ᠮᠠᠩᠨᠠᠢ ᠬᠠᠯᠵᠠᠨ ᠬᠤᠷᠠᠬ᠋ᠠ ᠮᠢᠨᠢ( ᠬᠡᠯᠡ ᠪᠢᠴᠢᠭ – ᠶᠢᠰᠦᠳᠦᠭᠡᠷ ᠳᠡᠪᠲᠡᠷ) Магнай халзан хурга минь( Хэл бичиг – Есдүгээр дэвтэр)
ᠠᠩᠭᠢᠯᠠᠯ:ᠨᠠᠢᠷᠠᠭᠤᠯᠤᠯ ᠥᠭᠦᠯᠡᠯᠭᠡНайруулал өгүүллэг 2023-04-29
758
ᠮᠠᠩᠨᠠᠢ ᠬᠠᠯᠵᠠᠨ ᠬᠤᠷᠠᠬ᠋ᠠ ᠮᠢᠨᠢ ᠮᠢᠨᠦ ᠲᠥᠷᠥᠭᠰᠡᠨ ᠨᠤᠲᠤᠭ ᠪᠣᠯ ᠡᠬᠡ ᠣᠷᠣᠨ ᠤ᠋ ᠤᠮᠠᠷᠠᠲᠤ ᠬᠢᠯᠢ ᠬᠢᠵᠠᠭᠠᠷ — ᠡᠩᠭᠡᠷ ᠭᠡᠳᠡᠭ ᠭᠠᠵᠠᠷ ᠪᠣᠢ᠃ ᠡᠩᠭᠡᠷ ᠭᠡᠵᠦ ᠶᠣᠰᠣᠲᠠᠢ ᠰᠠᠢᠬᠠᠨ ᠭᠠᠵᠠᠷ ᠰᠢᠦ! ᠠᠭᠤᠯᠠ ᠳᠠᠪᠠᠭ᠎ᠠ ᠦᠷᠭᠦᠯᠵᠢᠯᠡᠭᠡᠳ ᠭᠣᠣᠯ ᠮᠥᠷᠡᠨ ᠮᠤᠷᠤᠯᠵᠠᠨ ᠤᠷᠤᠰᠴᠤ᠂ ᠬᠥᠪᠡᠭᠡ ᠵᠠᠬ᠎ᠠ ᠨᠢ ᠬᠠᠷᠠᠭᠳᠠᠬᠤ ᠦᠭᠡᠢ ᠨᠣᠭᠣᠭᠠᠨ ᠲᠣᠷᠭᠠᠨ ᠪᠡᠯᠴᠢᠭᠡᠷ ᠨᠢ ᠬᠥᠬᠡ ᠲᠩᠷᠢ ᠶ᠋ᠢᠨ ᠬᠣᠷᠮᠣᠢ ᠲᠠᠢ ᠵᠠᠯᠭᠠᠯᠳᠤᠵᠤ᠂ ᠰᠦᠷᠦᠭ ᠰᠦᠷᠦᠭ ᠬᠣᠨᠢᠳ ᠰᠤᠪᠤᠳ ᠠᠰᠬᠠᠭᠰᠠᠨ ᠰᠢᠭ...