ᠠᠷᠰᠯᠠᠨ᠂ ᠬᠤᠯᠤᠭᠠᠨ᠎ᠠ ᠬᠣᠶᠠᠷАрслан, хулгана хоёр _ Lion and the Mouse
ᠠᠷᠰᠯᠠᠨ᠂ ᠬᠤᠯᠤᠭᠠᠨ᠎ᠠ ᠬᠣᠶᠠᠷ
ᠡᠷᠲᠡ ᠤᠷᠲᠤ ᠶ᠋ᠢᠨ ᠴᠠᠭ ᠲᠤ᠌ ᠣᠢ ᠶ᠋ᠢ ᠵᠠᠬᠢᠷᠳᠠᠭ ᠨᠢᠭᠡᠨ ᠠᠷᠰᠯᠠᠨ ᠰᠡᠷᠡᠩᠬᠡᠨ ᠣᠢ ᠳ᠋ᠤ᠌ ᠠᠮᠢᠳᠤᠷᠠᠳᠠᠭ ᠪᠠᠢᠵᠠᠢ᠂ ᠨᠢᠭᠡᠨ ᠡᠳᠦᠷ ᠬᠣᠭᠣᠯᠠ ᠪᠠᠨ ᠢᠳᠡᠴᠢᠬᠡᠭᠡᠳ ᠠᠷᠰᠯᠠᠨ ᠮᠣᠳᠣᠨ ᠳᠣᠣᠷ᠎ᠠ ᠤᠨᠲᠠᠭᠠᠳ ᠥᠭᠴᠡᠢ ᠭᠡᠨ᠎ᠡ᠂ ᠪᠢᠴᠢᠬᠠᠨ ᠬᠤᠯᠤᠭᠠᠨ᠎ᠠ ᠲᠡᠭᠦᠨ ᠢ᠋ ᠬᠠᠷᠠᠭᠠᠳ ᠠᠷᠰᠯᠠᠨ ᠢ᠋ᠶ᠋ᠠᠷ ᠲᠣᠭᠯᠠᠵᠤ ᠵᠤᠭᠠᠴᠠᠶ᠎ᠠ ᠭᠡᠵᠦ ᠪᠣᠳᠣᠪᠠ ᠤᠨᠲᠠᠵᠤ ᠪᠠᠢᠭ᠎ᠠ ᠠᠷᠰᠯᠠᠨ ᠤ᠋ ᠳᠡᠭᠡᠭᠦᠷ ᠳᠣᠣᠭᠤᠷ ᠭᠦᠶᠦᠵᠦ ᠡᠬᠢᠯᠡᠯ᠎ᠡ ᠰᠡᠭᠦᠯ ᠢ᠋ᠶ᠋ᠡᠷ ᠨᠢ ᠳᠡᠭᠡᠭᠰᠢ ᠪᠡᠨ ᠭᠦᠶᠦᠵᠦ ᠳᠣᠭᠣᠭᠰᠢ ᠪᠠᠨ ᠭᠤᠯᠭᠤᠵᠤ ᠪᠠᠭᠤᠪᠠ᠂ ᠠᠷᠰᠯᠠᠨ ᠮᠠᠰᠢ ᠶᠡᠬᠡ ᠠᠭᠤᠷᠯᠠᠵᠤ ᠰᠡᠷᠡᠭᠡᠳ ᠴᠢᠩᠭ᠎ᠠ ᠭᠡᠭᠴᠢ ᠠᠷᠬᠢᠷᠠᠪᠠ᠂ ᠬᠤᠯᠤᠭᠠᠨ᠎ᠠ ᠶ᠋ᠢ ᠠᠪᠤᠷᠭᠤ ᠰᠠᠪᠠᠷ ᠢ᠋ᠶ᠋ᠠᠷ ᠢ᠋ᠶ᠋ᠠᠨ ᠪᠠᠷᠢᠭᠠᠳ ᠠᠪᠴᠠᠢ ᠭᠡᠨ᠎ᠡ᠂ ᠬᠤᠯᠤᠭᠠᠨ᠎ᠠ ᠬᠡᠴᠢᠨᠡᠭᠡᠨ ᠬᠢᠴᠢᠶᠡᠭᠡᠳ ᠴᠦ᠍ ᠵᠢᠭᠤᠲᠠᠵᠤ ᠴᠢᠳᠠᠭᠰᠠᠨ ᠦᠭᠡᠢ᠂ ᠠᠷᠰᠯᠠᠨ ᠬᠤᠯᠤᠭᠠᠨ᠎ᠠ ᠶ᠋ᠢ ᠵᠠᠯᠭᠢᠬᠤ ᠪᠠᠷ ᠲᠣᠮᠣ ᠠᠮᠠ ᠪᠠᠨ ᠠᠩᠭᠠᠢᠯᠠ᠂ ᠬᠤᠯᠤᠭᠠᠨ᠎ᠠ ᠮᠠᠰᠢ ᠶᠡᠬᠡ ᠠᠶᠤᠵᠠᠢ᠂ ᠠᠷᠢᠶᠠᠲᠠᠨ ᠤ᠋ ᠬᠠᠭᠠᠨ ᠮᠢᠨᠢ ᠪᠢ ᠮᠠᠰᠢ ᠶᠡᠬᠡ ᠠᠶᠤᠵᠤ ᠪᠠᠢᠨ᠎ᠠ ᠮᠠᠰᠢ ᠶᠡᠬᠡ ᠠᠶᠤᠵᠤ ᠪᠠᠢᠨ᠎ᠠ᠂ ᠨᠠᠮ᠎ᠠ ᠶ᠋ᠢ ᠪᠢᠲᠡᠭᠡᠢ ᠢᠳᠡᠭᠡᠴᠢ ᠳᠡ ᠭᠠᠭᠴᠠᠬᠠᠨ ᠤᠳᠠᠭ᠎ᠠ ᠥᠷᠥᠰᠢᠶᠡᠴᠢᠬᠡ᠂ ᠲᠠᠯᠪᠢᠵᠤ ᠶᠠᠪᠤᠭᠤᠯᠤᠭᠠᠴᠢ᠂ ᠠᠴᠢ ᠶ᠋ᠢ ᠲᠠᠨᠢ ᠬᠡᠵᠢᠶ᠎ᠡ ᠴᠦ᠍ ᠮᠠᠷᠲᠠᠬᠤ ᠦᠭᠡᠢ ᠬᠣᠵᠢᠮ ᠤ᠋ᠨ ᠨᠢᠭᠡᠨ ᠡᠳᠦᠷ ᠲᠠᠨ ᠳ᠋ᠤ᠌ ᠬᠡᠷᠡᠭ ᠪᠣᠯᠵᠤ ᠮᠡᠳᠡᠨ᠎ᠡ᠂ ᠬᠤᠯᠤᠭᠠᠨ᠎ᠠ ᠠᠴᠢ ᠶ᠋ᠢ ᠨᠢ ᠬᠠᠷᠢᠭᠤᠯᠠᠨ᠎ᠠ ᠭᠡᠳᠡᠭ ᠪᠣᠳᠣᠯ ᠠᠷᠰᠯᠠᠨ ᠳ᠋ᠤ᠌ ᠶᠡᠬᠡᠳᠡ ᠵᠤᠭ᠎ᠠ ᠲᠠᠢ ᠰᠠᠨᠠᠭᠳᠠᠵᠤ ᠰᠠᠪᠠᠷ ᠢ᠋ᠶ᠋ᠠᠨ ᠡᠷᠭᠦᠨ ᠬᠤᠯᠤᠭᠠᠨ᠎ᠠ ᠶ᠋ᠢ ᠲᠠᠯᠪᠢᠵᠤ ᠶᠠᠪᠤᠭᠤᠯᠪᠠ᠃ ᠭᠢᠯᠠᠢᠯ᠎ᠠ ᠠᠷᠢᠶᠠᠲᠠᠨ ᠤ᠋ ᠬᠠᠭᠠᠨ ᠮᠢᠨᠢ ᠰᠠᠢᠬᠠᠨ ᠰᠡᠳᠬᠢᠯᠭᠡ ᠳ᠋ᠦ᠍ ᠨᠢ ᠪᠢ ᠬᠡᠵᠢᠶ᠎ᠡ ᠴᠦ᠍ ᠮᠠᠷᠲᠠᠬᠤ ᠦᠭᠡᠢ᠂ ᠪᠢ ᠳᠥᠩᠭᠡᠵᠦ ᠬᠣᠭᠣᠯᠠ ᠪᠠᠨ ᠢᠳᠡᠭᠡᠳ ᠪᠠᠢᠭᠰᠠᠨ ᠨᠢ ᠴᠢᠨᠦ ᠠᠵᠠ ᠭᠡᠵᠦ ᠮᠡᠳᠡ ᠣᠳᠣ ᠶᠠᠪᠤ᠂ ᠬᠠᠷᠢᠨ ᠳᠠᠬᠢᠵᠤ ᠨᠠᠮ᠎ᠠ ᠶ᠋ᠢ ᠣᠷᠣᠯᠳᠣᠬᠤ ᠬᠡᠷᠡᠭ ᠦᠭᠡᠢ ᠰᠢᠦ ᠦᠭᠡᠢ ᠪᠣᠯ ᠴᠢᠮ᠎ᠠ ᠶ᠋ᠢ ᠢᠳᠡᠵᠦ ᠣᠷᠬᠢᠨ᠎ᠠ ᠭᠡᠵᠦ ᠮᠡᠳᠡᠭᠡᠷᠡᠢ ᠠ᠁ ᠬᠡᠳᠦ ᠬᠣᠨᠣᠭ ᠤ᠋ᠨ ᠳᠠᠷᠠᠭ᠎ᠠ ᠠᠷᠰᠯᠠᠨ ᠣᠢ ᠪᠠᠷ ᠵᠤᠭᠠᠯᠠᠵᠤ ᠶᠠᠪᠤᠯ᠎ᠠ᠂ ᠠᠩᠴᠢᠳ ᠠᠷᠰᠯᠠᠨ ᠢ᠋ ᠪᠠᠷᠢᠬᠤ ᠪᠠᠷ ᠬᠠᠪᠬ᠎ᠠ ᠲᠠᠯᠪᠢᠵᠠᠢ᠂ ᠠᠷᠰᠯᠠᠨ ᠢ᠋ ᠬᠠᠪᠬᠠᠨ ᠳ᠋ᠤ᠌ ᠣᠢᠷᠠᠳᠬᠤ ᠶ᠋ᠢ ᠬᠦᠯᠢᠶᠡᠵᠦ ᠠᠩᠴᠢᠳ ᠮᠣᠳᠣᠨ ᠤ᠋ ᠠᠷᠤ ᠳ᠋ᠤ᠌ ᠨᠢᠭᠤᠭᠳᠠᠯ᠎ᠠ ᠣᠢᠷᠠᠲᠤᠭᠠᠳ ᠢᠷᠡᠬᠦ ᠳ᠋ᠦ᠍ ᠨᠢ ᠠᠩᠴᠢᠳ ᠣᠯᠣᠰᠣ ᠪᠠᠨ ᠲᠠᠲᠠᠵᠤ ᠠᠷᠰᠯᠠᠨ ᠢ᠋ ᠲᠣᠣᠷ ᠲᠤ ᠪᠠᠨ ᠣᠷᠣᠭᠤᠯᠴᠢᠬᠠᠪᠠ᠂ ᠠᠷᠰᠯᠠᠨ ᠴᠢᠩᠭ᠎ᠠ ᠠ᠋ᠴᠠ ᠴᠢᠩᠭ᠎ᠠ ᠠᠷᠬᠢᠷᠠᠵᠤ ᠵᠢᠭᠤᠲᠠᠬᠤ ᠭᠡᠵᠦ ᠣᠷᠣᠯᠳᠣᠨ᠎ᠠ ᠠᠩᠴᠢᠳ ᠴᠤ᠌ ᠣᠯᠣᠰᠣ ᠪᠠᠨ ᠴᠢᠩᠭᠠᠯᠠᠵᠤ ᠣᠷᠬᠢᠪᠠ᠂ ᠠᠷᠰᠯᠠᠨ ᠢ᠋ ᠵᠥᠭᠡᠭᠡᠬᠦ ᠲᠡᠷᠭᠡ ᠠᠪᠴᠢᠷᠠᠬᠤ ᠪᠠᠷ ᠠᠩᠴᠢᠳ ᠲᠣᠰᠬᠣᠨ ᠤᠷᠤᠭᠤ ᠪᠠᠨ ᠪᠤᠴᠠᠯ᠎ᠠ᠂ ᠠᠷᠰᠯᠠᠨ ᠴᠢᠩᠭ᠎ᠠ ᠠᠷᠬᠢᠷᠠᠭᠰᠠᠭᠠᠷ ᠯᠠ ᠣᠢ ᠶ᠋ᠢᠨ ᠪᠦᠬᠦ ᠠᠮᠢᠲᠠᠳ ᠲᠡᠷᠡ ᠳᠤᠮᠳᠠ ᠬᠤᠯᠤᠭᠠᠨ᠎ᠠ ᠪᠠᠰᠠ ᠰᠣᠨᠣᠰᠴᠠᠢ ᠭᠡᠨ᠎ᠡ ᠠᠷᠢᠶᠠᠲᠠᠨ ᠤ᠋ ᠬᠠᠭᠠᠨ ᠳ᠋ᠤ᠌ ᠠᠶᠤᠯ ᠲᠣᠬᠢᠶᠠᠯᠳᠤᠵᠠᠢ ᠠᠴᠢ ᠶ᠋ᠢ ᠨᠢ ᠬᠠᠷᠢᠭᠤᠯᠠᠬᠤ ᠶᠤᠮ᠂ ᠬᠤᠯᠤᠭᠠᠨ᠎ᠠ ᠲᠤᠩ ᠤᠳᠠᠯ ᠦᠭᠡᠢ ᠠᠷᠰᠯᠠᠨ ᠳᠡᠭᠡᠷ᠎ᠡ ᠢᠷᠡᠯ᠎ᠡ ᠰᠠᠨᠠᠭ᠎ᠠ ᠵᠣᠪᠠᠯᠲᠠ ᠦᠭᠡᠢ ᠠᠷᠢᠶᠠᠲᠠᠨ ᠤ᠋ ᠬᠠᠭᠠᠨ ᠮᠢᠨᠢ ᠪᠢ ᠲᠠᠨ ᠢ᠋ ᠰᠤᠯᠠᠯᠠᠨ᠎ᠠ᠂ ᠬᠤᠯᠤᠭᠠᠨ᠎ᠠ ᠣᠯᠣᠰᠣ ᠥᠭᠡᠳᠡ ᠠᠪᠠᠷᠢᠵᠤ ᠪᠢᠴᠢᠬᠠᠨ ᠬᠤᠷᠴᠠ ᠰᠢᠲᠦ ᠪᠡᠷ ᠢ᠋ᠶ᠋ᠡᠨ ᠣᠯᠣᠰᠣ ᠶ᠋ᠢ ᠲᠠᠰᠤ ᠮᠡᠷᠡᠵᠦ ᠣᠷᠬᠢᠯ᠎ᠠ᠂ ᠡᠴᠦᠰ ᠦ᠋ᠨ ᠡᠴᠦᠰ ᠲᠦ᠍ ᠬᠤᠯᠤᠭᠠᠨ᠎ᠠ ᠠᠷᠰᠯᠠᠨ ᠢ᠋ ᠬᠠᠪᠬᠠᠨ ᠠ᠋ᠴᠠ ᠰᠤᠯᠠᠯᠠᠵᠤ ᠴᠢᠯᠥᠭᠡᠯᠡᠵᠡᠢ ᠭᠡᠨ᠎ᠡ᠃ ᠠᠷᠰᠯᠠᠨ ᠥᠴᠦᠬᠡᠨ ᠵᠢᠭᠠᠬᠠᠨ ᠬᠤᠯᠤᠭᠠᠨ᠎ᠠ ᠬᠦᠷᠲᠡᠯ᠎ᠡ ᠶᠡᠬᠡ ᠲᠤᠰᠠ ᠪᠣᠯᠵᠤ ᠴᠢᠳᠠᠳᠠᠭ ᠢ᠋ ᠣᠢᠯᠠᠭᠠᠪᠠ᠂ ᠪᠠᠶᠠᠷᠯᠠᠯ᠎ᠠ ᠬᠤᠯᠤᠭᠠᠨ᠎ᠠ ᠮᠢᠨᠢ ᠪᠢ ᠴᠢᠮ᠎ᠠ ᠶ᠋ᠢ ᠳᠠᠬᠢᠵᠤ ᠵᠣᠪᠠᠭᠠᠬᠤ ᠦᠭᠡᠢ ᠮᠢᠨᠦ ᠣᠢ ᠳ᠋ᠤ᠌ ᠡᠷᠬᠡ ᠳᠤᠷ᠎ᠠ ᠪᠠᠷ ᠢ᠋ᠶ᠋ᠠᠨ ᠠᠮᠢᠳᠤᠷᠠ᠂ ᠴᠢ ᠠᠷᠢᠶᠠᠲᠠᠨ ᠤ᠋ ᠬᠠᠭᠠᠨ ᠤ᠋ ᠠᠮᠢ ᠶ᠋ᠢ ᠠᠪᠤᠷᠠᠯ᠎ᠠ ᠢᠩᠭᠢᠭᠡᠳ ᠴᠢ ᠡᠨᠡ ᠣᠢ ᠶ᠋ᠢᠨ ᠬᠠᠨ ᠬᠦᠦ ᠪᠣᠯᠤᠯ᠎ᠠ᠂ ᠪᠠᠶᠠᠷᠯᠠᠯ᠎ᠠ ᠠᠷᠢᠶᠠᠲᠠᠨ ᠤ᠋ ᠬᠠᠭᠠᠨ ᠮᠢᠨᠢ ᠪᠠᠶᠠᠷᠲᠠᠢ ᠤᠳᠠᠬᠤ ᠦᠭᠡᠢ ᠠᠭᠤᠯᠵᠠᠶ᠎ᠠ᠂ ᠦᠭᠡᠢ ᠴᠢ ᠬᠠᠮᠢᠭ᠎ᠠ ᠡᠴᠢᠬᠦ ᠨᠢ ᠤᠤ? ᠴᠢ ᠮᠢᠨᠦ ᠳᠡᠭᠡᠷ᠎ᠡ ᠲᠣᠭᠯᠠᠵᠤ ᠰᠡᠭᠦᠯ ᠢ᠋ᠶ᠋ᠡᠷ ᠮᠢᠨᠢ ᠭᠤᠯᠭᠤᠵᠤ ᠪᠠᠭᠤᠮᠠᠷ ᠦᠭᠡᠢ ᠪᠠᠢᠨ᠎ᠠ ᠤᠤ? ᠬᠤᠯᠤᠭᠠᠨ᠎ᠠ ᠠᠷᠰᠯᠠᠨ ᠤ᠋ ᠨᠢᠷᠤᠭᠤᠨ ᠳᠡᠭᠡᠷ᠎ᠡ ᠦᠰᠦᠷᠴᠦ ᠰᠡᠭᠦᠯ ᠢ᠋ᠶ᠋ᠡᠷ ᠨᠢ ᠭᠤᠯᠭᠤᠵᠤ ᠪᠠᠭᠤᠵᠤ ᠡᠬᠢᠯᠡᠯ᠎ᠡ᠂ ᠤᠳᠠᠯ ᠦᠭᠡᠢ ᠠᠩᠴᠢᠳ ᠠᠷᠰᠯᠠᠨ ᠢ᠋ ᠵᠥᠭᠡᠭᠡᠬᠦ ᠪᠡᠷ ᠲᠣᠮᠣ ᠲᠡᠷᠭᠡ ᠠᠪᠴᠢᠷᠠᠯ᠎ᠠ᠂ ᠠᠷᠰᠯᠠᠨ ᠬᠤᠯᠤᠭᠠᠨ᠎ᠠ ᠬᠣᠶᠠᠷ ᠲᠡᠳᠡᠨ ᠢ᠋ ᠬᠠᠷᠠᠭᠠᠳ ᠥᠭᠡᠳᠡ ᠡᠴᠡ ᠨᠢ ᠳᠠᠪᠬᠢᠯ᠎ᠠ᠂ ᠠᠷᠰᠯᠠᠨ ᠴᠢᠩᠭ᠎ᠠ ᠭᠡᠭᠴᠢ ᠠᠷᠬᠢᠷᠠᠬᠤ ᠳ᠋ᠤ᠌ ᠠᠩᠴᠢᠳ ᠮᠠᠰᠢ ᠶᠡᠬᠡ ᠠᠶᠤᠵᠤ ᠲᠣᠰᠬᠣᠨ ᠤᠷᠤᠭᠤ ᠪᠠᠨ ᠪᠤᠴᠠᠵᠤ ᠵᠢᠭᠤᠲᠠᠪᠠ᠃
ᠦᠰᠦᠭ ᠠᠮᠢᠯᠠᠭᠤᠯᠤᠭᠴᠢ᠄ ᠰ· ᠳᠣᠷᠣᠨ᠎ᠠ
ᠦᠰᠦᠭ ᠬᠠᠳᠠᠭᠴᠢ᠄ ᠴᠠᠬᠠᠷ ᠪᠠᠲᠤ
ᠬᠢᠨᠠᠭᠴᠢ᠄ ᠢᠷᠡᠭᠡᠳᠦᠢ᠂ ᠭᠠᠷᠮ᠎ᠠ
