ᠮᠠᠩᠨᠠᠢ ᠬᠠᠯᠵᠠᠨ ᠬᠤᠷᠠᠬ᠋ᠠ ᠮᠢᠨᠢ( ᠬᠡᠯᠡ ᠪᠢᠴᠢᠭ – ᠶᠢᠰᠦᠳᠦᠭᠡᠷ ᠳᠡᠪᠲᠡᠷ) Магнай халзан хурга минь( Хэл бичиг – Есдүгээр дэвтэр)
ᠮᠠᠩᠨᠠᠢ ᠬᠠᠯᠵᠠᠨ ᠬᠤᠷᠠᠬ᠋ᠠ ᠮᠢᠨᠢ
ᠮᠢᠨᠦ ᠲᠥᠷᠥᠭᠰᠡᠨ ᠨᠤᠲᠤᠭ ᠪᠣᠯ ᠡᠬᠡ ᠣᠷᠣᠨ ᠤ᠋ ᠤᠮᠠᠷᠠᠲᠤ ᠬᠢᠯᠢ ᠬᠢᠵᠠᠭᠠᠷ — ᠡᠩᠭᠡᠷ ᠭᠡᠳᠡᠭ ᠭᠠᠵᠠᠷ ᠪᠣᠢ᠃ ᠡᠩᠭᠡᠷ ᠭᠡᠵᠦ ᠶᠣᠰᠣᠲᠠᠢ ᠰᠠᠢᠬᠠᠨ ᠭᠠᠵᠠᠷ ᠰᠢᠦ! ᠠᠭᠤᠯᠠ ᠳᠠᠪᠠᠭ᠎ᠠ ᠦᠷᠭᠦᠯᠵᠢᠯᠡᠭᠡᠳ ᠭᠣᠣᠯ ᠮᠥᠷᠡᠨ ᠮᠤᠷᠤᠯᠵᠠᠨ ᠤᠷᠤᠰᠴᠤ᠂ ᠬᠥᠪᠡᠭᠡ ᠵᠠᠬ᠎ᠠ ᠨᠢ ᠬᠠᠷᠠᠭᠳᠠᠬᠤ ᠦᠭᠡᠢ ᠨᠣᠭᠣᠭᠠᠨ ᠲᠣᠷᠭᠠᠨ ᠪᠡᠯᠴᠢᠭᠡᠷ ᠨᠢ ᠬᠥᠬᠡ ᠲᠩᠷᠢ ᠶ᠋ᠢᠨ ᠬᠣᠷᠮᠣᠢ ᠲᠠᠢ ᠵᠠᠯᠭᠠᠯᠳᠤᠵᠤ᠂ ᠰᠦᠷᠦᠭ ᠰᠦᠷᠦᠭ ᠬᠣᠨᠢᠳ ᠰᠤᠪᠤᠳ ᠠᠰᠬᠠᠭᠰᠠᠨ ᠰᠢᠭ᠋ ᠬᠠᠷᠠᠭᠳᠠᠳᠠᠭ᠃ ᠭᠡᠲᠡᠯ᠎ᠡ ᠬᠥᠮᠦᠨ ᠬᠥᠮᠦᠨ ᠢᠶᠡᠨ ᠢᠳᠡᠳᠡᠭ ᠬᠠᠷᠠᠩᠭᠤᠢ ᠨᠡᠢᠭᠡᠮ ᠳ᠋ᠦ᠍ ᠡᠨᠡ ᠬᠦ᠌ ᠲᠠᠩᠰᠤᠭ ᠰᠠᠢᠬᠠᠨ ᠨᠤᠲᠤᠭ ᠤ᠋ᠨ ᠮᠢᠨᠢ ᠡᠪᠡᠰᠦ ᠮᠣᠳᠣᠨ ᠳ᠋ᠤ᠌ ᠬᠦᠷᠲᠡᠯ᠎ᠡ ᠮᠠᠯᠴᠢᠨ ᠠᠷᠠᠳ ᠡᠲᠯᠡᠬᠦ ᠡᠷᠬᠡ ᠦᠭᠡᠢ᠂ ᠥᠪᠡᠷ ᠦ᠋ᠨ ᠬᠥᠳᠡᠯᠮᠦᠷᠢ ᠪᠡᠷ ᠢᠶᠡᠨ ᠥᠰᠬᠡᠵᠦ ᠦᠷᠡᠵᠢᠭᠦᠯᠦᠭᠰᠡᠨ ᠲᠠᠪᠤᠨ ᠬᠣᠰᠢᠭᠤ ᠮᠠᠯ ᠤ᠋ᠨ ᠠᠯᠢᠨ ᠨᠢ ᠴᠦ᠍ ᠭᠡᠰᠡᠨ ᠦᠭᠡᠭᠦᠦ ᠶᠠᠳᠠᠭᠤ ᠬᠥᠮᠦᠨ ᠦ᠌ ᠭᠠᠷ ᠲᠤ᠌ ᠪᠠᠢᠭᠰᠠᠨ ᠦᠭᠡᠢ᠂ ᠬᠠᠷᠢᠨ ᠬᠥᠮᠦᠨ ᠦ᠌ ᠴᠢᠰᠤ ᠪᠠᠷ ᠠᠮᠢᠳᠤᠷᠠᠳᠠᠭ ᠲᠡᠳᠡᠭᠡᠷ ᠪᠠᠶᠠᠳ ᠨᠣᠶᠠᠳ ᠲᠤ᠌ ᠡᠵᠡᠮᠰᠢᠭᠳᠡᠵᠦ ᠪᠠᠢᠭᠰᠠᠨ ᠰᠢᠦ᠃
