ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠳᠥᠷᠪᠡᠳᠦᠭᠡᠷ ᠪᠦᠯᠦᠭ –1>᠂ ᠨᠠᠢᠷᠠᠯ ᠬᠥᠭᠵᠢᠮ ᠦᠨ ᠤᠶᠠᠩᠭ᠎ᠠ Бүргэд харьд үүрэлдэггүй – Ж᠂ Пүрэв <4-р бүлэг ~1>.найрал хөгжмийн уянга
ᠳᠥᠷᠪᠡᠳᠦᠭᠡᠷ ᠪᠥᠯᠥᠭ -ᠯᠤᠤ ᠤᠨᠵᠢᠭᠰᠠᠨ ᠬᠠᠪᠤᠷ
ᠨᠢᠭᠡ᠂ᠨᠠᠢᠷᠠᠯ ᠬᠥᠭᠵᠢᠮ ᠦᠨ ᠤᠶᠠᠩᠭ᠎ᠠ
ᠭᠠᠳᠠᠨ᠎ᠠ ᠴᠢᠮᠡᠭᠡ ᠭᠠᠷᠬᠤ ᠲᠠᠢ ᠵᠡᠷᠭᠡ ᠮᠣᠷᠢᠨᠱᠠᠬᠠᠢ ᠬᠡᠦᠬᠡᠨ ᠳᠡᠪᠡᠯ ᠨᠥᠮᠥᠷᠦᠨ ᠭᠠᠷᠴᠤ ᠢᠷᠡᠭᠡᠳ ᠳᠣᠣᠷ᠎ᠠ ᠪᠠᠨ ᠪᠡᠶ᠎ᠡ ᠪᠡᠶ᠎ᠡ ᠪᠡᠨ ᠲᠠᠨᠢᠵᠤ ᠮᠡᠳᠡᠨ ᠪᠥᠭᠡᠮ ᠱᠤᠤᠭᠢᠶᠠᠨ ᠪᠣᠯᠵᠤ ᠵᠣᠯᠭᠠᠪᠠ᠃ ᠶᠡᠬᠡ ᠰᠣᠨᠢᠨ ᠤᠴᠠᠷᠠᠯ ᠪᠣᠯᠤᠯ᠎ᠠ᠃ ᠳᠡᠭᠦᠦ ᠪᠢᠯᠢᠭᠦᠨ ᠨᠢ ᠠᠷᠢᠬᠪᠥᠬᠡ ᠵᠠᠬᠢᠷᠤᠭᠴᠢ ᠶ᠋ᠢᠨ ᠵᠠᠷᠤᠭᠤᠯ ᠢ᠋ᠶ᠋ᠠᠷ ᠮᠠᠷᠭᠠᠰᠢ ᠥᠷᠯᠥᠭᠡ ᠨᠢ ᠲᠡᠷᠲᠡᠭᠡ ᠢᠷᠡᠨ᠂ ᠰᠠᠮᠠᠷᠺᠠᠨᠳᠢ᠂ ᠪᠤᠬᠠᠷ ᠢ᠋ ᠵᠣᠷᠢᠨ ᠣᠳᠬᠤ ᠨᠣᠶᠠᠨ ᠰᠢᠳᠠᠷᠯᠠᠨ ᠶᠠᠪᠤᠬᠤ ᠪᠠᠷ ᠪᠡᠶ᠎ᠡ ᠪᠡᠯᠡᠳᠬᠡᠨ ᠪᠣᠢ ᠠᠵᠢ᠃ ᠠᠬ᠎ᠠ ᠳᠡᠭᠦᠦ ᠬᠣᠶᠠᠷ ᠠᠮᠠ ᠮᠥᠯᠲᠥᠰ ᠠᠭᠤᠯᠵᠠᠯ᠎ᠠ᠃ ᠨᠢᠭᠡ ᠯᠡ ᠬᠣᠨᠣᠭ ᠬᠦᠯᠦᠭ ᠬᠣᠵᠢᠭᠤ ᠢᠷᠡᠭᠰᠡᠨ ᠪᠣᠯ ᠪᠢᠯᠢᠭᠦᠨ ᠲᠡᠢ ᠤᠴᠠᠷᠠᠵᠤ ᠴᠢᠳᠠᠬᠤ ᠦᠭᠡᠢ ᠪᠣᠯᠬᠤ ᠪᠠᠢᠪᠠ᠃ ᠲᠡᠳᠡ ᠬᠣᠭᠣᠯᠠ ᠴᠠᠢ ᠢᠳᠡᠵᠦ ᠤᠤᠭᠤᠵᠤ ᠰᠥᠨᠢᠵᠢᠨ ᠶᠠᠷᠢᠯᠴᠠᠯ᠎ᠠ᠃ ᠶᠠᠭᠠᠬᠢᠬᠤ ᠪᠣᠢ ᠳᠠ᠃ ᠬᠣᠶᠠᠷ ᠵᠠᠬᠢᠷᠤᠭᠴᠢ ᠶᠠᠭᠤ ᠬᠢᠵᠦ ᠪᠠᠢᠭ᠎ᠠ ᠪᠣᠯᠤᠨ ᠶᠠᠮᠠᠷ ᠬᠡᠷᠡᠭ ᠢ᠋ᠶ᠋ᠡᠷ ᠶᠠᠪᠤᠵᠤ ᠪᠠᠢᠭ᠎ᠠ ᠪᠠᠨ ᠯᠠ ᠶᠠᠷᠢᠯᠴᠠᠪᠠ᠃
— ᠵᠠᠬᠢᠷᠤᠭᠴᠢ ᠬᠤᠪᠢᠯᠠᠢ ᠶ᠋ᠢ ᠪᠠᠬᠠᠨ ᠬᠢᠲᠠᠳ ᠲᠦᠰᠢᠮᠡᠳ᠂ ᠡᠷᠳᠡᠮᠲᠡᠨ ᠨᠦ᠍ᠭᠦᠳ ᠲᠣᠭᠣᠷᠢᠨ ᠨᠣᠮ ᠰᠤᠷᠭᠠᠭᠤᠯᠢ ᠪᠣᠯᠭᠣᠭᠠᠵᠤ᠂ ᠥᠷᠯᠥᠭᠡ ᠣᠷᠣᠢ ᠦᠭᠡᠢ ᠶᠠᠷᠢᠶ᠎ᠠ ᠬᠥᠭᠡᠷᠦᠭᠡ ᠶᠡᠬᠡᠲᠡᠢ ᠪᠠᠢᠳᠠᠭ ᠪᠣᠯᠤᠭᠰᠠᠨ᠃ ᠴᠣᠬᠣᠮ ᠶᠠᠭᠤ ᠶᠠᠷᠢᠳᠠᠭ ᠢ᠋ ᠨᠢ ᠭᠦᠢᠴᠡᠳ ᠮᠡᠳᠡᠬᠦ ᠪᠢᠰᠢ᠃ ᠬᠢᠲᠠᠳ ᠡᠷᠳᠡᠮᠲᠡᠨ ᠶᠣᠣ ᠱᠤ᠌ ᠭᠡᠳᠡᠭ ᠮᠠᠭᠤ ᠰᠠᠨᠠᠭᠠᠨ ᠳ᠋ᠤ᠌ ᠮᠡᠷᠭᠡᠵᠢᠭᠰᠡᠨ ᠪᠣᠯᠪᠠ ᠤᠤ ᠭᠡᠮᠡᠷ ᠵᠢᠷᠲᠠᠭᠠᠢ ᠨᠢᠳᠦᠲᠡᠢ ᠲᠦᠰᠢᠮᠡᠳ ᠵᠠᠬᠢᠷᠤᠭᠴᠢ ᠶ᠋ᠢ《ᠶᠡᠬᠡ ᠡᠵᠡᠨ》 ᠭᠡᠵᠦ ᠨᠡᠷᠡᠯᠡᠭᠡᠳ᠂ ᠲᠡᠭᠦᠨ ᠳ᠋ᠦ᠍ ᠰᠤᠷᠭᠠᠮᠵᠢ ᠪᠣᠯᠬᠤ ᠵᠦᠢᠯ ᠬᠡᠯᠡᠬᠦ ᠳ᠋ᠦ᠍ ᠪᠡᠨ《ᠬᠢᠲᠠᠳ ᠬᠥᠮᠦᠰ ᠢ᠋ ᠬᠢᠲᠠᠳ ᠶᠣᠰᠣ ᠪᠠᠷ᠂ ᠬᠢᠲᠠᠳ ᠤ᠋ᠨ ᠬᠠᠤᠯᠢ ᠪᠠᠷ ᠵᠠᠬᠢᠷᠬᠤ ᠪᠣᠯ ᠭᠠᠷ ᠲᠤ ᠠᠮᠠᠷᠬᠠᠨ ᠣᠷᠣᠵᠤ᠂ ᠬᠥᠳᠡᠯᠭᠡᠭᠡᠨ ᠦᠭᠡᠢ ᠨᠣᠮᠣᠬᠠᠨ ᠪᠠᠢᠵᠤ ᠪᠣᠯᠤᠨ᠎ᠠ》 ᠭᠡᠵᠦ ᠬᠡᠯᠡᠳᠡᠭ᠃ ᠪᠠᠰᠠ《ᠬᠢᠲᠠᠳ ᠶᠣᠰᠣ ᠭᠣᠷᠢᠮ ᠢ᠋ ᠡᠪᠳᠡᠬᠦ ᠦᠭᠡᠢ ᠪᠠᠢᠪᠠᠯ ᠬᠢᠲᠠᠳ ᠬᠥᠮᠦᠰ ᠲᠠᠨ ᠤ᠋ ᠥᠯᠮᠡᠢ ᠳᠣᠣᠷ᠎ᠠ ᠰᠥᠭᠥᠳᠵᠦ ᠪᠠᠢᠬᠤ ᠪᠣᠯᠤᠨ᠎ᠠ》 ᠭᠡᠵᠦ ᠰᠤᠷᠭᠠᠳᠠᠭ᠃ ᠡᠨᠡ ᠨᠢ ᠴᠠᠭᠠᠨ᠎ᠠ ᠪᠠᠨ ᠴᠣᠬᠣᠮ ᠶᠠᠮᠠᠷ ᠨᠠᠷᠢᠨ ᠤᠳᠬ᠎ᠠ ᠤᠴᠢᠷᠲᠠᠢ ᠶ᠋ᠢ ᠪᠦᠷᠢᠨ ᠲᠠᠢᠯᠵᠤ ᠪᠠᠢᠭ᠎ᠠ ᠮᠣᠩᠭᠣᠯ ᠬᠥᠮᠦᠨ ᠣᠳᠣ ᠪᠠᠷ ᠠᠯᠠᠭ᠎ᠠ᠃ ᠳᠠᠭᠠᠵᠤ ᠪᠣᠳᠣᠪᠠᠯ ᠬᠢᠲᠠᠳ ᠤ᠋ᠨ ᠡᠷᠬᠡ ᠶ᠋ᠢ ᠬᠥᠨᠳᠡᠬᠦ ᠦᠭᠡᠢ ᠳᠠᠷᠬᠠᠨ ᠪᠠᠢᠯᠭᠠᠬᠤ ᠭᠡᠰᠡᠨ ᠰᠠᠨᠠᠭ᠎ᠠ ᠶᠤᠮ ᠤᠤ᠂ ᠮᠣᠩᠭᠣᠯ ᠵᠠᠬᠢᠷᠤᠭᠴᠢ ᠶ᠋ᠢ ᠬᠢᠲᠠᠳ ᠪᠣᠯᠭᠠᠬᠤ ᠭᠡᠰᠡᠨ ᠳᠠᠯᠳᠠ ᠪᠣᠳᠣᠯᠭ᠎ᠠ ᠪᠣᠯᠪᠠ ᠤᠤ ᠭᠡᠵᠦ ᠮᠠᠨ ᠤ᠋ ᠵᠠᠷᠢᠮ ᠰᠢᠳᠠᠷ ᠬᠥᠮᠦᠰ ᠬᠡᠯᠡᠵᠦ ᠪᠠᠢᠭ᠎ᠠ᠃ ᠬᠤᠪᠢᠯᠠᠢ ᠵᠠᠬᠢᠷᠤᠭᠴᠢ ᠥᠪᠡᠷ ᠢ᠋ᠶ᠋ᠡᠨ ᠤᠬᠠᠭᠠᠨ ᠪᠠᠢᠳᠠᠯ ᠰᠠᠢᠨᠲᠠᠢ ᠭᠡᠭᠳᠡᠳᠡᠭ ᠪᠣᠯᠬᠣᠷ ᠨᠠᠷᠢᠨ ᠤᠴᠢᠷ ᠢ᠋ ᠪᠣᠯᠭᠣᠭᠠᠳᠠᠭ ᠪᠢᠵᠡ ᠭᠡᠵᠦ ᠬᠦᠯᠦᠭ ᠶᠠᠷᠢᠯ᠎ᠠ᠃ ᠲᠡᠭᠡᠭᠡᠳ ᠬᠤᠪᠢᠯᠠᠢ ᠵᠠᠬᠢᠷᠤᠭᠴᠢ ᠲᠡᠷᠡ ᠬᠢᠲᠠᠳ ᠨᠣᠶᠠᠳ ᠲᠠᠢ ᠪᠠᠨ ᠯᠠ ᠬᠡᠳᠦᠭᠦᠯᠡᠬᠡᠨ ᠢ᠋ᠶ᠋ᠡᠨ ᠰᠠᠭᠤᠭᠠᠳ ᠬᠣᠭᠣᠷᠣᠨᠳᠣ ᠪᠠᠨ ᠵᠠᠷᠢᠮ ᠳ᠋ᠤ᠌ ᠪᠠᠨ ᠰᠥᠨᠢ ᠳᠦᠯᠢᠨ ᠶᠠᠷᠢᠯᠴᠠᠳᠠᠭ᠃ ᠲᠡᠷᠡ ᠪᠣᠯᠭᠠᠨ ᠳ᠋ᠤ᠌ ᠪᠠᠨ ᠨᠠᠮᠠᠶ᠋ᠢ ᠪᠠᠢᠯᠭᠠᠬᠤ ᠪᠢᠰᠢ ᠳᠡ᠃ ᠪᠠᠢᠭᠠᠳ ᠴᠦ᠍ ᠪᠢ ᠬᠢᠲᠠᠳ ᠬᠡᠯᠡ ᠮᠡᠳᠡᠬᠦ ᠦᠭᠡᠢ ᠪᠣᠯᠬᠣᠷ ᠳᠡᠮᠡᠢ ᠡᠪᠰᠢᠶᠡᠭᠡᠳ ᠰᠠᠭᠤᠵᠤ ᠪᠠᠢᠬᠤ ᠪᠣᠯᠤᠨ᠎ᠠ᠁ ᠭᠡᠵᠦ ᠬᠦᠯᠦᠭ ᠨᠡᠮᠡᠨ ᠥᠭᠦᠯᠡᠪᠡ᠃
— ᠮᠠᠨ ᠤ᠋ ᠡᠨᠳᠡ ᠴᠦ᠍ ᠢᠯᠡ ᠳᠠᠯᠳᠠ ᠶᠠᠷᠢᠶ᠎ᠠ ᠶᠡᠬᠡ ᠠ᠋᠃ ᠠᠷᠢᠬᠪᠦᠢ᠍᠋ᠬᠡ ᠵᠠᠬᠢᠷᠤᠭᠴᠢ ᠶ᠋ᠢ ᠲᠣᠭᠣᠷᠢᠭᠠᠳ ᠡᠳᠦᠷ ᠰᠥᠨᠢ ᠦᠭᠡᠢ ᠯᠡ ᠬᠥᠮᠦᠰ ᠶᠡᠬᠡ ᠵᠦᠢᠯ ᠪᠠᠰᠠ ᠶᠠᠷᠢᠬᠤ ᠪᠣᠯᠤᠭᠰᠠᠨ᠃ ᠠᠮᠢᠲᠠᠨ ᠤ᠋ ᠠᠮᠠᠨ ᠠ᠋ᠴᠠ ᠰᠣᠨᠣᠰᠪᠠᠯ ᠶᠡᠬᠡ ᠬᠠᠭᠠᠨ ᠤ᠋ ᠣᠷᠣ ᠶ᠋ᠢ ᠬᠡᠨ ᠵᠠᠯᠭᠠᠵᠤ ᠰᠠᠭᠤᠬᠤ ᠪᠣᠢ? ᠭᠡᠵᠦ ᠬᠡᠯᠡᠯᠴᠡᠳᠡᠭ ᠶᠦᠮ ᠪᠠᠢᠬᠤ᠃ ᠣᠯᠠᠩᠬᠢ ᠨᠣᠶᠠᠳ ᠠᠷᠢᠬᠪᠦᠢ᠍ᠬᠡ ᠵᠠᠬᠢᠷᠤᠭᠴᠢ ᠶ᠋ᠢ ᠰᠠᠭᠤᠬᠤ ᠶᠣᠰᠣᠲᠠᠢ᠃ ᠲᠡᠭᠡᠵᠦ ᠮᠥᠩᠬᠡ ᠠᠬ᠎ᠠ ᠨᠢ ᠬᠡᠯᠡᠳᠡᠭ ᠪᠠᠢᠭᠰᠠᠨ ᠭᠡᠳᠡᠭ ᠭᠡᠨ᠎ᠡ᠃ ᠠᠷᠢᠬᠪᠦᠢ᠍ᠬᠡ ᠥᠪᠡᠷ ᠢ᠋ᠶ᠋ᠡᠨ ᠬᠠᠭᠠᠨ ᠪᠣᠯᠬᠤ ᠳᠤᠷ᠎ᠠ ᠦᠭᠡᠢ ᠴᠦ᠍ ᠦᠭᠡᠢ᠂《ᠲᠠ ᠣᠯᠠᠨ ᠲᠡᠭᠡᠵᠦ ᠪᠠᠢᠭ᠎ᠠ ᠪᠣᠯ ᠪᠢ ᠲᠥᠷᠥ ᠶ᠋ᠢᠨ ᠬᠡᠷᠡᠭ ᠢ᠋ ᠬᠥᠲᠥᠯᠦᠭᠡᠳ ᠶᠠᠪᠤᠵᠤ ᠳᠥᠩᠭᠡᠬᠦ ᠪᠠᠢᠬᠤ》 ᠭᠡᠵᠦ ᠨᠢᠭᠡ ᠤᠳᠠᠭ᠎ᠠ ᠬᠡᠯᠡᠭᠰᠡᠨ ᠰᠤᠷᠠᠭ ᠲᠠᠢ᠃ ᠪᠢ ᠲᠡᠷᠡ ᠳᠡᠭᠡᠳᠦᠰ ᠦ᠋ᠳ ᠦ᠋ᠨ ᠶᠠᠷᠢᠶ᠎ᠠ ᠬᠥᠭᠡᠷᠭᠡᠨ ᠳ᠋ᠦ᠍ ᠣᠷᠣᠯᠴᠠᠵᠤ ᠪᠠᠢᠬᠤ ᠡᠷᠬᠡ ᠶ᠋ᠢ ᠶᠠᠭᠠᠬᠢᠨ ᠡᠳ᠋ᠯᠡᠬᠦ ᠪᠢᠯᠡ᠃ ᠶᠡᠷᠦ ᠨᠢ ᠳᠠᠯᠳᠠ ᠶᠠᠷᠢᠶ᠎ᠠ ᠶᠡᠬᠡ ᠪᠣᠯᠵᠤ ᠪᠠᠢᠭ᠎ᠠ᠃ ᠡᠨᠡ ᠬᠡᠷᠡᠭ ᠢ᠋ᠶ᠋ᠡᠷ ᠰᠦᠢᠲᠦ ᠨᠣᠶᠠᠨ ᠴᠠᠭᠠᠲᠠᠢ ᠠᠪᠠᠭ᠎ᠠ ᠠᠭᠰᠠᠨ ᠤ᠋ ᠦᠷᠭᠦᠭᠡᠨ ᠳ᠋ᠦ᠍ ᠣᠴᠢᠬᠤ᠂ ᠪᠠᠲᠤ ᠬᠠᠨ ᠤ᠋ ᠳᠡᠭᠦᠦ ᠪᠡᠬᠢ ᠲᠡᠢ ᠠᠭᠤᠯᠵᠠᠬᠤ ᠶᠤᠮ ᠪᠠᠢᠨ᠎ᠠ᠃ ᠪᠢ ᠪᠣᠯ ᠵᠥᠪᠬᠡᠨ ᠨᠣᠶᠠᠨ ᠡᠯᠴᠢ ᠶ᠋ᠢᠨ ᠪᠢᠴᠢᠭ ᠳᠠᠩᠰᠠ᠂ ᠬᠡᠷᠡᠭᠡ( ᠫᠠᠢᠰᠠ) ᠶ᠋ᠢ ᠬᠠᠳᠠᠭᠠᠯᠠᠨ ᠠᠪᠴᠤ ᠶᠠᠪᠤᠬᠤ ᠶᠣᠰᠣᠲᠠᠢ ᠪᠣᠯᠵᠤ ᠪᠠᠢᠭ᠎ᠠ᠃ ᠰᠦᠢᠲᠦ ᠨᠣᠶᠠᠨ ᠢ᠋ ᠬᠠᠲᠠᠭᠤ ᠰᠢᠷᠦᠭᠦᠨ ᠭᠡᠵᠦ ᠬᠥᠮᠦᠰ ᠬᠡᠯᠡᠳᠡᠭ᠃ ᠲᠡᠭᠡᠭᠡᠳ ᠶᠠᠭᠠᠬᠢᠵᠤ ᠠᠭᠠᠰᠢᠯᠠᠬᠤ ᠳᠡᠭᠡᠳᠦᠰ ᠶᠦᠮ ᠪᠣᠯ᠂ ᠪᠢ ᠬᠡᠨ ᠳ᠋ᠦ᠍ ᠴᠦ᠍ ᠭᠡᠮ ᠬᠢᠬᠦ ᠦᠭᠡᠢ᠂ ᠲᠡᠷᠡ ᠪᠢᠴᠢᠭ ᠶᠠᠭᠤᠮ᠎ᠠ ᠶ᠋ᠢ ᠨᠢ ᠡᠭᠦᠷᠴᠦ ᠭᠡᠭᠡᠭᠳᠡᠭᠦᠯᠴᠢᠬᠦ ᠦᠭᠡᠢ ᠰᠢᠦ ᠪᠡᠶ᠎ᠡ ᠡᠴᠡ ᠪᠡᠨ ᠰᠠᠯᠭᠠᠯ ᠦᠭᠡᠢ ᠠᠪᠤᠭᠠᠳ ᠶᠠᠪᠤᠶ᠎ᠠ ᠭᠡᠵᠦ ᠪᠣᠳᠣᠵᠤ ᠪᠠᠢᠨ᠎ᠠ᠃ ᠨᠣᠶᠠᠨ ᠶᠠᠭᠤ ᠭᠡᠨ᠎ᠡ《ᠵᠠ》 ᠯᠠ ᠪᠢᠵᠡ ᠭᠡᠮᠡᠨ ᠪᠢᠯᠢᠭᠦᠨ ᠵᠢᠭᠠᠬᠠᠨ ᠰᠠᠨᠠᠭ᠎ᠠ ᠵᠣᠪᠠᠩᠭᠤᠢ ᠶᠠᠷᠢᠪᠠ᠃
— ᠲᠡᠢᠮᠦ ᠠ᠋᠂ ᠲᠡᠢᠮᠦ᠃ ᠡᠨᠡ ᠠᠬ᠎ᠠ ᠳᠡᠭᠦᠦ ᠬᠣᠶᠠᠷ ᠡᠵᠡᠨ ᠰᠢᠷᠡᠭᠡ ᠶ᠋ᠢ ᠬᠣᠭᠣᠷᠣᠨᠳᠣ ᠪᠠᠨ ᠪᠤᠯᠢᠶᠠᠴᠠᠯᠳᠤᠬᠤ ᠪᠠᠢᠳᠠᠯ ᠳ᠋ᠤ᠌ ᠣᠷᠣᠵᠤ ᠪᠠᠢᠭ᠎ᠠ ᠬᠡᠷᠡᠭ᠃ ᠲᠡᠭᠡᠭᠡᠳ ᠥᠷᠢᠰᠦᠯᠳᠦᠳᠡᠭ ᠶᠦᠮ ᠪᠣᠯ? ᠶᠠᠭᠠᠬᠢᠵᠤ ᠰᠢᠦ ᠪᠤᠯᠢᠶᠠᠴᠠᠯᠳᠤᠬᠤ ᠨᠢ ᠪᠣᠢ? ᠬᠡᠨ ᠨᠢ ᠳᠡᠢᠯᠳᠡᠭ ᠪᠣᠯ? ᠵᠠᠮ ᠳ᠋ᠤ᠌ ᠨᠢ ᠪᠢᠳᠡ ᠶᠠᠭᠠᠬᠢᠵᠤ ᠦᠷᠡᠭᠳᠡᠨ ᠰᠦᠢᠳᠬᠦ ᠪᠣᠯ? ᠭᠡᠳᠡᠭ ᠣᠯᠠᠨ ᠶᠠᠭᠤᠮ᠎ᠠ ᠶᠠᠷᠢᠯᠴᠠᠪᠠ᠃ ᠶᠠᠭᠠᠬᠢᠳᠠᠭ ᠰᠢᠦ ᠶᠦᠮ ᠪᠢᠯᠡ?
— ᠠᠬ᠎ᠠ ᠮᠢᠨᠢ! ᠡᠨᠡ ᠶᠡᠬᠡ ᠲᠦᠪᠡᠭᠲᠡᠢ ᠬᠡᠷᠡᠭ ᠪᠣᠯᠵᠤ ᠣᠯᠠᠨ ᠢ᠋ ᠰᠦᠢᠷᠡᠭᠦᠯᠦᠨᠡ᠃ ᠪᠢᠳᠡ ᠠᠯᠢ ᠶ᠋ᠢ ᠨᠢ ᠳᠡᠢᠯᠦᠨ᠎ᠡ ᠭᠡᠵᠦ ᠮᠡᠳᠡᠬᠦ ᠪᠣᠢ᠃ ᠡᠴᠦᠰ ᠲᠦ᠍ ᠪᠡᠨ ᠨᠢᠭᠡ ᠨᠢ ᠵᠠᠪᠠᠯ ᠳᠡᠢᠯᠦᠨ᠎ᠡ᠃ ᠲᠡᠷᠡ ᠳᠡᠢᠯᠦᠭᠰᠡᠨ ᠡᠵᠡᠨ ᠮᠢᠨᠢ ᠨᠥᠭᠦᠭᠡ ᠲᠠᠯ᠎ᠠ ᠶ᠋ᠢ ᠨᠢ ᠳᠠᠭᠠᠵᠤ ᠶᠠᠪᠤᠭᠰᠠᠨ ᠬᠥᠮᠦᠰ ᠢ᠋ ᠬᠢᠷᠭᠠᠵᠤ ᠬᠠᠶᠠᠨ᠎ᠠ᠃ ᠡᠢᠮᠦ ᠯᠡ ᠬᠡᠷᠡᠭ ᠵᠠᠢᠯᠠᠰᠢ ᠦᠭᠡᠢ ᠢᠷᠡᠬᠦ ᠪᠣᠯᠤᠭᠠᠳ ᠪᠠᠢᠨ᠎ᠠ᠃《ᠨᠢᠭᠡ ᠦᠬᠡᠷ ᠦ᠋ᠨ ᠡᠪᠡᠷ ᠲᠤᠷᠭᠢᠬᠤ ᠳ᠋ᠤ᠌ ᠮᠢᠩᠭᠠᠨ ᠦᠬᠡᠷ ᠦ᠋ᠨ ᠡᠪᠡᠷ ᠳᠣᠷᠭᠢᠨ᠎ᠠ》 ᠭᠡᠭᠴᠢ ᠪᠡᠷ ᠡᠨᠡ ᠠᠬ᠎ᠠ ᠳᠡᠭᠦᠦ ᠬᠣᠶᠠᠷ ᠤ᠋ᠨ ᠵᠥᠷᠢᠯᠳᠦᠭᠡᠨ ᠬᠡᠵᠢᠶ᠎ᠡ ᠴᠦ᠍ ᠮᠣᠩᠭᠣᠯ ᠲᠦᠮᠡᠨ ᠦ᠌ ᠰᠠᠢᠨ ᠶᠠᠭᠤᠮ᠎ᠠ ᠪᠣᠯᠬᠤ ᠦᠭᠡᠢ ᠭᠡᠮᠡᠨ ᠬᠦᠯᠦᠭ᠂ ᠪᠢᠯᠢᠭᠦᠨ ᠨᠠᠷ ᠶᠠᠷᠢᠯᠴᠠᠵᠤ ᠪᠠᠢᠯ᠎ᠠ᠃
ᠮᠣᠷᠢᠨᠱᠠᠭᠠᠢ ᠬᠣᠭᠣᠯᠠ ᠬᠢᠵᠦ ᠤᠯᠠᠭ᠎ᠠ ᠪᠤᠲᠠᠷᠠᠭᠰᠠᠨ ᠬᠥᠭᠡᠷᠦᠬᠦᠨ ᠴᠢᠷᠠᠢᠨ ᠳ᠋ᠤ᠌ ᠪᠠᠨ ᠪᠣᠯᠭᠣᠮᠵᠢᠯᠠᠯ ᠲᠣᠳᠣᠷᠠᠭᠤᠯᠤᠨ ᠣᠷᠳᠣᠨ ᠳ᠋ᠤ᠌ ᠨᠣᠶᠠᠳ ᠤ᠋ᠨ ᠴᠠᠢ ᠵᠥᠭᠡᠭᠡᠬᠦ ᠳᠡᠯᠢᠮ ᠳ᠋ᠦ᠍ ᠪᠡᠨ ᠰᠣᠨᠣᠰᠤᠭᠰᠠᠨ ᠵᠦᠢᠯ ᠢ᠋ᠶ᠋ᠡᠨ ᠥᠭᠦᠯᠡᠵᠦ᠂ ᠡᠷ᠎ᠡ ᠨᠥᠬᠥᠷ ᠦ᠋ᠨ ᠢ᠋ᠶ᠋ᠡᠨ ᠠᠬ᠎ᠠ ᠶ᠋ᠢ ᠬᠦᠨᠳᠦᠯᠡᠨ ᠴᠠᠢ ᠢᠳᠡᠭᠡ ᠪᠡᠷ ᠳᠡᠢᠯᠦᠨ᠎ᠡ᠃ ᠰᠣᠨᠣᠰᠪᠠᠯ ᠠᠷᠢᠬᠪᠦᠢ᠍ᠬᠡ ᠶ᠋ᠢᠨ ᠳᠡᠷᠭᠡᠳᠡ ᠪᠣᠯᠳᠠᠭ ᠨᠣᠶᠠᠳ ᠤ᠋ᠨ ᠶᠠᠷᠢᠶ᠎ᠠ ᠶᠡᠬᠡ ᠨᠢᠭᠤᠴᠠ ᠪᠠᠢᠳᠠᠯᠲᠠᠢ ᠵᠥᠪᠯᠡᠯᠳᠦᠵᠦ ᠪᠠᠢᠬᠤ ᠳ᠋ᠤ᠌ ᠪᠠᠨ ᠭᠠᠳᠠᠨ᠎ᠠ ᠠ᠋ᠴᠠ ᠰᠢᠪᠡᠭᠴᠢᠨ ᠴᠦ᠍ ᠲᠡᠷᠡ ᠦᠷᠭᠦᠭᠡᠨ ᠳ᠋ᠦ᠍ ᠪᠡᠨ ᠣᠷᠣᠭᠤᠯᠬᠤ ᠳᠤᠷ᠎ᠠ ᠦᠭᠡᠢ ᠭᠡᠨ᠎ᠡ᠃
