ᠱᠠᠷ ᠭᠠᠩᠷᠢᠮ᠎ᠠ Shar ganrmaaШар ганрмаа
ᠱᠠᠷ ᠭᠠᠩᠷᠢᠮ᠎ᠠ
ᠪᠣᠭᠳᠠ ᠽᠤᠩᠺᠠᠪᠠ ᠶ᠋ᠢᠨ ᠱᠠᠪᠢ᠂ ᠳ᠋ᠠᠰᠢᠯᡁᠤᠨᠪᠤ ᠬᠡᠢᠳ ᠢ᠋ ᠪᠠᠢᠭᠤᠯᠤᠭᠰᠠᠨ᠂ ᠠᠩᠬᠠᠳᠤᠭᠠᠷ ᠳᠠᠯᠠᠢ ᠯᠠᠮᠠ ᠭᠡᠨᠳᠦᠨᠳᠥ᠋ᠪ ᠭᠡᠭᠡᠨᠲᠡᠨ ᠡᠨᠡᠬᠦ 《ᠳᠣᠷᠣᠨᠠᠬᠢ ᠴᠠᠰᠤᠲᠤ ᠴᠠᠭᠠᠨ ᠠᠭᠤᠯᠠ》 ᠪᠤᠶᠤ ᠱᠠᠷ ᠭᠠᠩᠷᠢᠮ᠎ᠠ ᠬᠡᠮᠡᠬᠦ ᠡᠨᠡᠬᠦ ᠰᠢᠯᠦᠭ ᠢ᠋ ᠡᠭᠡᠰᠢᠭᠯᠡᠨ ᠠᠢᠯᠠᠳᠴᠠᠢ᠃
ᠠᠯᠤᠰ ᠳᠣᠷᠣᠨᠠᠬᠢ ᠴᠠᠰᠤᠲᠤ ᠴᠠᠭᠠᠨ ᠠᠭᠤᠯᠠ ᠶ᠋ᠢᠨ ᠦᠵᠦᠭᠦᠷ ᠲᠦ᠍
ᠠᠷᠢᠭᠤᠨ ᠴᠠᠭᠠᠨ ᠡᠭᠦᠯᠡ ᠣᠭᠲᠠᠷᠭᠤᠢ ᠳ᠋ᠤ᠌ ᠲᠤᠯᠤᠭᠰᠠᠨ ᠠᠳᠠᠯᠢ
ᠠᠶ᠎ᠠ᠂ ᠲᠡᠭᠦᠨ ᠢ᠋ ᠦᠵᠡᠭᠰᠡᠨ ᠦ᠌ ᠳᠠᠷᠤᠢ ᠳ᠋ᠤ᠌ ᠯᠠᠮᠠ ᠮᠢᠨᠢ ᠰᠠᠨᠠᠭᠳᠠᠮᠤᠢ
ᠠᠴᠢ ᠶ᠋ᠢ ᠨᠢ ᠰᠠᠨᠠᠨ ᠰᠠᠨᠠᠨ ᠪᠣᠳᠣᠪᠠᠰᠤ ᠰᠦᠰᠦᠭ ᠤᠯᠠᠮ ᠲᠥᠷᠥᠨᠡᠮ ᠃
ᠠᠷᠢᠭᠤᠨ ᠴᠠᠭᠠᠨ ᠡᠭᠦᠯᠡ ᠲᠣᠨᠣᠭᠰᠠᠨ ᠳᠣᠷᠣᠨ᠎ᠠ ᠵᠦᠭ ᠲᠦ᠍
ᠠᠭᠯᠠᠭ ᠲᠡᠢᠨ ᠢᠯᠠᠭᠤᠭᠰᠠᠨ ᠲᠡᠭᠦᠰ ᠪᠤᠶᠠᠨᠲᠤ ᠲᠡᠷᠡ ᠬᠡᠢᠳ ᠲᠦ᠍
ᠠᠮᠠᠨ ᠳ᠋ᠤ᠌ ᠨᠡᠷ᠎ᠡ ᠶ᠋ᠢ ᠥᠭᠦᠯᠡᠬᠦ ᠪᠡᠷᠬᠡ ᠶᠡᠬᠡ ᠠᠴᠢᠲᠤ
ᠠᠪᠤᠷᠠᠯ ᠪᠣᠭᠳᠠ ᠰᠤᠮᠠᠳᠢᠺᠢᠷᠳᠢ ᠡᠴᠢᠭᠡ ᠬᠥᠪᠡᠭᠦᠳ ᠰᠠᠭᠤᠭᠰᠠᠨ ᠪᠥᠯᠥᠭᠡ᠃
ᠦᠯᠡᠮᠵᠢ ᠬᠣᠶᠠᠷ ᠵᠡᠷᠭᠡ ᠮᠥᠷ ᠦ᠋ᠨ ᠪᠢᠰᠢᠯᠭᠠᠬᠤ ᠬᠥᠲᠥᠯᠪᠦᠷᠢ ᠲᠡᠷᠢᠭᠦᠲᠡᠨ
ᠦᠨᠡᠨᠬᠦ ᠭᠦᠨ ᠪᠥᠭᠡᠳ ᠮᠠᠰᠢ ᠠᠭᠤᠤ ᠶᠡᠬᠡ ᠨᠣᠮ ᠤ᠋ᠳ ᠢ᠋ ᠨᠣᠮᠯᠠᠭᠰᠠᠨ ᠪᠥᠯᠥᠭᠡ ᠃
ᠦᠨᠡᠨ ᠳ᠋ᠦ᠍ ᠪᠡᠨ ᠴᠠᠰᠤᠳᠠᠨ ᠳ᠋ᠠᠬᠢ ᠲᠥᠪᠡᠳ ᠦ᠋ᠨ ᠲᠡᠭᠦᠰ ᠬᠤᠪᠢᠳᠠᠨ᠎ᠠ
ᠦᠨᠡᠬᠡᠷ ᠪᠣᠭᠳᠠ ᠲᠠᠨ ᠤ᠋ ᠠᠴᠢ ᠶ᠋ᠢ ᠰᠠᠨᠠᠵᠤ ᠭᠦᠢᠴᠡᠰᠢ ᠦᠭᠡᠢ ᠪᠥᠯᠥᠭᠡ ᠃
ᠢᠯᠠᠩᠭᠤᠶ᠎ᠠ ᠵᠠᠯᠬᠠᠢᠷᠠᠨ ᠳᠡᠮᠡᠢ ᠶᠠᠪᠤᠭᠴᠢ ᠭᠡᠨᠳᠦᠨᠳᠥ᠋ᠪ ᠪᠢ
ᠢᠯᠠᠩᠭᠤᠢᠲᠤ ᠨᠣᠮ ᠳ᠋ᠤ᠌ ᠰᠡᠳᠬᠢᠯ ᠥᠴᠦᠬᠡᠨ ᠵᠦᠭᠯᠡᠭᠰᠡᠨ ᠡᠨᠡ ᠨᠢ
ᠢᠯᠠᠭᠤᠭᠰᠠᠨ ᠪᠣᠭᠳᠠ ᠡᠴᠢᠭᠡ ᠬᠥᠪᠡᠭᠦᠳ ᠲᠠᠨ ᠤ᠋ ᠠᠴᠢ ᠪᠥᠯᠥᠭᠡ ᠃
ᠢᠯᠡᠳᠲᠡ ᠮᠠᠭᠠᠳ ᠶᠡᠬᠡ ᠠᠴᠢ ᠲᠠᠢ ᠪᠥᠯᠥᠭᠡ ᠃
ᠪᠣᠭᠳᠠ ᠡᠴᠢᠭᠡ ᠬᠥᠪᠡᠭᠦᠳ ᠮᠢᠨᠢ ᠡᠳᠦᠷ ᠴᠠᠭ ᠡᠳᠦᠭᠡ ᠡᠴᠡ ᠪᠣᠳᠢ ᠵᠢᠷᠦᠬᠡᠨ ᠳ᠋ᠦ᠍ ᠬᠦᠷᠲᠡᠯ᠎ᠡ
ᠡᠷᠭᠢᠨ ᠪᠣᠭᠳᠠ ᠡᠴᠢᠭᠡ ᠬᠥᠪᠡᠭᠦᠳ ᠲᠠᠨ ᠠ᠋ᠴᠠ ᠪᠤᠰᠤ
ᠡᠭᠡᠷᠡᠬᠦ ᠠᠪᠤᠷᠠᠯ ᠤ᠋ᠨ ᠣᠷᠣᠨ ᠢ᠋ ᠪᠤᠰᠤᠳ ᠠ᠋ᠴᠠ ᠦᠯᠦ ᠡᠷᠢᠬᠦ ᠲᠤᠯᠠ
ᠡᠨᠡᠷᠢᠨ ᠠᠢᠯᠠᠳᠬᠤ ᠶ᠋ᠢᠨ ᠭᠣᠬ᠎ᠠ ᠪᠠᠷ ᠲᠡᠳᠡᠨ ᠰᠣᠶᠣᠷᠬ᠎ᠠ !
