ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠴᠢᠨ ᠭᠤᠷᠪᠠ> Хялгасан дөрөөн дээр – Хасвулаг зохиов <43>
ᠠᠩᠭᠢᠯᠠᠯ:ᠲᠤᠭᠤᠵᠢ ᠷᠣᠮᠠᠨТоож роман 2026-04-01
122
ᠬᠢᠯᠭᠠᠰᠤᠨ ᠳᠥᠷᠥᠭᠡᠨ ᠳᠡᠭᠡᠷ᠎ᠡ - <ᠳᠥᠴᠢᠨ ᠭᠤᠷᠪᠠ> ᠳᠥᠴᠢᠨ ᠭᠤᠷᠪᠠ ᠲᠦᠪᠰᠢᠨ ᠥᠨᠥᠳᠥᠷ ᠴᠤ᠌ ᠡᠦ ᠹᠧᠩ ᠮᠧᠢ ᠲᠡᠢ ᠪᠦᠬᠦᠯᠢ ᠳᠥᠷᠪᠡᠨ ᠴᠠᠭ ᠶᠠᠷᠢᠯᠴᠠᠯ᠎ᠠ᠃ ᠡᠨᠡ ᠬᠣᠶᠠᠷ ᠪᠣᠯᠤᠷᠴᠠᠭᠠᠨ ᠤ᠋ ᠬᠡᠷᠡᠭ ᠢ᠋ ᠡᠬᠢᠨ ᠡᠴᠡ ᠨᠢ ᠳᠠᠭᠤᠰᠲᠠᠯ᠎ᠠ ᠶᠠᠷᠢᠯᠴᠠᠭᠰᠠᠨ ᠪᠥᠭᠡᠳ ᠪᠣᠯᠤᠷᠴᠠᠭᠠᠨ᠂ ᠡᠦ ᠹᠧᠩ ᠮᠧᠢ ᠬᠣᠶᠠᠷ ᠤ᠋ᠨ ᠠᠷᠪᠠᠨ ᠬᠡᠳᠦᠨ ᠵᠢᠯ ᠦᠷᠭ...