ᠡᠯᠵᠢᠭᠡᠨ ᠴᠢᠬᠢᠨ ᠨᠠᠪᠴᠢIljgen chikhin navchИлжгэн чихин навч
ᠡᠯᠵᠢᠭᠡᠨ ᠴᠢᠬᠢᠨ ᠨᠠᠪᠴᠢ
ᠲᠤᠰ ᠡᠮ ᠪᠣᠯ ᠴᠠᠩᠬᠤᠢ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠡᠯᠵᠢᠭᠡᠨ ᠴᠢᠬᠢᠨ ᠴᠡᠴᠡᠭ ᠦ᠋ᠨ ᠬᠠᠲᠠᠭᠠᠭᠰᠠᠨ ᠨᠠᠪᠴᠢ ᠮᠥᠨ᠃ ᠪᠠᠰᠠ ᠱᠦᠮᠬᠠᠨ᠂ ᠰᠧᠩᠫᠣᠷᠣᠮ ᠭᠡᠳᠡᠭ᠃
[ ᠤᠤᠯ ᠤᠷᠭᠤᠮᠠᠯ] ᠮᠥᠩᠬᠡ ᠬᠥᠬᠡᠷᠡᠭᠴᠢ ᠪᠠᠭᠠᠪᠲᠤᠷ ᠲᠤᠷᠤᠭ ᠮᠣᠳᠣ᠃3~8m ᠥᠨᠳᠥᠷ᠂ ᠵᠢᠵᠢᠭ ᠮᠥᠴᠢᠷ ᠨᠢ ᠲᠤᠷᠤᠭ ᠪᠦᠳᠦᠭᠦᠨ᠂ ᠵᠢᠪᠡ ᠶ᠋ᠢᠨ ᠥᠩᠭᠡᠲᠦ ᠴᠡᠯᠮᠡᠨ ᠦᠰᠦ ᠲᠡᠢ᠃ ᠳᠠᠩ ᠨᠠᠪᠴᠢ ᠨᠢ ᠴᠤᠪᠤᠷᠠᠨ ᠤᠷᠭᠤᠨ᠎ᠠ᠃ ᠨᠠᠪᠴᠢᠨ ᠢᠯᠲᠠᠰᠤ ᠨᠢ ᠰᠠᠷᠢᠰᠤᠯᠢᠭ᠂ ᠤᠷᠲᠤᠯᠵᠢᠨ ᠲᠣᠭᠣᠷᠢᠭ ᠬᠡᠯᠪᠡᠷᠢ ᠲᠡᠢ᠂15~30cm ᠤᠷᠲᠤ᠂4~7cm ᠥᠷᠭᠡᠨ᠂ ᠣᠬᠣᠷ ᠱᠣᠪᠬᠣ ᠦᠵᠦᠭᠦᠷ ᠲᠡᠢ᠂ ᠱᠠᠭᠠᠨᠲᠠᠭ ᠤᠭ ᠲᠠᠢ᠂ ᠲᠠᠷᠠᠮᠠᠭ ᠬᠢᠷᠥᠭᠡᠨ ᠰᠢᠳᠦᠲᠦ ᠬᠥᠪᠡᠭᠡ ᠲᠡᠢ᠂ ᠨᠠᠪᠴᠢᠨ ᠤ᠋ ᠥᠪᠥᠷ ᠨᠢ ᠨᠣᠭᠣᠭᠠᠨ ᠥᠩᠭᠡ ᠲᠡᠢ᠂ ᠭᠢᠯᠦᠭᠡᠷ᠂ ᠠᠷᠤ ᠳ᠋ᠤᠨᠢ ᠵᠢᠪᠡ ᠶ᠋ᠢᠨ ᠥᠩᠭᠡ ᠲᠡᠢ ᠴᠡᠯᠮᠡᠨ ᠦᠰᠦ ᠲᠡᠢ᠂11~21 ᠬᠣᠣᠰ ᠬᠠᠵᠠᠭᠤ ᠰᠤᠳᠠᠯ ᠲᠠᠢ ᠪᠥᠭᠡᠳ ᠰᠢᠭᠤᠳ ᠬᠢᠷᠥᠭᠡᠨ ᠰᠢᠲᠦᠨ ᠦ᠌ ᠣᠷᠣᠢ ᠶ᠋ᠢᠨ ᠬᠡᠰᠡᠭ ᠲᠦ᠍ ᠬᠦᠷᠳᠡᠭ᠃ ᠨᠠᠪᠴᠢᠨ ᠪᠠᠷᠢᠭᠤᠯ ᠨᠢ ᠮᠠᠰᠢ ᠣᠬᠣᠷ ᠪᠤᠶᠤ ᠪᠠᠷᠢᠭᠤᠯ ᠦᠭᠡᠢ᠃2 ᠲᠣᠰᠬᠣᠭᠤᠷ ᠨᠠᠪᠴᠢ ᠲᠠᠢ᠂ ᠬᠠᠲᠠᠭᠤ ᠪᠥᠭᠡᠳ ᠲᠣᠮᠣ᠂ ᠭᠤᠷᠪᠠᠯᠵᠢᠨ ᠬᠡᠯᠪᠡᠷᠢ ᠲᠡᠢ᠂ ᠱᠣᠪᠲᠤᠭᠤᠷ᠃ ᠴᠡᠴᠡᠭ ᠨᠢ ᠬᠡᠳᠦᠨ ᠠᠷᠪᠠᠨ ᠬᠦᠢᠰ ᠢ᠋ᠶ᠋ᠡᠷ ᠪᠥᠭᠡᠮᠨᠡᠷᠡᠵᠦ ᠱᠣᠷᠣᠯᠵᠢᠨ ᠪᠠᠭ ᠴᠡᠴᠡᠭ ᠪᠣᠯᠵᠤ ᠣᠷᠣᠢ ᠳ᠋ᠤᠨᠢ ᠳᠡᠯᠭᠡᠷᠡᠨ᠎ᠡ᠃ ᠪᠠᠭ ᠴᠡᠴᠡᠭ ᠨᠢ ᠰᠠᠯᠠᠭ᠎ᠠ ᠲᠠᠢ᠂ ᠨᠢᠭ᠋ ᠴᠡᠯᠮᠡᠨ ᠦᠰᠦ ᠲᠡᠢ᠂ ᠪᠠᠭᠯᠠᠭᠴᠢ ᠢᠯᠲᠠᠰᠤ ᠨᠢ ᠴᠦᠴᠡ ᠰᠢᠭ᠂ ᠬᠦᠷᠡᠩ ᠥᠩᠭᠡ ᠲᠡᠢ᠂ ᠴᠡᠯᠮᠡᠨ ᠦᠰᠦ ᠲᠡᠢ᠂ ᠴᠡᠴᠡᠭ ᠦ᠋ᠨ ᠲᠣᠭᠳᠣᠢ ᠨᠢ5 ᠭᠦᠢᠬᠡᠨ ᠣᠨᠢ ᠲᠠᠢ᠂ ᠲᠣᠭᠳᠣᠢ ᠶ᠋ᠢᠨ ᠬᠣᠭᠣᠯᠠᠢ ᠨᠢ ᠣᠬᠣᠷ᠂ ᠨᠢᠭ ᠴᠡᠯᠮᠡᠨ ᠦᠰᠦ ᠲᠡᠢ᠃ ᠴᠡᠴᠡᠭ ᠦ᠋ᠨ ᠬᠡᠯᠲᠡᠰ ᠨᠢ5᠂ ᠴᠠᠭᠠᠨ ᠥᠩᠭᠡ ᠲᠡᠢ᠂ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠳᠣᠲᠣᠷ᠎ᠠ ᠲᠠᠯ᠎ᠠ ᠶ᠋ᠢᠨ ᠬᠢᠨᠢ ᠤᠭ ᠣᠷᠴᠢᠮ ᠨᠢ ᠦᠰᠦ ᠲᠡᠢ᠃20~25 ᠡᠷ᠎ᠡ ᠲᠣᠭᠣᠷᠴᠣᠭ ᠲᠠᠢ᠂ ᠳᠣᠣᠷᠠᠲᠤ ᠣᠷᠣᠨᠲᠤ ᠤᠮᠠᠢ ᠲᠠᠢ ᠪᠥᠭᠡᠳ5 ᠲᠠᠰᠤᠭ ᠲᠠᠢ᠂ ᠲᠠᠰᠤᠭ ᠪᠦᠷᠢ ᠳ᠋ᠦ᠍ᠨᠢ2 ᠬᠥᠪᠦᠷᠡᠯ ᠦ᠋ᠨ ᠮᠥᠬᠥᠯᠢᠭ ᠲᠡᠢ᠃ ᠰᠢᠭᠦᠰᠦᠯᠢᠭ ᠠᠯᠢᠮ᠎ᠠ ᠵᠢᠮᠢᠰ ᠨᠢ ᠲᠣᠭᠣᠷᠢᠭ ᠪᠤᠶᠤ ᠲᠣᠭᠣᠷᠢᠭ ᠰᠢᠭ᠋᠂ ᠰᠢᠷ᠎ᠠ ᠪᠤᠶᠤ ᠵᠦᠷᠵᠢᠨ ᠰᠢᠷ᠎ᠠ ᠥᠩᠭᠡ ᠲᠡᠢ᠃ ᠬᠡᠳᠦᠨ ᠮᠥᠬᠥᠯᠢᠭ ᠴᠥᠮ᠎ᠡ ᠲᠡᠢ ᠪᠥᠭᠡᠳ ᠲᠣᠭᠣᠷᠢᠭ ᠪᠤᠶᠤ ᠬᠠᠪᠲᠠᠭᠠᠢ ᠲᠣᠭᠣᠷᠢᠭ ᠬᠡᠯᠪᠡᠷᠢ ᠲᠡᠢ᠂ ᠤᠯᠠᠪᠤᠷ ᠬᠦᠷᠡᠩ ᠥᠩᠭᠡ ᠲᠡᠢ᠃9~11 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂ ᠢᠷᠡᠬᠦ ᠵᠢᠯ ᠦ᠋ᠨ4~5 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠣᠯᠠᠩᠬᠢ ᠳ᠋ᠠᠭᠠᠨ ᠲᠣᠰᠬᠣᠨ ᠤ᠋ ᠵᠠᠬ᠎ᠠ᠂ ᠲᠡᠭᠰᠢ ᠭᠠᠵᠠᠷ ᠪᠤᠶᠤ ᠬᠠᠵᠠᠭᠤ ᠭᠠᠵᠠᠷ ᠲᠤ ᠠᠷᠠᠴᠢᠯᠠᠨ ᠵᠠᠢᠯᠠᠵᠤ ᠪᠣᠢ᠃ ᠾᠧᠨᠠᠨ᠂ ᠱᠠᠨᠰᠢ᠂ ᠭᠠᠨᠰᠦ᠂ ᠵᠢᠶᠠᠩᠰᠦ᠂ ᠠᠨᠾᠥ᠋ᠢ᠂ ᠵᠧᠵᠢᠶᠠᠩ᠂ ᠵᠢᠶᠠᠩᠰᠢ᠂ ᠹᠦᠵᠢᠶᠠᠨ᠂ ᠲᠠᠢᠸᠠᠨ᠂ ᠬᠤᠪᠧᠢ᠂ ᠬᠤᠨᠠᠨ᠂ ᠭᠤᠸᠠᠩᠳᠥ᠋ᠩ᠂ ᠭᠤᠸᠠᠩᠰᠢ᠂ ᠰᠧᠴᠤᠸᠠᠨ᠂ ᠭᠦᠢᠵᠧᠦ᠂ ᠶᠦᠨᠨᠠᠨ ᠵᠡᠷᠭᠡ ᠮᠣᠵᠢ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠢᠯ ᠦ᠋ᠨ ᠳᠥᠷᠪᠡᠨ ᠤᠯᠠᠷᠢᠯ ᠳ᠋ᠤ᠌ ᠴᠥᠮ ᠲᠡᠭᠦᠵᠦ ᠪᠣᠯᠤᠨ᠎ᠠ᠃ ᠲᠡᠭᠦᠵᠦ ᠠᠪᠤᠭᠰᠠᠨ ᠤ᠋ ᠰᠡᠭᠦᠯᠡᠷ ᠨᠠᠷᠠᠨ ᠳ᠋ᠤ᠌ ᠳᠡᠯᠭᠡᠵᠦ᠂7~8 ᠬᠤᠪᠢ ᠬᠠᠲᠠᠭᠰᠠᠨ ᠦᠶ᠎ᠡ ᠳ᠋ᠦ᠍ ᠵᠢᠵᠢᠭ ᠪᠣᠭᠣᠵᠢᠯᠠᠵᠤ᠂ ᠳᠠᠬᠢᠨ ᠨᠠᠷᠠᠨ ᠳ᠋ᠤ᠌ ᠳᠡᠯᠭᠡᠵᠦ ᠭᠦᠢᠴᠡᠳ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠂ ᠰᠡᠷᠢᠭᠦᠨ ᠴᠢᠨᠠᠷ ᠲᠠᠢ᠂ ᠮᠣᠬᠣᠳᠠᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠬᠠᠨᠢᠶᠠᠬᠤ ᠶ᠋ᠢ ᠵᠣᠭᠰᠣᠭᠠᠬᠤ᠂ ᠴᠠᠷ ᠠᠷᠢᠯᠭᠠᠬᠤ᠂ ᠰᠠᠷ᠎ᠠ ᠶ᠋ᠢᠨ ᠬᠬᠢᠷ ᠢ᠋ ᠲᠡᠭᠰᠢᠳᠬᠡᠬᠦ ᠴᠢᠳᠠᠯ ᠲᠠᠢ᠃ ᠭᠣᠣᠯᠳᠠᠭᠤ ᠠᠭᠤᠰᠬᠢᠨ ᠤ᠋ ᠬᠠᠯᠠᠭᠤᠨ᠂ ᠪᠥᠭᠡᠷ᠎ᠡ ᠳᠠᠪᠤᠰᠠᠩ ᠤ᠋ᠨ ᠬᠠᠯᠠᠭᠤᠨ᠂ ᠴᠢᠰᠤᠨ ᠬᠠᠯᠠᠭᠤᠨ᠂ ᠰᠠᠷ᠎ᠠ ᠶ᠋ᠢᠨ ᠬᠬᠢᠷ ᠲᠡᠭᠰᠢ ᠦᠭᠡᠢ᠂ ᠠᠮᠠ ᠭᠡᠮᠲᠦᠵᠦ ᠢᠯᠪᠤᠷᠠᠬᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄批杷叶(批杷)
ᠠᠩᠭ᠌ᠯᠢ ᠨᠡᠷ᠎ᠡ᠄Eriobotiya japonica (Thunb) Lind.
ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠴᠢ᠄ ᠲᠤᠶᠠᠭ᠎ᠠ