ᠠᠴᠢ ᠶ᠋ᠢ ᠴᠣᠬᠣᠮ ᠢ᠋ᠶ᠋ᠠᠷ ᠬᠠᠷᠢᠭᠤᠯᠵᠤ ᠦᠯᠦ ᠴᠢᠳᠠᠬᠤ ᠪᠣᠯᠪᠠᠴᠤ
ᠠᠳᠬᠤᠭᠴᠢ ᠲᠠᠴᠢᠶᠠᠨ ᠣᠷᠢᠯᠠᠬᠤ ᠶ᠋ᠢᠨ ᠡᠷᠬᠡᠨ ᠳ᠋ᠦ᠍ ᠡᠰᠡ ᠠᠪᠲᠠᠭᠰᠠᠨ ᠰᠡᠳᠬᠢᠯ ᠢ᠋ᠶ᠋ᠡᠷ
ᠠᠪᠤᠷᠠᠯ ᠪᠣᠭᠳᠠ ᠯᠠᠮᠠ ᠲᠠᠨ ᠤ᠋ ᠱᠠᠰᠢᠨ ᠢ᠋ ᠲᠡᠳᠬᠦᠬᠦ ᠳ᠋ᠦ᠍
ᠠᠰᠢᠳᠠ ᠬᠡᠵᠢᠶ᠎ᠡ ᠴᠦ᠍ ᠬᠢᠴᠢᠶᠡᠨ ᠦᠢᠯᠡᠳᠬᠦ ᠶ᠋ᠢ ᠬᠦᠰᠡᠮᠦᠢ ᠃
ᠦᠵᠡᠲᠡᠯ᠎ᠡ ᠡᠳᠦᠭᠡ ᠶᠡᠷᠦ ᠶ᠋ᠢᠨ ᠴᠠᠰᠤᠲᠤ ᠠᠭᠤᠯᠠ ᠶ᠋ᠢᠨ ᠳᠣᠲᠣᠷ᠎ᠠ
ᠥᠪᠡᠷ ᠦ᠋ᠨ ᠪᠡᠶ᠎ᠡ ᠪᠡᠨ ᠱᠠᠰᠢᠨ ᠢ᠋ ᠪᠠᠷᠢᠭᠴᠢ ᠭᠡᠮᠡᠨ ᠥᠭᠦᠯᠡᠬᠦ ᠪᠣᠯᠤᠭᠠᠳ
ᠥᠭᠡᠷ᠎ᠡ ᠱᠠᠰᠢᠨ ᠪᠠᠷᠢᠭᠴᠢᠳ ᠢ᠋ ᠶᠡᠬᠡ ᠳᠠᠢᠰᠤᠨ ᠪᠣᠯᠭᠠᠨ ᠬᠠᠷᠰᠢᠯᠠᠭᠴᠢ
ᠥᠲᠡᠯ᠎ᠡ ᠡᠢᠮᠦ ᠶᠠᠪᠤᠳᠠᠯ ᠢ᠋ ᠰᠠᠨᠠᠪᠠᠰᠤ ᠵᠢᠷᠦᠬᠡᠨ ᠡᠴᠡ ᠭᠤᠨᠢᠷᠠᠯ ᠲᠥᠷᠥᠮᠦᠢ ᠃
ᠡᠭᠡᠨᠡᠭᠲᠡ ᠪᠤᠰᠤᠳ ᠢ᠋ ᠪᠦᠷᠢᠯᠬᠦ ᠶ᠋ᠢ ᠬᠦᠰᠡᠬᠦ ᠶ᠋ᠢᠨ ᠪᠣᠳᠣᠯᠭ᠎ᠠ ᠰᠠᠨᠠᠭ᠎ᠠ ᠪᠠ
ᠡᠭᠦᠪᠡᠷ ᠪᠡᠯᠭᠡ ᠳ᠋ᠦ᠍ ᠪᠠᠷᠢᠮᠲᠠᠯᠠᠬᠤ ᠨᠢᠰᠸᠠᠨᠢᠰ ᠢ᠋ᠶ᠋ᠠᠷ ᠰᠡᠳᠬᠢᠯ ᠨᠢ ᠬᠦᠯᠢᠭᠳᠡᠭᠰᠡᠨ ᠪᠣᠯᠪᠠᠴᠤ