ᠮᠢᠨᠦ ᠠᠪᠤ ᠠᠯᠳᠠᠷᠲᠤ ᠪᠣᠯ ᠮᠢᠩᠭᠠᠨ ᠬᠣᠨᠢ ᠶ᠋ᠢ ᠵᠢᠰᠦᠯᠡᠵᠦ ᠴᠢᠳᠠᠳᠠᠭ ᠰᠠᠢᠨ ᠬᠣᠨᠢᠴᠢᠨ ᠪᠠᠢᠯ᠎ᠠ᠃ ᠡᠵᠢ ᠰᠠᠷᠠᠨ ᠪᠣᠯ ᠡᠷᠪᠡᠬᠡᠢ ᠶ᠋ᠢ ᠳᠡᠷᠪᠡᠯᠵᠡᠲᠡᠯᠡ ᠣᠶᠣᠳᠠᠭ ᠤᠷᠠᠨ ᠬᠥᠮᠦᠨ ᠶᠦᠮ᠃ ᠭᠡᠲᠡᠯ᠎ᠡ ᠮᠠᠨᠠᠢᠬᠢ ᠪᠣᠯ ᠲᠣᠭᠠᠯᠠᠬᠤ ᠠ᠋ᠴᠠ ᠲᠣᠯᠣᠭᠠᠢ ᠲᠠᠢ ᠮᠠᠯ ᠦᠭᠡᠢ᠂ ᠲᠣᠭᠣᠭᠠᠨ ᠳ᠋ᠤ᠌ ᠬᠢᠬᠦ ᠡᠴᠡ ᠠᠳᠬᠤ ᠪᠤᠳᠠᠭ᠎ᠠ ᠦᠭᠡᠢ ᠶᠠᠳᠠᠭᠤ ᠠᠢᠯ ᠶᠤᠮᠰᠠᠨ᠃ ᠬᠠᠭᠤᠴᠢᠨ ᠨᠡᠢᠭᠡᠮ ᠳ᠋ᠦ᠍ ᠥᠷᠯᠥᠭᠡ ᠢᠳᠡᠪᠡᠯ ᠦᠳᠡᠰᠢ ᠦᠭᠡᠢ᠂ ᠥᠮᠥᠳᠥ ᠬᠢᠪᠡᠯ ᠬᠠᠨᠲᠠᠭᠠᠵᠠ ᠦᠭᠡᠢ ᠡᠢᠮᠦ ᠠᠢᠯ ᠲᠣᠭᠠᠯᠠᠰᠢ ᠦᠭᠡᠢ ᠣᠯᠠᠨ ᠪᠠᠢᠭᠰᠠᠨ ᠰᠢᠦ᠃
ᠪᠢ ᠨᠠᠢ᠍ᠮᠠᠨ ᠨᠠᠰᠤ ᠬᠦᠷᠦᠮᠡᠭᠴᠡ ᠣᠯᠠᠨ ᠶᠠᠭᠤᠮ᠎ᠠ ᠶ᠋ᠢ ᠰᠣᠨᠢᠷᠬᠠᠳᠠᠭ ᠪᠣᠯᠵᠠᠢ᠃ ᠨᠢᠭᠡ ᠤᠳᠠᠭ᠎ᠠ ᠪᠢ ᠠᠪᠤ ᠠ᠋ᠴᠠ ᠪᠠᠨ᠄ 《ᠠᠪᠤ ᠠ᠋᠂ ᠴᠢ ᠶᠠᠭᠤ ᠭᠡᠵᠦ ᠬᠥᠮᠦᠨ ᠦ᠌ ᠬᠣᠨᠢ ᠶ᠋ᠢ ᠬᠠᠷᠢᠭᠤᠯᠳᠠᠭ ᠶᠤᠮ ᠪᠣᠢ? ᠪᠢᠳᠡ ᠥᠪᠡᠰᠦᠪᠡᠨ ᠬᠣᠨᠢ ᠲᠡᠵᠢᠭᠡᠵᠦ ᠪᠣᠯᠬᠤ ᠦᠭᠡᠢ ᠦᠦ?》 ᠭᠡᠵᠦ ᠠᠰᠠᠭᠤᠭᠰᠠᠨ ᠳ᠋ᠤ᠌ ᠠᠪᠤ ᠮᠢᠨᠢ ᠠᠭᠤᠷᠯᠠᠭᠠᠳ᠄ 《ᠲᠥᠬᠥᠭᠡ ᠦᠭᠡᠢ ᠲᠡᠨᠡᠭ᠂ ᠪᠢᠲᠡᠭᠡᠢ ᠳᠤᠤᠭᠠᠷ᠃ ᠪᠢᠳᠡ ᠥᠪᠡᠰᠦᠪᠡᠨ ᠬᠣᠨᠢ ᠮᠠᠯ ᠲᠠᠢ ᠶᠤᠮ ᠪᠣᠯ ᠠᠪᠤᠷᠠᠯᠲᠤ ᠳ᠋ᠤ᠌ ᠵᠠᠷᠤᠭᠳᠠᠨᠠ ᠤᠤ?》 ᠭᠡᠵᠦ ᠵᠠᠩᠳᠤᠷᠪᠠ᠃ ᠲᠡᠭᠡᠬᠦᠯᠡᠷ ᠪᠢ ᠡᠵᠢ ᠶᠢᠨ ᠢᠶᠡᠨ ᠵᠦᠭ᠄ 《ᠡᠵᠢ ᠠ᠋᠂ ᠬᠦᠷᠡᠯ ᠦ᠋ᠨ ᠡᠬᠡ ᠶᠠᠭᠠᠬᠢᠭᠠᠳ ᠥᠪᠡᠰᠦᠪᠡᠨ ᠦᠨᠢᠶ᠎ᠡ ᠪᠡᠨ ᠰᠠᠭᠠᠳᠠᠭ ᠦᠭᠡᠢ ᠬᠠᠷᠢᠨ ᠴᠢᠮ᠎ᠠ ᠪᠠᠷ ᠰᠠᠭᠠᠯᠭᠠᠳᠠᠭ ᠪᠣᠢ?》 ᠭᠡᠵᠦ ᠠᠰᠠᠭᠤᠬᠤ ᠳ᠋ᠤ᠌ ᠡᠵᠢ ᠮᠢᠨᠢ 《ᠠᠢ!》 ᠭᠡᠵᠦ ᠤᠷᠲᠤ ᠰᠡᠭᠦᠷᠡᠰᠦ ᠠᠯᠳᠠᠭᠠᠳ᠄ 《ᠲᠡᠷᠡ ᠪᠣᠯ ᠨᠣᠶᠠᠨ ᠬᠥᠮᠦᠨ᠂ ᠬᠥᠮᠦᠨ ᠦ᠌ ᠬᠦᠵᠦᠭᠦᠨ ᠳᠡᠭᠡᠷ᠎ᠡ ᠵᠠᠢᠳᠠᠯᠠᠳᠠᠭ ᠤᠯᠤᠰ ᠶᠤᠮ᠃ ᠬᠡᠴᠢᠨᠡᠨ ᠬᠥᠮᠦᠨ ᠲᠡᠳᠡᠨ ᠦ᠌ ᠦᠨᠢᠶ᠎ᠡ ᠶ᠋ᠢ ᠰᠠᠭᠠᠵᠤ᠂ ᠦᠢᠯᠡ ᠪᠡᠨ ᠦᠵᠡᠵᠦ ᠪᠠᠢᠬᠤ ᠶ᠋ᠢ ᠮᠡᠳᠡᠬᠦ ᠦᠭᠡᠢ ᠶᠦᠮ》 ᠭᠡᠵᠦ ᠬᠠᠷᠢᠭᠤᠯᠳᠠᠭ ᠪᠠᠢᠪᠠ᠃
ᠨᠢᠭᠡ ᠥᠷᠯᠥᠭᠡ ᠪᠢ ᠨᠣᠶᠠᠨ ᠤ᠋ ᠬᠣᠨᠢ ᠶ᠋ᠢ ᠪᠡᠯᠴᠢᠭᠡᠷᠯᠡᠭᠦᠯᠦᠨ᠎ᠡ ᠭᠡᠳ ᠬᠠᠰᠢᠶᠠᠨ ᠳ᠋ᠤᠨᠢ ᠣᠷᠣᠬᠤ ᠳ᠋ᠤ᠌ ᠬᠣᠭ ᠳᠣᠲᠣᠷ᠎ᠠ ᠨᠢᠭᠡ ᠬᠤᠷᠠᠭ᠎ᠠ ᠬᠠᠭᠠᠰ ᠪᠤᠯᠠᠭᠳᠠᠴᠢᠬᠠᠭᠠᠳ ᠨᠠᠷᠢᠨ ᠠᠮᠢᠰᠬᠤᠯ ᠲᠠᠢ ᠬᠡᠪᠲᠡᠵᠦ ᠪᠠᠢᠪᠠ᠃ ᠭᠦᠶᠦᠵᠦ ᠣᠴᠢᠭᠠᠳ ᠪᠤᠰᠬᠠᠬᠤᠯᠠᠷ ᠲᠡᠷᠡ ᠬᠤᠷᠠᠭ᠎ᠠ ᠮᠠᠭᠤᠵᠢᠷᠠᠲᠠᠯᠠ ᠭᠢᠰᠬᠢᠭᠳᠡᠭᠡᠳ ᠲᠣᠯᠣᠭᠠᠢ ᠪᠠᠨ ᠡᠷᠭᠦᠵᠦ ᠳᠡᠢᠯᠬᠦ ᠦᠭᠡᠢ ᠪᠣᠯᠵᠠᠢ᠃ ᠪᠢ ᠲᠡᠷᠡ ᠬᠤᠷᠠᠭ᠎ᠠ ᠶ᠋ᠢ ᠬᠥᠭᠡᠷᠦᠬᠦᠢᠯᠡᠵᠦ ᠲᠡᠪᠡᠷᠢᠵᠦ ᠠᠪᠤᠭᠠᠳ ᠨᠣᠶᠠᠨ ᠤ᠋ ᠬᠣᠨᠢᠴᠢᠨ ᠳ᠋ᠤ᠌ ᠬᠦᠷᠭᠡᠵᠦ ᠥᠭᠬᠦ ᠪᠡᠷ ᠬᠠᠰᠢᠶ᠎ᠠ ᠠ᠋ᠴᠠ ᠭᠠᠷᠲᠠᠯ᠎ᠠ᠂ ᠠᠪᠤᠷᠠᠯᠲᠤ ᠨᠣᠶᠠᠨ ᠰᠠᠶᠢ ᠪᠣᠰᠤᠭᠰᠠᠨ ᠪᠣᠯᠤᠯᠲᠠᠢ᠂ ᠨᠢᠳᠦ ᠪᠡᠨ ᠨᠤᠬᠤᠯᠤᠭᠰᠠᠭᠠᠷ ᠭᠠᠷᠴᠤ ᠢᠷᠡᠪᠡ᠃ ᠲᠡᠷᠡ᠂ ᠬᠤᠷᠠᠭ᠎ᠠ ᠲᠡᠪᠡᠷᠢᠭᠡᠳ ᠬᠦᠷᠢᠶ᠎ᠡ ᠥᠭᠡᠳᠡ ᠨᠢ ᠭᠦᠶᠦᠵᠦ ᠶᠠᠪᠤᠬᠤ ᠶ᠋ᠢ ᠮᠢᠨᠢ ᠦᠵᠡᠮᠡᠭᠴᠡ᠄ 《ᠶᠠᠮᠠᠷ ᠤᠷᠰᠢᠭ᠋ ᠲᠠᠢ ᠠᠮᠢᠲᠠᠨ ᠪᠣᠢ᠂ ᠦᠬᠦᠭᠰᠡᠨ ᠬᠤᠷᠠᠭ᠎ᠠ ᠶ᠋ᠢ ᠭᠡᠷ ᠥᠭᠡᠳᠡ ᠲᠡᠪᠡᠷᠢᠵᠦ ᠭᠦᠶᠦᠬᠦ ᠴᠢᠨᠢ!》 ᠭᠡᠵᠦ ᠵᠠᠩᠳᠤᠷᠪᠠ᠃ ᠪᠢ ᠡᠰᠡᠷᠭᠦ ᠨᠢ᠄ 《ᠬᠠᠰᠢᠶᠠᠨ ᠳᠣᠲᠣᠷ᠎ᠠ ᠬᠣᠭ ᠲᠤ᠌ ᠪᠤᠯᠠᠭᠳᠠᠴᠢᠬᠠᠭᠠᠳ ᠪᠠᠢᠵᠠᠢ᠂ ᠦᠬᠦᠭᠡᠳᠦᠢ ᠰᠢᠦ》 ᠭᠡᠬᠦ ᠳ᠋ᠦ᠍ ᠠᠪᠤᠷᠠᠯᠲᠤ ᠢᠷᠡᠵᠦ ᠦᠵᠡᠭᠡᠳ᠂ ᠮᠠᠯ ᠪᠣᠯᠬᠤ ᠠ᠋ᠴᠠ ᠥᠩᠭᠡᠷᠡᠭᠰᠡᠨ ᠶᠠᠭᠤᠮ᠎ᠠ ᠭᠡᠵᠦ ᠪᠣᠳᠣᠭᠰᠠᠨ ᠪᠣᠯᠤᠯᠲᠠᠢ᠂ 《ᠬᠥᠳᠡᠭᠡ ᠣᠷᠭᠢ᠂ ᠦᠭᠡᠢ ᠪᠣᠯ ᠨᠣᠬᠠᠢ ᠳ᠋ᠤ᠌ ᠥᠭ》 ᠭᠡᠵᠦ ᠬᠡᠯᠡᠭᠡᠳ ᠭᠡᠷ ᠲᠡᠭᠡᠨ ᠣᠷᠣᠪᠠ᠃
