ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠳᠥᠷᠪᠡᠳᠦᠭᠡᠷ ᠪᠦᠯᠦᠭ –2>᠂ ᠬᠤᠤᠪᠢᠯᠳᠤᠭᠠᠨ Бүргэд харьд үүрэлдэггүй – Ж᠂ Пүрэв <4-р бүлэг ~2>.хуйвалдаан
ᠳᠥᠷᠪᠡᠳᠦᠭᠡᠷ ᠪᠥᠯᠥᠭ -ᠯᠤᠤ ᠤᠨᠵᠢᠭᠰᠠᠨ ᠬᠠᠪᠤᠷ
ᠬᠣᠶᠠᠷ᠂ ᠬᠤᠤᠪᠢᠯᠳᠤᠭᠠᠨ
ᠯᠣᠯᠣᠢ ᠠᠪᠠᠭᠠᠢ ᠶ᠋ᠢᠨ ᠠᠵᠢᠯ ᠢᠳᠡ ᠣᠷᠭᠢᠯᠤᠨ ᠡᠮᠡᠰ ᠦ᠋ᠳ ᠢ᠋ᠶ᠋ᠡᠨ ᠭᠤᠶᠤᠵᠤ ᠭᠣᠣᠳᠠᠭᠠᠳ ᠡᠵᠡᠨ ᠳ᠋ᠦ᠍ ᠪᠡᠨ ᠪᠠᠷᠠᠭᠭᠤᠯᠬᠤ ᠭᠡᠵᠦ ᠬᠥᠯ ᠠᠯᠳᠠᠬᠤ ᠰᠢᠬᠠᠨ᠎ᠠ᠃ ᠤᠭ ᠬᠡᠷᠡᠭ ᠬᠣᠶᠠᠷ ᠲᠠᠯ᠎ᠠ ᠶ᠋ᠢᠨ ᠬᠢᠴᠢᠶᠡᠩᠭᠦᠢ ᠣᠷᠣᠯᠳᠣᠯᠭ᠎ᠠ᠂ ᠨᠢᠭᠤᠴᠠ ᠲᠡᠮᠡᠦᠯᠦᠯ ᠢ᠋ᠶ᠋ᠡᠷ ᠪᠦᠲᠦᠳᠡᠭ ᠪᠣᠯᠬᠣᠷ ᠡᠳᠦᠷ ᠵᠠᠭᠤᠨ ᠵᠠᠳᠠᠭᠠᠢ ᠵᠢᠷᠠᠨ ᠬᠠᠭᠠᠷᠬᠠᠢ ᠪᠠᠢᠪᠠᠴᠤ ᠦᠳᠡᠰᠢ ᠶ᠋ᠢᠨ ᠪᠦᠷᠦᠢ ᠪᠣᠯᠬᠤ ᠳ᠋ᠤ᠌ ᠠᠶ᠎ᠠ ᠭᠤᠶ᠎ᠠ ᠪᠠᠨ ᠣᠯᠤᠭᠠᠳ ᠰᠢᠳᠬᠡᠭᠳᠡᠵᠦ ᠴᠢᠳᠠᠳᠠᠭ ᠨᠢ ᠬᠠᠮᠤᠭ ᠬᠡᠷᠡᠭ ᠢ᠋ ᠳᠥᠭᠥᠮ ᠲᠡᠢ ᠪᠣᠯᠭᠠᠨ᠎ᠠ᠃
ᠬᠢᠲᠠᠳ ᠰᠠᠢᠨ ᠵᠢᠷᠤᠭᠠᠴᠢ ᠯᠣᠯᠣᠢ ᠶ᠋ᠢᠨ ᠭᠠᠷ ᠳᠣᠣᠷ᠎ᠠ ᠪᠠᠢᠭ᠎ᠠ ᠪᠣᠯᠪᠠᠴᠤ ᠡᠮᠡᠰ ᠢ᠋ ᠰᠢᠯᠢᠨ ᠰᠣᠩᠭᠣᠵᠤ᠂ ᠡᠭᠡᠯᠵᠢ ᠳᠠᠷᠠᠭ᠎ᠠ ᠲᠣᠭᠲᠠᠭᠠᠨ ᠲᠡᠳᠡᠨ ᠦ᠌ ᠵᠢᠷᠤᠭ ᠢ᠋ ᠵᠢᠷᠤᠭᠤᠯᠵᠤ ᠶᠡᠬᠡ ᠵᠠᠬᠢᠷᠤᠭᠴᠢ ᠶ᠋ᠢᠨ ᠲᠠᠭᠠᠯᠠᠯ ᠳ᠋ᠤ᠌ ᠪᠣᠯᠭᠤᠭᠠᠯᠠᠭᠠᠨᠠ ᠭᠡᠳᠡᠭ ᠪᠠᠰᠠ ᠲᠦᠪᠡᠭᠲᠡᠢ ᠬᠡᠷᠡᠭ᠃
ᠡᠨᠡ ᠪᠦᠬᠦᠨ ᠬᠥᠮᠦᠨ ᠦᠨᠡᠮᠰᠢᠬᠦ ᠠᠷᠭ᠎ᠠ ᠦᠭᠡᠢ ᠮᠡᠲᠦ ᠪᠣᠯᠪᠠᠴᠤ ᠦᠨᠡᠨ᠃ ᠵᠢᠷᠤᠭᠠᠴᠢ ᠶ᠋ᠢᠨ ᠭᠠᠷ ᠴᠢᠯᠡᠭᠰᠡᠨ ᠡᠴᠡ ᠪᠣᠯᠤᠭᠠᠳ ᠪᠦᠰᠡᠭᠦᠢ ᠶ᠋ᠢᠨ ᠨᠢᠳᠦ ᠶ᠋ᠢ ᠵᠢᠭᠠᠬᠠᠨ ᠳᠠᠷᠤᠤ ᠵᠢᠷᠤᠵᠤ ᠣᠷᠬᠢᠪᠠᠯ ᠡᠵᠡᠨ ᠲᠡᠭᠦᠨ ᠢ᠋ ᠬᠠᠷᠠᠭᠠᠳ《ᠬᠢᠯᠠᠷ ᠶᠤᠮ ᠪᠠᠢᠨ᠎ᠠ》 ᠭᠡᠪᠡᠯ ᠤᠭ ᠬᠡᠦᠬᠡᠨ ᠬᠡᠴᠢᠨᠡᠨ ᠴᠡᠪᠡᠷ ᠭᠠᠩᠭᠠᠩ ᠪᠠᠢᠯ᠎ᠠ ᠴᠦ᠍ ᠭᠡᠰᠡᠨ᠂ ᠲᠡᠭᠦᠨ ᠢ᠋ ᠪᠡᠯᠡᠳᠬᠡᠭᠦᠯᠦᠭᠰᠡᠨ ᠬᠠᠮᠤᠭ ᠬᠡᠷᠡᠭ ᠪᠦᠲᠦᠯ ᠦᠭᠡᠢ ᠪᠣᠯᠵᠤ ᠳᠠᠭᠤᠰᠳᠠᠭ᠃
ᠲᠠᠯ᠎ᠠ ᠬᠡᠭᠡᠷ᠎ᠡ ᠳ᠋ᠦ᠍ ᠬᠦᠵᠦᠭᠦᠦ ᠪᠡᠨ ᠰᠠᠢᠷᠲᠤᠭᠤᠯᠤᠨ ᠬᠣᠨᠢ ᠬᠠᠷᠢᠭᠤᠯᠵᠤ ᠶᠠᠪᠤᠭᠰᠠᠨ ᠪᠦᠰᠡᠭᠦᠢ ᠶ᠋ᠢᠨ ᠵᠢᠷᠤᠭ ᠢ᠋ ᠰᠠᠢᠬᠠᠨ ᠵᠢᠷᠤᠭᠤᠯᠤᠭᠠᠳ᠂ ᠲᠠᠭᠠᠯᠠᠯ ᠳ᠋ᠤ᠌ ᠨᠡᠢᠴᠡᠭᠦᠯᠦᠨ᠂ ᠦᠳᠡᠰᠢ ᠶ᠋ᠢᠨ ᠪᠦᠳᠡᠭᠢᠬᠡᠨ ᠭᠡᠷᠡᠯ ᠳᠤᠮᠳᠠᠭᠤᠷ ᠲᠡᠭᠦᠨ ᠢ᠋ ᠪᠡᠨ ᠪᠠᠷᠠᠯᠬᠠᠭᠤᠯᠵᠤ ᠣᠷᠬᠢᠭᠠᠳ ᠳᠡᠭᠡᠳᠦ ᠦᠨᠡᠯᠡᠭᠡ ᠬᠦᠷᠲᠡᠭᠡᠳ ᠯᠡ ᠦᠦᠷ ᠦ᠋ᠨ ᠭᠡᠭᠡᠨ ᠢ᠋ᠶ᠋ᠡᠷ ᠡᠷᠭᠢᠭᠦᠯᠦᠨ ᠠᠪᠤᠨ᠎ᠠ᠃
ᠯᠣᠯᠣᠢ ᠶ᠋ᠢᠨ ᠡᠨᠡ《ᠠᠯᠪᠠ》 ᠵᠤᠭᠠᠲᠠᠢ ᠳᠡᠭᠡᠷ᠎ᠡ 《ᠨᠠᠷᠢᠨ》᠂ ᠲᠠᠰᠤᠷᠠᠯᠲᠠ ᠦᠭᠡᠢ ᠪᠣᠯᠵᠤ ᠪᠠᠢᠳᠠᠭ ᠪᠣᠯᠬᠣᠷ ᠲᠡᠭᠦᠨ ᠡᠴᠡ ᠪᠡᠶ᠎ᠡ ᠬᠣᠯᠠᠳᠴᠤ᠂ ᠨᠢᠳᠦᠨ ᠪᠠᠷ᠎ᠠ ᠰᠠᠯᠵᠤ ᠪᠣᠯᠳᠠᠭ ᠦᠭᠡᠢ ᠨᠢ ᠭᠠᠰᠠᠯᠠᠩᠲᠠᠢ᠃
ᠡᠨᠡ ᠠᠪᠠᠭᠠᠢ ᠥᠪᠡᠷ ᠦ᠋ᠨ《ᠠᠯᠪᠠᠨ ᠤ᠋》 ᠳᠡᠯᠢᠮ ᠢ᠋ᠶ᠋ᠡᠷ ᠳᠤᠷᠠᠲᠠᠢ ᠴᠠᠭ ᠲᠤ᠌ ᠪᠠᠨ ᠵᠠᠬᠢᠷᠤᠭᠴᠢ ᠳ᠋ᠤ᠌ ᠪᠠᠷᠠᠯᠬᠠᠨ᠂ ᠴᠢᠬᠢᠨ ᠳ᠋ᠦ᠍ ᠨᠢ ᠠᠯᠲᠠᠨ ᠬᠣᠰᠢᠭᠤ ᠬᠦᠷᠭᠡᠵᠦ ᠴᠢᠳᠠᠳᠠᠭ ᠢ᠋ᠶ᠋ᠠᠷ ᠢ᠋ᠶ᠋ᠠᠨ ᠣᠨᠴᠠᠭᠠᠢ ᠤᠴᠢᠷ ᠪᠠᠢᠳᠠᠯ ᠢ᠋ ᠮᠡᠳᠡᠬᠦ ᠶ᠋ᠢᠨ《ᠲᠠᠯᠠᠷᠬᠠᠯ》 ᠪᠢᠯᠳᠠᠤᠴᠢᠯᠠᠯ ᠢ᠋ ᠢᠮᠠᠭᠲᠠ ᠠᠪᠴᠤ ᠪᠠᠢᠳᠠᠭ ᠨᠢ ᠪᠠᠰᠠ ᠴᠦ᠍ ᠵᠤᠭᠠᠲᠠᠢ ᠲᠡᠳᠦᠢ ᠦᠭᠡᠢ᠂ ᠦᠯᠡᠮᠵᠢ《ᠦᠨᠡᠲᠡᠢ》 ᠪᠣᠯᠤᠨ᠎ᠠ᠃
