ᠵᠠᠩᠭᠠᠷ ᠤ᠋ᠨ ᠠᠷᠪᠠᠨ ᠬᠣᠶᠠᠷ ᠪᠠᠭᠠᠲᠤᠷ ᠤ᠋ᠨ ᠮᠠᠭᠲᠠᠭᠠᠯ -ᠠᠯᠠᠱᠠ ᠠᠢᠮᠠᠭ ᠤ᠋ᠨ ᠨᠠᠰᠤᠲᠠᠢᠴᠤᠳЗангарын арван хоёр баатрын магтаал-Алша аймгийн настайчууд ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠠᠷᠪᠠᠨ ᠬᠣᠶᠠᠷ ᠪᠠᠭᠠᠲᠤᠷ ᠤ᠋ᠨ ᠮᠠᠭᠲᠠᠭᠠᠯ -ᠠᠯᠠᠱᠠ ᠠᠢᠮᠠᠭ ᠤ᠋ᠨ ᠨᠠᠰᠤᠲᠠᠢᠴᠤᠳЗангарын арван хоёр баатрын магтаал-Алша аймгийн настайчууд

ᠵᠠᠩᠭᠠᠷ ᠤ᠋ᠨ ᠠᠷᠪᠠᠨ ᠬᠣᠶᠠᠷ ᠪᠠᠭᠠᠲᠤᠷ ᠤ᠋ᠨ ᠮᠠᠭᠲᠠᠭᠠᠯ -ᠠᠯᠠᠱᠠ ᠠᠢᠮᠠᠭ ᠤ᠋ᠨ ᠨᠠᠰᠤᠲᠠᠢᠴᠤᠳЗангарын арван хоёр баатрын магтаал-Алша аймгийн настайчууд

ᠠᠩᠭᠢᠯᠠᠯ:ᠲᠤᠤᠯᠢᠰ
2025-12-23

46

ᠵᠠᠩᠭᠠᠷ ᠤ᠋ᠨ ᠠᠷᠪᠠᠨ ᠬᠣᠶᠠᠷ ᠪᠠᠭᠠᠲᠤᠷ ᠤ᠋ᠨ ᠮᠠᠭᠲᠠᠭᠠᠯ


   ᠬᠥᠭᠵᠢᠮ ᠦ᠋ᠨ ᠨᠠᠢᠷᠠᠭᠤᠯᠭ᠎ᠠ᠄ ᠬᠣᠩ  ᠱᠧᠩ  
   ᠵᠢᠭᠠᠨ ᠵᠢᠯᠣᠭᠣᠳᠤᠭᠴᠢ ᠪᠠᠭᠰᠢ᠄ ᠪᠥᠬᠡ 
   ᠬᠠᠢᠯᠠᠭᠰᠠᠨ ᠨᠢ᠄ ᠠᠯᠠᠱᠠ ᠵᠠᠩᠭᠠᠷ ᠰᠣᠶᠣᠯ ᠢ᠋ ᠥᠪᠯᠡᠨ ᠤᠯᠠᠮᠵᠢᠯᠠᠬᠤ ᠲᠥᠪ
   ᠠᠯᠠᠱᠠ ᠠᠢᠮᠠᠭ ᠤ᠋ᠨ ᠨᠠᠰᠤᠲᠠᠢᠴᠤᠳ ᠤ᠋ᠨ ᠶᠡᠬᠡ ᠰᠤᠷᠭᠠᠭᠤᠯᠢ ᠶ᠋ᠢᠨ ᠵᠠᠩᠭᠠᠷ  ᠤ᠋ᠨ ᠠᠩᠭᠢ 

