ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ – ᠠ18 Гангын урсгал – Чингис эзний алтан ургийн түүх Канкны урсгал нэрт бичиг оршив –А18 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ – ᠠ18 Гангын урсгал – Чингис эзний алтан ургийн түүх Канкны урсгал нэрт бичиг оршив –А18

ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ – ᠠ18 Гангын урсгал – Чингис эзний алтан ургийн түүх Канкны урсгал нэрт бичиг оршив –А18

ᠠᠩᠭᠢᠯᠠᠯ:ᠲᠡᠦᠬᠡ ᠰᠣᠶᠣᠯ
2023-04-29

415

ᠲᠡᠳᠡᠭᠡᠷ ( ᠲᠠᠲ᠋ᠠᠷ ) ᠠᠢᠮᠠᠭ ᠤᠨ ᠨᠣᠶᠠᠳ ᠤᠨ ᠤ᠌ᠭ


                   ᠲᠡᠳᠡᠭᠡᠷ ᠠᠶ᠋ᠢᠮᠠᠭ① ᠤ᠋ᠨ ᠨᠣᠶᠠᠳ ᠤ᠋ᠨ ᠤᠭ 


     ᠨᠠᠢ᠍ᠮᠠᠳᠤᠭᠠᠷ ᠬᠥᠪᠡᠭᠦᠨ ᠴᠢᠩ  ᠲᠠᠢᠵᠢ② ᠶ᠋ᠢᠨ ᠦᠷ᠎ᠡ ᠢᠨᠤ ᠲᠠᠲᠠᠷ ᠠᠢᠮᠠᠭ ᠤ᠋ᠨ ᠨᠣᠶᠠᠳ ᠪᠣᠢ ᠃ 

               ᠤᠷᠠᠳ ③ ᠤ᠋ᠨ ᠨᠣᠶᠠᠳ ᠤ᠋ᠨ ᠤᠭ  
 
     ᠠᠷᠪᠠᠳᠤᠭᠠᠷ ᠬᠥᠪᠡᠭᠦᠨ ᠭᠡᠷᠡᠪᠣᠯᠤᠳ④ ᠂ ᠲᠡᠭᠦᠨᠦ ᠬᠥᠪᠡᠭᠦᠨ ᠯᠤᠩ ᠲᠠᠢᠵᠢ ᠂ ᠡᠭᠦᠨ ᠦ᠌ ᠦᠷ᠎ᠡ ᠃ ᠤᠷᠠᠳ ᠨᠣᠶᠠᠨ ᠪᠣᠢ ᠃  

