴᠢ ᠦᠭᠡᠢ ᠬᠢᠬᠦ ᠦᠭᠡᠢ ᠪᠣᠯ ᠮᠠᠭᠤ ᠵᠤᠷᠰᠢᠯ ᠴᠢᠨᠢ ᠴᠢᠮᠠᠶ᠋ᠢ ᠦᠭᠡᠢ ᠬᠢᠨ᠎ᠡ᠃
23.ᠤᠤᠭᠠᠨᠵᠢᠳ
ᠵᠢᠪᠡ ᠵᠢᠩᠬᠢᠨᠢ ᠡᠷᠬᠡ ᠴᠢᠯᠥᠭᠡ ᠦᠨᠡᠨᠳᠡᠭᠡᠨ ᠳᠣᠲᠣᠭᠠᠳᠤ ᠰᠡᠳᠬᠢᠯ ᠦ᠋ᠨ ᠠᠮᠤᠷ ᠠᠮᠤᠭᠤᠯᠠᠩ ᠪᠣᠯᠤᠨ᠎ᠠ᠃
ᠠᠵᠠ ᠵᠢᠷᠭᠠᠯ ᠭᠡᠳᠡᠭ ᠪᠣᠯ ᠠᠮᠢᠳᠤᠷᠠᠯ ᠢ᠋ ᠵᠥᠪ ᠥᠨᠴᠥᠭ ᠡᠴᠡ ᠬᠠᠷᠠᠬᠤ ᠣᠶᠤᠨ ᠤᠬᠠᠭᠠᠨ ᠤ᠋ ᠬᠠᠨᠳᠤᠯᠭ᠎ᠠ ᠶᠤᠮ᠃
24. ᠰᠣᠨᠢᠨᠴᠡᠴᠡᠭ
ᠮᠣᠩᠭᠣᠯ ᠰᠣᠶᠣᠯ ᠮᠢᠨᠢ ᠡᠭᠦᠷᠢᠳᠡ ᠣᠷᠣᠰᠢᠬᠤ ᠪᠣᠯᠲᠤᠭᠠᠢ!ᠥᠩᠭᠡᠲᠦ ᠶᠢᠷᠲᠢᠨᠴᠦ ᠳ᠋ᠦ᠍ ᠰᠠᠢᠬᠠᠨ ᠭᠠᠵᠠᠷ ᠣᠯᠠᠨ ᠪᠣᠢ᠂ ᠥᠯᠥᠭᠡᠢ ᠨᠤᠲᠤᠭ ᠠ᠋ᠴᠠ ᠮᠢᠨᠢ ᠰᠠᠢᠬᠠᠨ ᠭᠠᠵᠠᠷ ᠦᠭᠡᠢ᠃ ( — ᠪ· ᠷᠢᠨᠴᠢᠨ)
25. ᠵᠢᠩᠯᠢᠬᠣᠸᠠᠷ
ᠬᠥᠬᠡ ᠮᠣᠩᠭᠣᠯ ᠤ᠋ᠨ ᠥᠨᠳᠥᠷᠯᠢᠭ
ᠭᠠᠵᠠᠷ ᠲᠩᠷᠢ ᠶ᠋ᠢᠨ ᠬᠣᠷᠮᠣᠢ ᠵᠠᠯᠭᠠᠭᠠᠳ
ᠭᠠᠩᠭᠠᠩ ᠬᠤᠨ ᠰᠢᠭ᠋ ᠮᠣᠩᠭᠣᠯ ᠭᠡᠷ ᠦ᠋ᠳ ᠴᠠᠢᠯᠵᠠᠭᠰᠠᠨ
ᠪᠤᠭᠤᠷᠤᠯ ᠬᠠᠰᠠᠭ ᠨᠠᠷᠠᠨ ᠤ᠋ ᠳᠣᠣᠷ᠎ᠠ ᠴᠢᠷᠦᠭᠦᠯᠦᠭᠡᠳ
ᠪᠤᠶᠠᠨᠲᠤ ᠥᠨᠳᠥᠷ ᠣᠪᠣᠭ᠎ᠠ ᠮᠢᠨᠢ ᠨᠤᠲᠤᠭ ᠢ᠋ᠶ᠋ᠠᠨ ᠰᠠᠬᠢᠭᠰᠠᠨ᠃
26. ᠴᠠᠬᠠᠷ ᠪᠠᠲᠤ
ᠵᠠᠶᠠᠭ᠎ᠠ ᠳ᠋ᠤ᠌ ᠪᠠᠨ ᠢᠲᠡᠭᠡᠬᠦ ᠶ᠋ᠢᠨ ᠣᠷᠣᠨ ᠳ᠋ᠤ᠌
ᠵᠣᠷᠢᠭ ᠲᠤ᠌ ᠪᠠᠨ ᠢᠲᠡᠭᠡᠵᠦ ᠶᠠᠪᠤ᠃
27. ᠠᠯᠲᠠᠨᠴᠢᠮᠡᠭ
ᠮᠣᠩᠭᠣᠯ ᠮᠣᠷᠢᠨ ᠤ᠋ ᠵᠢᠪᠬᠤᠭ᠎ᠠ
ᠮᠣᠩᠭᠣᠯ ᠲᠦᠮᠡᠨ ᠦ᠌ ᠮᠢᠨᠢ ᠬᠡᠢᠮᠣᠷᠢ ᠳᠡᠯᠭᠡᠷᠡᠲᠦᠭᠡᠢ᠃
ᠡᠷᠲᠡ ᠳᠡᠭᠡᠳᠦ ᠡᠴᠡ ᠠᠯᠳᠠᠷᠲᠠᠢ ᠮᠣᠩᠭᠣᠯ ᠮᠣᠷᠢ
ᠡᠵᠡᠨ ᠴᠢᠩᠭᠢᠰ ᠦ᠋ᠨ ᠬᠦᠯᠦᠭ ᠶᠦᠮ᠃
ᠡᠷᠬᠢᠮ ᠠᠯᠳᠠᠷ ᠢ᠋ᠶ᠋ᠠᠨ ᠮᠠᠨᠳᠤᠭᠤᠯᠤᠭᠰᠠᠨ
ᠮᠣᠩᠭᠣᠯ ᠮᠣᠷᠢᠨ ᠤ᠋ ᠤᠭᠰᠠᠭ᠎ᠠ ᠶᠤᠮ᠃
ᠪᠣᠭᠣᠯᠴᠢᠯᠠᠭᠳᠠᠭᠰᠠᠨ ᠮᠥᠷᠲᠡᠯ᠎ᠡ ᠪᠡᠨ ᠥᠪᠡᠷᠰᠡᠳ ᠢ᠋ ᠪᠡᠨ ᠡᠷᠬᠡ ᠴᠢᠯᠥᠭᠡ ᠲᠡᠢ ᠪᠠᠢᠭ᠎ᠠ ᠪᠠᠷ ᠮᠤᠩᠬᠠᠭᠯᠠᠨ ᠢᠲᠡᠭᠡᠭᠰᠡᠳ ᠡᠴᠡ ᠨᠡᠩ ᠢᠯᠡᠭᠦᠦ ᠠᠪᠤᠷᠠᠯᠲᠠ ᠦᠭᠡᠢ ᠪᠣᠯᠴᠢᠬᠠᠭᠰᠠᠨ ᠬᠥᠮᠦᠰ ᠪᠠᠢᠳᠠᠭ ᠦᠭᠡᠢ ᠶᠦᠮ᠃
ᠬᠢᠲᠠᠳ ᠬᠡᠯᠡ ᠲᠠᠪᠤᠨ ᠲᠦᠮᠡᠨ ᠦᠭᠡ ᠲᠡᠢ᠂ ᠠᠩᠭ᠌ᠯᠢ ᠬᠡᠯᠡ ᠲᠠᠪᠢᠨ ᠲᠦᠮᠡᠨ ᠦᠭᠡ ᠲᠡᠢ᠂ ᠭᠡᠲᠡᠯ᠎ᠡ ᠮᠢᠨᠦ ᠢᠷᠠᠭᠤ ᠮᠣᠩᠭᠣᠯ ᠬᠡᠯᠡ ᠭᠤᠷᠪᠠᠨ ᠵᠠᠭᠤᠨ ᠢᠵᠠᠭᠤᠷ ᠦᠭᠡ᠂ ᠭᠤᠷᠪᠠᠨ ᠮᠢᠩᠭᠠᠨ ᠵᠠᠯᠭᠠᠮᠠᠯ ᠦᠶ᠎ᠡ ᠡᠴᠡ ᠶᠡᠷᠡᠨ ᠲᠦᠮᠡᠨ ᠦᠭᠡ ᠪᠦᠲᠦᠳᠡᠭ ᠮᠤᠨᠳᠠᠭ ᠬᠡᠯᠡ᠂ ᠲᠩᠷᠢᠯᠢᠭ ᠬᠡᠯᠡ!
28.ᠳᠠᠯᠠᠨᠲᠠᠢ
ᠬᠥᠮᠦᠨ ᠦ᠌ ᠰᠡᠳᠬᠢᠯ ᠳ᠋ᠦ᠍ ᠨᠠᠷᠠ ᠮᠠᠨᠳᠤᠭᠤᠯᠵᠤ
ᠪᠣᠳᠣᠯ ᠳ᠋ᠤ᠌ ᠨᠢ ᠴᠡᠴᠡᠭ ᠤᠷᠭᠤᠭᠤᠯᠵᠤ
ᠬᠦᠰᠡᠯ ᠳ᠋ᠦ᠍ ᠨᠢ ᠬᠦᠴᠦ ᠨᠡᠮᠡᠨ᠎ᠡ ᠭᠡᠳᠡᠭ
ᠬᠠᠮᠤᠭ ᠤ᠋ᠨ ᠰᠠᠢᠬᠠᠨ ᠪᠤᠶᠠᠨ ᠶᠤᠮ᠃
29.ᠠᠷᠢᠭᠤᠨ᠎ᠠ
ᠦᠭᠡ ᠶ᠋ᠢᠨ ᠰᠠᠢᠬᠠᠨ ᠨᠢ ᠦᠨᠡᠨ ᠭᠣᠣᠯᠴᠢ
ᠡᠷᠦᠬᠡ ᠶ᠋ᠢᠨ ᠰᠠᠢᠬᠠᠨ ᠨᠢ ᠥᠨᠢᠷ ᠪᠠᠶᠠᠨ᠃
ᠱᠠᠭᠠᠷᠳᠠᠯᠭ᠎ᠠ ᠴᠢᠩᠭ᠎ᠠ ᠪᠣᠯ ᠬᠠᠢᠷ᠎ᠠ
ᠰᠠᠨᠠᠭ᠎ᠠ ᠪᠠᠷ ᠨᠢ ᠲᠠᠯᠪᠢᠪᠠᠯ ᠬᠣᠣᠷ᠃
ᠮᠠᠭᠤ ᠬᠥᠮᠦᠨ ᠪᠡᠶ᠎ᠡ ᠪᠡᠨ ᠭᠤᠷᠪᠠ ᠵᠠᠷᠤᠨ᠎ᠠ
ᠮᠠᠭᠤ ᠤᠬᠠᠭᠠᠨ ᠪᠡᠶ᠎ᠡ ᠪᠡᠨ ᠭᠤᠷᠪᠠ ᠣᠷᠢᠶᠠᠨ᠎ᠠ᠃
30. ᠨᠠᠪᠴᠢ
《ᠠᠮᠢᠳᠤ ᠳ᠋ᠠᠭᠠᠨ ᠪᠡᠶ᠎ᠡ ᠪᠡᠶ᠎ᠡ ᠪᠡᠨ ᠬᠠᠢᠷᠠᠯᠠ》 ᠸᠴᠢᠷᠪᠠᠲᠤ ᠶ᠋ᠢᠨ ᠳᠠᠰᠢᠪᠠᠯᠪᠠᠷ
ᠠᠵᠠ ᠵᠢᠷᠭᠠᠯ ᠢ᠋ ᠪᠢ ᠰᠡᠳᠬᠢᠯ ᠦ᠋ᠨ ᠭᠠᠯ ᠢ᠋ᠶ᠋ᠠᠷ ᠲᠥᠰᠦᠭᠡᠯᠡᠳᠡᠭ ᠪᠣᠯᠬᠣᠷ
ᠠᠯᠲᠠᠨ ᠨᠠᠷᠠᠨ ᠭᠡᠷᠡᠯ ᠢ᠋ᠶ᠋ᠡᠨ ᠠᠪ ᠠᠳᠠᠯᠢᠬᠠᠨ ᠬᠠᠢᠷᠠᠯᠠᠳᠠᠭ ᠪᠣᠯᠬᠣᠷ
ᠠᠮᠢᠳᠤ ᠶᠠᠪᠤᠬᠤ ᠶ᠋ᠢ ᠪᠢ ᠬᠠᠢᠷ᠎ᠠ ᠪᠠᠨ ᠲᠦᠭᠡᠭᠡᠬᠦ ᠶ᠋ᠢᠨ ᠨᠡᠷ᠎ᠡ ᠭᠡᠵᠦ ᠪᠣᠳᠣᠨᠠᠮ᠃
31. ᠯᠢ ᠰᠢᠶᠠᠩ
《 ᠬᠠᠢᠷ᠎ᠠ ᠶ᠋ᠢᠨ ᠬᠥᠮᠦᠵᠢᠯ》 ᠮᠥᠩᠵᠤᠯᠠ ᠬᠥᠬᠡᠨᠠᠷᠠᠰᠤ ᠣᠷᠴᠢᠭᠤᠯᠪᠠ᠃
ᠬᠠᠪᠤᠷ ᠳᠥᠷᠪᠡᠨ ᠰᠠᠷ᠎ᠠ ᠶ᠋ᠢᠨ ᠨᠢᠭᠡᠨ ᠪᠣᠯᠵᠤ ᠠᠢᠯᠴᠢᠯᠠᠨ ᠢᠷᠡᠯ᠎ᠡ᠃ ᠡᠨᠡ ᠪᠣᠯ ᠨᠢᠭᠡ ᠵᠢᠯ ᠦ᠋ᠨ ᠬᠠᠮᠤᠭ ᠤ᠋ᠨ ᠪᠠᠶᠠᠷᠲᠤ ᠤᠯᠠᠷᠢᠯ᠃
ᠺᠡᠷᠦᠨ ᠠᠨᠲ᠋ᠤᠨᠢ ᠶ᠋ᠢ ᠪᠠᠷᠤᠭ ᠢᠯᠡᠷᠢᠰᠢᠭᠰᠡᠨ ᠭᠡᠰᠡᠨ᠂ ᠫᠸᠷᠪᠤᠨᠢ ᠪᠠᠭᠰᠢ ᠴᠤ᠌ ᠭᠡᠰᠡᠨ ᠡᠳᠡᠭᠡᠷᠡᠭᠡᠳ ᠮᠠᠩᠨᠠᠢ ᠶ᠋ᠢᠨ ᠬᠢᠨᠢ ᠠᠲᠤᠷᠢᠶ᠎ᠠ ᠠᠷᠢᠯᠵᠠᠢ᠃
32. ᠶᠠᠩ ᠲᠤᠶᠠᠭ᠎ᠠ
ᠮᠣᠩᠭᠣᠯ ᠨᠤᠲᠤᠭ ᠤ᠋ᠨ ᠡᠪᠦᠯ ᠭᠡᠵᠦ ᠮᠥᠩᠭᠥᠨ ᠴᠠᠭᠠᠨ ᠤᠯᠠᠷᠢᠯ᠂ ᠮᠣᠩᠭᠣᠯ ᠬᠥᠮᠦᠨ ᠦ᠌ ᠬᠡᠢ ᠮᠣᠷᠢ ᠭᠡᠵᠦ ᠮᠥᠩᠬᠡ ᠳᠦᠷᠡᠯᠵᠡᠭᠰᠡᠨ ᠭᠠᠯ᠃