— ᠵᠠᠬᠢᠷᠤᠭᠴᠢ ᠨᠠᠷ ᠤ᠋ᠨ ᠡᠬᠡ ᠰᠤᠷᠬᠤᠭᠲᠠᠨᠢ ᠠᠬᠠᠢᠲᠠᠨ ᠶᠠᠮᠠᠷ ᠪᠠᠢᠭ᠎ᠠ ᠪᠣᠢ? ᠪᠡᠶ᠎ᠡ ᠨᠢ ᠴᠢᠯᠡᠭᠦᠷ ᠭᠡᠵᠦ ᠳᠤᠭᠤᠯᠳᠠᠭᠠᠳ ᠪᠠᠢᠳᠠᠭ᠃ ᠪᠢ ᠲᠡᠭᠦᠨ ᠢ᠋ ᠮᠡᠳᠡᠵᠦ ᠣᠴᠢᠬᠤ ᠶᠣᠰᠣᠲᠠᠢ ᠶᠤᠮ ᠰᠢᠦ ᠭᠡᠵᠦ ᠬᠦᠯᠦᠭ ᠠᠰᠠᠭᠤᠯ᠎ᠠ᠃ ᠮᠣᠷᠢᠨᠱᠠᠭᠠᠢ ᠠᠮᠠ ᠤᠭᠲᠦᠭᠤᠯᠤᠨ᠄
— ᠪᠢᠳᠡ ᠶᠡᠬᠡ ᠡᠵᠢ ᠯᠡ ᠭᠡᠳᠡᠭ᠃ ᠠᠬᠠᠢᠲᠠᠨ ᠤ᠋ ᠪᠡᠶ᠎ᠡ ᠲᠤᠩ ᠪᠠᠵᠠᠭᠠᠬᠤ ᠦᠭᠡᠢ ᠪᠠᠢᠬ᠎ᠠ᠃ ᠪᠢ ᠬᠣᠶᠠᠷ ᠬᠣᠨᠣᠭ ᠤ᠋ᠨ ᠡᠮᠦᠨ᠎ᠡ ᠦᠷᠭᠦᠭᠡᠨ ᠳ᠋ᠦ᠍ ᠨᠢ ᠣᠷᠣᠵᠤ ᠡᠮ ᠠᠪᠠᠴᠢᠵᠤ ᠪᠠᠷᠢᠭᠰᠠᠨ᠃ ᠲᠡᠷᠡ ᠠᠬᠠᠢ ᠳᠡᠷᠭᠡᠳᠡ ᠪᠡᠨ ᠦᠷᠭᠦᠯᠵᠢᠳᠡ ᠰᠠᠬᠢᠭᠤᠯ ᠲᠠᠢ᠂ ᠵᠢᠭᠠᠬᠠᠨ ᠰᠦ᠂ ᠮᠢᠬᠠᠨ ᠤ᠋ ᠬᠠᠷ᠎ᠠ ᠱᠥᠯᠥ ᠪᠠᠯᠭᠤᠳᠠᠭ ᠶᠤᠮ ᠭᠡᠨ᠎ᠡ ᠪᠢᠯᠡ᠃ ᠶᠡᠷᠦ ᠨᠢ ᠶᠠᠭᠠᠬᠢᠪᠠᠴᠤ ᠲᠡᠰᠬᠦ ᠦᠭᠡᠢ ᠪᠣᠯᠤᠭᠰᠠᠨ᠃ ᠬᠠᠷᠢᠨ ᠬᠢᠷᠢ ᠤᠳᠠᠬᠤ ᠨᠢ ᠪᠣᠢ᠂ ᠮᠡᠳᠡᠬᠦ ᠦᠭᠡᠢ ᠪᠠᠢᠨ᠎ᠠ᠃ ᠠᠷᠢᠬᠪᠦᠢ᠍ᠬᠡ ᠵᠠᠬᠢᠷᠤᠭᠴᠢ ᠡᠳᠦᠷ ᠪᠣᠯᠭᠠᠨ ᠡᠬᠡ ᠳᠡᠭᠡᠷ᠎ᠡ ᠪᠡᠨ ᠣᠴᠢᠵᠤ᠂ ᠵᠠᠷᠢᠮ ᠳ᠋ᠤ᠌ ᠪᠠᠨ ᠬᠠᠷᠠᠭᠠᠳ ᠬᠠᠢᠯᠳᠠᠭ ᠶᠤᠮ ᠪᠢᠯᠡ ᠭᠡᠪᠡ᠃
— ᠲᠡᠷᠡ ᠠᠬᠠᠢᠲᠠᠨ ᠯᠠ ᠬᠡᠦᠬᠡᠳ ᠦ᠋ᠨ ᠢ᠋ᠶ᠋ᠡᠨ ᠬᠡᠨ ᠨᠢ ᠣᠷᠣ ᠵᠠᠯᠭᠠᠨ ᠰᠠᠭᠤᠬᠤ ᠪᠣᠢ ᠭᠡᠳᠡᠭ ᠢ᠋ ᠬᠡᠯᠡᠳᠡᠭ ᠶᠦᠮ ᠪᠠᠢᠭ᠎ᠠ ᠪᠢᠵᠡ ᠳᠡ? ᠡᠬᠡ ᠬᠥᠮᠦᠨ ᠦ᠌ ᠦᠭᠡ ᠵᠢᠩᠲᠡᠢ ᠪᠠᠢᠬᠤ ᠶᠣᠰᠣᠲᠠᠢ ᠪᠢᠰᠢ ᠤᠤ? ᠭᠡᠵᠦ ᠬᠦᠯᠦᠭ ᠠᠰᠠᠭᠤᠯ᠎ᠠ᠃ ᠪᠢᠯᠢᠭᠦᠨ ᠠᠬ᠎ᠠ ᠶ᠋ᠢᠨ ᠢ᠋ᠶ᠋ᠡᠨ ᠨᠢᠭᠤᠷ ᠥᠭᠡᠳᠡ ᠬᠠᠷᠠᠵᠤ᠄
— ᠬᠥᠮᠦᠰ ᠶᠠᠩᠵᠤ ᠪᠦᠷᠢ ᠪᠡᠷ ᠳᠤᠤᠭᠠᠷᠴᠤ ᠪᠠᠢᠨ᠎ᠠ᠃ ᠮᠥᠩᠬᠡ ᠬᠠᠭᠠᠨ ᠪᠠᠭ᠎ᠠ ᠳᠡᠭᠦᠦ ᠳ᠋ᠦ᠍ ᠪᠡᠨ ᠶᠡᠬᠡ ᠬᠠᠢᠷᠠᠲᠠᠢ᠂ ᠠᠷᠢᠬᠪᠦ᠋ᠬᠡ ᠶ᠋ᠢ ᠶᠣᠰᠣᠲᠠᠢ ᠡᠷ᠎ᠡ ᠬᠥᠮᠦᠨ᠂ ᠤᠬᠠᠭᠠᠨ ᠰᠡᠷᠭᠦᠯᠡᠩ᠂ ᠪᠡᠶ᠎ᠡ ᠪᠢᠯᠳᠠᠷ ᠲᠡᠭᠦᠯᠳᠡᠷ᠂ ᠴᠡᠷᠢᠭ ᠡᠷ᠎ᠡ ᠶ᠋ᠢᠨ ᠡᠷᠳᠡᠮ ᠳ᠋ᠦ᠍ ᠪᠣᠯᠪᠠᠰᠤᠷᠠᠬᠤ ᠭᠡᠵᠦ ᠮᠡᠷᠡᠢᠳᠡᠭ᠃ ᠤᠯᠤᠰ ᠭᠦᠷᠦᠨ ᠢ᠋ ᠲᠡᠷᠢᠭᠦᠯᠡᠬᠦ ᠬᠥᠮᠦᠨ ᠡᠨᠡ ᠮᠥᠨ ᠭᠡᠳᠡᠭ ᠪᠠᠢᠭᠰᠠᠨ ᠭᠡᠵᠦ ᠶᠠᠷᠢᠵᠤ ᠪᠠᠢᠨ᠎ᠠ᠃ ᠰᠤᠷᠬᠤᠭᠳᠠᠨᠢ ᠪᠡᠬᠢ ᠡᠵᠢ ᠨᠢ ᠪᠣᠯ ᠪᠠᠭ᠎ᠠ ᠬᠦᠦ ᠳ᠋ᠦ᠍ ᠪᠡᠨ ᠢᠯᠡᠭᠦᠦ ᠬᠠᠢᠷᠠᠲᠠᠢ ᠪᠣᠯᠪᠠᠴᠤ 《ᠠᠬ᠎ᠠ ᠶ᠋ᠢᠨ ᠢ᠋ᠶ᠋ᠡᠨ ᠣᠷᠣ ᠶ᠋ᠢ ᠲᠣᠮᠣ ᠳᠡᠭᠦᠦ ᠨᠢ ᠵᠠᠯᠭᠠᠬᠤ ᠤᠴᠢᠷᠲᠠᠢ ᠪᠠᠢᠬᠤ》 ᠭᠡᠵᠦ ᠨᠢᠭᠡ ᠬᠡᠯᠡᠭᠡᠳ᠂ ᠲᠡᠷᠡ ᠬᠦᠦ ᠪᠡᠨ ᠥᠪᠡᠷ ᠢ᠋ ᠪᠡᠨ ᠡᠷᠭᠢᠨ ᠢᠷᠡᠬᠦ ᠦᠭᠡᠢ ᠶᠠᠭᠠᠬᠢᠬᠤ ᠪᠣᠢ ᠭᠡᠵᠦ ᠶᠡᠬᠡ ᠬᠠᠷᠠᠳᠠᠭ᠃ ᠲᠡᠭᠡᠭᠡᠳ
— ᠵᠠᠪ ᠴᠢᠯᠥᠭᠡ ᠨᠢ ᠪᠣᠯᠬᠤ ᠦᠭᠡᠢ ᠶᠠᠪᠤᠭ᠎ᠠ ᠪᠠᠢᠵᠤ ᠳᠠ ᠦᠷ᠎ᠡ ᠮᠢᠨᠢ᠃ ᠬᠢᠲᠠᠳ ᠤ᠋ᠳ ᠬᠡᠴᠡᠭᠦᠦ ᠪᠣᠯᠬᠣᠷ ᠢ᠋ᠶ᠋ᠠᠨ ᠪᠥᠭᠰᠡ ᠥᠨᠳᠡᠢᠯᠭᠡᠬᠦ ᠦᠭᠡᠢ ᠪᠠᠢᠭ᠎ᠠ ᠪᠠᠢᠬᠤ ᠭᠡᠵᠦ ᠬᠡᠯᠡᠵᠦ ᠪᠠᠢᠨ᠎ᠠ ᠭᠡᠮᠡᠨ ᠳᠡᠷᠭᠡᠳᠡ ᠨᠢ ᠪᠠᠢᠳᠠᠭ ᠰᠢᠪᠡᠭᠴᠢᠨ ᠨᠦ᠍ᠭᠦᠳ ᠶᠠᠷᠢᠵᠤ ᠪᠠᠢᠭ᠎ᠠ ᠃ ᠬᠡᠨ ᠮᠡᠳᠡᠬᠦ ᠪᠣᠢ᠃ ᠪᠣᠭᠣᠯ ᠬᠥᠮᠦᠨ ᠦ᠌ ᠦᠭᠡ ᠶ᠋ᠢ ᠶᠠᠮᠠᠷ ᠦᠭᠡ ᠭᠡᠵᠦ ᠦᠵᠡᠬᠦ ᠪᠢᠰᠢ ᠳᠡ ᠭᠡᠮᠡᠨ ᠪᠢᠯᠢᠭᠦᠨ ᠶᠠᠷᠢᠵᠤ ᠪᠠᠢᠪᠠ᠃
ᠥᠷᠯᠥᠭᠡ ᠪᠣᠯᠵᠤ ᠠᠬ᠎ᠠ ᠳᠡᠭᠦᠦ ᠬᠣᠶᠠᠷ ᠰᠠᠯᠤᠨ ᠣᠳᠬᠤ ᠶᠣᠰᠣᠲᠠᠢ ᠪᠣᠯᠤᠯ᠎ᠠ᠃ ᠲᠡᠳᠡᠨ ᠳ᠋ᠦ᠍ ᠪᠠᠰᠠ ᠠᠮᠢᠨ ᠶᠠᠷᠢᠶ᠎ᠠ ᠪᠠᠢᠪᠠ᠃ ᠪᠢᠯᠢᠭᠦᠨ ᠶᠠᠪᠤᠳᠠᠭ ᠶᠠᠮ ᠢ᠋ᠶ᠋ᠠᠷ ᠢ᠋ᠶ᠋ᠠᠨ ᠶᠠᠪᠤᠬᠤ᠂ ᠬᠦᠯᠦᠭ ᠬᠡᠳᠦ ᠬᠣᠨᠣᠭ ᠬᠠᠷ᠎ᠠ ᠬᠣᠷᠣᠮ ᠳ᠋ᠤ᠌ ᠪᠠᠢᠭᠠᠳ ᠪᠤᠴᠠᠵᠤ᠂ ᠬᠤᠪᠢᠯᠠᠢ ᠵᠠᠬᠢᠷᠤᠭᠴᠢ ᠳ᠋ᠤ᠌ ᠦᠵᠡᠭᠰᠡᠨ ᠬᠠᠷᠠᠭᠰᠠᠨ ᠢ᠋ᠶ᠋ᠠᠨ ᠠᠢᠯᠠᠳᠬᠠᠬᠤ᠂ ᠲᠡᠭᠡᠬᠦ ᠳ᠋ᠦ᠍ ᠪᠡᠨ ᠳᠡᠭᠦᠦ ᠪᠢᠯᠢᠭᠦᠨ ᠲᠡᠢ ᠠᠭᠤᠯᠵᠠᠭ᠎ᠠ ᠦᠭᠡᠢ᠂ ᠳᠡᠭᠡᠳᠦ ᠶ᠋ᠢᠨ ᠵᠠᠷᠤᠭᠠᠯ ᠢ᠋ᠶ᠋ᠠᠷ ᠠᠯᠤᠰ ᠢ᠋ ᠵᠣᠷᠢᠨ ᠣᠳᠴᠠᠢ᠃ ᠴᠣᠬᠣᠮ ᠬᠠᠮᠢᠭ᠎ᠠ ᠶᠠᠪᠤᠭᠤᠯᠤᠭᠰᠠᠨ ᠨᠢ ᠮᠡᠳᠡᠭᠳᠡᠬᠦ ᠦᠭᠡᠢ ᠪᠠᠢᠨ᠎ᠠ ᠭᠡᠵᠦ ᠬᠡᠯᠡᠬᠦ ᠪᠢᠯᠢᠭᠦᠨ ᠪᠤᠴᠠᠵᠤ ᠢᠷᠡᠭᠡᠳ ᠬᠤᠪᠢᠯᠠᠢ ᠳ᠋ᠤ᠌ ᠰᠢᠳᠠᠷᠯᠠᠨ ᠣᠴᠢᠬᠤ ᠦᠭᠡᠢ᠂ ᠣᠴᠢᠬᠤ ᠰᠡᠳᠬᠢᠯ ᠦᠭᠡᠢ ᠪᠠᠢᠭ᠎ᠠ ᠲᠡᠢᠮᠦ ᠪᠣᠯᠬᠣᠷ ᠪᠢᠯᠢᠭᠦᠨ ᠠᠷᠢᠬᠪᠦ᠋ᠬᠡ ᠵᠠᠬᠢᠷᠤᠭᠴᠢ ᠶ᠋ᠢᠨ ᠬᠠᠪᠢ ᠳ᠋ᠤ᠌ ᠪᠡᠶ᠎ᠡ ᠪᠡᠨ ᠳᠠᠯᠳᠠᠬᠠᠨ ᠪᠠᠢᠯᠭᠠᠵᠤ ᠪᠠᠢᠳᠠᠯ ᠢ᠋ ᠠᠵᠢᠨ᠎ᠠ᠃ ᠠᠬ᠎ᠠ ᠳᠡᠭᠦᠦ ᠬᠣᠶᠠᠷ ᠶᠠᠪᠤᠭᠠᠨ ᠳ᠋ᠤ᠌ ᠪᠠᠨ ᠬᠠᠷ᠎ᠠ ᠬᠣᠷᠣᠮ ᠢ᠋ ᠲᠦᠰᠢᠭᠯᠡᠨ᠂ ᠲᠥᠷᠥᠭᠰᠡᠨ ᠨᠤᠲᠤᠭ ᠲᠤ᠌ ᠪᠠᠨ ᠠᠮᠢ ᠵᠢᠭᠤᠬᠤ ᠶ᠋ᠢ ᠪᠣᠳᠣᠨ᠎ᠠ ᠭᠡᠰᠡᠨ ᠵᠦᠢᠯ ᠢ᠋ ᠠᠮᠢᠨᠴᠢᠯᠠᠨ ᠶᠠᠷᠢᠪᠠ᠃ ᠡᠨᠡ ᠬᠡᠷᠡᠭ ᠳᠡᠭᠡᠷ᠎ᠡ ᠬᠦᠯᠦᠭ᠂ ᠪᠢᠯᠢᠭᠦᠨ ᠬᠣᠶᠠᠷ ᠲᠤ᠌ ᠰᠠᠨᠠᠭ᠎ᠠ ᠵᠥᠷᠢᠬᠦ ᠵᠦᠢᠯ ᠪᠠᠢᠭᠰᠠᠨ ᠦᠭᠡᠢ ᠪᠢᠯᠡ᠃
