ᠴᠠᠭᠠᠨ ᠴᠦᠮᠡᠽᠢTsagaan tsömaziЦагаан цөмази
ᠴᠠᠭᠠᠨ ᠴᠦᠮᠡᠽᠢ
ᠲᠤᠰ ᠡᠮ ᠪᠣᠯ ᠬᠠᠷ᠎ᠠ ᠣᠷᠬᠣᠳᠠᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠤᠰᠤᠨ ᠴᠢᠨᠳᠠᠭᠠᠨ ᠰᠡᠭᠦᠯ ᠦ᠋ᠨ ᠬᠠᠲᠠᠭᠠᠭᠰᠠᠨ ᠪᠦᠬᠦᠯᠢ ᠡᠪᠡᠰᠦ ᠮᠥᠨ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠨᠢᠭᠡ ᠨᠠᠰᠤ ᠲᠠᠢ ᠨᠢ ᠬᠣᠪᠣᠷ᠂ 10~80cm ᠥᠨᠳᠥᠷ᠃ ᠪᠦᠬᠦ ᠪᠡᠶ᠎ᠡ ᠳ᠋ᠦ᠍ᠨᠢ ᠦᠰᠦ ᠦᠭᠡᠢ᠃ ᠡᠰᠢ ᠨᠢ ᠰᠢᠯᠤᠭᠤᠨ᠂ ᠵᠢᠭᠠᠬᠠᠨ ᠮᠢᠬᠠᠯᠢᠭ᠂ ᠬᠥᠨᠳᠡᠢ᠂ ᠳᠡᠭᠡᠳᠦ ᠬᠡᠰᠡᠭ ᠲᠡᠭᠡᠨ ᠰᠠᠯᠠᠭ᠎ᠠ ᠲᠠᠢ᠃ ᠨᠠᠪᠴᠢ ᠨᠢ ᠴᠢᠭᠲᠠᠯᠠᠨ ᠤᠷᠭᠤᠨ᠎ᠠ᠂ ᠪᠠᠷᠢᠭᠤᠯ ᠦᠭᠡᠢ᠂ ᠡᠰᠢ ᠪᠡᠨ ᠬᠠᠭᠠᠰ ᠪᠠᠭᠯᠠᠭᠰᠠᠨ ᠪᠠᠢᠳᠠᠭ᠃ ᠵᠤᠤᠪᠠᠩ ᠪᠤᠶᠤ ᠤᠷᠲᠤᠯᠵᠢᠨ ᠬᠡᠯᠪᠡᠷᠢ ᠲᠡᠢ᠂ 1~7cm ᠤᠷᠲᠤ᠂ 0.2~2cm ᠥᠷᠭᠡᠨ᠂ ᠪᠦᠲᠦᠨ ᠬᠥᠪᠡᠭᠡ ᠲᠡᠢ ᠪᠤᠶᠤ ᠰᠡᠢᠷᠡᠭ ᠮᠥᠷᠲᠡᠭᠡᠨ ᠵᠢᠵᠢᠭ ᠬᠢᠷᠥᠭᠡᠨ ᠰᠢᠳᠦ ᠲᠡᠢ᠂ ᠬᠣᠶᠠᠷ ᠲᠠᠯ᠎ᠠ ᠳ᠋ᠤᠨᠢ ᠦᠰᠦ ᠦᠭᠡᠢ᠃ ᠴᠠᠴᠤᠭ ᠬᠡᠯᠪᠡᠷᠢᠲᠦ ᠪᠠᠭ ᠴᠡᠴᠡᠭ ᠨᠠᠪᠴᠢᠨ ᠤ᠋ ᠥᠪᠥᠷ ᠡᠴᠡ ᠤᠷᠭᠤᠨ᠎ᠠ᠃ ᠨᠠᠪᠴᠢ ᠠ᠋ᠴᠠ ᠪᠠᠨ ᠤᠷᠲᠤ᠂ ᠣᠯᠠᠨ ᠴᠡᠴᠡᠭ ᠲᠡᠢ᠃ ᠴᠡᠴᠡᠭ ᠦ᠋ᠨ ᠪᠠᠷᠢᠭᠤᠯ ᠨᠢ ᠲᠠᠰᠢᠭᠤᠯᠠᠨ ᠴᠡᠴᠡᠭ ᠦ᠋ᠨ ᠲᠡᠩᠭᠡᠯᠢᠭ ᠲᠡᠢ ᠪᠡᠨ ᠬᠤᠷᠴᠠ ᠥᠨᠴᠥᠭ ᠭᠠᠷᠳᠠᠭ᠃ ᠪᠠᠭᠯᠠᠭᠴᠢ ᠨᠢ ᠨᠠᠷᠢᠨ ᠬᠠᠪᠲᠠᠭᠠᠢ ᠲᠡᠪᠡᠨᠡ ᠬᠡᠯᠪᠡᠷᠢ ᠲᠡᠢ᠃ ᠴᠡᠴᠡᠭ ᠦ᠋ᠨ ᠲᠣᠭᠳᠣᠢ ᠨᠢ 4 ᠭᠦᠨ ᠣᠨᠢ ᠲᠠᠢ᠂ ᠤᠷᠲᠤ ᠨᠢ 3mm ᠣᠷᠴᠢᠮ᠂ ᠰᠡᠵᠢᠭᠦᠷ ᠢᠯᠲᠠᠰᠤ ᠨᠢ ᠥᠨᠳᠡᠭᠡᠯᠵᠢᠨ ᠰᠢᠭ ᠬᠠᠪᠲᠠᠭᠠᠢ ᠲᠡᠪᠡᠨᠡ ᠬᠡᠯᠪᠡᠷᠢ ᠲᠡᠢ᠃ ᠴᠡᠴᠡᠭ ᠦ᠋ᠨ ᠳᠡᠯᠪᠢ ᠨᠢ ᠬᠥᠬᠡᠪᠲᠦᠷ ᠪᠣᠷᠣ ᠪᠤᠶᠤ ᠴᠠᠭᠠᠨ᠂ ᠪᠣᠷᠣᠪᠲᠤᠷ ᠰᠤᠳᠠᠯ ᠲᠠᠢ᠂ ᠰᠡᠵᠢᠭᠦᠷ ᠬᠡᠯᠲᠡᠰ ᠨᠢ 4᠂ ᠬᠣᠭᠣᠯᠠᠢ ᠶ᠋ᠢᠨ ᠬᠡᠰᠡᠭ ᠨᠢ ᠮᠠᠰᠢ ᠣᠬᠣᠷ᠂ ᠰᠡᠵᠢᠭᠦᠷ ᠢᠯᠲᠠᠰᠤ ᠨᠢ ᠥᠷᠭᠡᠨ ᠥᠨᠳᠡᠭᠡᠯᠵᠢᠨ᠃ 2 ᠡᠷ᠎ᠡ ᠲᠣᠭᠣᠷᠴᠣᠭ ᠲᠠᠢ᠂ ᠲᠣᠭᠣᠰᠣᠪᠴᠢ ᠨᠢ ᠭᠦᠢᠬᠡᠨ ᠪᠣᠷᠣ ᠥᠩᠭᠡ ᠲᠡᠢ᠃ ᠤᠮᠠᠢ ᠳᠡᠭᠡᠷ᠎ᠡ ᠨᠢ ᠦᠰᠦ ᠦᠭᠡᠢ᠂ ᠴᠡᠴᠡᠭ ᠦ᠋ᠨ ᠪᠠᠭᠠᠨ᠎ᠠ ᠨᠢ ᠪᠠᠷᠤᠭ 1.5mm ᠤᠷᠲᠤ᠃ ᠬᠣᠩᠭᠣᠷᠴᠣᠭᠲᠤ ᠵᠢᠮᠢᠰ ᠨᠢ ᠪᠥᠭᠡᠷᠡᠩᠬᠡᠢ᠂ ᠪᠠᠭᠠᠬᠠᠨ ᠬᠣᠲᠣᠭᠣᠷ ᠣᠷᠣᠢ ᠲᠠᠢ᠂ ᠬᠣᠷᠣᠬᠠᠢᠲᠤᠪᠠᠯ ᠲᠣᠮᠣᠷᠠᠭᠠᠳ ᠪᠥᠮᠪᠥᠭᠡᠯᠢᠭ ᠪᠣᠯᠳᠠᠭ᠃ ᠦᠷ᠎ᠡ ᠨᠢ ᠣᠯᠠᠨ᠂ ᠵᠢᠵᠢᠭ ᠬᠠᠮᠰᠢᠭᠢᠷ᠂ ᠤᠷᠲᠤᠯᠵᠢᠨ ᠪᠥᠭᠡᠷᠡᠩᠬᠡᠢ᠂ ᠦᠰᠦ ᠦᠭᠡᠢ᠃ 7~9 ᠳ᠋ᠦ᠍ᠭᠡᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠤᠰᠤᠨ ᠲᠠᠷᠢᠶ᠎ᠠ ᠪᠤᠶᠤ ᠭᠣᠷᠣᠬ᠎ᠠ ᠶ᠋ᠢᠨ ᠬᠥᠪᠡᠭᠡ ᠪᠡᠷ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ᠂ ᠾᠧᠪᠧᠢ᠂ ᠵᠢᠶᠠᠩᠰᠦ᠂ ᠵᠧᠵᠢᠶᠠᠩ᠂ ᠠᠨᠾᠥ᠋ᠢ ᠭᠤᠸᠠᠩᠳᠦᠩ᠂ ᠭᠤᠸᠠᠩᠰᠢ᠂ ᠰᠧᠴᠤᠸᠠᠨ᠂ ᠶᠦᠨᠨᠠᠨ ᠵᠡᠷᠭᠡ ᠭᠠᠵᠠᠷ ᠣᠷᠣᠨ ᠳ᠋ᠤ᠌ ᠪᠦᠷ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠴᠡᠴᠡᠭᠯᠡᠭᠰᠡᠨ ᠪᠤᠶᠤ ᠦᠷᠡᠯᠡᠭᠰᠡᠨ ᠪᠦᠬᠦᠯᠢ ᠡᠪᠡᠰᠦ ᠶ᠋ᠢ ᠨᠢ ᠠᠪᠴᠤ ᠤᠬᠢᠶᠠᠨ ᠴᠡᠪᠡᠷᠯᠡᠭᠡᠳ ᠰᠡᠭᠦᠳᠡᠷ ᠲᠦ᠍ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠢᠰᠬᠦᠯᠡᠩ᠂ ᠡᠬᠡᠭᠦᠨ ᠠᠮᠲᠠ ᠲᠠᠢ᠃ ᠰᠡᠷᠢᠭᠦᠨ ᠴᠢᠨᠠᠷ ᠲᠠᠢ᠂ ᠬᠥᠩᠭᠡᠨ᠂ ᠮᠣᠬᠣᠳᠠᠭ ᠡᠶᠡᠯᠳᠡᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠠᠪᠤᠩ ᠢ᠋ ᠬᠠᠲᠠᠭᠠᠵᠤ᠂ ᠡᠪᠡᠳᠬᠦ ᠶ᠋ᠢ ᠵᠣᠭᠰᠣᠭᠠᠬᠤ᠂ ᠪᠥᠭᠡᠯᠵᠢᠬᠦ ᠶ᠋ᠢ ᠵᠣᠭᠰᠣᠭᠠᠬᠤ᠂ ᠰᠢᠷ᠎ᠠ ᠤᠰᠤ ᠶ᠋ᠢ ᠠᠷᠢᠯᠭᠠᠬᠤ ᠴᠢᠳᠠᠯ ᠲᠠᠢ᠃ ᠭᠣᠣᠯᠳᠠᠭᠤ ᠤᠰᠤᠨ ᠬᠠᠪᠤᠩ᠂ ᠰᠢᠷ᠎ᠠ ᠤᠰᠤᠨ ᠡᠪᠡᠳᠴᠢᠨ᠂ ᠬᠠᠲᠠᠭᠢ᠂ ᠨᠢᠰᠤᠭᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄北水苦荬
ᠠᠩᠭ᠌ᠯᠢ ᠨᠡᠷ᠎ᠡ᠄Veronica anagallis — aquatica L.
ᠦᠰᠦᠭ ᠠᠮᠢᠯᠠᠭᠤᠯᠤᠭᠴᠢ᠄ ᠡᠷᠳᠡᠨᠢᠭᠣᠸ᠎ᠠ
ᠬᠢᠨᠠᠭᠴᠢ᠄ ᠲᠤᠶᠠᠭ᠎ᠠ