33. ᠬᠠᠰᠠᠠᠭᠣᠯᠠ
ᠡᠷᠴᠢ ᠬᠦᠴᠦ ᠪᠡᠶ᠎ᠡ ᠶ᠋ᠢᠨ ᠴᠢᠳᠠᠯ᠂ ᠢᠲᠡᠭᠡᠯ ᠵᠣᠷᠢᠭ ᠰᠡᠳᠬᠢᠯ ᠦ᠋ᠨ ᠲᠡᠩᠬᠡᠭᠡ ( ᠵᠦᠢᠷ ᠰᠡᠴᠡᠨ ᠦᠭᠡ)
34. ᠭᠠᠸᠠ
ᠬᠦᠴᠢᠷ ᠲᠦ᠍ ᠨᠤᠭᠤᠷᠠᠰᠢ ᠦᠭᠡᠢ᠂ ᠬᠣᠪ ᠲᠤ᠌ ᠬᠠᠭᠠᠴᠠᠰᠢ ᠦᠭᠡᠢ᠃
35. ᠨᠠᠮᠵᠢᠯ
ᠪᠢᠳᠡ᠂ ᠮᠣᠩᠭᠣᠯ ᠦᠰᠦᠭ ᠪᠢᠴᠢᠭ ᠢ᠋ᠶ᠋ᠡᠨ ᠨᠠᠨᠳᠢᠩᠨᠠᠨ ᠦᠷᠭᠦᠯᠵᠢ ᠪᠢᠴᠢᠵᠦ ᠬᠡᠷᠡᠭᠯᠡᠬᠦ ᠶ᠋ᠢ ᠥᠪᠡᠷ ᠦ᠋ᠨ ᠤᠬᠠᠮᠰᠠᠷᠲᠤ ᠠᠵᠢᠯᠯᠠᠭ᠎ᠠ ᠪᠠᠨ ᠪᠣᠯᠭᠠᠪᠠᠯ ᠵᠣᠬᠢᠨ᠎ᠠ᠃
36. ᠰᠡᠴᠡᠨᠪᠠᠭᠠᠳᠤᠷ
ᠳᠠᠶᠠᠭᠠᠷ ᠢ᠋ᠶ᠋ᠠᠨ ᠰᠠᠢᠨ ᠪᠠᠢᠨ᠎ᠠ ᠤᠤ? ᠰᠠᠢᠬᠠᠨ ᠨᠠᠮᠤᠷᠵᠢᠵᠤ ᠪᠠᠢᠨ᠎ᠠ ᠤᠤ? ᠪᠣᠰᠤᠭ᠎ᠠ ᠰᠠᠢᠬᠠᠨ ᠮᠣᠩᠭᠣᠯ ᠦᠰᠦᠭ ᠢ᠋ᠶ᠋ᠡᠨ ᠪᠢᠴᠢᠵᠦ ᠪᠠᠢᠨ᠎ᠠ ᠰᠢᠦ᠃
37. ᠯᠢ ᠰᠢᠶᠠᠩ
ᠵᠠᠮ ᠦᠭᠡᠢ ᠪᠣᠯ ᠲᠥᠭᠡᠷᠢᠨ᠎ᠡ
ᠵᠠᠩ ᠮᠠᠭᠤ ᠪᠣᠯ ᠵᠢᠭᠰᠢᠭᠳᠡᠨ᠎ᠡ᠂
ᠰᠠᠷ᠎ᠠ ᠶ᠋ᠢᠨ ᠰᠠᠢᠨ ᠢ᠋ ᠰᠣᠩᠭᠣᠵᠤ
ᠡᠳᠦᠷ ᠦ᠋ᠨ ᠰᠠᠢᠨ ᠢ᠋ ᠦᠵᠡᠵᠦ᠂
ᠪᠢᠯᠢᠭ ᠪᠠᠢᠪᠠᠯ ᠰᠤᠷᠬᠤ ᠦᠭᠡᠢ ᠡᠷᠳᠡᠮ ᠦᠭᠡᠢ
ᠪᠡᠶ᠎ᠡ ᠪᠠᠢᠪᠠᠯ ᠣᠯᠬᠤ ᠦᠭᠡᠢ ᠶᠠᠭᠤᠮ᠎ᠠ ᠦᠭᠡᠢ᠂
ᠤᠳᠠᠨ ᠳ᠋ᠤ᠌ ᠤᠭ ᠲᠠᠢ
ᠤᠰᠤᠨ ᠳ᠋ᠤ᠌ ᠡᠬᠢ ᠲᠡᠢ᠃
38. ᠲᠦᠮᠡᠨᠴᠡᠴᠡᠭ
ᠲᠥᠷᠥ ᠤᠯᠤᠰ ᠤ᠋ᠨ ᠢ᠋ᠶ᠋ᠠᠨ ᠲᠠᠮᠠᠭᠠᠨ᠎ᠠ ᠰᠡᠢᠯᠦᠭᠡᠰᠦᠲᠡᠢ
ᠲᠦᠮᠡᠨ ᠭᠠᠵᠠᠷ ᠤ᠋ᠨ ᠬᠡᠷᠡᠮ ᠡᠴᠡ ᠴᠦ᠍ ᠳᠤᠤᠯᠢᠶᠠᠨᠲᠠᠢ
