ᠬᠠᠭᠤᠴᠢᠨ ᠬᠦᠦ-ᠳ᠋᠊᠂ ᠨᠠᠴᠤᠭᠳᠣᠷᠵᠢХуучин хүү-Д.Нацагдорж Huuchin huu-D.Natsagdorj
ᠬᠠᠭᠤᠴᠢᠨ ᠬᠦᠦ
ᠳ᠋᠊᠂ ᠨᠠᠴᠤᠭᠳᠣᠷᠵᠢ
ᠬᠥᠳᠡᠭᠡ ᠶ᠋ᠢᠨ ᠪᠠᠢᠳᠠᠯ ᠱᠠᠯᠳᠠᠷ ᠪᠤᠯᠳᠠᠷ᠂ ᠴᠠᠭ ᠤ᠋ᠨ ᠤᠯᠠᠷᠢᠯ ᠣᠷᠣᠭ᠎ᠠ ᠪᠣᠰᠠᠠᠠᠭᠠ᠂ ᠡᠯᠡᠰᠦ ᠲᠡᠢ ᠱᠠᠩᠳᠠ᠂ ᠪᠤᠲᠠ ᠲᠠᠢ ᠴᠠᠢᠳᠠᠮ ᠢ᠋ ᠳᠠᠭᠠᠵᠤ᠂ ᠬᠠᠶᠠ ᠨᠢᠭᠡ ᠬᠠᠷ᠎ᠠ ᠭᠡᠷ ᠡᠴᠡ ᠤᠲᠤᠭ᠎ᠠ ᠰᠤᠭᠤᠨᠠᠭᠯᠠᠨ᠎ᠠ᠃ ᠳᠥᠷᠪᠡᠨ ᠵᠦᠭ ᠴᠠᠪ ᠴᠡᠯᠡᠢᠨ ᠤᠢᠳᠬᠠᠷ ᠲᠠᠢ᠂ ᠴᠠᠭᠠᠨ ᠤᠨᠢᠶᠠᠷ ᠲᠤᠨᠤᠨ᠎ᠠ᠃ ᠵᠤᠨ ᠤ᠋ ᠯᠦᠭᠬᠢᠮᠡ ᠬᠠᠯᠠᠭᠤᠨ᠂ ᠢᠰᠡᠭᠡᠢ ᠭᠡᠷ ᠢ᠋ ᠰᠢᠷᠠᠵᠤ᠂ ᠮᠠᠯᠴᠢᠨ ᠬᠥᠮᠦᠨ ᠦ᠌ ᠰᠡᠳᠬᠢᠯ ᠢ᠋ ᠪᠤᠬᠢᠨᠢᠳᠤᠭᠤᠯᠤᠨ᠎ᠠ᠃
ᠠᠢᠯ ᠤ᠋ᠨ ᠬᠠᠶᠠᠭ᠎ᠠ ᠪᠠᠷ ᠦᠬᠡᠷ ᠦ᠋ᠨ ᠪᠠᠭᠠᠰᠤ ᠦᠷᠭᠦᠯᠵᠢᠯᠡᠵᠡᠢ᠃ ᠡᠭᠦᠪᠡᠷ ᠲᠡᠭᠦᠪᠡᠷ ᠬᠡᠳᠦᠨ ᠲᠤᠭᠤᠯ ᠣᠭᠣᠳᠣᠩᠨᠠᠨ ᠳᠠᠪᠬᠢᠨ᠎ᠠ᠃ ᠬᠥᠯ ᠳ᠋ᠦ᠍ ᠣᠷᠣᠠᠠᠣ᠌ ᠠ᠋ᠴᠠ ᠠᠪᠤᠭᠠᠳ ᠦᠰᠦ ᠴᠠᠢᠠᠠᠣ᠌ ᠶ᠋ᠢ ᠬᠦᠷᠲᠡᠯ᠎ᠡ ᠨᠢᠭᠡ ᠭᠣᠣᠯ ᠢ᠋ ᠥᠭᠰᠥᠨ ᠤᠷᠤᠭᠤᠳᠠᠨ ᠨᠡᠭᠦᠵᠦ᠂ ᠨᠢᠭᠡ ᠬᠤᠳᠳᠤᠭ ᠢ᠋ ᠡᠷᠭᠢᠨ ᠲᠣᠭᠣᠷᠢᠨ ᠨᠤᠲᠤᠭᠯᠠᠭᠰᠠᠭᠠᠷ ᠡᠨᠡ ᠬᠦ᠌ ᠶᠢᠷᠲᠢᠨᠴᠦ ᠶ᠋ᠢ ᠡᠴᠦᠰᠯᠡᠨ᠎ᠡ᠃ ᠭᠠᠪᠵᠤ ᠵᠠᠮᠪᠠᠯ ᠬᠣᠢᠮᠣᠷ ᠰᠠᠭᠤᠵᠤ ᠪᠤᠷᠬᠠᠨ ᠨᠣᠮ ᠭᠡᠵᠦ ᠪᠤᠷᠤᠭᠤ ᠵᠥᠪ ᠴᠠᠯᠴᠢᠠᠠᠣ᠌ ᠪᠠ ᠵᠠᠢᠰᠠᠩ ᠨᠠᠮᠵᠢᠯ ᠭᠠᠳᠠᠨ᠎ᠠ ᠠ᠋ᠴᠠ ᠢᠷᠡᠵᠦ ᠬᠠᠤᠯᠢ ᠶᠣᠰᠣ ᠭᠡᠵᠦ ᠬᠤᠳᠠᠯ ᠦᠨᠡᠨ ᠶᠠᠷᠢᠠᠠᠣ᠌ ᠶ᠋ᠢ ᠰᠣᠨᠣᠰᠤᠭᠰᠠᠭᠠᠷ᠂ ᠡᠳᠦᠷ ᠰᠠᠷ᠎ᠠ ᠶ᠋ᠢ ᠤᠯᠠᠷᠢᠭᠤᠯᠤᠨ᠎ᠠ᠃ ᠲᠡᠷᠲᠡᠭᠡ ᠠᠭᠤᠯᠠ ᠶ᠋ᠢ ᠥᠩᠭᠡᠷᠡᠪᠡᠯ ᠠᠢᠯ ᠦᠭᠡᠢ ᠭᠡᠵᠦ ᠪᠣᠳᠣᠵᠤ᠂ ᠲᠩᠷᠢ ᠶ᠋ᠢᠨ ᠬᠠᠶᠠᠭᠠᠨ ᠠ᠋ᠴᠠ ᠴᠢᠨᠠᠭᠰᠢ ᠭᠠᠵᠠᠷ ᠦᠭᠡᠢ ᠭᠡᠵᠦ ᠰᠡᠳᠬᠢᠭᠰᠡᠭᠡᠷ᠂ ᠲᠦᠮᠡᠨ ᠬᠡᠷᠡᠭ ᠡᠴᠡ ᠬᠣᠴᠣᠷᠴᠤ ᠳᠡᠯᠡᠬᠡᠢ ᠶ᠋ᠢᠨ ᠪᠣᠯᠪᠠᠰᠤᠷᠠᠯ ᠠ᠋ᠴᠠ ᠭᠡᠭᠡᠭᠳᠡᠨ᠎ᠡ᠃ ᠭᠠᠭᠴᠠ ᠬᠦ᠌ ᠥᠷᠯᠥᠭᠡ ᠪᠤᠷᠬᠠᠨ ᠳ᠋ᠤ᠌ ᠵᠠᠯᠪᠠᠷᠢᠵᠤ᠂ ᠦᠳᠡᠰᠢ ᠲᠩᠷᠢ ᠳ᠋ᠦ᠍ ᠮᠥᠷᠭᠥᠭᠰᠡᠭᠡᠷ ᠨᠢᠭᠡ ᠨᠠᠰᠤ ᠪᠠᠷᠠᠨ᠎ᠠ᠃
ᠬᠠᠭᠤᠴᠢᠨ ᠬᠦᠦ ᠬᠣᠯᠠ ᠮᠣᠷᠢᠨ ᠳᠡᠭᠡᠷ᠎ᠡ ᠪᠡᠨ ᠬᠥᠨᠳᠡᠯᠡᠨ ᠰᠠᠭᠤᠵᠤ ᠬᠠᠲᠠᠷᠢᠭᠤᠯᠤᠭᠰᠠᠭᠠᠷ ᠬᠦᠷᠴᠦ ᠢᠷᠡᠪᠡ᠃ ᠴᠠᠭᠠᠨ ᠳᠠᠪᠤᠤ ᠠᠯᠴᠢᠭᠤᠷ ᠢ᠋ᠶ᠋ᠠᠷ ᠲᠣᠯᠣᠭᠠᠢ ᠪᠠᠨ ᠣᠷᠢᠶᠠᠵᠠᠢ᠃ ᠰᠢᠷᠢᠯᠳᠦᠭᠰᠡᠨ ᠬᠠᠷ᠎ᠠ ᠭᠡᠵᠢᠭᠡ ᠶ᠋ᠢᠨ ᠰᠡᠷᠪᠡᠢᠭᠰᠡᠨ ᠬᠡᠳᠦᠨ ᠦᠰᠦ ᠨᠢ ᠰᠢᠨ᠎ᠠ ᠤᠷᠤᠭᠤ ᠨᠢ ᠤᠨᠵᠢᠨᠠ᠃ ᠤᠷᠠᠭᠳᠠᠵᠤ ᠨᠠᠪᠲᠠᠷᠠᠭᠰᠠᠨ ᠬᠠᠷ᠎ᠠ ᠬᠠᠨᠴᠤᠢ ᠶ᠋ᠢ ᠰᠤᠭᠤᠯᠳᠤᠷᠭᠠᠯᠠᠵᠤ᠂ ᠭᠬᠢᠷᠲᠦᠵᠦ᠂ ᠰᠠᠭᠠᠷᠢᠲᠤᠭᠰᠠᠨ ᠪᠣᠷᠣ ᠲᠣᠠᠠᠣᠢ ᠭᠠᠷᠭᠠᠵᠠᠢ᠃ ᠳᠠᠪ ᠬᠢᠭᠡᠳ ᠮᠣᠷᠢᠨ ᠡᠴᠡ ᠪᠡᠨ ᠪᠠᠭᠤᠨ᠂ ᠳᠡᠰ ᠬᠢᠲᠡᠯ᠎ᠡ ᠶᠢᠯᠣᠭᠣ ᠪᠠᠨ ᠰᠣᠢᠭᠠᠳ ᠲᠣᠭᠣᠰᠣᠨ ᠳ᠋ᠤ᠌ ᠳᠠᠷᠤᠭᠳᠠᠭᠰᠠᠨ ᠤᠷᠲᠤ ᠬᠣᠷᠮᠣᠢ ᠪᠠᠷ ᠢ᠋ᠶ᠋ᠠᠨ ᠨᠠᠷᠠᠨ ᠳ᠋ᠤ᠌ ᠰᠢᠷᠠᠭᠳᠠᠭᠰᠠᠨ ᠨᠢᠭᠤᠷ ᠤ᠋ᠨ ᠢ᠋ᠶ᠋ᠠᠨ ᠬᠥᠯᠥᠰᠥ ᠶ᠋ᠢ ᠠᠷᠴᠢᠵᠤ᠂ ᠨᠢᠰᠦ ᠪᠡᠨ ᠬᠥᠷ ᠭᠡᠲᠡᠯ᠎ᠡ ᠨᠢᠭᠢᠭᠡᠳ ᠭᠡᠷ ᠲᠦ᠍ ᠣᠷᠣᠪᠠ᠃
《ᠪᠠᠯᠳᠠᠨ ᠤ᠋ ᠬᠢ ᠢᠰᠡᠭᠡᠢ ᠪᠡᠨ ᠬᠢᠵᠦ ᠪᠠᠢᠨ᠎ᠠ᠃ ᠴᠠᠩᠳᠠ ᠶ᠋ᠢᠨ ᠬᠢ ᠬᠣᠨᠢ ᠪᠠᠨ ᠬᠤᠵᠢᠷᠯᠠᠵᠤ ᠪᠠᠢᠨ᠎ᠠ᠃ ᠲᠠᠮᠪᠠ᠂ ᠮᠣᠷᠢ ᠡᠷᠢᠬᠦ ᠪᠡᠷ ᠶᠠᠪᠤᠭᠰᠠᠨ᠂ ᠭᠣᠮᠪᠣ ᠬᠠᠩᠭᠠᠢ ᠣᠷᠣᠭᠠᠳ ᠢᠷᠡᠭᠰᠡᠨ》 ᠭᠡᠬᠦ ᠵᠡᠷᠭᠡ ᠶᠡᠷᠦ ᠶ᠋ᠢᠨ ᠬᠡᠳᠦᠨ ᠦᠭᠡ ᠶ᠋ᠢ ᠠᠬ᠎ᠠ ᠵᠠᠬ᠎ᠠ ᠬᠥᠮᠦᠰ ᠲᠡᠭᠡᠨ ᠰᠣᠨᠢᠨ ᠪᠣᠯᠭᠠᠨ ᠶᠠᠷᠢᠵᠤ᠂ ᠭᠠᠪᠵᠤ ᠭᠤᠸᠠᠢ ᠭᠡᠵᠦ ᠳᠣᠣᠭᠤᠷ ᠬᠠᠷᠠᠨ᠂ ᠵᠠᠢᠰᠠᠩ ᠭᠤᠸᠠᠢ ᠭᠡᠵᠦ ᠳᠣᠷᠣᠢ ᠳᠤᠤᠭᠠᠷᠤᠭᠰᠠᠭᠠᠷ ᠵᠣᠣᠠᠠᠠᠨ ᠤ᠋ ᠬᠠᠵᠠᠭᠤ ᠳ᠋ᠤ᠌ ᠰᠠᠭᠤᠨ᠎ᠠ᠃ ᠠᠪᠠᠭᠠᠢ ᠬᠡᠦᠬᠡᠳ ᠡᠴᠡ ᠠᠶᠠᠭ᠎ᠠ ᠲᠠᠷᠠᠭ᠂ᠬᠡᠰᠡᠭ ᠬᠤᠰᠤᠮ ᠣᠯᠵᠤ ᠢᠳᠡᠭᠡᠳ᠂ ᠲᠡᠨᠳᠡ ᠡᠴᠡ ᠭᠠᠷᠴᠤ᠂ ᠪᠠᠶᠠᠨ ᠪᠠᠯᠵᠢᠷ ᠤ᠋ᠨ ᠳ᠋ᠤ᠌ ᠤᠨᠠᠭ᠎ᠠ ᠲᠠᠲᠠᠵᠤ ᠥᠭᠴᠦ᠂ ᠠᠢᠷᠠᠭ ᠣᠯᠵᠤ ᠤᠤᠭᠤᠭᠠᠳ ᠨᠢᠭᠡ ᠦᠳᠡ ᠶ᠋ᠢ ᠥᠩᠭᠡᠷᠡᠭᠦᠯᠦᠨ᠎ᠡ᠃ ᠲᠠᠠᠳᠣᠪ ᠲᠠᠢᠵᠢ ᠶ᠋ᠢᠨ ᠳ᠋ᠦ᠍ ᠬᠣᠨᠢ ᠭᠠᠷᠭᠠᠵᠤ ᠥᠭᠴᠦ᠂ ᠭᠡᠳᠡᠰᠦ ᠣᠯᠵᠤ ᠢᠳᠡᠨ ᠨᠢᠭᠡ ᠦᠳᠡᠰᠢ ᠶ᠋ᠢ ᠲᠠᠭᠣᠰᠠᠠᠠᠨᠠ᠃
ᠬᠡᠳᠦᠢ ᠪᠡᠷ ᠤᠬᠠᠭᠠᠨ ᠰᠡᠷᠭᠦᠯᠡᠩ ᠪᠣᠯᠪᠠᠴᠤ ᠵᠡᠭᠦᠨ ᠬᠤᠰᠢᠭᠤᠨ ᠤ᠋ ᠵᠠᠬ᠎ᠠ ᠳ᠋ᠤ᠌ ᠬᠦᠷᠦᠭᠰᠡᠨ ᠦᠭᠡᠢ᠂ ᠪᠠᠷᠠᠭᠤᠨ ᠮᠥᠷᠡᠨ ᠦ᠌ ᠲᠡᠷᠲᠡᠭᠡ ᠭᠠᠷᠤᠭᠰᠠᠨ ᠦᠭᠡᠢ᠂ ᠵᠥᠪᠬᠡᠨ ᠭᠤᠷᠪᠠ ᠳᠥᠷᠪᠡᠨ ᠥᠷᠲᠡᠭᠡ᠂ ᠡᠷᠭᠢᠨ ᠲᠣᠭᠣᠷᠢᠨ ᠭᠠᠵᠠᠷ ᠤ᠋ᠨ ᠳᠣᠲᠣᠷ᠎ᠠ ᠣᠷᠣᠰᠢᠨ ᠰᠠᠭᠤᠭᠰᠠᠨ ᠲᠤᠯᠠ ᠶᠠᠭᠤ ᠦᠵᠡᠵᠦ ᠮᠡᠳᠡᠵᠦ᠂ ᠶᠠᠭᠤ ᠣᠯᠵᠤ ᠰᠣᠨᠣᠰᠬᠤ ᠠᠵᠠᠢ᠃ ᠨᠠᠰᠤ ᠬᠡᠳᠦᠢ ᠪᠡᠷ ᠵᠠᠯᠠᠭᠤ ᠪᠣᠯᠪᠠᠴᠤ ᠦᠭᠡᠭᠦᠦ ᠶᠠᠳᠠᠭᠤ᠂ ᠥᠨᠥᠴᠢᠨ ᠪᠠᠯᠴᠢᠷ ᠲᠤᠯᠠ ᠨᠤᠲᠤᠭ ᠰᠤᠮᠤ ᠶ᠋ᠢᠨ ᠬᠡᠳᠦᠨ ᠠᠢᠯ ᠳ᠋ᠤ᠌ ᠡᠭᠡᠯᠵᠢᠯᠡᠨ ᠵᠠᠷᠤᠭᠳᠠᠭᠰᠠᠭᠠᠷ ᠣᠯᠢᠭ ᠲᠠᠢ ᠠᠵᠤ ᠠᠮᠢᠳᠤᠷᠠᠯ ᠤ᠋ᠨ ᠵᠠᠮ ᠢ᠋ ᠨᠢᠭᠡᠨᠲᠡ ᠠᠯᠳᠠᠵᠠᠢ᠃
ᠡᠪᠦᠯ ᠦ᠋ᠨ ᠬᠦᠢᠲᠡᠨ ᠢ᠋ ᠠᠳᠤᠭᠤ ᠮᠠᠨᠠᠵᠤ ᠥᠩᠭᠡᠷᠡᠭᠦᠯᠦᠨ᠂ ᠵᠤᠨ ᠤ᠋ ᠬᠠᠯᠠᠭᠤᠨ ᠢ᠋ ᠬᠣᠨᠢ ᠬᠠᠷᠢᠭᠤᠯᠵᠤ ᠭᠡᠲᠦᠯᠬᠦ ᠪᠣᠢᠬᠡᠣᠨ ᠨᠠᠮᠤᠷ ᠢᠴᠡᠵᠦ᠂ ᠬᠠᠪᠤᠷ ᠭᠠᠷᠤᠭᠴᠢ ᠲᠠᠷᠪᠠᠭᠠᠨ ᠠ᠋ᠴᠠ ᠵᠣᠪᠠᠯᠠᠩ ᠲᠠᠢ ᠪᠠᠷ ᠣᠨ ᠵᠢᠯ ᠨᠥᠭᠴᠢᠭᠡᠨ᠎ᠡ᠃
ᠥᠲᠡᠭᠦᠰ᠂ ᠬᠠᠭᠤᠴᠢᠳ ᠡᠨᠡ ᠬᠣᠶᠠᠷ ᠤ᠋ᠨ ᠦᠭᠡᠨ ᠡᠴᠡ ᠪᠤᠰᠤ ᠦᠨᠡᠨ ᠶᠠᠭᠤᠮ᠎ᠠ ᠦᠭᠡᠢ᠂ ᠡᠪᠦᠯᠵᠢᠶ᠎ᠡ ᠵᠤᠰᠠᠯᠠᠩ ᠬᠠᠪᠤᠷᠵᠢᠶ᠎ᠠ ᠨᠠᠮᠤᠷᠵᠢᠶ᠎ᠠ ᠡᠨᠡ ᠳᠥᠷᠪᠡ ᠡᠴᠡ ᠥᠭᠡᠷ᠎ᠡ ᠶᠠᠪᠣᠠᠠᠣ᠌ ᠭᠠᠵᠠᠷ ᠦᠭᠡᠢ ᠭᠡᠵᠦ ᠰᠠᠨᠠᠵᠤ᠂ ᠬᠥᠮᠥᠷᠢᠭᠰᠡᠨ ᠲᠣᠭᠣᠭᠠᠨ ᠤ᠋ ᠳᠣᠲᠣᠷᠠᠬᠢ ᠲᠠᠢ ᠠᠳᠠᠯᠢ ᠬᠥᠳᠡᠭᠡ ᠶ᠋ᠢᠨ ᠪᠦᠳᠦᠭᠦᠯᠢᠭ ᠪᠠᠢᠳᠠᠯ ᠳ᠋ᠤ᠌ ᠬᠥᠮᠦᠵᠢᠨᠡ᠃ ᠶᠠᠭᠤᠲᠠᠢ ᠭᠣᠮᠣᠳᠠᠯ ᠲᠠᠢ ᠵᠡᠷᠯᠢᠭ ᠠᠮᠢᠳᠤᠷᠠᠯ᠂ ᠶᠠᠭᠤᠲᠠᠢ ᠬᠠᠢᠷᠠᠯᠠᠯ ᠲᠠᠢ ᠵᠠᠯᠠᠭᠤ ᠨᠠᠰᠤ᠂ ᠶᠠᠭᠤᠨ ᠳ᠋ᠤ᠌ ᠰᠢᠨ᠎ᠡ ᠶᠢᠷᠲᠢᠨᠴᠦ ᠶ᠋ᠢ ᠦᠵᠡᠬᠦ ᠶ᠋ᠢ ᠦᠯᠦ ᠬᠦᠰᠡᠨ᠎ᠡ᠃
ᠬᠥᠮᠦᠵᠢᠯ ᠦ᠋ᠨ ᠢᠢᠮᠣ ᠭᠤᠨᠢᠷᠬᠠᠯ ᠲᠠᠢ ᠪᠠᠢᠳᠠᠯ ᠢ᠋ ᠬᠠᠭᠤᠴᠢᠨ ᠬᠦᠦ ᠥᠪᠡᠷ ᠢ᠋ᠶ᠋ᠡᠨ ᠪᠠᠰᠠ ᠶᠠᠭᠠᠬᠢᠨ ᠮᠡᠳᠡᠨ᠎ᠡ᠃ ᠬᠠᠭᠤᠴᠢᠨ ᠹᠧᠣᠳᠠᠯ ᠪᠠ ᠯᠠᠮᠠ ᠨᠠᠷ ᠤ᠋ᠨ ᠭᠠᠢ ᠶ᠋ᠢ ᠮᠥᠨ ᠬᠡᠷᠬᠢᠨ ᠲᠠᠨᠢᠠᠠᠣ᠌ ᠪᠢᠯᠡ ᠳᠠ ! ᠳᠡᠮᠡᠢ ᠯᠡ ᠳᠠᠳᠤᠭᠰᠠᠨ ᠪᠠᠢᠳᠠᠯ ᠳ᠋ᠤ᠌ ᠠᠪᠲᠠᠭᠳᠠᠵᠤ᠂ ᠵᠣᠪᠠᠯᠠᠩ ᠨᠢ ᠵᠢᠷᠭᠠᠯ᠂ ᠵᠡᠷᠯᠢᠭ ᠨᠢ ᠴᠡᠩᠭᠡᠯ ᠪᠣᠯᠤᠭᠠᠳ ᠨᠢᠭᠡ ᠤᠯᠤᠰ ᠶᠡᠬᠡᠩᠬᠢ ᠳ᠋ᠡᠭᠡᠨ ᠬᠠᠭᠤᠴᠢᠨ ᠬᠦᠦ ᠶ᠋ᠢᠨ ᠠᠳᠠᠯᠢ᠂ ᠨᠢᠳᠦ ᠪᠡᠨ ᠠᠨᠢᠵᠤ᠂ ᠴᠢᠬᠢ ᠪᠡᠨ ᠪᠥᠭᠯᠡᠨ᠂ ᠶᠢᠷᠲᠢᠨᠴᠦ ᠭᠡᠭᠴᠢ ᠴᠣᠠᠠᠣᠮ ᠶᠠᠭᠤ ᠪᠣᠯᠠᠠᠣ᠌ ᠶ᠋ᠢ ᠦᠵᠡᠯ ᠦᠭᠡᠢ᠂ ᠮᠠᠲᠠᠯ ᠦᠭᠡᠢ ᠬᠥᠨᠳᠡᠢ ᠲᠠᠯ᠎ᠠ ᠳ᠋ᠤ᠌ ᠬᠣᠭᠣᠰᠣᠭᠠᠷ ᠬᠣᠴᠣᠷᠣᠠᠠᠳᠠᠠᠠᠣ᠌ ᠳ᠋ᠤ᠌ ᠲᠤᠯᠵᠠᠢ᠃
ᠬᠠᠢᠷᠠᠨ᠂ ᠬᠠᠢᠷᠠᠨ᠂ ᠬᠥᠭᠡᠷᠦᠬᠦᠢ᠂ ᠬᠥᠭᠡᠷᠦᠬᠦᠢ᠃
ᠭᠡᠲᠡᠯ᠎ᠡ ᠬᠠᠭᠤᠴᠢᠨ ᠬᠦᠦ ᠶ᠋ᠢᠨ ᠨᠢᠭᠡ ᠨᠥᠬᠥᠷ ᠨᠢ ᠬᠤᠪᠢᠰᠬᠠᠯ ᠤ᠋ᠨ ᠫᠤᠤ ᠶ᠋ᠢ ᠲᠠᠯᠪᠢᠭᠰᠠᠨ ᠡᠳᠦᠷ ᠡᠴᠡ ᠡᠬᠢᠯᠡᠨ᠂ ᠬᠥᠮᠥᠷᠢᠭᠰᠡᠨ ᠲᠣᠭᠣᠭᠠᠨ ᠤ᠋ ᠳᠣᠲᠣᠷ᠎ᠠ ᠭᠡᠷᠡᠯ ᠲᠣᠰᠴᠤ᠂ ᠨᠢᠭᠡ ᠠᠢᠮᠠᠭ ᠤᠯᠤᠰ ᠰᠡᠷᠭᠦᠪᠡ᠃ ᠲᠩᠷᠢ ᠶ᠋ᠢᠨ ᠬᠠᠶᠠᠭᠠᠨ ᠠ᠋ᠴᠠ ᠴᠢᠨᠠᠭᠰᠢ ᠭᠠᠵᠠᠷ ᠪᠠᠢᠳᠠᠭ ᠢ᠋ ᠮᠡᠳᠡᠵᠦ᠂ ᠲᠠᠪᠤᠨ ᠳᠠᠯᠠᠢ᠂ ᠲᠠᠪᠤᠨ ᠲᠢᠪ ᠢ᠋ ᠲᠠᠨᠢᠨ᠂ ᠰᠢᠨ᠎ᠡ ᠶᠢᠷᠲᠢᠨᠴᠦ ᠳᠡᠭᠡᠷ᠎ᠡ ᠬᠠᠮᠲᠤ ᠶᠠᠪᠣᠠᠠᠣ᠌ ᠵᠠᠮ ᠢ᠋ ᠨᠡᠭᠡᠭᠡᠪᠡ᠃ ᠬᠥᠬᠡ ᠮᠣᠩᠭᠣᠯ ᠤᠯᠠᠭᠠᠨ ᠮᠣᠩᠭᠣᠯ ᠪᠣᠯᠪᠠ᠃ ᠬᠠᠭᠤᠴᠢᠨ ᠬᠦᠦ ᠰᠢᠨ᠎ᠡ ᠬᠦᠦ ᠪᠣᠯᠪᠠ᠃ ᠶᠠᠭᠤᠲᠠᠢ ᠵᠠᠪᠰᠢᠶᠠᠨ᠂ ᠶᠠᠭᠤᠲᠠᠢ ᠪᠠᠶᠠᠷ᠃
1930 ᠣᠨ
Хуучин Хүү
Д.Нацагдорж
Хөдөөгийн байдал шалдар булдар, цагийн улирал ороо босоо, элстэй шанд, буттай цайдмыг
дагаж, хааяа нэг хар гэрээс утаа суунаглана. Дөрвөн зүг цэв цэлийн уйтгартай, цагаан униар тунана. Зуны лүгхийм халуун эсгий гэрийгшарж, малчин хүний сэтгэлийг бухимдуулна. Айлын хаяагаар үхрийн баас үргэлжилжээ. Yүгээр түүгээр хэдэн тугал оодогнон давхина. Хөлд орохоос аваад, үс цайхыг хүртэл нэг голыг өгсөн уруудан нүүж, нэг худгийг эргэн тойрон нутагласаар, энэхүү ертөнцийг эцэслэнэ. Гавж Жамбал хоймор сууж, бурхан ном гэж буруу зөв чалчих ба зайсан Намжил гаднаас ирж хууль ёс гэж худал үнэн ярихыг сонссоор өдөр сарыг улируулна.