ᠡᠷᠲᠡᠨ ᠦ᠌ ᠡᠬᠢᠨ ᠴᠠᠭ ᠲᠤ᠌ 
ᠡᠨᠡ ᠪᠤᠮᠪᠠ ᠶ᠋ᠢᠨ ᠣᠷᠣᠨ ᠳ᠋ᠤ᠌ 
ᠱᠠᠵᠢᠨ ᠪᠤᠶᠠᠨ ᠳᠡᠯᠭᠡᠷᠡᠭᠡ ᠦᠭᠡᠢ ᠴᠠᠭ ᠲᠤ᠌ 
ᠭᠠᠳᠠᠭᠠᠳᠤ ᠳᠠᠯᠠᠢ ᠴᠠᠯᠴᠢᠭ ᠴᠠᠭ ᠲᠤ᠌ 
ᠭᠠᠯᠪᠢᠷ ᠽᠠᠨᠳᠠᠨ ᠨᠠᠢᠳᠠᠭ ᠴᠠᠭ ᠲᠤ᠌ 
ᠲᠣᠳᠢ ᠰᠢᠪᠠᠭᠤ ᠵᠤᠯᠵᠠᠭᠠᠨ ᠴᠠᠭ ᠲᠤ᠌  
ᠲᠤᠤᠷᠢ ᠮᠣᠳᠣᠨ ᠨᠠᠢᠳᠠᠭ ᠴᠠᠭ ᠲᠦ᠍
ᠰᠦᠮᠪᠦᠷ ᠠᠭᠤᠯᠠ ᠳᠣᠪᠣ ᠶ᠋ᠢᠨ ᠴᠢᠨᠡᠭᠡᠨ ᠴᠠᠭ ᠲᠤ᠌
ᠰᠦᠨ ᠳᠠᠯᠠᠢ ᠲᠣᠭᠲᠠᠭᠠᠯ ᠤ᠋ᠨ ᠴᠢᠨᠡᠭᠡᠨ ᠴᠠᠭ ᠲᠤ᠌
ᠠᠰᠤᠷᠤ ᠲᠩᠷᠢ ᠳᠡᠭᠳᠡᠭᠡᠬᠡᠢ ᠶ᠋ᠢᠨ ᠴᠢᠨᠡᠭᠡᠨ ᠴᠠᠭ ᠲᠤ᠌
ᠠᠯᠲᠠᠨ ᠳᠡᠯᠡᠬᠡᠢ ᠠᠯᠠᠭᠠᠨ ᠤ᠋ ᠴᠢᠨᠡᠭᠡᠨ ᠴᠠᠭ ᠲᠤ᠌
ᠠᠶᠠᠭ᠎ᠠ ᠶ᠋ᠢᠨ ᠴᠢᠨᠡᠭᠡᠨ ᠰᠢᠷ᠎ᠠ ᠨᠠᠷᠠ ᠶ᠋ᠢ ᠠᠳᠬᠤᠨ ᠲᠥᠷᠥᠭᠰᠡᠨ
ᠠᠯᠠᠭᠠᠨ ᠤ᠋ ᠴᠢᠨᠡᠭᠡᠨ ᠠᠯᠲᠠᠨ ᠳᠡᠯᠡᠬᠡᠢ ᠶ᠋ᠢ ᠡᠵᠡᠯᠡᠨ ᠲᠥᠷᠥᠭᠰᠡᠨ
ᠲᠠᠬᠢᠯ ᠵᠤᠯᠠ ᠬᠠᠭᠠᠨ ᠤ᠋ ᠦᠯᠡᠳᠡᠯ
ᠲᠠᠩᠰᠤᠭ ᠪᠤᠮᠪᠠ ᠬᠠᠭᠠᠨ ᠤ᠋ ᠠᠴᠢ

ᠦᠵᠦᠩ ᠠᠯᠳᠠᠷ ᠬᠠᠭᠠᠨ ᠤ᠋ ᠬᠥᠪᠡᠭᠦᠨ
ᠦᠶ᠎ᠡ ᠶ᠋ᠢᠨ ᠥᠨᠥᠴᠢᠨ ᠪᠣᠭᠳᠠ ᠨᠣᠶᠠᠨ ᠵᠠᠩᠭᠠᠷ  ᠢ᠋ᠶ᠋ᠠᠨ
ᠥᠩ ᠥᠷᠭᠡᠨ ᠠᠯᠠᠱᠠ ᠳ᠋ᠠᠭᠠᠨ
ᠥᠪᠯᠡᠨ ᠤᠯᠠᠮᠵᠢᠯᠠᠵᠤ ᠬᠠᠢᠯᠠᠵᠠᠭᠠᠶ᠎ᠠ 
ᠬᠠᠨ ᠲᠩᠷᠢ ᠠᠯᠠᠱᠠ ᠳ᠋ᠠᠭᠠᠨ
ᠬᠠᠩᠭᠢᠨᠠᠭᠤᠯᠤᠨ ᠡᠭᠡᠰᠢᠭᠯᠡᠵᠦ ᠬᠠᠢᠯᠠᠵᠠᠭᠠᠶ᠎ᠠ  ᠬᠠᠢᠯᠠᠵᠠᠭᠠᠶ᠎ᠠ
 
