ᠠᠮᠢᠳᠤ ᠬᠠᠳᠠᠨ ᠤ ᠱᠤᠤᠭᠢᠶ᠎ᠠ - ᠲ ᠂ ᠭᠣᠮᠪᠣᠵᠠᠪ Амьд хадны шуугья - Т ᠂ Гомбожав
ᠠᠮᠢᠳᠤ ᠬᠠᠳᠠᠨ ᠤ ᠱᠤᠤᠭᠢᠶ᠎ᠠ
ᠲ ᠂ ᠭᠣᠮᠪᠣᠵᠠᠪ
( ᠡᠴᠢᠭᠡ ᠲᠩᠷᠢ ᠮᠢᠨᠢ ᠠ᠋
ᠡᠮᠲᠡᠷᠡᠳᠡᠭ ᠦᠭᠡᠢ ᠠᠮᠢᠲᠤ ᠬᠠᠲᠠ ᠴᠢᠨᠦᠬᠢ ᠪᠡᠨ
ᠡᠨᠡ ᠵᠠᠭᠤᠨ ᠪ ᠱᠤᠤᠭᠢᠶ᠎ᠠ ᠪᠢ ᠪᠢᠯᠡ )
1
ᠪᠢ ᠬᠠᠷ᠎ᠠ ᠳᠤᠷᠠᠳᠬᠠᠯ ᠊ᠢ
ᠬᠥᠯ ᠶ᠋ᠢᠡᠷ ᠶ᠋ᠢᠡᠨ ᠭᠢᠰᠬᠢᠵᠦ ᠵᠣᠭᠰᠣᠭᠰᠠᠨ
ᠥᠴᠥᠭᠡᠲᠦᠷ ᠦ᠋ᠨ ᠠᠮᠢᠲᠤ ᠪᠤᠯᠠᠰᠢ ᠪᠢ ᠪᠠᠶ᠋ᠢᠨᠠᠮ
ᠬᠥᠬᠡᠷᠡᠬᠦ ᠵᠠᠯᠠᠭᠤ ᠬᠣᠷᠸ᠋᠎ᠠ ᠶ᠋ᠢ
ᠬᠦᠰᠡᠯ ᠶ᠋ᠢᠡᠷ ᠶ᠋ᠢᠡᠨ ᠡᠷᠭᠦᠵᠦ ᠬᠠᠩᠭᠢᠨᠠᠭᠰᠠᠨ
ᠥᠨᠥᠲᠥᠷ ᠦ᠋ᠨ ᠰᠡᠷᠡᠭᠦᠨ ᠬᠥᠰᠢᠶ᠎ᠡ ᠪᠢ ᠪᠠᠶ᠋ᠢᠨᠠᠮ
ᠴᠠᠭᠠᠨ ᠪᠤᠭᠤᠷᠤᠯ ᠮᠠᠯᠠᠭᠠᠢ ᠲᠠᠢ
ᠴᠠᠭ ᠦ᠋ᠨ ᠪᠣᠰᠤᠬ᠋᠎ᠠ ᠱᠤᠭᠤᠮᠠᠯ
ᠪᠤᠮᠠᠨ ᠠᠭᠲᠠ ᠶ᠋ᠢᠨ ᠲᠦᠪᠦᠷᠭᠡᠨ ᠲᠡᠢ
ᠪᠣᠲᠣᠯ ᠦ᠋ᠨ ᠰᠢᠷᠦᠭᠦᠨ ᠤᠷᠤᠰᠬᠠᠯ ᠂ ᠪᠢ
ᠪᠥᠮᠪᠥᠷᠴᠡᠭ ᠦ᠋ᠨ ᠶ᠋ᠢᠡᠨ ᠨᠣᠭᠣᠭᠠᠨ ᠮᠠᠩᠨᠠᠢ ᠳᠡᠭᠡᠷ᠎ᠡ
ᠨᠠᠷᠠ ᠵᠡᠭᠦᠲᠦᠯᠡᠵᠦ ᠵᠣᠭᠰᠣᠨ᠎ᠠ
ᠪᠢᠯᠢᠭ᠌ ᠮᠢᠨᠢ
ᠢᠷᠡᠭᠡ ᠦᠭᠡᠢ ᠭᠡᠷᠡᠯ ᠳ᠋ᠤ᠌ ᠨᠢ ᠢᠨᠢᠶᠡᠬᠦ ᠶ᠋ᠢᠨ ᠵᠢᠷᠭᠠᠯ ᠳ᠋ᠤ᠌ ᠬᠥᠭᠵᠢᠨ ᠪᠢᠲᠡᠭᠦᠦ ᠬᠠᠷ᠎ᠠ ᠭᠡᠵᠢᠭᠡ ᠶ᠋ᠢᠨ ᠶ᠋ᠢᠡᠨ ᠵᠠᠭᠠᠲᠠᠰᠤ ᠶ᠋ᠢ ᠬᠠᠭᠠᠯᠵᠤ ᠡᠬᠢᠯᠡᠨ᠎ᠡ ᠁
2
ᠲᠣᠬ᠋᠎ᠠ ᠦᠭᠡᠢ ᠣᠯᠠᠨ ᠠᠴᠢᠶ᠎ᠠ ᠲᠠᠢ
ᠲᠡᠮᠡᠭᠡᠳ ᠦ᠋ᠨ ᠤᠷᠲᠤ ᠴᠤᠪᠤᠬ᠋ᠠ
ᠮᠢᠨᠦ ᠥᠷᠲᠡᠭᠡ ᠪᠡᠷ ᠥᠩᠭᠡᠷᠡᠵᠦ ᠪᠠᠶ᠋ᠢᠨ᠎ᠠ
ᠲᠣᠭᠲᠠᠭᠰᠠᠨ ᠨᠢᠭᠡ ᠬᠥᠬᠡ ᠴᠢᠯᠠᠭᠤᠨ ᠳᠡᠭᠡᠷ᠎ᠡ
ᠲᠣᠭᠲᠠᠨ ᠶᠠᠲᠠᠨ ᠵᠣᠭᠰᠣᠵᠤ ᠂ ᠪᠢ
ᠲᠣᠬ᠋᠎ᠠ ᠦᠭᠡᠢ ᠣᠯᠠᠨ ᠬᠠᠶ᠋ᠢᠷ᠎ᠠ ᠪᠠᠨ ᠥᠲᠡᠯᠠ
ᠲᠣᠬ᠋᠎ᠠ ᠦᠭᠡᠢ ᠣᠯᠠᠨ ᠬᠣᠷᠣᠰᠤᠯ ᠶ᠋ᠢᠠᠨ ᠥᠲᠡᠯᠠ ᠡ
ᠲᠡᠭᠡᠬᠦ ᠳ᠋ᠤ᠌᠂
ᠲᠣᠯᠣᠭᠠᠢ ᠮᠢᠨᠢ ᠬᠠᠩᠭᠠᠢ ᠪᠣᠯᠵᠤ
ᠳᠣᠲᠣᠷ᠎ᠠ ᠨᠢ ᠬᠡᠲᠦᠨ ᠵᠠᠭᠤᠨ ᠵᠢᠯ ᠬᠣᠨᠢᠳ ᠰᠢᠭ᠋ ᠪᠡᠯᠴᠢᠨ᠎ᠡ
ᠲᠤᠪ ᠲᠤᠩᠭᠠᠯᠠᠭ
ᠭᠡᠪᠡᠴᠦ ᠂ ᠪᠠᠷᠢᠬᠲᠠᠲᠠᠭ ᠦᠭᠡᠢ ᠲᠩᠷᠢ ᠶ᠋ᠢᠨ
ᠭᠡᠷᠡᠯ ᠨᠢ ᠬᠣᠯᠠᠲᠠᠭᠰᠠᠨ ᠡᠪᠦᠭᠡᠨ ᠨᠠᠷᠠ ᠲᠣᠩ ᠪᠠᠯᠠᠷᠬᠠᠢ ᠬᠠᠷᠠᠭᠲᠠᠨ᠎ᠠ
ᠲᠣᠭᠣᠷᠢᠨ ᠳ᠋ᠠᠭᠠᠨ ᠬᠠᠨᠢ ᠦᠭᠡᠢ
ᠲᠣᠮᠣ ᠲᠣᠮᠣ ᠠᠭᠤᠯᠠᠰ ᠦ᠋ᠨ
ᠲᠣᠩᠭᠣᠷᠤᠤ ᠲᠤᠰᠤᠭᠰᠠᠨ ᠰᠡᠭᠦᠲᠡᠷ ᠲᠣᠩᠭᠣᠰ ᠲᠣᠩᠭᠣᠰ ᠬᠣᠯᠠᠲᠠᠬᠤ ᠬᠠᠷᠠᠭᠲᠠᠨ᠎ᠠ
ᠮᠥᠨ ᠴᠤ ᠪᠠᠰᠠ ᠮᠠᠰᠢ ᠣᠯᠠᠨ ᠮᠠᠰᠢ ᠣᠯᠠᠨ
ᠮᠥᠷᠥᠭᠡᠲᠦᠯ ᠳᠠᠷᠤᠬᠤ ᠦᠯᠢᠭᠡᠷ ᠦ᠋ᠳ ᠦ᠋ᠨ
ᠮᠥᠷ ᠬᠡᠶ᠋ᠢᠰᠬᠦ ᠬᠠᠷᠠᠭᠲᠠᠨ᠎ᠠ ᠡ
ᠡᠬᠡ ᠣᠷᠣᠨ ᠮᠢᠨᠢ ᠠ᠋
ᠥᠨᠥᠴᠢᠷᠡᠯ ᠰᠠᠬᠢᠵᠤ ᠂ ᠪᠢ
ᠥᠴᠥᠭᠡᠲᠦᠷ ᠰᠦᠨᠢ ᠤᠨᠲᠠᠭᠰᠠᠨ ᠦᠭᠡᠢ ᠡ
3
ᠡᠨᠡ ᠰᠥᠨᠢ ᠶ᠋ᠢᠨ ᠰᠠᠷᠠᠨ ᠳ᠋ᠤ᠌ ᠬᠡᠭᠡᠷ᠎ᠡ ᠬᠡᠪᠲᠡᠬᠦ ᠪᠢᠯᠡ
ᠡᠯᠡᠰᠦ ᠪᠡᠨ ᠳᠡᠷᠡᠯᠡᠨ ᠲᠠᠯ᠎ᠠ ᠪᠠᠨ ᠬᠠᠷᠠᠵᠤ
ᠡᠬᠡ ᠭᠠᠵᠠᠷ ᠦ᠋ᠨ ᠲᠡᠨᠢᠭᠦᠬᠡᠨ ᠠᠮᠢᠰᠬᠤᠬ᠋ᠠ —
ᠡᠵᠡᠭᠦᠢ ᠶ᠋ᠢᠨ ᠠᠯᠢᠶ᠎ᠠ ᠰᠠᠯᠬᠢᠨ ᠠ᠋ᠴᠠ ᠪᠠᠨ ᠳᠤᠷᠠᠳᠬᠠᠯ ᠴᠢᠩᠨᠠᠨ ᠤᠨᠲᠠᠬᠤ ᠶᠤᠮ ᠪᠢᠯᠡ ᠡ ᠁
ᠲᠡᠪ ᠲᠡᠷᠭᠡᠯᠬᠡᠨ ᠬᠦᠰᠡᠯ
ᠲᠩᠷᠢ ᠳᠡᠭᠡᠷ᠎ᠡ ᠡᠴᠡ ᠮᠢᠨᠦ ᠳᠡᠭᠡᠷ᠎ᠡ ᠳᠠᠷᠤᠨ᠎ᠠ
ᠲᠡᠭᠦᠨ ᠊ᠢ ᠠᠪᠤᠨ᠎ᠠ ᠭᠡᠵᠦ ᠰᠥᠨᠢ ᠲᠤᠵᠢ
ᠠᠪᠤ ᠪᠠᠨ ᠭᠠᠰᠠᠯᠭᠠᠨ ᠤᠬᠢᠯᠠᠵᠤ ᠬᠣᠨᠣᠭᠰᠠᠨ
ᠨᠢᠯᠪᠤᠰᠤ ᠮᠢᠨᠢ ᠬᠠᠮᠢᠬ᠋᠎ᠠ ᠰᠢᠩᠭᠡᠯ᠎ᠡ ?
