ᠡᠷᠡᠦ ᠴᠠᠭᠠᠨ ᠪᠣᠯᠵᠣᠮᠣᠷ ᠰᠢᠪᠠᠭᠤ -ᠱᠠᠭᠳᠠᠷ Эрүү цагаан болжмор шувуу-Шагтар
ᠡᠷᠡᠦ ᠴᠠᠭᠠᠨ ᠪᠣᠯᠵᠣᠮᠣᠷ ᠰᠢᠪᠠᠭᠤ
ᠠᠷᠠᠳ ᠤ᠋ᠨ ᠳᠠᠭᠤᠤ
ᠳᠠᠭᠤᠴᠢᠨ᠄ ᠱᠠᠭᠳᠠᠷ
ᠡᠷᠡᠦ ᠨᠢ ᠴᠠᠭᠠᠨ ᠪᠣᠯᠵᠣᠮᠣᠷ ᠰᠢᠪᠠᠭᠤ ᠨᠢ
ᠦᠷ ᠦ᠋ᠨ ᠰᠥᠨᠢ ᠵᠢᠷᠭᠢᠭᠡᠳ ᠯᠡ ᠪᠠᠢᠨ᠎ᠠ ᠬᠦ
ᠦᠢᠯᠡ ᠶ᠋ᠢᠨ ᠦᠷ᠎ᠡ ᠲᠡᠢ ᠮᠢᠨᠦ ᠯᠡ ᠠᠮᠠᠷᠠᠭ ᠨᠢ
ᠥᠭᠦᠯᠡᠭᠡᠳ ᠭᠤᠶᠤᠬᠤ ᠨᠢ ᠵᠢᠪᠡᠭᠦᠬᠡᠨ ᠪᠠᠢᠨ᠎ᠠ ᠬᠦ
·
ᠲᠠᠷᠢᠬᠢᠨ ᠳ᠋ᠠᠭᠠᠨ ᠤᠯᠠᠭᠠᠨ ᠲᠠᠢ ᠲᠠᠬᠢᠶ᠎ᠠ ᠰᠢᠪᠠᠭᠤ ᠨᠢ
ᠲᠠᠪᠤᠨ ᠵᠢᠩ ᠳ᠋ᠡᠭᠡᠨ ᠳᠣᠩᠭᠣᠳᠤᠭᠠᠳ ᠪᠠᠢᠨ᠎ᠠ ᠬᠦ
ᠲᠠᠩᠬᠢᠯ ᠥᠰᠦᠭᠰᠡᠨ ᠮᠢᠨᠦ ᠯᠡ ᠠᠮᠠᠷᠠᠭ ᠨᠢ
ᠲᠠᠪᠤᠬᠠᠨ ᠦᠭᠡᠨ ᠳ᠋ᠡᠭᠡᠨ ᠲᠠᠨᠢᠭᠳᠠᠭᠠᠳ ᠪᠠᠢᠨ᠎ᠠ ᠬᠦ
·
ᠬᠥᠭᠡᠷᠦᠬᠦᠨ ᠳᠠᠭᠤ ᠲᠠᠢ ᠬᠥᠬᠥᠭᠡ ᠰᠢᠪᠠᠭᠤ ᠨᠢ
ᠬᠥᠪᠴᠢ ᠶ᠋ᠢᠨ ᠠᠭᠤᠯᠠᠨ ᠳ᠋ᠠᠭᠠᠨ ᠳᠣᠩᠭᠣᠳᠤᠭᠠᠳ ᠪᠠᠢᠨ᠎ᠠ ᠬᠦ
ᠬᠥᠭᠡᠷᠦᠬᠦᠨ ᠲᠥᠷᠥᠭᠰᠡᠨ ᠮᠢᠨᠦ ᠯᠡ ᠠᠮᠠᠷᠠᠭ ᠨᠢ
ᠬᠥᠨᠳᠡᠢᠷᠡᠬᠦ ᠰᠡᠳᠬᠢᠯ ᠳᠥᠷᠥᠭᠡ ᠦᠭᠡᠢ ᠪᠢᠯᠡ ᠬᠦ
·
ᠨᠠᠭᠠᠭᠠᠳ ᠬᠢᠭᠰᠡᠨ ᠽᠠᠨᠳᠠᠨ ᠰᠢᠷᠡᠭᠡ ᠨᠢ
ᠨᠠᠭᠠᠳᠤᠯ ᠨᠢ ᠰᠠᠯᠬᠤ ᠶ᠋ᠢ ᠦᠵᠡᠭᠡ ᠦᠭᠡᠢ ᠪᠢᠯᠡ ᠬᠦ
ᠵᠠᠶᠠᠭᠠᠨ ᠤ᠋ ᠬᠣᠶᠠᠷ ᠠᠮᠠᠷᠠᠭ ᠢ᠋ ᠪᠣᠯᠪᠠᠯ
ᠵᠠᠩ ᠢ᠋ ᠨᠢ ᠬᠤᠪᠢᠷᠠᠭᠠᠵᠤ ᠴᠢᠳᠠᠬᠤ ᠦᠭᠡᠢ ᠪᠢᠵᠡ ᠬᠦ
·
ᠠᠯᠤᠰ ᠢ᠋ ᠰᠢᠷᠳᠡᠭᠰᠡᠨ ᠥᠨᠥᠴᠢᠨ ᠬᠠᠢᠯᠠᠰᠤ ᠨᠢ
ᠬᠤᠷ᠎ᠠ ᠶ᠋ᠢ ᠬᠦᠰᠡᠭᠡᠳ ᠶᠠᠳᠠᠭᠠᠳ ᠪᠠᠢᠨ᠎ᠠ ᠬᠦ
ᠠᠮᠠᠷᠠᠭ ᠢ᠋ᠶ᠋ᠠᠨ ᠮᠥᠷᠥᠭᠡᠳᠦᠭᠰᠡᠨ ᠮᠢᠨᠦ ᠯᠡ ᠰᠡᠳᠬᠢᠯ ᠨᠢ
ᠴᠡᠭᠡᠵᠢᠨ ᠳᠤᠮᠳᠠ ᠪᠠᠨ ᠳᠣᠭᠳᠣᠯᠤᠭᠠᠳ ᠪᠠᠢᠨ᠎ᠠ ᠬᠦ
·
ᠢᠵᠢᠯᠢ ᠡᠴᠡ ᠪᠡᠨ ᠰᠠᠯᠤᠭᠰᠠᠨ ᠠᠩᠭᠢᠷ ᠰᠢᠪᠠᠭᠤ ᠨᠢ
ᠡᠷᠭᠢᠵᠦ ᠨᠠᠭᠤᠷ ᠲᠠᠭᠠᠨ ᠢᠷᠡᠳᠡᠭ ᠶᠦᠮ ᠬᠦ
ᠢᠨᠢᠶᠡᠵᠦ ᠤᠴᠠᠷᠠᠭᠰᠠᠨ ᠴᠢ ᠪᠢᠳᠡᠨ ᠬᠣᠶᠠᠷ
ᠡᠭᠦᠷᠢᠳᠡ ᠵᠢᠷᠭᠠᠬᠤ ᠶ᠋ᠢᠨ ᠲᠠᠪᠢᠯᠠᠩ ᠲᠠᠢ ᠶᠤᠮ ᠬᠦ
ᠦᠰᠦᠭ ᠬᠠᠲᠠᠭᠴᠢ᠄ ᠡᠷᠳᠡᠮᠲᠦ
ᠬᠢᠨᠠᠭᠴᠢ᠄ ᠤᠯᠠᠭᠠᠨ