《ᠶᠡᠬᠡ ᠡᠵᠡᠨᠲᠡᠢ ᠮᠢᠨᠢ ᠲᠠᠭᠠᠯᠠᠵᠤ ᠪᠣᠯᠭᠣᠭ᠎ᠠ!》 ᠭᠡᠰᠡᠨ ᠦᠭᠡ ᠠᠮᠠᠨ ᠤ᠋ ᠤᠩᠰᠢᠯᠭ᠎ᠠ ᠪᠣᠯᠤᠭᠰᠠᠨ ᠬᠢᠲᠠᠳ ᠲᠦᠰᠢᠮᠡᠳ ᠨᠠᠷ ᠵᠠᠬᠢᠷᠤᠭᠴᠢ ᠶ᠋ᠢᠨ ᠳᠡᠷᠭᠡᠳᠡ ᠥᠷᠯᠥᠭᠡ ᠣᠷᠣᠢ ᠦᠭᠡᠢ ᠪᠠᠢᠵᠤ᠂ ᠨᠣᠮ ᠪᠣᠯᠭᠤᠭᠠᠯᠭᠠᠨ᠂ ᠵᠠᠷᠢᠮ ᠨᠢ ᠲᠥᠷᠥ ᠶ᠋ᠢᠨ ᠶᠡᠬᠡ ᠬᠡᠷᠡᠭ ᠢ᠋ ᠬᠦᠷᠲᠡᠯ᠎ᠡ ᠵᠥᠪᠯᠡᠯᠳᠦᠨ ᠶᠠᠷᠢᠯᠴᠠᠳᠠᠭ ᠪᠣᠯᠵᠠᠢ᠃
ᠺᠡᠢᠫᠢᠩ ᠬᠣᠲᠠ ᠶ᠋ᠢᠨ ᠵᠢᠷᠤᠭ ᠢ᠋ ᠭᠠᠷᠭᠠᠵᠤ᠂ ᠲᠡᠭᠦᠨ ᠦ᠌ ᠤᠷᠠᠨ ᠪᠠᠷᠢᠯᠭ᠎ᠠ ᠨᠤᠭᠤᠳ ᠤ᠋ᠨ ᠨᠢᠭᠤᠷ ᠢ᠋ ᠵᠢᠷᠤᠨ ᠡᠵᠡᠨ ᠳ᠋ᠦ᠍ ᠳᠠᠭᠠᠯᠠᠭᠤᠯᠤᠭᠰᠠᠨ ᠯᠢᠦ ᠪᠢᠩ ᠵᠦᠩ ᠲᠦᠰᠢᠮᠡᠯ ᠪᠠᠢᠨ ᠪᠠᠢᠨ ᠵᠠᠬᠢᠷᠤᠭᠴᠢ ᠳ᠋ᠤ᠌ ᠪᠠᠷᠠᠯᠬᠠᠨ ᠡᠯᠳᠡᠪ ᠢ᠋ ᠠᠢᠯᠠᠳᠬᠠᠬᠤ ᠳ᠋ᠤ᠌ ᠪᠠᠨ ᠥᠪᠡᠷ ᠢ᠋ᠶ᠋ᠡᠨ ᠶᠡᠬᠡ ᠱᠠᠩ ᠭᠣᠷᠢᠳᠠᠭᠠᠳ ᠶᠠᠪᠤᠭ᠎ᠠ ᠶᠤᠮ ᠤᠤ ᠭᠡᠲᠡᠯ᠎ᠡ ᠦᠭᠡᠢ᠂ ᠬᠠᠷᠢᠨ ᠬᠤᠪᠢᠯᠠᠢ ᠳ᠋ᠤ᠌ ᠲᠤᠰᠠ ᠬᠢᠬᠦ ᠳ᠋ᠦ᠍ ᠪᠡᠨ ᠶᠡᠬᠡ ᠶᠣᠰᠣᠷᠬᠠᠤ ᠵᠠᠩ ᠭᠠᠷᠭᠠᠨ᠄
—《ᠥᠷᠥᠰᠢᠶᠡᠵᠦ ᠪᠣᠯᠭᠣᠭ᠎ᠠ ᠶᠡᠬᠡ ᠡᠵᠡᠨᠲᠡᠨ ᠮᠢᠨᠢ!》 ᠭᠡᠵᠦ ᠠᠢᠯᠠᠳᠬᠠᠯ ᠢ᠋ᠶ᠋ᠠᠨ ᠥᠭᠦᠯᠡᠬᠦ ᠶ᠋ᠢᠨ ᠡᠮᠦᠨ᠎ᠡ ᠵᠠᠪᠠᠯ ᠬᠡᠯᠡᠳᠡᠭ ᠵᠢᠮ᠎ᠡ ᠲᠡᠢ ᠪᠣᠯᠵᠠᠢ᠃ ᠲᠡᠭᠡᠭᠡᠳ ᠲᠠᠭᠠᠯᠠᠯ ᠠᠰᠠᠭᠤᠨ᠂ ᠶᠡᠬᠡ ᠣᠷᠳᠣᠨ ᠳ᠋ᠤ᠌ ᠪᠣᠯᠤᠨ ᠬᠣᠲᠠ ᠳ᠋ᠤ᠌ ᠶᠠᠭᠤ ᠨᠡᠮᠡᠵᠦ ᠬᠢᠮᠡᠷ ᠪᠠᠢᠭ᠎ᠠ ᠶ᠋ᠢ ᠠᠰᠠᠭᠤᠨ᠎ᠠ᠃ ᠡᠢᠮᠦ ᠲᠡᠢᠮᠦ ᠭᠡᠰᠡᠨ ᠵᠦᠢᠯ ᠢ᠋ ᠬᠤᠪᠢᠯᠠᠢ ᠬᠡᠯᠡᠬᠦ ᠳ᠋ᠦ᠍ ᠲᠡᠭᠦᠨ ᠢ᠋ ᠨᠢ ᠠᠵᠢᠯᠴᠢᠳ ᠢ᠋ᠶ᠋ᠠᠷ ᠢ᠋ᠶ᠋ᠠᠨ ᠶᠠᠭᠠᠷᠠᠤᠬᠠᠨ ᠬᠢᠯᠭᠡᠵᠦ ᠣᠷᠬᠢᠭᠠᠳ᠂ ᠡᠷᠭᠢᠵᠦ ᠬᠠᠷᠢᠭᠤ ᠵᠠᠪᠠᠯ ᠠᠢᠯᠠᠳᠬᠠᠨ᠎ᠠ᠃ ᠡᠨᠡ ᠪᠣᠯ ᠪᠠᠰᠠ ᠶᠣᠰᠣ ᠪᠣᠯᠤᠭᠰᠠᠨ ᠬᠡᠷᠡᠭ᠃
ᠲᠡᠭᠡᠬᠦ ᠳ᠋ᠦ᠍ ᠪᠡᠨ ᠯᠢᠦ ᠪᠢᠩ ᠵᠦᠩ《ᠪᠢᠳᠡᠨ ᠦ᠌ ᠬᠢᠲᠠᠳ ᠤ᠋ᠳ ᠮᠣᠩᠭᠣᠯ ᠲᠠ ᠨᠠᠷ ᠢ᠋ ᠡᠰᠡᠷᠭᠦᠴᠡᠭᠡᠳ ᠳᠡᠢᠯᠬᠦ ᠡᠴᠡ ᠣᠳᠣ ᠥᠩᠭᠡᠷᠡᠭᠰᠡᠨ᠃ ᠲᠠ ᠨᠠᠷ ᠤ᠋ᠨ ᠭᠠᠷ ᠢ᠋ᠶ᠋ᠠᠷ ᠡᠮᠦᠨᠡᠲᠦ ᠶ᠋ᠢᠨ ᠴᠠᠭᠠᠨ ᠭᠠᠷ ᠲᠠᠢ ᠬᠢᠲᠠᠳ ᠤ᠋ᠳ ᠢ᠋ ᠨᠣᠮᠣᠬᠠᠳᠬᠠᠭᠠᠳ᠂ ᠨᠡᠢᠲᠡ ᠬᠢᠲᠠᠳ ᠢ᠋ ᠨᠢᠭᠡ ᠪᠦᠬᠦᠯᠢ ᠶᠠᠭᠤᠮ᠎ᠠ ᠪᠣᠯᠭᠠᠭᠠᠳ ᠠᠪᠤᠪᠠᠯ ᠶᠡᠬᠡ ᠶᠠᠭᠤᠮ᠎ᠠ᠃ ᠲᠡᠭᠡᠭᠡᠳ ᠴᠢᠮᠠᠶ᠋ᠢ ᠪᠦᠬᠦ ᠰᠡᠳᠬᠢᠯ ᠰᠠᠨᠠᠭ᠎ᠠ ᠪᠠᠷ ᠴᠢᠨᠢ ᠬᠢᠲᠠᠳ ᠪᠣᠯᠭᠠᠭᠠᠳ ᠠᠪᠤᠪᠠᠯ ᠬᠠᠮᠤᠭ ᠬᠦᠰᠡᠯ ᠬᠠᠩᠬᠤ ᠨᠢ ᠲᠡᠷᠡ᠃ ᠶᠠᠭᠠᠬᠢᠭᠠᠳ ᠭᠡᠪᠡᠯ ᠪᠢᠳᠡᠨ ᠦ᠌ ᠠᠴᠢ ᠦᠷᠡᠰ ᠬᠡᠳᠦ ᠶ᠋ᠢᠨ ᠴᠠᠭ ᠲᠤ〈ᠬᠤᠪᠢᠯᠠᠢ ᠬᠢᠲᠠᠳ ᠤ᠋ᠨ ᠤᠭᠰᠠᠭᠠᠨ ᠤ᠋ ᠪᠠᠢᠭᠰᠠᠨ ᠭᠡᠵᠦ ᠠᠮᠠ ᠪᠠᠷᠳᠠᠮ ᠬᠡᠯᠡᠵᠦ ᠪᠠᠢᠬᠤ ᠰᠢᠦ ᠳᠡ᠃ ᠲᠡᠷᠡ ᠨᠢ ᠬᠡᠷᠡᠭ ᠳᠡᠭᠡᠷ᠎ᠡ ᠪᠡᠨ ᠬᠤᠪᠢᠯᠠᠢ ᠮᠣᠩᠭᠣᠯ ᠪᠢᠰᠢ ᠬᠢᠲᠠᠳ ᠨᠣᠶᠠᠨ᠂ ᠮᠣᠩᠭᠣᠯ ᠨᠢ ᠮᠣᠩᠭᠣᠯ ᠪᠢᠰᠢ ᠬᠢᠲᠠᠳ ᠪᠣᠯᠵᠤ ᠣᠷᠬᠢᠭᠰᠠᠨ ᠪᠠᠢᠬᠤ ᠦᠶ᠎ᠡ ᠶᠦᠮ ᠰᠢᠦ᠃ ᠲᠡᠭᠦᠨ ᠢ᠋ ᠪᠢ ᠨᠢᠳᠦ ᠪᠡᠷ ᠢ᠋ᠶ᠋ᠡᠨ ᠦᠵᠡᠵᠦ ᠴᠦ᠍ ᠪᠣᠯᠬᠤ ᠪᠣᠢ〉》 ᠭᠡᠮᠡᠨ ᠪᠣᠳᠣᠭᠰᠠᠭᠠᠷ ᠪᠠᠢᠭ᠎ᠠ ᠶ᠋ᠢ ᠵᠠᠬᠢᠷᠤᠭᠴᠢ ᠬᠠᠷᠠᠭᠠᠳ ᠶᠠᠭᠠᠬᠢᠨ ᠮᠡᠳᠡᠬᠦ ᠪᠢᠯᠡ᠃ ᠲᠡᠷᠡ ᠪᠡᠷ ᠶᠠᠯᠢᠭᠦᠢ ᠪᠦᠲᠦᠯ ᠮᠠᠭᠤᠲᠠᠢ ᠶᠠᠭᠤᠮ᠎ᠠ ᠭᠠᠷᠪᠠᠯ《ᠲᠩᠷᠢ ᠨᠢᠷᠭᠡᠭ!》 ᠭᠡᠵᠦ ᠮᠠᠭᠤᠬᠠᠢ ᠬᠠᠷᠢᠶᠠᠳᠠᠭ᠃ ᠡᠢᠮᠦ ᠨᠢᠭᠡᠨ ᠪᠥᠭᠲᠥᠷ ᠨᠢᠷᠤᠭᠤ ᠲᠠᠢ ᠴᠠᠭᠠᠨ ᠰᠠᠬᠠᠯᠲᠤ ᠬᠥᠮᠦᠨ ᠵᠠᠬᠢᠷᠤᠭᠴᠢ ᠳ᠋ᠤ᠌ ᠪᠠᠷᠠᠯᠬᠠᠨ ᠣᠷᠣᠭᠠᠳ