ᠦᠯᠦ ᠣᠷᠣᠭᠤᠯᠳᠠᠭ ᠨᠢᠭᠡ ᠡᠭᠦᠲᠡ ᠶ᠋ᠢ
ᠡᠲᠦᠷ ᠦ᠋ᠨ ᠬᠡᠲᠦ ᠮᠥᠷᠭᠥᠳᠡᠭ ᠪᠠᠶ᠋ᠢᠬᠰᠠᠨ ᠪᠤᠷᠵᠢᠭᠢᠷ ᠰᠢᠷ᠎ᠠ ᠲᠣᠯᠣᠭᠠᠢ ᠮᠢᠨᠢ ᠳ᠋ᠠ
ᠦᠵᠡᠭᠰᠡᠨ ᠡᠴᠡ ᠪᠡᠨ ᠢᠯᠡᠭᠦᠦ
ᠦᠵᠡᠭᠡᠳᠦᠢ ᠶ᠋ᠢ ᠰᠠᠨᠠᠵᠤ
ᠡᠪᠦᠷ ᠳᠦᠭᠦᠷᠡᠩ ᠵᠡᠭᠦᠲᠦ ᠲᠡᠢ ᠶᠠᠪᠤᠭᠰᠠᠨ
ᠪᠠᠬ᠋᠎ᠠ ᠶ᠋ᠢᠨ ᠰᠠᠶ᠋ᠢᠬᠠᠨ ᠨᠠᠰᠤ ᠮᠢᠨᠢ ᠳ᠋ᠠ
ᠮᠢᠨᠦ ᠲᠡᠷᠡ
ᠬᠠᠶ᠋ᠢᠷᠠᠯᠠᠬᠤ ᠲᠤᠲᠤᠮ ᠡᠯᠡᠭᠳᠡᠳᠡᠭ
ᠬᠠᠩᠭᠠᠢ ᠶ᠋ᠢᠨ ᠰᠡᠢᠷᠡᠭ ᠰᠢᠭᠤᠢ
ᠬᠠᠷᠠᠮᠨᠠᠬᠤ ᠲᠤᠲᠤᠮ ᠴᠦᠯᠡᠭᠳᠡᠳᠡᠭ
ᠬᠠᠲᠠᠨ ᠪ ᠥᠨᠥᠴᠢᠨ ᠪᠦᠷᠭᠦᠳ ᠁
ᠮᠢᠨᠦ ᠲᠡᠷᠡ
ᠤᠷᠭᠤᠭᠤᠯᠲᠠᠭ ᠦᠭᠡᠢ ᠰᠢᠷᠣᠢ ᠳ᠋ᠤ᠌ ᠪᠤᠯᠠᠭᠰᠠᠨ
ᠤᠷᠠᠨ ᠰᠠᠨᠠᠭᠠᠨ ᠪ ᠦᠷ᠎ᠡ
ᠤᠷᠤᠰᠲᠠᠭ ᠦᠭᠡᠢ ᠮᠥᠷᠡᠨ ᠳ᠋ᠤ᠌ ᠬᠠᠶᠠᠭᠰᠠᠨ
ᠤᠬᠠᠭᠠᠨ ᠪᠣᠲᠣᠯ ᠦ᠋ᠨ ᠣᠩᠭᠣᠴᠠ ᠁
ᠣᠲᠣ ᠬᠠᠮᠢᠬ᠋᠎ᠠ ᠪᠠᠶ᠋ᠢᠨ᠎ᠠ ?
ᠬᠠᠮᠢᠬ᠋᠎ᠠ ᠪᠠᠶ᠋ᠢᠨ᠎ᠠ ᠡ ?
ᠬᠠᠷᠠᠬᠤ ᠬᠣᠶᠠᠷ ᠨᠢᠲᠦᠨ ᠡᠴᠡ ᠪᠡᠨ
ᠬᠠᠲᠤᠨ ᠭᠣᠣᠯ ᠦ᠋ᠨ ᠡᠬᠢ ᠶ᠋ᠢ ᠪᠢ ᠡᠷᠢᠵᠦ ᠣᠯᠤᠨ᠎ᠠ ᠡ !
4
ᠤᠯᠠᠨ ᠪᠠᠷᠲᠠᠭ᠎ᠠ ᠲᠠᠢ ᠣᠬᠣᠷᠬᠠᠨ ᠨᠢᠭᠡ ᠵᠥᠷᠢᠭ ᠳᠡᠭᠡᠷ᠎ᠡ
ᠣᠩᠭᠣᠨ ᠵᠠᠯᠠᠭᠤ ᠨᠠᠰᠤ ᠶ᠋ᠢ ᠪᠡᠨ ᠣᠷᠬᠢᠵᠤ ᠬᠠᠶᠠᠯ᠎ᠠ ᠪᠢ
ᠣᠯᠤᠭᠰᠠᠨ ᠠ᠋ᠴᠠ ᠪᠠᠨ ᠢᠯᠡᠭᠦᠦ ᠠᠯᠳᠠᠭᠰᠠᠨ ᠤ ᠪᠠᠨ ᠬᠤᠨᠢᠭ ᠢ
ᠠᠭᠤᠯᠠ ᠠ᠋ᠴᠠ ᠬᠦᠨᠳᠦ ᠮᠥᠷ ᠦᠨ ᠢᠶ᠋ᠠᠨ ᠳᠣᠣᠷ᠎ᠠ ᠳᠠᠷᠤᠵᠤ ᠲᠠᠯᠪᠢᠯ᠎ᠠ ᠪᠢ
ᠭᠠᠩᠭᠠᠷ ᠭᠣᠩᠭᠣᠷ ᠨᠠᠮᠤᠷ ᠤᠨ ᠳᠠᠭᠤᠨ ᠳ᠋ᠤ᠌
ᠬᠠᠶᠠ ᠤᠷᠤᠰᠤᠨ
ᠬᠠᠶᠠ ᠬᠠᠲᠠᠳᠠᠭ ᠰᠡᠳᠬᠢᠯ ᠢᠶ᠋ᠠᠨ ᠪᠢ
ᠭᠠᠭᠴᠠᠬᠠᠨ ᠦᠰᠦᠭ ᠦᠨ ᠵᠠᠶᠠᠭᠠᠨ ᠳᠡᠭᠡᠷ᠎ᠡ ᠰᠢᠬᠥᠳᠡᠷᠢ ᠪᠤᠯᠭᠠᠵᠤ ᠪᠥᠮᠪᠦᠭᠡᠨᠡᠭᠦᠯᠦᠯᠡ
ᠣᠩᠬᠢ ᠴᠣᠩᠬᠢ ᠪᠡᠷᠬᠡ ᠶ᠋ᠢᠨ ᠪᠠᠯᠠᠷ ᠲᠤ
ᠬᠠᠶᠠ ᠤᠯᠠᠭᠠᠨ
ᠬᠠᠶᠠ ᠬᠦᠷᠡᠩ ᠦᠯᠢᠭᠡᠷ ᠢᠶ᠋ᠡᠨ ᠪᠢ
ᠤᠯᠠᠨ ᠬᠥᠮᠦᠨ ᠦ ᠵᠠᠮ ᠳᠡᠭᠡᠷ᠎ᠡ ᠥᠷᠲᠡᠭᠡ ᠪᠤᠯᠭᠠᠵᠤ ᠪᠤᠰᠬᠠᠯ᠎ᠠ
ᠲᠡᠭᠡᠭᠡᠳ — ᠦᠪᠡᠷ ᠲᠠᠢ ᠪᠠᠨ ᠪᠢ
ᠲᠢᠪ ᠠᠯᠤᠰᠯᠠᠵᠤ ᠰᠠᠯᠤᠯ᠎ᠠ
