ᠬᠡᠦᠬᠡᠨ ᠳᠦ ᠪᠡᠨ ᠵᠠᠬᠢᠬᠤ ᠦᠭᠡ – ᠭᠠᠮᠠᠯ Хүүхэндээ захих үг – Гамал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠨ ᠳᠦ ᠪᠡᠨ ᠵᠠᠬᠢᠬᠤ ᠦᠭᠡ – ᠭᠠᠮᠠᠯ Хүүхэндээ захих үг – Гамал

ᠬᠡᠦᠬᠡᠨ ᠳᠦ ᠪᠡᠨ ᠵᠠᠬᠢᠬᠤ ᠦᠭᠡ – ᠭᠠᠮᠠᠯ Хүүхэндээ захих үг – Гамал

2023-04-29

392


                     ᠬᠡᠦᠬᠡᠨ  ᠳ᠋ᠦ᠍ ᠪᠡᠨ ᠵᠠᠬᠢᠬᠤ ᠦᠭᠡ (1)
                                   ᠭᠠᠮᠠᠯ
       [ ᠤᠩᠰᠢᠯᠬ᠋᠎ᠠ ᠶ᠋ᠢᠨ ᠬᠥᠲᠥᠴᠢ ]
     ᠡᠪᠦᠭᠡ ᠳᠡᠭᠡᠳᠦᠰ ᠦ᠋ᠨ ᠰᠤᠷᠭᠠᠯ ᠭᠡᠳᠡᠭ ᠥᠪ ᠰᠣᠶᠣᠯ ᠦ᠋ᠨ ᠮᠠᠨᠢ ᠨᠡᠯᠦᠭᠡᠷ ᠳᠠᠯᠠᠢ ᠳᠣᠲᠣᠷᠠᠬᠢ ᠮᠥᠩᠬᠡ ᠭᠢᠯᠠᠯᠵᠠᠬᠤ ᠰᠤᠪᠤᠳ ᠡᠷᠲᠡᠨᠢ ᠶᠤᠮ ᠡ !
     ᠮᠣᠩᠭᠣᠯᠴᠤᠳ ᠶᠡᠷᠦ ᠨᠢ 《 ᠠᠪᠤ ᠶ᠋ᠢᠨ ᠰᠤᠷᠭᠠᠯ ᠠᠯᠲᠠ ᠂ ᠡᠵᠢ ᠶ᠋ᠢᠨ ᠰᠤᠷᠭᠠᠯ ᠡᠷᠲᠡᠨᠢ 》 ᠭᠡᠵᠦ ᠥᠰᠬᠡᠵᠦ ᠲᠥᠷᠥᠭᠦᠯᠦᠭᠰᠡᠨ ᠠᠪᠤ ᠡᠵᠢ ᠶ᠋ᠢᠨ ᠶ᠋ᠢᠡᠨ ᠵᠠᠬᠢᠶ᠎ᠠ ᠰᠤᠷᠭᠠᠯ ᠊ᠢ ᠨᠠᠨᠲᠢᠩᠨᠠᠨ ᠵᠢᠷᠤᠮᠯᠠᠵᠤ ᠶᠠᠪᠤᠲᠠᠭ ᠪᠢᠯᠡ ᠃ ᠪᠢᠲᠡ ᠨᠣᠮ ᠦ᠋ᠨ ᠡᠬᠢᠨ  ᠳ᠋ᠦ᠍ 《 ᠬᠡᠦᠬᠡᠨ  ᠳ᠋ᠦ᠍ ᠪᠠᠨ ᠵᠠᠬᠢᠬᠤ ᠦᠭᠡ 》 ᠭᠡᠬᠦ ᠰᠢᠯᠦᠭ ᠶ᠋ᠢᠡᠷ ᠬᠠᠭᠤᠲᠠᠰᠤ ᠰᠡᠬᠦᠯ᠎ᠡ ᠃ ᠡᠨᠡ ᠰᠢᠯᠦᠭ ᠪᠣᠯ ᠰᠢᠯᠦᠭᠴᠢ ᠭᠠᠭᠴᠠᠬᠠᠨ ᠥᠪᠡᠷ ᠦ᠋ᠨ ᠬᠡᠦᠬᠡᠨ  ᠳ᠋ᠦ᠍ ᠪᠠᠨ ᠪᠢᠰᠢ ᠂ ᠬᠠᠷᠢᠨ ᠤᠩᠰᠢᠬᠴᠢ ᠪᠦᠬᠦᠨ ᠳ᠋ᠦ᠍ ᠪᠡᠯᠡᠭᠯᠡᠭᠰᠡᠨ ᠨᠠᠨᠲᠢᠨ ᠬᠠᠶ᠋ᠢᠷ᠎ᠠ ᠶ᠋ᠢᠨ ᠦᠨᠡᠲᠦ ᠰᠤᠷᠭᠠᠯ ᠰᠢᠦ ᠳ᠋ᠠ ! ᠬᠠᠶ᠋ᠢᠷᠠᠲᠤ ᠰᠤᠷᠤᠭᠴᠢᠳ ᠮᠢᠨᠢ ᠰᠢᠯᠦᠭ ᠊ᠢ ᠤᠩᠰᠢᠨ ᠰᠣᠨᠢᠷᠬᠠᠬᠤ ᠶ᠋ᠢᠨ ᠳᠠᠭᠠᠤ ᠠᠯᠲᠠ ᠠ᠋ᠴᠠ ᠦᠨᠡᠲᠡᠢ ᠰᠤᠷᠭᠠᠯ ᠵᠠᠬᠢᠶ᠎ᠠ ᠶ᠋ᠢ ᠨᠢ ᠥᠷᠥ ᠵᠢᠷᠦᠬᠡᠨ  ᠳ᠋ᠦ᠍ ᠪᠠᠨ ᠰᠢᠩᠭᠡᠭᠡᠵᠦ ᠂ ᠰᠣᠶᠣᠯ ᠪᠣᠯᠪᠠᠰᠤᠷᠠᠯ ᠲᠠᠢ ᠂ ᠶᠣᠰᠣ ᠮᠣᠷᠠᠯ ᠲᠠᠢ ᠬᠥᠮᠦᠨ ᠪᠣᠯᠵᠤ ᠪᠣᠶ᠋ᠢᠵᠢᠭᠠᠷᠠᠢ !
      ᠰᠢᠯᠦᠭ ᠊ᠢ ᠴᠡᠭᠡᠵᠢᠯᠡᠭᠡᠳ ᠂ ᠤᠤᠠᠬ᠎ᠠ ᠶ᠋ᠢ ᠨᠢ ᠰᠤᠪᠢᠵᠤ ᠤᠬᠠᠭᠠᠷᠠᠢ ᠃

 ᠭᠦᠷᠦᠪᠡ  ᠳ᠋ᠦ᠍ ᠭᠠᠷᠤᠭᠰᠠᠨ ᠬᠤᠷᠠᠬ᠋᠎ᠠ ᠴᠦ᠍ ᠭᠡᠳ
 ᠬᠥᠯ ᠶ᠋ᠢᠡᠨ ᠰᠥᠭᠥᠤᠠᠴᠦ ᠬᠦᠬᠦᠳᠡᠭ ᠶᠤᠮ ᠂
 ᠬᠥᠮᠦᠨ ᠪ ᠲᠥᠷᠥᠭᠰᠡᠨ ᠦᠷ᠎ᠡ ᠭᠡᠭᠴᠢ
 ᠬᠥᠭᠡᠷᠦᠬᠦᠶ᠋ᠢᠯᠡᠵᠦ ᠬᠡᠯᠡᠳᠡᠭ ᠊ᠢ ᠮᠡᠳᠡᠳᠡᠭ ᠶᠤᠮ ᠃
      ᠤᠷᠤᠭᠯᠠᠵᠤ ᠮᠣᠷᠲᠠᠭᠰᠠᠨ ᠬᠡᠦᠬᠡᠨ ᠳ᠋ᠦ᠍ ᠪᠡᠨ
      ᠤᠴᠢᠷ ᠲᠠᠢ ᠦᠭᠡ ᠪᠡᠨ ᠵᠠᠬᠢᠶ᠎ᠠ ᠂
      ᠠᠭᠤᠰᠬᠢ ᠵᠢᠷᠦᠬᠡᠨ ᠳᠣᠲᠣᠷ᠎ᠠ ᠪᠠᠨ
      ᠤᠬᠠᠭᠠᠷᠠᠵᠤ ᠶᠠᠪᠤ ᠳ᠋ᠠ ᠬᠡᠦᠬᠡᠨ ᠮᠢᠨᠢ ᠃
 ᠬᠤᠷᠮᠤᠰᠲᠠ ᠡᠵᠡᠨ ᠲᠩᠷᠢ  ᠳ᠋ᠦ᠍ ᠪᠡᠨ
 ᠬᠤᠷᠤᠳ ᠰᠦ᠋ ᠪᠡᠨ ᠡᠷᠭᠦᠵᠦ ᠶᠠᠪᠤ ᠂
 ᠬᠠᠭᠤᠴᠢᠨ ᠳᠡᠭᠡᠳᠦᠰ ᠦ᠋ᠨ ᠰᠢᠲᠦᠭᠡᠨ  ᠳ᠋ᠦ᠍ ᠪᠠᠨ
 ᠬᠠᠭᠤᠷᠮᠠᠭ ᠦᠭᠡᠢ ᠰᠦᠵᠢᠭᠯᠡᠵᠦ ᠶᠠᠪᠤ !
