ᠴᠠᠭᠠᠨ ᠭᠣᠶᠣᠣЦагаан гоёоTsagaan goyoo
ᠴᠠᠭᠠᠨ ᠭᠣᠶᠣᠣ
ᠲᠤᠰ ᠡᠮ ᠪᠣᠯ ᠲᠡᠮᠡᠭᠡᠨ ᠰᠡᠭᠦᠯ ᠦ᠋ᠨ ᠢᠵᠠᠭᠤᠷ ᠤ᠋ᠨ ᠤᠷᠭᠤᠮᠠᠯ ᠪᠣᠯᠬᠤ ᠴᠠᠭᠠᠨ ᠭᠣᠶᠣᠣ ᠶ᠋ᠢᠨ ᠮᠢᠬᠠᠯᠢᠭ ᠡᠰᠢ ᠮᠥᠨ᠃ ᠪᠠᠰᠠ ᠭᠣᠶᠤᠤᠬᠠᠢ᠂ ᠮᠠᠷᠵᠠ ᠶ᠋ᠢᠨ ᠠᠷᠭᠠᠮᠵᠢᠨ ᠴᠡᠴᠡᠭ ᠭᠡᠳᠡᠭ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠮᠥᠯᠵᠢᠭᠦᠷ ᠤᠷᠭᠤᠮᠠᠯ᠃ ᠡᠰᠢ ᠨᠢ ᠮᠢᠬᠠᠯᠢᠭ᠂ ᠵᠠᠷᠢᠮ ᠳ᠋ᠠᠭᠠᠨ ᠤᠭ ᠠ᠋ᠴᠠ ᠪᠠᠨ2~3 ᠡᠰᠢ ᠰᠠᠯᠳᠠᠭ᠂ ᠪᠥᠭᠡᠷᠡᠩᠬᠡᠢ ᠪᠠᠭᠠᠨ᠎ᠠ ᠬᠡᠯᠪᠡᠷᠢ ᠲᠡᠢ ᠪᠤᠶᠤ ᠳᠣᠣᠷ᠎ᠠ ᠬᠡᠰᠡᠭ ᠨᠢ ᠵᠢᠭᠠᠬᠠᠨ ᠬᠠᠪᠲᠠᠭᠠᠢ᠃ ᠮᠠᠰᠢ ᠣᠯᠠᠨ ᠬᠠᠢᠷᠰᠤ ᠰᠢᠭ᠋ ᠨᠠᠪᠴᠢ ᠲᠠᠢ᠂ ᠮᠢᠬᠠᠯᠢᠭ᠂ ᠰᠢᠷᠠᠩᠭᠤᠢ ᠴᠠᠭᠠᠨ ᠥᠩᠭᠡ ᠲᠡᠢ᠂ ᠱᠤᠷᠠᠭᠯᠠᠨ ᠪᠠᠢᠷᠢᠯᠠᠨ᠎ᠠ᠃ ᠳᠣᠣᠷ᠎ᠠ ᠬᠡᠰᠡᠭ ᠦ᠋ᠨ ᠨᠠᠪᠴᠢ ᠨᠢ ᠢᠬᠴᠤ ᠥᠷᠭᠡᠨ ᠥᠨᠳᠡᠭᠡᠯᠵᠢᠨ ᠪᠤᠶᠤ ᠭᠤᠷᠪᠠᠯᠵᠢᠨ ᠰᠢᠭ᠋ ᠥᠨᠳᠡᠭᠡᠯᠵᠢᠨ ᠬᠡᠯᠪᠡᠷᠢ ᠲᠡᠢ᠂ ᠳᠡᠭᠡᠷ᠎ᠡ ᠬᠡᠰᠡᠭ ᠲᠡᠬᠢ ᠨᠠᠪᠴᠢ ᠨᠢ ᠰᠡᠢᠷᠡᠭ᠂ ᠬᠠᠪᠲᠠᠭᠠᠢ ᠲᠡᠪᠡᠨᠡ ᠬᠡᠯᠪᠡᠷᠢ ᠲᠡᠢ ᠪᠤᠶᠤ ᠨᠠᠷᠢᠨ ᠬᠠᠪᠲᠠᠭᠠᠢ ᠲᠡᠪᠡᠨᠡ ᠬᠡᠯᠪᠡᠷᠢ ᠲᠡᠢ᠃ ᠲᠦᠷᠦᠭᠦᠦ ᠬᠡᠯᠪᠡᠷᠢᠲᠦ ᠪᠠᠭ ᠴᠡᠴᠡᠭ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠢᠬᠴᠤ ᠤᠷᠭᠤᠭᠰᠠᠨ ᠣᠯᠠᠨ ᠴᠡᠴᠡᠭ ᠳᠡᠯᠭᠡᠷᠡᠨ᠎ᠡ᠃ ᠪᠠᠭᠯᠠᠭᠴᠢ ᠨᠢ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂2.5~3cm ᠤᠷᠲᠤ᠃ ᠵᠢᠵᠢᠭ ᠪᠠᠭᠯᠠᠭᠴᠢ ᠨᠢ ᠴᠡᠴᠡᠭ ᠦ᠋ᠨ ᠲᠣᠭᠳᠣᠢ ᠠ᠋ᠴᠠ ᠪᠠᠨ ᠵᠢᠭᠠᠬᠠᠨ ᠤᠷᠲᠤ᠂ ᠴᠡᠴᠡᠭ ᠦ᠋ᠨ ᠲᠣᠭᠳᠣᠢ ᠨᠢ ᠬᠤᠩᠬ᠎ᠠ ᠬᠡᠯᠪᠡᠷᠢ ᠲᠡᠢ᠂5 ᠭᠦᠢᠬᠡᠨ ᠣᠨᠢ ᠲᠠᠢ᠂ ᠰᠡᠵᠢᠭᠦᠷ ᠢᠯᠲᠠᠰᠤ ᠨᠢ ᠲᠣᠭᠣᠷᠢᠭ ᠰᠢᠬᠠᠭᠤ᠃ ᠴᠡᠴᠡᠭ ᠦ᠋ᠨ ᠳᠡᠯᠪᠢ ᠶ᠋ᠢᠨ ᠬᠣᠭᠣᠯᠠᠢ ᠨᠢ ᠬᠤᠩᠬ᠎ᠠ ᠬᠡᠯᠪᠡᠷᠢ ᠲᠡᠢ᠂3~4cm ᠤᠷᠲᠤ᠂ ᠰᠢᠷᠠᠪᠲᠤᠷ ᠴᠠᠭᠠᠨ ᠪᠣᠯᠪᠠᠴᠤ ᠪᠣᠷᠣᠪᠲᠤᠷ ᠲᠤᠶᠠᠭ᠎ᠠ ᠲᠠᠢ᠂ ᠬᠠᠲᠠᠪᠠᠯ ᠤᠯᠠᠪᠢᠷ ᠬᠦᠷᠡᠩ ᠪᠣᠯᠳᠠᠭ᠃5 ᠰᠡᠵᠢᠭᠦᠷ ᠬᠡᠯᠲᠡᠰ ᠨᠢ ᠪᠠᠷᠤᠭ ᠲᠣᠭᠣᠷᠢᠭ᠂ ᠳᠣᠬᠢᠭᠤᠷ ᠤ᠋ᠨ ᠬᠢᠨᠢ ᠳᠣᠣᠷᠠᠲᠤ ᠬᠡᠰᠡᠭ ᠬᠢᠭᠡᠳ ᠲᠣᠭᠣᠰᠣᠪᠴᠢ ᠨᠢ ᠪᠤᠷᠵᠢᠭᠢᠷ ᠤᠷᠲᠤ ᠵᠥᠭᠡᠯᠡᠨ ᠦᠰᠦ ᠲᠡᠢ ᠪᠠ ᠲᠣᠭᠣᠰᠣᠪᠴᠢ ᠶ᠋ᠢᠨ ᠲᠠᠰᠤᠭ ᠨᠢ ᠬᠤᠷᠴᠠ ᠣᠬᠣᠷ ᠱᠣᠪᠣᠭᠣᠷ ᠦᠵᠦᠭᠦᠷ ᠲᠡᠢ᠃ ᠤᠮᠠᠢ ᠨᠢ ᠵᠤᠤᠪᠠᠩ ᠬᠡᠯᠪᠡᠷᠢ ᠲᠡᠢ᠂ ᠴᠠᠭᠠᠨ᠂ ᠤᠭ ᠲᠤᠨᠢ ᠰᠢᠷ᠎ᠠ ᠥᠩᠭᠡ ᠲᠡᠢ ᠪᠠᠯ ᠤ᠋ᠨ ᠪᠤᠯᠴᠢᠷᠬᠠᠢ ᠲᠠᠢ᠃ ᠬᠣᠩᠭᠣᠷᠴᠣᠭᠲᠤ ᠵᠢᠮᠢᠰ ᠨᠢ ᠥᠨᠳᠡᠭᠡᠯᠵᠢᠨ᠂ ᠬᠦᠷᠡᠩ᠃ ᠦᠷ᠎ᠡ ᠨᠢ ᠣᠯᠠᠨ᠂ ᠲᠣᠣᠷᠯᠢᠭ ᠰᠤᠳᠠᠯ ᠲᠠᠢ᠃5~6 ᠳ᠋ᠤᠭᠠᠷ ᠰᠠᠷ᠎ᠠ ᠳ᠋ᠤ᠌ ᠴᠡᠴᠡᠭᠯᠡᠵᠦ᠂6~7 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠴᠦᠯ ᠮᠠᠩᠬᠠᠨ ᠤ᠋ ᠨᠠᠭᠤᠷ ᠤ᠋ᠨ ᠬᠥᠪᠡᠭᠡ ᠪᠤᠶᠤ ᠡᠯᠡᠰᠦᠷᠬᠡᠭ ᠭᠠᠵᠠᠷ ᠤ᠋ᠨ ᠵᠠᠭ ᠮᠣᠳᠣᠨ ᠤ᠋ ᠦᠨᠳᠦᠰᠦ ᠳᠡᠭᠡᠷ᠎ᠡ ᠮᠥᠯᠵᠢᠨ ᠤᠷᠭᠤᠨ᠎ᠠ᠃ ᠥᠪᠥᠷ ᠮᠣᠩᠭᠣᠯ᠂ ᠭᠠᠨᠰᠦ᠂ ᠰᠢᠨᠵᠢᠶᠠᠩ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ]3~5 ᠳ᠋ᠤᠭᠠᠷ ᠰᠠᠷ᠎ᠠ ᠶ᠋ᠢᠨ ᠬᠣᠭᠣᠷᠣᠨᠳᠣ ᠮᠠᠯᠲᠠᠨ ᠠᠪᠴᠤ᠂ ᠡᠯᠡᠰᠦᠨ ᠳ᠋ᠦ᠍ ᠬᠠᠭᠠᠰ ᠪᠤᠯᠠᠵᠤ ᠨᠠᠷᠠᠨ ᠳ᠋ᠤ᠌ ᠬᠠᠲᠠᠭᠠᠨ᠎ᠠ᠃ ᠨᠠᠮᠤᠷ ᠠᠪᠤᠭᠰᠠᠨ ᠢ᠋ ᠨᠢ ᠳᠠᠪᠤᠰᠤᠨ ᠨᠠᠭᠤᠷᠲᠤ ᠬᠢᠵᠦ᠂1~3 ᠵᠢᠯ ᠲᠠᠯᠪᠢᠵᠤ ᠭᠠᠷᠭᠠᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠳᠠᠪᠤᠰᠤᠯᠢᠭ ᠠᠮᠲᠠ ᠲᠠᠢ᠂ ᠪᠦᠯᠢᠶᠡᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠰᠢᠷ᠎ᠠ ᠶ᠋ᠢ ᠳᠠᠷᠤᠬᠤ᠂ ᠢᠳᠡᠭᠡᠨ ᠢ᠋ ᠰᠢᠩᠭᠡᠭᠡᠬᠦ᠂ ᠲᠠᠮᠢᠷ ᠢ᠋ ᠰᠠᠢᠵᠢᠷᠠᠭᠤᠯᠬᠤ ᠴᠢᠳᠠᠯ ᠲᠠᠢ᠃ ᠭᠣᠣᠯᠳᠠᠭᠤ ᠰᠢᠷ᠎ᠠ ᠪᠠᠷ ᠲᠣᠯᠣᠭᠠᠢ ᠡᠪᠡᠳᠬᠦ᠂ ᠰᠢᠷ᠎ᠠ ᠬᠤᠰᠤᠬᠤ᠂ ᠬᠣᠳᠣᠭᠣᠳᠣ ᠴᠦᠩᠬᠦᠢᠵᠦ ᠡᠪᠡᠳᠬᠦ᠂ ᠪᠡᠶ᠎ᠡ ᠰᠢᠷᠠᠯᠠᠬᠤ᠂ ᠡᠷ᠎ᠡ ᠪᠡᠯᠭᠡ ᠰᠤᠯᠠᠷᠠᠬᠤ᠂ ᠬᠥᠯ ᠨᠢᠷᠤᠭᠤ ᠡᠪᠡᠳᠬᠦ᠂ ᠴᠠᠭᠠᠨ ᠴᠢᠭᠢᠭ ᠪᠠᠭᠤᠯᠭᠠᠬᠤ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄肉苁蓉
ᠠᠩᠭ᠌ᠯᠢ ᠨᠡᠷ᠎ᠡ᠄Cistanche deserticola Ma
ᠦᠰᠦᠭ ᠠᠮᠢᠯᠠᠭᠤᠯᠤᠭᠴᠢ᠄ ᠣᠶᠤᠨᠴᠢᠮᠡᠭ