ᠲᠡᠭ ᠵᠢᠵᠢᠭᠷᠡᠭᠦᠯᠵᠦ ᠣᠶ᠋ᠢᠷᠠᠲᠤᠯ᠎ᠠ ᠡ ᠁
5
ᠥᠷᠯᠥᠭᠡ
ᠥᠷ ᠤᠨ ᠲᠤᠶᠠᠭ᠎ᠠ ᠂ ᠨᠠᠷᠠ
ᠥᠩᠭᠡ ᠪᠣᠳᠣᠭ ᠲᠤ ᠴᠢᠯᠥᠭᠡᠯᠡᠯᠲᠡ ᠬᠦᠷᠭᠡᠵᠦ ᠢᠷᠡᠵᠡᠢ
ᠥᠴᠥᠭᠡᠳᠦᠷ ᠰᠥᠨᠢ ᠤᠨᠲᠠᠭ᠎ᠠ ᠦᠭᠡᠢ
ᠥᠯᠥᠰᠭᠦᠯᠡᠩ ᠨᠢᠭᠡ ᠰᠡᠳᠭᠢᠯ
ᠥᠷᠥᠭᠡ ᠳᠦᠭᠦᠷᠬᠦ ᠭᠡᠷᠡᠯ ᠤᠨ ᠠᠮᠲᠠ ᠪᠠᠷ ᠴᠠᠳᠴᠤ
ᠦᠭᠡᠳᠡ ᠪᠤᠰᠬᠤ ᠢᠯᠴᠢ ᠶ᠋ᠢᠨ ᠲᠠᠭᠤᠨ ᠢᠶ᠋ᠠᠷ ᠲᠡᠩᠬᠡᠬᠡᠵᠢᠨ
ᠥᠨᠳᠥᠷ ᠲᠦ ᠨᠠᠮᠢᠷᠠᠬᠤ ᠲᠤᠭ ᠤᠨ ᠳᠣᠣᠷ᠎ᠠ
ᠦᠪᠡᠷ ᠤᠨ ᠨᠡᠷ᠎ᠡ ᠪᠡᠨ ᠬᠠᠲᠠᠵᠤ ᠪᠠᠶ᠋ᠢᠨ᠎ᠠ ᠡ
ᠳᠣᠲᠣᠨ᠎ᠠ ᠭᠠᠳᠠᠨ᠎ᠠ ᠳᠣᠭᠳᠣᠯᠤᠯ ᠦᠶᠡᠷᠯᠡᠨ᠎ᠡ
ᠤᠷᠠᠭᠳᠠᠭᠰᠠᠨ ᠬᠠᠶ᠋ᠢᠷ᠎ᠠ ᠪᠦᠲᠦᠨ ᠬᠡᠪ ᠲᠡᠭᠡᠨ ᠪᠤᠴᠠᠵᠤ
ᠤᠲᠤᠭ᠎ᠠ ᠪᠤᠯᠵᠤ ᠨᠠᠭᠠᠳᠤᠭᠰᠠᠨ ᠳᠠᠷᠠᠰᠤᠨ ᠤ ᠰᠢᠷ᠎ᠠ ᠨᠠᠮᠠᠭᠠᠳ
ᠳᠣᠲᠣᠷ᠎ᠠ ᠪᠠᠨ ᠨᠢᠭᠡ ᠶ᠋ᠢ ᠪᠣᠳᠣᠵᠤ
ᠪᠡᠶ᠎ᠡ ᠶ᠋ᠢᠨ ᠬᠦᠨᠳᠦ ᠪᠡᠨ ᠳᠠᠬᠢᠨ ᠬᠡᠮᠵᠢᠨ᠎ᠡ
ᠳᠠᠭᠤᠤ ᠨᠢ ᠴᠢᠯᠥᠭᠡᠯᠡᠭᠳᠡᠭᠰᠡᠨ ᠠᠭᠤᠯᠠᠨ ᠤ ᠰᠢᠪᠠᠭᠤ
ᠳᠣᠷᠣᠨ᠎ᠠ ᠲᠡᠭᠷᠢ ᠴᠢᠭᠯᠡᠵᠦ
ᠳᠤᠭᠤᠶ᠋ᠢᠬᠠᠨ ᠨᠡᠷᠡᠭᠰᠡᠨ ᠤᠶᠠᠩᠭ᠎ᠠ ᠪᠠᠷ ᠢᠶ᠋ᠠᠨ
ᠣᠢ ᠂ ᠠᠭᠠᠷ ᠬᠥᠭᠵᠢᠮᠳᠡᠵᠦ ᠡᠬᠢᠯᠡᠨ᠎ᠡ ᠁
ᠡᠨᠡ ᠬᠤᠷᠤ᠎ᠠ ᠶ᠋ᠢᠨ ᠠᠯᠢᠪᠠ ᠪᠦᠬᠦᠨ
ᠡᠬᠡ ᠶ᠋ᠢᠨ ᠢᠶ᠋ᠠᠨ ᠬᠡᠪᠡᠯᠢ ᠪᠠᠷ ᠳᠠᠬᠢᠨ ᠥᠩᠭᠡᠷᠡᠵᠦ ᠪᠠᠶ᠋ᠢᠨ᠎ᠠ !
ᠪᠢ
ᠬᠤᠯᠠ ᠶ᠋ᠢᠨ ᠬᠣᠯᠠ ᠲᠠᠶ᠋ᠢᠰᠢ
ᠬᠣᠶᠠᠷ ᠭᠠᠷ ᠢᠶ᠋ᠠᠨ ᠰᠠᠷᠪᠠᠶ᠋ᠢᠯᠠ
6
ᠲᠡᠭᠷᠢ ᠶ᠋ᠢᠨ ᠵᠡᠭᠦᠨ ᠬᠠᠶᠠᠭ᠎ᠠ
ᠦᠷᠡᠭᠳᠡᠭᠰᠡᠳ ᠤᠨ ᠮᠢᠨᠢ ᠲᠣᠮᠣ ᠤᠯᠠᠭᠠᠨ ᠬᠥᠰᠢᠶ᠎ᠡ
ᠲᠡᠭᠦᠨ ᠢ ᠳᠥᠰᠢᠭᠡᠳ ᠂ ᠮᠢᠨᠦ ᠪᠣᠳᠣᠯ ᠠᠭᠤᠯᠠ ᠡᠷᠭᠦᠨ ᠪᠣᠰᠴᠤ ᠪᠠᠶ᠋ᠢᠨ᠎ᠠ
ᠨᠢᠳᠦ ᠂ ᠲᠡᠭᠷᠢ
ᠨᠢᠭᠡ ᠨᠢᠭᠡᠨ ᠦ ᠪᠠᠨ ᠪᠡᠶ᠎ᠡ ᠳᠡᠭᠡᠷᠡᠬᠢ ᠰᠢᠷᠬ᠎ᠠ ᠶ᠋ᠢ ᠬᠠᠯᠠᠮᠵᠢᠲᠠᠶ᠋ᠢᠬᠠᠨ ᠡᠮᠨᠡᠵᠤ ᠡᠬᠢᠯᠡᠪᠡ
ᠨᠢᠭᠡ ᠰᠥᠨᠢ ᠶ᠋ᠢᠨ ᠴᠢᠰᠤ ᠨᠢᠯᠪᠤᠰᠤ
ᠨᠢᠭᠡ ᠰᠥᠨᠢ ᠶ᠋ᠢᠨ ᠵᠡᠭᠦᠳᠦ
ᠨᠡᠩ ᠶᠡᠬᠡ ᠭᠣᠷᠢᠳᠠᠯ ᠤᠨ ᠮᠢᠨᠢ ᠬᠣᠶᠠᠷ ᠨᠢᠳᠤᠷᠭ᠎ᠠ ᠶ᠋ᠢ ᠵᠠᠩᠭᠢᠳᠤᠭᠤᠯᠤᠯᠠ !