ᠠᠮᠢᠳᠤ ᠬᠤᠷᠠᠭ᠎ᠠ ᠪᠠᠷ ᠨᠣᠬᠠᠢ ᠲᠡᠵᠢᠭᠡᠵᠦ ᠬᠡᠷᠬᠢᠨ ᠴᠢᠳᠠᠬᠤ ᠠᠵᠢ᠃ ᠲᠡᠷᠡ ᠬᠤᠷᠠᠭ᠎ᠠ ᠶ᠋ᠢ ᠪᠢ ᠭᠡᠷ ᠲᠡᠭᠡᠨ ᠲᠡᠪᠡᠷᠢᠵᠦ ᠠᠪᠠᠴᠢᠭᠠᠳ᠂ ᠡᠵᠢ ᠳ᠋ᠡᠭᠡᠨ ᠤᠴᠢᠷ ᠢ᠋ ᠨᠢ ᠬᠡᠯᠡᠪᠡ᠃ ᠡᠵᠢ ᠮᠢᠨᠢ ᠮᠠᠭᠤ ᠬᠦᠷᠮ᠎ᠡ ᠪᠡᠷ ᠢᠶᠡᠨ ᠬᠤᠷᠠᠭ᠎ᠠ ᠶ᠋ᠢ ᠬᠤᠴᠢᠯᠠ᠃ ᠪᠢ ᠳᠡᠪᠢᠰᠴᠦ ᠤᠨᠲᠠᠳᠠᠭ ᠠᠯᠠᠭ᠎ᠠ ᠶ᠋ᠢᠨ ᠴᠢᠨᠡᠭᠡ ᠰᠢᠷᠲᠡᠭ ᠢᠶᠡᠨ ᠬᠤᠷᠠᠭ᠎ᠠ ᠳ᠋ᠠᠭᠠᠨ ᠳᠡᠪᠢᠰᠴᠦ ᠥᠭᠭᠦᠭᠡᠳ ᠲᠤᠯᠭ᠎ᠠ ᠶ᠋ᠢᠨ ᠬᠠᠵᠠᠭᠤ ᠳ᠋ᠤ᠌ ᠬᠡᠪᠲᠡᠭᠦᠯᠪᠡ᠃ ᠪᠢᠳᠡ ᠬᠣᠨᠢ ᠢᠮᠠᠭᠠᠨ ᠳ᠋ᠤ᠌ ᠬᠠᠢᠷᠠᠲᠠᠢ ᠪᠣᠯᠪᠠᠴᠤ ᠬᠣᠪᠢᠨ ᠳ᠋ᠠᠭᠠᠨ ᠨᠢᠭᠡ ᠮᠠᠯ ᠴᠦ᠍ ᠦᠭᠡᠢ ᠲᠤᠯᠠ ᠲᠡᠷᠡ ᠬᠤᠷᠠᠭ᠎ᠠ ᠮᠠᠨ ᠳ᠋ᠤ᠌ ᠲᠤᠢᠯ ᠤ᠋ᠨ ᠬᠠᠢᠷᠠᠲᠠᠢ ᠰᠠᠨᠠᠭᠳᠠᠪᠠ᠃ ᠡᠵᠢ ᠮᠢᠨᠢ ᠬᠤᠷᠠᠭ᠎ᠠ ᠶᠢᠨ ᠢᠶᠡᠨ ᠵᠢᠰᠦ ᠪᠡᠷ ᠨᠢ 《ᠮᠠᠩᠨᠠᠢ ᠬᠠᠯᠵᠠᠨ》 ᠭᠡᠳᠡᠭ ᠨᠡᠷ᠎ᠡ ᠥᠭᠪᠡ᠃
ᠮᠠᠩᠨᠠᠢ ᠬᠠᠯᠵᠠᠨ ᠳ᠋ᠠᠭᠠᠨ ᠪᠢ ᠲᠣᠩ ᠬᠠᠢᠷᠠᠲᠠᠢ ᠶᠤᠮ᠂ ᠴᠠᠢ ᠨᠡᠢᠯᠡᠭᠦᠯᠬᠦ ᠭᠡᠵᠦ ᠠᠢᠯ ᠠ᠋ᠴᠠ ᠭᠤᠶᠤᠵᠤ ᠢᠷᠡᠭᠰᠡᠨ ᠰᠦ᠍ ᠪᠡᠨ ᠬᠠᠯᠠᠭᠤᠯᠵᠤ ᠠᠮᠠ ᠪᠠᠷ ᠢ᠋ᠶ᠋ᠠᠨ ᠤᠭᠵᠢᠵᠤ ᠪᠠᠢᠭᠰᠠᠨ᠃ ᠪᠠᠰᠠ ᠦᠯᠡᠳᠡᠭᠡᠵᠦ ᠪᠠᠢᠭᠰᠠᠨ ᠬᠡᠳᠦᠨ ᠠᠳᠬᠤ ᠲᠦᠭᠦᠬᠡᠢ ᠠᠮᠤ ᠶᠢᠨ ᠢᠶᠡᠨ ᠬᠠᠭᠠᠰ ᠢ᠋ ᠨᠦᠳᠦᠭᠡᠳ ᠰᠥᠮᠥᠰᠦ ᠭᠠᠷᠭᠠᠵᠤ ᠤᠤᠭᠤᠯᠭᠠᠵᠤ ᠴᠤ᠌ ᠪᠠᠢᠭᠰᠠᠨ᠃ ᠬᠠᠶᠠ ᠬᠠᠪᠤᠳᠠᠷ ᠳᠡᠭᠡᠷ᠎ᠡ ᠨᠢ ᠪᠡᠬᠡ ᠣᠯᠵᠤ ᠲᠦᠷᠬᠢᠵᠦ ᠴᠦ᠍ ᠥᠭᠴᠦ ᠪᠠᠢᠭᠰᠠᠨ᠃ ᠬᠠᠶᠠ 《ᠮᠠᠩᠨᠠᠢ ᠬᠠᠯᠵᠠᠨ》 ᠭᠡᠳ ᠵᠡᠭᠦᠳᠦ ᠪᠡᠷ ᠢ᠋ᠶ᠋ᠡᠨ ᠪᠣᠰᠳᠠᠭ ᠭᠡᠵᠦ ᠡᠵᠢ ᠮᠢᠨᠢ ᠬᠡᠯᠡᠭᠡᠳ ᠢᠨᠢᠶᠡᠳᠡᠭ ᠶᠦᠮ᠃ ᠢᠩᠭᠢᠵᠦ ᠢᠩᠭᠢᠭᠰᠡᠭᠡᠷ ᠲᠠᠪᠤ ᠬᠣᠨᠣᠭ ᠤ᠋ᠨ ᠳᠠᠷᠠᠭ᠎ᠠ ᠮᠠᠩᠨᠠᠢ ᠬᠠᠯᠵᠠᠨ ᠮᠢᠨᠢ ᠪᠣᠰᠴᠤ ᠵᠣᠭᠰᠣᠯ᠎ᠠ ᠰᠢᠦ᠃ ᠪᠢ ᠦᠵᠡᠭᠡᠳ ᠬᠥᠯ ᠮᠢᠨᠢ ᠭᠠᠵᠠᠷ ᠬᠦᠷᠬᠦ ᠦᠭᠡᠢ ᠪᠠᠶᠠᠷᠯᠠᠵᠤ 《ᠬᠥᠭᠡᠷᠦᠬᠦᠢ ᠮᠠᠩᠨᠠᠢ ᠬᠠᠯᠵᠠᠨ ᠮᠢᠨᠢ ᠪᠣᠰᠴᠢᠬᠠᠯᠠ》 ᠭᠡᠵᠦ ᠬᠠᠴᠠᠷ ᠢ᠋ ᠨᠢ ᠦᠨᠦᠰᠴᠡᠢ᠃ ᠡᠵᠢ ᠮᠢᠨᠢ ᠪᠠᠰᠠ ᠪᠠᠶᠠᠷᠯᠠᠭᠠᠳ 《ᠮᠠᠩᠨᠠᠢ ᠬᠠᠯᠵᠠᠨ ᠴᠢᠨᠢ ᠮᠢᠩᠭᠠᠨ ᠬᠣᠨᠢᠨ ᠤ᠋ ᠲᠦᠷᠦᠭᠦᠦ ᠪᠣᠯᠤᠭ ᠳᠠ》 ᠭᠡᠵᠦ ᠢᠷᠦᠭᠡᠪᠡ᠃ ᠲᠡᠭᠡᠭᠡᠳ ᠪᠢ 《ᠮᠢᠩᠭ᠎ᠠ ᠶ᠋ᠢᠨ ᠲᠦᠷᠦᠭᠦᠦ ᠮᠠᠩᠨᠠᠢ ᠬᠠᠯᠵᠠᠨ ᠮᠢᠨᠢ᠂ ᠲᠦᠮᠡᠨ ᠦ᠌ ᠲᠦᠷᠦᠭᠦᠦ ᠲᠦᠨᠲᠦᠭᠦᠷ ᠬᠠᠯᠵᠠᠨ ᠮᠢᠨᠢ》 ᠭᠡᠵᠦ ᠬᠣᠯᠪᠣᠵᠤ ᠬᠡᠯᠡᠳᠡᠭ ᠶᠦᠮ᠃
ᠲᠡᠭᠦᠨ ᠡᠴᠡ ᠬᠣᠢᠰᠢ ᠪᠢ ᠤᠤᠭᠤᠬᠤ ᠴᠠᠢ ᠠᠮᠲᠠᠲᠠᠢ ᠪᠣᠯ ᠮᠠᠩᠨᠠᠢ ᠬᠠᠯᠵᠠᠨ ᠤ᠋ ᠬᠤᠪᠢ ᠭᠡᠵᠦ ᠦᠯᠡᠳᠡᠭᠡᠳᠡᠭ᠂ ᠤᠨᠲᠠᠬᠤ ᠣᠷᠣ ᠳᠤᠯᠠᠭᠠᠬᠠᠨ ᠪᠣᠯ ᠮᠠᠩᠨᠠᠢ ᠬᠠᠯᠵᠠᠨ ᠤ᠋ ᠬᠡᠪᠲᠡᠰᠢ ᠭᠡᠵᠦ ᠲᠡᠭᠰᠢᠯᠡᠨ ᠥᠭᠴᠦ᠂ ᠶᠠᠭᠤᠨ ᠠ᠋ᠴᠠ ᠴᠤ᠌ ᠢᠯᠡᠭᠦᠦ ᠬᠠᠢᠷᠠᠯᠠᠬᠤ ᠪᠣᠯᠵᠠᠢ᠃ ᠮᠠᠩᠨᠠᠢ ᠬᠠᠯᠵᠠᠨ ᠴᠤ᠌ ᠨᠠᠳᠠ ᠲᠠᠢ ᠲᠤᠩ ᠢᠵᠢᠯᠢᠰᠪᠡ᠃ 《ᠮᠠᠩᠨᠠᠢ ᠬᠠᠯᠵᠠᠨ》 ᠭᠡᠵᠦ ᠳᠠᠭᠤᠳᠠᠬᠤ ᠳ᠋ᠤ᠌᠂ ᠲᠡᠷᠡ ᠨᠠᠮᠠᠶ᠋ᠢ ᠳᠠᠭᠠᠭᠠᠳ ᠢᠷᠡᠳᠡᠭ ᠶᠦᠮ᠃ ᠵᠠᠷᠢᠮ ᠳ᠋ᠠᠭᠠᠨ ᠪᠢ ᠡᠵᠢ ᠶᠢᠨ ᠢᠶᠡᠨ ᠠᠷᠤ ᠳ᠋ᠤ᠌ ᠨᠢᠭᠤᠴᠢᠬᠠᠭᠠᠳ 《ᠮᠠᠩᠨᠠᠢ ᠬᠠᠯᠵᠠᠨ》 ᠭᠡᠵᠦ ᠳᠠᠭᠤᠳᠠᠬᠤ ᠳ᠋ᠤ᠌᠂ ᠲᠡᠷᠡ ᠨᠠᠮᠠᠶ᠋ᠢ ᠡᠷᠢᠵᠦ ᠣᠯᠤᠭᠠᠳ ᠮᠤᠬᠤᠷ ᠲᠣᠯᠣᠭᠠᠢ ᠪᠠᠷ ᠢ᠋ᠶ᠋ᠠᠨ ᠨᠦᠳᠦᠳᠡᠭ ᠶᠦᠮ᠃ ᠡᠭᠦᠨ ᠢ᠋ ᠠᠪᠤ ᠮᠢᠨᠢ ᠦᠵᠡᠭᠡᠳ᠄ 《ᠰᠠᠢᠨ ᠬᠦᠦ ᠪᠠᠢᠨ᠎ᠠ᠂ ᠮᠠᠯᠴᠢᠨ ᠬᠥᠮᠦᠨ ᠭᠡᠳᠡᠭ ᠴᠢᠨᠢ ᠮᠠᠯ ᠳ᠋ᠠᠭᠠᠨ ᠡᠢᠮᠦ ᠯᠡ ᠬᠠᠢᠷᠠᠲᠠᠢ ᠪᠠᠢᠬᠤ ᠶᠣᠰᠣᠲᠠᠢ》 ᠭᠡᠵᠦ ᠰᠤᠷᠭᠠᠵᠠᠢ᠃
ᠢᠩᠭᠢᠵᠦ ᠶᠠᠪᠤᠭᠰᠠᠭᠠᠷ ᠮᠠᠩᠨᠠᠢ ᠬᠠᠯᠵᠠᠨ ᠮᠢᠨᠢ ᠨᠣᠭᠣᠭᠠᠨ ᠳ᠋ᠤ᠌ ᠣᠷᠣᠪᠠ᠃ ᠨᠢᠭᠡ ᠡᠳᠦᠷ ᠪᠢ ᠲᠡᠭᠦᠨ ᠢ᠋ ᠳᠠᠭᠠᠭᠤᠯᠤᠭᠠᠳ ᠤᠷᠲᠤ ᠳᠡᠨᠵᠢ ᠳ᠋ᠦ᠍ ᠭᠠᠷᠤᠯ᠎ᠠ᠃ ᠭᠡᠲᠡᠯ᠎ᠡ ᠳᠡᠨᠵᠢ ᠶ᠋ᠢᠨ ᠡᠩᠭᠡᠷ ᠲᠦ᠍ ᠠᠪᠤᠷᠠᠯᠲᠤ ᠨᠣᠶᠠᠨ᠂ ᠬᠦᠦ ᠬᠦᠷᠡᠯ ᠲᠡᠢ ᠪᠡᠨ ᠵᠤᠭᠠᠴᠠᠵᠤ ᠪᠠᠢᠭᠰᠠᠨ ᠲᠣᠬᠢᠶᠠᠯᠳᠤᠵᠠᠢ᠃ ᠬᠦᠷᠡᠯ ᠪᠣᠯ ᠨᠠᠳᠠ ᠲᠠᠢ ᠴᠢᠴᠠᠤ ᠶᠤᠮ᠃ ᠮᠠᠩᠨᠠᠢ ᠬᠠᠯᠵᠠᠨ ᠭᠡᠵᠦ ᠬᠤᠷᠠᠭ᠎ᠠ ᠪᠠᠨ ᠳᠠᠭᠤᠳᠠᠵᠤ ᠪᠠᠢᠬᠤ ᠶ᠋ᠢ ᠮᠢᠨᠢ ᠦᠵᠡᠭᠡᠳ ᠬᠦᠷᠡᠯ ᠶᠡᠬᠡ ᠰᠣᠨᠢᠷᠬᠠᠵᠠᠢ᠃ ᠲᠡᠷᠡ ᠮᠢᠨᠦ ᠳᠡᠷᠭᠡᠳᠡ ᠬᠦᠷᠴᠦ ᠢᠷᠡᠭᠡᠳ᠄ 《ᠮᠠᠩᠨᠠᠢ ᠬᠠᠯᠵᠠᠨ ᠢᠷ᠎ᠡ》 ᠭᠡᠵᠦ ᠵᠠᠩᠲᠤᠨ ᠳᠠᠭᠤᠳᠠᠪᠠ᠃ ᠮᠠᠩᠨᠠᠢ ᠬᠠᠯᠵᠠᠨ ᠮᠢᠨᠢ ᠲᠡᠭᠦᠨ ᠦ᠌ ᠬᠡᠭᠵᠢᠭᠦᠨ ᠳᠠᠭᠤᠨ ᠠ᠋ᠴᠠ ᠰᠣᠴᠢᠭᠰᠠᠨ ᠰᠢᠭ᠋ ᠬᠠᠷᠠᠵᠤ ᠠᠪᠤᠭᠠᠳ ᠬᠦᠷᠡᠯ ᠦ᠋ᠨ ᠳᠡᠷᠭᠡᠳᠡ ᠣᠴᠢᠭᠰᠠᠨ ᠦᠭᠡᠢ ᠮᠥᠷᠲᠡᠭᠡᠨ ᠬᠠᠷᠢᠨ ᠮᠢᠨᠦ ᠵᠦᠭ ᠳᠤᠲᠠᠭᠠᠵᠤ ᠢᠷᠡᠪᠡ᠃ ᠬᠦᠷᠡᠯ ᠶᠡᠬᠡ ᠠᠭᠤᠷᠯᠠᠭᠠᠳ ᠨᠠᠮᠠᠶ᠋ᠢ᠄ 《ᠴᠢ ᠳᠠᠭᠤᠳᠠᠵᠤ ᠦᠵᠡ》 ᠭᠡᠪᠡ᠃ ᠪᠢ ᠳᠣᠲᠣᠷ᠎ᠠ ᠪᠠᠨ 《ᠠᠳᠤᠭᠤᠰᠤ ᠮᠠᠯ ᠪᠠᠰᠠ ᠠᠪᠤᠷᠠᠯᠲᠤ ᠲᠠ ᠡᠴᠢᠭᠡ ᠬᠦᠦ ᠬᠣᠶᠠᠭᠤᠯᠠ ᠠ᠋ᠴᠠ ᠵᠢᠭᠰᠢᠨ᠎ᠡ》 ᠭᠡᠵᠦ ᠪᠣᠳᠣᠭᠠᠳ᠂ ᠲᠡᠭᠦᠨ ᠳ᠋ᠦ᠍ ᠭᠠᠢᠬᠠᠭᠤᠯᠬᠤ ᠭᠡᠵᠦ ᠬᠡᠳᠦᠨ ᠠᠯᠬᠤᠮ ᠬᠣᠯᠠ ᠵᠠᠢᠲᠠᠢ ᠵᠣᠭᠰᠣᠵᠤ᠄ 《ᠮᠠᠩᠨᠠᠢ ᠬᠠᠯᠵᠠᠨ ᠮᠢᠨᠢ! ᠢᠷ᠎ᠡ!》 