ᠬᠥᠭᠡᠷᠦᠬᠦᠢ -ᠰᠠ᠊· ᠤᠯᠠᠭᠠᠨᠲᠤᠶᠠᠭ᠎ᠠ Khöörkhii-Sa·UlaantuyaaХөөрхий-Са·Улаантуяа
ᠬᠥᠭᠡᠷᠦᠬᠦᠢ
ᠤᠷᠠᠳ ᠠᠷᠠᠳ ᠤ᠋ᠨ ᠳᠠᠭᠤᠤ
ᠳᠠᠭᠤᠯᠠᠭᠰᠠᠨ ᠨᠢ᠄ ᠰᠠ᠊· ᠤᠯᠠᠭᠠᠨᠲᠤᠶᠠᠭ᠎ᠠ
ᠰᠢᠩᠭᠡᠭᠡᠨ ᠦᠢᠯᠡᠳᠦᠭᠰᠡᠨ ᠨᠢ᠄ ᠣᠳᠬᠠᠨᠪᠠᠭᠠᠲᠤᠷ
ᠬᠥᠬᠡᠷᠡᠨ ᠬᠠᠷᠠᠭᠳᠠᠬᠤ ᠬᠠᠩᠭᠠᠢ ᠶ᠋ᠢᠨ ᠰᠢᠯᠢ
ᠬᠦᠩᠭᠢᠨᠡᠨ ᠳᠣᠩᠭᠣᠳᠬᠤ ᠭᠠᠷᠤᠳᠢ ᠶ᠋ᠢᠨ ᠳᠠᠭᠤ
ᠬᠥᠪᠦᠯᠵᠡᠨ ᠬᠡᠢᠰᠬᠦ ᠨᠠᠮᠤᠷ ᠤ᠋ᠨ ᠵᠦᠯᠭᠡ
ᠠᠢ ᠬᠠᠢ ᠬᠦᠢ ᠬᠥᠭᠡᠷᠦᠬᠦᠢ
ᠨᠠᠢᠷᠠᠮᠳᠠᠨ ᠲᠦᠰᠢᠭᠯᠡᠬᠦ ᠴᠠᠭ ᠤ᠋ᠨ ᠤᠯᠠᠷᠢᠯ
ᠨᠠᠭᠠᠳᠤᠯᠴᠠᠨ ᠢᠨᠢᠶᠡᠯᠴᠡᠬᠦ ᠦᠶ᠎ᠡ ᠶ᠋ᠢᠨ ᠨᠥᠬᠥᠳ
ᠨᠠᠢᠭᠤᠯᠵᠠᠨ ᠬᠡᠢᠰᠬᠦ ᠨᠠᠮᠤᠷ ᠤ᠋ᠨ ᠰᠠᠯᠬᠢ
ᠠᠢ ᠬᠠᠢ ᠬᠦᠢ ᠬᠥᠭᠡᠷᠦᠬᠦᠢ
ᠡᠰᠬᠡᠨ᠎ᠡ ᠭᠡᠭᠴᠢ ᠨᠢ ᠭᠠᠷ ᠤ᠋ᠨ ᠤᠷᠠᠨ
ᠡᠭᠡᠰᠢᠭᠯᠡᠨ᠎ᠡ ᠭᠡᠭᠴᠢ ᠨᠢ ᠬᠣᠭᠣᠯᠠᠢ ᠶ᠋ᠢᠨ ᠵᠤᠭ᠎ᠠ
ᠡᠷᠭᠢᠵᠦ ᠤᠴᠠᠷᠠᠬᠤ ᠡᠷᠲᠡᠨ ᠦ᠌ ᠢᠷᠦᠭᠡᠯ
ᠠᠢ ᠬᠠᠢ ᠬᠦᠢ ᠬᠥᠭᠡᠷᠦᠬᠦᠢ
ᠠᠢ ᠬᠠᠢ ᠬᠦᠢ ᠬᠥᠭᠡᠷᠦᠬᠦᠢ
ᠦᠰᠦᠭ ᠠᠮᠢᠯᠠᠭᠤᠯᠤᠭᠴᠢ᠄ ᠲᠣᠳᠣᠭᠡᠷᠡᠯ
ᠬᠢᠨᠠᠭᠴᠢ᠄ ᠭᠡᠷᠡᠯᠴᠢᠯᠠᠭᠤ
