ᠴᠠᠭᠠᠨ ᠴᠦᠮᠡᠽᠢTsagaan tsömaziЦагаан цөмази
ᠠᠩᠭᠢᠯᠠᠯ:ᠡᠪᠡᠰᠦ ᠤᠷᠭᠤᠮᠠᠯӨвс ургамал 2025-09-04
162
ᠴᠠᠭᠠᠨ ᠴᠦᠮᠡᠽᠢ ᠲᠤᠰ ᠡᠮ ᠪᠣᠯ ᠬᠠᠷ᠎ᠠ ᠣᠷᠬᠣᠳᠠᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠤᠰᠤᠨ ᠴᠢᠨᠳᠠᠭᠠᠨ ᠰᠡᠭᠦᠯ ᠦ᠋ᠨ ᠬᠠᠲᠠᠭᠠᠭᠰᠠᠨ ᠪᠦᠬᠦᠯᠢ ᠡᠪᠡᠰᠦ ᠮᠥᠨ᠃ [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠨᠢᠭᠡ ᠨᠠᠰᠤ ᠲᠠᠢ ᠨᠢ ᠬᠣᠪᠣᠷ᠂ 10~80cm ᠥᠨᠳᠥᠷ᠃ ᠪᠦᠬᠦ ᠪᠡᠶ᠎ᠡ ᠳ᠋ᠦ᠍ᠨᠢ ᠦᠰᠦ ᠦᠭᠡᠢ᠃ ᠡᠰᠢ ᠨᠢ ᠰᠢᠯᠤᠭᠤᠨ᠂ ᠵᠢᠭᠠᠬᠠᠨ ᠮᠢᠬᠠᠯᠢᠭ᠂ ᠬᠥᠨᠳᠡᠢ᠂ ᠳᠡᠭᠡᠳᠦ ᠬᠡᠰᠡᠭ ᠲᠡᠭᠡᠨ ᠰᠠᠯᠠᠭ᠎ᠠ ᠲᠠᠢ᠃ ᠨᠠᠪᠴᠢ ᠨᠢ ᠴᠢᠭᠲᠠᠯᠠᠨ ᠤ...