ᠭᠡᠵᠦ ᠳᠠᠭᠤᠳᠠᠭᠰᠠᠨ ᠳ᠋ᠤ᠌᠂ ᠬᠤᠷᠠᠭ᠎ᠠ ᠮᠢᠨᠢ ᠭᠦᠶᠦᠵᠦ ᠢᠷᠡᠭᠡᠳ ᠨᠠᠳᠠ ᠲᠠᠢ ᠠᠪᠤᠯᠴᠠᠪᠠ᠃ ᠬᠦᠷᠡᠯ ᠦᠵᠡᠭᠡᠳ ᠶᠡᠬᠡ ᠠᠲᠠᠭᠠᠷᠬᠠᠭᠰᠠᠨ ᠪᠣᠯᠤᠯᠲᠠᠢ᠂ 《ᠮᠠᠩᠨᠠᠢ ᠬᠠᠯᠵᠠᠨ ᠠ᠋᠂ ᠢᠷ᠎ᠡ!》 《ᠮᠠᠩᠨᠠᠢ ᠬᠠᠯᠵᠠᠨ ᠠ᠋᠂ ᠢᠷ᠎ᠡ!》 ᠭᠡᠵᠦ ᠳᠠᠭᠤᠳᠠᠪᠠ᠃ ᠮᠠᠩᠨᠠᠢ ᠬᠠᠯᠵᠠᠨ ᠪᠠᠰᠠ ᠣᠴᠢᠭᠰᠠᠨ ᠦᠭᠡᠢ᠂ ᠲᠡᠭᠡᠭᠰᠡᠨ ᠴᠢᠨᠢ ᠥᠨᠥ ᠭᠠᠢᠬᠠᠯ ᠬᠦᠷᠡᠯ ᠦ᠋ᠨ ᠮᠠᠭᠤ ᠠᠪᠵᠠᠭ᠎ᠠ ᠨᠢ ᠬᠥᠳᠡᠯᠵᠦ᠂ ᠭᠦᠶᠦᠵᠦ ᠢᠷᠡᠭᠡᠳ ᠪᠠᠷᠢᠵᠤ ᠪᠠᠢᠭᠰᠠᠨ ᠲᠠᠰᠢᠭᠤᠷ ᠢ᠋ᠶ᠋ᠠᠷ ᠢ᠋ᠶ᠋ᠠᠨ ᠮᠠᠩᠨᠠᠢ ᠬᠠᠯᠵᠠᠨ ᠢ᠋ ᠮᠢᠨᠢ ᠬᠥᠷᠪᠡᠲᠡᠯ᠎ᠡ ᠭᠤᠶᠠᠳᠠᠪᠠ᠃
ᠮᠠᠩᠨᠠᠢ ᠬᠠᠯᠵᠠᠨ ᠢ᠋ ᠮᠢᠨᠢ ᠴᠣᠬᠢᠬᠤ ᠨᠢ ᠨᠠᠮᠠᠶ᠋ᠢ ᠴᠣᠬᠢᠬᠤ ᠲᠠᠢ ᠠᠳᠠᠯᠢ ᠶᠤᠮ᠃ ᠪᠢ ᠲᠤᠢᠯ ᠢ᠋ᠶ᠋ᠠᠷ ᠠᠭᠤᠷᠯᠠᠵᠤ ᠬᠦᠷᠡᠯ ᠢ᠋ ᠭᠠᠭᠴᠠᠬᠠᠨ ᠴᠣᠬᠢᠴᠢᠬᠠᠮᠠᠷ ᠰᠠᠨᠠᠭᠳᠠᠵᠤ᠂ ᠭᠦᠶᠦᠵᠦ ᠬᠦᠷᠦᠭᠡᠳ ᠲᠠᠰᠢᠭᠤᠷ ᠢ᠋ ᠨᠢ ᠪᠤᠯᠢᠶᠠᠬᠤ ᠭᠡᠲᠡᠯ᠎ᠡ᠂ ᠳᠡᠷᠭᠡᠳᠡ ᠨᠢ ᠪᠠᠢᠭᠰᠠᠨ ᠠᠪᠤᠷᠠᠯᠲᠤ ᠨᠣᠶᠠᠨ ᠨᠠᠮᠠᠶ᠋ᠢ ᠨᠢᠭᠡ ᠯᠡ ᠢᠰᠬᠦᠯᠵᠦ ᠮᠠᠨᠠᠷᠠᠭᠤᠯᠤᠭᠠᠳ ᠮᠠᠩᠨᠠᠢ ᠬᠠᠯᠵᠠᠨ ᠢ᠋ ᠮᠢᠨᠢ ᠰᠠᠪᠠᠵᠤ ᠠᠯᠠᠭᠠᠳ ᠶᠠᠪᠤᠴᠢᠬᠠᠵᠠᠢ᠃