ᠤᠷᠭᠤᠬᠤ ᠶ᠋ᠢᠨ ᠤᠯᠠᠭᠠᠨ ᠨᠠᠷᠠᠨ ᠲᠣᠭᠣᠨᠣ ᠪᠠᠷ ᠣᠷᠣᠵᠤ ᠢᠷᠡᠬᠦ ᠳ᠋ᠦ᠍ ᠪᠢᠯᠢᠭᠦᠨ ᠬᠠᠳᠠᠮ ᠡᠴᠢᠭᠡ᠂ ᠠᠬ᠎ᠠ᠂ ᠭᠡᠷᠭᠡᠢ ᠮᠤᠷᠢᠨᠱᠠᠭᠠᠢ᠂ ᠬᠦᠦ ᠨᠠᠷ ᠲᠠᠢ ᠪᠠᠨ ᠰᠠᠯᠬᠤ ᠶ᠋ᠢᠨ ᠮᠡᠨᠳᠦ ᠮᠡᠳᠡᠯᠴᠡᠵᠦ᠂ ᠭᠡᠷ ᠦ᠋ᠨ ᠪᠦᠰᠡᠭᠦᠢ ᠬᠣᠢᠨ᠎ᠠ ᠠ᠋ᠴᠠ ᠨᠢ ᠰᠦ ᠡᠷᠭᠦᠭᠡᠳ᠂ ᠲᠡᠷᠡ ᠡᠷ᠎ᠡ ᠠᠯᠪᠠᠨ ᠬᠡᠷᠡᠭ ᠢ᠋ᠶ᠋ᠡᠨ ᠵᠠᠯᠭᠠᠭᠤᠯᠬᠤ ᠪᠠᠷ ᠶᠠᠪᠤᠯ᠎ᠠ᠃ ᠬᠦᠯᠦᠭ ᠴᠦ᠍ ᠪᠣᠯᠵᠣᠭᠰᠠᠨ ᠭᠠᠵᠠᠷ ᠲᠤ᠌ ᠪᠠᠨ ᠳᠠᠭᠠᠭᠤᠯ ᠴᠡᠷᠢᠭ ᠦ᠋ᠳ ᠲᠡᠢ ᠪᠡᠨ ᠠᠭᠤᠯᠵᠠᠨ᠂ ᠡᠪᠦᠷᠯᠡᠵᠦ ᠶᠠᠪᠤᠭ᠎ᠠ ᠪᠢᠴᠢᠭ ᠢ᠋ᠶ᠋ᠡᠨ ᠡᠷᠭᠦᠵᠦ᠂ ᠠᠯᠪᠠ ᠬᠥᠭᠡᠭᠡᠴᠡᠯᠳᠦᠬᠦ ᠶᠣᠰᠣᠲᠠᠢ ᠪᠢᠯᠡ᠃ ᠡᠭᠦᠨ ᠳ᠋ᠦ᠍ ᠬᠡᠨ ᠰᠠᠭᠠᠳ ᠬᠢᠬᠦ ᠪᠣᠢ᠃
ᠬᠦᠯᠦᠭ ᠲᠡᠷᠡ ᠡᠳᠦᠷ ᠲᠦ᠍ ᠪᠡᠨ ᠲᠥᠷᠥᠯᠬᠢ ᠨᠡᠢᠰᠯᠡᠯ ᠢ᠋ᠶ᠋ᠡᠨ ᠬᠠᠷᠠᠨ᠂ ᠰᠡᠳᠬᠢᠯ ᠲᠡᠨᠢᠭᠦᠨ ᠵᠤᠭᠠᠴᠠᠵᠤ ᠶᠠᠪᠤᠭᠰᠠᠭᠠᠷ ᠳᠠᠭᠠᠭᠤᠯ ᠴᠡᠷᠢᠭ ᠦ᠋ᠳ ᠲᠦ᠍ ᠪᠡᠨ ᠵᠠᠬᠢᠷᠤᠭᠴᠢ ᠶ᠋ᠢᠨ ᠬᠡᠪᠲᠡᠭᠦᠯ ᠴᠡᠷᠢᠭ ᠦ᠋ᠨ ᠪᠠᠢᠷᠢᠨ ᠳ᠋ᠤ᠌ ᠣᠷᠣᠭᠤᠯᠤᠭᠠᠳ᠂ ᠥᠪᠡᠷ ᠢ᠋ᠶ᠋ᠡᠨ ᠠᠷᠢᠬᠪᠦ᠋ᠬᠡ ᠵᠠᠬᠢᠷᠤᠭᠴᠢ ᠳ᠋ᠤ᠌ ᠪᠡᠶ᠎ᠡ ᠪᠡᠷ ᠪᠠᠷᠠᠯᠬᠠᠨ ᠪᠢᠴᠢᠭ ᠢ᠋ ᠡᠷᠭᠦᠬᠦ ᠪᠡᠷ ᠶᠡᠬᠡ ᠣᠷᠳᠣᠨ ᠳ᠋ᠤ᠌ ᠣᠴᠢᠯ᠎ᠠ᠃ ᠣᠯᠠᠨ ᠪᠠᠭᠠᠨ᠎ᠠ ᠲᠠᠢ ᠰᠦᠷᠯᠢᠭ ᠰᠠᠢᠬᠠᠨ ᠣᠷᠳᠣᠨ ᠪᠠᠢᠪᠠ᠃ ᠣᠯᠠᠨ ᠥᠷᠭᠥᠭᠡ ᠲᠠᠰᠤᠯᠭ᠎ᠠ ᠪᠠᠷ ᠨᠢ ᠠᠯᠪᠠ ᠬᠠᠰᠢᠭᠴᠢ ᠣᠷᠣᠵᠤ ᠭᠠᠷᠤᠨ ᠬᠥᠯ ᠬᠥᠰᠬᠡ ᠶᠡᠬᠡ ᠪᠠᠢᠲᠠᠯᠲᠠᠢ᠃ ᠵᠠᠬᠢᠷᠤᠭᠴᠢ ᠵᠠᠷᠢᠮ ᠨᠣᠶᠠᠳ ᠢ᠋ᠶ᠋ᠠᠨ ᠳᠠᠭᠠᠭᠤᠯᠤᠨ ᠬᠡᠭᠡᠷ᠎ᠡ ᠰᠢᠩᠬᠤ ᠠᠭᠤᠯᠠ ᠶ᠋ᠢᠨ ᠵᠡᠭᠦᠨ ᠥᠪᠥᠷ ᠨᠦᠮᠦᠷᠢᠭᠡ ᠶ᠋ᠢᠨ ᠬᠥᠨᠳᠡᠢ ᠳ᠋ᠦ᠍ ᠣᠴᠢᠵᠤ ᠴᠡᠷᠢᠭ ᠦ᠋ᠨ ᠰᠤᠷᠭᠠᠭᠤᠯᠢ ᠬᠢᠬᠦ ᠪᠡᠷ ᠣᠳᠤᠭᠰᠠᠨ᠂ ᠬᠣᠶᠠᠷ ᠬᠣᠨᠣᠭ ᠲᠡᠨᠳᠡ ᠪᠡᠨ ᠪᠠᠢᠬᠤ ᠭᠡᠨ᠎ᠡ᠃
ᠬᠦᠯᠦᠭ ᠶᠡᠬᠡ ᠵᠠᠬᠢᠷᠤᠭᠴᠢ ᠶ᠋ᠢᠨ ᠲᠤᠰᠢᠶᠠᠯ ᠢ᠋ ᠭᠦᠢᠴᠡᠯᠳᠦᠭᠦᠯᠬᠦ ᠶ᠋ᠢᠨ ᠲᠤᠯᠠᠳᠠ ᠠᠷᠢᠬᠪᠦ᠋ᠬᠡ ᠨᠣᠶᠠᠨ ᠲᠠᠢ ᠤᠴᠠᠷᠠᠨ ᠠᠭᠤᠯᠵᠠᠵᠤ ᠠᠮᠤᠭᠤᠯᠠᠩ ᠢ᠋ ᠡᠷᠢᠬᠦ ᠶᠣᠰᠣᠲᠠᠢ ᠤᠴᠢᠷ ᠲᠡᠭᠦᠨ ᠦ᠌ ᠢᠷᠡᠬᠦ ᠶ᠋ᠢ ᠬᠦᠯᠢᠶᠡᠬᠦ ᠪᠣᠯᠪᠠ᠃ ᠡᠨᠡ ᠵᠠᠪᠰᠠᠷ ᠮᠠᠨᠢ ᠡᠷ᠎ᠡ ᠬᠠᠭᠠᠨ ᠤ᠋ ᠣᠷᠳᠣᠨ ᠬᠠᠪᠢ ᠪᠠᠷ ᠵᠢᠭᠠᠯ ᠶᠠᠪᠤᠵᠤ ᠡᠯᠳᠡᠪ ᠢ᠋ ᠰᠣᠨᠢᠷᠬᠠᠯ᠎ᠠ᠃ ᠮᠥᠩᠬᠡ ᠬᠠᠭᠠᠨ᠂ ᠡᠵᠡᠳ ᠦ᠋ᠨ ᠪᠠᠢᠳᠠᠭ ᠤᠷᠲᠤ ᠶ᠋ᠢ ᠲᠣᠬᠢᠯᠢᠭ ᠪᠣᠯᠭᠠᠬᠤ ᠭᠡᠵᠦ ᠬᠠᠷᠢ ᠠ᠋ᠴᠠ ᠤᠷᠠᠨ ᠭᠠᠷᠳᠠᠨ ᠨᠤᠭᠤᠳ ᠢ᠋ ᠠᠪᠴᠢᠷᠠᠨ ᠠᠵᠢᠯᠯᠠᠭᠤᠯᠤᠭᠠᠳ᠂ ᠰᠢᠨ᠎ᠡ ᠵᠦᠢᠯ ᠨᠡᠯᠢᠶᠡᠳ ᠢ᠋ ᠬᠢᠯᠭᠡᠭᠰᠡᠨ ᠠᠵᠢ᠃ ᠮᠥᠩᠭᠥᠨ ᠮᠣᠳᠣ ᠶ᠋ᠢ ᠲᠣᠭᠣᠷᠢᠭᠤᠯᠤᠭᠠᠳ ᠲᠡᠷᠡ ᠲᠠᠯᠠᠪᠠᠢ ᠳ᠋ᠤ᠌ ᠳᠡᠭᠡᠳᠦᠰ ᠦ᠋ᠳ ᠦ᠋ᠨ ᠤᠷᠲᠤ ᠶ᠋ᠢ ᠪᠠᠢᠭᠤᠯᠵᠠᠢ᠃ ᠬᠠᠷᠢ ᠶ᠋ᠢᠨ ᠭᠡᠢᠴᠢᠳ ᠵᠣᠴᠢᠳ ᠢ᠋ ᠲᠦᠷ ᠪᠠᠢᠯᠭᠠᠳᠠᠭ ᠳ᠋ᠠᠩ ᠪᠠᠭᠤᠳᠠᠯ ᠬᠡᠮᠡᠬᠦ ᠥᠷᠭᠥᠭᠡ ᠶ᠋ᠢ ᠪᠠᠰᠠ ᠪᠣᠢ ᠪᠣᠯᠭᠠᠭᠰᠠᠨ ᠪᠠᠢᠨ᠎ᠠ᠃ ᠤᠯᠠᠭᠠᠨ᠂ ᠬᠥᠬᠡ ᠥᠩᠭᠡ ᠶ᠋ᠢᠨ ᠸᠠᠭᠠᠷ ᠰᠢᠪᠠᠷ ᠢ᠋ᠶ᠋ᠠᠷ ᠪᠠᠷᠢᠭᠰᠠᠨ᠂ ᠣᠯᠠᠨ ᠪᠠᠭᠠᠨ᠎ᠠ ᠲᠠᠢ ᠨᠢᠭᠡ ᠲᠣᠮᠣ ᠪᠠᠢᠰᠢᠩ ᠬᠠᠭᠠᠨ ᠤ᠋ ᠶᠡᠬᠡ ᠤᠷᠲᠤ ᠲᠠᠢ ᠵᠡᠷᠭᠡᠴᠡᠭᠡᠳ ᠨᠢᠳᠦ ᠪᠤᠯᠢᠶᠠᠮ᠎ᠠ ᠬᠠᠷᠠᠭᠳᠠᠨ᠎ᠠ᠃ ᠲᠡᠭᠦᠨ ᠢ᠋ ᠬᠥᠭᠵᠢᠮ ᠦ᠋ᠨ ᠤᠷᠲᠤ ᠭᠡᠳᠡᠭ ᠠᠵᠢ᠃ ᠣᠢᠷᠠᠲᠤᠭᠠᠳ ᠣᠴᠢᠪᠠᠯ ᠳᠣᠲᠣᠷ᠎ᠠ ᠨᠢ ᠣᠯᠠᠨ ᠥᠩᠭᠡ ᠶ᠋ᠢᠨ ᠳᠠᠭᠤ ᠲᠠᠢ ᠬᠥᠭᠵᠢᠮ ᠬᠥᠭ ᠨᠡᠢᠯᠡᠨ ᠬᠦᠩᠭᠢᠨᠡᠨ ᠳᠤᠤᠭᠠᠷᠴᠤ᠂ ᠶᠡᠷᠦ ᠪᠤᠰᠤ ᠶ᠋ᠢᠨ ᠰᠠᠢᠬᠠᠨ ᠠᠶᠠᠯᠭᠤ ᠴᠢᠬᠢᠨ ᠳ᠋ᠦ᠍ ᠨᠢ ᠭᠣᠴᠣ ᠴᠢᠮᠡᠭᠲᠡᠢ ᠰᠣᠨᠣᠰᠤᠭᠳᠠᠪᠠ᠃ ᠬᠤᠪᠢᠯᠠᠢ ᠵᠠᠬᠢᠷᠤᠭᠴᠢ ᠶ᠋ᠢᠨ ᠵᠠᠷᠤᠭᠠᠯ ᠤ᠋ᠨ ᠡᠯᠴᠢ ᠬᠥᠮᠦᠨ ᠪᠢ ᠬᠠᠮᠢᠭ᠎ᠠ ᠴᠦ᠍ ᠣᠷᠣᠵᠤ ᠪᠣᠯᠤᠨ᠎ᠠ ᠪᠢᠵᠡ ᠭᠡᠵᠦ ᠬᠦᠯᠦᠭ ᠪᠣᠳᠣᠭᠠᠳ ᠲᠡᠷᠡ ᠬᠥᠭᠵᠢᠮ ᠦ᠋ᠨ ᠣᠷᠳᠣᠨ ᠳ᠋ᠤ᠌ ᠣᠷᠣᠵᠤ ᠶᠠᠪᠤᠯ᠎ᠠ᠃ ᠬᠠᠷᠠᠪᠠᠯ ᠲᠣᠮᠣ ᠲᠠᠩᠬᠢᠮ ᠳᠦᠭᠦᠷᠡᠩ ᠬᠡᠳᠦᠨ ᠠᠷᠪᠠᠨ ᠬᠥᠮᠦᠨ ᠰᠠᠭᠤᠵᠤ᠂ ᠶᠠᠩᠵᠤ ᠪᠦᠷᠢ ᠶ᠋ᠢᠨ ᠬᠥᠭᠵᠢᠮ ᠳ᠋ᠦ᠍ ᠰᠤᠷᠤᠯᠴᠠᠵᠤ ᠪᠠᠢᠭ᠎ᠠ ᠪᠣᠯᠤᠯᠲᠠᠢ ᠪᠠᠢᠨ᠎ᠠ᠃ ᠲᠡᠷᠡ ᠬᠥᠮᠦᠰ ᠣᠯᠠᠨ ᠶᠠᠩᠵᠤ ᠶ᠋ᠢᠨ ᠵᠢᠮᠰᠡᠭ ᠪᠠᠷᠢᠵᠤ᠂ ᠬᠢᠷᠦᠭᠡᠳᠦᠨ᠂ ᠦᠯᠢᠶᠡᠨ ᠳᠤᠤᠭᠠᠷᠭᠠᠵᠤ᠂ ᠵᠠᠷᠢᠮ ᠨᠢ ᠲᠣᠮᠣ ᠬᠡᠩᠭᠡᠷᠭᠡ ᠴᠣᠬᠢᠵᠤ ᠪᠠᠯᠪᠠᠨ ᠡᠯᠳᠡᠪ ᠦ᠋ᠨ ᠳᠠᠭᠤ ᠭᠠᠷᠭᠠᠨ᠎ᠠ᠃ ᠨᠡᠷ᠎ᠡ ᠶ᠋ᠢ ᠨᠢ ᠮᠡᠳᠡᠬᠦ ᠶᠠᠭᠤᠮ᠎ᠠ ᠭᠡᠪᠡᠯ ᠮᠣᠷᠢᠨ ᠬᠤᠭᠤᠷ᠂ ᠯᠢᠩᠪᠦ᠂ ᠶᠠᠲᠤᠭ᠎ᠠ᠂ ᠬᠡᠩᠭᠡᠷᠭᠡ᠂ ᠴᠠᠩ᠂ ᠵᠡᠰ ᠪᠦᠷᠢᠶ᠎ᠡ᠂ ᠬᠤᠭᠤᠴᠢᠷ ᠲᠡᠳᠦᠢᠬᠡᠨ ᠠᠵᠢ᠃ ᠴᠠᠭᠠᠨ᠎ᠠ ᠨᠢ ᠬᠦᠯᠦᠭ ᠨᠡᠷ᠎ᠡ ᠶ᠋ᠢ ᠨᠢ ᠮᠡᠳᠡᠬᠦ ᠦᠭᠡᠢ ᠡᠳᠦᠢ ᠲᠡᠳᠦᠢ ᠬᠥᠭᠵᠢᠮ ᠶᠠᠩᠵᠤ ᠪᠦᠷᠢ ᠪᠡᠷ ᠳᠤᠤᠭᠠᠷᠤᠨ᠎ᠠ᠃ ᠬᠢᠲᠠᠳ ᠭᠠᠵᠠᠷ ᠲᠤ᠌ ᠪᠠᠢᠳᠠᠭ ᠵᠠᠩ ᠵᠤᠨ ᠭᠡᠰᠡᠨ ᠳᠠᠭᠤ ᠲᠠᠢ᠂ ᠳᠣᠬᠢᠶ᠎ᠠ ᠵᠢᠭᠠᠪᠤᠷᠢ ᠪᠠᠷ ᠬᠠᠮᠲᠤᠷᠠᠵᠤ ᠬᠥᠭᠵᠢᠮᠳᠡᠬᠦ ᠨᠢ ᠭᠣᠴᠣ ᠲᠠᠭᠠᠯᠠᠮᠵᠢᠲᠠᠢ᠂ᠴᠢᠬᠢᠨ ᠳ᠋ᠦ᠍ ᠤᠶᠠᠬᠠᠨ ᠠᠭᠠᠳ ᠰᠦᠷᠯᠢᠭ ᠰᠠᠢᠬᠠᠨ ᠠᠶ᠎ᠠ ᠰᠣᠨᠣᠰᠤᠭᠳᠠᠨ᠎ᠠ᠃ ᠲᠡᠭᠦᠨ ᠢ᠋ ᠴᠢᠩᠨᠠᠬᠤ ᠳ᠋ᠤ᠌ ᠴᠠᠭᠠᠨ᠎ᠠ ᠨᠢ ᠶᠠᠮᠠᠷ ᠨᠢᠭᠡᠨ ᠶᠡᠬᠡ ᠦᠢᠯᠡ ᠶᠠᠪᠤᠳᠠᠯ ᠣᠪᠣᠯᠵᠠᠨ ᠪᠠᠢᠭ᠎ᠠ ᠭᠡᠬᠦ ᠤᠤ᠂ ᠬᠦᠨᠳᠦᠲᠦ ᠬᠥᠮᠦᠨ ᠮᠣᠷᠢᠯᠠᠨ ᠢᠷᠡᠵᠦ ᠶᠣᠰᠣ ᠬᠢᠵᠦ ᠪᠠᠢᠭ᠎ᠠ᠂ ᠣᠯᠠᠨ ᠵᠠᠭᠤᠨ ᠮᠣᠷᠢᠲᠠᠨ ᠳᠠᠪᠬᠢᠯᠳᠤᠨ ᠤᠷᠤᠯᠳᠤᠵᠤ ᠪᠠᠢᠭ᠎ᠠ᠂ ᠶᠡᠬᠡ ᠨᠠᠭᠠᠳᠤᠮ ᠬᠢᠵᠦ ᠵᠦᠢᠯ ᠵᠦᠢᠯ ᠦ᠋ᠨ ᠬᠥᠭᠵᠢᠶᠡᠨᠲᠦ ᠶᠠᠪᠤᠳᠠᠯ ᠪᠣᠯᠵᠤ ᠣᠯᠠᠨ ᠪᠦᠭᠦᠳᠡᠭᠡᠷ ᠴᠡᠩᠭᠡᠨ ᠪᠣᠢ ᠮᠡᠲᠦ ᠶᠠᠪᠤᠳᠠᠯ ᠤ᠋ᠳ ᠰᠡᠳᠬᠢᠯ ᠳ᠋ᠦ᠍ ᠨᠢ ᠪᠠᠭᠤᠵᠤ ᠣᠷᠣᠵᠤ ᠢᠷᠡᠨ᠂ ᠲᠡᠭᠦᠨ ᠢ᠋ ᠴᠢᠩᠨᠠᠭᠠᠳ ᠪᠠᠬᠠᠨ ᠰᠠᠭᠤᠭᠠᠳ ᠰᠦᠷᠯᠢᠭ ᠰᠠᠢᠬᠠᠨ ᠳᠠᠭᠤ ᠲᠠᠢ ᠬᠥᠭᠵᠢᠮ ᠦ᠋ᠨ ᠠᠶ᠎ᠠ ᠶ᠋ᠢ ᠰᠣᠨᠣᠰᠤᠯ᠎ᠠ᠃ ᠨᠡᠯᠢᠶᠡᠳ ᠤᠳᠠᠭᠠᠨ ᠰᠠᠭᠤᠵᠤ ᠴᠢᠩᠨᠠᠪᠠᠯ ᠬᠥᠭᠵᠢᠮ ᠦ᠋ᠨ ᠠᠶ᠎ᠠ ᠲᠠᠩᠳᠠ ᠥᠭᠡᠷᠡᠴᠢᠯᠡᠭᠳᠡᠨ᠂ ᠶᠠᠮᠠᠷ ᠨᠢᠭᠡ ᠲᠡᠢᠨ ᠳᠣᠯᠣᠭᠠᠨ ᠬᠢᠵᠦ ᠪᠣᠢ ᠮᠡᠲᠦ ᠳᠡᠰ ᠨᠢᠰ ᠪᠠᠭᠤᠭᠰᠠᠨ᠂ ᠬᠥᠮᠦᠨ ᠠᠮᠢᠲᠠᠨ᠂ ᠮᠣᠷᠢ ᠮᠠᠯ ᠡᠯᠳᠡᠪ ᠢ᠋ᠶ᠋ᠡᠷ ᠱᠤᠤᠭᠢᠯᠳᠤᠨ ᠪᠠᠢᠭ᠎ᠠ ᠶᠠᠩᠵᠤᠲᠠᠢ ᠶᠠᠭᠤᠮ᠎ᠠ ᠰᠣᠨᠣᠰᠤᠭᠳᠠᠪᠠ᠃ ᠬᠦᠯᠦᠭ ᠡᠨᠡ ᠶᠠᠭᠤ ᠶ᠋ᠢ ᠥᠭᠦᠯᠡᠨ ᠬᠥᠭᠵᠢᠮᠳᠡᠵᠦ ᠪᠠᠢᠭ᠎ᠠ ᠶᠤᠮ ᠪᠣᠯ ? ᠭᠡᠵᠦ ᠪᠣᠳᠣᠨ᠂ ᠲᠡᠭᠦᠨ ᠢ᠋ ᠣᠢᠯᠠᠭᠠᠬᠤ ᠰᠠᠨᠠᠭᠠᠲᠠᠢ ᠨᠢᠳᠦ ᠪᠡᠨ ᠠᠨᠢᠵᠤ ᠰᠠᠭᠤᠭᠠᠳ ᠴᠢᠩᠨᠠᠪᠠᠯ ᠶᠡᠬᠡ ᠲᠣᠮᠣ ᠲᠤᠯᠤᠯᠳᠤᠭᠠᠨ ᠳ᠋ᠤ᠌᠂ ᠡᠩ ᠦᠭᠡᠢ ᠲᠠᠯ᠎ᠠ ᠭᠠᠵᠠᠷ ᠳᠡᠭᠡᠷ᠎ᠡ ᠣᠯᠠᠨ ᠮᠣᠷᠢᠲᠠᠨ ᠪᠡᠶ᠎ᠡ ᠪᠡᠶ᠎ᠡ ᠤᠷᠤᠭᠤ ᠪᠠᠨ ᠤᠷᠲᠤ ᠵᠢᠳᠠ ᠰᠡᠷᠡᠯᠵᠡᠭᠦᠯᠦᠨ ᠳᠣᠪᠲᠣᠯᠤᠨ ᠳᠠᠭᠠᠷᠢᠵᠤ ᠪᠠᠢᠭ᠎ᠠ ᠶᠤᠮ ᠰᠢᠭ᠋᠂ ᠲᠡᠷᠡ ᠣᠯᠠᠨ ᠴᠡᠷᠢᠭ ᠦ᠋ᠨ ᠳᠣᠲᠣᠷ᠎ᠠ ᠬᠤᠪᠢᠯᠠᠢ᠂ ᠠᠷᠢᠬᠪᠦ᠋ᠬᠡ ᠬᠣᠶᠠᠷ ᠪᠡᠶ᠎ᠡ ᠪᠡᠶ᠎ᠡ ᠤᠷᠤᠭᠤ ᠪᠠᠨ ᠲᠠᠬᠢᠷ ᠢᠯᠳᠦ ᠳᠠᠯᠠᠢᠭᠠᠳ ᠮᠣᠷᠢᠨ ᠤ᠋ ᠬᠤᠷᠳᠤ ᠪᠠᠷ ᠬᠠᠷᠪᠤᠨ ᠣᠷᠣᠵᠤ ᠢᠷᠡᠵᠦ ᠪᠠᠢᠬᠤ ᠶᠠᠩᠵᠤᠲᠠᠢ ᠶᠠᠭᠤᠮ᠎ᠠ ᠳᠦᠷᠰᠦᠯᠡᠭᠲᠦᠨ ᠪᠣᠳᠣᠭᠳᠠᠯ᠎ᠠ᠃ 《ᠨᠢᠭᠦᠯ ᠪᠠᠢᠭ᠎ᠠ》 ᠭᠡᠵᠦ ᠵᠠᠷᠤᠭᠠᠯ ᠤ᠋ᠨ ᠡᠷ᠎ᠡ ᠨᠢᠳᠦ ᠪᠡᠨ ᠨᠡᠭᠡᠭᠡᠭᠡᠳ ᠬᠠᠷᠠᠪᠠᠯ ᠨᠥᠭᠦᠭᠡ ᠣᠯᠠᠨ ᠬᠥᠭᠵᠢᠮᠴᠢᠳ ᠡᠩᠨᠡᠵᠦ ᠰᠠᠭᠤᠭᠠᠳ ᠯᠠ ᠲᠤᠰ ᠲᠤᠰ ᠤ᠋ᠨ ᠢ᠋ᠶ᠋ᠠᠨ ᠬᠥᠭᠵᠢᠮ ᠢ᠋ ᠳᠤᠤᠭᠠᠷᠭᠠᠨ ᠲᠠᠢᠪᠤᠩ ᠲᠠᠪᠠᠲᠠᠢ ᠰᠤᠷᠭᠠᠭᠤᠯᠢᠯᠠᠵᠤ ᠪᠠᠢᠪᠠ᠃
— ᠵᠠ ᠪᠢ ᠡᠨᠡ ᠬᠥᠭᠵᠢᠮ ᠦ᠋ᠨ ᠡᠭᠡᠰᠢᠭ ᠳᠠᠭᠤ ᠶ᠋ᠢ ᠣᠢᠯᠠᠭᠠᠬᠤ ᠦᠭᠡᠢ ᠶᠦᠮ ᠪᠠᠢᠨ᠎ᠠ ᠭᠡᠵᠦ ᠬᠦᠯᠦᠭ ᠥᠪᠡᠷ ᠲᠦ᠍ ᠪᠡᠨ ᠬᠡᠯᠡᠭᠡᠳ ᠲᠠᠩᠬᠢᠮ ᠠ᠋ᠴᠠ ᠭᠠᠷᠴᠠᠢ᠃
ᠲᠡᠷᠡ ᠪᠡᠷ ᠬᠣᠶᠠᠷ ᠡᠳᠦᠷ ᠬᠣᠲᠠ ᠪᠠᠷ ᠶᠠᠪᠤᠵᠤ᠂ ᠶᠡᠬᠡ ᠬᠡᠷᠡᠮ ᠦ᠋ᠨ ᠳᠥᠷᠪᠡᠨ ᠬᠠᠭᠠᠯᠭᠠᠨ ᠲᠤᠰ ᠪᠠᠢᠭ᠎ᠠ ᠬᠤᠳᠠᠯᠳᠤᠭᠠᠨ ᠤ᠋ ᠵᠠᠬ᠎ᠠ ᠳᠡᠭᠡᠭᠦᠷ ᠲᠡᠨᠦᠯᠡ᠃ ᠬᠤᠳᠠᠯᠳᠤᠭᠠᠴᠢᠳ ᠤ᠋ᠨ ᠭᠠᠷ ᠳᠡᠭᠡᠷ᠎ᠡ ᠪᠠᠢᠬᠤ ᠦᠭᠡᠢ ᠶᠠᠭᠤᠮ᠎ᠠ ᠦᠭᠡᠢ ᠮᠡᠲᠦ᠃ ᠠᠷᠠᠪ᠂ ᠫᠧᠷᠰ ᠦ᠋ᠨ ᠬᠤᠳᠠᠯᠳᠤᠭᠠᠴᠢᠳ ᠤ᠋ᠨ ᠳᠡᠯᠭᠡᠨ ᠲᠠᠯᠪᠢᠭᠰᠠᠨ ᠲᠣᠷᠭ᠎ᠠ᠂ ᠬᠡᠪᠢᠰ᠂ ᠲᠥᠪᠡᠳ ᠬᠤᠳᠠᠯᠳᠤᠭᠠᠴᠢᠳ ᠤ᠋ᠨ ᠵᠠᠷᠤᠬᠤ ᠭᠡᠵᠦ ᠪᠣᠢ ᠬᠣᠷᠭᠣᠢ᠂ ᠲᠠᠷᠮ᠎ᠠ ᠵᠡᠷᠭᠡ ᠡᠴᠡ ᠭᠠᠳᠠᠨ᠎ᠠ ᠮᠣᠩᠭᠣᠯ ᠬᠤᠳᠠᠯᠳᠤᠭᠠᠴᠢᠳ ᠤ᠋ᠨ ᠪᠠᠷᠢᠭᠰᠠᠨ ᠮᠥᠩᠭᠥᠨ ᠳᠤᠨᠤᠭᠳᠠᠢ ᠬᠡᠲᠡ ᠬᠢᠲᠤᠭ᠎ᠠ᠂ ᠪᠡᠯᠡᠭ ᠰᠡᠯᠲᠡ ᠨᠢ ᠪᠤᠰᠤᠳ ᠤ᠋ᠨ ᠡᠳ᠋ ᠪᠠᠷᠠᠭᠠᠨ ᠠ᠋ᠴᠠ ᠢᠯᠡᠭᠦᠦ ᠭᠣᠶᠣ ᠴᠢᠨᠰᠠᠭ᠎ᠠ ᠲᠠᠢ ᠪᠠᠢᠵᠤ ᠬᠠᠷᠠᠭᠳᠠᠯ᠎ᠠ᠃ ᠬᠦᠯᠦᠭ ᠬᠤᠳᠠᠯᠳᠤᠭ᠎ᠠ ᠬᠢᠬᠦ ᠪᠡᠷ ᠶᠠᠪᠤᠭ᠎ᠠ ᠪᠢᠰᠢ᠂ ᠵᠦᠭᠡᠷ ᠰᠣᠨᠢᠷᠬᠠᠭᠴᠢ ᠶ᠋ᠢᠨ ᠬᠤᠪᠢ ᠳ᠋ᠤ᠌ ᠲᠡᠷᠡ ᠪᠦᠬᠦᠨ ᠢ᠋ ᠦᠵᠡᠭᠡᠳ᠂ 《ᠮᠠᠨ ᠤ᠋ ᠬᠤᠪᠢᠯᠠᠢ ᠶ᠋ᠢᠨ ᠵᠠᠬᠢᠷᠤᠨ ᠪᠣᠢ ᠨᠤᠲᠤᠭ ᠲᠤ᠌ ᠡᠢᠮᠦ ᠶᠡᠬᠡ ᠡᠳ᠋ ᠪᠠᠷᠠᠭ᠎ᠠ ᠬᠤᠳᠠᠯᠳᠤᠵᠤ ᠪᠠᠢᠭ᠎ᠠ ᠭᠠᠵᠠᠷ ᠣᠯᠠᠨ ᠲᠠᠭᠠᠷᠠᠯᠳᠤᠳᠠᠭ ᠦᠭᠡᠢ ᠳᠡ᠃ ᠬᠢᠲᠠᠳ ᠤ᠋ᠳ ᠪᠢᠳᠡᠨ ᠢ᠋ ᠶᠠᠭᠤᠮ᠎ᠠ ᠪᠠᠨ ᠪᠤᠯᠢᠶᠠᠵᠤ ᠠᠪᠤᠨ᠎ᠠ ᠭᠡᠵᠦ ᠪᠣᠳᠣᠭᠠᠳ ᠨᠢᠭᠤᠵᠤ ᠣᠷᠬᠢᠭᠰᠠᠨ ᠪᠠᠢᠭ᠎ᠠ ᠨᠢ ᠲᠡᠷᠡ ᠪᠢᠵᠡ᠃ ᠮᠣᠩᠭᠣᠯ ᠴᠡᠷᠢᠭ ᠪᠤᠰᠤᠳ ᠤ᠋ᠨ ᠶᠠᠭᠤᠮ᠎ᠠ ᠶ᠋ᠢ ᠠᠷᠠᠢ ᠴᠦ᠍ ᠰᠢᠭᠤᠳ ᠪᠤᠯᠢᠶᠠᠵᠤ ᠠᠪᠬᠤ ᠦᠭᠡᠢ᠃ ᠲᠡᠭᠡᠵᠦ ᠪᠣᠯᠬᠤ ᠦᠭᠡᠢ ᠭᠡᠰᠡᠨ ᠶᠡᠬᠡ ᠬᠠᠭᠠᠨ ᠤ᠋ ᠵᠠᠷᠯᠢᠭᠳᠠᠶ ᠢ᠋ ᠪᠢᠳᠡ ᠮᠠᠲᠠᠯ ᠦᠭᠡᠢ ᠶᠠᠭᠠᠬᠢᠬᠤ ᠪᠣᠢ》 ᠭᠡᠮᠡᠨ ᠪᠣᠳᠣᠵᠤ ᠶᠠᠪᠤᠪᠠ᠃ ᠲᠡᠷᠡ ᠪᠡᠷ ᠲᠡᠨᠦᠵᠦ ᠶᠠᠪᠤᠭᠠᠳ ᠪᠠᠷᠠᠭᠤᠨ ᠵᠠᠬ᠎ᠠ ᠳᠡᠭᠡᠷ᠎ᠡ ᠪᠠᠬᠠᠨ ᠱᠢᠷᠦ᠂ ᠰᠤᠪᠤᠳ ᠬᠡᠯᠬᠢᠨ ᠬᠦᠵᠦᠭᠦᠨ ᠳ᠋ᠦ᠍ ᠪᠡᠨ ᠤᠭᠯᠠᠭᠠᠳ ᠶᠠᠪᠤᠵᠤ ᠪᠠᠢᠭ᠎ᠠ ᠨᠢᠭᠡ ᠬᠤᠳᠠᠯᠳᠤᠭᠠᠴᠢᠨ ᠤ᠋ ᠶᠠᠭᠤᠮ᠎ᠠ ᠶ᠋ᠢ ᠦᠵᠡᠵᠦ ᠰᠣᠨᠢᠷᠬᠠᠨ ᠪᠠᠢᠭᠰᠠᠨ ᠢ᠋ᠶ᠋ᠠᠨ᠄
— ᠰᠠᠢᠬᠠᠨ ᠱᠢᠷᠦ ᠪᠠᠢᠨ᠎ᠠ ᠰᠢᠦ᠃ ᠳᠡᠢᠯᠦᠭᠳᠡᠬᠦ ᠦᠭᠡᠢ ᠶᠡᠬᠡ ᠦᠨᠡᠲᠡᠢ ᠡᠳ᠋ ᠪᠢᠵᠡ ᠳᠡ᠃ ᠨᠢᠭᠡ ᠲᠣᠮᠣ ᠱᠢᠷᠦ ᠶᠠᠮᠠᠷ ᠦᠨᠡᠲᠡᠢ ᠭᠡᠳᠡᠭ ᠪᠣᠯ ᠭᠡᠵᠦ ᠳᠡᠷᠭᠡᠳᠡᠬᠢ ᠬᠥᠮᠦᠨ ᠡᠴᠡ ᠪᠡᠨ ᠠᠰᠠᠭᠤᠪᠠᠯ ᠬᠠᠵᠠᠭᠤ ᠠ᠋ᠴᠠ ᠨᠢ ᠬᠢᠯᠭᠠᠰᠤᠨ ᠨᠣᠭᠲᠣ ᠲᠠᠢ ᠶᠤᠮ ᠰᠢᠭ᠋ ᠰᠠᠬᠠᠯ ᠦᠰᠦ ᠪᠡᠨ ᠤᠷᠭᠤᠭᠤᠯᠤᠭᠰᠠᠨ ᠥᠨᠳᠥᠷ ᠬᠠᠮᠠᠷᠳᠠᠢ ᠲᠡᠷᠡ ᠬᠤᠳᠠᠯᠳᠤᠭᠠᠴᠢᠨ ᠮᠣᠩᠭᠣᠯ ᠬᠡᠯᠡ ᠪᠡᠷ ᠶᠠᠷᠢᠵᠤ᠂ ᠶᠠᠷᠢᠶᠠᠨ ᠳ᠋ᠤ᠌ ᠣᠷᠣᠯᠴᠠᠭᠠᠳ ᠢᠨᠢᠶᠡᠪᠬᠢᠯᠡᠨ᠄
— ᠪᠢ ᠵᠠᠷᠤᠬᠤ ᠶᠠᠭᠤᠮᠠᠨ ᠤ᠋ ᠪᠠᠨ ᠦᠨ᠎ᠡ ᠶ᠋ᠢ ᠲᠡᠭᠷᠢ ᠳ᠋ᠦ᠍ ᠬᠠᠲᠠᠭᠠᠬᠤ ᠦᠭᠡᠢ᠃ ᠪᠢ ᠮᠣᠩᠭᠣᠯ ᠳᠠᠷᠬᠠᠨ ᠤ᠋ ᠤᠷᠠᠯᠠᠭᠰᠠᠨ ᠰᠠᠢᠬᠠᠨ ᠮᠥᠩᠭᠥᠨ ᠬᠡᠲᠡ ᠬᠢᠲᠤᠭ᠎ᠠ ᠣᠯᠵᠤ ᠠᠪᠬᠤ ᠰᠠᠨᠠᠭᠠᠲᠠᠢ᠃ ᠮᠢᠨᠦ ᠱᠢᠷᠦ ᠰᠤᠪᠤᠳ ᠪᠣᠯ ᠲᠣᠮᠣ᠂ ᠥᠩᠭᠡ ᠰᠠᠢᠨ ᠲᠠᠢ᠂ ᠱᠢᠷᠦ ᠨᠢ ᠤᠯᠠᠭᠠᠨ ᠳᠠᠯᠠᠢ ᠶ᠋ᠢᠨ ᠰᠢᠷᠤᠨ ᠠᠷᠠᠯ ᠤ᠋ᠨ ᠰᠢᠦ᠃ ᠲᠡᠨᠳᠡᠬᠢ ᠶ᠋ᠢᠨ ᠱᠢᠷᠦ ᠳᠡᠯᠡᠬᠡᠢ ᠶ᠋ᠢᠨ ᠵᠠᠬ᠎ᠠ ᠵᠡᠭᠡᠯᠢ ᠳᠡᠭᠡᠷ᠎ᠡ ᠬᠡᠵᠢᠶᠡᠳᠡ ᠲᠡᠷᠢᠭᠦᠨ ᠪᠠᠢᠳᠠᠭ ᠭᠡᠪᠡ᠃
— ᠠ᠂ ᠬᠥᠭᠡᠷᠦᠬᠦᠢ᠂ ᠮᠣᠩᠭᠣᠯ ᠬᠡᠯᠡ ᠶ᠋ᠢ ᠡᠢᠮᠦ ᠴᠡᠪᠡᠷᠬᠡᠨ ᠶᠠᠷᠢᠵᠤ ᠰᠤᠷᠤᠭᠰᠠᠨ ᠭᠠᠳᠠᠭᠠᠳᠤ ᠶ᠋ᠢᠨ ᠬᠥᠮᠦᠨ ᠪᠠᠰᠠ ᠪᠠᠢᠳᠠᠭ ᠶᠤᠮ ᠠ᠋᠃ ᠶᠡᠬᠡ ᠰᠡᠷᠭᠦᠯᠡᠩ ᠡᠷ᠎ᠡ ᠪᠠᠢᠨ᠎ᠠ᠃ ᠵᠠ ᠲᠠᠨᠢᠯᠴᠠᠶ᠎ᠠ ᠭᠡᠵᠦ ᠬᠦᠯᠦᠭ ᠬᠡᠯᠡᠭᠡᠳ ᠬᠤᠳᠠᠯᠳᠤᠭᠠᠴᠢᠨ ᠳ᠋ᠤ᠌ ᠣᠢᠷᠠᠲᠤᠪᠠᠯ ᠬᠢᠯᠭᠠᠰᠤᠨ ᠨᠤᠭᠳᠤᠳᠤ ᠬᠥᠮᠦᠨ ᠢᠨᠢᠶᠡᠭᠰᠡᠭᠡᠷ᠄
— ᠮᠢᠨᠦ ᠦᠭᠡ ᠣᠢᠯᠠᠭᠠᠭᠳᠠᠬᠤ ᠪᠠᠷ ᠪᠠᠢᠨ᠎ᠠ ᠤᠤ ? ᠪᠢ ᠥᠪᠡᠷ ᠢ᠋ ᠪᠡᠨ ᠦᠬᠡᠷ ᠠᠳᠠᠯᠢ ᠮᠥᠭᠡᠷᠡᠵᠦ ᠶᠠᠪᠤᠭ᠎ᠠ ᠪᠠᠢᠬᠤ ᠭᠡᠵᠦ ᠪᠣᠳᠣᠳᠠᠭ ᠭᠡᠮᠡᠨ ᠠᠯᠢᠶᠠᠯᠠᠨ ᠬᠡᠯᠡᠵᠦ ᠢᠨᠢᠶᠡᠳᠦᠮ ᠪᠣᠯᠤᠯ᠎ᠠ᠃ ᠢᠩᠭᠢᠭᠡᠳ ᠲᠡᠳᠡ ᠲᠠᠨᠢᠯᠴᠠᠬᠤ ᠵᠠᠮ ᠳ᠋ᠤ᠌ ᠣᠷᠣᠵᠤ᠂ ᠬᠤᠳᠠᠯᠳᠤᠭᠠᠴᠢᠨ ᠡᠷ᠎ᠡ ᠥᠪᠡᠷ ᠢ᠋ ᠪᠡᠨ ᠫᠧᠷᠰ ᠬᠥᠮᠦᠨ᠂ ᠲᠡᠨᠳᠡ ᠰᠠᠭᠤᠳᠠᠭ ᠮᠣᠩᠭᠣᠯ ᠤ᠋ᠨ ᠬᠠᠭᠠᠨ ᠤ᠋ ᠨᠢᠭᠡ ᠪᠠᠭ᠎ᠠ ᠲᠦᠰᠢᠮᠡᠯ ᠢ᠋ᠶ᠋ᠡᠷ ᠬᠡᠯᠡ ᠵᠢᠭᠠᠯᠭᠠᠭᠰᠠᠨ᠃ ᠲᠣᠷᠭᠠᠨ ᠶᠡᠬᠡ ᠵᠠᠮ ᠢ᠋ᠶ᠋ᠠᠷ ᠨᠠᠭᠠᠰᠢ ᠪᠠᠨ ᠶᠠᠪᠤᠵᠤ ᠢᠷᠡᠭᠰᠡᠨ᠃ ᠬᠤᠳᠠᠯᠳᠤᠬᠤ ᠶᠠᠭᠤᠮ᠎ᠠ ᠨᠠᠯᠢᠶᠠᠨ ᠪᠣᠢ ᠭᠡᠬᠦ ᠵᠡᠷᠭᠡ ᠪᠡᠷ ᠶᠠᠷᠢᠯᠴᠠᠯ᠎ᠠ᠃ ᠬᠦᠯᠦᠭ ᠴᠦ᠍ ᠬᠠᠷᠢᠭᠤ ᠳᠠᠭᠤ ᠦᠭᠡᠢ ᠪᠠᠢᠭᠰᠠᠨ ᠦᠭᠡᠢ᠂ ᠥᠪᠡᠷ ᠢ᠋ ᠪᠡᠨ ᠮᠣᠩᠭᠣᠯᠴᠤᠳ《ᠬᠦᠷᠡᠩ ᠰᠠᠬᠠᠯᠲᠤ》 ᠭᠡᠵᠦ ᠨᠡᠷᠡᠯᠡᠳᠡᠭ᠃ ᠪᠢ ᠮᠢᠲ᠋ᠤᠯᠯᠢ ᠬᠣᠮᠢᠨᠢ ᠭᠡᠳᠡᠭ ᠨᠡᠷ᠎ᠡ ᠲᠡᠢ᠂ ᠵᠦᠭᠡᠷ ᠬᠣᠮᠢᠨᠢ ᠭᠡᠳ ᠯᠡ ᠳᠠᠭᠤᠳᠠᠪᠠᠯ ᠪᠣᠯᠤᠨ᠎ᠠ ᠭᠡᠯᠡ᠃
ᠬᠣᠮᠢᠨᠢ ᠴᠠᠭᠠᠨ ᠬᠡᠷᠡᠮ ᠡᠴᠡ ᠣᠷᠣᠭᠰᠢ ᠭᠠᠷᠴᠤ ᠦᠵᠡᠬᠦ ᠰᠠᠨᠠᠭᠠᠲᠠᠢ᠂ ᠵᠢᠭᠠᠬᠠᠨ ᠭᠠᠭᠴᠠᠭᠠᠷᠳᠠᠭᠠᠳ ᠪᠠᠢᠭ᠎ᠠ᠃ ᠲᠠᠨ ᠢ᠋ ᠪᠠᠷᠠᠳᠠᠶ᠎ᠠ ᠭᠡᠪᠡᠯ ᠬᠦᠯᠦᠭ ᠳᠤᠷᠠᠲᠠᠢ ᠵᠥᠪᠰᠢᠶᠡᠷᠡᠵᠦ᠂ ᠨᠢᠭᠡᠨ ᠰᠢᠨ᠎ᠡ ᠲᠠᠨᠢᠯ ᠲᠠᠢ ᠪᠣᠯᠤᠭᠰᠠᠨ ᠳ᠋ᠤ᠌ ᠪᠠᠨ ᠪᠠᠶᠠᠷᠯᠠᠵᠤ᠂ ᠪᠠᠷᠤᠭ ᠡᠳᠦᠷᠵᠢᠨ ᠵᠠᠬ᠎ᠠ ᠪᠠᠷ ᠬᠠᠮᠲᠤ ᠶᠠᠪᠤᠯ᠎ᠠ᠃ ᠮᠥᠷᠥ ᠪᠦᠲᠦᠨ ᠠᠶᠠᠲᠠᠢᠬᠠᠨ ᠮᠣᠩᠭᠣᠯ ᠳᠡᠪᠡᠯ ᠲᠡᠢ᠂ ᠳᠦᠷᠢᠮᠲᠦ ᠮᠠᠯᠠᠭᠠᠢ ᠡᠮᠦᠰᠦᠭᠰᠡᠨ ᠡᠨᠡ ᠮᠣᠩᠭᠣᠯ ᠡᠷ᠎ᠡ ᠶ᠋ᠢ ᠬᠡᠨ ᠴᠦ᠍ ᠴᠠᠭᠠᠰᠢ ᠪᠠᠨ ᠭᠡᠬᠦ ᠦᠭᠡᠢ ᠭᠡᠬᠦ ᠤᠤ᠂ ᠭᠣᠶᠣ ᠭᠠᠩᠭᠠᠩ ᠡᠷ᠎ᠡ ᠪᠢᠰᠢ ᠴᠦ᠍ ᠭᠡᠰᠡᠨ ᠳᠠᠭᠠᠭᠠᠮᠠᠯ ᠤ᠋ᠳ ᠤ᠋ᠨ ᠳᠣᠲᠣᠷ᠎ᠠ ᠮᠠᠭᠤ ᠳ᠋ᠤ᠌ ᠪᠠᠨ ᠣᠷᠣᠬᠤ ᠪᠠᠷ ᠦᠭᠡᠢ ᠬᠣᠪᠴᠠᠰᠤᠲᠠᠢ ᠶᠠᠪᠤᠭ᠎ᠠ ᠪᠢᠯᠡ᠃ ᠬᠣᠮᠢᠨᠢ ᠬᠦᠯᠦᠭ ᠬᠣᠶᠠᠷ ᠣᠯᠠᠨ ᠵᠦᠢᠯ ᠳᠡᠭᠡᠷ᠎ᠡ ᠶᠠᠷᠢᠶ᠎ᠠ ᠨᠡᠢᠯᠡᠵᠦ᠂ ᠬᠤᠳᠠᠯᠳᠤᠭᠠᠴᠢ ᠶ᠋ᠢ ᠨᠠᠯᠢᠶᠠᠨ ᠬᠡᠳᠦᠨ ᠱ᠌ᠢᠷᠦ᠂ ᠰᠤᠪᠤᠳ ᠵᠠᠷᠤᠬᠤ ᠶ᠋ᠢ ᠬᠠᠷᠠᠯ᠎ᠠ᠃ ᠲᠡᠭᠦᠨ ᠢ᠋ ᠤᠷᠠᠨ ᠬᠢᠴᠡ ᠲᠡᠢ ᠮᠥᠩᠭᠥᠨ ᠬᠡᠲᠡ ᠬᠢᠲᠤᠭ᠎ᠠ ᠦᠨᠡᠯᠡᠨ ᠠᠪᠬᠤ ᠳ᠋ᠤ᠌ ᠨᠢ ᠬᠦᠯᠦᠭ ᠬᠠᠵᠠᠭᠤ ᠠ᠋ᠴᠠ ᠨᠢ ᠬᠣᠰᠢᠭᠤ ᠨᠡᠮᠡᠷᠢᠯᠡᠵᠦ ᠶᠠᠪᠤᠪᠠ᠃ ᠢᠩᠭᠢᠭᠡᠳ ᠲᠡᠳᠡ ᠠᠨᠳᠠ ᠪᠣᠯᠵᠤ᠂ ᠤᠷᠤᠭᠰᠢ ᠪᠠᠨ ᠺᠡᠢᠫᠢᠩ ᠦ᠋ᠨ ᠵᠦᠭ ᠶᠠᠪᠤᠬᠤ ᠳ᠋ᠤ᠌ ᠨᠢ ᠵᠠᠮ ᠨᠡᠢᠯᠡᠬᠦ ᠪᠡᠷ ᠲᠣᠬᠢᠷᠠᠯᠴᠠᠨ᠂ ᠡᠳᠦᠷ ᠰᠤᠳᠤᠷ ᠢ᠋ᠶ᠋ᠠᠨ ᠲᠣᠪᠯᠠᠭᠠᠳ᠂ ᠣᠳᠣ ᠪᠠᠷ ᠡᠨᠡ ᠵᠠᠬ᠎ᠠ ᠳᠡᠭᠡᠷ᠎ᠡ ᠠᠭᠤᠯᠵᠠᠵᠤ ᠪᠠᠢᠬᠤ ᠪᠣᠯᠪᠠ᠃
ᠬᠣᠶᠠᠷ ᠬᠣᠨᠣᠭᠠᠳ ᠶᠡᠬᠡ ᠵᠠᠬᠢᠷᠤᠭᠴᠢ ᠠᠷᠢᠬᠪᠥ᠋ᠬᠡ ᠬᠣᠲᠠ ᠳ᠋ᠤ᠌ ᠢᠷᠡᠭᠰᠡᠨ ᠴᠢᠮᠡᠭᠡ ᠲᠡᠢ᠃ ᠬᠦᠯᠦᠭ ᠬᠤᠪᠴᠠᠰᠤ ᠪᠠᠨ ᠶᠠᠩᠵᠤᠯᠠᠵᠤ ᠡᠮᠦᠰᠦᠭᠡᠳ ᠬᠠᠭᠠᠨ ᠤ᠋ ᠣᠷᠳᠣᠨ ᠳ᠋ᠤ᠌ ᠣᠴᠢᠪᠠᠯ ᠵᠠᠬᠢᠷᠤᠭᠴᠢ ᠥᠭᠡᠷ᠎ᠡ ᠦᠷᠭᠦᠭᠡᠨ ᠳ᠋ᠦ᠍ ᠶᠠᠮᠤᠯᠠᠳᠠᠭ ᠭᠡᠨ᠎ᠡ᠃ ᠲᠡᠨᠳᠡ ᠨᠢ ᠣᠴᠢᠵᠤ ᠳᠡᠷᠭᠡᠳᠡ ᠶ᠋ᠢᠨ ᠪᠠᠷ᠎ᠠ ᠪᠣᠯᠤᠭᠴᠢ ᠳ᠋ᠤ᠌ ᠨᠢ ᠬᠦᠯᠦᠭ ᠤᠴᠢᠷ ᠢ᠋ᠶ᠋ᠠᠨ ᠭᠠᠷᠭᠠᠨ ᠬᠡᠯᠡᠪᠡᠯ ᠬᠢᠶ᠎ᠡ ᠨᠢ ᠴᠠᠭᠠᠰᠢ ᠨᠢ ᠤᠯᠠᠮᠵᠢᠯᠠᠭᠠᠳ ᠦᠳᠡ ᠶ᠋ᠢᠨ ᠮᠣᠷᠢᠨ ᠴᠠᠭ ᠲᠤ ᠪᠠᠷᠠᠯᠬᠠᠬᠤ ᠭᠡᠯᠡ᠃ ᠲᠣᠪᠯᠠᠭᠰᠠᠨ ᠴᠠᠭ ᠲᠤ ᠨᠢ ᠡᠯᠴᠢ ᠮᠠᠨᠢ ᠬᠦᠷᠦᠯᠴᠡᠨ ᠣᠴᠢᠪᠠᠯ ᠬᠣᠣᠰᠯᠠᠭᠤᠯᠵᠤ ᠪᠠᠷᠢᠭᠰᠠᠨ ᠲᠣᠮᠣ ᠥᠷᠭᠥᠭᠡ ᠭᠡᠷ ᠲᠦ᠍ ᠠᠷᠢᠬᠪᠥ᠋ᠬᠡ ᠵᠠᠬᠢᠷᠤᠭᠴᠢ ᠬᠦᠯᠦᠭ ᠢ᠋ ᠪᠠᠷᠠᠯᠠᠭᠭᠤᠯᠤᠯᠠ᠃ ᠪᠢᠲᠡᠭᠦᠦ ᠢᠰᠡᠭᠡᠢ ᠰᠢᠷᠢᠮᠡᠯ ᠰᠢᠷᠢᠳᠡᠭ ᠲᠡᠢ᠂ ᠴᠡᠩᠬᠡᠷ ᠲᠣᠷᠭᠠᠨ ᠬᠥᠰᠢᠭᠡ ᠲᠠᠲᠠᠭᠰᠠᠨ ᠶᠡᠬᠡ ᠦᠷᠭᠦᠭᠡᠨ ᠳ᠋ᠦ᠍ ᠬᠣᠢᠮᠣᠷ ᠲᠤ ᠵᠤᠵᠠᠭᠠᠨ ᠣᠯᠪᠤᠭᠲᠤ ᠰᠠᠭᠤᠳᠠᠯ ᠳ᠋ᠤ᠌ ᠰᠠᠭᠤᠭᠰᠠᠨ ᠠᠷᠢᠬᠪᠥ᠋ᠬᠡ ᠨᠣᠶᠠᠨ ᠦᠷᠭᠦᠭᠡᠨ ᠦ᠌ ᠬᠠᠭᠠᠯᠭ᠎ᠠ ᠶ᠋ᠢ ᠨᠡᠭᠡᠭᠡᠬᠦ ᠳ᠋ᠦ᠍ ᠯᠡ ᠰᠦᠷᠯᠢᠭ ᠠᠭᠠᠳ᠂ ᠨᠢᠳᠦ ᠪᠤᠯᠢᠶᠠᠭᠰᠠᠨ ᠰᠠᠢᠬᠠᠨ ᠡᠷ᠎ᠡ ᠪᠠᠢᠵᠤ ᠬᠠᠷᠠᠭᠳᠠᠪᠠ᠃ ᠠᠷᠭ᠎ᠠ ᠦᠭᠡᠢ ᠯᠡ ᠬᠠᠭᠠᠨ ᠬᠥᠪᠡᠭᠦᠨ ᠪᠤᠶᠤ ᠨᠡᠢᠰᠯᠡᠯ ᠦ᠋ᠨ ᠶᠡᠬᠡ ᠵᠠᠬᠢᠷᠤᠭᠴᠢ ᠡᠢᠮᠦ ᠪᠠᠢᠯ ᠦᠭᠡᠢ ᠶᠠᠭᠠᠬᠢᠬᠤ ᠪᠣᠢ ᠭᠡᠮᠡᠷ ᠨᠢᠳᠦ ᠳᠦᠭᠦᠷᠡᠩ ᠭᠡᠷᠡᠯᠲᠡᠢ ᠪᠠᠢᠵᠤ ᠦᠵᠡᠭᠳᠡᠨ᠎ᠡ᠃ ᠥᠨᠳᠥᠷ ᠭᠤᠸᠠᠯᠢᠭ ᠨᠢᠷᠤᠭᠤ ᠲᠠᠢ᠂ ᠪᠡᠶ᠎ᠡ ᠴᠢᠬᠡ ᠰᠢᠯᠤᠭᠤᠨ᠂ ᠳᠥᠷᠪᠡᠯᠵᠢᠨ ᠴᠡᠭᠡᠵᠢ ᠲᠡᠢ ᠡᠨᠡ ᠡᠷ᠎ᠡ ᠥᠳᠬᠡᠨ ᠬᠥᠮᠦᠰᠬᠡᠨ ᠳᠣᠣᠷ᠎ᠠ ᠡᠷᠭᠢᠯᠳᠦᠬᠦ ᠬᠤᠷᠴᠠ ᠬᠠᠷ᠎ᠠ ᠨᠢᠳᠦ ᠪᠡᠷ ᠢ᠋ᠶ᠋ᠡᠨ ᠬᠦᠯᠦᠭ ᠢ᠋ ᠰᠢᠷᠳᠡᠨ ᠠᠭᠤᠯᠵᠠᠪᠠ᠃ ᠬᠤᠪᠢᠯᠠᠢ ᠶ᠋ᠢᠨ ᠡᠮᠦᠨ᠎ᠡ ᠰᠦᠷᠳᠡᠨ ᠰᠠᠨᠳᠤᠷᠳᠠᠭ ᠦᠭᠡᠢ ᠶᠠᠪᠤᠳᠠᠭ ᠬᠦᠯᠦᠭ ᠡᠨᠡ ᠵᠠᠬᠢᠷᠤᠭᠴᠢ ᠶ᠋ᠢ ᠬᠠᠷᠠᠭᠠᠳ ᠬᠠᠮᠤᠭ ᠪᠡᠶ᠎ᠡ ᠶ᠋ᠢᠨ ᠬᠢᠨᠢ ᠬᠥᠯᠥᠰᠥ ᠳᠠᠭᠠᠪᠤᠷᠢᠯᠠᠬᠤ ᠰᠢᠭ᠋ ᠪᠣᠯᠵᠤ᠂ ᠠᠢᠯᠠᠳᠬᠠᠬᠤ ᠵᠦᠢᠯ ᠢ᠋ᠶ᠋ᠡᠨ ᠨᠠᠮᠤᠭᠤᠬᠠᠨ ᠳᠠᠭᠤ ᠪᠠᠷ ᠬᠡᠯᠡᠭᠡᠳ᠂ ᠳᠤᠭᠲᠤᠢᠲᠤ ᠪᠢᠴᠢᠭ ᠢ᠋ᠶ᠋ᠡᠨ ᠡᠷᠭᠦᠨ ᠪᠠᠷᠢᠯ᠎ᠠ᠃ ᠠᠷᠢᠬᠪᠥ᠋ᠬᠡ ᠤᠭ ᠪᠢᠴᠢᠭ ᠢ᠋ ᠵᠠᠳᠠᠯᠤᠨ ᠦᠵᠡᠭᠰᠡᠨ ᠳᠣᠣᠷ᠎ᠠ ᠪᠠᠨ ᠬᠦᠯᠦᠭ ᠦ᠋ᠨ ᠨᠢᠭᠤᠷ ᠥᠭᠡᠳᠡ ᠬᠠᠷᠠᠵᠤ᠄
— ᠠᠬ᠎ᠠ ᠶᠠᠭᠤ ᠪᠣᠯᠭᠣᠭᠠᠵᠤ ᠪᠠᠢᠨ᠎ᠠ ᠪᠣᠢ? ᠡᠭᠦᠨ ᠡᠴᠡ ᠥᠭᠡᠷ᠎ᠡ ᠶᠠᠭᠤᠮ᠎ᠠ ᠬᠡᠯᠡᠭᠦᠯᠦᠭᠰᠡᠨ ᠤᠤ? ᠭᠡᠵᠦ ᠠᠰᠠᠭᠤᠯ᠎ᠠ᠃ ᠡᠯᠴᠢ ᠡᠷ᠎ᠡ ᠪᠡᠶ᠎ᠡ ᠪᠡᠨ ᠲᠠᠢᠪᠤᠩ ᠪᠠᠢᠯᠭᠠᠵᠤ᠂ ᠰᠢᠭᠤᠳ ᠰᠢᠯᠤᠭᠤᠬᠠᠨ ᠢ᠋ᠶ᠋ᠠᠷ᠄
— ᠶᠡᠬᠡ ᠵᠠᠬᠢᠷᠤᠭᠴᠢ ᠬᠢᠲᠠᠳ ᠡᠷᠳᠡᠮᠲᠡᠨ ᠨᠦ᠍ᠭᠦᠳ ᠲᠡᠢ ᠨᠣᠮ ᠨᠡᠢᠯᠡᠨ ᠪᠣᠯᠭᠣᠭᠠᠳᠠᠭ᠃ ᠰᠡᠭᠦᠯ ᠦ᠋ᠨ ᠦᠶ᠎ᠡ ᠳ᠋ᠦ᠍ ᠵᠠᠩᠵᠤᠨ ᠨᠤᠭᠤᠳ ᠢ᠋ ᠢᠷᠡᠭᠦᠯᠦᠨ ᠵᠥᠪᠯᠡᠯᠳᠦᠵᠦ ᠪᠠᠢᠭ᠎ᠠ᠃ ᠳᠠᠭᠠᠵᠤ ᠪᠣᠳᠣᠪᠠᠯ ᠮᠥᠨ ᠤᠯᠤᠰ ᠢ᠋ ᠲᠦᠪᠰᠢᠳᠬᠡᠬᠦ ᠲᠤᠬᠠᠢ ᠬᠡᠯᠡᠯᠴᠡᠵᠦ ᠪᠠᠢᠭ᠎ᠠ ᠪᠢᠵᠡ᠃ ᠪᠢ ᠲᠡᠷᠡ ᠪᠣᠯᠭᠠᠨ ᠳ᠋ᠤ᠌ ᠣᠷᠣᠯᠴᠠᠳᠠᠭ ᠦᠭᠡᠢ ᠤᠴᠢᠷ ᠮᠡᠳᠡᠬᠦ ᠦᠭᠡᠢ ᠪᠠᠢᠨ᠎ᠠ᠃ ᠺᠡᠢᠫᠢᠩ ᠶᠡᠬᠡ ᠭᠣᠶᠣ ᠬᠣᠲᠠᠬᠠᠨ ᠪᠣᠯᠤᠭᠰᠠᠨ᠃ ᠵᠠᠬᠢᠷᠤᠭᠴᠢ ᠲᠡᠭᠦᠨ ᠳ᠋ᠦ᠍ ᠪᠡᠨ ᠢᠳᠡᠭᠡᠰᠢᠨ ᠳᠠᠭᠠᠯᠠᠳᠠᠭ ᠪᠣᠯᠤᠯᠲᠠᠢ ᠭᠡᠵᠦ ᠠᠢᠯᠠᠳᠬᠠᠯ᠎ᠠ᠃
— ᠴᠢ ᠶᠠᠭᠤ ᠦᠢᠯᠡᠳᠴᠦ ᠪᠠᠢᠳᠠᠭ ᠲᠦᠰᠢᠮᠡᠯ ᠪᠣᠢ?