— ᠶᠡᠬᠡ ᠡᠵᠡᠨ ᠲᠠ ᠮᠢᠨᠦ ᠵᠥᠪᠯᠡᠭᠡ ᠶ᠋ᠢ ᠪᠣᠯᠭᠣᠭᠠᠨ ᠲᠠᠭᠠᠯᠠᠵᠤ᠂ ᠡᠨᠡ ᠺᠡᠢᠫᠢᠩ ᠢ᠋ᠶ᠋ᠡᠷ ᠥᠪᠡᠷ ᠦ᠋ᠨ ᠨᠡᠢᠰᠯᠡᠯ ᠢ᠋ ᠬᠢᠬᠦ ᠶᠣᠰᠣᠲᠠᠢ ᠪᠠᠢᠬᠤ ᠰᠢᠦ᠃ ᠡᠨᠡ ᠪᠣᠯ ᠤᠴᠢᠷᠲᠠᠢ ᠬᠡᠷᠡᠭ᠃ ᠶᠡᠬᠡ ᠡᠵᠡᠨ ᠬᠥᠮᠦᠨ ᠵᠠᠪᠠᠯ ᠥᠪᠡᠷ ᠦ᠋ᠨ ᠨᠡᠢᠰᠯᠡᠯ ᠲᠡᠢ ᠪᠠᠢᠬᠤ ᠶᠣᠰᠣᠲᠠᠢ᠃ ᠪᠢᠳᠡ ᠢᠩᠭᠢᠵᠦ ᠪᠣᠳᠣᠵᠤ ᠬᠢᠴᠢᠶᠡᠨ ᠰᠢᠮᠳᠠᠵᠤ ᠪᠠᠷᠢᠭᠰᠠᠨ ᠬᠣᠲᠠ᠃ ᠡᠨᠳᠡᠬᠢ ᠶ᠋ᠢᠨ ᠣᠷᠴᠢᠨ ᠲᠣᠭᠣᠷᠢᠨ ᠤ᠋ ᠭᠠᠵᠠᠷ ᠮᠠᠰᠢᠳᠠ ᠦᠵᠡᠰᠬᠦᠯᠡᠩᠲᠡᠢ᠂ ᠠᠭᠠᠷ ᠤᠰᠤ ᠨᠢ ᠠᠷᠢᠭᠤᠬᠠᠨ᠃ ᠲᠤᠯᠤᠨ ᠨᠠᠭᠤᠷ ᠤ᠋ᠨ ᠡᠨᠡ ᠰᠠᠪᠠ ᠭᠠᠵᠠᠷ ᠨᠢ ᠮᠣᠩᠭᠣᠯ ᠤ᠋ᠨ ᠶᠡᠬᠡ ᠭᠣᠪᠢ ᠶ᠋ᠢᠨ ᠡᠮᠦᠨ᠎ᠡ ᠡᠲᠡᠭᠡᠳ ᠲᠦ᠍ ᠠᠯᠠᠭᠯᠠᠨ ᠲᠣᠭᠲᠠᠭᠰᠠᠨ ᠡᠷᠲᠡᠨ ᠦ᠌ ᠴᠢᠯᠠᠭᠤ ᠠᠳᠠᠯᠢ ᠦᠵᠡᠰᠬᠦᠯᠡᠩ ᠢ᠋ ᠪᠦᠷᠢᠳᠦᠭᠦᠯᠵᠦ ᠪᠠᠢᠭ᠎ᠠ ᠪᠣᠯᠬᠣᠷ ᠬᠥᠮᠦᠨ ᠦ᠌ ᠰᠡᠳᠬᠢᠯ ᠳ᠋ᠦ᠍ ᠨᠢᠭᠡᠨ ᠴᠢᠮᠡᠭ ᠨᠡᠮᠡᠳᠡᠭ ᠰᠢᠦ᠃ ᠡᠨᠡ ᠬᠣᠲᠠ ᠪᠠᠨ ᠶᠡᠬᠡ ᠡᠵᠡᠨ ᠲᠠ ᠮᠣᠩᠭᠣᠯ ᠨᠡᠷᠡᠲᠡᠢ ᠪᠠᠢᠯᠭᠠᠶ᠎ᠠ ᠭᠡᠵᠦ ᠪᠣᠯᠭᠣᠭᠠᠵᠤ ᠪᠠᠢᠪᠠᠯ ᠱᠠᠩᠳᠤ① ᠭᠡᠵᠦ ᠬᠠᠵᠠᠭᠤ ᠪᠠᠷ ᠤᠷᠤᠰᠤᠨ ᠪᠣᠢ ᠭᠣᠣᠯ ᠤ᠋ᠨ ᠨᠡᠷ᠎ᠡ ᠪᠡᠷ ᠨᠡᠷᠡᠯᠡᠵᠦ ᠪᠣᠯᠤᠮᠠᠷ ᠪᠠᠢᠨ᠎ᠠ᠃ ᠡᠨᠡ ᠨᠢ ᠮᠣᠩᠭᠣᠯ ᠤ᠋ᠨ ᠱᠠᠩᠳᠠ ᠤᠰᠤ ᠭᠡᠰᠡᠨ ᠦᠭᠡ ᠭᠡᠮᠡᠨ ᠠᠢᠯᠠᠳᠬᠠᠪᠠ᠃ ᠯᠢᠦ ᠪᠢᠩ ᠵᠦᠩ ᠦ᠋ᠨ ᠠᠢᠯᠠᠳᠬᠠᠯ ᠶᠠᠷᠢᠶ᠎ᠠ ᠬᠤᠪᠢᠯᠠᠢ ᠳ᠋ᠤ᠌ ᠭᠣᠴᠣ ᠲᠠᠭᠠᠯᠠᠭᠳᠠᠨ《ᠡᠨᠡ ᠲᠦᠰᠢᠮᠡᠯ ᠦᠨᠡᠬᠡᠷ ᠮᠢᠨᠦ ᠲᠥᠯᠥᠭᠡ ᠯᠡ ᠪᠠᠢᠨ᠎ᠠ᠃ ᠬᠣᠲᠠ ᠶ᠋ᠢ ᠴᠣᠬᠣᠮ ᠬᠦ᠌ ᠮᠢᠨᠦ ᠰᠡᠳᠬᠢᠯ ᠳ᠋ᠦ᠍ ᠨᠡᠢᠴᠡᠭᠦᠯᠦᠨ ᠪᠠᠷᠢᠶ᠎ᠠ ᠭᠡᠵᠦ ᠪᠣᠳᠣᠨ ᠵᠢᠳᠬᠦᠭᠰᠡᠨ ᠭᠡᠳ ᠪᠠᠢᠳᠠᠭ ᠨᠢ ᠦᠨᠡᠨ ᠦᠭᠡ ᠠᠵᠢ》 ᠭᠡᠮᠡᠨ ᠪᠣᠳᠣᠵᠠᠢ᠃ ᠡᠨᠡ ᠮᠡᠲᠦ ᠶᠠᠷᠢᠶ᠎ᠠ ᠬᠤᠪᠢᠯᠠᠢ ᠶ᠋ᠢᠨ ᠳᠡᠷᠭᠡᠳᠡ ᠪᠣᠯᠤᠭᠰᠠᠭᠠᠷ ᠪᠠᠢᠪᠠ᠃
ᠵᠢᠷᠲᠠᠭᠠᠢ ᠨᠢᠳᠦ ᠲᠡᠢ ᠶᠣᠣ ᠱᠤ᠌ ᠪᠠᠰᠠ ᠵᠠᠬᠢᠷᠤᠭᠴᠢ ᠳ᠋ᠤ᠌ ᠪᠠᠷᠠᠯᠬᠠᠨ ᠬᠠᠯᠵᠠᠨ ᠲᠣᠯᠣᠭᠠᠢ ᠪᠠᠨ ᠢᠯᠪᠢᠭᠰᠡᠭᠡᠷ《ᠤᠷᠢᠬᠠᠨ》 ᠶᠠᠷᠢᠶ᠎ᠠ ᠦᠷᠭᠦᠯᠵᠢᠯᠡᠭᠦᠯᠦᠨ᠎ᠡ᠃ ᠲᠡᠭᠦᠨ ᠦ᠌ ᠦᠭᠡ ᠶ᠋ᠢ ᠬᠤᠪᠢᠯᠠᠢ ᠰᠣᠨᠣᠰᠬᠤ ᠳᠤᠷᠠᠲᠠᠢ᠃
— ᠬᠢᠲᠠᠳ ᠬᠥᠮᠦᠨ ᠣᠯᠠᠨ ᠪᠣᠯᠪᠠᠴᠤ ᠪᠡᠶ᠎ᠡ ᠶ᠋ᠢᠨ ᠬᠦᠴᠦᠨ ᠴᠢᠳᠠᠯ ᠮᠡᠬᠦᠰ ᠲᠡᠢ᠃ ᠲᠡᠭᠡᠬᠦ ᠳ᠋ᠦ᠍ ᠪᠡᠨ ᠰᠠᠨᠠᠭ᠎ᠠ ᠭᠦᠨᠵᠡᠭᠡᠢ ᠤᠴᠢᠷ ᠳᠤᠷ᠎ᠠ ᠦᠭᠡᠢᠴᠡᠭᠰᠡᠨ ᠵᠦᠢᠯ ᠳ᠋ᠦ᠍ ᠪᠡᠨ ᠤᠷᠤᠭᠰᠢ ᠬᠥᠳᠡᠯᠦᠨ᠎ᠡ ᠭᠡᠵᠦ ᠵᠠᠩ ᠦᠭᠡᠢ᠃ ᠬᠦᠴᠦ ᠬᠡᠷᠡᠭᠯᠡᠬᠦ ᠡᠴᠡ ᠪᠡᠨ ᠠᠷᠭ᠎ᠠ ᠡᠪ ᠢ᠋ ᠨᠢ ᠣᠯᠬᠤ ᠯᠠ ᠬᠢᠲᠠᠳ ᠬᠥᠮᠦᠨ ᠦ᠌ ᠰᠡᠳᠬᠢᠯ ᠢ᠋ ᠵᠥᠭᠡᠯᠡᠷᠡᠭᠦᠯᠵᠦ ᠴᠢᠳᠠᠨ᠎ᠠ ᠰᠢᠦ ᠭᠡᠵᠦ ᠡᠨᠡ ᠡᠷᠳᠡᠮᠲᠡᠨ ᠲᠦᠰᠢᠮᠡᠯ ᠥᠭᠦᠯᠡᠨ᠎ᠡ᠃
— ᠡᠨᠡ ᠲᠠᠨᠢ ᠴᠣᠬᠣᠮ ᠶᠠᠭᠠᠬᠢ ᠭᠡᠰᠡᠨ ᠦᠭᠡ ᠪᠣᠢ? ᠬᠠᠤᠯᠢᠴᠢ ᠮᠢᠨᠢ ᠲᠠᠢᠯᠪᠤᠷᠢᠯᠠᠭᠠᠴᠢ!
— ᠲᠠᠢᠯᠪᠤᠷᠢᠯᠠᠨ ᠠᠢᠯᠠᠳᠬᠠᠵᠤ ᠪᠣᠯᠤᠯ ᠦᠭᠡᠢ ᠶᠠᠭᠠᠬᠢᠬᠤ ᠪᠣᠢ᠃ ᠮᠣᠩᠭᠣᠯ ᠬᠥᠮᠦᠨ ᠬᠡᠭᠡᠷ᠎ᠡ ᠶ᠋ᠢᠨ ᠲᠤᠩᠭᠠᠯᠠᠭ ᠠᠭᠠᠷ ᠲᠤ ᠪᠡᠯᠴᠢᠭᠡᠷ ᠦ᠋ᠨ ᠰᠣᠷᠣᠨ ᠳᠡᠭᠡᠷ᠎ᠡ ᠮᠠᠯ ᠢ᠋ᠶ᠋ᠠᠨ ᠮᠠᠯᠯᠠᠨ᠂ ᠳᠤᠷᠠᠲᠠᠢ ᠭᠠᠵᠠᠷ ᠲᠤ ᠪᠠᠨ ᠨᠡᠭᠦᠨ ᠣᠴᠢᠵᠤ ᠨᠤᠲᠤᠭᠯᠠᠨ ᠶᠠᠪᠤᠳᠠᠭ ᠪᠣᠯ ᠬᠢᠲᠠᠳ ᠬᠥᠮᠦᠰ ᠭᠠᠵᠠᠷ ᠲᠠᠢ ᠬᠠᠳᠠᠭᠳᠠᠨ᠂ ᠲᠠᠷᠢᠶ᠎ᠠ ᠨᠣᠭᠣᠭᠠᠨ ᠤ᠋ ᠤᠷᠭᠤᠴᠠ ᠠᠪᠬᠤ ᠭᠡᠵᠦ ᠴᠠᠭ ᠦᠷᠭᠦᠯᠵᠢᠳᠡ ᠡᠪᠡᠰᠦ ᠰᠢᠷᠣᠢ ᠲᠠᠢ ᠵᠢᠭᠤᠷᠠᠯᠳᠤᠨ ᠪᠠᠢᠳᠠᠭ᠃ ᠪᠠᠰᠠ ᠨᠡᠭᠦᠵᠦ ᠨᠤᠲᠤᠭ ᠰᠡᠯᠭᠦᠬᠦ ᠶ᠋ᠢ ᠡᠰᠡ ᠮᠡᠳᠡᠨ᠎ᠡ᠃ ᠵᠢᠵᠢᠭ ᠰᠢᠪᠠᠷ ᠭᠡᠷ ᠲᠡᠢ᠂ ᠲᠡᠭᠦᠨ ᠳ᠋ᠦ᠍ ᠪᠡᠨ ᠰᠡᠳᠬᠢᠯ ᠨᠢ ᠲᠠᠭᠠᠷᠠᠵᠤ ᠣᠯᠤᠭᠰᠠᠨ ᠪᠦᠬᠦᠨ ᠢ᠋ᠶ᠋ᠡᠨ ᠨᠥᠭᠡᠴᠡᠯᠡᠨ ᠭᠠᠵᠠᠷ ᠲᠤ ᠬᠠᠳᠠᠭᠠᠯᠠᠳᠠᠭ᠃ ᠶᠡᠷᠦ ᠨᠢ ᠪᠢᠲᠡᠭᠦᠦ ᠲᠦᠭᠵᠢᠭᠳᠡᠮᠡᠯ ᠬᠥᠮᠦᠰ᠃ ᠲᠡᠢᠮᠦ ᠪᠣᠯᠬᠣᠷ ᠬᠢᠲᠠᠳ ᠬᠥᠮᠦᠨ ᠢ᠋ ᠥᠪᠡᠷᠰᠡᠳ ᠢ᠋ ᠨᠢ ᠠᠬᠤᠢ ᠳ᠋ᠤ᠌ ᠨᠢ ᠲᠣᠬᠢᠷᠠᠵᠤ ᠲᠣᠭᠲᠠᠭᠠᠭᠰᠠᠨ ᠬᠠᠤᠯᠢ ᠪᠠᠷ ᠨᠢ ᠵᠠᠬᠢᠷᠴᠤ ᠪᠠᠢᠪᠠᠯ ᠭᠠᠷ ᠲᠤ ᠬᠥᠳᠡᠯᠭᠡᠭᠡᠨ ᠦᠭᠡᠢ ᠪᠠᠷᠢᠭᠳᠠᠵᠤ ᠪᠠᠢᠨ᠎ᠠ᠃ ᠶᠡᠬᠡ ᠡᠵᠡᠨ ᠲᠠ ᠬᠢᠲᠠᠳ ᠤ᠋ᠨ ᠦᠨᠳᠦᠰᠦᠨ ᠶᠣᠰᠣ ᠵᠠᠩᠰᠢᠯ ᠢ᠋ ᠨᠢ ᠬᠥᠨᠳᠡᠨ ᠡᠪᠳᠡᠯ ᠦᠭᠡᠢ᠂ ᠲᠡᠷᠡ ᠵᠠᠩᠰᠢᠯ ᠢ᠋ᠶ᠋ᠠᠷ ᠨᠢ ᠪᠣᠯᠭᠠᠬᠤ ᠪᠢᠵᠡ ᠠ᠋᠃ ᠡᠭᠦᠨ ᠦ᠌ ᠲᠤᠯᠠ ᠪᠣᠭᠣᠯ ᠪᠢ ᠲᠠᠨ ᠳ᠋ᠤ᠌ ᠠᠢᠯᠠᠳᠬᠠᠯ ᠬᠢᠵᠦ ᠪᠠᠢᠨ᠎ᠠ ᠭᠡᠵᠦ ᠦᠭᠡᠢᠯᠡᠨ᠎ᠡ᠃ ᠬᠤᠪᠢᠯᠠᠢ ᠡᠪᠦᠭᠡᠨ ᠦ᠌ ᠡᠨᠡ ᠦᠭᠡ ᠶ᠋ᠢ ᠵᠥᠪᠰᠢᠶᠡᠷᠡᠨ ᠲᠣᠯᠣᠭᠠᠢ ᠳᠣᠬᠢᠵᠤ ᠰᠠᠭᠤᠬᠤ ᠳ᠋ᠤ᠌ ᠪᠠᠨ《ᠬᠠᠤᠯᠢᠴᠢ ᠮᠠᠨᠢ ᠭᠦᠷᠦᠨ ᠢ᠋ ᠠᠮᠤᠭᠤᠯᠠᠩ ᠪᠠᠢᠯᠭᠠᠬᠤ ᠭᠡᠵᠦ ᠰᠠᠨᠠᠭ᠎ᠠ ᠲᠠᠯᠪᠢᠵᠤ ᠪᠠᠢᠭ᠎ᠠ ᠪᠠᠢᠳᠠᠯᠲᠠᠢ᠃ ᠡᠨᠡ ᠨᠢ ᠦᠨᠡᠨ ᠪᠣᠯᠤᠯᠲᠠᠢ ᠰᠢᠦ》 ᠭᠡᠵᠦ ᠪᠣᠳᠣᠨ᠎ᠠ᠃
— ᠪᠣᠭᠣᠯ ᠪᠢ ᠶᠡᠬᠡ ᠡᠵᠡᠨ ᠲᠠᠨ ᠢ᠋ ᠡᠮᠦᠨᠡᠲᠦ ᠰᠥᠩ ᠢ᠋ ᠲᠦᠪᠰᠢᠳᠬᠡᠭᠰᠡᠨ ᠴᠠᠭ ᠲᠤ ᠲᠡᠭᠦᠨ ᠳ᠋ᠦ᠍ ᠲᠣᠬᠢᠷᠠᠬᠤ ᠬᠠᠤᠯᠢ ᠶ᠋ᠢ ᠲᠠᠨ ᠤ᠋ ᠵᠠᠷᠯᠢᠭ ᠪᠣᠯᠭᠠᠨ ᠪᠢᠴᠢᠵᠦ ᠡᠷᠭᠦᠨ᠎ᠡ ᠭᠡᠵᠦ ᠶᠣᠣ ᠱᠤ᠌ ᠠᠮᠠᠯᠠᠪᠠ᠃
ᠸᠠᠩ ᠦ ᠬᠤᠪᠢᠯᠠᠢ ᠳ᠋ᠤ᠌ ᠡᠭᠡᠯᠵᠢ ᠳᠠᠷᠠᠭ᠎ᠠ ᠪᠠᠷ ᠢ᠋ᠶ᠋ᠠᠨ ᠪᠠᠷᠠᠯᠬᠠᠨ ᠤᠯᠴᠠᠩ ᠰᠢᠷ᠎ᠠ ᠴᠢᠷᠠᠢ ᠪᠠᠨ ᠦᠷᠴᠢᠭᠢᠨᠡᠭᠦᠯᠦᠨ᠂ ᠨᠢᠳᠦᠨ ᠦ᠌ ᠴᠠᠭᠠᠨ ᠰᠢᠯ ᠢ᠋ᠶ᠋ᠡᠨ ᠠᠷᠴᠢᠭᠰᠠᠭᠠᠷ ᠺᠦᠩᠽᠢ ᠮᠡᠷᠭᠡᠨ ᠦ᠌ ᠰᠤᠷᠭᠠᠯ ᠢ᠋ ᠲᠠᠢᠯᠪᠤᠷᠢᠯᠠᠨ ᠶᠠᠷᠢᠵᠤ᠄
— ᠲᠥᠷᠥ ᠶ᠋ᠢᠨ ᠡᠵᠡᠨ ᠳᠡᠭᠡᠳᠦᠰ ᠪᠣᠯ ᠡᠨᠡ ᠭᠡᠭᠡᠨᠲᠡᠨ ᠦ᠌ ᠶᠡᠬᠡ ᠰᠤᠷᠭᠠᠯ ᠢ᠋ ᠭᠠᠷᠭᠠᠭᠤᠳ ᠮᠡᠳᠡᠬᠦ ᠦᠭᠡᠢ ᠪᠡᠷ ᠦᠢᠯᠡ ᠬᠡᠷᠡᠭ ᠢ᠋ᠶ᠋ᠡᠨ ᠵᠢᠯᠣᠭᠣᠳᠴᠤ ᠪᠣᠯᠬᠤ ᠦᠭᠡᠢ᠃ ᠢᠯᠠᠩᠭᠤᠶ᠎ᠠ ᠬᠢᠲᠠᠳ ᠬᠥᠮᠦᠰ ᠢ᠋ ᠵᠠᠬᠢᠷᠬᠤ ᠡᠵᠡᠨ ᠺᠦᠩᠽᠢ ᠨᠣᠮᠴᠢ ᠶ᠋ᠢᠨ ᠨᠣᠮ ᠢ᠋ᠶ᠋ᠠᠷ ᠯᠠ ᠲᠡᠳᠡᠨ ᠢ᠋ ᠶᠠᠪᠤᠵᠤ ᠪᠣᠢ ᠭᠡᠪᠡᠯ ᠬᠡᠨ ᠴᠦ᠍ ᠥᠭᠡᠳᠡ ᠡᠴᠡ ᠠᠮᠠ ᠨᠡᠭᠡᠭᠡᠬᠦ ᠵᠢᠷᠦᠬᠡ ᠭᠠᠷᠭᠠᠬᠤ ᠦᠭᠡᠢ ᠭᠡᠵᠦ ᠰᠤᠷᠭᠠᠨ᠎ᠠ᠃ ᠬᠤᠪᠢᠯᠠᠢ ᠡᠨᠡ ᠦᠭᠡ ᠶ᠋ᠢ ᠰᠣᠨᠣᠰᠤᠭᠠᠳ《ᠨᠡᠭᠡᠷᠡᠨ ᠴᠦ᠍ ᠲᠡᠢᠮᠦ ᠪᠢᠵᠡ᠃ ᠺᠦᠩᠽᠢ ᠭᠡᠳᠡᠭ ᠭᠠᠷᠭᠠᠭᠤᠳ ᠤᠬᠠᠭᠠᠲᠠᠨ ᠪᠠᠢᠵᠤ ᠯᠠ ᠳᠠ᠃ ᠲᠡᠭᠡᠭᠡᠳ ᠯᠡ ᠡᠨᠡ ᠰᠢᠷᠤᠢᠨ ᠲᠦᠮᠡᠨ ᠬᠢᠲᠠᠳ ᠢ᠋ ᠬᠠᠭᠠᠨ ᠪᠣᠭᠣᠯ᠂ ᠳᠡᠭᠡᠳᠦ ᠳᠣᠣᠷᠠᠲᠤ ᠪᠦᠭᠦᠳᠡ ᠶ᠋ᠢ ᠥᠪᠡᠷ ᠦ᠋ᠨ ᠢ᠋ᠶ᠋ᠡᠨ ᠬᠣᠢᠨ᠎ᠠ ᠠ᠋ᠴᠠ ᠳᠠᠭᠠᠭᠤᠯᠵᠠᠢ᠃ ᠪᠢ ᠪᠠᠰᠠ ᠲᠡᠭᠦᠨ ᠢ᠋ ᠳᠠᠭᠠᠬᠤ ᠶᠣᠰᠣᠲᠠᠢ ᠪᠣᠯᠵᠤ ᠪᠠᠢᠨ᠎ᠠ ᠤᠤ ᠠᠷᠠᠢ ᠶᠠᠭᠤ ᠯᠠ ᠪᠣᠯ᠃ ᠺᠦᠩᠽᠢ ᠶ᠋ᠢᠨ ᠨᠣᠮᠯᠠᠯ ᠦᠨᠡᠨ ᠳ᠋ᠦ᠍ ᠪᠡᠨ ᠤᠷᠠᠨ᠂ ᠮᠡᠷᠭᠡᠨ᠂ ᠤᠳᠬ᠎ᠠ ᠲᠡᠭᠦᠯᠳᠡᠷ ᠨᠢ ᠭᠠᠷᠴᠠᠭ᠎ᠠ ᠦᠭᠡᠢ ᠶᠦᠮ ᠠ᠋》 ᠭᠡᠵᠦ ᠪᠣᠳᠣᠨ᠂ ᠲᠡᠭᠦᠨ ᠦ᠌ ᠵᠠᠷᠢᠮ ᠰᠤᠷᠭᠠᠯ ᠠ᠋ᠴᠠ ᠴᠡᠭᠡᠵᠢ ᠪᠡᠷ ᠤᠩᠰᠢᠨ᠎ᠠ᠃ ᠭᠡᠬᠦ ᠳ᠋ᠦ᠍ ᠪᠡᠨ ᠬᠤᠪᠢᠯᠠᠢ ᠪᠤᠰᠤᠳ ᠤ᠋ᠨ ᠤᠷᠬᠠᠨ ᠳ᠋ᠤ᠌ ᠣᠷᠣᠭᠰᠠᠨ ᠲᠣᠭᠯᠠᠭᠠᠮ ᠤ᠋ᠨ ᠬᠥᠮᠦᠨ ᠪᠢᠰᠢ᠂ ᠠᠯᠢᠪᠠ ᠶ᠋ᠢ ᠠᠷᠪᠠ ᠳᠠᠬᠢᠨ ᠲᠤᠩᠭᠠᠭᠠᠵᠤ ᠪᠣᠳᠣᠳᠠᠭ ᠤᠬᠠᠭᠠᠲᠠᠢ ᠨᠣᠶᠠᠨ ᠪᠢᠯᠡ᠃
ᠬᠤᠪᠢᠯᠠᠢ ᠳ᠋ᠤ᠌ ᠬᠣᠲᠠ ᠶ᠋ᠢᠨ ᠰᠢᠨ᠎ᠡ ᠨᠡᠷ᠎ᠡ ᠨᠢ ᠲᠠᠭᠠᠯᠠᠭᠳᠠᠵᠤ《ᠮᠢᠨᠦ ᠬᠣᠲᠠᠬᠠᠨ ᠢ᠋ ᠡᠭᠦᠨ ᠡᠴᠡ ᠬᠣᠢᠰᠢᠳᠠ ᠱᠠᠩᠳᠤ ᠭᠡᠵᠦ ᠪᠠᠢ》 ᠭᠡᠰᠡᠨ ᠲᠤᠰᠢᠶᠠᠯ ᠢ᠋ ᠣᠷᠣᠢ ᠶ᠋ᠢᠨ ᠭᠦᠨᠴᠡᠭ ᠵᠣᠭᠣᠭᠯᠠᠵᠤ ᠪᠠᠢᠭᠠᠳ ᠥᠪᠡᠷ ᠦ᠋ᠨ ᠰᠢᠳᠠᠷ ᠲᠤ ᠪᠠᠭᠤᠯᠭᠠᠭᠰᠠᠨ ᠪᠠᠢᠨ᠎ᠠ᠃ ᠵᠠᠬᠢᠷᠤᠭᠴᠢ ᠡᠢᠮᠦᠷᠬᠦᠦ ᠠᠯᠪᠠ ᠲᠠᠢ ᠪᠠᠢᠯ᠎ᠠ᠃ ᠲᠡᠷᠡ ᠪᠡᠷ ᠡᠳᠦᠷ ᠪᠣᠯᠭᠠᠨ ᠰᠥᠩ ᠦ᠋ᠨ ᠴᠡᠷᠢᠭ ᠲᠡᠢ ᠬᠥᠬᠡ ᠮᠥᠷᠡᠨ ᠦ᠌ ᠲᠡᠷᠲᠡᠭᠡ ᠳ᠋ᠦ᠍ ᠲᠤᠯᠤᠯᠳᠤᠵᠤ ᠪᠠᠢᠭ᠎ᠠ ᠵᠠᠩᠵᠤᠨ ᠨᠤᠭᠤᠳ ᠠ᠋ᠴᠠ ᠬᠡᠯᠡ ᠴᠢᠮᠡᠭᠡ ᠠᠪᠴᠤ᠂ ᠲᠡᠭᠡᠰᠦᠭᠡᠢ ᠢᠩᠭᠢᠰᠦᠭᠡᠢ ᠭᠡᠰᠡᠨ ᠵᠠᠷᠯᠢᠭ ᠪᠠᠭᠤᠯᠭᠠᠨ᠂ ᠲᠡᠢᠨ ᠢ᠋ ᠠᠯᠤᠰ ᠠ᠋ᠴᠠ ᠴᠢᠭᠯᠡᠭᠦᠯᠦᠨ᠎ᠡ᠃ ᠮᠡᠳᠡᠭᠡ ᠰᠡᠯᠲᠡ ᠡᠴᠡ ᠦᠵᠡᠪᠡᠯ ᠡᠮᠦᠨᠡᠲᠦ ᠬᠢᠲᠠᠳ ᠤ᠋ᠨ ᠬᠣᠲᠠ ᠨᠤᠭᠤᠳ ᠰᠦᠷᠡᠬᠡᠢ ᠡᠰᠡᠷᠭᠦᠴᠡᠨ ᠮᠣᠩᠭᠣᠯ ᠤ᠋ᠨ ᠴᠡᠷᠢᠭ ᠲᠦ᠍ ᠪᠠᠭᠤᠵᠤ ᠥᠭᠬᠦ ᠦᠭᠡᠢ᠂ ᠡᠨᠳᠡ ᠲᠡᠨᠳᠡ ᠦᠭᠡᠢ ᠬᠣᠲᠠ ᠰᠢᠲᠠᠵᠤ᠂ ᠲᠦᠢᠮᠡᠷ ᠠᠪᠤᠯᠴᠠᠨ᠂ ᠲᠠᠷᠢᠶᠠᠨ ᠤ᠋ ᠲᠠᠯᠠᠪᠠᠢ᠂ ᠤᠰᠤᠯᠠᠯᠲᠠ ᠶ᠋ᠢᠨ ᠰᠤᠪᠠᠭ ᠡᠪᠳᠡᠷᠡᠨ ᠰᠦᠢᠳᠴᠦ᠂ ᠵᠠᠮ ᠬᠠᠷᠭᠤᠢ᠂ ᠭᠣᠣᠯ ᠤ᠋ᠨ ᠭᠠᠷᠠᠮ ᠤ᠋ᠳ ᠰᠠᠳᠠᠷᠠᠨ ᠡᠪᠳᠡᠷᠡᠵᠦ ᠪᠠᠢᠭ᠎ᠠ ᠠᠵᠢ᠃
ᠰᠥᠩ ᠦ᠋ᠨ ᠨᠡᠢᠰᠯᠡᠯ ᠬᠠᠩᠵᠧᠦ ᠬᠣᠲᠠ ᠳ᠋ᠤ᠌ ᠮᠣᠩᠭᠣᠯ ᠤ᠋ᠨ ᠴᠡᠷᠢᠭ ᠳᠥᠭᠥᠵᠦ ᠣᠴᠢᠭᠰᠠᠨ ᠤᠴᠢᠷ ᠲᠡᠳᠡ ᠥᠭᠡᠷ᠎ᠡ ᠭᠠᠵᠠᠷ ᠲᠤ ᠪᠠᠢᠭ᠎ᠠ ᠴᠡᠷᠢᠭ ᠦ᠋ᠨ ᠵᠠᠷᠢᠮ ᠬᠦᠴᠦ ᠪᠡᠨ ᠪᠠᠭᠤᠨ ᠥᠭ ᠭᠡᠵᠦ ᠵᠠᠷᠯᠢᠭ ᠪᠠᠭᠤᠯᠭᠠᠬᠤ ᠰᠡᠵᠢᠭ ᠣᠭᠲᠣ ᠪᠠᠢᠬᠤ ᠦᠭᠡᠢ᠃ ᠲᠡᠳᠡᠨ ᠦ᠌ ᠬᠢ ᠮᠣᠩᠭᠣᠯ ᠤ᠋ᠨ ᠵᠠᠬᠢᠷᠤᠭᠴᠢ ᠶ᠋ᠢᠨ ᠲᠣᠮᠢᠯᠠᠨ ᠶᠠᠪᠤᠭᠤᠯᠤᠭᠰᠠᠨ ᠡᠯᠴᠢ ᠶ᠋ᠢ ᠪᠠᠰᠠ ᠪᠠᠷᠢᠨ ᠠᠪᠴᠤ ᠬᠣᠷᠢᠭᠰᠠᠭᠠᠷ ᠪᠠᠢᠭ᠎ᠠ ᠶ᠋ᠢ ᠵᠠᠬᠢᠷᠤᠭᠴᠢ ᠰᠣᠨᠣᠰᠤᠭᠠᠳ ᠬᠥᠮᠥᠭᠡᠢ ᠵᠠᠭᠤᠵᠤ᠄
— ᠭᠠᠢᠭᠤᠢ ᠳᠠ᠃ ᠲᠠ ᠨᠠᠷ ᠡᠭᠦᠨ ᠦ᠌ ᠪᠡᠨ ᠬᠠᠷᠢᠭᠤ ᠶ᠋ᠢ ᠡᠳ᠋ᠯᠡᠬᠦ ᠴᠠᠭ ᠢ᠋ ᠦᠵᠡᠬᠦ ᠪᠢᠵᠡ ᠭᠡᠵᠦ ᠥᠰᠢᠶᠡᠷᠬᠡᠭᠰᠡᠨ ᠪᠠᠢᠳᠠᠯ ᠢ᠋ᠶ᠋ᠠᠷ ᠥᠭᠦᠯᠡᠨ᠂ ᠭᠠᠵᠠᠷ ᠤ᠋ᠨ ᠲᠣᠢᠮᠣ ᠵᠢᠷᠤᠭ ᠢ᠋ ᠬᠠᠷᠠᠭᠠᠳ
— ᠲᠠ ᠨᠠᠷ ᠬᠣᠷᠢᠭᠯᠠᠨ ᠪᠦᠭᠭᠦᠵᠦ ᠯᠡ ᠪᠠᠢ! ᠪᠢ ᠪᠠᠰᠠ ᠭᠠᠷ ᠢ᠋ᠶ᠋ᠠᠨ ᠴᠢᠩᠭᠠᠯᠠᠨ ᠠᠳᠬᠤᠵᠤ ᠲᠠ ᠨᠠᠷ ᠢ᠋ ᠳᠣᠲᠣᠭᠰᠢ ᠨᠢ ᠬᠤᠮᠢᠭᠠᠳ ᠪᠠᠢᠵᠤ ᠳᠥᠩᠭᠡᠬᠦ ᠪᠣᠢ᠃ ᠲᠡᠭᠡᠭᠡᠳ ᠬᠡᠨ ᠨᠢ ᠬᠦᠴᠦᠲᠡᠢ ᠪᠡᠨ ᠦᠵᠡᠬᠦ ᠪᠣᠯᠵᠤ ᠳᠠ ᠭᠡᠳ᠂ ᠲᠤᠯᠤᠯᠳᠤᠵᠤ ᠶᠠᠪᠤᠭ᠎ᠠ ᠵᠠᠩᠵᠤᠨ ᠨᠤᠭᠤᠳ ᠲᠤ ᠪᠠᠨ ᠲᠡᠢᠨ ᠢ᠋ ᠤᠯᠠᠮ ᠬᠦᠴᠦᠲᠡᠢ ᠪᠣᠯᠭᠠᠬᠤ ᠲᠤᠬᠠᠢ ᠵᠠᠬᠢᠷᠤᠮᠵᠢ ᠪᠠᠭᠤᠯᠭᠠᠭᠰᠠᠭᠠᠷ ᠪᠠᠢᠯ᠎ᠠ᠃
ᠬᠦᠯᠦᠭ ᠲᠦᠰᠢᠮᠡᠯ ᠬᠠᠷ᠎ᠠ ᠬᠣᠷᠣᠮ ᠠ᠋ᠴᠠ ᠱᠠᠩᠳᠤ ᠳ᠋ᠤ᠌ ᠢᠷᠡᠭᠰᠡᠨ ᠳᠣᠣᠷ᠎ᠠ ᠪᠠᠨ ᠶᠡᠬᠡ ᠵᠠᠬᠢᠷᠤᠭᠴᠢ ᠨᠣᠶᠠᠨ ᠳ᠋ᠤ᠌ ᠪᠠᠷᠠᠯᠬᠠᠬᠤ ᠤᠴᠢᠷᠲᠠᠢ ᠪᠠᠨ ᠰᠢᠳᠠᠷ ᠲᠤᠰᠠᠯᠠᠬᠤ ᠳ᠋ᠤ᠌ ᠨᠢ ᠠᠢᠯᠠᠳᠬᠠᠪᠠ᠃ ᠭᠤᠷᠪᠠᠨ ᠬᠠᠭᠠᠯᠭ᠎ᠠ ᠳᠡᠮᠵᠢᠵᠦ ᠣᠷᠣᠳᠠᠭ᠂ ᠣᠯᠠᠨ ᠲᠠᠰᠤᠯᠭ᠎ᠠ ᠲᠠᠢ ᠣᠷᠳᠣᠨ ᠳ᠋ᠤ᠌ ᠰᠠᠭᠤᠭ᠎ᠠ ᠬᠤᠪᠢᠯᠠᠢ ᠥᠪᠡᠷ ᠦ᠋ᠨ ᠲᠥᠯᠥᠭᠡᠨ ᠦ᠌ ᠡᠯᠴᠢ ᠶ᠋ᠢ ᠲᠦᠷᠭᠡᠨ ᠪᠠᠷᠠᠯᠬᠠᠭᠤᠯ ᠭᠡᠵᠡᠢ᠃ ᠪᠠᠭ᠎ᠠ ᠲᠦᠰᠢᠮᠡᠯ ᠵᠢᠷᠤᠮ ᠢ᠋ ᠰᠠᠬᠢᠨ ᠵᠠᠬᠢᠷᠤᠭᠴᠢ ᠳ᠋ᠤ᠌ ᠪᠠᠷᠠᠯᠬᠠᠨ ᠶᠣᠰᠣ ᠬᠢᠵᠦ ᠰᠥᠭᠥᠳᠦᠭᠡᠳ ᠠᠮᠤᠭᠤᠯᠠᠩ ᠢ᠋ ᠡᠷᠢᠪᠡ᠃ ᠬᠤᠪᠢᠯᠠᠢ ᠡᠶᠡᠯᠡᠳᠡᠭ ᠵᠠᠩ ᠭᠠᠷᠭᠠᠨ ᠤᠭᠲᠤᠭᠠᠳ᠂ ᠬᠦᠯᠦᠭ ᠢ᠋ ᠰᠢᠷᠳᠡᠨ ᠠᠵᠢᠭᠯᠠᠭᠰᠠᠨ ᠢ᠋ᠶ᠋ᠠᠨ᠄
— ᠴᠢ ᠰᠠᠢᠨ ᠶᠠᠪᠤᠵᠤ ᠢᠷᠡᠪᠡ ᠤᠤ? ᠤᠨᠤᠭ᠎ᠠ ᠳᠠᠭᠠᠭᠤᠯᠭ᠎ᠠ ᠴᠢᠨᠢ ᠵᠦᠭᠡᠷ ᠤᠤ? ᠭᠡᠵᠦ ᠪᠦᠷ ᠡᠩ ᠦ᠋ᠨ ᠪᠠᠢᠳᠠᠯ ᠢ᠋ᠶ᠋ᠠᠷ ᠠᠰᠠᠭᠤᠬᠤ ᠨᠢ ᠠᠩᠬᠠᠨ ᠤᠳᠠᠭ᠎ᠠ ᠰᠣᠨᠣᠰᠤᠭᠳᠠᠵᠤ ᠪᠠᠢᠭ᠎ᠠ ᠶ᠋ᠢ ᠥᠭᠦᠯᠡᠬᠦ ᠶᠠᠭᠤᠨ᠃
— ᠶᠡᠬᠡ ᠵᠠᠬᠢᠷᠤᠭᠴᠢ ᠲᠠᠨ ᠤ᠋ ᠠᠪᠤᠷᠠᠯ ᠢ᠋ᠶ᠋ᠠᠷ ᠵᠠᠷᠯᠢᠭ ᠪᠡᠶᠡᠯᠡᠭᠦᠯᠬᠦ ᠬᠡᠷᠡᠭ ᠲᠦ᠍ ᠪᠣᠭᠣᠯ ᠨᠢ ᠡᠰᠡᠨ ᠮᠡᠨᠳᠦ ᠵᠢᠳᠬᠦᠭᠡᠳ ᠢᠷᠡᠯ᠎ᠡ ᠭᠡᠵᠦ ᠬᠦᠯᠦᠭ ᠲᠣᠯᠣᠭᠠᠢ ᠪᠥᠬᠥᠢᠨ ᠠᠢᠯᠠᠳᠬᠠᠪᠠ᠃