ᠡᠷᠭᠢᠨ ᠥᠨᠳᠥᠷ ᠣᠨᠣᠯ᠂ ᠮᠥᠷ ᠢ᠋ ᠣᠯᠤᠭᠰᠠᠨ ᠭᠡᠮᠡᠨ ᠥᠭᠦᠯᠡᠭᠴᠢ
ᠡᠳᠡᠭᠡᠷ ᠢ᠋ ᠰᠢᠨᠵᠢᠯᠡᠪᠡᠰᠦ ᠪᠦᠭᠦᠳᠡ ᠳ᠋ᠦ᠍ ᠴᠦ᠍ ᠵᠢᠭᠰᠢᠭᠳᠡᠬᠦ ᠶ᠋ᠢᠨ ᠰᠢᠯᠲᠠᠭᠠᠨ ᠠᠮᠤᠢ᠃
ᠥᠲᠡᠯᠲᠡᠯ᠎ᠡ ᠪᠤᠷᠤᠭᠤ ᠮᠥᠷ ᠢ᠋ᠶ᠋ᠡᠷ ᠶᠠᠪᠤᠭᠰᠠᠨ ᠢ᠋ᠶ᠋ᠠᠨ ᠪᠠᠷᠢᠮᠲᠠᠯᠠᠬᠤ ᠶ᠋ᠢᠨ ᠳᠦᠷᠢᠯᠡᠯᠦᠭᠡ
ᠦᠨᠡᠬᠡᠷ ᠶᠣᠰᠣᠴᠢᠯᠠᠨ ᠨᠣᠮ ᠦᠢᠯᠡᠳᠦᠭᠰᠡᠨ ᠪᠣᠳᠠᠭᠠᠯᠢᠰ ᠲᠤ᠌
ᠦᠨᠳᠦᠰᠦ ᠤᠭ ᠠ᠋ᠴᠠ ᠪᠠᠨ ᠬᠢᠮᠤᠷᠠᠭᠴᠢ ᠬᠣᠣᠷᠲᠤ ᠰᠡᠳᠬᠢᠯᠲᠡᠨ
ᠦᠨᠡᠨ ᠳ᠋ᠦ᠍ ᠪᠡᠨ ᠵᠢᠷᠦᠬᠡᠨ ᠳ᠋ᠦ᠍ᠨᠢ ᠠᠳᠠ ᠣᠷᠣᠭᠰᠠᠨ ᠪᠤᠰᠤ ᠠᠵᠤᠭᠤ ᠃
ᠬᠣᠣᠷᠲᠤ ᠨᠢᠰᠸᠠᠨᠢᠰ ᠤ᠋ᠨ ᠳᠠᠢᠰᠤᠨ ᠢ᠋ ᠨᠣᠮᠣᠬᠠᠳᠬᠠᠬᠤ ᠶ᠋ᠢᠨ ᠠᠷᠭ᠎ᠠ ᠶ᠋ᠢ ᠦᠢᠯᠡᠳᠦᠯ ᠦᠭᠡᠢ
ᠬᠣᠭᠣᠰᠣᠨ ᠦᠭᠡ ᠪᠤᠯᠢᠶᠠᠯᠳᠤᠬᠤ ᠶ᠋ᠢᠨ ᠲᠡᠳᠦᠢᠬᠡᠨ ᠢ᠋ ᠰᠤᠷᠭᠠᠯ ᠦᠢᠯᠡᠳᠬᠦ ᠨᠢ
ᠬᠣᠣᠷᠯᠠᠭᠴᠢ ᠴᠢᠳᠬᠥᠷ ᠡᠮᠦᠨᠡᠬᠢ ᠬᠠᠭᠠᠯᠭᠠᠨ ᠳ᠋ᠤ᠌ ᠣᠷᠣᠰᠢᠵᠤ ᠪᠠᠢᠬᠤ ᠠᠲᠠᠯ᠎ᠠ
ᠬᠣᠢᠲᠤ ᠬᠠᠭᠠᠯᠭ᠎ᠠ ᠪᠠᠷ ᠵᠠᠰᠠᠭ ᠵᠣᠯᠢᠶ᠎ᠠ ᠶ᠋ᠢ ᠭᠠᠷᠭᠠᠬᠤ ᠮᠡᠲᠦ ᠲᠤᠰᠠ ᠨᠢ ᠪᠠᠭ᠎ᠠ᠃
ᠢᠯᠭᠠᠯ ᠢ᠋ ᠲᠡᠷᠡ ᠮᠡᠲᠦ ᠮᠡᠳᠡᠭᠰᠡᠨ ᠪᠤᠶᠠᠨ ᠤ᠋ ᠰᠠᠳᠤᠨ ᠨᠤᠭᠤᠳ