ᠨᠢᠭᠡ ᠮᠡᠳᠡᠬᠦ ᠳ᠋ᠦ᠍ ᠪᠢ ᠡᠵᠢ ᠶᠢᠨ ᠢᠶᠡᠨ ᠡᠪᠦᠷ ᠳᠡᠭᠡᠷ᠎ᠡ ᠬᠡᠪᠲᠡᠵᠦ ᠪᠠᠢᠪᠠ᠃ ᠮᠠᠩᠨᠠᠢ ᠬᠠᠯᠵᠠᠨ ᠮᠢᠨᠢ ᠦᠬᠦᠴᠢᠬᠡᠭᠡᠳ ᠮᠢᠨᠦ ᠬᠠᠵᠠᠭᠤ ᠳ᠋ᠤ᠌ ᠬᠡᠪᠲᠡᠨ᠎ᠡ᠃ ᠡᠵᠢ ᠶ᠋ᠢᠨ ᠮᠢᠨᠢ ᠨᠢᠯᠪᠤᠰᠤ ᠰᠤᠪᠤᠳ ᠤ᠋ᠨ ᠬᠡᠯᠬᠢᠶ᠎ᠡ ᠲᠠᠰᠤᠷᠠᠭᠰᠠᠨ ᠰᠢᠭ᠋ ᠮᠢᠨᠦ ᠳᠡᠭᠡᠷ᠎ᠡ ᠳᠤᠰᠤᠯᠠᠵᠤ ᠪᠠᠢᠪᠠ᠃ ᠠᠪᠤ ᠬᠠᠵᠠᠭᠤ ᠳ᠋ᠤ᠌ ᠰᠠᠭᠤᠭᠠᠳ ᠰᠢᠯᠪᠢ ᠦᠭᠡᠢ ᠭᠠᠩᠰᠠ ᠪᠠᠨ ᠭᠤᠲᠤᠯ ᠤ᠋ᠨ ᠤᠯᠠ ᠳᠡᠭᠡᠷ᠎ᠡ ᠪᠡᠨ ᠲᠣᠭᠰᠢᠵᠤ᠄ 《ᠤᠬᠢᠯᠠᠭᠠᠳ ᠶᠠᠮᠠᠷ ᠬᠡᠷᠡᠭ ᠪᠠᠢᠬᠤ ᠪᠣᠢ? ᠮᠠᠩᠨᠠᠢ ᠬᠠᠯᠵᠠᠨ ᠢ᠋ ᠴᠢᠨᠢ ᠠᠯᠠᠬᠤ ᠪᠠᠢᠲᠤᠭᠠᠢ ᠮᠠᠨ ᠢ᠋ ᠪᠦᠷ ᠠᠯᠠᠴᠢᠬᠠᠪᠠᠴᠤ ᠬᠡᠨ ᠳ᠋ᠦ᠍ ᠣᠴᠢᠵᠤ ᠬᠡᠯᠡᠨ᠎ᠡ? ᠡᠨᠡ ᠶᠢᠷᠲᠢᠨᠴᠦ ᠳ᠋ᠦ᠍ ᠶᠠᠳᠠᠭᠤ ᠬᠥᠮᠦᠨ ᠠᠮᠢᠳᠤᠷᠠᠬᠤ ᠠᠷᠭ᠎ᠠ ᠦᠭᠡᠢ ᠪᠣᠯᠵᠠᠢ᠁ ᠬᠤᠯᠠᠭᠠᠢᠴᠤᠳ ᠪᠢᠲᠡᠭᠡᠢ ᠶᠠᠭᠠᠷᠠᠵᠤ ᠪᠠᠢ!》 ᠭᠡᠵᠦ ᠠᠪᠤᠷᠠᠯᠲᠤ ᠶ᠋ᠢ ᠵᠠᠨᠤᠨ ᠬᠠᠷᠢᠶᠠᠨ᠎ᠠ᠃
ᠮᠠᠩᠨᠠᠢ ᠬᠠᠯᠵᠠᠨ ᠤ᠋ ᠪᠠᠨ ᠦᠬᠦᠭᠰᠡᠨ ᠢ᠋ ᠦᠵᠡᠭᠡᠳ ᠪᠢ ᠳᠠᠬᠢᠨ ᠮᠠᠨᠠᠷᠠᠵᠠᠢ᠃
ᠢᠷᠡᠯᠲᠡ ᠄
ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ
ᠬᠡᠯᠡ ᠪᠢᠴᠢᠭ ᠶᠢᠰᠦᠳᠦᠭᠡᠷ ᠲᠡᠪᠳᠡᠷ ※
ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠷᠠᠭᠤᠯᠤᠨ ᠬᠡᠪᠯᠡᠭᠦᠯᠪᠡ
ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ
1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ
1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
ᠦᠰᠦᠭ ᠠᠮᠢᠯᠠᠭᠤᠯᠤᠭᠴᠢ᠄ ᠣᠶᠤᠨᠴᠡᠴᠡᠭ
ᠬᠢᠨᠠᠭᠴᠢ᠄ ᠠ · ᠰᠠᠷᠠᠨᠭᠭᠡᠷᠡᠯ ᠂ ᠣᠲᠣᠨᠬᠤᠸᠠᠷ
2023.3.10