       ᠠᠪᠤ ᠡᠵᠢ ᠪᠡᠨ ᠬᠦᠨᠲᠦᠯᠡᠵᠦ
       ᠠᠰᠠᠷᠠᠯ ᠬᠠᠶ᠋ᠢᠷ᠎ᠠ ᠶ᠋ᠢ ᠨᠢ ᠬᠦᠷᠲᠡᠵᠦ ᠶᠠᠪᠤ ᠂
       ᠠᠬ᠎ᠠ ᠳᠡᠭᠦᠦ ᠨᠡᠷ ᠶ᠋ᠢᠡᠨ ᠲᠡᠤᠠᠬᠦᠵᠦ
       ᠠᠮᠤᠷ ᠲᠡᠨᠢᠭᠦᠨ ᠨᠠᠶ᠋ᠢᠷ ᠲᠠᠢ ᠶᠠᠪᠤ !
 ᠰᠢᠨ᠎ᠡ ᠴᠠᠭ ᠊ᠢ ᠳᠠᠭᠤᠷᠢᠶᠠᠭᠠᠳ
 ᠤᠤᠵᠢ ᠦᠭᠡᠢ ᠪᠢᠲᠡᠭᠡᠢ ᠶᠠᠪᠤᠭᠠᠷᠠᠢ !
 ᠰᠢᠷᠬᠡᠭ ᠦᠰᠦ ᠪᠡᠨ ᠬᠠᠶ᠋ᠢᠷᠠᠯᠠᠭᠠᠳ
 ᠰᠦᠢᠬᠡ ᠦᠭᠡᠢ ᠪᠢᠲᠡᠭᠡᠢ ᠭᠠᠷᠤᠭᠠᠷᠠᠢ !
        ᠠᠯᠤᠰ ᠣᠶ᠋ᠢᠷ᠎ᠠ ᠶ᠋ᠢᠨ ᠭᠡᠶ᠋ᠢᠴᠢᠨ  ᠳ᠋ᠦ᠍ ᠪᠡᠨ
        ᠠᠶᠠᠬ᠋᠎ᠠ ᠴᠠᠢ ᠪᠠᠨ ᠲᠦᠷᠭᠡᠯᠡᠵᠦ ᠶᠠᠪᠤ ᠂
        ᠠᠶ᠋ᠢᠮᠠᠭ ᠤᠰᠤᠨ ᠪ ᠣᠯᠠᠨ  ᠳ᠋ᠦ᠍  ᠪᠠᠨ
        ᠠᠭᠠᠰᠢ ᠵᠠᠩ ᠶ᠋ᠢᠠᠨ ᠡᠪ ᠲᠡᠢ ᠶᠠᠪᠤ !
 ᠬᠣᠨᠢᠨ ᠪ ᠮᠠᠨᠠᠭᠠᠨ  ᠳ᠋ᠦ᠍ ᠭᠠᠷᠬᠤ  ᠳ᠋ᠦ᠍ ᠪᠠᠨ
 ᠬᠣᠪᠢᠨ ᠪ ᠨᠣᠶ᠋ᠢᠷ ᠶ᠋ᠢᠠᠨ ᠬᠢᠴᠢᠶᠡᠵᠦ ᠶᠠᠪᠤ ᠂
 ᠬᠣᠭᠣᠯᠠ ᠴᠠᠢ ᠪᠠᠨ ᠳᠡᠭᠡᠵᠢᠯᠡᠬᠦ ᠦᠭᠡᠢ
 ᠬᠣᠵᠢᠳ ᠰᠡᠭᠦᠯ  ᠳ᠋ᠦ᠍ ᠨᠢ ᠬᠦᠷᠲᠡᠵᠦ ᠶᠠᠪᠤ !
      ᠭᠠᠲᠠᠨ᠎ᠠ ᠪᠡᠯᠴᠢᠭᠰᠡᠨ ᠮᠠᠯ ᠦ᠋ᠨ ᠶ᠋ᠢᠠᠨ
      ᠭᠠᠷᠤᠭᠰᠠᠨ ᠵᠦᠭ ᠊ᠢ ᠠᠵᠢᠬᠯᠠᠵᠤ ᠶᠠᠪᠤ ᠂
      ᠭᠠᠩᠲᠠᠮᠠᠯ ᠡᠪᠡᠰᠦ ᠲᠡᠢ ᠴᠠᠭ ᠲᠤ ᠨᠢ
      ᠭᠠᠯ ᠲᠠᠢ ᠦᠨᠡᠰᠦ ᠶ᠋ᠢ ᠰᠡᠷᠡᠮᠵᠢᠯᠡᠵᠦ ᠶᠠᠪᠤ !
