ᠴᠠᠭᠠᠨ ᠬᠦᠵᠢᠯᠡЦагаан хэжлTsagaan khejl
ᠴᠠᠭᠠᠨ ᠬᠦᠵᠢᠯᠡ
ᠲᠤᠰ ᠡᠮ ᠪᠣᠯ ᠤᠳ᠌ᠪᠠᠯᠡ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠴᠠᠭᠠᠨ ᠬᠦᠵᠢᠯᠡ ᠶ᠋ᠢᠨ ᠬᠠᠲᠠᠭᠠᠭᠰᠠᠨ ᠪᠦᠬᠦᠯᠢ ᠡᠪᠡᠰᠦ ᠮᠥᠨ᠃ ᠪᠠᠰᠠ ᠤᠲᠠᠢ ᠶ᠋ᠢᠨ ᠴᠠᠭᠠᠨ ᠴᠡᠴᠡᠭ ᠭᠡᠳᠡᠭ᠃
[ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃10~18cm ᠥᠨᠳᠥᠷ᠂ ᠪᠤᠯᠴᠢᠷᠬᠠᠢ ᠦᠰᠦ ᠪᠤᠶᠤ ᠨᠣᠣᠯᠣᠭᠤᠷ ᠦᠰᠦ ᠲᠡᠢ᠂ ᠡᠰᠢ ᠨᠢ ᠰᠠᠯᠠᠭᠠᠯᠠᠬᠤ ᠦᠭᠡᠢ᠃ ᠨᠠᠪᠴᠢ ᠨᠢ ᠴᠤᠪᠤᠷᠠᠨ ᠤᠷᠭᠤᠨ᠎ᠠ᠃ ᠲᠣᠩᠭᠣᠷᠤᠤ ᠬᠠᠪᠲᠠᠭᠠᠢ ᠲᠡᠪᠡᠨᠡ ᠬᠡᠯᠪᠡᠷᠢ ᠲᠡᠢ᠂2~4cm ᠤᠷᠲᠤ᠂ ᠮᠣᠬᠣᠭᠣ ᠦᠵᠦᠭᠦᠷ ᠲᠡᠢ᠂ ᠱᠤᠪᠲᠤᠢᠨ ᠰᠤᠨᠤᠭᠰᠠᠨ ᠤᠭ ᠲᠠᠢ᠃ ᠣᠯᠠᠨ ᠲᠣᠯᠣᠭᠠᠢ ᠬᠡᠯᠪᠡᠷᠢᠲᠦ ᠪᠠᠭ ᠴᠡᠴᠡᠭ ᠨᠢ ᠢᠬᠴᠤᠷᠠᠵᠤ ᠪᠥᠭᠡᠮ ᠪᠣᠯᠳᠠᠭ᠃ ᠶᠡᠷᠦᠩᠬᠡᠢ ᠪᠠᠭᠯᠠᠭᠴᠢ ᠢᠯᠲᠠᠰᠤ ᠨᠢ ᠴᠠᠭᠠᠨ ᠥᠩᠭᠡ ᠲᠡᠢ᠂ ᠣᠯᠠᠨ ᠪᠥᠭᠡᠳ ᠸᠠᠭᠠᠷᠯᠠᠨ ᠪᠠᠢᠷᠢᠯᠠᠨ᠎ᠠ᠂ ᠰᠠᠷᠢᠰᠤᠯᠢᠭ᠂ ᠤᠭ ᠤ᠋ᠨ ᠬᠡᠰᠡᠭ ᠨᠢ ᠴᠠᠢᠪᠤᠷ ᠬᠦᠷᠡᠩ᠃ ᠡᠮ᠎ᠡ ᠴᠡᠴᠡᠭ ᠦ᠋ᠨ ᠳᠡᠯᠪᠢ ᠨᠢ ᠨᠠᠷᠢᠬᠠᠨ᠂5 ᠣᠨᠢ ᠲᠠᠢ᠂ ᠪᠣᠷᠣ ᠥᠩᠭᠡ ᠲᠡᠢ᠃ ᠤᠮᠠᠢ ᠨᠢ ᠤᠷᠲᠤᠯᠵᠢᠨ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠤᠭ ᠤ᠋ᠨ ᠬᠡᠰᠡᠭ ᠨᠢ ᠱᠣᠪᠲᠤᠭᠤᠷ᠂ ᠬᠠᠵᠠᠭᠠᠢ᠂ ᠲᠢᠲᠢᠮ ᠦᠰᠦ ᠪᠠ ᠴᠡᠴᠡᠭ ᠦ᠋ᠨ ᠳᠡᠯᠪᠢ ᠨᠢ ᠲᠡᠩᠴᠡᠭᠦᠦ ᠤᠷᠲᠤ᠂ ᠴᠠᠭᠠᠨ ᠥᠩᠭᠡ ᠲᠡᠢ᠃6~8 ᠳ᠋ᠤᠭᠠᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠲᠠᠭ ᠤ᠋ᠨ ᠡᠪᠡᠰᠦᠯᠢᠭ ᠬᠠᠵᠠᠭᠤ ᠪᠤᠶᠤ ᠠᠭᠤᠯᠠᠨ ᠣᠷᠣᠢ ᠳ᠋ᠤ᠌ ᠤᠷᠭᠤᠨ᠎ᠠ᠃ ᠥᠪᠥᠷ ᠮᠣᠩᠭᠣᠯ᠂ ᠾᠧᠪᠧᠢ᠂ ᠱᠠᠨ ᠰᠢ᠂ ᠱᠠᠨᠰᠢ᠂ ᠭᠠᠨᠰᠦ᠂ ᠬᠥᠬᠡᠨᠠᠭᠤᠷ ᠲᠤ ᠲᠠᠷᠬᠠᠴᠠ ᠲᠠᠢ᠃
[ᠲᠡᠭᠦᠵᠦ ᠪᠣᠯᠪᠠᠰᠤᠷᠠᠭᠤᠯᠬᠤ]6 ᠳ᠋ᠤᠭᠠᠷ ᠰᠠᠷ᠎ᠠ ᠳ᠋ᠤ᠌ ᠴᠡᠴᠡᠭᠯᠡᠭᠰᠡᠨ ᠪᠦᠬᠦᠯᠢ ᠡᠪᠡᠰᠦ ᠶ᠋ᠢ ᠨᠢ ᠲᠡᠭᠦᠵᠦ᠂ ᠠᠷᠢᠯᠭᠠᠨ ᠴᠡᠪᠡᠷᠯᠡᠭᠡᠳ ᠰᠡᠭᠦᠳᠡᠷ ᠲᠦ᠍ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ᠂ ᠭᠤᠱᠤᠭᠤᠨ ᠠᠮᠲᠠ ᠲᠠᠢ᠂ ᠰᠡᠷᠢᠭᠦᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠬᠠᠨᠢᠶᠠᠬᠤ ᠶ᠋ᠢ ᠵᠣᠭᠰᠣᠭᠠᠬᠤ᠂ ᠬᠣᠣᠷ ᠢ᠋ ᠲᠠᠢᠯᠬᠤ ᠴᠢᠳᠠᠯ ᠲᠠᠢ᠃ ᠭᠣᠣᠯᠳᠠᠭᠤ ᠲᠠᠭᠰᠢᠭᠤᠷ᠂ ᠬᠠᠨᠢᠶᠠᠳᠤ᠂ ᠬᠣᠣᠷ ᠤ᠋ᠨ ᠬᠠᠯᠠᠭᠤᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 铃铃香青
ᠠᠩᠭ᠌ᠯᠢ ᠨᠡᠷ᠎ᠡ᠄ Anaphalis hancockii Maxim.
ᠦᠰᠦᠭ ᠠᠮᠢᠯᠠᠭᠤᠯᠤᠭᠴᠢ᠄ ᠤᠷᠠᠨᠴᠢᠮᠡᠭ
ᠬᠢᠨᠠᠭᠴᠢ᠄ ᠴᠡᠪᠡᠷᠴᠡᠴᠡᠭ