— ᠵᠠ᠂ ᠵᠠ᠃ ᠴᠢ ᠬᠠᠷᠠᠬᠣᠷᠣᠮ ᠳ᠋ᠤ᠌ ᠣᠴᠢᠭᠠᠳ ᠶᠠᠭᠤ ᠦᠵᠡᠵᠦ ᠬᠠᠷᠠᠭᠰᠠᠨ᠂ ᠬᠡᠨ ᠲᠡᠢ ᠶᠠᠭᠠᠬᠢᠵᠤ ᠠᠭᠤᠯᠵᠠᠭᠰᠠᠨ᠂ ᠶᠠᠭᠤ ᠶᠠᠷᠢᠯᠴᠠᠭᠰᠠᠨ ᠢ᠋ᠶ᠋ᠠᠨ ᠠᠢᠯᠠᠳᠬ᠎ᠠ ! ᠴᠢᠮᠠᠶ᠋ᠢ ᠪᠢ ᠣᠪᠣᠭ᠎ᠠ ᠬᠤᠷᠳᠤᠨ ᠡᠷᠭᠢᠵᠦ ᠢᠷᠡᠭᠰᠡᠨ ᠳ᠋ᠦ᠍ ᠲᠠᠯ᠎ᠠ ᠥᠭᠴᠦ ᠪᠠᠢᠨ᠎ᠠ᠃ ᠮᠢᠨᠦ ᠳᠡᠭᠦᠦ ᠶᠠᠭᠤ ᠬᠡᠯᠡᠭᠦᠯᠪᠡ ᠠ᠋ ? ᠭᠡᠵᠦ ᠳᠠᠪᠬᠤᠷ ᠠᠰᠠᠭᠤᠯᠲᠠ ᠲᠠᠯᠪᠢᠯ᠎ᠠ᠃ ᠬᠦᠯᠦᠭ ᠨᠡᠢᠰᠯᠡᠯ ᠳ᠋ᠦ᠍ ᠪᠠᠢᠭᠰᠠᠨ ᠴᠥᠭᠡᠨ ᠬᠣᠨᠣᠭ ᠲᠤ᠌ ᠦᠵᠡᠵᠦ ᠬᠠᠷᠠᠭᠰᠠᠨ ᠢ᠋ᠶ᠋ᠠᠨ ᠠᠢᠯᠠᠳᠬᠠᠨ᠂ ᠵᠠᠬᠢᠷᠤᠭᠴᠢ ᠶ᠋ᠢᠨ ᠳᠡᠭᠦᠦ ᠠᠷᠢᠬᠪᠦ᠋ᠬᠡ ᠲᠡᠢ ᠠᠭᠤᠯᠵᠠᠭᠰᠠᠨ ᠢ᠋ᠶ᠋ᠠᠨ ᠲᠣᠳᠣᠳᠬᠠᠨ ᠥᠭᠦᠯᠡᠵᠦ ᠪᠠᠢᠪᠠ᠃ ᠬᠤᠪᠢᠯᠠᠢ ᠰᠠᠬᠠᠯ ᠢ᠋ᠶ᠋ᠠᠨ ᠢᠯᠪᠢᠨ ᠪᠣᠳᠣᠵᠤ
— ᠠᠷᠢᠬᠪᠦ᠋ᠬᠡ ᠶᠠᠭᠤ ᠭᠡᠯᠡ ᠭᠡᠨ᠎ᠡ ᠪᠣᠢ ? ᠭᠡᠮᠡᠨ ᠠᠢᠯᠠᠳᠬᠠᠯ ᠢ᠋ ᠲᠠᠰᠤᠯᠤᠨ ᠠᠰᠠᠭᠤᠯ᠎ᠠ᠃
— ᠪᠣᠭᠣᠯ ᠨᠢ ᠮᠠᠳᠠᠭ ᠦᠭᠡᠢ ᠰᠣᠨᠣᠰᠤᠭᠰᠠᠨ᠃ ᠲᠠᠨ ᠤ᠋ ᠳᠡᠭᠦᠦ ᠵᠠᠬᠢᠷᠤᠭᠴᠢ ᠠᠢᠯᠠᠳᠬᠤ ᠳ᠋ᠤ᠌ ᠪᠠᠨ 《ᠪᠢ ᠴᠢᠮᠠᠲᠤ ᠪᠢᠴᠢᠭ ᠥᠭᠭᠥ ᠦᠭᠡᠢ᠃ ᠮᠣᠩᠭᠣᠯ ᠣᠷᠣᠨ ᠤ᠋ ᠪᠠᠨ ᠪᠣᠯᠤᠭᠠᠳ ᠤᠯᠤᠰ ᠭᠦᠷᠦᠨ ᠦ᠌ ᠠᠯᠪᠠ ᠶ᠋ᠢ ᠵᠠᠯᠭᠠᠭᠤᠯᠬᠤ ᠰᠠᠨᠠᠭᠠᠲᠠᠢ ᠶᠠᠳᠠᠵᠤ ᠰᠠᠭᠤᠨ᠎ᠠ᠃ ᠤᠳᠠᠬᠤ ᠦᠭᠡᠢ ᠪᠢ ᠲᠠᠨ ᠳ᠋ᠤ᠌ ᠡᠯᠴᠢ ᠵᠠᠷᠤᠵᠤ ᠮᠠᠭᠠᠳ ᠦᠭᠡᠢ》 ᠭᠡᠰᠡᠨ ᠡᠴᠡ ᠭᠠᠳᠠᠨ᠎ᠠ 《ᠡᠵᠢ ᠲᠠᠨ ᠢ᠋ ᠳᠤᠷᠠᠰᠤᠭᠠᠳ ᠯᠠ ᠪᠠᠢᠬᠤ ᠳ᠋ᠤ᠌ ᠲᠠ ᠳᠠᠪᠬᠢᠵᠤ ᠢᠷᠡᠭᠡᠳ ᠠᠭᠤᠯᠵᠠᠵᠤ ᠶᠠᠭᠠᠬᠢᠭᠠᠳ ᠪᠣᠯᠬᠤ ᠦᠭᠡᠢ ᠪᠠᠢᠨ᠎ᠠ ᠪᠣᠢ? 》 ᠭᠡᠰᠡᠨ ᠭᠡᠵᠦ ᠬᠦᠯᠦᠭ ᠲᠦᠰᠢᠮᠡᠯ ᠠᠢᠯᠠᠳᠬᠠᠯ᠎ᠠ᠃
— ᠠ᠂ ᠮᠥᠨ ᠮᠥᠨ ᠭᠡᠵᠦ ᠬᠤᠪᠢᠯᠠᠢ ᠬᠡᠯᠡᠭᠡᠳ ᠪᠣᠳᠣᠯ ᠳ᠋ᠤ᠌ ᠠᠪᠲᠠᠨ ᠬᠠᠷᠠᠬᠠᠨ ᠰᠠᠬᠠᠯ ᠢ᠋ᠶ᠋ᠠᠨ ᠢᠯᠪᠢᠬᠦ ᠳ᠋ᠦ᠍ ᠪᠡᠨ 《ᠤᠯᠤᠰ ᠭᠦᠷᠦᠨ ᠠᠯᠪᠠ ᠶ᠋ᠢ ᠭᠦᠢᠴᠡᠯᠳᠦᠭᠦᠯᠬᠦ ᠰᠠᠨᠠᠭᠠᠲᠠᠢ》 ᠭᠡᠳᠡᠭ ᠴᠢᠨᠢ ᠥᠪᠡᠷ ᠢ᠋ ᠪᠡᠨ ᠬᠠᠭᠠᠨ ᠰᠢᠷᠡᠭᠡᠨ ᠳ᠋ᠦ᠍ ᠪᠠᠢᠵᠤ ᠪᠠᠢᠨ᠎ᠠ ᠭᠡᠰᠡᠨ ᠦᠭᠡ ᠮᠥᠨ᠃ 《ᠳᠠᠪᠬᠢᠵᠤ ᠢᠷᠡᠭᠡᠳ ᠠᠭᠤᠯᠵᠠᠬᠤ ᠦᠭᠡᠢ》 ᠭᠡᠵᠦ ᠵᠢᠮᠡᠯᠡᠵᠦ ᠪᠠᠢᠨ᠎ᠠ ᠭᠡᠳᠡᠭ ᠴᠢᠨᠢ ᠨᠠᠮᠠᠶ᠋ᠢ ᠠᠷᠢᠬᠪᠦ᠋ᠬᠡ ᠥᠪᠡᠷ ᠲᠦ᠍ ᠪᠡᠨ ᠪᠠᠷᠠᠯᠬᠠᠭᠤᠯᠬᠤ ᠭᠡᠰᠡᠨ ᠰᠠᠨᠠᠭ᠎ᠠ ᠪᠢᠵᠡ᠃ ᠭᠠᠷᠴᠠᠭ᠎ᠠ ᠦᠭᠡᠢ ᠲᠡᠢᠮᠦ ᠪᠠᠢᠨ᠎ᠠ ᠰᠢᠦ ᠭᠡᠮᠡᠨ ᠪᠣᠳᠣᠭᠠᠳ
— ᠲᠡᠷᠡ ᠤᠯᠤᠰ ᠭᠦᠷᠦᠨ ᠦ᠌ ᠠᠯᠪᠠ ᠶ᠋ᠢ ᠪᠦᠬᠦᠯᠢ ᠳ᠋ᠦ᠍ ᠨᠢ ᠵᠠᠯᠭᠠᠭᠤᠯᠬᠤ ᠭᠡᠵᠦ ᠬᠠᠩᠬᠠᠯᠵᠠᠬᠤ ᠳ᠋ᠤ᠌ ᠪᠠᠨ ᠶᠠᠭᠠᠬᠢᠬᠤ ᠪᠣᠢ ᠳᠠ ᠭᠡᠮᠡᠨ ᠵᠥᠪᠬᠡᠨ ᠥᠪᠡᠷ ᠲᠦ᠍ ᠪᠠᠨ ᠯᠠ ᠳᠤᠭᠤᠯᠳᠠᠬᠤ ᠲᠡᠳᠦᠢ ᠪᠡᠷ ᠠᠮᠠᠨ ᠳᠣᠲᠣᠷ᠎ᠠ ᠪᠠᠨ ᠥᠭᠦᠯᠡᠵᠦ ᠰᠠᠭᠤᠪᠠ᠃
— ᠬᠦᠯᠦᠭ ᠠ᠋ ! ᠴᠢᠮᠠᠲᠤ ᠥᠭᠡᠷ᠎ᠡ ᠬᠡᠯᠡᠬᠦ ᠶᠠᠭᠤᠮ᠎ᠠ ᠪᠠᠢᠨ᠎ᠠ ᠤᠤ ? ᠠᠷᠢᠬᠪᠦ᠋ᠬᠡ ᠶ᠋ᠢᠨ ᠵᠢᠰᠦ ᠴᠢᠷᠠᠢ ᠶᠠᠮᠠᠷ ᠰᠢᠦ ᠪᠠᠢᠨ᠎ᠠ ᠪᠣᠢ ? ᠭᠡᠵᠦ ᠵᠠᠬᠢᠷᠤᠭᠴᠢ ᠨᠡᠮᠡᠵᠦ ᠠᠰᠠᠭᠤᠯ᠎ᠠ᠃ ᠬᠦᠯᠦᠭ ᠪᠥᠬᠥᠢᠵᠦ
— ᠥᠷᠥᠰᠢᠶᠡᠵᠦ ᠪᠣᠯᠭᠣᠭ᠎ᠠ᠂ ᠳᠡᠭᠡᠳᠦᠰ ᠮᠢᠨᠢ! ᠪᠣᠭᠣᠯ ᠨᠢ ᠰᠦᠷᠳᠡᠭᠡᠳ ᠲᠠᠨ ᠤ᠋ ᠳᠡᠭᠦᠦ ᠵᠠᠬᠢᠷᠤᠭᠴᠢ ᠶ᠋ᠢᠨ ᠴᠢᠷᠠᠢ ᠶ᠋ᠢ ᠰᠠᠢᠨ ᠬᠠᠷᠠᠵᠤ ᠠᠮᠵᠢᠭ᠎ᠠ ᠦᠭᠡᠢ᠃ ᠶᠡᠬᠡ ᠯᠡ ᠰᠦᠷᠯᠢᠭ ᠭᠢᠯᠠᠯᠵᠠᠭᠰᠠᠨ ᠡᠷ᠎ᠡ ᠪᠠᠢᠨ᠎ᠠ ᠪᠢᠯᠡ᠃ ᠴᠡᠷᠢᠭ ᠦ᠋ᠨ ᠰᠤᠷᠭᠠᠭᠤᠯᠢ ᠬᠢᠵᠦ ᠶᠠᠪᠤᠭᠠᠳ ᠢᠷᠡᠯ᠎ᠡ ᠭᠡᠵᠦ ᠪᠢ ᠰᠣᠨᠣᠰᠤᠭᠰᠠᠨ᠃
— ᠴᠡᠷᠢᠭ ᠦ᠋ᠨ ᠰᠤᠷᠭᠠᠭᠤᠯᠢ ᠠ᠋? ᠬᠡᠨ ᠲᠡᠢ ᠪᠠᠢᠯᠳᠤᠬᠤ ᠭᠡᠰᠡᠨ ᠶᠦᠮ ᠪᠣᠯ?