ᠲᠦᠪᠰᠢᠨ ᠮᠡᠷᠭᠡᠳ ᠦ᠋ᠨ ᠡᠪᠦᠷ ᠲᠦ᠍ ᠬᠤᠢᠯᠠᠭᠠᠰᠤᠲᠠᠢ
ᠲᠡᠦᠬᠡ ᠪᠦᠲᠦᠭᠡᠯᠴᠡᠵᠦ ᠶᠠᠪᠤᠭᠰᠠᠨ ᠪᠢᠴᠢᠭ ᠮᠢᠨᠦ᠃
ᠲᠢᠲᠢᠮ᠂ ᠰᠢᠲᠦ᠂ ᠨᠢᠷᠤᠭᠤ᠂ ᠰᠢᠯᠪᠢ ᠲᠡᠢ᠂
ᠲᠡᠷᠡ ᠴᠢᠭ ᠢ᠋ᠶ᠋ᠡᠷ ᠢ᠋ᠶ᠋ᠡᠨ ᠬᠥᠮᠦᠨ ᠪᠢᠴᠢᠭ ᠮᠢᠨᠦ᠃ ( ᠱ· ᠳᠤᠯᠮ᠎ᠠ《 ᠬᠥᠮᠦᠨ ᠪᠢᠴᠢᠭ》 ᠰᠢᠯᠦᠭ ᠡᠴᠡ)
39. ᠵᠢᠷᠠᠨᠲᠠᠢ
ᠨᠢᠭᠡ ᠤᠯᠤᠰ ᠦᠨᠳᠦᠰᠦᠲᠡᠨ ᠬᠦᠴᠦᠷᠬᠡᠭ ᠪᠠᠢᠳᠠᠭ ᠨᠢ ᠲᠡᠭᠦᠨ ᠦ᠌ ᠠᠵᠤ ᠠᠬᠤᠢ᠂ ᠴᠡᠷᠢᠭ ᠵᠡᠪᠰᠡᠭ ᠨᠢ ᠬᠡᠳᠦᠢ ᠬᠦᠴᠦᠷᠬᠡᠭ ᠲᠦ᠍ ᠪᠠᠢᠳᠠᠭ ᠦᠭᠡᠢ᠂ᠬᠠᠷᠢᠨ ᠠᠷᠠᠳ ᠲᠦᠮᠡᠨ ᠦ᠌ ᠬᠢᠨᠢ ᠬᠦᠴᠦᠷᠬᠡᠭ ᠲᠦ᠍ ᠪᠣᠢ᠃ ᠠᠷᠠᠳ ᠲᠦᠮᠡᠨ ᠦ᠌ ᠬᠦᠴᠦᠷᠬᠡᠭ ᠪᠠᠢᠳᠠᠭ ᠨᠢ ᠡᠳ᠋ ᠮᠥᠩᠭᠥ ᠡᠯᠪᠡᠭ ᠡᠬᠡ ᠨᠤᠲᠤᠭ ᠥᠷᠭᠡᠨ ᠠᠭᠤᠳᠠᠮ ᠳ᠋ᠤ᠌ ᠪᠠᠢᠳᠠᠭ ᠦᠭᠡᠢ ᠂ᠬᠠᠷᠢᠨ ᠣᠶᠤᠨ ᠰᠠᠨᠠᠭ᠎ᠠ ᠨᠢ ᠬᠦᠴᠦᠷᠬᠡᠭ ᠪᠠᠢᠳᠠᠭ ᠲᠤ᠌ ᠣᠷᠣᠰᠢᠨ᠎ᠠ᠃
40. ᠤᠶᠤᠠᠭᠡᠷᠡᠯ
ᠰᠢᠷᠭᠠᠯ ᠨᠠᠮᠤᠷ ᠤ᠋ᠨ ᠰᠠᠢᠬᠠᠨ ᠮᠡᠨᠳᠦ ᠳᠡᠪᠰᠢᠭᠦᠯᠶ᠎ᠡ !
ᠮᠥᠩᠭᠥ ᠪᠡᠷ ᠠᠷᠭᠠᠯᠠᠵᠤ ᠪᠣᠯᠳᠠᠭ ᠦᠭᠡᠢ
ᠮᠥᠩᠬᠡ ᠪᠤᠰᠤ ᠶ᠋ᠢ ᠰᠠᠨᠠᠭᠠᠷᠠᠢ᠃
ᠥᠩᠭᠡ ᠪᠡᠷ ᠬᠠᠭᠤᠷᠴᠤ ᠪᠣᠯᠳᠠᠭ ᠦᠭᠡᠢ
ᠦᠢᠯᠡ ᠶ᠋ᠢᠨ ᠦᠷ᠎ᠡ ᠶ᠋ᠢ ᠪᠣᠳᠣᠭᠠᠷᠠᠢ᠃
41. ᠬᠤᠷᠴᠠ
ᠮᠣᠩᠭᠣᠯ ᠲᠦᠮᠡᠨ ᠢ᠋ ᠮᠥᠩᠬᠡ ᠲᠡᠭᠷᠢ ᠢᠪᠡᠭᠡᠬᠦ ᠪᠣᠯᠲᠤᠭᠠᠢ!