— — — — 
① ᠲᠡᠳᠡᠭᠡᠷ ᠄ ᠲᠠᠲ᠋ᠠᠷ ᠪᠣᠯᠠᠢ ᠃ 《 ᠡᠷᠳᠡᠨᠢ ᠶ᠋ᠢᠨ ᠲᠣᠪᠴᠢ 》 ᠶ᠋ᠢᠨ ᠲᠡᠮᠳᠡᠭᠯᠡᠯ ᠡᠴᠡ ᠦᠵᠡᠪᠡᠯ ᠨᠠᠢ᠍ᠮᠠᠨ ᠣᠲᠣᠭ ᠴᠠᠬᠠᠷ ᠤ᠋ᠨ ᠳᠣᠲᠣᠷ᠎ᠠ ᠴᠠᠭᠠᠨ ᠲᠠᠲᠠᠷ ( ᠲᠠᠲ᠋ᠠᠷ ) ᠨᠤᠲᠤᠭ ᠭᠡᠵᠦ ᠪᠠᠢᠵᠠᠢ ᠃ 《 ᠰᠢᠷ᠎ᠠ ᠲᠣᠭᠣᠵᠢ 》 ᠳ᠋ᠤ᠌ ᠳᠤᠷᠠᠳᠤᠭᠰᠠᠨ ᠲᠠᠲ᠋ᠠᠷ ᠪᠣᠯ ᠮᠥᠨ ᠴᠦ᠍ ᠵᠡᠭᠦᠨ ᠭᠤᠷᠪᠠᠨ ᠲᠦᠮᠡᠨ ᠳ᠋ᠦ᠍ ᠪᠠᠭᠲᠠᠵᠤ ᠪᠠᠢᠵᠠᠢ ᠃ 
② 《 ᠰᠢᠷ᠎ᠠ ᠲᠣᠭᠣᠵᠢ 》 ᠳ᠋ᠤ᠌ ᠳᠠᠶᠠᠨ ᠬᠠᠭᠠᠨ ᠤ᠋ ᠶᠢᠰᠦᠳᠦᠭᠡᠷ ᠬᠥᠪᠡᠭᠦᠨ ᠴᠢᠩ ᠲᠠᠢᠵᠢ ᠭᠡᠵᠡᠢ ᠃ 
③ 《 ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠢᠨᠤ ᠄ 《 ᠤᠷᠠᠳ ᠠᠢᠮᠠᠭ ᠠᠨᠤ ᠬᠥᠬᠡᠬᠣᠲᠠ ᠠ᠋ᠴᠠ ᠪᠠᠷᠠᠭᠤᠨᠰᠢ ᠭᠤᠷᠪᠠᠨ ᠵᠠᠭᠤ ᠵᠢᠷᠠᠨ ᠭᠠᠵᠠᠷ ᠪᠤᠶᠤ ᠃ ᠨᠡᠢᠰᠯᠡᠯ ᠬᠣᠲᠠᠨ ᠳ᠋ᠤᠷ ᠬᠦᠷᠴᠦ ᠢᠷᠡᠬᠦᠢ ᠢᠨᠤ ᠨᠢᠭᠡᠨ ᠮᠢᠩᠭᠠᠨ ᠲᠠᠪᠤᠨ ᠵᠠᠭᠤ ᠬᠣᠷᠢᠨ ᠭᠠᠵᠠᠷ ᠠᠵᠤᠭᠤ ᠃ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ ᠬᠣᠶᠠᠷ ᠵᠠᠭᠤ ᠠᠷᠪᠠᠨ ᠲᠠᠪᠤᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠭᠤᠷᠪᠠᠨ ᠵᠠᠭᠤᠨ ᠭᠠᠵᠠᠷ ᠃ ᠵᠡᠭᠦᠨ ᠡᠲᠡᠭᠡᠳ ᠢᠨᠤ ᠮᠤᠤᠮᠢᠩᠭᠠᠨ ᠵᠢᠴᠢ ᠬᠥᠬᠡᠬᠣᠲᠠᠨ ᠤ᠋ ᠲᠦᠮᠡᠳ ᠲᠣᠷ ᠵᠠᠬ᠎ᠠ ᠨᠡᠢᠯᠡᠵᠦ ᠪᠠᠷᠠᠭᠤᠨ ᠡᠲᠡᠭᠡᠳ ᠵᠢᠴᠢ ᠡᠮᠦᠨ᠎ᠡ ᠡᠲᠡᠭᠡᠳ ᠢᠨᠤ ᠴᠥᠮ ᠣᠷᠳᠣᠰ ᠲᠤᠷ ᠵᠠᠬ᠎ᠠ ᠨᠡᠢᠯᠡᠵᠦᠬᠦᠢ ᠃ ᠤᠮᠠᠷ᠎ᠠ ᠡᠲᠡᠭᠡᠳ ᠢᠨᠤ ᠬᠠᠯᠬ᠎ᠠ ᠶ᠋ᠢᠨ ᠪᠠᠷᠠᠭᠤᠨ ᠭᠠᠷ ᠲᠤᠷ ᠵᠠᠬ᠎ᠠ ᠨᠡᠢᠯᠡᠵᠦᠬᠦᠢ ᠃ ᠴᠢᠨ ᠤᠯᠤᠰ ᠤ᠋ᠨ ᠦᠶ᠎ᠡ ᠳ᠋ᠦ᠍ᠷ ᠵᠢᠦ ᠶᠤᠸᠠᠨ ᠵᠢᠶᠦ᠋ᠨ ᠦ᠌ ᠭᠠᠵᠠᠷ ᠠᠵᠤ ᠬᠠᠨ ᠤᠯᠤᠰ ᠤ᠋ᠨ ᠦᠶ᠎ᠡ ᠳ᠋ᠦ᠍ᠷ ᠦᠶᠤᠸᠠᠨ ᠭᠡᠮᠡᠨ ᠬᠠᠯᠠᠭᠰᠠᠨ ᠢ᠋ᠶ᠋ᠠᠨ ᠬᠠᠨ ᠤᠯᠤᠰ ᠤ᠋ᠨ ᠰᠡᠭᠦᠯᠴᠢ ᠶ᠋ᠢᠨ ᠦᠶ᠎ᠡ ᠪᠡᠷ ᠵᠢᠶᠦ᠋ᠨ ᠊ᠢ ᠦᠭᠡᠢ ᠪᠣᠯᠭᠠᠵᠤᠬᠤᠢ ᠃ ᠬᠣᠢᠲᠤ ᠸᠧᠢ ᠤᠯᠤᠰ ᠤ᠋ᠨ ᠦᠶ᠎ᠡ ᠳ᠋ᠦ᠍ᠷ ᠬᠤᠸᠠᠢ ᠽᠦᠩ ᠸᠸᠨ ᠪᠠᠯᠭᠠᠰᠤᠨ ᠭᠡᠮᠡᠨ ᠪᠠᠢᠭᠤᠯᠵᠤ ᠳᠠᠩ ᠤᠯᠤᠰ ᠤ᠋ᠨ ᠳᠤᠮᠳᠠᠴᠢ ᠪᠠᠷ ᠪᠠᠷᠠᠭᠤᠨ ᠊ᠢ ᠪᠠᠭᠲᠠᠭᠠᠭᠰᠠᠨ ᠤᠷᠤᠭᠤᠯ ᠬᠣᠲᠠᠨ ᠤ᠋ ᠭᠠᠵᠠᠷ ᠪᠣᠯᠭᠠᠵᠤᠬᠤᠢ ᠃ ᠯᠢᠶᠣᠤ ᠤᠯᠤᠰ ᠤ᠋ᠨ ᠦᠶ᠎ᠡ ᠳ᠋ᠦ᠍ᠷ ᠶᠦᠨ ᠨᠧᠢ ᠵᠧᠦ ᠪᠠᠢᠭᠤᠯᠤᠨ ᠪᠠᠷᠠᠭᠤᠨ ᠨᠡᠢᠰᠯᠡᠯ ᠦ᠋ᠨ ᠵᠠᠮ ᠳ᠋ᠤᠷ ᠬᠠᠮᠢᠶᠠᠷᠤᠭᠤᠯᠵᠠᠢ ᠃ ᠠᠯᠲᠠᠨ ᠤᠯᠤᠰ ᠮᠥᠨ ᠡᠭᠦᠨ ᠊ᠢ ᠤᠯᠠᠷᠢᠭᠤᠯᠪᠠ ᠃ ᠶᠤᠸᠠᠨ ᠤᠯᠤᠰ ᠤ᠋ᠨ ᠦᠶ᠎ᠡ ᠳ᠋ᠦ᠍ᠷ  ᠳᠡ ᠲᠦᠩ ᠦ᠋ᠨ ᠵᠠᠮ ᠳ᠋ᠤᠷ ᠬᠠᠷᠢᠶᠠᠯᠠᠭᠳᠠᠨ ᠮᠢᠩ ᠤᠯᠤᠰ ᠤ᠋ᠨ ᠦᠶ᠎ᠡ ᠳ᠋ᠦ᠍ᠷ ᠮᠣᠩᠭᠣᠯᠴᠤᠳ ᠨᠤᠲᠤᠭᠯᠠᠵᠤᠬᠤᠢ ᠃ ᠶᠤᠸᠠᠨ ᠤᠯᠤᠰ ᠤ᠋ᠨ ᠲᠠᠢᠽᠦ ᠬᠠᠭᠠᠨ ᠤ᠋ ᠳᠡᠭᠦᠦ ᠬᠠᠪᠤᠲᠤ ᠬᠠᠰᠠᠷ ᠤ᠋ᠨ ᠠᠷᠪᠠᠨ ᠲᠠᠪᠤᠳᠤᠭᠠᠷ ᠦᠶ᠎ᠡ ᠶ᠋ᠢᠨ ᠠᠴᠢ ᠪᠤᠷᠠᠬᠠᠢ ᠬᠥᠯᠥᠨ  ᠪᠤᠢᠷ ᠤ᠋ᠨ ᠭᠠᠵᠠᠷ ᠲᠤ᠌ ᠨᠤᠲᠤᠭᠯᠠᠨ ᠰᠠᠭᠤᠵᠤ ᠲᠡᠭᠦᠨ ᠦ᠌ ᠬᠠᠷᠢᠶᠠᠲᠤ ᠠᠢᠮᠠᠭ ᠶᠤᠭᠠᠨ ᠤᠷᠠᠳ ᠭᠡᠮᠡᠨ ᠨᠡᠷᠡᠢᠳᠵᠦᠬᠦᠢ 》 ᠭᠡᠵᠡᠢ ᠃ ᠴᠢᠩ ᠤᠯᠤᠰ ᠦᠶ᠎ᠡ ᠳ᠋ᠦ᠍ ᠤᠷᠠᠳ ᠊ᠢ ᠳᠤᠮᠳᠠ ᠂ ᠡᠮᠦᠨ᠎ᠡ ᠂ ᠬᠣᠢᠲᠤ ᠭᠤᠷᠪᠠᠨ ᠬᠣᠰᠢᠭᠤ ᠪᠣᠯᠭᠠᠨ ᠤᠯᠠᠭᠠᠨᠴᠠᠪ ᠤ᠋ᠨ ᠴᠢᠭᠤᠯᠭᠠᠨ ᠳ᠋ᠤ᠌ ᠬᠠᠮᠢᠶᠠᠷᠤᠭᠤᠯᠵᠠᠢ ᠃ ᠲᠡᠦᠬᠡ ᠶ᠋ᠢᠨ ᠰᠤᠷᠪᠤᠯᠵᠢ ᠠ᠋ᠴᠠ ᠠᠵᠢᠬᠤ ᠳ᠋ᠤ᠌ ᠤᠷᠠᠤᠠᠴᠤᠳ ᠬᠥᠯᠥᠨ ᠪᠤᠢᠷ ᠲᠤ᠌ ᠨᠤᠲᠤᠭᠯᠠᠵᠤ ᠪᠠᠢᠬᠤ ᠦᠶ᠎ᠡ ᠳ᠋ᠡᠭᠡᠨ ᠭᠤᠷᠪᠠᠨ  ᠬᠡᠰᠡᠭ ᠪᠣᠯᠤᠨ ᠰᠠᠯᠵᠤ ᠨᠡᠢᠳᠡᠮ ᠳ᠋ᠡᠭᠡᠨ ᠠᠷᠤ ᠮᠣᠩᠭᠣᠯ ᠭᠡᠮᠡᠨ ᠨᠡᠷᠡᠢᠳᠴᠦ ᠪᠠᠢᠵᠠᠢ ᠃ ᠮᠠᠨᠵᠤ ᠶ᠋ᠢᠨ ᠡᠶᠡᠪᠡᠷ ᠵᠠᠰᠠᠭᠴᠢ ᠬᠠᠭᠠᠨ ᠂ ᠰᠥᠨᠢᠳ ᠦ᠋ᠨ ᠲᠠᠩᠭᠢᠰ ᠊ᠢ ᠳᠠᠷᠤᠬᠤ ᠪᠠᠷ ᠰᠢᠯᠲᠠᠭ ᠪᠣᠯᠭᠠᠨ1646 ᠣᠨ ᠳ᠋ᠤ᠌ ᠬᠠᠯᠬ᠎ᠠ ᠳ᠋ᠤ᠌ ᠴᠡᠷᠢᠭ ᠣᠷᠣᠪᠠ ᠃ ᠤᠷᠠᠳ ᠤ᠋ᠨ ᠡᠷᠬᠡ ᠲᠠᠢᠵᠢ ᠲᠣᠪᠠ ᠂ ᠲᠦᠮᠡᠨ ᠳᠠᠷᠬᠠᠨ ᠲᠠᠢᠵᠢ ᠣᠮᠪᠣ ᠂ ᠢᠯᠳᠦᠨ ᠬᠣᠰᠢᠭᠤᠴᠢ ᠰᠡᠷᠡᠩ ᠨᠠᠷ ᠤ᠋ᠨ ᠲᠤᠰᠠᠯᠠᠮᠵᠢ ᠪᠠᠷ ᠰᠡᠴᠡᠨ ᠬᠠᠨ ᠪᠠ ᠲᠦᠰᠢᠶᠡᠲᠦ ᠬᠠᠨ ᠤ᠋ ᠴᠡᠷᠢᠭ ᠊ᠢ ᠳᠠᠷᠤᠪᠠ ᠃ ᠡᠨᠡ ᠭᠠᠪᠢᠶᠠᠨ᠎ᠠ ᠡᠶᠡᠪᠡᠷ ᠵᠠᠰᠠᠭᠴᠢ ᠶ᠋ᠢᠨ ᠵᠢᠷᠭᠤᠳᠤᠭᠠᠷ ᠣᠨ (1649 ) ᠳ᠋ᠦ᠍ ᠲᠣᠪᠠ ᠶ᠋ᠢ ᠵᠠᠰᠠᠭ ᠤᠯᠤᠰ ᠤ᠋ᠨ ᠲᠦᠰᠢᠶ᠎ᠡ ᠬᠦᠩ ᠡᠷᠭᠦᠮᠵᠢᠯᠡᠭᠡᠳ ᠵᠡᠭᠦᠨ ᠤᠷᠠᠳ ᠊ᠢ ᠵᠠᠬᠢᠷᠤᠭᠤᠯᠪᠠ ᠃ ᠣᠮᠪᠣ ᠶ᠋ᠢᠨ ᠬᠦᠦ ᠦᠪᠡᠨ ᠊ᠢ ᠮᠥᠨ ‍ᠬᠦ ᠤᠯᠤᠰ ᠤ᠋ᠨ ᠲᠦᠰᠢᠶ᠎ᠡ ᠬᠦᠩ ᠡᠷᠭᠦᠮᠵᠢᠯᠡᠵᠦ ᠪᠠᠷᠠᠭᠤᠨ ᠤᠷᠠᠳ ᠊ᠢ ᠵᠠᠬᠢᠷᠤᠭᠤᠯᠪᠠ ᠃ ᠰᠡᠷᠡᠩ ᠦ᠋ᠨ ᠬᠦᠦ ᠪᠠᠬᠠᠪᠠᠬᠠᠢ ᠳ᠋ᠤ᠌ ᠵᠠᠰᠠᠭ ᠤᠯᠤᠰ ᠲᠤ᠌ ᠲᠤᠰᠠᠯᠠᠭᠴᠢ ᠲᠥᠰᠢᠶ᠎ᠡ ᠬᠦᠩ ᠡᠷᠭᠦᠮᠵᠢᠯᠡᠭᠡᠳ ᠳᠤᠮᠳᠠᠳᠤ ᠤᠷᠠᠳ ᠊ᠢ ᠵᠠᠬᠢᠷᠤᠭᠤᠯᠪᠠ ᠃ ᠬᠠᠯᠬ᠎ᠠ ᠶ᠋ᠢ ᠰᠡᠷᠭᠡᠢᠯᠡᠷ᠎ᠡ ᠮᠥᠨ ᠭᠤᠷᠪᠠᠨ ᠤᠷᠠᠳ ᠊ᠢ ᠪᠠᠷᠠᠭᠤᠨᠰᠢ ᠨᠡᠭᠦᠯᠭᠡᠵᠦ ᠬᠦᠨᠳᠦᠯᠡᠨ ᠂ ᠬᠠᠲᠠᠮᠠᠨ ᠂ ᠦᠨᠡ ᠶ᠋ᠢᠨ ᠬᠣᠰᠢᠭᠤ ᠵᠡᠷᠭᠡ ᠭᠤᠷᠪᠠᠨ ᠰᠦᠪᠡ ᠶ᠋ᠢ ᠰᠠᠬᠢᠭᠤᠯᠤᠨ ᠨᠤᠲᠤᠭᠯᠠᠭᠤᠯᠵᠠᠢ ᠃ 
④ ᠲᠠᠶᠠᠨ ᠬᠠᠭᠠᠨ ᠤ᠋ ᠠᠷᠪᠠᠲᠤ ᠬᠥᠪᠡᠭᠦᠨ ᠊ᠢ ᠭᠡᠷᠡᠪᠣᠯᠤᠳ ᠭᠡᠳᠡᠭ ᠃   