— ᠪᠣᠭᠣᠯ ᠨᠢ ᠶᠠᠭᠤ ᠪᠠᠨ ᠮᠡᠳᠡᠬᠦ ᠪᠣᠢ᠃ ᠲᠡᠭᠡᠵᠦ ᠯᠡ ᠰᠢᠳᠠᠷ ᠬᠥᠮᠦᠰ ᠨᠢ ᠬᠡᠯᠡᠵᠦ ᠪᠠᠢᠭᠰᠠᠨ᠃
— ᠪᠢ ᠪᠢᠯᠢᠭᠦᠨ ᠭᠡᠬᠦ ᠨᠡᠷ᠎ᠡ ᠲᠡᠢ ᠨᠢᠭᠡ ᠲᠦᠰᠢᠮᠡᠯ ᠢ᠋ ᠵᠠᠷᠤᠵᠤ ᠶᠠᠪᠤᠭᠤᠯᠤᠭᠠᠳ ᠤᠳᠠᠵᠤ ᠪᠠᠢᠨ᠎ᠠ᠃ ᠴᠢᠮᠠᠲᠤ ᠪᠢ ᠬᠡᠯᠡᠭᠰᠡᠨ ᠪᠠᠢᠬᠤ ᠠ᠋᠃ ᠴᠢ ᠲᠡᠭᠦᠨ ᠲᠡᠢ ᠠᠭᠤᠯᠵᠠᠪᠠ ᠤᠤ? ᠭᠡᠵᠦ ᠬᠤᠪᠢᠯᠠᠢ ᠠᠰᠠᠭᠤᠪᠠ᠃
— ᠲᠠ ᠨᠠᠳᠠᠳᠤ ᠵᠠᠷᠯᠢᠭᠯᠠᠵᠤ ᠪᠠᠢᠭᠰᠠᠨ᠃ ᠲᠡᠷᠡ ᠲᠦᠰᠢᠮᠡᠯ ᠪᠠᠷᠠᠭᠤᠨ ᠭᠠᠵᠠᠷ ᠵᠠᠷᠤᠭᠳᠠᠨ ᠶᠠᠪᠤᠭᠰᠠᠨ ᠰᠤᠷᠠᠭ ᠲᠠᠢ᠃ ᠪᠣᠭᠣᠯ ᠨᠢ ᠠᠭᠤᠯᠵᠠᠵᠤ ᠴᠢᠳᠠᠭᠰᠠᠨ ᠦᠭᠡᠢ᠃ ᠲᠡᠭᠦᠨ ᠢ᠋ ᠬᠦᠯᠢᠶᠡᠬᠦ ᠠᠬᠤᠯ᠎ᠠ ᠬᠡᠳᠦᠨ ᠰᠠᠷ᠎ᠠ ᠪᠠᠷ ᠰᠠᠭᠠᠲᠠᠬᠤ ᠶᠠᠩᠵᠤᠲᠠᠢ ᠤᠴᠢᠷ ᠨᠠᠭᠠᠰᠢ ᠪᠠᠨ ᠪᠢ ᠶᠠᠭᠠᠷᠠᠨ ᠢᠷᠡᠯ᠎ᠡ ᠭᠡᠵᠦ ᠬᠦᠯᠦᠭ ᠢ᠋ ᠶᠠᠷᠢᠵᠤ ᠪᠠᠢᠬᠤ ᠳ᠋ᠤ᠌ ᠳᠠᠪᠬᠤᠷ ᠡᠭᠦᠳᠡᠨ ᠦ᠌ ᠴᠠᠭᠠᠨ᠎ᠠ ᠵᠣᠭᠰᠣᠵᠤ ᠪᠠᠢᠭᠰᠠᠨ ᠯᠣᠯᠣᠢ ᠠᠪᠠᠭᠠᠢ ᠶᠠᠷᠢᠶ᠎ᠠ ᠶ᠋ᠢ ᠰᠣᠨᠣᠰᠴᠠᠢ᠃
ᠬᠤᠪᠢᠯᠠᠢ ᠰᠠᠬᠠᠯ ᠢ᠋ᠶ᠋ᠠᠨ ᠢᠮᠡᠴᠢᠨ᠂ ᠠᠮᠠᠨ ᠳᠣᠲᠣᠷ᠎ᠠ ᠪᠠᠨ 《ᠴᠡᠷᠢᠭ ᠦ᠋ᠨ ᠰᠤᠷᠭᠠᠭᠤᠯᠢ ᠬᠢᠵᠦ ᠪᠠᠢᠭ᠎ᠠ》 ᠂ 《ᠲᠡᠢᠮᠦ ᠪᠠᠰᠠ ᠤᠯᠤᠰ ᠭᠦᠷᠦᠨ ᠦ᠌ ᠠᠯᠪᠠ ᠶ᠋ᠢ ᠨᠡᠢᠲᠡ ᠳ᠋ᠦ᠍ ᠨᠢ ᠵᠠᠯᠭᠠᠭᠤᠯᠬᠤ ᠭᠡᠵᠦ ᠠᠷᠢᠬᠪᠦ᠋ᠬᠡ ᠶ᠋ᠢᠨ ᠬᠡᠯᠡᠵᠦ ᠪᠠᠢᠭ᠎ᠠ ᠴᠢᠨᠢ ᠲᠤᠩ ᠶᠡᠬᠡ ᠡᠭᠡᠳᠡᠷᠡᠭᠡᠲᠡᠢ ᠬᠡᠷᠡᠭ ᠪᠢᠵᠡ ᠠ᠋ ᠃ ᠵᠠ ᠲᠤᠨᠭᠭᠠᠭᠠᠵᠤ ᠰᠢᠭᠦᠨ᠎ᠡ ᠳᠡ》 ᠭᠡᠮᠡᠨ ᠥᠪᠡᠷ ᠲᠦ᠍ ᠪᠡᠨ ᠬᠡᠯᠡᠵᠦ ᠪᠠᠢᠭᠰᠠᠨ ᠢ᠋ᠶ᠋ᠠᠨ ᠡᠮᠦᠨ᠎ᠡ ᠪᠡᠨ ᠵᠣᠭᠰᠣᠵᠤ ᠪᠠᠢᠭ᠎ᠠ ᠬᠦᠯᠦᠭ ᠢ᠋ ᠬᠠᠷᠠᠵᠤ᠄
— ᠴᠢ ᠮᠢᠨᠦ ᠦᠭᠡ ᠶ᠋ᠢ ᠳᠠᠭᠠᠨ ᠪᠡᠶᠡᠯᠡᠭᠦᠯᠵᠡᠢ᠃ ᠡᠦᠲᠦ ᠬᠠᠷᠢᠵᠤ ᠶᠠᠳᠠᠷᠠᠭ᠎ᠠ ᠪᠠᠨ ᠭᠠᠷᠭ᠎ᠠ ! ᠬᠡᠯᠡᠭᠰᠡᠨ ᠢ᠋ᠶ᠋ᠡᠨ ᠪᠠᠷ᠎ᠠ ᠪᠣᠯᠤᠭᠴᠢ ᠪᠠᠨ ᠳᠠᠭᠤᠳᠠᠨ ᠢᠷᠡᠭᠦᠯᠵᠦ᠂ ᠵᠠᠷᠤᠭᠠᠯ ᠤ᠋ᠨ ᠲᠦᠰᠢᠮᠡᠯ ᠳ᠋ᠦ᠍ ᠨᠢᠭᠡᠨ ᠭᠣᠭᠴᠣᠭ᠎ᠠ ᠲᠣᠷᠭ᠎ᠠ ᠱᠠᠩᠨᠠᠯ ᠪᠣᠯᠭᠠᠨ ᠥᠭ ᠭᠡᠵᠦ ᠲᠤᠰᠢᠶᠠᠯ᠎ᠠ᠃
ᠬᠦᠯᠦᠭ ᠬᠡᠰᠢᠭ ᠲᠦ᠍ ᠮᠥᠷᠭᠥᠨ ᠣᠷᠳᠣᠨ ᠠ᠋ᠴᠠ ᠭᠠᠷᠬᠤ ᠳ᠋ᠤ᠌ ᠯᠣᠯᠣᠢ ᠠᠪᠠᠭᠠᠢ ᠵᠠᠬᠢᠷᠤᠭᠴᠢ ᠶ᠋ᠢᠨ ᠲᠠᠰᠤᠯᠭᠠᠨ ᠳ᠋ᠤ᠌ ᠱᠠᠯᠳᠠᠩ ᠪᠦᠰᠡᠭᠦᠢ ᠶ᠋ᠢᠨ ᠭᠠᠷ ᠵᠢᠷᠤᠭ ᠪᠠᠷᠢᠭᠰᠠᠭᠠᠷ ᠵᠥᠷᠢᠵᠦ ᠣᠷᠣᠭᠠᠳ᠂ ᠡᠵᠡᠨ ᠡᠴᠡ ᠪᠡᠨ ᠲᠠᠭᠠᠯᠠᠯ ᠠᠰᠠᠭᠤᠬᠤ ᠳᠡᠯᠢᠮ ᠢ᠋ᠶ᠋ᠡᠷ ᠴᠢᠩ ᠦᠨᠡᠨᠴᠢ ᠴᠢᠷᠠᠢ ᠭᠠᠷᠭᠠᠨ ᠡᠶᠡᠯᠳᠡᠭᠯᠡᠵᠤ ᠬᠠᠷᠠᠭᠠᠳ᠂ ᠬᠢᠲᠠᠳ ᠢ᠋ ᠳᠠᠭᠤᠷᠢᠶᠠᠨ᠄
— ᠶᠡᠬᠡ ᠡᠵᠡᠨᠲᠡᠨ ᠮᠢᠨᠢ ! ᠪᠢ ᠡᠨᠳᠡᠭᠦᠦ ᠲᠡᠰᠢᠶ᠎ᠡ ᠰᠣᠨᠣᠰᠤᠭ᠎ᠠ ᠦᠭᠡᠢ ᠪᠣᠯ ᠲᠠ ᠰᠠᠶᠢ ᠪᠠᠷᠠᠯᠬᠠᠭᠰᠠᠨ ᠲᠦᠰᠢᠮᠡᠯ ᠡᠴᠡ ᠪᠢᠯᠢᠭᠦᠨ ᠭᠡᠳᠡᠭ ᠵᠠᠷᠤᠭᠠᠯ ᠤ᠋ᠨ ᠲᠦᠰᠢᠮᠡᠯ ᠢ᠋ᠶ᠋ᠡᠨ ᠠᠰᠠᠭᠤᠭᠠᠳ ᠪᠠᠢᠪᠠ ᠤᠤ ? ᠡᠨᠡ ᠬᠣᠶᠠᠷ ᠴᠢᠨᠢ ᠲᠥᠷᠥᠭᠰᠡᠨ ᠠᠬ᠎ᠠ ᠳᠡᠭᠦᠦ ᠬᠥᠮᠦᠰ ᠭᠡᠳᠡᠭ ᠰᠢᠦ ᠳᠡ ᠭᠡᠵᠦ ᠠᠢᠯᠠᠳᠬᠠᠯ᠎ᠠ᠃
— ᠠ ᠲᠡᠢᠮᠦ ᠤᠤ? ᠭᠡᠵᠦ ᠬᠤᠪᠢᠯᠠᠢ ᠤᠤᠯᠭ᠎ᠠ ᠠᠯᠳᠠᠬᠤ ᠰᠢᠬᠠᠨ ᠬᠡᠯᠡᠵᠦ ᠭᠠᠢᠬᠠᠬᠤ ᠳ᠋ᠤ᠌ ᠪᠠᠨ 《ᠪᠢ ᠬᠥᠮᠦᠰ ᠢ᠋ᠶ᠋ᠡᠨ ᠲᠠᠨᠢᠵᠤ ᠮᠡᠳᠡᠬᠦ ᠶᠠᠭᠠᠬᠢᠭ᠎ᠠ ᠴᠦ᠍ ᠦᠭᠡᠢ ᠪᠠᠢᠭ᠎ᠠ ᠶᠤᠮ ᠰᠢᠪ》 ᠭᠡᠵᠦ ᠥᠪᠡᠷ ᠲᠦ᠍ ᠪᠡᠨ ᠪᠠᠰᠠ ᠬᠡᠯᠡᠯ᠎ᠡ᠃
ᠬᠦᠯᠦᠭ ᠢ᠋ ᠬᠠᠷᠠᠬᠣᠷᠣᠮ ᠳ᠋ᠤ᠌ ᠶᠠᠪᠤᠭᠠᠳ ᠢᠷᠡᠭᠰᠡᠨ ᠦ᠌ ᠳᠠᠷᠠᠭ᠎ᠠ ᠵᠠᠬᠢᠷᠤᠭᠴᠢ ᠶ᠋ᠢᠨ ᠠᠯᠪᠠ ᠮᠡᠳᠡᠭᠳᠡᠬᠦᠢᠴᠡ ᠶᠡᠬᠡᠰᠴᠦ᠂ ᠣᠷᠣᠢ ᠪᠦᠷᠦᠢ ᠶ᠋ᠢᠨ ᠵᠠᠷᠢᠮ ᠰᠢᠳᠠᠷ ᠨᠣᠶᠠᠳ ᠳᠠᠭᠠᠭᠠᠮᠠᠯ᠂ ᠬᠢᠲᠠᠳ ᠲᠦᠰᠢᠮᠡᠳ ᠨᠠᠷ ᠲᠠᠢ ᠭᠠᠭᠴᠠᠭᠠᠷ᠂ ᠬᠣᠶᠠᠷ ᠭᠤᠷᠪᠠ ᠪᠠᠷ ᠨᠡᠢᠯᠡᠨ ᠰᠠᠭᠤᠵᠤ ᠰᠥᠨᠢ ᠣᠷᠣᠢ ᠪᠣᠯᠲᠠᠯ᠎ᠠ ᠶᠠᠷᠢᠯᠴᠠᠬᠤ ᠪᠣᠯᠤᠯ᠎ᠠ᠃ ᠠᠳᠠ ᠴᠣᠬᠣᠮ ᠶᠠᠮᠠᠷ ᠬᠡᠷᠡᠭ ᠬᠡᠯᠡᠯᠴᠡᠭᠳᠡᠨ ᠪᠣᠢ ᠶ᠋ᠢ ᠶᠠᠭᠠᠬᠢᠨ ᠮᠡᠳᠡᠬᠦ ᠪᠢᠯᠡ᠃ ᠲᠡᠷᠡ ᠠᠭᠤᠯᠵᠠᠯᠲᠠ ᠶᠠᠷᠢᠶᠠᠨ ᠳ᠋ᠤ᠌ ᠶᠡᠬᠡ ᠲᠦᠰᠢᠮᠡᠯ — ᠵᠠᠬᠢᠷᠤᠭᠴᠢ ᠶ᠋ᠢᠨ ᠪᠠᠭᠰᠢ ᠵᠣᠣ ᠪᠢ᠂ ᠮᠥᠨ ᠲᠦᠰᠢᠮᠡᠯ ᠬᠣᠣ ᠵᠢᠩ ᠨᠠᠷ ᠬᠠᠮᠤᠭ ᠤ᠋ᠨ ᠢᠳᠡᠪᠬᠢᠲᠡᠢ ᠣᠷᠣᠯᠴᠠᠵᠤ ᠪᠠᠢᠪᠠ᠃