42. ᠮᠥᠩᠭᠥᠨ
ᠡᠰᠡᠷᠭᠦ ᠤᠳᠬ᠎ᠠ ᠲᠠᠢ ᠦᠭᠡᠰ᠄
ᠥᠭᠡᠳᠡ— ᠤᠷᠤᠭᠤ
ᠵᠣᠪᠠᠯᠠᠩ— ᠵᠢᠷᠭᠠᠯᠠᠩ
ᠡᠷᠲᠡᠬᠡᠨ— ᠣᠷᠣᠢᠬᠠᠨ
ᠪᠠᠷᠢᠵᠤ ᠲᠠᠯᠪᠢᠵᠤ
ᠬᠣᠪᠣᠷᠳᠠᠬᠤ— ᠣᠯᠠᠳᠠᠬᠤ
ᠮᠠᠷᠭᠠᠰᠢ ᠶ᠋ᠢᠨ ᠥᠭᠡᠬᠦᠨ ᠡᠴᠡ ᠥᠨᠥᠳᠥᠷ ᠦ᠋ᠨ ᠠᠭᠤᠰᠬᠢ᠃
43. ᠰ᠂ ᠨᠠᠷᠠᠨᠲᠤᠶᠠᠭ᠎ᠠ
ᠳᠡᠭᠡᠳᠦ ᠮᠣᠩᠭᠣᠯ ᠤ᠋ᠨ ᠬᠡᠰᠢᠭ
ᠳᠡᠯᠭᠡᠷ ᠮᠣᠩᠭᠣᠯ ᠵᠠᠶᠠᠭ᠎ᠠ
ᠳᠡᠭᠡᠳᠦᠯᠡᠨ ᠬᠦᠨᠳᠦᠯᠡᠬᠦ ᠶᠣᠰᠣᠨ ᠳᠡᠭᠵᠢᠷᠡᠨ ᠮᠠᠨᠳᠤᠬᠤ ᠦᠷᠡᠰ᠃
44. ᠤᠷᠡᠨᠴᠢᠮᠡᠭ
ᠲᠠᠨᠢᠯᠲᠠ ᠪᠣᠯ ᠤᠬᠠᠭᠠᠷᠠᠯ᠂ ᠲᠡᠰᠪᠦᠷᠢ ᠪᠣᠯ ᠵᠣᠷᠢᠭ᠂ ᠵᠣᠭᠰᠣᠯᠲᠠ ᠪᠣᠯ ᠰᠠᠭᠤᠷᠢ᠂ ᠪᠦᠯᠬᠦᠮᠳᠡᠯ ᠪᠣᠯ ᠢᠯᠠᠯᠲᠠ᠃
45. ᠨᠠᠷᠠᠨᠴᠡᠴᠡᠭ
ᠴᠤᠪᠤᠵᠤ ᠶᠠᠪᠤᠭᠰᠠᠨ ᠪᠠᠷᠰ ᠠ᠋ᠴᠠ ᠴᠤᠭᠯᠠᠷᠠᠵᠤ ᠰᠠᠭᠤᠭᠰᠠᠨ ᠱᠠᠭᠠᠵᠠᠭᠠᠢ ᠳᠡᠭᠡᠷ᠎ᠡ᠃
46. ᠡᠷᠳᠡᠨᠢᠰᠤᠪᠤᠳ
ᠡᠬᠡᠰᠢᠭ ᠳᠣᠯᠣᠭ᠎ᠠ ᠶ᠋ᠢᠨ ᠤᠴᠢᠷ᠄
ᠠᠬᠠᠮᠠᠳ ᠢ᠋ᠶ᠋ᠠᠨ ᠬᠦᠨᠳᠦᠯᠡᠵᠦ
ᠡᠷᠬᠢᠮ ᠢ᠋ ᠳᠡᠭᠡᠳᠦᠯᠡᠵᠦ
ᠢᠲᠡᠭᠡᠯ ᠢ᠋ ᠵᠢᠷᠤᠮᠯᠠᠵᠤ
ᠣᠶᠤᠨ ᠢ᠋ᠶ᠋ᠠᠨ ᠵᠡᠪᠰᠡᠭᠯᠡᠵᠦ
ᠤᠬᠠᠭᠠᠨ ᠢ᠋ᠶ᠋ᠠᠨ ᠰᠠᠷᠠᠭᠤᠯᠵᠢᠭᠤᠯᠵᠤ
ᠥᠷᠯᠥᠭ ᠠᠮᠢᠳᠤᠷᠠᠵᠤ
ᠦᠨᠡᠨ ᠢ᠋ᠶ᠋ᠡᠷ ᠶᠠᠪᠤᠬᠤ ᠤᠴᠢᠷᠲᠠᠢ᠃
47. ᠨᠠᠷᠠᠨᠲᠣᠭᠣᠰ
ᠲᠠᠨᠢᠯᠲᠠ ᠪᠣᠯ ᠤᠬᠠᠭᠠᠷᠠᠯ᠂ ᠲᠡᠰᠪᠦᠷᠢ ᠪᠣᠯ ᠵᠣᠷᠢᠭ᠂ ᠵᠣᠭᠰᠣᠯᠲᠠ ᠪᠣᠯ ᠰᠠᠭᠤᠷᠢ᠂ ᠪᠦᠯᠬᠦᠮᠳᠡᠯ ᠪᠣᠯ ᠢᠯᠠᠯᠲᠠ᠃
48.ᠰᠤᠳᠤᠯ
ᠮᠣᠩᠭᠣᠯ ᠦᠭᠡᠰ ᠦ᠋ᠨ ᠰᠠᠩ ᠢ᠋ᠶ᠋ᠠᠨ ᠨᠡᠮᠡᠭᠳᠡᠭᠦᠯᠦᠶ᠎ᠡ!
ᠠᠵᠠ ᠵᠢᠷᠭᠠᠯ᠂ ᠪᠠᠶᠠᠷ ᠪᠠᠶᠠᠰᠤᠯ᠂ ᠬᠠᠢᠷ᠎ᠠ ᠭᠤᠷᠪᠠ ᠦᠷᠭᠦᠯᠵᠢ ᠪᠢᠳᠡᠨ ᠲᠡᠢ ᠬᠠᠮᠲᠤ ᠪᠠᠢᠭᠠᠰᠠᠢ!