— ᠪᠢ ᠪᠢᠴᠢᠭ ᠪᠢᠴᠢᠳᠡᠭ᠃ ᠵᠠᠬᠢᠷᠤᠭᠴᠢ ᠶ᠋ᠢ ᠪᠢᠴᠢᠭ ᠪᠣᠯᠭ᠎ᠠ ᠭᠡᠰᠡᠨ ᠢ᠋ ᠯᠡ᠃
— ᠴᠢ ᠶᠠᠮᠠᠷ ᠶᠠᠮᠠᠷ ᠬᠡᠯᠡ ᠪᠢᠴᠢᠭ ᠮᠡᠳᠡᠳᠡᠭ ᠡᠷᠳᠡᠮᠲᠡᠢ ᠬᠥᠮᠦᠨ ᠪᠣᠢ?
— ᠪᠢ ᠮᠣᠩᠭᠣᠯ ᠬᠡᠯᠡ ᠪᠡᠷ ᠪᠢᠴᠢᠳᠡᠭ᠃ ᠬᠢᠲᠠᠳ ᠬᠡᠯᠡ ᠵᠢᠭᠠᠯᠭᠠᠨ ᠪᠠᠭ᠎ᠠ ᠵᠡᠷᠭᠡ ᠰᠤᠷᠤᠭᠰᠠᠨ᠃
— ᠠᠬ᠎ᠠ ᠶ᠋ᠢᠨ ᠪᠠᠢᠳᠠᠯ ᠶᠠᠮᠠᠷ ᠪᠠᠢᠨ᠎ᠠ ᠪᠣᠢ? ᠴᠣᠬᠣᠮ ᠶᠠᠭᠤ ᠶᠠᠷᠢᠳᠠᠭ ᠪᠣᠢ?
— ᠥᠷᠥᠰᠢᠶᠡᠵᠦ ᠪᠣᠯᠭᠣᠭ᠎ᠠ ᠳᠡᠭᠡᠳᠦᠰ ᠮᠢᠨᠢ! ᠲᠠᠨ ᠤ᠋ ᠠᠬ᠎ᠠ ᠵᠠᠬᠢᠷᠤᠭᠴᠢ ᠳ᠋ᠤ᠌ ᠪᠣᠭᠣᠯ ᠨᠢ ᠶᠡᠬᠡ ᠰᠢᠳᠠᠷ ᠪᠢᠰᠢ᠃ ᠬᠡᠷᠡᠭ ᠶᠠᠪᠤᠳᠠᠯ ᠭᠠᠷᠤᠭᠠᠳ ᠳᠠᠭᠤᠳᠠᠪᠠᠯ ᠪᠠᠷᠠᠯᠬᠠᠨ᠂ ᠵᠠᠷᠯᠢᠭ ᠢ᠋ ᠨᠢ ᠪᠡᠶᠡᠯᠡᠭᠦᠯᠳᠡᠭ᠃ ᠪᠢᠴᠢᠭ ᠦᠢᠯᠡᠳᠬᠦ ᠲᠤᠬᠠᠢ ᠯᠠ ᠪᠠᠢᠳᠠᠭ ᠶᠤᠮ᠃ ᠴᠣᠬᠣᠮ ᠶᠠᠭᠤ ᠪᠣᠯᠭᠣᠭᠠᠵᠤ᠂ ᠶᠠᠮᠠᠷ ᠵᠦᠢᠯ ᠵᠠᠷᠯᠢᠭᠯᠠᠵᠤ ᠪᠠᠢᠳᠠᠭ ᠢ᠋ ᠨᠢ ᠪᠦᠷᠢᠨ ᠮᠡᠳᠡᠬᠦ ᠦᠭᠡᠢ᠃ ᠳᠡᠷᠭᠡᠳᠡ ᠨᠢ ᠬᠢᠲᠠᠳ ᠲᠦᠰᠢᠮᠡᠳ ᠨᠠᠷ ᠵᠣᠩᠬᠢᠯᠠᠨ ᠰᠢᠳᠠᠷᠯᠠᠵᠤ ᠪᠠᠢᠵᠤ ᠬᠠᠷᠠᠭᠳᠠᠳᠠᠭ ᠭᠡᠮᠡᠨ ᠬᠦᠯᠦᠭ ᠮᠡᠬᠦᠢᠨ ᠵᠣᠭᠰᠣᠵᠤ ᠠᠢᠯᠠᠳᠬᠠᠪᠠ᠃
— ᠵᠠ ᠲᠡᠢᠮᠦ ᠴᠦ᠍ ᠪᠢᠵᠡ ᠳᠡ᠃ ᠡᠵᠢ ᠶ᠋ᠢᠨ ᠪᠡᠶ᠎ᠡ ᠶ᠋ᠢ ᠲᠠᠭᠠᠷᠠᠤᠬᠠᠨ ᠪᠠᠢᠬᠤ ᠳ᠋ᠤ᠌ ᠠᠬ᠎ᠠ ᠥᠪᠡᠷ ᠢ᠋ᠶ᠋ᠡᠨ ᠢᠷᠡᠭᠡᠳ ᠠᠭᠤᠯᠵᠠᠵᠤ ᠣᠷᠬᠢᠬᠤ ᠦᠭᠡᠢ᠂ ᠲᠡᠨᠳᠡ ᠡᠴᠡ ᠨᠢᠭᠡ ᠴᠠᠭᠠᠰᠤ ᠰᠢᠲᠠᠵᠤ ᠣᠷᠬᠢᠭᠠᠳ᠂ ᠴᠠᠭᠠᠨ ᠪᠤᠳᠠᠭ᠎ᠠ ᠰᠢᠪᠬᠠᠳᠠᠭᠠᠳ ᠰᠠᠭᠤᠵᠤ ᠪᠠᠢᠭ᠎ᠠ ᠬᠡᠷᠡᠭ ᠤᠤ? ᠴᠢ ᠬᠡᠵᠢᠶ᠎ᠡ ᠪᠤᠴᠠᠬᠤ ᠲᠦᠰᠢᠮᠡᠯ ᠪᠣᠢ? ᠭᠡᠵᠦ ᠠᠷᠢᠬᠪᠥ᠋ᠬᠡ ᠬᠢᠯᠢᠩᠲᠡᠢ ᠶᠦᠮ ᠰᠢᠭ ᠴᠢᠷᠠᠢ ᠪᠠᠨ ᠪᠠᠷᠤᠢᠯᠭᠠᠨ ᠬᠡᠯᠡᠪᠡ᠃
— ᠪᠣᠭᠣᠯ ᠨᠢ ᠳᠡᠭᠡᠳᠦᠰ ᠲᠠᠨ ᠢ᠋ ᠪᠤᠴᠠ ᠭᠡᠰᠡᠨ ᠴᠠᠭ ᠲᠤ ᠶᠠᠪᠤᠶ᠎ᠠ᠃ ᠤᠭ ᠨᠢ ᠡᠨᠡ ᠨᠡᠢᠰᠯᠡᠯ ᠳ᠋ᠦ᠍ ᠪᠡᠨ ᠪᠠᠢᠭᠠᠳ ᠪᠠᠢᠮᠠᠷ ᠰᠠᠢᠬᠠᠨ ᠪᠠᠢᠨ᠎ᠠ ᠰᠢᠦ ᠭᠡᠵᠦ ᠬᠦᠯᠦᠭ ᠠᠢᠯᠠᠳᠬᠠᠯ᠎ᠠ᠃
— ᠠ ᠲᠡᠢᠮᠦ ᠤᠤ᠃ ᠴᠢᠨᠦ ᠠᠬᠠᠨ ᠳᠡᠭᠦᠦᠰ ᠶᠠᠮᠠᠷ ᠬᠥᠮᠦᠰ ᠡᠨᠳᠡ ᠪᠠᠢᠳᠠᠭ ᠪᠣᠢ?
— ᠮᠢᠨᠦ ᠳᠡᠭᠦᠦ ᠪᠢᠯᠢᠭᠦᠨ ᠡᠨᠳᠡ ᠰᠢᠳᠠᠷᠯᠠᠨ ᠠᠯᠪᠠ ᠬᠠᠰᠢᠳᠠᠭ᠃ ᠲᠠ ᠪᠣᠯᠭᠣᠭᠠᠵᠤ ᠪᠠᠢᠵᠤ ᠮᠠᠭᠠᠳ ᠦᠭᠡᠢ᠃ ᠰᠠᠶᠢ ᠲᠠᠨ ᠤ᠋ ᠵᠠᠷᠤᠭᠠᠯ ᠢ᠋ᠶ᠋ᠠᠷ ᠪᠠᠷᠠᠭᠤᠨ ᠣᠷᠣᠨ ᠳ᠋ᠤ᠌ ᠶᠠᠪᠤᠭᠰᠠᠨ᠂ ᠨᠢᠭᠡ ᠥᠨᠳᠥᠷ ᠨᠢᠷᠤᠭᠤ ᠲᠠᠢ ᠬᠠᠷ᠎ᠠ ᠬᠦᠦ ᠪᠠᠢᠭ᠎ᠠ᠃ ᠤᠭ ᠨᠢ ᠢᠯᠳᠠᠮ ᠵᠥᠭᠡᠯᠡᠨ ᠪᠠᠢᠳᠠᠯᠲᠠᠢ ᠰᠢᠦ ᠶᠦᠮ ᠰᠠᠨ᠃
— ᠠ᠂ ᠪᠢ ᠮᠠᠲᠠᠯ ᠦᠭᠡᠢ ᠶᠠᠭᠠᠬᠢᠬᠤ ᠪᠣᠢ᠃ ᠭᠠᠳᠠᠭᠠᠳᠤ ᠠ᠋ᠴᠠ ᠢᠷᠡᠭᠰᠡᠨ ᠭᠡᠢᠴᠢᠳ᠂ ᠡᠯᠴᠢ ᠨᠠᠷ ᠲᠤ ᠰᠢᠳᠠᠷᠯᠠᠵᠤ ᠶᠠᠪᠤᠳᠠᠭ ᠶᠤᠮ᠃ ᠵᠦᠭᠡᠷ ᠬᠦᠦ ᠪᠣᠯᠤᠯᠲᠠᠢ ᠪᠢᠯᠡ᠃ ᠴᠢ ᠲᠡᠭᠦᠨ ᠦ᠌ ᠠᠬ᠎ᠠ ᠨᠢ ᠶᠦᠮ ᠪᠣᠢ᠃
— ᠥᠷᠥᠰᠢᠶᠡ᠂ ᠶᠡᠬᠡ ᠨᠣᠶᠠᠨᠲᠠᠨ ᠮᠢᠨᠢ᠃ ᠲᠡᠢᠮᠦ᠂ ᠪᠢ ᠪᠢᠯᠢᠭᠦᠨ ᠦ᠌ ᠲᠥᠷᠥᠭᠰᠡᠨ ᠠᠬ᠎ᠠ ᠨᠢ᠃
— ᠵᠠ᠂ ᠵᠠ᠃ ᠴᠢ ᠢᠩᠭᠢᠭᠡᠳ ᠪᠤᠴᠠᠬᠤ ᠪᠢᠵᠡ᠃ ᠡᠨᠳᠡ ᠪᠡᠨ ᠬᠣᠶᠠᠷ ᠬᠣᠨᠣᠭ ᠰᠠᠭᠠᠲᠠᠵᠤ ᠪᠣᠯᠤᠯ ᠦᠭᠡᠢ ᠶᠠᠭᠠᠬᠢᠬᠤ ᠪᠣᠢ᠃ ᠴᠢ ᠪᠢᠳᠡ ᠬᠣᠶᠠᠷ ᠳᠠᠬᠢᠨ ᠠᠭᠤᠯᠵᠠᠵᠤ ᠵᠠᠪᠳᠤᠬᠤ ᠦᠭᠡᠢ ᠪᠠᠢᠬᠤ ᠠ᠋᠃ ᠴᠢ ᠮᠠᠨ ᠤ᠋ ᠠᠬ᠎ᠠ ᠠ᠋ᠴᠠ ᠢᠷᠡᠭᠦᠯᠦᠭᠰᠡᠨ ᠴᠠᠭᠠᠰᠤ ᠶ᠋ᠢ ᠠᠪᠤᠯ᠎ᠠ᠃ ᠡᠵᠢ ᠲᠠᠨ ᠢ᠋ ᠦᠷᠭᠦᠯᠵᠢ ᠳᠤᠷᠠᠰᠤᠨ ᠶᠠᠷᠢᠭᠠᠳ ᠪᠠᠢᠨ᠎ᠠ᠃ ᠲᠠ ᠳᠠᠪᠬᠢᠵᠤ ᠢᠷᠡᠭᠡᠳ ᠠᠮᠢᠳᠤ ᠮᠡᠨᠳᠦ ᠪᠠᠢᠭ᠎ᠠ ᠳᠡᠭᠡᠷ᠎ᠡ ᠨᠢ ᠠᠭᠤᠯᠵᠠᠵᠤ ᠪᠣᠯᠳᠠᠭ ᠦᠭᠡᠢ ᠶᠦᠮ ᠪᠢᠵᠡ ᠳᠡ? ᠪᠢ ᠲᠠᠨ ᠳ᠋ᠤ᠌ ᠪᠢᠴᠢᠭ ᠪᠢᠴᠢᠬᠦ ᠦᠭᠡᠢ᠂ ᠲᠡᠭᠡᠵᠦ ᠰᠠᠭᠤᠬᠤ ᠵᠠᠪ ᠠᠯᠠᠭ᠎ᠠ᠃ ᠤᠯᠤᠰ ᠭᠦᠷᠦᠨ ᠦ᠌ ᠠᠯᠪᠠ ᠶ᠋ᠢ ᠵᠠᠯᠭᠠᠭᠤᠯᠬᠤ ᠰᠠᠨᠠᠭᠠᠲᠠᠢ ᠶᠠᠳᠠᠵᠤ ᠰᠠᠭᠤᠨ᠎ᠠ᠃ ᠤᠳᠠᠬᠤ ᠦᠭᠡᠢ ᠪᠢ ᠲᠠᠨ ᠳ᠋ᠤ᠌ ᠨᠢᠭᠡ ᠡᠯᠴᠢ ᠵᠠᠷᠤᠵᠤ ᠮᠠᠭᠠᠳ ᠦᠭᠡᠢ ᠭᠡᠵᠦ ᠪᠠᠢᠨ᠎ᠠ ᠭᠡᠮᠡᠨ ᠬᠡᠯᠡᠬᠦ ᠪᠢᠵᠡ᠃ ᠡᠢᠮᠦ ᠰᠢᠪ ᠳᠡ᠃ ᠵᠠᠮ ᠳ᠋ᠤ᠌ ᠪᠠᠨ ᠰᠠᠢᠨ ᠶᠠᠪᠤᠭᠠᠷᠠᠢ! ᠴᠢ ᠡᠨᠳᠡ ᠰᠠᠭᠤᠮᠠᠷ ᠪᠣᠯ ᠡᠷᠭᠢᠭᠡᠳ ᠢᠷᠡᠵᠦ ᠪᠣᠯᠤᠨ᠎ᠠ ᠰᠢᠦ ᠭᠡᠵᠦ ᠠᠷᠢᠬᠪᠥ᠋ᠬᠡ ᠪᠣᠳᠣᠯᠭᠠᠰᠢᠷᠠᠨ᠂ ᠦᠷᠭᠦᠭᠡᠨ ᠦ᠌ ᠪᠡᠨ ᠲᠣᠭᠣᠨᠣ ᠥᠭᠡᠳᠡ ᠬᠠᠷᠠᠵᠤ ᠬᠡᠯᠡᠪᠡ᠃ ᠠᠭᠤᠯᠵᠠᠯᠲᠠ ᠡᠭᠦᠨ ᠢ᠋ᠶ᠋ᠡᠷ ᠳᠠᠭᠤᠰᠴᠤ᠂ ᠬᠦᠯᠦᠭ ᠦᠷᠭᠦᠭᠡᠨ ᠡᠴᠡ ᠭᠠᠷᠤᠭᠰᠠᠨ ᠳᠣᠣᠷ᠎ᠠ ᠪᠠᠨ ᠺᠡᠢᠫᠢᠩ ᠤᠷᠤᠭᠤ ᠪᠤᠴᠠᠬᠤ ᠪᠠᠷ ᠳᠠᠭᠠᠭᠤᠯ ᠴᠡᠷᠢᠭ ᠦ᠋ᠳ᠂ ᠤᠨᠤᠭ᠎ᠠ ᠮᠣᠷᠢᠳ ᠢ᠋ᠶ᠋ᠠᠨ ᠪᠡᠯᠡᠳᠬᠡᠬᠦ ᠬᠡᠷᠡᠭ ᠲᠦ᠍ ᠣᠷᠣᠯ᠎ᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ᠂ ᠪᠠᠭᠠᠲᠤᠷ᠂ ᠴᠣᠯᠮᠣᠨᠲᠤᠶᠠᠭ᠎ᠠ
