ᠵᠡᠭᠡᠷᠭᠡᠨ᠎ᠡ ᠭᠤᠷᠪᠠᠨ ᠵᠦᠢᠯ Зээргэнэ гураван зүйлZeergene guravan züil
ᠵᠡᠭᠡᠷᠭᠡᠨ᠎ᠡ ᠭᠤᠷᠪᠠᠨ ᠵᠦᠢᠯ
ᠲᠤᠰ ᠡᠮ ᠪᠣᠯ ᠵᠡᠭᠡᠷᠭᠡᠨ᠎ᠡ ᠶ᠋ᠢᠨ ᠢᠵᠠᠭᠤᠷ ᠤ᠋ᠨ ᠤᠷᠭᠤᠮᠠᠯ ᠪᠣᠯᠬᠤ ᠵᠡᠭᠡᠷᠭᠡᠨ᠎ᠡ᠂ ᠬᠠᠷ᠎ᠠ ᠵᠡᠭᠡᠷᠭᠡᠨ᠎ᠡ ᠴᠠᠭᠠᠨ ᠵᠡᠭᠡᠷᠭᠡᠨ᠎ᠡ ᠶ᠋ᠢᠨ ᠬᠠᠲᠠᠭᠠᠭᠰᠠᠨ ᠡᠪᠡᠰᠦᠯᠢᠭ ᠡᠰᠢ ᠮᠥᠨ᠃
[ ᠤᠤᠯ ᠤᠷᠭᠤᠮᠠᠯ]1. ᠵᠡᠭᠡᠷᠭᠡᠨ᠎ᠡ ᠡᠪᠡᠰᠦᠯᠢᠭ ᠵᠢᠵᠢᠭ ᠪᠤᠲᠠ ᠮᠣᠳᠣ᠃20~40cm ᠥᠨᠳᠥᠷ᠂ ᠮᠣᠳᠣᠯᠢᠭ ᠡᠰᠢ ᠨᠢ ᠣᠬᠣᠷ᠂ ᠬᠥᠷᠥᠰᠥᠨ ᠳᠡᠭᠡᠷ᠎ᠡ ᠮᠥᠯᠬᠥᠵᠦ ᠤᠷᠭᠤᠬᠤ ᠪᠤᠶᠤ ᠬᠥᠷᠥᠰᠥᠨ ᠳᠣᠣᠷ᠎ᠠ ᠬᠥᠨᠳᠡᠯᠡᠨ ᠤᠷᠭᠤᠨ᠎ᠠ᠃ ᠦᠶ᠎ᠡ ᠶ᠋ᠢᠨ ᠵᠠᠢ ᠨᠢ2~6cm᠃ ᠬᠠᠢᠷᠰᠤᠯᠢᠭ ᠨᠠᠪᠴᠢ ᠨᠢ ᠬᠠᠯᠢᠰᠤᠯᠢᠭ ᠪᠠᠭᠯᠠᠭᠴᠢ ᠰᠢᠭ᠋᠃ ᠴᠡᠴᠡᠭ ᠨᠢ ᠬᠠᠢᠷᠰᠤᠯᠢᠭ ᠪᠥᠮᠪᠦᠭᠡᠨ ᠬᠡᠯᠪᠡᠷᠢ ᠲᠡᠢ᠃ ᠡᠷ᠎ᠡ ᠴᠡᠴᠡᠭ ᠨᠢ ᠥᠷᠭᠡᠨ ᠥᠨᠳᠡᠭᠡᠯᠵᠢᠨ ᠬᠡᠯᠪᠡᠷᠢ ᠲᠡᠢ᠂ ᠮᠥᠴᠢᠷ ᠦ᠋ᠨ ᠣᠷᠣᠢ ᠪᠤᠶᠤ ᠬᠠᠵᠠᠭᠤ ᠮᠥᠴᠢᠷ ᠦ᠋ᠨ ᠣᠷᠣᠢ ᠳ᠋ᠤ᠌ ᠳᠡᠯᠭᠡᠷᠡᠨ᠎ᠡ᠃ ᠭᠠᠭᠴᠠᠭᠠᠷ ᠳᠡᠯᠭᠡᠷᠡᠬᠦ ᠨᠢ ᠴᠥᠭᠡᠨ᠂ ᠪᠥᠮᠪᠥᠭᠡᠯᠢᠭ ᠴᠡᠴᠡᠭ ᠨᠢ4 ᠬᠣᠣᠰ ᠪᠠᠭᠯᠠᠭᠴᠢ ᠢᠯᠲᠠᠰᠤ ᠲᠠᠢ᠂ ᠰᠠᠷᠢᠰᠤᠯᠢᠭ᠂ ᠬᠥᠪᠡᠭᠡ ᠨᠢ ᠬᠠᠯᠢᠰᠤᠯᠢᠭ᠂ ᠪᠠᠭᠯᠠᠭᠴᠢ ᠢᠯᠲᠠᠰᠤ ᠪᠦᠷᠢ ᠳ᠋ᠦ᠍ᠨᠢ1 ᠡᠷ᠎ᠡ ᠴᠡᠴᠡᠭ ᠲᠡᠢ᠃ ᠡᠮ᠎ᠡ ᠪᠠᠭ ᠴᠡᠴᠡᠭ ᠨᠢ ᠭᠠᠭᠴᠠᠭᠠᠷ ᠮᠥᠴᠢᠷ ᠦ᠋ᠨ ᠣᠷᠣᠢ ᠪᠤᠶᠤ ᠬᠠᠵᠠᠭᠤ ᠮᠥᠴᠢᠷ ᠦ᠋ᠨ ᠣᠷᠣᠢ ᠳ᠋ᠤ᠌ ᠳᠡᠯᠭᠡᠷᠡᠨ᠎ᠡ᠃ ᠥᠨᠳᠡᠭᠡᠯᠵᠢᠨ ᠲᠣᠭᠣᠷᠢᠭ᠂ ᠪᠠᠭᠯᠠᠭᠴᠢ ᠢᠯᠲᠠᠰᠤ ᠨᠢ ᠰᠠᠷᠢᠰᠤᠯᠢᠭ᠂ ᠨᠣᠭᠣᠭᠠᠨ ᠥᠩᠭᠡ ᠲᠡᠢ᠂ ᠬᠠᠯᠢᠰᠤᠯᠢᠭ ᠨᠠᠷᠢᠨ ᠬᠥᠪᠡᠭᠡ ᠲᠡᠢ᠃ ᠮᠢᠬᠠᠯᠢᠭ ᠤᠯᠠᠭᠠᠨ ᠰᠢᠭᠦᠰᠦᠯᠢᠭ ᠵᠢᠮᠢᠰ ᠲᠡᠢ᠃5~6 ᠳ᠋ᠤᠭᠠᠷ ᠰᠠᠷ᠎ᠠ ᠳ᠋ᠤ᠌ ᠴᠡᠴᠡᠭᠯᠡᠵᠦ᠂7~8 ᠳ᠋ᠤᠭᠠᠷ ᠰᠠᠷ᠎ᠠ ᠳ᠋ᠤ᠌ ᠦᠶ᠎ᠡ ᠨᠢ ᠪᠣᠯᠪᠠᠰᠤᠷᠠᠨ᠎ᠠ᠃
2. ᠴᠠᠭᠠᠨ ᠵᠡᠭᠡᠷᠭᠡᠨ᠎ᠡ ᠵᠡᠭᠡᠷᠭᠡᠨ᠎ᠡ ᠲᠡᠢ ᠲᠥᠰᠦᠭᠡᠲᠡᠢ ᠪᠤᠲᠠ ᠮᠣᠳᠣ᠃40~80cm ᠥᠨᠳᠥᠷ᠂ ᠮᠣᠳᠣᠯᠢᠭ ᠡᠰᠢ ᠨᠢ ᠰᠢᠯᠤᠭᠤᠨ ᠪᠤᠶᠤ ᠲᠠᠰᠢᠭᠤ ᠤᠷᠭᠤᠨ᠎ᠠ᠂ ᠤᠭ ᠠ᠋ᠴᠠ ᠪᠠᠨ ᠣᠯᠠᠨ ᠰᠠᠯᠠᠭᠠᠯᠠᠨ᠎ᠠ᠃ ᠦᠶ᠎ᠡ ᠶ᠋ᠢᠨ ᠬᠣᠭᠣᠷᠣᠨᠳᠣᠬᠢ ᠳ᠋ᠢᠶᠠᠮᠧᠲ᠋ᠷ ᠨᠢ2~3mm᠂ ᠨᠠᠷᠢᠨ ᠭᠦᠢᠬᠡᠨ ᠬᠣᠪᠢᠯ ᠠᠷᠲᠠᠢ᠃ ᠬᠠᠢᠷᠰᠤᠨ ᠨᠠᠪᠴᠢ ᠨᠢ ᠬᠠᠯᠢᠰᠤᠯᠢᠭ ᠲᠣᠭᠳᠣᠢ ᠰᠢᠭ᠋᠂ ᠡᠷ᠎ᠡ ᠪᠥᠮᠪᠥᠭᠡᠯᠢᠭ ᠴᠡᠴᠡᠭ ᠨᠢ ᠬᠡᠳᠦ ᠬᠡᠳᠦ ᠪᠡᠷ ᠦᠶ᠎ᠡ ᠳᠡᠭᠡᠷ᠎ᠡ ᠪᠡᠨ ᠳᠡᠯᠭᠡᠷᠡᠨ᠎ᠡ᠂ ᠥᠨᠳᠡᠭᠡᠯᠵᠢᠨ ᠬᠡᠯᠪᠡᠷᠢ ᠲᠡᠢ᠃ ᠪᠠᠭᠯᠠᠭᠴᠢ ᠢᠯᠲᠠᠰᠤ ᠶ᠋ᠢᠨ ᠬᠠᠯᠢᠰᠤᠯᠢᠭ ᠬᠡᠰᠡᠭ ᠨᠢ ᠢᠯᠡᠬᠡᠨ᠃ ᠡᠮ᠎ᠡ ᠴᠡᠴᠡᠭ ᠨᠢ3 ᠪᠠᠷ ᠳᠤᠭᠤᠢᠷᠠᠬᠤ2 ᠢ᠋ᠶ᠋ᠠᠷ ᠦᠶ᠎ᠡ ᠳᠡᠭᠡᠷ᠎ᠡ ᠨᠢ ᠴᠢᠭᠲᠠᠯᠠᠨ᠎ᠠ᠂ ᠤᠷᠲᠤ ᠵᠤᠤᠪᠠᠩ ᠬᠡᠯᠪᠡᠷᠢ ᠲᠡᠢ᠃5~6 ᠳ᠋ᠤᠭᠠᠷ ᠰᠠᠷ᠎ᠠ ᠳ᠋ᠤ᠌ ᠴᠡᠴᠡᠭᠯᠡᠵᠦ᠂7~8 ᠳ᠋ᠤᠭᠠᠷ ᠰᠠᠷ᠎ᠠ ᠳ᠋ᠤ᠌ ᠵᠢᠮᠢᠰ ᠨᠢ ᠪᠣᠯᠪᠠᠰᠤᠷᠠᠨ᠎ᠠ᠃
3ᠬᠠᠷ᠎ᠠ ᠵᠡᠭᠡᠷᠭᠡᠨ᠎ᠡ ᠵᠢᠵᠢᠭ ᠪᠤᠲᠠ ᠮᠣᠳᠣ᠃70~100cm ᠥᠨᠳᠥᠷ᠂ ᠮᠣᠳᠣᠯᠢᠭ ᠡᠰᠢ ᠨᠢ ᠲᠤᠷᠤᠭ ᠤᠷᠲᠤ᠂ ᠴᠠᠢᠪᠤᠷ ᠬᠠᠷ᠎ᠠ ᠪᠤᠶᠤ ᠴᠠᠢᠪᠤᠷ ᠬᠦᠷᠡᠩ᠃ ᠨᠠᠪᠴᠢ ᠨᠢ ᠬᠠᠯᠢᠰᠤᠯᠢᠭ ᠲᠣᠭᠳᠣᠢ ᠰᠢᠭ᠋᠂ ᠡᠷ᠎ᠡ ᠪᠥᠮᠪᠥᠭᠡᠯᠢᠭ ᠴᠡᠴᠡᠭ ᠨᠢ ᠭᠠᠭᠴᠠᠭᠠᠷ ᠪᠤᠶᠤ ᠪᠤᠶᠤ3~4 ᠪᠡᠷ ᠪᠥᠭᠡᠮᠨᠡᠷᠡᠵᠦ ᠦᠶ᠎ᠡ ᠳᠡᠭᠡᠷ᠎ᠡ ᠪᠡᠨ ᠳᠡᠯᠭᠡᠷᠡᠨ᠎ᠡ᠃3~4 ᠬᠣᠣᠰ ᠪᠠᠭᠯᠠᠭᠴᠢ ᠢᠯᠲᠠᠰᠤ ᠲᠠᠢ᠃ ᠡᠷ᠎ᠡ ᠴᠡᠴᠡᠭ ᠨᠢ6~8 ᠡᠷ᠎ᠡ ᠲᠣᠭᠣᠷᠴᠣᠭ ᠲᠠᠢ᠂ ᠳᠣᠬᠢᠭᠤᠷ ᠨᠢ ᠪᠦᠬᠦᠨ ᠢ᠋ᠶ᠋ᠡᠷ ᠢ᠋ᠶ᠋ᠡᠨ ᠨᠡᠢᠯᠡᠭᠰᠡᠨ ᠪᠠᠢᠳᠠᠭ᠃ ᠡᠮ᠎ᠡ ᠪᠥᠮᠪᠥᠭᠡᠯᠢᠭ ᠴᠡᠴᠡᠭ ᠨᠢ ᠶᠡᠷᠦ ᠳ᠋ᠡᠭᠡᠨ ᠬᠣᠶᠠᠷ ᠢ᠋ᠶ᠋ᠠᠷ ᠦᠶ᠎ᠡ ᠳᠡᠭᠡᠷ᠎ᠡ ᠪᠡᠨ ᠴᠢᠭᠲᠠᠯᠠᠨ ᠤᠷᠭᠤᠳᠠᠭ᠃ ᠡᠮ᠎ᠡ ᠴᠡᠴᠡᠭ ᠨᠢ ᠪᠣᠯᠪᠠᠰᠤᠷᠠᠬᠤ ᠦᠶ᠎ᠡ ᠳ᠋ᠦ᠍ ᠪᠠᠭᠯᠠᠭᠴᠢ ᠢᠯᠲᠠᠰᠤ ᠨᠢ ᠮᠢᠬᠠᠯᠢᠭ᠂ ᠤᠯᠠᠭᠠᠨ᠂ ᠰᠢᠭᠦᠰᠦᠯᠢᠭ ᠵᠢᠮᠢᠰ ᠰᠢᠭ ᠪᠣᠯᠳᠠᠭ᠃ ᠶᠡᠷᠦ ᠳ᠋ᠡᠭᠡᠨ2 ᠮᠥᠬᠥᠯᠢᠭ ᠦᠷ᠎ᠡ ᠲᠡᠢ᠃6~7 ᠳ᠋ᠤᠭᠠᠷ ᠰᠠᠷ᠎ᠠ ᠳ᠋ᠤ᠌ ᠴᠡᠴᠡᠭᠯᠡᠵᠦ᠂8~9 ᠳ᠋ᠦ᠍ᠭᠡᠷ ᠰᠠᠷ᠎ᠠ ᠳ᠋ᠤ᠌ ᠵᠢᠮᠢᠰ ᠨᠢ ᠪᠣᠯᠪᠠᠰᠤᠷᠠᠨ᠎ᠠ᠃
[ ᠤᠷᠭᠤᠬᠤ ᠣᠷᠴᠢᠨ ᠬᠢᠭᠡᠳ ᠲᠠᠷᠬᠠᠴᠠ] ᠵᠡᠭᠡᠷᠭᠡᠨ᠎ᠡ ᠪᠣᠯ ᠡᠯᠡᠰᠦᠷᠬᠡᠭ ᠬᠠᠭᠤᠷᠠᠢ ᠭᠠᠵᠠᠷ ᠲᠤ ᠤᠷᠭᠤᠨ᠎ᠠ᠃ ᠬᠢᠷᠢᠨ᠂ ᠯᠢᠶᠣᠤᠨᠢᠩ᠂ ᠥᠪᠥᠷ ᠮᠣᠩᠭᠣᠯ᠂ ᠾᠧᠪᠧᠢ᠂ ᠾᠧᠨᠠᠨ᠂ ᠱᠠᠨ ᠰᠢ᠂ ᠱᠠᠨᠰᠢ᠂ ᠨᠢᠩᠰᠢᠶᠠ᠂ ᠭᠠᠨᠰᠦ᠂ ᠰᠢᠨᠵᠢᠶᠠᠩ ᠳ᠋ᠤ᠌ ᠲᠠᠷᠬᠠᠴᠠ ᠲᠠᠢ᠃ ᠴᠠᠭᠠᠨ ᠵᠡᠭᠡᠷᠭᠡᠨ᠎ᠡ ᠪᠣᠯ ᠭᠠᠩ ᠬᠠᠭᠤᠷᠠᠢ ᠡᠯᠡᠰᠦᠨ ᠭᠣᠪᠢ ᠳ᠋ᠤ᠌ ᠤᠷᠭᠤᠨ᠎ᠠ᠃ ᠬᠢᠷᠢᠨ᠂ ᠯᠢᠶᠣᠤᠨᠢᠩ᠂ ᠥᠪᠥᠷ ᠮᠣᠩᠭᠣᠯ᠂ ᠾᠧᠪᠧᠢ᠂ ᠱᠠᠨᠳᠦ᠋ᠩ᠂ ᠱᠠᠨ ᠰᠢ᠂ ᠱᠠᠨᠰᠢ᠂ ᠨᠢᠩᠰᠢᠶᠠ᠂ ᠭᠠᠨᠰᠦ᠂ ᠬᠥᠬᠡᠨᠠᠭᠤᠷ᠂ ᠰᠢᠨᠵᠢᠶᠠᠩ ᠳ᠋ᠤ᠌ ᠲᠠᠷᠬᠠᠴᠠ ᠲᠠᠢ᠃ ᠬᠠᠷ᠎ᠠ ᠵᠡᠭᠡᠷᠭᠡᠨ᠎ᠡ ᠪᠣᠯ ᠭᠠᠩ ᠬᠠᠭᠤᠷᠠᠢ ᠴᠢᠯᠠᠭᠤᠷᠬᠠᠭ ᠠᠭᠤᠯᠠᠨ ᠭᠠᠵᠠᠷ ᠪᠤᠶᠤ ᠬᠠᠳᠠᠨ ᠤ᠋ ᠠᠩ ᠵᠠᠪᠰᠠᠷ ᠲᠤ ᠤᠷᠭᠤᠨ᠎ᠠ᠃ ᠥᠪᠥᠷ ᠮᠣᠩᠭᠣᠯ᠂ ᠾᠧᠪᠧᠢ᠂ ᠱᠠᠨ ᠰᠢ ᠪᠣᠯᠤᠨ ᠪᠠᠷᠠᠭᠤᠨ ᠬᠣᠢᠲᠤ ᠶ᠋ᠢᠨ ᠡᠯ᠎ᠡ ᠭᠠᠵᠠᠷ ᠲᠠᠷᠬᠠᠴᠠ ᠲᠠᠢ᠃
[ᠲᠡᠭᠦᠵᠦ ᠪᠣᠯᠪᠠᠰᠤᠷᠠᠭᠤᠯᠬᠤ]9~10 ᠳ᠋ᠤᠭᠠᠷ ᠰᠠᠷ᠎ᠠ ᠳ᠋ᠤ᠌ ᠬᠠᠳᠤᠵᠤ ᠠᠪᠤᠭᠠᠳ ᠮᠣᠳᠣᠯᠢᠭ ᠬᠡᠰᠡᠭ ᠢ᠋ ᠨᠢ ᠠᠷᠢᠯᠭᠠᠨ ᠬᠠᠶᠠᠵᠤ᠂ ᠰᠡᠭᠦᠳᠡᠷ ᠲᠦ᠍ ᠠᠭᠢᠷᠠᠭᠤᠯᠤᠭᠠᠳ ᠳᠠᠬᠢᠨ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ᠂ ᠡᠬᠡᠭᠦᠨ ᠠᠮᠲᠠ ᠲᠠᠢ᠃ ᠬᠦᠢᠲᠡᠨ ᠴᠢᠨᠠᠷ ᠲᠠᠢ᠃ ᠮᠣᠬᠣᠳᠠᠭ᠂ ᠬᠠᠭᠤᠷᠠᠢ᠂ ᠬᠥᠩᠭᠡᠨ᠂ ᠨᠦᠮᠵᠦᠭ ᠦᠭᠡᠢ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠡᠯᠢᠭᠡᠨ ᠦ᠌ ᠬᠠᠯᠠᠭᠤᠨ ᠢ᠋ ᠠᠷᠢᠯᠭᠠᠬᠤ᠂ ᠴᠢᠰᠤ ᠶ᠋ᠢ ᠵᠣᠭᠰᠣᠭᠠᠬᠤ᠂ ᠪᠡᠲᠡᠭᠢ ᠶ᠋ᠢ ᠡᠪᠳᠡᠬᠦ᠂ ᠬᠠᠪᠤᠳᠠᠷ ᠢ᠋ ᠬᠠᠷᠢᠭᠤᠯᠬᠤ᠂ ᠰᠢᠷᠬ᠎ᠠ ᠶ᠋ᠢ ᠠᠨᠠᠭᠠᠬᠤ᠂ ᠬᠥᠯᠥᠷᠡᠭᠦᠯᠬᠦ ᠴᠢᠳᠠᠯ ᠲᠠᠢ᠂ ᠭᠣᠣᠯᠳᠠᠭᠤ ᠡᠯᠢᠭᠡ ᠳᠡᠯᠢᠭᠦᠨ ᠦ᠌ ᠬᠠᠯᠠᠭᠤᠨ᠂ ᠬᠢᠮᠤᠷᠠᠭᠰᠠᠨ ᠬᠠᠯᠠᠭᠤᠨ᠂ ᠡᠯ᠎ᠡ ᠵᠦᠢᠯ ᠦ᠋ᠨ ᠴᠢᠰᠤ ᠭᠠᠷᠬᠤ᠂ ᠪᠡᠲᠡᠭᠢ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄麻黄 ( 1.草麻黄 2.中麻黄 3.木贼麻黄)
ᠠᠩᠭ᠌ᠯᠢ ᠨᠡᠷ᠎ᠡ᠄1.Ephedra sinica stapf. 2.Ephedra intermeda schrank ex Mey. 3.Ephedra equisetina Bge.
ᠦᠰᠦᠭ ᠠᠮᠢᠯᠠᠭᠤᠯᠤᠭᠴᠢ᠄ ᠲᠣᠣᠬᠣᠸᠠᠷ
ᠬᠢᠨᠠᠭᠴᠢ᠄ ᠲᠤᠶᠠᠭ᠎ᠠ