49. ᠵᠢᠩᠯᠢᠬᠤᠸᠠᠷ
ᠰᠠᠢᠨ ᠰᠠᠢᠬᠠᠨ ᠪᠦᠬᠦᠨ ᠦᠷᠭᠦᠯᠵᠢ ᠬᠠᠭᠠᠯᠭ᠎ᠠ ᠲᠣᠭᠰᠢᠵᠤ ᠪᠠᠢᠭᠠᠰᠠᠢ!
ᠪᠤᠶᠠᠨ ᠵᠠᠶᠠᠭ᠎ᠠ ᠴᠢᠨᠢ ᠳᠡᠯᠭᠡᠷᠡᠵᠦ᠂ ᠠᠯᠢᠪᠠ ᠦᠢᠯᠡ ᠲᠠᠨᠢ ᠪᠦᠲᠦᠬᠦ ᠪᠣᠯᠲᠤᠭᠠᠢ!
50. ᠸᠢᠢᠰᠢᠩᠬᠤᠸᠠᠷ
ᠮᠢᠨᠦ ᠨᠤᠲᠤᠭ ᠤ᠋ᠨ ᠭᠠᠵᠠᠷ ᠰᠢᠷᠣᠢ ᠶ᠋ᠢ ᠪᠤᠷᠬᠠᠨ ᠭᠤᠶᠤᠭᠰᠠᠨ ᠴᠤ᠌ ᠪᠦᠦ ᠥᠭ! (ᠭᠠᠯᠳᠠᠨ ᠪᠣᠱᠣᠭᠲᠤ ᠬᠠᠭᠠᠨ)
ᠠᠯᠲᠠᠨ ᠰᠢᠷᠭᠠᠯ ᠨᠠᠮᠤᠷ ᠪᠣᠷᠣᠭᠠᠨ ᠲᠠᠢ ᠡᠳᠦᠷ ᠦ᠋ᠨ ᠠᠮᠤᠷ ᠠᠮᠤᠭᠤᠯᠠᠩ ᠠᠢᠯᠠᠳᠬᠠᠶ᠎ᠠ!
ᠵᠦᠢᠷ ᠰᠡᠴᠡᠨ ᠦᠭᠡ
ᠶᠡᠬᠡ ᠰᠠᠨᠠᠭᠰᠠᠨ ᠠᠭᠤᠯᠠᠨ ᠳ᠋ᠤ᠌ ᠭᠥᠷᠥᠭᠡᠰᠦ ᠦᠭᠡᠢ
ᠢᠬᠡᠷ᠎ᠡ ᠰᠠᠨᠠᠭᠰᠠᠨ ᠢᠮᠠᠭᠠᠨ ᠳ᠋ᠤ᠌ ᠢᠰᠢᠭᠡ ᠦᠭᠡᠢ
51.ᠤᠤᠭᠠᠨᠵᠢᠳ
ᠡᠬᠡ ᠬᠡᠯᠡ ᠲᠡᠢ ᠪᠣᠯᠬᠣᠷ ᠡᠯᠢᠭᠡ ᠪᠦᠲᠦᠨ ᠪᠠᠢᠳᠠᠭ᠂ ᠦᠰᠦᠭ ᠪᠢᠴᠢᠭ ᠲᠡᠢ ᠪᠣᠯᠬᠣᠷ ᠦᠨᠳᠦᠰᠦᠲᠡᠨ ᠪᠦᠲᠦᠨ ᠪᠠᠢᠳᠠᠭ᠃
52.ᠲᠤᠨᠠᠯᠵᠢᠩᠭᠣᠤ᠎ᠡ
ᠨᠠᠮᠤᠷ ᠨᠠᠮᠤᠷ ᠲᠠᠭᠠᠨ ᠪᠠᠢᠭ᠎ᠠ ᠦᠭᠡᠢ᠂
ᠨᠠᠷᠭᠢᠶᠠᠨ ᠲᠠᠢ ᠨᠠᠮᠤᠷ ᠡᠨᠡ ᠵᠢᠯ ᠪᠣᠯᠵᠠᠢ᠂
ᠨᠣᠮᠢᠨ ᠨᠣᠭᠣᠭᠠᠨ ᠮᠥᠴᠢᠷ ᠳᠠᠯᠠᠯᠤᠭᠠᠳ᠂
ᠨᠤᠲᠤᠭ ᠤ᠋ᠨ ᠦᠵᠡᠮᠵᠢ ᠭᠣᠶᠣᠬᠠᠨ ᠪᠣᠯᠵᠠᠢ᠃
53. ᠨᠠᠷᠠᠨ
ᠡᠩᠬᠡ ᠠᠮᠤᠭᠤᠯᠠᠩ ᠠᠵᠢᠯ ᠦᠢᠯᠡᠰ ᠠᠮᠵᠢᠯᠲᠠ ᠲᠠᠢ ᠰᠠᠢᠬᠠᠨ !ᠰᠠᠢᠨ ᠰᠠᠨᠠᠭᠠᠨ ᠤ᠋ ᠦᠵᠦᠭᠦᠷ ᠰᠦ᠍ ᠮᠠᠭᠤ ᠰᠠᠨᠠᠭᠠᠨ ᠤ᠋ ᠦᠵᠦᠭᠦᠷ ᠬᠦ᠃
54. ᠠᠯᠲᠠᠨᠴᠢᠮᠡᠭ