ᠥᠨᠳᠥᠷ ᠳᠡᠭᠡᠷ᠎ᠡ
ᠥᠯᠥᠭᠡᠢ ᠲᠡᠢ ᠰᠠᠷ᠎ᠠ ᠪᠠᠨ ᠪᠦᠪᠡᠶ᠋ᠢᠯᠡᠨ ᠪᠦᠪᠡᠶ᠋ᠢᠯᠡᠨ
ᠥᠨᠥᠴᠢᠨ ᠪᠦᠷᠭᠦᠳ ᠨᠢᠰᠴᠦ ᠪᠠᠶ᠋ᠢᠨ᠎ᠠ ᠡ
7
ᠡᠷᠢᠯ ᠪᠠ ᠲᠥᠭᠡᠷᠢᠯ
ᠡᠨᠡ ᠳᠡᠯᠭᠡᠭᠦᠷ ᠲᠦ᠍ ᠨᠢᠭᠡᠯᠡ ᠠᠳᠠᠯᠢ ᠦᠨ᠎ᠡ ᠲᠡᠢ
ᠡᠷᠢᠯ ᠨᠢ
ᠴᠦᠯ ᠦᠨ ᠪᠠᠯᠠᠷ ᠲᠤ᠌ ᠮᠥᠩᠬᠡᠷᠡᠬᠦ ᠨᠣᠶ᠋ᠢᠷ ᠪᠠᠶ᠋ᠢᠵᠤ ᠮᠡᠳᠡᠨ᠎ᠡ
ᠲᠥᠭᠡᠷᠢᠯ ᠨᠢ
ᠴᠡᠴᠡᠭ ᠦᠨ ᠳᠠᠪᠠᠭᠠᠨ ᠳ᠋ᠤ᠌ ᠭᠢᠯᠠᠰᠬᠤ ᠲᠠᠶᠠᠭ ᠴᠦ᠍ ᠪᠠᠶ᠋ᠢᠵᠤ ᠮᠡᠳᠡᠨ᠎ᠡ
ᠡᠨᠡ ᠬᠣᠶᠠᠷ ᠢ ᠲᠦᠰᠢᠵᠦ᠂ ᠪᠢ
ᠡᠬᠡ ᠣᠷᠣᠨ ᠤ ᠪᠠᠨ ᠰᠠᠶ᠋ᠢᠬᠠᠨ ᠬᠦᠰᠡᠯ ᠢ
ᠡᠪᠦᠯᠵᠢᠶ᠎ᠡ ᠡᠴᠡ ᠬᠠᠪᠤᠷᠵᠢᠶ᠎ᠠ ᠤᠷᠤᠭᠤ ᠨᠡᠭᠦᠯᠭᠡᠵᠦ ᠶᠠᠪᠤᠨ᠎ᠠ ᠡ !
8
ᠠᠭᠤᠯᠠ ᠂ ᠤᠯᠠᠮ ᠤᠯᠠᠮ ᠪᠠᠭᠠᠰᠤᠭᠰᠠᠭᠠᠷ ᠲᠣᠪᠤ ᠪᠣᠯᠴᠢᠯ᠎ᠠ
ᠣᠩᠭᠣᠨ ᠪᠤᠭᠤᠷᠤᠯ ᠳᠠᠯᠠᠢ
ᠣᠯᠣᠮ ᠦ᠋ᠨ ᠶ᠋ᠢᠠᠨ ᠵᠠᠬ᠎ᠠ ᠠ᠋ᠴᠠ ᠳᠠᠲᠠᠷᠠᠭᠰᠠᠭᠠᠷ ᠱᠠᠯᠪᠠᠭ ᠪᠣᠯᠴᠢᠯ᠎ᠠ
ᠣᠢ ᠮᠣᠲᠣ ᠨᠠᠷᠢᠰᠤᠨ ᠨᠠᠷᠢᠰᠤᠭᠰᠠᠭᠠᠷ
ᠣᠷᠣᠢ ᠳ᠋ᠠᠭᠠᠨ ᠨᠢᠭᠡᠯᠡ ᠨᠠᠪᠴᠢ ᠲᠠᠢ ᠬᠠᠪᠤᠷ ᠪᠣᠯᠴᠢᠯ᠎ᠠ
ᠪᠠᠯᠠᠷ ᠡᠷᠲᠡᠨ ᠪ ᠳᠣᠮᠣᠭ ᠦ᠋ᠨ ᠬᠣᠷᠸ᠋᠎ᠠ ᠳ᠋ᠤ᠌
ᠪᠢ ᠣᠷᠣᠬ᠋ᠠ ᠦᠭᠡᠢ ᠂ ᠬᠠᠷᠢᠨ
ᠪᠢᠲᠡᠨ ᠊ᠢ ᠠᠴᠢᠵᠤ ᠵᠠᠭᠤ ᠳᠠᠯᠠᠨ ᠲᠦᠮᠡᠨ ᠵᠢᠯ ᠡᠷᠭᠢᠯᠳᠦᠭᠰᠡᠨ ᠪᠥᠮᠪᠥᠷᠴᠡᠭ ᠦ᠋ᠨ ᠮᠢᠨᠢ
ᠪᠠᠶ᠋ᠢᠲᠠᠭ ᠪᠦᠬᠦᠨ ᠨᠢ
ᠡᠨᠡ ᠡᠲᠦᠷ ᠡᠴᠡ ᠡᠬᠢᠯᠡᠵᠦ ᠪᠠᠶ᠋ᠢᠬᠤ ᠶ᠋ᠢ ᠣᠯᠵᠤ ᠦᠵᠡᠯ᠎ᠡ ᠪᠢ !