ᠲᠦᠪᠰᠢᠨ ᠰᠢᠷᠭᠢ ᠶ᠋ᠢᠨ ᠠᠴᠢ
ᠲᠡᠮᠦᠷᠯᠢᠭ ᠲᠡᠮᠦᠷ ᠬᠠᠭᠠᠨ ᠤ᠋ ᠬᠥᠪᠡᠭᠦᠨ
ᠪᠥᠬᠡ ᠮᠥᠩᠭᠥᠨ ᠰᠢᠭᠰᠢᠷᠡᠭᠡ ᠶ᠋ᠢᠨ
ᠤᠤᠭᠠᠨ ᠭᠠᠭᠴᠠ ᠬᠥᠪᠡᠭᠦᠨ
ᠠᠷᠪᠠᠨ ᠬᠣᠶᠠᠷ ᠪᠠᠭᠠᠲᠤᠷ ᠢ᠋ᠶ᠋ᠠᠨ
ᠠᠯᠠᠭ ᠨᠢᠳᠦᠨ ᠦ᠌ ᠡᠷᠭᠢᠴᠡ ᠪᠡᠷ ᠪᠠᠢᠯᠭᠠᠳᠠᠭ
ᠠᠷᠤ ᠪᠤᠮᠪᠠ ᠶ᠋ᠢᠨ ᠣᠷᠣᠨ ᠤ᠋
ᠠᠷᠠᠭ ᠤᠯᠠᠭᠠᠨ ᠬᠣᠩᠭᠣᠷ ᠭᠡᠨ᠎ᠡ ᠯᠦ᠍

ᠲᠡᠮᠦᠷ ᠰᠦᠮ᠎ᠡ ᠶ᠋ᠢᠨ ᠡᠭᠦᠳᠡ ᠶ᠋ᠢ
ᠪᠠᠲᠤᠯᠠᠨ ᠰᠠᠬᠢᠳᠠᠭ ᠠᠯᠲᠠᠨ ᠴᠡᠭᠡᠵᠢ
ᠲᠥᠷᠥ ᠱᠠᠵᠢᠨ ᠬᠣᠶᠠᠷ ᠢ᠋
ᠨᠣᠮᠯᠠᠨ ᠰᠠᠬᠢᠳᠠᠭ ᠠᠯᠲᠠᠨ ᠴᠡᠭᠡᠵᠢ
ᠠᠷᠠᠭ ᠵᠤᠯᠠ ᠬᠠᠭᠠᠨ ᠤ᠋ ᠬᠥᠪᠡᠭᠦᠨ
ᠠᠭᠰᠤᠮ ᠤᠯᠠᠭᠠᠨ ᠬᠦᠯᠦᠭ ᠲᠡᠢ
ᠠᠶᠠᠭ᠎ᠠ ᠶ᠋ᠢᠨ ᠴᠢᠨᠡᠭᠡᠨ ᠠᠯᠠᠭ ᠨᠢᠳᠦ ᠲᠡᠢ
ᠠᠯᠲᠠᠨ ᠴᠡᠭᠡᠵᠢ ᠪᠠᠪᠠ ᠭᠡᠨ᠎ᠡ ᠯᠦ᠍

ᠨᠠᠶᠠᠨ ᠨᠢᠭᠡᠨ ᠠᠯᠲᠠ ᠡᠰᠢ ᠲᠡᠢ
ᠨᠠᠢ᠍ᠮᠠᠨ ᠠᠯᠲᠠ ᠢᠷ ᠲᠡᠢ
ᠬᠤᠷᠴᠠ ᠴᠠᠭᠠᠨ ᠰᠢᠳᠦ ᠲᠡᠢ
ᠬᠤᠷᠳᠤᠨ ᠭᠠᠯᠵᠠᠨ  ᠬᠦᠯᠦᠭ ᠲᠡᠢ
ᠬᠦᠢᠲᠡᠨ ᠴᠢᠯᠠᠭᠤᠨ ᠵᠢᠷᠦᠬᠡ ᠲᠡᠢ
ᠬᠦᠷᠦᠭᠡ ᠭᠠᠵᠠᠷ ᠢᠳᠡ ᠲᠡᠢ
ᠬᠥᠮᠦᠨ ᠦ᠌ ᠨᠠᠴᠢᠨ ᠱᠣᠩᠬᠣᠷ
ᠬᠦᠨᠳᠦ ᠭᠠᠷᠲᠤ ᠰᠠᠪᠠᠷ ᠭᠡᠨ᠎ᠡ ᠯᠦ᠍

ᠨᠠᠳᠤᠷ ᠴᠠᠭᠠᠨ ᠠᠷᠪᠢᠩ  ᠢ᠋ᠶ᠋ᠠᠨ
ᠮᠣᠯᠣᠷ ᠠᠯᠲᠠᠨ ᠲᠦᠳᠡᠭ ᠢ᠋ᠶ᠋ᠡᠷ
ᠨᠠᠶᠠᠨ ᠳᠠᠪᠬᠤᠷ ᠪᠦᠳᠦᠷᠢᠨ  ᠪᠦᠰᠡᠯᠡᠭᠰᠡᠨ
ᠠᠯᠲᠠᠨ ᠲᠢᠲᠢᠮ ᠦ᠋ᠨ ᠡᠷᠬᠢᠮ ᠲᠡᠢ
ᠡᠵᠡᠨ ᠰᠢᠷᠭᠢ ᠶ᠋ᠢᠨ ᠠᠴᠢ
ᠲᠠᠷᠪᠤᠰ ᠳᠠᠯᠠᠢ ᠬᠠᠭᠠᠨ ᠤ᠋ ᠬᠥᠪᠡᠭᠦᠨ
ᠤᠷᠲᠤ ᠬᠠᠷ᠎ᠠ ᠬᠦᠯᠦᠭ ᠲᠡᠢ
ᠤᠰᠤᠨ ᠲᠠᠷᠭᠤᠨ ᠭᠦᠵᠡᠭᠡᠨ ᠬᠦᠮᠪᠡ  ᠭᠡᠨ᠎ᠡ ᠯᠦ᠍

ᠬᠤᠷᠮᠤᠰᠲᠠ ᠲᠩᠷᠢ ᠡᠴᠡ ᠪᠠᠭᠤᠯᠭᠠᠵᠤ ᠥᠭᠭᠦᠭᠰᠡᠨ
ᠬᠤᠷᠳᠤᠨ ᠰᠢᠷᠭ᠎ᠠ ᠶ᠋ᠢᠨ ᠤᠤᠭᠠᠨ ᠦᠷ᠎ᠡ ᠨᠢ
ᠶᠢᠰᠦᠨ ᠲᠥᠭᠡ ᠠᠯᠲᠠᠨ ᠰᠣᠶᠣᠭ᠎ᠠ ᠲᠠᠢ
ᠬᠤᠷᠳᠤᠨ ᠵᠢᠭᠦᠷᠲᠦ ᠬᠣᠩᠭᠣᠷ ᠬᠦᠯᠦᠭ ᠲᠡᠢ
ᠵᠠᠯᠠᠭᠤ ᠪᠠᠭ᠎ᠠ ᠲᠣᠢᠪᠣᠷ ᠴᠠᠭ ᠲᠠᠭᠠᠨ
ᠽᠠᠮᠪᠤᠯᠢᠩ ᠤ᠋ᠨ ᠣᠷᠴᠢᠯᠠᠩ ᠢ᠋ ᠡᠯᠡᠭᠡᠭᠰᠡᠨ
ᠳᠣᠭᠰᠢᠨ ᠰᠢᠷᠭᠢ ᠶ᠋ᠢᠨ ᠳᠤᠮᠳᠠ ᠬᠥᠪᠡᠭᠦᠨ
ᠲᠣᠭᠰᠢᠨ ᠲᠠᠬᠢᠯ ᠠᠯᠲᠠᠨ ᠠᠷᠠᠭ᠎ᠠ ᠯᠦ᠍

