ᠵᠦᠯᠭᠦᠷ ᠡᠪᠡᠰᠦZülger övsЗүлгэр өвс
ᠵᠦᠯᠭᠦᠷ ᠡᠪᠡᠰᠦ
ᠲᠤᠰ ᠡᠮ ᠪᠣᠯ ᠵᠦᠯᠭᠦᠷ ᠡᠪᠡᠰᠦᠨ ᠦ᠌ ᠢᠵᠠᠭᠤᠷ ᠤ᠋ᠨ ᠤᠷᠭᠤᠮᠠᠯ ᠪᠣᠯᠬᠤ ᠵᠦᠯᠭᠦᠷ ᠡᠪᠡᠰᠦ ᠶ᠋ᠢᠨ ᠬᠠᠲᠠᠭᠠᠭᠰᠠᠨ ᠬᠥᠷᠥᠰᠥᠨ ᠳᠡᠭᠡᠷᠡᠬᠢ ᠬᠡᠰᠡᠭ ᠮᠥᠨ᠃ ᠪᠠᠰᠠ ᠠᠷᠠ ᠭᠡᠳᠡᠭ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠦᠨᠳᠦᠰᠦᠯᠢᠭ ᠡᠰᠢ ᠨᠢ ᠲᠤᠷᠤᠭ᠂ ᠬᠠᠷ᠎ᠠ ᠬᠦᠷᠡᠩ ᠥᠩᠭᠡ ᠲᠡᠢ᠃ ᠬᠥᠷᠥᠰᠥᠨ ᠳᠡᠭᠡᠷᠡᠬᠢ ᠡᠰᠢ ᠨᠢ ᠰᠢᠯᠤᠭᠤᠨ᠂50~100cm ᠥᠨᠳᠥᠷ᠂ ᠭᠠᠭᠴᠠᠭᠠᠷ ᠤᠷᠭᠤᠬᠤ ᠪᠤᠶᠤ ᠵᠥᠪᠬᠡᠨ ᠤᠭ ᠤ᠋ᠨ ᠬᠡᠰᠡᠭ ᠲᠡᠭᠡᠨ ᠰᠠᠯᠠᠭᠠᠯᠠᠨ᠎ᠠ᠃ ᠬᠥᠨᠳᠡᠢ ᠭᠣᠣᠯ ᠲᠠᠢ᠂6~10mm ᠪᠦᠳᠦᠭᠦᠨ᠂20~30 ᠵᠤᠷᠪᠤᠰ ᠢᠷᠮᠡᠭ ᠲᠡᠢ᠃ ᠨᠢᠷᠤᠭᠤ ᠳᠡᠭᠡᠷ᠎ᠡ ᠨᠢ ᠦ ᠰᠢᠭ2 ᠮᠥᠷ ᠳᠣᠪᠣᠭᠣᠷ ᠲᠠᠢ᠂ ᠲᠡᠮᠲᠡᠷᠢᠪᠡᠯ ᠠᠷᠵᠠᠭᠠᠷ ᠰᠠᠨᠠᠭᠳᠠᠨ᠎ᠠ᠃ ᠬᠣᠪᠢᠯ ᠳ᠋ᠤᠨᠢ ᠬᠡᠢ ᠶ᠋ᠢᠨ ᠰᠦᠪᠡ ᠶ᠋ᠢᠨ ᠰᠣᠭᠣᠮ ᠲᠠᠢ᠃ ᠨᠠᠪᠴᠢ ᠨᠢ ᠳᠣᠷᠣᠢᠲᠠᠭᠠᠳ ᠲᠣᠭᠳᠣᠢ ᠬᠣᠭᠣᠯᠠᠢ ᠰᠢᠭ᠋ ᠡᠰᠢᠨ ᠦ᠌ ᠦᠶ᠎ᠡ ᠪᠡᠨ ᠪᠠᠭᠯᠠᠵᠤ ᠪᠠᠢᠳᠠᠭ᠃7~10mm ᠤᠷᠲᠤ᠂ ᠴᠠᠢᠪᠤᠷ ᠨᠣᠭᠣᠭᠠᠨ ᠥᠩᠭᠡ ᠲᠡᠢ᠂ ᠣᠷᠣᠢ ᠪᠠ ᠤᠭ ᠤ᠋ᠨ ᠬᠡᠰᠡᠭ ᠲᠤᠨᠢ ᠲᠤᠰ ᠪᠦᠷᠢ2 ᠬᠠᠷ᠎ᠠ ᠴᠠᠭᠠᠷᠢᠭ ᠲᠠᠢ᠂ ᠮᠤᠬᠤᠷ ᠣᠨᠢ ᠲᠠᠢ᠂ ᠲᠣᠭᠳᠣᠢ ᠢᠯᠲᠠᠰᠤ ᠶ᠋ᠢᠨ ᠠᠷᠤ ᠳ᠋ᠤᠨᠢ2 ᠢᠷᠮᠡᠭ ᠨᠢᠷᠤᠭᠤ ᠲᠠᠢ ᠪᠣᠯᠬᠣᠷ ᠭᠦᠢᠬᠡᠨ ᠬᠣᠪᠢᠯ ᠪᠦᠷᠢᠯᠳᠦᠳᠡᠭ᠃ ᠰᠫᠣᠷ ᠤ᠋ᠨ ᠤᠭᠤᠲᠠ ᠶ᠋ᠢᠨ ᠲᠦᠷᠦᠭᠦᠦ ᠨᠢ ᠡᠰᠢᠨ ᠦ᠌ ᠣᠷᠣᠢ ᠳ᠋ᠤ᠌ ᠤᠷᠭᠤᠨ᠎ᠠ᠃ ᠢᠬᠴᠤ᠂ ᠲᠡᠭᠰᠢ ᠲᠣᠭᠣᠷᠢᠭ ᠬᠡᠯᠪᠡᠷᠢ ᠲᠡᠢ᠂ ᠪᠠᠷᠢᠭᠤᠯ ᠦᠭᠡᠢ᠂7~15mm ᠤᠷᠲᠤ ᠮᠠᠰᠢ ᠣᠯᠠᠨ ᠳᠤᠭᠤᠢᠷᠠᠨ ᠪᠠᠢᠷᠢᠯᠠᠭᠰᠠᠨ ᠵᠢᠷᠭᠤᠭᠠᠯᠵᠢᠨ ᠪᠠᠮᠪᠠᠢ ᠰᠢᠭ᠋ ᠰᠫᠣᠷ ᠤ᠋ᠨ ᠨᠠᠪᠴᠢ ᠪᠠᠷ ᠪᠥᠷᠢᠯᠳᠥᠭᠰᠨ ᠪᠠᠢᠳᠠᠭ᠃ ᠰᠫᠣᠷ ᠤ᠋ᠨ ᠨᠠᠪᠴᠢᠨ ᠤ᠋ ᠬᠥᠪᠡᠭᠡ ᠶ᠋ᠢ ᠨᠢ ᠳᠠᠭᠠᠭᠠᠳ ᠬᠡᠳᠦᠨ ᠰᠫᠣᠷ ᠤ᠋ᠨ ᠤᠭᠤᠲᠠ ᠲᠠᠢ᠂ ᠰᠫᠣᠷ ᠨᠢ ᠪᠥᠮᠪᠦᠭᠡᠨ ᠬᠡᠯᠪᠡᠷᠢ ᠲᠡᠢ᠃
[ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠬᠠᠵᠠᠭᠤ ᠶ᠋ᠢᠨ ᠣᠢ ᠳᠣᠣᠷ᠎ᠠ᠂ ᠭᠣᠣᠯ ᠭᠣᠷᠣᠬ᠎ᠠ ᠶ᠋ᠢᠨ ᠬᠥᠪᠡᠭᠡ᠂ ᠭᠣᠣ ᠰᠤᠵᠠᠭ ᠪᠠ ᠬᠣᠯᠢᠮᠠᠭ ᠪᠡᠯᠴᠢᠭᠡᠷ ᠲᠦ᠍ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ᠂ ᠾᠧᠪᠧᠢ᠂ ᠱᠠᠨ ᠰᠢ᠂ ᠭᠠᠨᠰᠦ᠂ ᠰᠢᠨᠵᠢᠶᠠᠩ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠬᠥᠷᠥᠰᠥᠨ ᠳᠡᠭᠡᠷᠡᠬᠢ ᠬᠡᠰᠡᠭ ᠢ᠋ ᠨᠢ ᠬᠠᠳᠤᠵᠤ ᠠᠪᠤᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠥᠴᠦᠬᠡᠨ ᠭᠠᠰᠢᠭᠤᠨ ᠠᠮᠲᠠ ᠲᠠᠢ᠃ ᠲᠡᠭᠰᠢ ᠴᠢᠨᠠᠷ ᠲᠠᠢ᠃ ᠰᠢᠩᠭᠡᠨ᠂ ᠮᠣᠬᠣᠳᠠᠭ᠂ ᠬᠥᠩᠭᠡᠨ᠂ ᠡᠶᠡᠯᠳᠡᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠰᠢᠷᠬ᠎ᠠ ᠶ᠋ᠢ ᠠᠨᠠᠭᠠᠬᠤ᠂ ᠬᠠᠷᠠᠭ᠎ᠠ ᠶ᠋ᠢ ᠰᠠᠢᠵᠢᠷᠠᠭᠤᠯᠬᠤ᠂ ᠥᠭᠡᠷᠢ ᠰᠢᠷ᠎ᠠ ᠤᠰᠤ ᠶ᠋ᠢ ᠬᠠᠲᠠᠭᠠᠬᠤ ᠴᠢᠳᠠᠯ ᠲᠠᠢ᠃ ᠭᠣᠣᠯᠳᠠᠭᠤ ᠡᠷᠡᠬᠡᠭᠰᠡᠨ ᠰᠢᠷᠬ᠎ᠠ᠂ ᠶᠠᠰᠤ ᠪᠡᠷᠲᠡᠭᠰᠡᠨ᠂ ᠨᠢᠳᠦ ᠤᠯᠠᠢᠵᠤ ᠪᠦᠷᠦᠭᠡᠯᠵᠡᠬᠦ᠂ ᠬᠠᠭᠤᠷᠠᠢ ᠤᠯᠠᠩᠭᠢᠷ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄木贼
ᠠᠩᠭ᠌ᠯᠢ ᠨᠡᠷ᠎ᠡ᠄Equisetum hiemale L.
ᠦᠰᠦᠭ ᠠᠮᠢᠯᠠᠭᠤᠯᠤᠭᠴᠢ᠄ ᠲᠣᠣᠬᠣᠸᠠᠷ
ᠬᠢᠨᠠᠭᠴᠢ᠄ ᠣᠶᠤᠨᠴᠢᠮᠡᠭ