 ᠣᠷᠣᠢ ᠦᠲᠡᠰᠢ ᠲᠥᠭᠡᠷᠢᠮᠡᠷ  ᠪᠣᠯ
 ᠣᠲᠣᠨ ᠪ ᠴᠢᠭ᠌ ᠊ᠢ ᠠᠰᠯᠠᠵᠤ ᠶᠠᠪᠤ ᠂
 ᠣᠷᠴᠢᠯᠠᠩ ᠦ᠋ᠨ ᠰᠠᠯᠬᠢᠨ ᠬᠥᠲᠡᠯᠦᠮᠡᠷ ᠪᠣᠯ
 ᠣᠭᠣᠰᠣᠷ ᠪᠦᠴᠡ ᠪᠡᠨ ᠴᠢᠩᠭᠠᠯᠠᠵᠤ ᠶᠠᠪᠤ !
     ᠠᠶᠤᠩᠭᠠᠲᠤ ᠪᠣᠷᠣᠭᠠᠨ ᠣᠶ᠋ᠢᠷᠠᠤᠠᠪᠠᠯ
     ᠠᠷᠵᠠᠶ᠋ᠢᠬᠤ ᠦᠰᠦ ᠪᠡᠨ ᠳᠠᠷᠤᠵᠤ ᠶᠠᠪᠤ ᠂
     ᠠᠷᠢᠶᠠᠲᠠᠨ ᠬᠣᠣᠷᠲᠠᠨ ᠲᠣᠬᠢᠶᠠᠯᠲᠤᠪᠠᠯ
     ᠠᠶᠤᠵᠤ ᠰᠣᠴᠢᠬᠤ ᠦᠭᠡᠢ ᠯᠠᠪᠲᠠᠭᠤᠨ ᠶᠠᠪᠤ !
 ᠡᠰᠬᠡᠵᠦ ᠣᠶᠣᠬᠤ ᠪᠠᠨ ᠴᠢᠲᠠᠬᠤ ᠦᠭᠡᠢ  ᠪᠣᠯ 
 ᠡᠵᠢ  ᠳ᠋ᠦ᠍ ᠪᠡᠨ ᠬᠡᠯᠡᠭᠡᠳ ᠵᠢᠭᠠᠯᠭᠠᠵᠤ ᠶᠠᠪᠤ ᠂
 ᠡᠲᠯᠡᠵᠦ ᠵᠠᠷᠤᠬᠤ ᠪᠠᠨ ᠮᠡᠲᠡᠬᠦ ᠦᠭᠡᠢ ᠪᠣᠯ
 ᠡᠴᠢᠭᠡ  ᠳ᠋ᠦ᠍ ᠪᠡᠨ ᠠᠶ᠋ᠢᠯᠠᠤᠠᠬᠠᠭᠠᠳ ᠰᠤᠷᠴᠤ ᠠᠪ !
      ᠭᠡᠷ ᠲᠤ ᠪᠡᠨ ᠭᠠᠭᠴᠠᠭᠠᠷ ᠰᠠᠭᠤᠬᠤ  ᠳ᠋ᠦ᠍ ᠪᠠᠨ
      ᠭᠡᠮ ᠲᠡᠢ ᠡᠰᠡᠬᠦ ᠪᠡᠨ ᠲᠤᠩᠭᠠᠵᠤ ᠪᠣᠲᠣ ᠂
      ᠬᠡᠷᠰᠡᠦ ᠲᠣᠮᠣᠬ᠋᠎ᠠ ᠲᠠᠢ ᠠᠬᠠᠮᠠᠳ ᠦ᠋ᠨ ᠶ᠋ᠢᠠᠨ
      ᠬᠢᠴᠢᠶᠡᠯ ᠰᠤᠷᠭᠠᠯ ᠊ᠢ ᠬᠦᠯᠢᠶᠡᠵᠦ ᠠᠪ !