ᠪᠤᠮᠪᠠ ᠡᠷᠴᠢᠰ ᠳᠠᠯᠠᠢ
ᠪᠣᠭᠳᠠ ᠥᠨᠳᠥᠷ ᠠᠭᠤᠯᠠ ᠶ᠋ᠢ
ᠰᠠᠢᠨ ᠡᠷ᠎ᠡ ᠬᠦᠴᠦ ᠪᠡᠷ ᠢ᠋ᠶ᠋ᠡᠨ
ᠰᠠᠬᠢᠨ ᠰᠠᠭᠤᠭᠰᠠᠨ ᠲᠡᠦᠬᠡ ᠲᠡᠢ
ᠡᠵᠡᠨ ᠰᠢᠷᠭᠢ ᠶ᠋ᠢᠨ ᠠᠴᠢ
ᠪᠣᠯᠢᠩᠭᠠᠷ ᠤ᠋ᠨ ᠭᠠᠭᠴᠠ ᠬᠥᠪᠡᠭᠦᠨ
ᠪᠤᠭᠤᠷᠤᠯ ᠭᠠᠯᠵᠠᠨ ᠬᠦᠯᠦᠭ ᠲᠡᠢ
ᠪᠤᠮᠪᠠ ᠶ᠋ᠢᠨ ᠲᠣᠭᠰᠢᠨ ᠬᠠᠷ᠎ᠠ ᠰᠠᠨᠠᠯ ᠭᠡᠨ᠎ᠡ ᠯᠦ᠍

ᠬᠣᠣ ᠽᠠᠨᠳᠠᠨ ᠴᠤᠭᠤᠷ ᠢ᠋ᠶ᠋ᠠᠨ
ᠤᠶᠠᠩᠭᠠᠯᠠᠨ ᠲᠠᠲᠠᠬᠤᠯᠠᠷ
ᠬᠤᠨ ᠰᠢᠪᠠᠭᠤ ᠳᠣᠩᠭᠣᠳᠤᠭᠰᠠᠨ ᠮᠡᠲᠦ
ᠣᠭᠲᠠᠷᠭᠤᠢ ᠳ᠋ᠤ᠌ ᠵᠢᠷᠵᠢᠭᠢᠨᠡᠲᠡᠯ᠎ᠡ  ᠰᠣᠨᠣᠰᠳᠠᠳᠠᠭ
ᠡᠵᠡᠨ ᠪᠣᠭᠳᠠ ᠵᠠᠩᠭᠠᠷ  ᠤ᠋ᠨ
ᠡᠷᠬᠢᠮ ᠰᠠᠢᠬᠠᠨ ᠨᠡᠷᠡᠲᠡᠢ ᠰᠥᠩᠴᠢ  
ᠡᠷᠬᠡ ᠲᠤᠭ ᠬᠠᠭᠠᠨ ᠤ᠋ ᠬᠥᠪᠡᠭᠦᠨ
ᠣᠷᠴᠢᠯᠠᠩ ᠤ᠋ᠨ ᠰᠠᠢᠬᠠᠨ ᠮᠢᠩᠶᠡᠨ  ᠭᠡᠨ᠎ᠡ ᠯᠦ᠍

 ᠠᠷᠠᠵᠠᠨ ᠮᠢᠩᠭᠠᠨ ᠪᠣᠳᠣᠩ ᠢ᠋ᠶ᠋ᠠᠨ
ᠭᠣᠣ ᠶ᠋ᠢᠨ ᠳᠤᠮᠳᠠ ᠬᠡᠪᠲᠡᠭᠰᠡᠨ
ᠭᠤᠨᠠᠨ ᠠᠶᠤᠤ ᠶ᠋ᠢᠨ ᠰᠥᠰᠥᠨ ᠳ᠋ᠦ᠍
ᠬᠠᠭᠠᠷᠠᠮ᠎ᠠ ᠳᠠᠭᠤ ᠪᠠᠷ ᠳᠠᠭᠤᠳᠠᠳᠠᠭ
 ᠠᠷᠠᠵᠠᠨ ᠨᠠᠢ᠍ᠮᠠᠨ ᠮᠢᠩᠭᠠᠨ
ᠪᠣᠳᠣᠩ ᠤ᠋ᠨ ᠠᠬᠠᠯᠠᠭᠠᠴᠢ
ᠵᠠᠶᠠᠭᠠᠲᠤ ᠠᠯᠳᠠᠷ ᠬᠠᠭᠠᠨ ᠤ᠋ ᠬᠥᠪᠡᠭᠦᠨ
ᠵᠠᠯᠠᠭᠤ ᠪᠤᠷᠬᠠᠨ ᠪᠣᠷᠣ ᠮᠠᠩᠨᠠᠢ ᠭᠡᠨ᠎ᠡ ᠯᠦ᠍
ᠵᠠᠯᠠᠭᠤ ᠪᠤᠷᠬᠠᠨ ᠪᠣᠷᠣ ᠮᠠᠩᠨᠠᠢ ᠭᠡᠨ᠎ᠡ ᠯᠦ᠍