                ᠤᠷᠠᠶᠠᠩᠬᠠᠨ ①ᠨᠣᠶᠠᠳ ᠤ᠋ᠨ ᠤᠭ 

      ᠠᠷᠪᠠᠨ ᠨᠢᠭᠡᠳᠦᠭᠡᠷ ᠬᠥᠪᠡᠭᠦᠨ ᠭᠡᠷᠰᠠᠨᠴᠠ② ᠵᠠᠯᠠᠢᠷ ᠃ ᠬᠠᠯᠬ᠎ᠠ ᠶ᠋ᠢ ᠳᠠᠷᠤᠭᠯᠠᠭᠰᠠᠨ ᠂ ᠲᠡᠭᠦᠨᠦ ᠳᠣᠯᠣᠭᠠᠨ ᠬᠥᠪᠡᠭᠦᠨ ᠠᠰᠢᠬᠠᠢ ᠳᠠᠷᠬᠠᠨ ᠬᠣᠩ ᠲᠠᠢᠵᠢ ᠂ ᠦᠬᠠᠲᠠᠢ ᠬᠠᠳᠠᠨ ᠪᠠᠭᠠᠲᠤᠷ ᠂ ᠤᠨᠤᠬᠤ ᠤᠶᠢᠵᠤᠩ ᠨᠣᠶᠠᠨ ᠂ ᠳᠠᠯᠳᠠ ᠭᠦᠩᠲᠦᠯᠡᠨ ᠨᠣᠶᠠᠨ ᠂ ᠳᠠᠷᠢ ᠦᠷ᠎ᠡ ᠦᠭᠡᠢ ᠠᠮᠢᠨ ᠲᠣᠷᠠᠬᠠᠯ ᠨᠣᠶᠠᠨ ᠣᠣᠬᠠᠨ ᠠᠮᠤ  

— — — — 
① ᠤᠷᠠᠶᠠᠩᠬᠠᠨ ᠄ ᠤᠷᠢᠶᠠᠩᠬᠠᠨ ᠂ ᠡᠨᠳᠡ ᠬᠠᠯᠬ᠎ᠠ ( ᠣᠳᠣ ᠶ᠋ᠢᠨ ᠮᠣᠩᠭᠣᠯ ᠠᠷᠠᠳ ᠤᠯᠤᠰ ᠤ᠋ᠨ ᠮᠣᠩᠭᠣᠯᠴᠤᠳ ) ᠊ᠢ ᠣᠷᠢᠶᠠᠩᠬᠠᠨ ᠭᠡᠵᠦ ᠲᠡᠮᠳᠡᠭᠯᠡᠵᠡᠢ ᠃ ᠲᠠᠶᠠᠨ ᠬᠠᠭᠠᠨ ᠤ᠋ ᠣᠣᠬᠠᠨ ᠬᠥᠪᠡᠭᠦᠨ ᠭᠡᠷᠰᠠᠨᠴᠠ ᠵᠠᠯᠠᠢᠷ ᠲᠠᠢᠵᠢ ᠬᠠᠩᠭᠠᠢ ᠶ᠋ᠢᠨ ᠬᠠᠪᠢ ᠨᠤᠲᠤᠭ ᠢ᠋ᠶ᠋ᠠᠷ ᠨᠤᠲᠤᠭᠯᠠᠵᠤ ᠪᠠᠢᠭ᠎ᠠ ᠳ᠋ᠠᠭᠠᠨ ᠲᠡᠭᠦᠨ ᠦ᠌ ᠬᠠᠷᠢᠶᠠᠲᠤ ᠠᠢᠮᠠᠭ ᠢ᠋ᠶ᠋ᠠᠨ ᠬᠠᠯᠬ᠎ᠠ ᠭᠡᠵᠦ ᠨᠡᠷᠡᠢᠳᠴᠦ ᠡᠬᠢᠯᠡᠪᠡ ᠃ ᠭᠡᠷᠰᠠᠨᠴᠠ ᠵᠠᠯᠠᠢᠷ ᠤ᠋ᠨ ᠶᠡᠬᠡ ᠬᠥᠪᠡᠭᠦᠨ ᠠᠰᠢᠬᠠᠢ ᠳᠠᠷᠬᠠᠨ ᠨᠣᠶᠠᠨ ᠤ᠋ ᠦᠷ᠎ᠡ ᠠᠴᠢᠨᠠᠷ ᠪᠠᠷᠠᠭᠤᠨ ᠵᠠᠮ ᠊ᠢ ᠵᠠᠬᠢᠷᠤᠨ ᠵᠠᠰᠠᠭᠲᠤ ᠬᠠᠨ ᠠᠢᠮᠠᠭ ᠭᠡᠵᠦ ᠪᠠᠢᠪᠠ ᠃ ᠡᠩᠬᠡ ᠠᠮᠤᠭᠤᠯᠠᠩ ᠤ᠋ᠨ ᠭᠤᠲᠠᠠᠭᠠᠷ ᠣᠨ (1664 ) ᠳ᠋ᠦ᠍ ᠨᠢᠭᠡ ᠪᠦᠯᠦᠭ ᠨᠢ ᠭᠣᠪᠢ ᠶ᠋ᠢᠨ ᠡᠮᠦᠨ᠎ᠡ ᠨᠡᠭᠦᠳᠡᠯᠯᠡᠨ ᠢᠷᠡᠵᠦ ᠪᠠᠶᠠᠰᠬᠤᠯᠠᠩ ᠬᠠᠳᠠ ᠳ᠋ᠤ᠌ ᠬᠠᠭᠠᠯᠭ᠎ᠠ ᠶ᠋ᠢᠨ ᠠᠷᠤ ᠪᠠᠷ ᠪᠦᠬᠦᠢ ᠴᠠᠭᠠᠨ ᠬᠣᠰᠢᠭᠤᠲᠤ ᠶ᠋ᠢᠨ ᠬᠠᠪᠢ ᠪᠠᠷ ᠨᠤᠲᠤᠭᠯᠠᠵᠠᠢ ᠃ ᠡᠨᠡ ᠨᠢ ᠴᠢᠩ ᠤᠯᠤᠰ ᠤ᠋ᠨ ᠦᠶ᠎ᠡ ᠳ᠋ᠦ᠍ ᠬᠠᠯᠬ᠎ᠠ ᠵᠡᠭᠦᠨ ᠭᠠᠷ ᠤ᠋ᠨ ᠬᠣᠰᠢᠭᠤ ᠪᠣᠯᠪᠠ ᠃ ᠭᠡᠷᠰᠠᠨᠴᠠ ᠵᠠᠯᠠᠢᠷ ᠤ᠋ᠨ ᠭᠤᠲᠠᠠᠭᠠᠷ ᠬᠦᠦ ᠤᠨᠤᠬᠤ ᠣᠶᠢᠵᠤᠩ ᠨᠣᠶᠠᠨ ᠤ᠋ ᠦᠷ᠎ᠡ ᠠᠴᠢᠨᠠᠷ ᠳᠤᠮᠳᠠ ᠵᠠᠮ ᠊ᠢ ᠵᠠᠬᠢᠷᠤᠨ ᠲᠦᠰᠢᠶᠡᠲᠦ ᠬᠠᠨ ᠠᠢᠮᠠᠭ ᠭᠡᠵᠦ ᠪᠠᠢᠪᠠ ᠃ ᠡᠶᠡᠪᠡᠷ ᠵᠠᠰᠠᠭᠴᠢ ᠶ᠋ᠢᠨ ᠠᠷᠪᠠᠳᠤᠭᠠᠷ ᠣᠨ (1653 ) ᠪᠣᠯᠬᠤ ᠳ᠋ᠤ᠌ ᠨᠢᠭᠡ ᠪᠦᠯᠦᠭ ᠨᠢ ᠭᠣᠪᠢ ᠶ᠋ᠢᠨ ᠡᠮᠦᠨ᠎ᠡ ᠨᠡᠭᠦᠳᠡᠯᠯᠡᠨ ᠢᠷᠡᠵᠦ ᠴᠢᠭᠤᠯᠤᠯᠲᠤ ᠬᠠᠭᠠᠯᠭ᠎ᠠ ᠶ᠋ᠢᠨ ᠠᠷᠤ ᠪᠠᠷ ᠮᠠᠯᠵᠢᠨ ᠨᠤᠲᠤᠭᠰᠢᠵᠠᠢ ᠃ ᠡᠨᠡ ᠨᠢ ᠴᠢᠩ ᠤᠯᠤᠰ ᠤ᠋ᠨ ᠦᠶ᠎ᠡ ᠳ᠋ᠦ᠍ ᠬᠠᠯᠬ᠎ᠠ ᠪᠠᠷᠠᠭᠤᠨ ᠭᠠᠷ ᠤ᠋ᠨ ᠬᠣᠰᠢᠭᠤ ᠪᠣᠯᠪᠠ ᠃ ᠡᠨᠡ ᠬᠣᠶᠠᠷ ᠬᠣᠰᠢᠭᠤ ᠶ᠋ᠢ ᠴᠢᠩ ᠤᠯᠤᠰ ᠤ᠋ᠨ ᠨᠠᠢ᠍ᠮᠠᠨ ᠬᠤᠰᠢᠭᠤᠨ ᠳ᠋ᠤ᠌ ᠣᠷᠣᠭᠤᠯᠤᠨ ᠥᠪᠥᠷ ᠬᠠᠯᠬ᠎ᠠ ᠭᠡᠵᠡᠢ ᠃ ᠭᠣᠪᠢ ᠶ᠋ᠢᠨ ᠠᠷᠤ ᠳ᠋ᠤ᠌ ᠪᠦᠬᠦᠢ ᠬᠠᠯᠠᠭᠴᠤᠳ ᠮᠥᠨ ᠤᠷᠢᠳ ᠬᠣᠵᠢᠳ ᠮᠠᠨᠵᠤ ᠶ᠋ᠢᠨ ᠲᠠᠯᠬᠢᠭᠳᠠᠯ ᠳ᠋ᠤ᠌ ᠣᠷᠣᠨ ᠲᠦᠰᠢᠶᠡᠲᠦ ᠬᠠᠨ ᠂ ᠰᠡᠴᠡᠨ ᠬᠠᠨ ᠂ ᠵᠠᠰᠠᠭᠲᠤ ᠬᠠᠨ ᠂ ᠰᠠᠢᠨ ᠨᠣᠶᠠᠨ ᠳᠥᠷᠪᠡᠨ ᠠᠢᠮᠠᠭ ᠨᠡᠢᠲᠡ ᠨᠠᠶᠠᠨ ᠵᠢᠷᠭᠤᠭᠠᠨ ᠬᠣᠰᠢᠭᠤ ᠬᠡᠰᠡᠭᠯᠡᠭᠳᠡᠨ ᠵᠠᠬᠢᠷᠤᠭᠳᠠᠵᠠᠢ ᠃ ᠡᠨᠡ ᠮᠡᠲᠦ ᠪᠡᠷ ᠮᠣᠩᠭᠣᠯ ᠲᠥᠷᠥ  ᠮᠥᠬᠥᠭᠰᠡᠨ ᠦ᠌ ᠳᠠᠷᠠᠭᠠᠬᠢ ᠬᠠᠯᠬ᠎ᠠ ᠳ᠋ᠤ᠌ ᠪᠡᠶ᠎ᠡ ᠪᠡᠨ ᠳᠠᠭᠠᠭᠠᠭᠰᠠᠨ 《 ᠳᠣᠯᠣᠭᠠᠨ ᠣᠲᠣᠭ 》 ᠪᠠᠢᠭᠰᠠᠨ ᠨᠢ ᠦᠭᠡᠢ ᠪᠣᠯᠵᠠᠢ ᠃ 
② ᠲᠠᠶᠠᠨ ᠬᠠᠭᠠᠨ ᠤ᠋ ᠣᠣᠬᠠᠨ ᠬᠥᠪᠡᠭᠦᠨ ᠃  