 ᠣᠯᠠᠨ ᠪ ᠴᠤᠭᠯᠠᠭᠠᠨᠲᠤ ᠭᠠᠵᠠᠷ ᠲᠤ ᠨᠢ
 ᠣᠷᠭᠢᠶ᠎ᠠ ᠪᠢᠲᠡᠭᠡᠢ ᠶᠠᠷᠢᠭᠠᠴᠢ ᠂
 ᠣᠯᠢᠬ ᠦᠭᠡᠢ ᠠᠭᠠᠰᠢᠲᠠᠨ ᠊ᠢ ᠳᠠᠭᠠᠯᠳᠤᠵᠤ
 ᠣᠨᠴᠠᠭᠠᠶ᠋ᠢᠷᠠᠵᠤ ᠪᠢᠲᠡᠭᠡᠢ ᠵᠠᠩᠨᠠᠭᠠᠴᠢ ᠳ᠋ᠠ !
       ᠲᠥᠷᠬᠥᠮ ᠦ᠋ᠨ ᠭᠡᠷ ᠦ᠋ᠨ ᠰᠠᠲᠤᠨ ᠶ᠋ᠢᠠᠨ ᠭᠡᠵᠦ
       ᠲᠦᠯᠬᠢᠭᠦᠦ ᠪᠢᠲᠡᠭᠡᠢ ᠰᠠᠨᠠᠭᠠᠷᠠᠢ !
       ᠲᠥᠭᠥᠷᠢᠭ ᠢᠷᠥᠭᠡᠯ ᠲᠡᠢ ᠬᠠᠲᠠᠮ ᠴᠢᠨᠢ
       ᠲᠦᠰᠢᠵᠦ ᠠᠮᠢᠲᠤᠷᠠᠬᠤ ᠭᠠᠵᠠᠷ ᠰᠢᠦ ᠃
 ᠬᠣᠩᠭᠣᠷ ᠵᠢᠭᠠᠬᠠᠨ ᠬᠡᠦᠬᠡᠨ ᠮᠢᠨᠢ
 ᠬᠣᠶ᠋ᠢᠰᠢᠲᠠ ᠪᠠᠨ ᠰᠠᠶ᠋ᠢᠬᠠᠨ ᠰᠠᠭᠤᠭᠠᠷᠠᠢ !
 ᠬᠣᠯᠪᠣᠵᠤ ᠬᠡᠯᠡᠭᠰᠡᠨ ᠵᠠᠬᠢᠶ᠎ᠠ ᠶ᠋ᠢ ᠮᠢᠨᠢ
 ᠬᠣᠴᠣᠷᠭᠠᠯ ᠦᠭᠡᠢ ᠰᠠᠬᠢᠭᠠᠷᠠᠢ !

(1) ᠲᠤᠰ ᠰᠢᠯᠦᠭ ᠊ᠢ 《 ᠳᠤᠮᠳᠠᠳᠤ ᠤᠯᠤᠰ ᠦ᠋ᠨ ᠮᠣᠩᠭᠣᠯ ᠦᠨᠲᠦᠰᠦᠲᠡᠨ ᠪ ᠣᠶ᠋ᠢᠷ᠎ᠠ ᠣᠲᠣ ᠦᠶ᠎ᠡ ᠶ᠋ᠢᠨ ᠤᠷᠠᠨ ᠵᠣᠬᠢᠶᠠᠯ ᠦ᠋ᠨ ᠳᠡᠭᠡᠵᠢ ᠪᠢᠴᠢᠭ 》( ᠥᠪᠥᠷ  ᠮᠣᠩᠭᠣᠯ ᠦ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠂ 2011 ᠣᠨ) ᠠ᠋ᠴᠠ ᠰᠣᠩᠭᠣᠪᠠ ᠃

 ᠠᠩᠬ᠎ᠠ ᠵᠡᠷᠭᠡ ᠶ᠋ᠢᠨ ᠳᠤᠮᠳᠠᠳᠤ ᠰᠤᠷᠭᠠᠭᠤᠯᠢ ᠶ᠋ᠢᠨ ᠰᠤᠷᠤᠭᠴᠢᠳ ᠦ᠋ᠨ ᠳᠣᠯᠣᠳᠤᠭᠠᠷ ᠣᠨ ( ᠳᠡᠭᠡᠳᠦ ) ᠨᠡᠮᠡᠯᠲᠡ ᠤᠩᠰᠢᠭᠤ ᠡᠴᠡ ᠰᠣᠩᠭᠣᠪᠠ ᠃

       ᠬᠠᠭᠤᠯᠤᠭᠰᠠᠨ ᠨᠢ ᠄ ᠮᠢᠩᠭᠠᠳ · ᠴᠢᠮᠡᠭ
          ᠬᠢᠨᠠᠭᠰᠠᠨ ᠨᠢ ᠄ ᠣᠶᠣᠨᠲᠤᠨᠠᠯ