ᠨᠠᠶᠠᠨ ᠭᠣᠣᠯ ᠤ᠋ᠨ ᠬᠤᠯᠤᠰᠤᠨ ᠠ᠋ᠴᠠ
ᠠᠷᠠᠢᠬᠠᠨ ᠣᠯᠳᠠᠭᠰᠠᠨ ᠴᠣᠬᠣᠷ ᠯᠢᠩᠪᠦ ᠶ᠋ᠢ
ᠬᠤᠨ ᠨᠤᠭᠤᠰᠤᠨ ᠤ᠋ ᠳᠠᠭᠤ ᠲᠠᠢ ᠲᠠᠲᠠᠳᠠᠭ
ᠡᠷᠬᠡ ᠬᠠᠷ᠎ᠠ ᠨᠢᠳᠦᠨ ᠯᠦ᠍
ᠮᠤᠢᠮ᠎ᠠ ᠬᠠᠶᠠᠵᠤ ᠠᠯᠳᠠᠵᠤ ᠦᠵᠡᠭᠡ ᠦᠭᠡᠢ
ᠮᠣᠷᠢᠨ ᠬᠦᠯᠦᠭ ᠡᠴᠡ ᠰᠠᠯᠵᠤ ᠦᠵᠡᠭᠡ ᠦᠭᠡᠢ
ᠵᠠᠶᠠᠭᠠᠴᠢ ᠠᠯᠳᠠᠷ ᠬᠠᠭᠠᠨ ᠤ᠋ ᠬᠥᠪᠡᠭᠦᠨ
ᠡᠷᠬᠡ ᠬᠠᠷ᠎ᠠ ᠨᠢᠳᠦᠨ ᠭᠡᠨ᠎ᠡ ᠯᠦ᠍

ᠠᠷᠪᠠᠨ ᠬᠣᠶᠠᠷ ᠰᠠᠷ᠎ᠠ ᠶ᠋ᠢᠨ ᠭᠠᠵᠠᠷ ᠠ᠋ᠴᠠ
ᠤᠨᠠᠭ᠎ᠠ ᠳᠠᠭ᠎ᠠ ᠬᠣᠶᠠᠷ
ᠬᠠᠮᠢᠭ᠎ᠠ ᠪᠠᠨ  ᠬᠠᠯᠢᠶᠠᠭᠠᠳ ᠭᠢᠰᠬᠢᠵᠦ ᠪᠠᠢᠭ᠎ᠠ ᠶ᠋ᠢ
ᠡᠨᠳᠡᠯ ᠦᠭᠡᠢ ᠦᠵᠡᠵᠦ ᠴᠢᠳᠠᠳᠠᠭ
ᠰᠠᠯᠬᠢᠨ ᠠ᠋ᠴᠠ ᠳᠡᠯᠢᠮ ᠬᠤᠷᠳᠤᠨ
ᠰᠠᠨᠠᠭᠠᠨ ᠠ᠋ᠴᠠ ᠠᠯᠲᠠ ᠬᠤᠷᠳᠤᠨ
ᠴᠠᠬᠢᠭᠤᠷ ᠴᠠᠭᠠᠨ ᠬᠦᠯᠦᠭ ᠲᠡᠢ 
ᠲᠢᠳᠡᠷᠡᠢ ᠰᠠᠯᠬᠢᠨ ᠲᠠᠪᠠᠭ ᠭᠡᠨ᠎ᠡ ᠯᠦ᠍