 ᠪᠣᠶᠢᠮᠠᠨ ᠪᠣᠢ  ᠃ ᠠᠰᠢᠬᠠᠢ ᠬᠣᠩ  ᠲᠠᠢᠵᠢ  ᠶ᠋ᠢᠨ ᠬᠥᠪᠡᠭᠦᠨ ᠪᠠᠶᠠᠨᠲᠠᠷ᠎ᠠ ᠬᠣᠩ  ᠲᠠᠢᠵᠢ ᠲᠡᠭᠦᠨᠦ ᠬᠦᠦ ᠯᠠᠶᠢᠬᠤᠷ ᠬᠠᠭᠠᠨ ᠂ ᠲᠡᠭᠦᠨᠦ ᠬᠦᠦ ᠰᠤᠪᠢᠨᠲᠠᠷ᠎ᠠ ᠵᠠᠰᠠᠭᠲᠤ ᠬᠠᠭᠠᠨ①  ᠲᠡᠭᠦᠨᠦ ᠬᠦᠦ ᠨᠣᠷᠪᠤ ᠪᠢᠰᠢᠷᠡᠯᠲᠦ ᠬᠠᠭᠠᠨ ᠲᠡᠭᠦᠨᠦ ᠬᠥᠪᠡᠭᠦᠨ ᠰᠠᠨᠪᠣᠸᠠ [ ᠴᠠᠮᠪᠤᠨ ] ᠵᠠᠰᠠᠭᠲᠤ ᠬᠠᠭᠠᠨ ᠂ ᠲᠡᠭᠦᠨᠦ ᠬᠦᠦ ᠰᠠᠷᠠ ᠵᠠᠰᠠᠭᠠᠲᠤ ᠬᠠᠭᠠᠨ  ᠃ ᠪᠠᠶᠠᠨᠲᠠᠷ᠎ᠠ ᠶ᠋ᠢᠨ ᠳᠡᠭᠦᠦ ᠲᠦᠮᠠᠠᠲᠠᠷ᠎ᠠ ᠲᠠᠴᠢᠩ ᠬᠣᠲᠣᠬᠣᠷ ᠤ᠋ᠨ  ᠬᠦᠦ ᠱᠣᠯᠣᠢ ᠰᠠᠢᠨ ᠣᠪᠰᠢ ᠬᠣᠩ  ᠲᠠᠢᠵᠢ② ᠂ ᠲᠡᠭᠦᠨᠦ ᠶ᠋ᠢᠨ ᠬᠦᠦ ᠪᠠᠳᠮ᠎ᠠ ᠡᠷᠳᠡᠨᠢ ᠬᠣᠩ   ᠲᠠᠢᠵᠢ ᠂ ᠲᠡᠭᠦᠨᠦ ᠬᠦᠦ ᠰᠠᠢᠨ ᠬᠣᠩ  ᠲᠠᠢᠵᠢ᠂ ᠱᠣᠯᠣᠢ ᠶ᠋ᠢᠨ ᠳ᠋ᠠᠭᠦᠦ ᠮᠢᠩᠬᠠᠢ ᠶ᠋ᠢᠨ ᠬᠠᠷᠠ ᠬᠣᠯᠠ ᠶ᠋ᠢᠨ ᠶᠡᠬᠡ ᠬᠥᠪᠡᠭᠦᠨ ᠢᠨᠦ ᠂ ᠠᠩᠬᠠᠬᠠᠢ ᠵᠠᠰᠠᠭ ᠲᠤ᠌ ᠬᠠᠷᠠ ᠬᠣᠯᠠ ᠪᠠᠭ᠎ᠠ  ᠢᠨᠦ ᠪᠠᠳᠮ᠎ᠠ ᠣᠶᠢᠵᠣᠩ ᠨᠣᠶᠠᠨ  ᠃ ᠥᠭᠡᠳᠡᠢ ᠬᠠᠳᠠᠨ ᠪᠠᠭᠠᠲᠤᠷ③ ᠤ᠋ᠨ  ᠬᠦᠦ ᠲᠥᠪᠡᠳ ᠬᠠᠳᠠᠨ ᠪᠠᠭᠠᠲᠤᠷ ᠂ ᠲᠡᠭᠦᠨᠦ ᠶᠡᠬᠡ ᠬᠦᠦ ᠪᠠᠰᠣᠳ ᠤ᠋ᠨ ᠬᠣᠩᠬᠣᠷ ᠰᠡᠴᠡᠨ ᠵᠢᠨᠦᠩ ᠪᠣᠢ ᠪᠠᠭ᠎ᠠ ᠬᠥᠪᠡᠭᠦᠨ ᠢᠨᠦ ᠡᠯᠴᠢᠭᠡᠨ ᠦ᠌ ᠪᠠᠳᠮ᠎ᠠ ᠬᠠᠳᠠᠨ ᠪᠠᠭᠠᠲᠤᠷ ᠂ ᠲᠡᠭᠦᠨᠦ ᠬᠦᠦ ᠠᠶᠤᠰᠢ ᠬᠠᠳᠠᠨ ᠪᠠᠭᠠᠲᠤᠷ  ᠲᠡᠭᠦᠨᠦ ᠬᠦᠦ ᠠᠯᠲᠠᠨ ᠬᠠᠳᠠᠨ ᠪᠠᠭᠠᠲᠤᠷ ᠃ ᠤᠨᠤᠬᠤ ᠣᠶᠢᠵᠣᠩ ᠨᠣᠶᠠᠨ ᠤ᠋ ᠶᠡᠬᠡ ᠬᠥᠪᠡᠭᠦᠨ  ᠠᠪᠢᠲᠠᠢ ᠬᠠᠯᠴᠢᠬᠤ [ ᠭᠠᠯᠵᠠᠭᠤ ]  

— — — — 
①ᠰᠤᠪᠢᠨᠲᠠᠷ᠎ᠠ ᠵᠠᠰᠠᠭᠲᠤ ᠬᠠᠭᠠᠨ ᠄ 《 ᠰᠢᠷ᠎ᠠ ᠲᠣᠭᠣᠵᠢ 》 ᠳ᠋ᠤ᠌ ᠰᠤᠪᠢᠨᠲᠠᠢ ᠭᠡᠵᠡᠢ ᠃ ᠬᠠᠯᠬ᠎ᠠ ᠶ᠋ᠢᠨ ᠪᠠᠷᠠᠭᠤᠨ ᠵᠠᠬ᠎ᠠ ᠬᠠᠩᠭᠠᠢ ᠂  ᠲᠤᠤᠯᠠ ᠶ᠋ᠢᠨ ᠬᠠᠪᠢ ᠨᠤᠲᠤᠭ ᠊ᠢ ᠡᠵᠡᠮᠰᠢᠨ ᠵᠠᠬᠢᠷᠴᠤ ᠪᠠᠢᠪᠠ ᠃ᠰᠤᠪᠢᠨᠲᠠᠷ᠎ᠠ ᠶ᠋ᠢᠨ ᠡᠴᠢᠭᠡ  ᠯᠠᠶᠢᠬᠤᠷ ᠤ᠋ᠨ ᠦᠶ᠎ᠡ ᠳ᠋ᠦ᠍ ᠬᠠᠯᠬ᠎ᠠ ᠶ᠋ᠢᠨ ᠪᠠᠷᠠᠭᠤᠨ ᠵᠠᠬ᠎ᠠ ᠶ᠋ᠢ ᠳᠠᠷᠤᠭᠠᠯᠠᠵᠤ ᠯᠠᠶᠢᠬᠤᠷ ᠬᠠᠨ ᠭᠡᠵᠦ ᠨᠡᠷᠡᠢᠳᠴᠦ ᠪᠠᠢᠪᠠ ᠃ᠰᠤᠪᠢᠨᠲᠠᠷ᠎ᠠ ᠶ᠋ᠢᠨ ᠦᠶ᠎ᠡ ᠪᠣᠯᠬᠤ ᠳ᠋ᠤ᠌ ᠵᠠᠰᠠᠭᠲᠤ  ᠬᠠᠨ ᠭᠡᠵᠦ ᠨᠡᠷᠡᠢᠳᠴᠦ ᠡᠬᠢᠯᠡᠨ ᠲᠦᠰᠢᠶᠡᠲᠦ ᠬᠠᠨ ᠭᠣᠮᠪᠣ ᠰᠡᠴᠡᠨ  ᠬᠠᠨ ᠱᠣᠯᠣᠢ ᠲᠠᠢ ᠴᠤᠭᠠᠷ ᠬᠠᠯᠬ᠎ᠠ ᠶ᠋ᠢᠨ ᠭᠤᠷᠪᠠᠨ ᠬᠠᠨ ᠭᠡᠵᠦ ᠠᠯᠳᠠᠷᠰᠢᠪᠠ ᠃ 
② ᠤᠪᠠᠰᠢ ᠬᠣᠩ  ᠲᠠᠢᠵᠢ [ ᠲᠠᠶ᠋ᠢᠵᠢ ] ᠄ ᠮᠣᠩᠭᠣᠯ ᠤ᠋ᠨ ᠲᠡᠦᠬᠡᠨ ᠰᠤᠷᠪᠤᠯᠵᠢ ᠳ᠋ᠤ᠌ ᠱᠣᠯᠣᠢ ᠤᠪᠠᠰᠢ ᠂ ᠤᠪᠠᠰᠢ ᠬᠣᠩ ᠲᠠᠢᠵᠢ ᠭᠡᠳᠡᠭ  ᠃ ᠬᠠᠯᠬ᠎ᠠ ᠶ᠋ᠢᠨ ᠪᠠᠷᠠᠭᠤᠨ ᠬᠣᠢᠭᠤᠷ ᠪᠠᠢᠬᠤ ᠬᠣᠲᠣᠭᠣᠢᠳ ᠠᠢᠮᠠᠭ ᠪᠠ ᠬᠠᠯᠬ᠎ᠠ ᠶ᠋ᠢᠨ ᠪᠠᠷᠠᠭᠤᠨ ᠬᠣᠢᠲᠤ ᠬᠢᠵᠠᠭᠠᠷ ᠊ᠢ ᠨᠡᠢᠳᠡᠮ ᠡᠵᠡᠯᠡᠵᠦ ᠪᠶ᠋ᠢᠵᠠᠢ ᠃ ᠠᠷᠪᠠᠨ ᠵᠢᠷᠭᠤᠳᠤᠭᠠᠷ ᠵᠠᠭᠤᠨ ᠳ᠋ᠤ᠌ ᠵᠣᠬᠢᠶᠠᠭᠳᠠᠭᠰᠠᠨ 《 ᠤᠪᠠᠰᠢ ᠬᠣᠩ ᠲᠠᠢᠵᠢ ᠶ᠋ᠢᠨ ᠲᠣᠭᠣᠵᠢ 》 ᠬᠡᠮᠡᠬᠦ ᠤᠷᠠᠨ ᠵᠣᠬᠢᠶᠠᠯ ᠪᠣᠯ ᠤᠪᠠᠰᠢ ᠬᠣᠩ ᠲᠠᠢᠵᠢ  ᠣᠢᠷᠠᠳ ᠲᠠᠢ ᠳᠠᠢᠳᠤᠭᠰᠠᠨ ᠲᠡᠦᠬᠡᠨ ᠬᠡᠷᠡᠭ ᠊ᠢ ᠲᠤᠰᠬᠠᠭᠰᠠᠨ ᠶᠤᠮ ᠃ 
③ ᠥᠭᠡᠳᠡᠢ ᠬᠠᠳᠠᠨ ᠪᠠᠭᠠᠲᠤᠷ ᠄ 《 ᠰᠢᠷ᠎ᠠ ᠲᠣᠭᠣᠵᠢ 》 ᠪᠠ 《 ᠢᠯᠡᠳᠬᠡᠯ ᠱᠠᠰᠲᠢᠷ 》 ᠲᠤ᠌ ᠨᠣᠶᠠᠨᠲᠠᠢ ᠬᠠᠳᠠᠨ ᠪᠠᠭᠠᠲᠤᠷ ᠭᠡᠳᠡᠭ  ᠃ ᠬᠡᠷᠡᠰᠡᠨᠴᠡ ᠵᠠᠯᠠᠢᠷ ᠤ᠋ᠨ ᠬᠣᠶᠠᠳᠤᠭᠠᠷ ᠬᠥᠪᠡᠭᠦᠨ ᠂ ᠴᠣᠯᠠ ᠬᠠᠳᠠᠨ ᠪᠠᠭᠠᠲᠤᠷ ᠭᠡᠨ᠎ᠡ  

     ᠸᠠᠴᠢᠷ ᠲᠦᠰᠢᠶᠡᠲᠦ ᠰᠠᠢᠨ ᠬᠠᠭᠠᠨ ① ᠲᠡᠭᠦᠨᠦ ᠬᠦᠦ ᠡᠷᠡᠬᠡᠢ ᠮᠡᠷᠭᠡᠨ ᠬᠠᠭᠠᠨ ᠲᠦᠰᠢᠶᠡᠲᠦ ᠬᠠᠭᠠᠨ ② ᠂ ᠲᠡᠭᠦᠨᠦ ᠳᠥᠷᠪᠡᠨ ᠬᠥᠪᠡᠭᠦᠨ ᠴᠠᠭ ᠤ᠋ᠨ ᠰᠠᠢᠨ ᠬᠠᠭᠠᠨ ③ ᠂ ᠰᠠᠲᠠᠰᠠᠷᠢ  ᠪᠡᠢᠯᠡ ᠃ ᠵᠢᠪᠵᠤᠨᠲᠠᠮᠪᠠ ᠬᠣᠳᠣᠭᠠᠳᠣ ④  ᠲᠦᠷᠵᠢ ᠪᠢᠩᠲᠦ ᠲᠠᠶᠢᠴᠢᠩ ᠪᠣᠢ ᠃ ᠠᠪᠢᠲᠠᠢ ᠶ᠋ᠢᠨ  ᠳᠡᠭᠦᠦ ᠠᠪᠤᠬᠤ 