ᠥᠰᠬᠦ ᠶ᠋ᠢᠨ ᠦᠶ᠎ᠡ ᠶ᠋ᠢᠨ ᠵᠢᠷᠭᠠᠯ
ᠥᠷᠯᠥᠭᠡ ᠶ᠋ᠢᠨ ᠲᠡᠭᠷᠢ ᠶ᠋ᠢᠨ ᠴᠡᠯᠮᠡᠭ
ᠥᠲᠡᠯᠬᠦ ᠶ᠋ᠢᠨ ᠦᠶ᠎ᠡ ᠶ᠋ᠢᠨ ᠵᠢᠷᠭᠠᠯ
ᠡᠪᠦᠭᠡᠨ ᠨᠠᠷᠠᠰᠤᠨ ᠤ᠋ ᠵᠢᠪᠬᠤᠭ᠎ᠠ᠃
55. ᠯᠣᠨᠳᠣᠨ
ᠡᠯᠡᠭᠳᠡᠬᠦ ᠶ᠋ᠢᠨ ᠲᠡᠷᠢᠭᠦᠨ ᠳ᠋ᠦ᠍ ᠡᠩᠭᠡᠷ ᠲᠣᠬᠣᠢ ᠬᠣᠶᠠᠷ
ᠡᠨᠡᠷᠢᠬᠦ ᠶ᠋ᠢᠨ ᠲᠡᠷᠢᠭᠦᠨ ᠳ᠋ᠦ᠍ ᠡᠵᠢ ᠠᠪᠤ ᠬᠣᠶᠠᠷ᠃
56.ᠦᠯᠵᠡᠡᠢ᠌ᠳᠡᠯᠭᠡᠷ
ᠤᠰᠤ ᠶ᠋ᠢ ᠨᠢ ᠤᠤᠭᠤᠪᠠᠯ ᠷᠠᠰᠢᠶᠠᠨ ᠪᠤᠯᠬᠤᠢ᠂ ᠤᠷᠭᠤᠮᠠᠯ ᠢ᠋ ᠨᠢ ᠬᠦᠷᠲᠡᠪᠡᠯ ᠡᠮ ᠯᠡ ᠪᠤᠯᠬᠤᠢ᠃
57. ᠵᠢᠩᠯᠢᠬᠤᠸᠠᠷ
ᠰᠠᠨᠠᠭ᠎ᠠ ᠪᠣᠳᠣᠯ ᠤ᠋ᠨ ᠠᠷᠢᠭᠤᠨ ᠪᠦᠬᠦᠨ ᠳ᠋ᠦ᠍ ᠴᠢᠨᠢ ᠢᠲᠡᠭᠡᠯ ᠨᠡᠮᠡᠶ᠎ᠡ!
ᠰᠠᠴᠤᠷᠠᠵᠤ ᠮᠠᠨᠳᠤᠬᠤ ᠦᠢᠯᠡᠰ ᠪᠦᠬᠦᠨ ᠳ᠋ᠦ᠍ ᠴᠢᠨᠢ ᠬᠡᠢᠮᠣᠷᠢ ᠨᠡᠮᠡᠶ᠎ᠡ!
ᠰᠠᠢᠵᠢᠷᠠᠵᠤ ᠥᠭᠡᠳᠡᠯᠡᠬᠦ9 ᠠᠮᠢᠳᠤᠷᠠᠯ ᠪᠦᠬᠦᠨ ᠳ᠋ᠦ᠍ ᠴᠢᠨᠢ ᠵᠢᠷᠭᠠᠯ ᠨᠡᠮᠡᠶ᠎ᠡ!
ᠮᠥᠩᠬᠡ ᠲᠩᠷᠢ ᠮᠢᠨᠢ ᠴᠡᠩᠬᠡᠷ ᠢ᠋ᠶ᠋ᠡᠷ ᠢ᠋ᠶ᠋ᠡᠨ ᠪᠠᠢᠭᠠᠰᠠᠢ!
ᠮᠣᠩᠭᠣᠯ ᠲᠦᠮᠡᠨ ᠮᠢᠨᠢ ᠵᠢᠪᠬᠤᠭ᠎ᠠ ᠲᠠᠢ ᠪᠠᠢᠭᠠᠰᠠᠢ!
ᠮᠣᠩᠭᠣᠯ ᠪᠢᠴᠢᠭ ᠮᠢᠨᠢ ᠬᠥᠭᠵᠢᠬᠦ ᠪᠣᠯᠲᠤᠭᠠᠢ!
ᠮᠣᠷᠢᠲᠠᠨ ᠦᠨᠳᠦᠰᠦᠲᠡᠨ ᠮᠢᠨᠢ ᠬᠡᠢᠮᠦᠷᠯᠢᠭ ᠪᠠᠢᠭᠠᠰᠠᠢ!
ᠮᠠᠨᠳᠤᠬᠤ ᠨᠠᠷᠠᠨ ᠤ᠋ ᠲᠤᠶᠠᠭ᠎ᠠ ᠪᠠᠷ ᠮᠡᠨᠳᠦ ᠶ᠋ᠢᠨ ᠢᠷᠦᠭᠡᠯ ᠳᠡᠪᠰᠢᠭᠦᠯᠦᠶ᠎ᠡ!
ᠥᠷᠯᠥᠭᠡᠨ ᠦ᠌ ᠨᠠᠷᠠ ᠶ᠋ᠢ ᠢᠨᠢᠶᠡᠳᠦ ᠲᠡᠢ ᠤᠭᠲᠤᠭᠠᠷᠠᠢ!