ᠬᠡᠭᠡᠷ ᠦ᠋ᠨ ᠮᠢᠨᠢ ᠳᠠᠪᠬᠢᠬ᠋᠎ᠠ ( ᠣᠷᠱᠤᠨ ᠭᠣᠣᠯ ) - ᠦᠭᠡ ᠄ ᠴᠣ‍ · ᠣᠷᠱᠤᠨ ᠂ ᠠᠶ᠎ᠠ ᠄ ᠰᠸᠷᠡᠩᠭᠤ᠎ᠡ Хээрийн минь давхиа ( Оршин гол ) – Үг ᠄ Ч · Оршин᠂ Ая ᠄ Серэнгоо ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠭᠡᠷ ᠦ᠋ᠨ ᠮᠢᠨᠢ ᠳᠠᠪᠬᠢᠬ᠋᠎ᠠ ( ᠣᠷᠱᠤᠨ ᠭᠣᠣᠯ ) - ᠦᠭᠡ ᠄ ᠴᠣ‍ · ᠣᠷᠱᠤᠨ ᠂ ᠠᠶ᠎ᠠ ᠄ ᠰᠸᠷᠡᠩᠭᠤ᠎ᠡ Хээрийн минь давхиа ( Оршин гол ) – Үг ᠄ Ч · Оршин᠂ Ая ᠄ Серэнгоо

ᠬᠡᠭᠡᠷ ᠦ᠋ᠨ ᠮᠢᠨᠢ ᠳᠠᠪᠬᠢᠬ᠋᠎ᠠ ( ᠣᠷᠱᠤᠨ ᠭᠣᠣᠯ ) - ᠦᠭᠡ ᠄ ᠴᠣ‍ · ᠣᠷᠱᠤᠨ ᠂ ᠠᠶ᠎ᠠ ᠄ ᠰᠸᠷᠡᠩᠭᠤ᠎ᠡ Хээрийн минь давхиа ( Оршин гол ) – Үг ᠄ Ч · Оршин᠂ Ая ᠄ Серэнгоо

ᠠᠩᠭᠢᠯᠠᠯ:ᠳᠠᠭᠤᠤ ᠬᠥᠭᠵᠢᠮ
2023-04-29

260

ᠬᠡᠭᠡᠷ ᠦ᠋ᠨ ᠮᠢᠨᠢ ᠳᠠᠪᠬᠢᠬ᠋᠎ᠠ


              ᠦᠭᠡ ᠄ ᠴᠣ‍ · ᠣᠷᠱᠤᠨ 
               ᠠᠶ᠎ᠠ ᠄ ᠤ  ᠰᠸᠷᠡᠩᠭᠤ᠎ᠡ  

ᠬᠠᠷᠠᠭᠠᠨ ᠪ ᠦᠵᠦᠭᠦᠷ ᠲᠤ ᠳᠣᠯᠭᠢᠶᠠᠯᠠᠳᠠᠭ   
ᠬᠠᠷᠠᠭᠠᠨᠲᠠᠢ ᠪᠦᠷᠢᠲᠦ ᠶ᠋ᠢᠨ ᠤᠰᠤ ᠯᠡ ᠳ᠋ᠠ 
ᠬᠠᠵᠠᠭᠠᠷ ᠳᠤᠭᠳᠤᠷᠤᠨ ᠬᠥᠨᠲᠡᠷᠳᠡᠭ  
ᠬᠠᠷ᠎ᠠ ᠬᠡᠭᠡᠷ ᠦ᠋ᠨ ᠮᠢᠨᠢ ᠳᠠᠪᠬᠢᠬ᠋᠎ᠠ ᠳ᠋ᠠ 

ᠴᠡᠩᠬᠡᠷ ᠥᠩᠭᠡ ᠪᠡᠷ ᠰᠦᠮᠡᠯᠵᠡᠳᠡᠭ
ᠰᠢᠯᠢ ᠶ᠋ᠢᠨ ᠪᠦᠷᠢᠲᠦ ᠶ᠋ᠢᠨ ᠪᠠᠷ᠎ᠠ ᠯᠡ ᠳ᠋ᠡ ᠂
ᠴᠢᠬᠢ ᠪᠡᠨ ᠰᠣᠯᠪᠢᠨ ᠲᠡᠮᠡᠦᠯᠳᠡᠭ
ᠰᠡᠷᠭᠦᠯᠡᠩ ᠬᠡᠭᠡᠷ ᠦ᠋ᠨ ᠮᠢᠨᠢ ᠳᠠᠪᠬᠢᠬ᠋᠎ᠠ ᠯᠠ ᠳ᠋ᠠ ᠃ 

ᠪᠠᠷᠠᠯᠠᠨ ᠬᠠᠷᠠᠭᠲᠠᠭᠠᠳ ᠳᠤᠨᠤᠷᠠᠳᠠᠭ
ᠪᠠᠶᠠᠨ ᠴᠠᠭᠠᠨ ᠪ ᠳᠡᠨᠵᠢ ᠯᠡ ᠳ᠋ᠡ ᠂
ᠪᠠᠷᠢᠬᠰᠠᠨ ᠵᠢᠯᠣᠭᠣ ᠶ᠋ᠢ ᠰᠠᠵᠢᠯᠠᠭᠤᠯᠲᠠᠭ
ᠪᠠᠷᠠᠭᠠᠨ ᠬᠡᠭᠡᠷ ᠦ᠋ᠨ ᠮᠢᠨᠢ ᠳᠠᠪᠬᠢᠬ᠋᠎ᠠ ᠯᠠ ᠳ᠋ᠠ ᠃

ᠬᠥᠬᠡᠷᠡᠵᠦ ᠮᠠᠨᠠᠷᠠᠨ ᠪᠠᠶ᠋ᠢᠲᠠᠭ ᠨᠢ
ᠬᠥᠯᠥᠨ ᠪᠤᠶ᠋ᠢᠷ ᠦ᠋ᠨ ᠨᠤᠲᠤᠭ ᠯᠠ ᠳ᠋ᠠ ᠂
ᠬᠦᠰᠡᠭᠰᠡᠨ ᠳ᠋ᠡᠭᠡᠨ ᠬᠦᠷᠦᠭᠡᠳ ᠣᠴᠢᠲᠠᠭ ᠨᠢ
ᠬᠥᠪᠡᠭᠦᠨ ᠮᠢᠨᠦ ᠬᠦᠰᠡᠯ ᠯᠡ ᠳ᠋ᠡ ᠃
ᠬᠥᠪᠡᠭᠦᠨ ᠮᠢᠨᠦ ᠬᠦᠰᠡᠯ ᠯᠡ ᠳ᠋ᠡ ᠃

  ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄   ᠤᠷᠠᠨᠴᠡᠴᠡᠭ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ 4 ᠰᠠᠷ᠎ᠠ ᠶ᠋ᠢᠨ 28  ᠤ ᠡᠲᠦᠷ