— — — — 
① ᠠᠪᠢᠲᠠᠢ ᠭᠠᠯᠵᠠᠭᠤ ᠸᠠᠴᠠᠷ ᠲᠦᠰᠢᠶᠡᠲᠦ ᠰᠠᠢᠨ ᠬᠠᠭᠠᠨ ᠄ (1534_1586 ) ᠤ᠋ ᠦᠶ᠎ᠡ ᠳ᠋ᠦ᠍ ᠬᠠᠯᠬ᠎ᠠ ᠬᠦᠴᠦᠷᠬᠡᠭ ᠪᠣᠯᠵᠤ ᠬᠠᠯᠬ᠎ᠠ ᠂ ᠣᠢᠷᠠᠳ ᠬᠣᠶᠠᠷ ᠊ᠢ ᠬᠡᠳᠦᠨ ᠵᠢᠯ ᠨᠢᠭᠡᠳᠬᠡᠵᠡᠢ ᠃ ᠰᠠᠭᠠᠩ ᠰᠡᠴᠡᠨ ᠦ᠌ 《 ᠡᠷᠳᠡᠨᠢ ᠶ᠋ᠢᠨ ᠲᠣᠪᠴᠢ 》 ᠳ᠋ᠤ᠌ 《 ᠠᠪᠢᠲᠠᠢ ᠭᠠᠯᠵᠠᠭᠤ ᠲᠠᠢᠵᠢ 》 ᠭᠡᠵᠦ ᠲᠡᠮᠳᠡᠭᠯᠡᠭᠰᠡᠨ ᠶᠦ᠍ᠮ ᠃ ᠠᠪᠢᠲᠠᠢ ᠪᠣᠯ ᠮᠡᠯᠡ ᠶ᠋ᠢᠨ ᠱᠠᠰᠢᠨ ᠊ᠢ ᠬᠠᠯᠬ᠎ᠠ ᠬᠠᠯᠠᠭᠤᠨ ᠲᠠᠢ  ᠳᠡᠯᠭᠡᠷᠡᠭᠦᠯᠦᠭᠰᠡᠨ ᠬᠥᠮᠦᠨ ᠦ᠌ ᠨᠢᠭᠡ ᠮᠥᠨ ᠂ ᠲᠡᠷᠡ ᠲᠥᠪᠡᠳ ᠲᠦ᠍ ᠬᠦᠷᠴᠦ ᠳᠠᠯᠠᠢ ᠯᠠᠮ᠎ᠠ ᠲᠠᠢ ᠠᠭᠤᠯᠵᠠᠨ ᠨᠣᠮ ᠰᠤᠳᠤᠷ ᠣᠯᠠᠨ ᠠᠪᠴᠢᠷᠠᠭᠰᠠᠨ ᠪᠠ ᠳᠠᠯᠠᠢ ᠯᠠᠮᠠ ᠲᠡᠭᠦᠨ ᠳ᠋ᠦ᠍《 ᠸᠠᠴᠠᠷ ᠰᠠᠢᠨ ᠬᠠᠨ 》 ᠭᠡᠬᠦ ᠴᠣᠯᠠ  ᠥᠭᠴᠡᠢ ᠃ ᠬᠠᠯᠬ᠎ᠠ ᠶ᠋ᠢᠨ ᠡᠷᠳᠡᠨᠢ ᠵᠣᠣ ᠰᠦᠮ᠎ᠡ ᠶ᠋ᠢ ᠠᠪᠢᠲᠠᠢ ᠬᠠᠨ ᠪᠠᠢᠭᠤᠯᠵᠤ ᠭᠡᠨ᠎ᠡ ᠃  
② ᠲᠦᠰᠢᠶᠡᠲᠦ ᠬᠠᠭᠠᠨ ᠄ ᠲᠦᠰᠢᠶᠡᠲᠦ ᠬᠠᠨ ᠭᠣᠮᠪᠣ (1635_1724 ) ᠬᠠᠯᠬ᠎ᠠ ᠶ᠋ᠢᠨ ᠳᠤᠮᠳᠠ ᠂ ᠬᠣᠢᠲᠤ ᠬᠠᠪᠢ ᠨᠤᠲᠤᠭ ᠊ᠢ ᠡᠵᠡᠮᠰᠢᠨ ᠵᠠᠬᠢᠷᠴᠤ ᠪᠠᠢᠪᠠ ᠃ ᠭᠣᠮᠪᠣ ᠶ᠋ᠢᠨ ᠦᠶ᠎ᠡ ᠡᠴᠡ ᠡᠬᠢᠯᠡᠨ ᠲᠦᠰᠢᠶᠡᠲᠦ ᠬᠠᠨ ᠭᠡᠵᠦ ᠬᠠᠯᠬ᠎ᠠ ᠶ᠋ᠢᠨ ᠭᠤᠷᠪᠠᠨ ᠬᠠᠨ ᠴᠤᠭᠭᠠᠷ ᠨᠡᠷ᠎ᠡ ᠠᠯᠳᠠᠷᠰᠢᠪᠠ ᠃1691 ᠣᠨ ᠳ᠋ᠤ᠌ ᠡᠩᠬᠡ ᠠᠮᠤᠭᠤᠯᠠᠩ ᠬᠠᠭᠠᠨ ᠬᠠᠯᠬ᠎ᠠ ᠶ᠋ᠢᠨ ᠨᠣᠶᠠᠳ ᠭᠤᠴᠢᠨ ᠲᠠᠪᠤᠨ ᠬᠥᠮᠦᠨ ᠊ᠢ ᠲᠤᠯᠤᠨ ᠨᠠᠭᠤᠷ ᠲᠤ᠌ ᠬᠦᠯᠢᠶᠡᠨ ᠠᠪᠴᠤ  ᠠᠭᠤᠯᠵᠠᠭᠠᠳ ᠬᠠᠯᠬ᠎ᠠ ᠳ᠋ᠤ᠌ ᠮᠥᠨ ᠪᠠᠰᠠ ᠸᠠᠩ ᠂ ᠪᠡᠢᠯᠡ ᠂ ᠲᠠᠢᠵᠢ ᠪᠣᠯᠭᠠᠨ ᠥᠪᠡᠷᠮᠢᠴᠡ  ᠡᠷᠭᠦᠮᠵᠢᠯᠡᠭᠰᠡᠨ ᠡᠴᠡ ᠡᠬᠢᠯᠡᠨ ᠲᠦᠰᠢᠶᠡᠲᠦ ᠬᠠᠨ ᠠᠢᠮᠠᠭ ᠭᠡᠪᠡ ᠃ ᠡᠨᠳᠡ ᠭᠣᠮᠪᠣ ᠶ᠋ᠢ ᠬᠦᠮᠪᠣ ᠭᠡᠵᠡᠢ ᠃ 
③ ᠴᠠᠭ ᠤ᠋ᠨ ᠰᠠᠢᠨ ᠬᠠᠭᠠᠨ ᠄  ᠲᠦᠰᠢᠶᠡᠲᠦ ᠬᠠᠨ ᠭᠣᠮᠪᠣ ᠶ᠋ᠢᠨ ᠠᠬᠠᠮᠠᠳ ᠬᠥᠪᠡᠭᠦᠨ ᠴᠠᠬᠤᠨᠲᠣᠷᠵᠢ ᠶ᠋ᠢ ᠬᠡᠯᠡᠵᠡᠢ ᠃ ᠭᠣᠮᠪᠣ ᠨᠠᠰᠤ ᠪᠠᠷᠠᠭᠰᠠᠨ ᠤ᠋ ᠬᠣᠢᠨ᠎ᠠ ᠲᠦᠰᠢᠶᠡᠲᠦ ᠬᠠᠨ  ᠵᠠᠯᠭᠠᠮᠵᠢᠯᠠᠪᠠ ᠃ ᠳᠠᠯᠠᠢ ᠯᠠᠮᠠ ᠮᠥᠨ ᠲᠡᠭᠦᠨ 《 ᠸᠠᠴᠠᠷ ᠰᠠᠢᠨ ᠬᠠᠭᠠᠨ 》 ᠭᠡᠵᠦ ᠴᠣᠯᠠ  ᠥᠭᠴᠡᠢ ᠃ 《 ᠰᠢᠷ᠎ᠠ ᠲᠣᠭᠣᠵᠢ 》 ᠳ᠋ᠤ᠌ 《 ᠲᠦᠰᠢᠶᠡᠲᠦ ᠬᠠᠨ ᠤ᠋ ᠬᠥᠪᠡᠭᠦᠨ ᠰᠦᠴᠦᠭ᠋ ᠬᠦᠴᠦᠨ ᠲᠡᠭᠦᠰᠦᠭᠰᠡᠨ ᠸᠠᠴᠢᠷ ᠰᠠᠢᠨ ᠬᠠᠭᠠᠨ 》 ᠭᠡᠳᠡᠭ ᠃ 
④ ᠵᠢᠪᠵᠤᠨᠲᠠᠮᠪᠠ ᠄ ᠳᠠᠷᠤᠢ ᠵᠢᠪᠽᠤᠨᠲᠠᠮᠪᠠ ᠬᠤᠲᠤᠭᠲᠤ (1636_1724 ) ᠶ᠋ᠢ ᠬᠡᠯᠡᠵᠡᠢ ᠃ ᠲᠡᠭᠦᠨ ᠊ᠢ ᠥᠨᠳᠥᠷ ᠭᠡᠭᠡᠨ ᠯᠤᠪᠰᠠᠩ  — ᠳ᠋ᠠᠮᠪᠠ  — ᠵᠠᠯᠰᠠᠨ ᠭᠡᠳᠡᠭ ᠃1641 ᠣᠨ ᠳ᠋ᠤ᠌ ᠬᠠᠯᠬ᠎ᠠ ᠶ᠋ᠢᠨ ᠹᠧᠣᠳᠠᠯᠴᠤᠳ ᠲᠡᠭᠦᠨ ᠊ᠢ ᠬᠤᠪᠢᠯᠭᠠᠨ ᠭᠡᠵᠦ ᠡᠷᠭᠦᠮᠵᠢᠯᠡᠨ ᠠᠷᠤ ᠮᠣᠩᠭᠣᠯ ᠤ᠋ᠨ ᠰᠢᠷ᠎ᠠ ᠶ᠋ᠢᠨ ᠱᠠᠰᠢᠨ ᠤ᠋ ᠲᠡᠷᠢᠭᠦᠨ ᠪᠣᠯᠭᠠᠵᠢ ᠃  

 ᠮᠡᠷᠭᠡᠨ ᠨᠣᠶᠠᠨ ᠤ᠋ ᠬᠥᠪᠡᠭᠦᠨ ᠠᠩᠬᠠᠬᠠᠢ ᠮᠡᠷᠭᠡᠨ ᠨᠣᠶᠠᠨ ᠂ ᠲᠡᠭᠦᠨᠦ ᠬᠥᠪᠡᠭᠦᠨ  ᠳᠡᠮᠥᠷᠡᠭ ᠬᠡᠤᠩ  ᠲᠠᠢᠵᠢ ᠂ ᠲᠡᠭᠦᠨᠦ ᠬᠦᠦ ᠬᠥᠷᠥᠰᠢ ᠮᠡᠷᠭᠡᠨ ᠵᠢᠨᠦᠩ ᠠᠩᠬᠠᠬᠠᠢ ᠶ᠋ᠢᠨ ᠳᠡᠭᠦᠦ ᠠᠷᠬᠤᠯᠢ ᠴᠠᠬᠠᠨ ᠳᠠᠯᠢ ᠨᠣᠶᠠᠨ ᠤ᠋ ᠬᠥᠪᠡᠭᠦᠨ ᠪᠤᠲᠠᠷ ᠳᠠᠷᠬᠠᠨ ᠴᠢᠩ ᠸᠠᠩ ᠂ ᠲᠡᠭᠦᠨᠦ ᠬᠦᠦ ᠵᠤᠨᠤᠢ ᠂ ᠳᠠᠷᠬᠠᠨ ᠴᠢᠨ ᠸᠠᠩ ᠂ ᠠᠪᠤᠬᠤ ᠨᠣᠶᠠᠨ ᠤ᠋ ᠳ᠋ᠡᠭᠦᠦ  ᠪᠠᠷᠠᠢ ᠬᠣᠰᠢᠭᠤᠴᠢ ᠨᠣᠶᠠᠨ ᠤ᠋ ᠬᠦᠦ ᠴᠣᠭᠲᠤ ᠬᠡᠤᠩ ᠲᠠᠢᠵᠢ ᠬᠣᠰᠢᠭᠤᠴᠢ ᠨᠣᠶᠠᠨ ᠤ᠋ ᠳ᠋ᠡᠭᠦᠦ ᠪᠦᠶᠡᠨᠢ ᠭᠦᠩᠲᠤᠯᠠᠨ ᠨᠣᠶᠠᠨ ᠤ᠋ ᠬᠦᠦ ᠰᠡᠷᠡᠩ ᠲᠤᠷᠠᠬᠠᠯ ᠨᠣᠶᠠᠨ ᠤ᠋ ᠲᠡᠭᠦᠨᠦ ᠬᠥᠪᠡᠭᠦᠨ ᠵᠣᠷᠢᠭᠲᠤ ᠵᠢᠶᠦ᠋ᠨ ᠸᠠᠩ ᠭᠦᠮᠪᠥ ᠃ ᠲᠠᠯᠠᠲᠠᠨ ᠭᠦᠩᠲᠤᠯᠠᠨ ᠨᠣᠶᠠᠨ ᠤ᠋ ᠦᠷ᠎ᠡ ᠰᠠᠷᠲᠠᠬᠤᠯ ᠲᠠᠩᠬᠤᠳ ᠬᠣᠶᠠᠷ ᠠᠢᠮᠠᠭ ᠤ᠋ᠨ ᠨᠣᠶᠠᠨ ᠪᠣᠢ ᠃ ᠠᠮᠢᠨ ᠲᠤᠷᠠᠬᠠᠯ ᠨᠣᠶᠠᠨ ᠤ᠋ ᠬᠦᠦ ᠮᠤᠤᠷᠤ ᠰᠡᠴᠡᠨ ᠬᠠᠭᠠᠨ ᠂ ᠲᠡᠭᠦᠨᠦ ᠬᠦᠦ ᠰᠣᠯᠣᠷ ᠰᠡᠴᠡᠨ ᠬᠠᠬᠠᠨ ① ᠮᠢᠬ᠎ᠠ ᠰᠡᠮᠢᠲᠡᠢ ᠲᠡᠭᠦᠨᠦ ᠬᠥᠪᠡᠭᠦᠨ ᠪᠠᠪᠤ ᠂ ᠰᠡᠴᠡᠨ ᠬᠠᠭᠠᠨ ᠂ ᠲᠡᠭᠦᠨᠦ ᠬᠦᠦ ᠨᠣᠷᠪᠣ ᠴᠡᠴᠡ ᠬᠠᠭᠠᠨ ᠲᠡᠭᠦᠨᠦ ᠬᠦᠦ ᠷᠠᠪᠲᠠᠨ ᠰᠡᠴᠡᠨ ᠬᠠᠭᠠᠨ ᠰᠡᠮᠦ ᠪᠤᠶᠢᠮᠠᠨ  ᠤᠳᠬᠠᠨ ᠨᠣᠶᠠᠨ ᠤ᠋ ᠦᠷ᠎ᠡ ᠢᠨᠤ ᠤᠷᠢᠶᠠᠩᠬᠠᠨ ᠤ᠋ ᠨᠣᠶᠠᠳ ᠪᠣᠢ ᠃ 

— — — — 
① ᠱᠣᠯᠣᠢ ᠰᠡᠴᠡᠨ ᠬᠠᠨ  (1577  —1652 ) ᠪᠣᠯ ᠬᠠᠯᠬ᠎ᠠ ᠶ᠋ᠢᠨ ᠭᠤᠷᠪᠠᠨ ᠬᠠᠨ ᠤ᠋ ᠨᠢᠭᠡ ᠪᠣᠯᠬᠤ ᠰᠡᠴᠡᠨ ᠬᠠᠨ ᠪᠤᠶᠤ ᠂ ᠬᠠᠯᠬ᠎ᠠ ᠶ᠋ᠢᠨ ᠵᠡᠭᠦᠨ ᠬᠡᠰᠡᠭ ᠊ᠢ ᠮᠡᠳᠡᠵᠦ ᠪᠠᠢᠪᠠ ᠃ 

                   ᠬᠠᠯᠬ᠎ᠠ ① ᠶ᠋ᠢᠨ ᠨᠣᠶᠠᠳ ᠤ᠋ᠨ ᠤᠭ 

  ᠠᠪᠲᠠᠢ [ ᠠᠪᠢᠲᠠᠢ ] ᠰᠠᠢᠨ ᠬᠠᠭᠠᠨ ᠤ᠋ ᠶᠡᠬᠡ ᠬᠥᠪᠡᠭᠦᠨ ᠰᠠᠪᠤᠬᠤᠲᠠᠢ ᠥᠯᠵᠡᠢᠲᠦ ᠬᠡᠤᠩ ᠲᠠᠢᠵᠢ ②  ᠲᠡᠭᠦᠨ ᠦ᠌ ᠬᠥᠪᠡᠭᠦᠨ ᠲᠠᠰᠢ ᠬᠡᠤᠩ  ᠲᠠᠢᠵᠢ ᠂ ᠲᠡᠭᠦᠨᠦ ᠬᠦᠦ ᠴᠡᠷᠡᠩᠴᠠᠪ ᠪᠢᠩᠲᠦ ᠠᠬᠠᠢ ᠵᠠᠰᠠᠭ ᠂ 

— — — —     
① ᠬᠠᠯᠬ᠎ᠠ ᠄ ᠬᠠᠯᠬ᠎ᠠ ᠂ ᠲᠦᠰᠢᠶᠡᠲᠦ ᠬᠠᠨ ᠠᠢᠮᠠᠭ ᠊ᠢ ᠬᠡᠯᠡᠵᠡᠢ ᠃ 《 ᠢᠯᠡᠳᠬᠡᠯ ᠱᠠᠰᠲᠢᠷ 》 ᠲᠤ᠌ ᠲᠡᠮᠳᠡᠭᠯᠡᠭᠰᠡᠨ ᠨᠢ 《 ᠲᠦᠰᠢᠶᠡᠲᠦ ᠬᠠᠨ ᠠᠢᠮᠠᠭ ᠬᠡᠮᠡᠭᠴᠢ ᠬᠠᠯᠬ᠎ᠠ ᠶ᠋ᠢᠨ ᠬᠣᠢᠲᠤ ᠵᠠᠬ᠎ᠠ ᠮᠥᠨ ᠃ ᠨᠡᠢᠰᠯᠡᠯ ᠬᠣᠲᠠᠨ ᠳ᠋ᠤᠷ ᠬᠦᠷᠴᠦ ᠢᠷᠡᠬᠦᠢ ᠢᠨᠤ ᠬᠣᠶᠠᠷ ᠮᠢᠩᠭᠠᠨ ᠨᠠᠢ᠍ᠮᠠᠨ ᠵᠠᠭᠤᠨ ᠢᠯᠡᠭᠦᠦ ᠭᠠᠵᠠᠷ ᠪᠣᠢ ᠂ ᠵᠡᠭᠦᠨ ᠡᠲᠡᠭᠡᠳ ᠢᠨᠤ ᠬᠡᠨᠲᠡᠢ ᠠᠭᠤᠯᠠᠨ ᠳ᠋ᠤᠷ ᠵᠠᠬ᠎ᠠ ᠨᠡᠢᠯᠡᠵᠦ ᠪᠠᠷᠠᠭᠤᠨ ᠡᠲᠡᠭᠡᠳ ᠢᠨᠤ ᠦᠩᠬᠢ ᠭᠣᠣᠯ ᠳ᠋ᠤᠷ ᠵᠠᠬ᠎ᠠ ᠨᠡᠢᠯᠡᠵᠦ ᠡᠮᠦᠨ᠎ᠡ ᠡᠲᠡᠭᠡᠳ ᠢᠨᠤ ᠭᠣᠪᠢ ᠳ᠋ᠤᠷ ᠵᠠᠬ᠎ᠠ ᠨᠡᠢᠯᠡᠭᠡᠳ ᠤᠮᠠᠷ᠎ᠠ ᠡᠲᠡᠭᠡᠳ ᠢᠨᠤ ᠴᠥᠬᠥ ᠭᠣᠣᠯ ᠳ᠋ᠤᠷ ᠵᠠᠬ᠎ᠠ ᠨᠡᠢᠯᠡᠵᠦᠬᠦᠢ ᠃ ᠶᠤᠸᠠᠨ ᠤᠯᠤᠰ ᠤ᠋ᠨ ᠲᠠᠢᠽᠦ ᠬᠠᠭᠠᠨ ᠤ᠋ ᠠᠷᠪᠠᠨ ᠲᠠᠪᠤᠳᠤᠭᠠᠷ ᠦᠶ᠎ᠡ ᠶ᠋ᠢᠨ ᠠᠴᠢ ᠲᠠᠶᠠᠨ ᠰᠡᠴᠡᠨ ᠬᠠᠭᠠᠨ ᠭᠣᠪᠢ ᠶ᠋ᠢᠨ ᠤᠮᠠᠷ᠎ᠠ ᠬᠠᠩᠭᠠᠢ ᠠᠭᠤᠯᠠᠨ ᠤ᠋ ᠵᠠᠬ᠎ᠠ ᠳ᠋ᠤᠷ  ᠨᠤᠲᠤᠭᠯᠠᠨ ᠰᠠᠭᠤᠵᠤᠬᠤᠢ ᠃ ᠲᠡᠭᠦᠨᠴᠡ ᠠᠷᠪᠠᠨ ᠨᠢᠭᠡᠨ ᠬᠥᠪᠡᠭᠦᠨ ᠪᠤᠶᠤ ᠂  ᠬᠡᠷᠡᠰᠡᠨᠴᠡ ᠵᠠᠯᠠᠢᠷ ᠬᠡᠤᠩ ᠲᠠᠢᠵᠢ ᠬᠡᠮᠡᠭᠴᠢ ᠲᠡᠭᠦᠨ ᠦ᠌ ᠣᠤᠠᠬᠠᠨ ᠬᠥᠪᠡᠭᠦᠨ ᠮᠥᠨ ᠪᠤᠶᠤ ᠃ ᠡᠭᠦᠨ ᠦ᠌ ᠠᠬ᠎ᠠ ᠲᠥᠷᠥ ᠪᠣᠯᠣᠳ ᠂ ᠪᠠᠷᠰᠤ ᠪᠣᠯᠣᠳ ᠂ ᠠᠷᠴᠤ ᠪᠣᠯᠣᠳ ᠂ ᠤᠴᠠᠷ ᠪᠣᠯᠣᠳ ᠲᠠᠨ ᠭᠣᠪᠢ ᠶ᠋ᠢᠨ ᠭᠠᠵᠠᠷ ᠠ᠋ᠴᠠ ᠲᠡᠰᠢ ᠴᠠᠭᠠᠨ ᠬᠡᠷᠡᠮ ᠦ᠋ᠨ ᠣᠢᠷ᠎ᠠ ᠭᠠᠵᠠᠷ ᠲᠤᠷ ᠨᠡᠭᠦᠨ ᠰᠠᠭᠤᠵᠤᠬᠤᠢ ᠃ ᠳᠠᠷᠤᠢ ᠳᠣᠲᠣᠭᠠᠳᠤ ᠵᠠᠰᠠᠭ ᠤᠤᠬᠠᠨ ᠂ ᠨᠠᠢ᠍ᠮᠠᠨ ᠂ ᠪᠠᠭᠠᠷᠢᠨ ᠂ ᠵᠠᠷᠤᠳ ᠂  ᠬᠡᠰᠢᠭᠲᠡᠨ ᠂ ᠦᠵᠦᠮᠦᠴᠢᠨ ᠂ ᠬᠠᠭᠤᠴᠢᠳ ᠂ ᠰᠥᠨᠢᠳ ᠂ ᠣᠷᠳᠣᠰ ᠡᠨᠡ ᠶᠢᠰᠦᠨ ᠠᠢᠮᠠᠭ ᠤ᠋ᠨ ᠡᠪᠦᠭᠡ ᠮᠥᠨ ᠪᠤᠶᠤ ᠃ ᠁ ᠭᠠᠭᠴᠠᠬᠦ ᠡᠭᠦᠨ ᠦ᠌ ᠠᠢᠮᠠᠭ ᠤ᠋ᠨ ᠲᠡᠳᠦᠢᠬᠡᠨ ᠬᠠᠯᠬ᠎ᠠ ᠭᠡᠮᠡᠨ ᠡᠷᠭᠦᠵᠦ ᠤᠭ ᠭᠠᠵᠠᠷ ᠲᠤᠷ ᠬᠣᠴᠣᠷᠠᠵᠤᠬᠤᠢ 》 ᠭᠡᠵᠡᠢ ᠃  
② ᠰᠠᠪᠤᠬᠤᠲᠠᠢ ᠥᠯᠵᠡᠢᠲᠦ ᠬᠡᠤᠩ ᠲᠠᠢᠵᠢ ᠄ 《 ᠢᠯᠡᠳᠬᠡᠯ ᠱᠠᠰᠲᠢᠷ 》 ᠲᠤ᠌ ᠰᠢᠪᠠᠭᠤᠲᠠᠢ ᠭᠡᠬᠦ ᠂ 《 ᠰᠢᠷ᠎ᠠ ᠲᠣᠭᠣᠵᠢ 》 ᠳ᠋ᠤ᠌ ᠰᠠᠪᠤᠬᠤᠲᠠᠢ ᠭᠡᠬᠦ ᠃ ᠴᠣᠯᠠ ᠥᠯᠵᠡᠢᠲᠦ ᠬᠡᠤᠩ ᠲᠠᠢᠵᠢ ᠪᠣᠯᠤᠨ᠎ᠠ ᠃ ᠠᠪᠢᠲᠠᠢ ᠭᠠᠯᠵᠠᠭᠤ ᠶ᠋ᠢᠨ ᠠᠬᠠᠮᠠᠳ ᠬᠥᠪᠡᠭᠦᠨ ᠃ ᠠᠪᠢᠲᠠᠢ ᠶ᠋ᠢᠨ ᠦᠶ᠎ᠡ ᠳ᠋ᠦ᠍ ᠬᠠᠯᠬ᠎ᠠ ᠂ ᠣᠢᠷᠠᠳ ᠊ᠢ ᠳᠡᠢᠯᠦᠭᠡᠳ ᠰᠠᠪᠤᠬᠤᠲᠠᠢ ᠶ᠋ᠢ ᠣᠢᠷᠠᠳ ᠤ᠋ᠨ ᠨᠣᠶᠠᠨ ᠪᠣᠯᠭᠠᠵᠢ ᠃ ᠠᠪᠢᠲᠠᠢ ᠨᠠᠰᠤ ᠪᠠᠷᠠᠭᠰᠠᠨ ᠤ᠋ ᠬᠣᠢᠨ᠎ᠠ ᠰᠠᠪᠤᠬᠤᠲᠠᠢ ᠣᠢᠷᠠᠳ ᠲᠤ᠌ ᠬᠣᠣᠷᠯᠠᠭᠳᠠᠵᠠᠢ ᠃ 