Тэртээ уулыг өнгөрвөл айлгүй гэж бодож, тэнгэрийн хаяанаас цааш газаргүй гэж сэтгэсээр,
түмэн хэргээс хоцорж, дэлхийн боловсролоос гээгдэнэ. Гагцхүү өглөө бурханд залбирч, үдэж тэнгэрт мөргөсөөр нэг нас барна. Хуучин хүү хул морин дээрээ хөндлөн сууж хатируулсаар хүрч ирэв. Цагаан даавуу алчуураар толгойгоо ороожээ. Ширэлдсэн хар гэзгийн сэрвийсэн хэдэн үс шанаа руу нь унжина. Урагдаж
навтарсан хар ханцуйг сугалдаргалж, хиртэж сайртсан бор тохой гаргажээ. Тав хийтэл мориноосоо буун, тас хийтэл жолоогоо сойгоод тоосонд дарагдсан урд хормойгоороо наранд шарагдсан нүүрнийхээ хөлсийг арчиж, нусаа хүр хийтэл нийгээд гэрт оров.
“Балдангийнх эсгийгээ хийж байна. Цэндийнх хонио хужирлаж байгаа.
Дамба морь эрэхээр явсан. Гомбо Хангай ороод ирсэн” гэх зэрэг хэв ерийн хэдэн үгийг ах зах
хүмүүстээ сонин болгон ярьж, гавж гуай гэж доогуур харан, зайсан гуай гэж дорой дуугарсаар
зуухны хажууд сууна. Авгай хүүхдээс аяга тараг, хэсэг хусам олж идээд, тэндээс гарч, баян Балжирын унага татаж өгч айраг олж уугаад, нэг үдийг өнгөрүүлнэ. Дэндэв тайжийнд хонь гаргаж өгч, гэдэс олж идэн нэг үдшийг дуусгана. Хэдийгээр ухаан сэргэлэн боловч, зүүн хушууны захад хүрсэнгүй, баруун мөрний тэртээ
гарсангүй, зөвхөн гурав дөрвөн өртөө эргэн тойрон газрын дотор оршин суусан тул юуг үзэж
мэдэж, юуг сонсох ажээ. Нас хэдийгээр залуу боловч үгээгүй ядуу, өнчин балчир тул нутаг сумын хэдэн айлд ээлжлэн зарагдсаар, олигтой аж амьдралын замыг нэгэнт алджээ.
Өвлийн хүйтнийг адуу манаж өнгөрүүлэн, зуны халууныг хонь хариулж гэтэлгэх бөгөөд намар
ичиж, хавар гарагч тарваганаас зовлонтойгоор он жил нөхцүүлнэ. Өтгөс, хуучид энэ хоёрын үгнээс бус үнэн юмгүй, өвөлжөө, зуслан, хаваржаа, намаржаа энэ дөрвөөс өөр явах газаргүй гэж санаж, хөмөрсөн тогооны доторхтой адил хөдөөгийн бүдүүлэг байдалд хүмүүжнэ. Юутай гомдолтой зэрлэг амьдрал, юутай хайрлалтай залуу нас, юунд шинэ ертөнцийг үзэхийг үл хүснэ.
Хүмүүжил нь ийм гунихралтай байдлыг хуучин хүү өөрөө бас яахан мэднэ. Хуучин феодал ба лам нарын гайг мөн хэрхэн танина. Дэмий л дадсан байдалд автагдаж, зовлон нь жаргал, зэрлэг нь цэнгэл болоод, нэг аймаг улсын ихэнх хуучин хүүгийн адил нүдээ аньж, чихээ бөглөн, ертөнц гэгч чухам юу болохыг үзэлгүй, мэдэлгүй хөндий талд хоосоор хоцроход тулжээ.
Хайран, хайран, хөөрхий, хөөрхий,
Гэтэл хуучин хүүгийн нэг нөхөр нь хувьсгалын бууг тавьсан өдрөөс эхлэн, хөмөрсөн тогооны
дотор гэрэл тусч, нэг аймаг улс сэргэв. Тэнгэрийн хаяанаас цааш газар байдгийг мэдэж, таван далай таван тивийг танин шинэ ертөнц дээр хамт явах замыг нээв.
Хөх монгол улаан монгол болов
Хуучин хүү шинж хүү болов
Юутай завшаан, юутай баяр.
1930 он.