ᠢᠯᠡᠳᠲᠡ ᠠᠮᠢᠲᠠᠨ ᠪᠦᠬᠦᠨ ᠢ᠋ᠶ᠋ᠡᠷ ᠠᠵᠢᠭᠯᠠᠭᠰᠠᠨ ᠤᠴᠢᠷ ᠢ᠋ ᠰᠠᠨᠠᠨ
ᠢᠯᠠᠩᠭᠤᠢᠲᠤ ᠨᠣᠮ ᠦᠢᠯᠡᠲᠦᠭᠴᠢᠨ ᠪᠦᠬᠦᠨ ᠳ᠋ᠦ᠍ ᠠᠷᠢᠭᠤᠨ ᠰᠠᠨᠠᠭ᠎ᠠ ᠶ᠋ᠢ ᠪᠡᠷᠢ
ᠢᠵᠠᠭᠤᠷ ᠠ᠋ᠴᠠ ᠳᠣᠲᠣᠷ᠎ᠠ ᠪᠠᠢᠭᠰᠠᠨ ᠨᠢᠰᠸᠠᠨᠢᠰ ᠤ᠋ᠨ ᠳᠠᠢᠰᠤᠨ ᠢ᠋ᠶ᠋ᠠᠨ ᠳᠠᠷᠤ ᠃
ᠡᠳᠦᠭᠡ ᠶ᠋ᠢᠨ ᠬᠣᠢᠨ᠎ᠠ ᠠ᠋ᠴᠠ ᠳᠠᠭᠠᠭᠴᠢ ᠨᠥᠬᠥᠳ ᠱᠠᠪᠢ ᠨᠠᠷ ᠪᠦᠬᠦᠨ
ᠡᠲᠡᠭᠡᠳ ᠪᠤᠷᠤᠭᠤ ᠵᠦᠭ ᠲᠦ᠍ ᠵᠢᠳᠬᠦᠬᠦ ᠰᠠᠨᠠᠭ᠎ᠠ ᠪᠠᠷᠢᠯ ᠦᠭᠡᠢ
ᠡᠭᠦᠷᠢᠳᠡ ᠰᠢᠳᠤᠷᠭᠤ ᠣᠷᠣᠰᠢᠭᠰᠠᠨ ᠪᠣᠳᠣᠬᠤ ᠰᠢᠨᠵᠢᠯᠡᠬᠦ ᠤᠬᠠᠭᠠᠨ ᠢ᠋ᠶ᠋ᠠᠷ
ᠡᠨᠳᠡᠭᠦᠦ ᠦᠭᠡᠢ ᠵᠥᠪ ᠵᠠᠮ ᠳ᠋ᠤ᠌ ᠣᠷᠣᠪᠠᠰᠤ ᠶᠡᠷᠦ ᠮᠠᠰᠢ ᠰᠠᠢᠨ ᠃
ᠡᠨᠡ ᠦᠭᠡᠰ ᠢ᠋ ᠥᠭᠦᠯᠡᠭᠰᠡᠨ ᠢ᠋ᠶ᠋ᠡᠷ ᠠᠮᠢᠲᠠᠨ ᠪᠦᠭᠦᠳᠡ
ᠡᠨᠡᠷᠢᠨ ᠠᠰᠠᠷᠠᠬᠤᠢ ᠪᠠᠷ ᠤᠳᠤᠷᠢᠳᠤᠭᠰᠠᠨ ᠪᠣᠳᠣᠯ ᠰᠡᠳᠬᠢᠯ ᠪᠠ
ᠡᠨᠳᠡᠭᠦᠷᠡᠯ ᠰᠠᠴᠤᠷᠠᠯ ᠦᠭᠡᠢ ᠲᠥᠪ ᠴᠢᠨᠠᠷ ᠢ᠋ ᠤᠨᠤᠬᠤ ᠶ᠋ᠢᠨ ᠦᠵᠡᠯ ᠢ᠋ᠶ᠋ᠡᠷ
ᠡᠷᠬᠢᠮ ᠳᠡᠭᠡᠷ᠎ᠡ ᠦᠭᠡᠢ ᠪᠣᠳᠢ ᠶ᠋ᠢ ᠲᠦᠷᠭᠡᠨ᠎ᠡ ᠣᠯᠬᠤ ᠪᠣᠯᠲᠤᠭᠠᠢ !