ᠣᠷᠬᠣᠳᠠᠢ ᠶ᠋ᠢᠨ ᠳᠡᠭᠦᠦ ᠤᠪᠠᠰᠢ ᠬᠡᠤᠩ  ᠲᠠᠢᠵᠢ ᠰᠡᠪᠲᠥᠭᠡᠢ ᠭᠠᠲᠤᠨ ᠪᠠᠭᠠᠲᠤᠷ ᠪᠠᠢᠰᠠ ① ᠲᠡᠭᠦᠨᠦ ᠬᠥᠪᠡᠭᠦᠨ ᠴᠠᠪᠳᠠᠨ ᠬᠦᠩ ᠬᠦᠮᠪᠣ ᠂ ᠲᠦᠰᠢᠶᠡᠲᠦ ᠬᠠᠭᠠᠨ ᠤ᠋ ᠤᠳᠠᠭ᠎ᠠ ᠳᠡᠭᠦᠦ ᠠᠮᠠᠰᠬᠢᠪ ᠳᠠᠢᠴᠢᠩ ᠨᠣᠶᠠᠨ ᠤ᠋ ᠲᠡᠭᠦᠨᠦ ᠬᠦᠦ ᠵᠠᠮᠪᠠᠯᠠ  ᠳᠠᠢᠴᠢᠩ ᠨᠣᠶᠠᠨ ᠃ ᠪᠠᠰᠠ ᠲᠡᠭᠦᠨᠦ ᠤᠳᠠᠭ᠎ᠠ ᠳᠡᠭᠦᠦ ᠯᠡᠮᠡᠲᠡᠷ ᠳᠠᠷᠬᠠᠨ ᠨᠣᠶᠠᠨ② ᠤ᠋ ᠬᠥᠪᠡᠭᠦᠨ ᠪᠠᠷᠠᠩ ᠵᠠᠰᠠᠭ ③  ᠂ ᠲᠡᠭᠦᠨᠦ ᠬᠦᠦ ᠸᠠᠩᠪᠤ ᠵᠠᠰᠠᠭ ᠂ ᠣᠤᠠᠬᠠᠨ ᠳᠡᠭᠦᠦ ᠢᠨᠤ ᠴᠠᠪᠳᠠᠨ   ᠲᠡᠭᠦ᠋ᠷᠡᠭᠴᠢ ᠨᠣᠶᠠᠨ ᠤ᠋ ᠬᠦᠦ ᠡᠷᠳᠡᠨᠢ ᠴᠢᠩ ᠬᠡᠤᠩ  ᠲᠠᠢᠶ᠋ᠢ ᠂ ᠲᠡᠭᠦᠨᠦ ᠬᠦᠦ ᠴᠢᠮᠴᠤᠭ ᠨᠠᠮᠵᠢᠯ ᠬᠦᠩ ᠂ ᠬᠠᠯᠬ᠎ᠠ ᠶ᠋ᠢᠨ ᠨᠣᠶᠠᠳ ᠡᠳᠡ ᠪᠣᠢ ᠃   

— — — —   
① ᠰᠡᠪᠲᠥᠬᠡᠢ ᠬᠠᠲᠤᠨ ᠪᠠᠭᠠᠲᠤᠷ ᠄ 《 ᠰᠢᠷ᠎ᠠ ᠲᠣᠭᠣᠵᠢ 》 ᠪᠠ  《 ᠢᠯᠡᠳᠬᠡᠯ ᠱᠠᠰᠲᠢᠷ 》 ᠲᠤ᠌  ᠰᠢᠪᠲᠤᠢ ᠬᠠᠳᠠᠨ ᠪᠠᠭᠠᠲᠤᠷ ᠭᠡᠵᠡᠢ ᠃ ᠡᠩᠬᠡ ᠠᠮᠤᠭᠤᠯᠠᠩ ᠤ᠋ᠨ ᠬᠣᠷᠢᠨ ᠳᠣᠯᠣᠳᠤᠭᠠᠷ ᠣᠨ (1688 ) ᠳ᠋ᠤ᠌ ᠭᠠᠯᠳᠠᠨ ᠪᠣᠱᠣᠭᠲᠤ ᠳ᠋ᠤ᠌ ᠳᠠᠷᠤᠭᠳᠠᠨ ᠮᠠᠨᠵᠤ ᠳ᠋ᠤ᠌ ᠪᠠᠭᠤᠵᠤ  ᠥᠭᠪᠡ ᠃1699 ᠣᠨ ᠳ᠋ᠤ᠌ ᠳᠡᠪᠰᠢᠭᠦᠯᠵᠦ ᠬᠤᠰᠢᠭᠤᠨ  ᠪᠡᠢᠰᠡ ᠡᠷᠭᠦᠮᠵᠢᠯᠡᠭᠳᠡᠪᠡ ᠃1704 ᠣᠨ ᠳ᠋ᠤ᠌ ᠨᠠᠰᠤ ᠪᠠᠷᠠᠪᠠ ᠃ 
② ᠲᠡᠭᠦᠨᠦ  ᠤᠳᠬ᠎ᠠ ᠳᠡᠭᠦᠦ ᠯᠡᠮᠡᠲᠡᠷ ᠨᠣᠶᠠᠨ ᠄ ᠲᠦᠰᠢᠶᠡᠲᠦ ᠬᠠᠨ ᠭᠣᠮᠪᠣ ᠶ᠋ᠢᠨ ᠬᠣᠶᠠᠳᠤᠭᠠᠷ ᠳᠡᠭᠦᠦ ᠂ ᠨᠡᠷ᠎ᠡ ᠯᠡᠮᠡᠲᠡᠷ ᠂ ᠵᠠᠷᠢᠮ ᠪᠢᠴᠢᠭ ᠲᠦ᠍ ᠪᠠᠰᠠ ᠯᠠᠪᠲᠠᠷ ᠭᠡᠬᠦ ᠂ ᠴᠣᠯᠠ ᠬᠣᠰᠢᠭᠤᠴᠢ ᠳᠠᠷᠬᠠᠨ ᠃ 
③ ᠪᠠᠷᠠᠩ ᠄ ᠯᠡᠮᠡᠲᠡᠷ ᠦ᠋ᠨ ᠬᠥᠪᠡᠭᠦᠨ ᠃  ᠡᠩᠬᠡ ᠠᠮᠤᠭᠤᠯᠠᠩ ᠤ᠋ᠨ ᠭᠤᠴᠢᠳᠤᠭᠠᠷ ᠣᠨ (1691 ) ᠳ᠋ᠦ᠍ ᠵᠠᠰᠠᠭ ᠲᠡᠷᠢᠭᠦᠨ ᠵᠡᠷᠭᠡ ᠶ᠋ᠢᠨ  ᠲᠠᠢᠵᠢ ᠡᠷᠭᠦᠮᠵᠢᠯᠡᠭᠳᠡᠵᠦ ᠂ ᠳᠠᠷᠠᠭ᠎ᠠ ᠵᠢᠯ ᠨᠢ ᠨᠠᠰᠤ ᠪᠠᠷᠠᠵᠠᠢ ᠃   

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )