ᠵᠡᠰ ᠡᠪᠡᠰᠦЗэс өвсZes övs ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠰ ᠡᠪᠡᠰᠦЗэс өвсZes övs

ᠵᠡᠰ ᠡᠪᠡᠰᠦЗэс өвсZes övs

2025-08-29

210

ᠵᠡᠰ ᠡᠪᠡᠰᠦ

   ᠲᠤᠰ ᠡᠮ ᠪᠣᠯ ᠳᠤᠮᠳᠠᠳᠤ ᠶ᠋ᠢᠨ ᠣᠢᠮ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠮᠥᠩᠭᠥᠨ ᠣᠢᠮ᠎ᠠ ᠶ᠋ᠢᠨ ᠬᠠᠲᠠᠭᠠᠭᠰᠠᠨ ᠪᠦᠬᠦᠯᠢ ᠡᠪᠡᠰᠦ ᠮᠥᠨ᠃ ᠪᠠᠰᠠ ᠽᠣᠸᠠ ᠠᠸ᠎ᠠ᠂ ᠠᠸ᠎ᠠ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃20~40cm ᠥᠨᠳᠥᠷ᠂ ᠦᠨᠳᠦᠰᠦᠯᠢᠭ ᠡᠰᠢ ᠨᠢ ᠰᠢᠯᠤᠭᠤᠨ ᠪᠥᠭᠡᠳ ᠳᠡᠭᠡᠷ᠎ᠡ ᠨᠢ ᠤᠯᠠᠪᠤᠷ ᠬᠦᠷᠡᠩ ᠬᠥᠪᠡᠭᠡ ᠪᠦᠬᠦᠢ ᠭᠢᠯᠠᠭᠠᠷ ᠬᠠᠷ᠎ᠠ ᠥᠩᠭᠡ ᠲᠡᠢ ᠬᠠᠪᠲᠠᠭᠠᠢ ᠲᠡᠪᠡᠨᠡ ᠬᠡᠯᠪᠡᠷᠢᠲᠦ ᠬᠠᠢᠷᠰᠤᠨ ᠢᠯᠲᠠᠰᠤ ᠢᠬᠴᠤ ᠪᠦᠷᠬᠦᠵᠦ ᠪᠣᠢ᠃ ᠨᠠᠪᠴᠢ ᠨᠢ ᠪᠤᠲᠠᠯᠠᠨ᠎ᠠ᠂ ᠨᠠᠪᠴᠢᠨ ᠪᠠᠷᠢᠭᠤᠯ ᠨᠢ7~20cm ᠤᠷᠲᠤ᠂ ᠭᠢᠯᠦᠭᠡᠷ᠂ ᠬᠠᠯᠢᠭᠤᠨ ᠥᠩᠭᠡ ᠲᠡᠢ᠂ ᠤᠵᠠᠭᠤᠷ ᠤ᠋ᠨ ᠬᠡᠰᠡᠭ ᠡᠴᠡ ᠪᠤᠰᠤ ᠬᠡᠰᠡᠭ ᠲᠤᠨᠢ ᠬᠠᠢᠷᠰᠤᠨ ᠢᠯᠲᠠᠰᠤ ᠦᠭᠡᠢ᠃ ᠨᠠᠪᠴᠢ ᠨᠢ ᠠᠯᠠᠭᠠᠯᠢᠭ᠂7~10cm ᠤᠷᠲᠤ᠂5~8cm ᠥᠷᠭᠡᠨ᠂ ᠬᠣᠶᠠᠷ ᠠ᠋ᠴᠠ ᠭᠤᠷᠪᠠᠳᠠᠭᠰᠠᠨ ᠥᠳᠥᠯᠢᠭ ᠣᠨᠢ ᠲᠠᠢ᠂ ᠬᠠᠮᠤᠭ ᠳᠣᠣᠷᠠᠬᠢ ᠥᠳᠥᠯᠢᠭ ᠢᠯᠲᠠᠰᠤ ᠨᠢ ᠬᠠᠮᠤᠭ ᠠ᠋ᠴᠠ ᠲᠣᠮᠣ᠂ ᠬᠠᠵᠠᠭᠠᠢ ᠭᠤᠷᠪᠠᠯᠵᠢᠨ ᠬᠡᠯᠪᠡᠷᠢ ᠲᠡᠢ ᠪᠥᠭᠡᠳ ᠳᠠᠬᠢᠨᠲᠠ ᠥᠳᠥᠯᠢᠭ ᠭᠦᠨ ᠣᠨᠢ ᠭᠠᠷᠤᠨ᠎ᠠ᠃ ᠰᠡᠵᠢᠭᠦᠷ ᠢᠯᠲᠠᠰᠤ ᠨᠢ ᠪᠦᠰᠡᠯᠢᠭ ᠤᠷᠲᠤᠯᠵᠢᠨ ᠵᠤᠤᠪᠠᠩ ᠬᠡᠯᠪᠡᠷᠢ ᠲᠡᠢ᠂ ᠲᠡᠵᠢᠭᠡᠯ ᠦ᠋ᠨ ᠨᠠᠪᠴᠢ ᠨᠢ ᠬᠢᠷᠥᠭᠡᠨ ᠰᠢᠲᠦ ᠲᠡᠢ᠂ ᠨᠠᠪᠴᠢᠨ ᠤ᠋ ᠠᠷᠤ ᠳ᠋ᠤᠨᠢ ᠰᠢᠷ᠎ᠠ ᠥᠩᠭᠡᠲᠦ ᠨᠤᠨᠲᠠᠭ ᠲᠠᠢ᠂ ᠨᠤᠨᠲᠠᠭ ᠦᠭᠡᠢ ᠨᠢ ᠴᠥᠭᠡᠨ᠂ ᠨᠠᠪᠴᠢ ᠨᠢ ᠵᠤᠵᠠᠭᠠᠯᠢᠭ᠂ ᠭᠣᠣᠯ ᠲᠡᠩᠭᠡᠯᠢᠭ ᠨᠢ ᠬᠠᠯᠢᠭᠤᠨ ᠥᠩᠭᠡ ᠲᠡᠢ᠃ ᠰᠫᠣᠷ ᠤ᠋ᠨ ᠤᠭᠤᠲᠠ ᠶ᠋ᠢᠨ ᠪᠦᠯᠦᠭ ᠨᠢ ᠣᠯᠠᠩᠬᠢ ᠳ᠋ᠠᠭᠠᠨ ᠨᠠᠪᠴᠢᠨ ᠢᠯᠲᠠᠰᠤ ᠶ᠋ᠢᠨ ᠬᠥᠪᠡᠭᠡ ᠪᠡᠷ ᠨᠢ ᠲᠠᠷᠬᠠᠨ᠎ᠠ᠂ ᠬᠦᠷᠡᠩ ᠥᠩᠭᠡ ᠲᠡᠢ᠂ ᠨᠠᠷᠢᠨ ᠮᠥᠷᠲᠡᠭᠡᠨ ᠵᠠᠯᠭᠠᠯᠳᠤᠨ᠎ᠠ᠃ ᠰᠫᠣᠷ ᠤ᠋ᠨ ᠤᠭᠤᠲᠠ ᠶ᠋ᠢᠨ ᠪᠦᠯᠦᠭ ᠦ᠋ᠨ ᠬᠠᠪᠬᠠᠭ ᠤ᠋ᠨ ᠳᠣᠲᠣᠷ᠎ᠠ ᠬᠥᠪᠡᠭᠡ ᠨᠢ ᠲᠣᠭᠣᠷᠢᠭ ᠰᠢᠭ᠋ ᠲᠠᠷᠠᠮᠠᠭ ᠬᠡᠷᠴᠢᠶᠡᠰᠦ ᠲᠡᠢ᠃
   [ ᠤᠷᠭᠤᠬᠤ ᠣᠷᠴᠢᠨ ᠬᠢᠭᠡᠳ ᠲᠠᠷᠬᠠᠴᠠ] ᠬᠠᠳᠠ ᠴᠢᠯᠠᠭᠤᠨ ᠤ᠋ ᠵᠠᠪᠰᠠᠷ ᠲᠤ᠌ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ᠂ ᠾᠧᠪᠧᠢ᠂ ᠱᠠᠨ ᠰᠢ᠂ ᠱᠠᠨᠰᠢ᠂ ᠱᠠᠨᠳᠦ᠋ᠩ᠂ ᠵᠧᠵᠢᠶᠠᠩ᠂ ᠵᠢᠶᠠᠩᠰᠢ᠂ ᠲᠠᠢᠸᠠᠨ᠂ ᠭᠤᠸᠠᠩᠰᠢ᠂ ᠶᠦᠨᠨᠠᠨ ᠵᠡᠷᠭᠡ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠨᠠᠮᠤᠷ ᠪᠦᠬᠦᠯᠢ ᠡᠪᠡᠰᠦ ᠶ᠋ᠢ ᠨᠢ ᠲᠡᠭᠦᠵᠦ᠂ ᠠᠷᠢᠯᠭᠠᠨ ᠴᠡᠪᠡᠷᠯᠡᠭᠡᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠥᠴᠦᠬᠡᠨ ᠭᠠᠰᠢᠭᠤᠨ ᠠᠮᠲᠠ ᠲᠠᠢ᠂ ᠲᠡᠭᠰᠢ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠬᠠᠷᠠᠭ᠎ᠠ ᠶ᠋ᠢ ᠰᠠᠢᠵᠢᠷᠠᠭᠤᠯᠬᠤ᠂ ᠰᠢᠷᠬ᠎ᠠ ᠶ᠋ᠢ ᠠᠨᠠᠭᠠᠬᠤ᠂ ᠴᠢᠰᠤ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠨᠢᠳᠦᠨ ᠦ᠌ ᠡᠪᠡᠳᠴᠢᠨ᠂ ᠰᠢᠷᠬ᠎ᠠ᠂ ᠴᠢᠰᠤ ᠴᠠᠷ ᠲᠠᠢ ᠬᠠᠨᠢᠶᠠᠬᠤ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄通轻草(银粉背 蕨)
   ᠠᠩᠭ᠌ᠯᠢ ᠨᠡᠷ᠎ᠡ᠄Aleuritopteis argentea(Cmei.) Fee

   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ᠄ ᠲᠤᠶᠠᠭ᠎ᠠ