9
ᠣᠨᠢᠰᠣ ᠶ᠋ᠢ ᠨᠢ ᠨᠡᠭᠡᠭᠡᠭᠰᠡᠨ ᠡᠭᠦᠲᠡ ᠪᠡᠷ ᠮᠢᠨᠢ
ᠣᠯᠠᠨ ᠵᠣᠴᠢᠨ ᠢᠷᠡᠨ᠎ᠡ
ᠣᠲᠣᠳ ᠢᠷᠡᠨ᠎ᠡ
ᠣᠷᠣᠨ ᠪ ᠲᠡᠷᠲᠡᠭᠡ ᠵᠠᠬ᠎ᠠ ᠠ᠋ᠴᠠ
ᠠᠭᠤᠯᠠᠰ ᠬᠡᠶ᠋ᠢᠰᠦᠨ ᠢᠷᠡᠨ᠎ᠡ
ᠤᠯᠠᠮ ᠬᠣᠯᠠ ᠂ ᠠᠯᠤᠰ ᠲᠢᠪ ᠦ᠋ᠨ ᠬᠢᠵᠠᠭᠠᠷ ᠠ᠋ᠴᠠ
ᠣᠷᠣᠨ ᠴᠠᠭ ᠲᠡᠯᠡᠷᠡᠵᠦ ᠢᠷᠡᠨ᠎ᠡ
ᠣᠯᠣᠮ ᠦᠭᠡᠢ ᠶᠡᠬᠡ ᠳᠠᠯᠠᠢ
ᠣᠭᠲᠠᠷᠭᠤᠢ ᠂ ᠨᠠᠲᠠ ᠤᠷᠤᠭᠤ ᠤᠷᠤᠰᠴᠤ ᠢᠷᠡᠨ᠎ᠡ
᠁ ᠁
ᠣᠣ — ᠣᠣ !
ᠣᠷᠴᠢᠯᠠᠩ ᠭᠡᠵᠦ ᠤᠤᠯ ᠨᠢ
ᠣᠢ ᠤᠬᠠᠭᠠᠨ ᠮᠢᠨᠢ ᠬᠠᠷᠪᠤᠵᠤ ᠬᠦᠷᠳᠡᠭ ᠦᠭᠡᠢ ᠣᠷᠣᠨ ᠵᠠᠢ ᠪᠠᠶ᠋ᠢᠵᠢ ᠳ᠋ᠠ !
10
ᠬᠣᠩᠭᠣᠷᠬᠠᠨ ᠬᠣᠶᠠᠷ ᠬᠠᠷᠠᠬ᠋᠎ᠠ ᠮᠢᠨᠢ
ᠬᠣᠷᠸ᠋᠎ᠠ ᠨᠡᠩᠵᠢᠵᠦ ᠡᠬᠢᠯᠡᠯ᠎ᠡ
ᠭᠡᠷᠡᠯ ᠦ᠋ᠨ ᠴᠠᠭᠠᠨ ᠰᠦᠷᠦᠭ ᠦ᠋ᠳ
ᠬᠣᠯᠠ ᠠ᠋ᠴᠠ ᠨᠡᠰᠢ ᠳᠡᠪᠳᠡᠷᠢᠵᠦ
ᠬᠣᠣᠰ ᠦᠭᠡᠢ ᠣᠯᠠᠨ ᠺᠠᠯᠢᠽᠢ ᠦ᠋ᠨ ᠮᠥᠬᠦᠯᠢᠭ ᠮᠢᠨᠦ ᠡᠯᠢᠭᠡ ᠪᠠᠷ ᠥᠨᠵᠢᠭᠡᠳ ᠭᠠᠷᠤᠨ᠎ᠠ
ᠲᠡᠭᠡᠭᠡᠳ
ᠲᠩᠷᠢ ᠶ᠋ᠢᠨ ᠲᠡᠷᠡ ᠠᠶᠤᠩᠬ᠋ᠠ ᠶ᠋ᠢᠨ ᠬᠦᠴᠦ
ᠭᠠᠵᠠᠷ ᠦ᠋ᠨ ᠲᠡᠷᠡ ᠠᠭᠤᠯᠠᠰ ᠦ᠋ᠨ ᠰᠦᠷ
ᠳᠠᠯᠠᠢ ᠶ᠋ᠢᠨ ᠲᠡᠷᠡ ᠳᠠᠪᠠᠯᠭᠠᠨ ᠪ ᠣᠮᠣᠭ
ᠴᠢᠰᠤᠨ ᠪ ᠮᠢᠨᠢ ᠡᠷᠴᠢ ᠪᠣᠯᠵᠤ ᠰᠢᠩᠭᠡᠯ᠎ᠡ
ᠰᠤᠲᠠᠰᠤᠨ ᠪ ᠮᠢᠨᠢ ᠬᠦᠴᠦ ᠪᠣᠯᠵᠤ ᠯᠤᠭᠰᠢᠯᠠ ᠁
ᠪᠡᠶ᠎ᠡ ᠶ᠋ᠢᠨ ᠶ᠋ᠢᠡᠨ ᠬᠢᠵᠠᠭᠠᠷ ᠊ᠢ ᠳᠠᠪᠠᠵᠤ
ᠪᠢ ᠂ ᠰᠠᠴᠤᠷᠠᠭ ᠬᠡᠯᠪᠡᠷᠢᠵᠢᠨ ᠥᠰᠦᠯ᠎ᠡ ᠡ !