ᠬᠤᠷᠮᠤᠰᠲᠠ ᠲᠩᠷᠢ ᠪᠡᠷ ᠨᠢᠰᠦᠭᠰᠡᠨ
ᠣᠭᠣᠯᠢ ᠲᠣᠳᠢ ᠰᠢᠪᠠᠭᠤ ᠶ᠋ᠢ
ᠬᠠᠮᠠᠷ ᠤ᠋ᠨ ᠨᠦᠬᠡ ᠪᠡᠷ ᠬᠠᠷᠪᠤᠭᠰᠠᠨ ᠳ᠋ᠠᠭᠠᠨ
ᠬᠠᠷ᠎ᠠ ᠵᠢᠯᠢᠩ ᠰᠤᠮᠤᠴᠢ ᠴᠣᠯᠠ ᠣᠯᠤᠭᠠᠳ
ᠳᠠᠯᠠᠨ ᠬᠠᠭᠠᠨ ᠤ᠋ ᠨᠤᠲᠤᠭ ᠲᠠᠭᠠᠨ
ᠬᠠᠷᠪᠤᠭᠠᠴᠢ ᠪᠠᠷ ᠢ᠋ᠶ᠋ᠠᠨ ᠨᠡᠷ᠎ᠡ ᠲᠤᠭᠤᠷᠠᠭᠰᠠᠨ
ᠬᠠᠷᠠᠶᠠᠳᠡᠢ ᠬᠠᠭᠠᠨ ᠤ᠋ ᠬᠥᠪᠡᠭᠦᠨ
ᠬᠠᠷ᠎ᠠ ᠵᠢᠯᠢᠩ ᠰᠤᠮᠤᠴᠢ ᠭᠡᠨ᠎ᠡ ᠯᠦ᠍

ᠲᠠᠩᠭᠤᠳ ᠤ᠋ᠨ ᠬᠡᠯᠡ ᠶ᠋ᠢ ᠲᠠᠵᠢᠭᠢᠨᠠᠲᠠᠯ᠎ᠠ ᠬᠡᠯᠡᠳᠡᠭ
ᠲᠠᠩᠭᠤᠳ ᠤᠯᠠᠭᠠᠨ ᠰᠠᠪᠠᠷ ᠳᠡᠭᠡᠷ᠎ᠡ
ᠳᠦᠷᠢ ᠵᠤᠵᠠᠭᠠᠨ ᠥᠷᠥᠮ᠎ᠡ ᠶ᠋ᠢ
ᠲᠣᠭᠲᠠᠲᠠᠯ᠎ᠠ ᠬᠡᠯᠡᠳᠡᠭ ᠬᠡ ᠵᠢᠯᠭᠠᠨ 
ᠲᠠᠩᠰᠤᠭ ᠪᠤᠮᠪᠠ ᠶ᠋ᠢᠨ ᠣᠷᠣᠨ ᠳ᠋ᠠᠭᠠᠨ
ᠲᠡᠰᠦᠮ᠎ᠡ ᠪᠣᠯᠤᠭᠰᠠᠨ ᠠᠯᠠᠭ ᠬᠦᠯᠦᠭ ᠲᠡᠢ
ᠲᠠᠷᠢᠶᠠᠴᠢ ᠠᠯᠳᠠᠷ ᠬᠠᠭᠠᠨ ᠤ᠋ ᠬᠥᠪᠡᠭᠦᠨ
ᠲᠠᠪᠠᠲᠠᠢ ᠬᠡᠯᠡᠮᠥᠷᠢᠴᠢ ᠬᠡ ᠵᠢᠯᠭᠠᠨ  ᠭᠡᠨ᠎ᠡ ᠯᠦ᠍
ᠲᠠᠪᠠᠲᠠᠢ ᠬᠡᠯᠡᠮᠦᠷᠢᠴᠢ ᠬᠡ  ᠵᠢᠯᠭᠠᠨ  ᠭᠡᠨ᠎ᠡ ᠯᠦ᠍
ᠭᠡᠨ᠎ᠡ ᠯᠦ᠍

  ᠦᠰᠦᠭ ᠠᠮᠢᠯᠠᠭᠤᠯᠤᠭᠴᠢ᠄ ᠰᠣᠨᠢᠨᠪᠠᠶᠠᠷ 
  ᠦᠰᠦᠭ ᠬᠠᠳᠠᠭᠴᠢ᠄ ᠪᠠᠢ᠂ ᠰᠠᠷᠠᠨ᠎ᠠ
  ᠬᠢᠨᠠᠭᠴᠢ᠄ ᠰᠣᠨᠢᠨᠪᠠᠶᠠᠷ