ᠢᠯᠠᠭᠤᠭᠰᠠᠨ ᠪᠡᠶ᠎ᠡ ᠨᠢ ᠯᠠᠭᠰᠢᠨ ᠨᠠᠢᠷᠠᠭ ᠤ᠋ᠨ ᠴᠣᠭ ᠪᠠᠳᠠᠷᠠᠭᠰᠠᠨ ᠪᠥᠭᠡᠳ
ᠢᠷᠠᠭᠤ ᠵᠠᠷᠯᠢᠭ ᠨᠢ ᠵᠢᠷᠠᠨ ᠭᠡᠰᠢᠭᠦᠨᠲᠦ ᠡᠭᠡᠰᠢᠭ ᠢ᠋ᠶ᠋ᠡᠷ ᠴᠢᠮᠡᠭᠰᠡᠨ
ᠦᠯᠢᠭᠡᠷ ᠰᠡᠳᠬᠢᠯ ᠨᠢ ᠭᠦᠨ ᠠᠭᠤᠤ ᠠᠢᠯᠠᠳᠬᠤ᠂ ᠡᠨᠡᠷᠢᠬᠦ ᠶ᠋ᠢᠨ ᠰᠠᠩ ᠪᠣᠯᠤᠭᠰᠠᠨ
ᠢᠯᠠᠩᠭᠤᠶ᠎ᠠ ᠲᠡᠭᠦᠰ ᠡᠷᠳᠡᠮᠲᠦ ᠯᠠᠮᠠ ᠶ᠋ᠢᠨ ᠥᠯᠵᠡᠢ ᠬᠤᠲᠤᠭ ᠣᠷᠣᠰᠢᠲᠤᠭᠠᠢ !
ᠣᠷᠴᠢᠭᠤᠯᠤᠭᠰᠠᠨ᠄ ᠪᠢᠷᠠᠭᠠᠨ ᠳ᠂ ᠨᠠᠷᠠᠨᠴᠡᠴᠡᠭ
ᠭᠡᠨᠳᠦᠳᠥ᠋ᠪ ᠦ᠋ᠨ ᠭᠡᠭᠡᠨ ᠡᠨᠡ ᠰᠢᠯᠦᠭ ᠢ᠋ ᠭᠦᠨᠳ᠋ᠸᠢ ᠬᠡᠮᠡᠬᠦ ᠠᠭᠤᠯᠠᠨ᠎ᠠ ᠰᠠᠭᠤᠵᠤ ᠠᠬᠤᠢ ᠴᠠᠭ ᠲᠤ᠌ ᠪᠠᠨ ᠵᠣᠬᠢᠶᠠᠭᠰᠠᠨ ᠠᠵᠠᠢ᠃
ᠦᠰᠦᠭ ᠠᠮᠢᠯᠠᠭᠤᠯᠤᠭᠴᠢ᠄ ᠲᠡᠭᠰᠢᠮᠥ᠋ᠩᠬᠡ
ᠬᠢᠨᠠᠭᠴᠢ᠄ ᠮᠣᠩᠭᠤᠯᠵᠠᠶᠠᠭ᠎ᠠ