11
ᠡᠷᠬᠢᠨ ᠲᠣᠭᠣᠷᠢᠨ
ᠡᠯᠤᠢ ᠬᠤᠯᠤᠢ ᠠᠯᠠᠰᠤᠨ ᠳᠠᠯᠠᠢ
ᠡᠨᠲᠡ ᠡᠴᠡ ᠡᠬᠢᠯᠡᠵᠦ ᠂ ᠮᠢᠨᠦ ᠪᠡᠶ᠎ᠡ ᠵᠠᠮ ᠳ᠋ᠠᠭᠠᠨ ᠣᠷᠣᠭᠰᠠᠨ ᠪᠢᠯᠡ
ᠡᠵᠢ ᠶ᠋ᠢᠨ ᠮᠢᠨᠢ ᠨᠢᠯᠪᠤᠰᠤ ᠲᠠᠢ ᠨᠢᠲᠦ ᠲᠡᠢ ᠨᠠᠮᠠᠶ᠋ᠢ ᠭᠡᠶ᠋ᠢᠭᠦᠯᠦᠨᠡ
ᠡᠨᠡ ᠨᠠᠷᠠᠨ ᠪ ᠤᠭᠤᠷᠠᠭ
ᠡᠬᠡ ᠭᠠᠵᠠᠷ ᠦ᠋ᠨ ᠤᠮᠲᠠ
ᠨᠠᠮᠠᠶ᠋ᠢ ᠪᠠᠨ ᠦᠲᠡᠬᠦ ᠢᠷᠥᠭᠡᠯ ᠪᠠᠶ᠋ᠢᠨ᠎ᠠ ᠠ᠋
12
ᠤᠬᠠᠭᠠᠨ ᠪ ᠮᠢᠨᠢ ᠬᠡᠦᠬᠡᠨ ᠣᠷᠭᠢᠯ ᠳᠡᠭᠡᠷ᠎ᠡ
ᠤᠨᠢᠶᠠᠷ ᠪᠣᠲᠣᠯᠲᠠᠶ᠋ᠢᠬᠠᠨ ᠲᠤᠨᠵᠤ
ᠣᠷᠣᠵᠤ ᠦᠵᠡᠭᠡ ᠦᠭᠡᠢ ᠳᠡᠯᠡᠬᠡᠢ ᠶ᠋ᠢᠨ ᠮᠢᠨᠢ
ᠣᠷᠣᠨ ᠵᠠᠢ ᠴᠠᠭ
ᠣᠲᠣ ᠶᠠᠭ ᠲᠣᠭᠲᠠᠯᠴᠠᠨ ᠪᠠᠶ᠋ᠢᠨ᠎ᠠ
ᠡᠯᠬᠦᠭᠦᠷ ᠵᠦᠩ ᠦ᠋ᠨ ᠮᠣᠲᠣᠨ ᠬᠠᠶ᠋ᠢᠷᠴᠠᠭ ᠠ᠋ᠴᠠ
ᠡᠮᠡᠭᠡᠯ ᠦ᠋ᠨ ᠪᠦᠷᠬᠦᠭᠡ ᠰᠢᠬᠦᠷᠦᠨ ᠴᠠᠭ ᠪᠠᠭᠤᠵᠤ ᠢᠷᠡᠯ᠎ᠡ
ᠬᠥᠨᠲᠡᠯᠡᠨ ᠶ᠋ᠢᠡᠷ ᠶ᠋ᠢᠡᠨ ᠠᠭᠠᠷ ᠲᠠᠰᠤᠷᠠᠵᠤ
ᠬᠦᠯ ᠦ᠋ᠨ ᠮᠢᠨᠢ ᠳᠣᠣᠷ᠎ᠠ ᠂ ᠬᠤᠷᠲᠤᠴᠠ ᠨᠢᠰᠴᠦ ᠡᠬᠢᠯᠡᠯ᠎ᠡ ᠡ ᠁
13
ᠪᠡᠶ᠎ᠡ ᠶ᠋ᠢ ᠮᠢᠨᠢ ᠪᠤᠯᠠᠰᠢᠯᠠᠬᠤ ᠭᠡᠵᠦ
ᠪᠡᠷᠬᠡ ᠳ᠋ᠤ᠌ ᠮᠠᠯᠲᠠᠭᠰᠠᠨ ᠨᠦᠬᠡ ᠶ᠋ᠢ᠂ ᠪᠢ
ᠬᠠᠩᠭᠢᠨᠠᠲᠠᠯ᠎ᠠ ᠲᠠᠭᠤᠯᠠᠭᠰᠠᠭᠠᠠᠷ ᠲᠠᠪᠠᠵᠤ ᠭᠠᠷᠤᠨ᠎ᠠ
ᠲᠡᠭᠡᠭᠡᠳ
ᠮᠥᠷ ᠮᠢᠨᠢ ᠤᠨᠠᠬᠤ ᠦᠭᠡᠢ
ᠮᠥᠷᠦᠭᠡᠳᠦᠯ ᠮᠢᠨᠢ ᠴᠢᠰᠤᠲᠠᠬᠤ ᠦᠭᠡᠢ
ᠲᠡᠷᠡ ᠨᠦᠬᠡ
ᠮᠥᠬᠥᠯ ᠊ᠦᠨ ᠬᠠᠷ᠎ᠠ ᠪᠤᠯᠠᠰᠢ ᠪᠤᠯᠵᠤ
ᠮᠠᠯᠲᠠᠭᠰᠠᠨ ᠡᠵᠡᠨ ᠊ᠦ ᠪᠡᠨ ᠨᠡᠷ᠎ᠡ ᠶ᠋ᠢ ᠲᠠᠷᠤᠵᠤ ᠬᠡᠪᠲᠡᠨ᠎ᠡ ᠪᠢᠯᠡ
ᠠ ᠳ᠋ᠠ! ᠶᠡᠷᠦᠨᠢ
ᠠᠯᠠᠭ᠎ᠠ ᠪᠠᠨ ᠲᠡᠯᠭᠡᠵᠦ ᠢᠨᠢᠶᠡᠭᠰᠡᠨ
ᠠᠮᠢᠳᠤ ᠵᠢᠨ ᠶᠡᠬᠡ ᠵᠤᠯ ᠊ᠢ ᠬᠡᠨ ᠴᠦ᠍ ᠡᠵᠡᠷᠬᠡᠵᠦ ᠴᠢᠳᠠᠬᠤ ᠦᠭᠡᠢ ᠡ!
14
ᠮᠢᠨᠦ ᠶᠡᠬᠡ ᠵᠡᠪᠰᠡᠭ᠂ ᠲᠡᠷᠡ ᠪᠣᠯ
ᠮᠥᠰᠢᠶᠡᠵᠦ ᠮᠥᠩᠬᠡᠷᠡᠬᠦ ᠬᠠᠪᠤᠷ ᠊ᠤᠨ ᠴᠡᠴᠡᠭ ᠪᠢᠯᠡ
ᠥᠮᠥᠭ ᠲᠤᠨᠢ ᠪᠢ
ᠦᠨᠳᠦᠷ ᠠᠭᠤᠯᠠ ᠳᠦᠰᠢᠭᠰᠡᠨ ᠰᠢᠭ᠌ ᠰᠡᠳᠬᠢᠯ ᠲᠠᠶ᠋ᠢᠪᠤᠭᠤᠬᠠᠨ
ᠥᠷ ᠰᠦᠨᠢ ᠶ᠋ᠢᠨ ᠵᠠᠢ ᠬᠥᠪᠦᠷᠢᠲᠦᠨ᠂ ᠥᠩᠭᠡ ᠪᠣᠳᠣᠭ ᠵᠡᠭᠦᠳᠦᠯᠡᠵᠦ
ᠥᠪᠡᠷ ᠊ᠦᠨ ᠪᠡᠶ᠎ᠡ ᠪᠡᠨ ᠮᠢᠩᠭᠠᠨ ᠤᠳᠠᠭ᠎ᠠ ᠪᠤᠰᠤᠳ ᠊ᠤᠨ ᠲᠥᠯᠦᠭᠡ ᠢᠯᠠᠨ᠎ᠠ
