ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠬᠣᠷᠢᠨ ᠭᠤᠷᠪᠠ〕 Цаг төрийн үймээн – Д ᠂ Намдаг - Цаг төрийн үймээн ᠂ гуравдугаар бүлэг - 23
ᠠᠩᠭᠢᠯᠠᠯ:ᠲᠤᠭᠤᠵᠢ ᠷᠣᠮᠠᠨТоож роман 2026-03-20
81
ᠡᠴᠦᠰ ᠦ᠋ᠨ ᠬᠥᠮᠦᠨ ᠥᠨᠳᠥᠷ ᠳᠠᠮᠫᠢᠯ ᠠ᠋ᠴᠠ ᠬᠣᠢᠰᠢ ᠲᠠᠪᠤᠨ ᠬᠣᠨᠣᠭ ᠤ᠋ᠨ ᠳᠠᠷᠠᠭ᠎ᠠ ᠳᠣᠷᠵᠢ ᠳᠠᠷᠤᠭ᠎ᠠ ᠲᠠᠢ ᠪᠢᠴᠢᠬᠠᠨ ᠠᠩᠭᠢ ᠳᠠᠢᠰᠤᠨ ᠤ᠋ ᠲᠠᠯ᠎ᠠ ᠶ᠋ᠢᠨ ᠨᠢᠭᠡ ᠬᠥᠮᠦᠨ ᠢ᠋ ᠪᠠᠷᠢᠵᠤ ᠠᠪᠤᠯ᠎ᠠ᠃ ᠲᠡᠷᠡ ᠡᠷ᠎ᠡ ᠶ᠋ᠢᠨ ᠭᠠᠳᠠᠭᠠᠳᠤ ᠪᠠᠢᠳᠠᠯ ᠪᠦᠳᠦᠭᠦᠨ ᠪᠣᠯᠬᠢ᠂ ᠪᠢᠷ᠎ᠠ ᠴᠢᠳᠠᠯ ᠢ᠋ᠶ᠋ᠠᠷ ᠪᠠᠭᠠᠪᠠᠭᠠᠢ ᠰᠢᠭ᠋ ᠪᠠᠢᠪᠠᠴᠤ ᠵᠠᠩ ᠴᠢᠨᠠᠷ ᠨᠢ ᠬᠣᠨᠢ ᠰᠢᠭ᠋ ᠨᠣᠮᠣᠬᠠᠨ ᠪᠥᠭᠡᠳ ᠬᠣᠨᠢᠨ ᠬᠡᠯᠪᠡᠷᠢ ᠶ᠋ᠢᠨ ᠬᠦᠷᠡᠩ ᠰᠢᠷᠭᠠᠯ ᠨᠢᠳᠦ ᠪᠡᠷ ᠢ᠋ᠶ᠋ᠡᠨ ᠡᠨᠡ ᠲᠡ...