ᠥᠪᠴᠢ ᠳᠡᠯᠡᠬᠡᠢ ᠶ᠋ᠢ ᠲᠦᠮᠡᠨ ᠤᠳᠠᠭ᠎ᠠ ᠪᠡᠶ᠎ᠡ ᠵᠢᠨ ᠬᠢᠨᠢ ᠲᠥᠯᠦᠭᠡ ᠢᠯᠠᠨ᠎ᠠ
ᠡᠴᠦᠰ ᠲᠡᠭᠡᠨ
ᠬᠤᠭᠤᠷᠤᠨᠳᠤ ᠪᠡᠨ ᠥᠨᠥᠰ ᠭᠡᠰᠡᠨ
ᠬᠣᠶᠠᠷᠬᠠᠨ ᠦᠰᠦᠭ ᠲᠡᠢ ᠲᠣᠮᠣ ᠲᠤᠭ ᠵᠢᠠᠷ
ᠬᠣᠷᠸ᠋᠎ᠠ ᠶ᠋ᠢ ᠪᠠᠭᠯᠠᠨ᠎ᠠ ᠡ
15
ᠪᠥᠮᠪᠥᠷᠴᠡᠭ ᠶ᠋ᠢᠡᠨ ᠲᠠᠭᠠᠵᠤ ᠪᠣᠲᠣᠯ ᠮᠢᠨᠢ
ᠪᠦᠬᠦᠯᠢ ᠵᠠᠭᠤ ᠳᠠᠯᠠᠨ ᠲᠦᠮᠡᠨ ᠨᠠᠰᠤ ᠲᠠᠢ ᠵᠠᠯᠠᠭᠤ ᠪᠠᠶ᠋ᠢᠨ᠎ᠠ ᠡ
ᠪᠥᠳᠥᠷᠢᠭᠰᠡᠨ ᠴᠢᠯᠠᠭᠤ ᠪᠠᠨ ᠥᠷᠥᠵᠦ ᠪᠡᠶ᠎ᠡ ᠮᠢᠨᠢ
ᠪᠦᠲᠦᠬᠦ ᠶ᠋ᠢᠨ ᠵᠠᠶᠠᠬ᠋᠎ᠠ ᠳᠡᠭᠡᠭᠰᠢ ᠡᠷᠭᠦᠭᠰᠡᠨ ᠬᠠᠷᠠᠴᠠ ᠲᠠᠢ ᠡᠷ᠎ᠡ ᠪᠠᠶ᠋ᠢᠨ᠎ᠠ ᠡ
ᠪᠦᠲᠦᠭᠡ ᠦᠭᠡᠢ ᠲᠡᠭᠷᠢ ᠶ᠋ᠢᠨ ᠶ᠋ᠢᠡᠨ
ᠪᠦᠲᠦᠨ ᠬᠠᠶᠠᠬ᠋ᠠ ᠲᠡᠮᠲᠡᠷᠢᠵᠤ
ᠪᠦᠷᠢᠲᠦᠭᠡ ᠦᠭᠡᠢ ᠤᠲᠤᠳ ᠦ᠋ᠨ ᠶ᠋ᠢᠠᠨ
ᠪᠦᠲᠡᠬᠢ ᠠᠨᠢᠰᠬ᠎ᠠ ᠰᠡᠬᠦᠵᠦ ᠂ ᠪᠢ
ᠪᠥᠮᠪᠥᠷᠴᠡᠭ ᠥᠯᠥᠭᠡᠶ᠋ᠢᠲᠡᠬᠦ ᠲᠤᠮᠤ ᠲᠤᠭ ᠦ᠋ᠨ ᠶ᠋ᠢᠠᠨ
ᠪᠥᠳᠥᠷᠢᠭᠰᠡᠨ ᠰᠢᠷᠬ᠎ᠠ ᠶ᠋ᠢ ᠳᠣᠯᠢᠶᠠᠵᠤ ᠠᠨᠠᠭᠠᠬᠤ
ᠰᠠᠨᠠᠬ᠋᠎ᠠ ᠠᠯᠤᠰ ᠪᠦᠰᠡᠭᠦᠢ ᠪᠠᠶ᠋ᠢᠨ᠎ᠠ
ᠵᠠᠶᠠᠬ᠋᠎ᠠ ᠲᠡᠭᠦᠰ ᠬᠦᠰᠡᠬᠦᠢ ᠪᠠᠶ᠋ᠢᠨ᠎ᠠ ᠡ
16
ᠠᠭᠠᠵᠢᠮᠬᠠᠨ ᠬᠣᠯᠠᠤᠠᠴᠤ ᠶᠠᠪᠤᠬ᠋᠎ᠠ
ᠠᠶᠠᠨ ᠪ ᠲᠡᠷᠡ ᠬᠣᠩᠬᠣᠨ ᠳᠠᠭᠤ
ᠠᠯᠢ ᠵᠦᠭ ᠲᠦ ᠬᠡᠶ᠋ᠢᠰᠪᠡ ᠪᠢᠯᠡ?
ᠴᠠᠭ ᠥᠲᠡᠯᠬᠦ ᠶᠤᠮ
ᠴᠢ ᠮᠢᠨᠢ ᠥᠲᠡᠯᠬᠦ ᠦᠭᠡᠢ ᠡ!
ᠪᠢ ᠪᠣᠯ ᠴᠢᠨᠦᠬᠢ ᠪᠡᠨ ᠰᠠᠨᠰᠠᠷ ᠲᠤ ᠰᠢᠲᠡᠭᠰᠡᠨ ᠴᠢᠯᠠᠭᠤ ᠶᠤᠮ ᠰᠢᠦ
ᠪᠢ ᠪᠣᠯ ᠴᠢᠨᠦᠬᠢ ᠪᠡᠨ ᠤᠬᠠᠬ᠋ᠠ ᠬᠦᠢᠴᠡᠭᠡ ᠦᠭᠡᠢ ᠨᠢᠰᠤᠩᠬᠠᠢ ᠰᠢᠷ᠎ᠠ ᠵᠢᠭᠠᠯ ᠴᠢᠨᠢ ᠶᠤᠮ ᠰᠢᠦ
ᠨᠠᠮᠠᠶ᠋ᠢ ᠮᠠᠷᠲᠠ ᠡ
ᠨᠠᠷᠠ ᠡᠷᠭᠢᠭᠰᠡᠨ ᠨᠢᠭᠡ ᠣᠲᠣ ᠪᠠᠨ ᠲᠠᠨᠢᠬᠤ ᠶ᠋ᠢᠨ ᠤᠴᠢᠷ
ᠨᠠᠮᠠᠶ᠋ᠢ ᠪᠠᠨ ᠮᠠᠷᠲᠠᠭᠠᠷᠠᠢ!
1986
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠲᠡᠭᠷᠢ ᠡᠵᠢ᠂ ᠪᠠᠭᠠᠲᠤᠷ᠂ ᠴᠣᠭᠵᠢᠷᠭᠠᠯ ᠂ ᠴᠣᠯᠮᠣᠨᠲᠤᠶᠠᠭ᠎ᠠ ᠂ ᠲᠤᠭᠴᠢ ᠰᠠᠷᠠᠨ᠎ᠠ
ᠬᠢᠨᠠᠭᠴᠢ ᠄ ᠳᠠᠪᠰᠢᠯᠲᠤ ᠂ ᠴᠣᠯᠮᠣᠨᠲᠤᠶᠠᠭ᠎ᠠ
2023 ᠂ 4 ᠂ 29 ᠪ ᠡᠲᠦᠷ