ᠰᠥᠨᠢ ᠪᠣᠯᠤᠭᠰᠠᠨ ᠪᠠᠢᠯ᠎ᠠ᠃ ᠨᠢᠭᠡ ᠤᠳᠠᠭ᠎ᠠ ᠶ᠋ᠢᠨ ᠠᠭᠤᠯᠵᠠᠯᠲᠠ ᠳᠡᠭᠡᠷ᠎ᠡ ᠵᠠᠬᠢᠷᠤᠭᠴᠢ ᠶ᠋ᠢᠨ ᠳᠡᠷᠭᠡᠳᠡ ᠳ᠋ᠦ᠍ ᠵᠣᠣ ᠪᠢ᠂ ᠬᠣᠣ ᠵᠢᠩ ᠬᠣᠶᠠᠷ ᠪᠠᠢᠵᠤ᠂ ᠲᠡᠢᠨ ᠲᠤᠯᠤᠯᠳᠤᠭᠠᠨ ᠤ᠋ ᠪᠠᠢᠳᠠᠯ᠂ ᠲᠥᠷᠥ ᠤᠯᠤᠰ ᠤ᠋ᠨ ᠦᠢᠯᠡ ᠬᠡᠷᠡᠭ ᠦ᠋ᠳ ᠢ᠋ ᠳᠡᠯᠭᠡᠨ ᠶᠠᠷᠢᠯᠴᠠᠵᠤ ᠰᠠᠭᠤᠭᠠᠳ᠂ ᠬᠤᠪᠢᠯᠠᠢ ᠰᠡᠳᠬᠢᠯ ᠵᠣᠪᠠᠭᠤᠷᠢᠲᠠᠢ ᠴᠢᠷᠠᠢ ᠦᠵᠡᠭᠦᠯᠦᠨ᠂ ᠱᠠᠨᠳᠦ᠋ᠩ ᠭᠠᠵᠠᠷ ᠤ᠋ᠨ ᠠᠮᠲᠠᠲᠤ ᠬᠠᠯᠠᠭᠤᠨ ᠴᠠᠢ ᠲᠠᠮᠰᠢᠶᠠᠯᠠᠨ ᠣᠭᠣᠴᠢᠯᠠᠵᠤ᠄
— ᠰᠠᠨᠠᠭ᠎ᠠ ᠵᠣᠪᠠᠭᠠᠵᠤ ᠪᠠᠢᠭ᠎ᠠ ᠵᠦᠢᠯ ᠶᠡᠬᠡ ᠪᠣᠯᠤᠯ᠎ᠠ᠃ ᠰᠥᠩ ᠦ᠋ᠨ ᠬᠠᠭᠠᠨ ᠴᠡᠷᠢᠭ ᠤᠯᠠᠮ ᠰᠢᠷᠦᠭᠦᠨ ᠡᠰᠡᠷᠭᠦᠴᠡᠯ ᠦᠵᠡᠭᠦᠯᠵᠦ ᠪᠠᠢᠨ᠎ᠠ᠃ ᠬᠣᠢᠲᠤ ᠨᠤᠲᠤᠭ ᠲᠤ ᠶᠡᠬᠡ ᠲᠥᠷᠥ ᠶ᠋ᠢᠨ ᠶᠠᠪᠤᠳᠠᠯ ᠴᠠᠯᠠᠭᠠᠷᠳᠠᠵᠤ ᠪᠠᠢᠵᠤ ᠮᠠᠭᠠᠳ ᠦᠭᠡᠢ ᠭᠡᠵᠦ ᠪᠢ ᠪᠣᠳᠣᠬᠤ ᠪᠣᠯᠤᠯ᠎ᠠ ᠭᠡᠮᠡᠨ ᠦᠭᠡ ᠡᠳᠦᠪᠡ᠃ ᠵᠣᠣ ᠪᠢ ᠴᠠᠭᠠᠨ ᠪᠤᠭᠤᠷᠤᠯ ᠦᠰᠦᠲᠡᠢ ᠲᠣᠯᠣᠭᠠᠢ ᠪᠠᠨ ᠮᠠᠭᠠᠵᠢᠨ ᠵᠠᠬᠢᠷᠤᠭᠴᠢ ᠳ᠋ᠤ᠌ ᠬᠠᠨᠳᠤᠵᠤ᠄
— ᠶᠡᠬᠡ ᠡᠵᠡᠨ ᠲᠠᠨ ᠤ᠋ ᠰᠡᠳᠬᠢᠯ ᠵᠣᠪᠠᠬᠤ ᠲᠠᠨᠢ ᠲᠦᠮᠡᠨ ᠵᠥᠪ᠃ ᠶᠡᠬᠡ ᠭᠦᠷᠦᠨ ᠡᠵᠡᠨ ᠦᠭᠡᠢ ᠪᠠᠢᠭ᠎ᠠ ᠪᠣᠯᠬᠣᠷ ᠬᠡᠨ ᠶᠠᠭᠠᠬᠢᠵᠤ ᠳᠠᠪᠬᠢᠬᠤ ᠨᠢ ᠳᠤᠷ᠎ᠠ ᠶ᠋ᠢᠨ ᠬᠡᠷᠡᠭ ᠪᠣᠯᠤᠭ᠎ᠠ ᠪᠢᠵᠡ᠃ ᠲᠠᠨ ᠤ᠋ ᠳᠡᠭᠦᠦ ᠠᠷᠢᠬᠪᠥ᠋ᠬᠡ ᠲᠥᠷᠥ ᠶ᠋ᠢ ᠵᠢᠯᠣᠭᠣᠳᠴᠤ ᠴᠢᠳᠠᠬᠤ ᠬᠥᠮᠦᠨ ᠪᠢᠰᠢ ᠠ᠋᠃ ᠪᠢ ᠶᠡᠬᠡ ᠬᠠᠭᠠᠨ ᠢ᠋ ᠰᠡᠷᠡᠭᠦᠨ ᠲᠤᠩᠭᠠᠯᠠᠭ ᠪᠠᠢᠬᠤ ᠳ᠋ᠤ᠌ ᠲᠡᠭᠦᠨ ᠲᠡᠢ ᠠᠭᠤᠯᠵᠠᠨ ᠶᠠᠷᠢᠯᠴᠠᠵᠤ ᠦᠵᠡᠭᠰᠡᠨ᠃ ᠲᠡᠭᠡᠬᠦ ᠳ᠋ᠦ᠍ ᠠᠷᠢᠬᠪᠥ᠋ᠬᠡ ᠮᠤᠯᠭᠤᠤ ᠰᠢᠨᠵᠢᠲᠡᠢ ᠪᠠᠢᠭᠰᠠᠨ᠃ ᠪᠢ ᠰᠠᠢᠨ ᠠᠵᠢᠭᠯᠠᠭᠰᠠᠨ ᠰᠢᠦ᠃ ᠶᠡᠬᠡ ᠡᠵᠡᠨ ᠲᠠ ᠯᠠ ᠪᠦᠬᠦ ᠮᠣᠩᠭᠣᠯ ᠤ᠋ᠨ ᠲᠥᠷᠥ ᠶ᠋ᠢᠨ ᠲᠡᠷᠢᠭᠦᠨ ᠪᠠᠢᠬᠤ ᠶᠣᠰᠣᠲᠠᠢ᠃ ᠲᠠ ᠪᠣᠯ ᠣᠳᠣ ᠳᠠᠷᠤᠢ ᠬᠠᠭᠠᠨ ᠤ᠋ ᠣᠷᠣ ᠰᠠᠭᠤᠬᠤ ᠤᠴᠢᠷᠲᠠᠢ ᠤᠬᠠᠭᠠᠲᠠᠢ ᠪᠠᠢᠨ᠎ᠠ ᠭᠡᠵᠦ ᠰᠢᠯᠤᠭᠤᠬᠠᠨ ᠪᠠᠢᠳᠠᠯ ᠢ᠋ᠶ᠋ᠠᠷ ᠬᠡᠯᠡᠭᠡᠳ ᠲᠣᠯᠣᠭᠠᠢ ᠪᠥᠬᠥᠢᠪᠡ᠃
ᠬᠣᠣ ᠵᠢᠩ ᠤᠷᠲᠤ ᠬᠤᠷᠤᠭᠤ ᠲᠠᠢ ᠲᠤᠷᠠᠩᠬᠠᠢ ᠭᠠᠷ ᠢ᠋ᠶ᠋ᠠᠨ ᠳᠡᠯᠭᠡᠨ ᠬᠤᠪᠢᠯᠠᠢ ᠳ᠋ᠤ᠌᠄
— ᠪᠢ ᠪᠠᠢᠳᠠᠯ ᠢ᠋ ᠣᠢᠯᠠᠭᠠᠵᠤ ᠪᠠᠢᠨ᠎ᠠ᠃ ᠣᠳᠣ ᠤᠯᠤᠰ ᠤ᠋ᠨ ᠶᠡᠬᠡ ᠲᠥᠷᠥ ᠣᠯᠠᠨ ᠡᠵᠡᠨ ᠲᠡᠢ ᠪᠣᠯᠵᠤ ᠣᠷᠬᠢᠭᠠᠳ ᠪᠠᠢᠨ᠎ᠠ᠃ ᠶᠢᠷᠲᠢᠨᠴᠦ ᠳ᠋ᠦ᠍ ᠬᠣᠶᠠᠷ ᠨᠠᠷᠠ ᠪᠠᠢᠵᠤ ᠪᠣᠯᠬᠤ ᠦᠭᠡᠢ᠃ ᠲᠠᠨ ᠤ᠋ ᠳᠡᠭᠦᠦ ᠥᠪᠡᠷ ᠢ᠋ ᠪᠡᠨ ᠶᠡᠬᠡ ᠬᠠᠭᠠᠨ ᠪᠣᠯᠭᠠᠬᠤ ᠰᠠᠨᠠᠭᠠᠲᠠᠢ ᠪᠠᠢᠵᠤ ᠮᠠᠭᠠᠳ ᠦᠭᠡᠢ ᠭᠡᠵᠦ ᠪᠢ ᠰᠠᠨᠠᠭᠰᠠᠨ᠃ ᠲᠡᠷᠡ ᠲᠡᠭᠡᠵᠦ ᠪᠣᠯᠬᠤ ᠦᠭᠡᠢ᠃ ᠶᠡᠬᠡ ᠡᠵᠡᠨ ᠲᠠ ᠯᠠ ᠮᠣᠩᠭᠣᠯ ᠤ᠋ᠨ ᠶᠡᠬᠡ ᠬᠠᠭᠠᠨ ᠪᠠᠢᠬᠤ ᠶᠣᠰᠣᠲᠠᠢ᠃ ᠲᠠ ᠪᠣᠯ ᠡᠷᠳᠡᠮ ᠳ᠋ᠦ᠍ ᠮᠡᠷᠭᠡᠨ᠂ ᠰᠡᠳᠬᠢᠯ ᠣᠶᠤᠨ ᠠᠭᠤᠵᠢᠮ ᠲᠤᠩᠭᠠᠯᠠᠭ᠂ ᠤᠬᠠᠭᠠᠨ ᠰᠠᠷᠠᠭᠤᠯ᠂ ᠬᠡᠷᠡᠭ ᠶᠠᠪᠤᠳᠠᠯ ᠳ᠋ᠤ᠌ ᠠᠯᠤᠰ ᠤ᠋ᠨ ᠭᠦᠨ ᠪᠤᠳᠤᠯᠲᠠᠢ᠃ ᠡᠢᠮᠦ ᠤᠴᠢᠷ ᠠ᠋ᠴᠠ ᠣᠳᠣ ᠪᠣᠭᠳᠠ ᠴᠢᠩᠭᠢᠰ ᠬᠠᠭᠠᠨ ᠤ᠋ ᠤᠳᠤᠮ ᠤᠭᠰᠠᠭᠠᠨ ᠤ᠋ ᠬᠥᠮᠦᠰ ᠦ᠋ᠨ ᠳᠣᠲᠣᠷ᠎ᠠ ᠠ᠋ᠴᠠ ᠬᠠᠭᠠᠨ ᠰᠢᠷᠡᠭᠡ ᠶ᠋ᠢ ᠲᠦᠰᠢᠬᠦ ᠴᠣᠷ ᠤ᠋ᠨ ᠭᠠᠭᠴᠠ ᠬᠥᠮᠦᠨ ᠪᠣᠯ ᠲᠠ ᠯᠠ ᠪᠠᠢᠨ᠎ᠠ᠃ ᠪᠢᠳᠡ ᠪᠦᠬᠦᠨ ᠲᠠᠨ ᠢ᠋ ᠣᠷᠣ ᠰᠠᠭᠤᠭᠠᠰᠠᠢ ᠭᠡᠵᠦ ᠬᠦᠰᠡᠵᠦ ᠪᠠᠢᠭ᠎ᠠ᠃ ᠡᠨᠡ ᠪᠣᠯ ᠬᠭᠢᠷ ᠦᠭᠡᠢ ᠦᠨᠡᠨ ᠵᠦᠢᠯ ᠭᠡᠵᠦ ᠬᠡᠯᠡᠬᠦ ᠳ᠋ᠦ᠍ ᠪᠡᠨ《ᠴᠢᠮᠠᠶ᠋ᠢ ᠬᠠᠭᠠᠨ ᠪᠣᠯᠭᠠᠵᠤ ᠣᠷᠬᠢᠪᠠᠯ ᠪᠢᠳᠡᠨ ᠳ᠋ᠦ᠍ ᠶᠡᠬᠡ ᠠᠰᠢᠭᠲᠠᠢ᠃ ᠴᠢ ᠪᠣᠯ ᠣᠳᠣ ᠬᠢᠲᠠᠳ ᠪᠣᠯᠳᠠᠭ ᠤ᠋ᠨ ᠳᠠᠪᠠᠭᠠᠨ ᠳᠡᠭᠡᠷ᠎ᠡ ᠲᠤᠯᠵᠤ ᠣᠴᠢᠭᠠᠳ ᠪᠠᠢᠭ᠎ᠠ ᠨᠣᠶᠠᠨ᠃ ᠴᠢ ᠲᠡᠭᠡᠭᠡᠳ ᠮᠣᠩᠭᠣᠯ ᠪᠢᠰᠢ᠂ ᠵᠢᠩᠬᠢᠨᠢ ᠬᠢᠲᠠᠳ ᠬᠠᠭᠠᠨ ᠪᠣᠯᠤᠨ᠎ᠠ ᠰᠢᠦ ᠳᠡ᠃ ᠪᠢᠳᠡ ᠴᠢᠮᠠᠶ᠋ᠢ ᠲᠡᠢᠮᠦ ᠪᠣᠯᠭᠠᠵᠤ ᠲᠥᠩᠭᠡᠯ ᠦᠭᠡᠢ ᠶᠠᠭᠠᠬᠢᠬᠤ ᠪᠣᠢ᠃ ᠠᠷᠢᠬᠪᠥ᠋ᠬᠡ ᠪᠣᠯ ᠲᠡᠭᠡᠵᠦ ᠥᠭᠡᠷᠡᠴᠢᠯᠡᠭᠳᠡᠬᠦ ᠪᠡᠷ ᠡᠷ᠎ᠡ ᠪᠢᠰᠢ᠂ ᠶᠡᠬᠡ ᠬᠠᠲᠠᠭᠤ ᠰᠡᠳᠬᠢᠯ ᠲᠡᠢ ᠬᠥᠮᠦᠨ》 ᠭᠡᠮᠡᠨ ᠳᠣᠲᠣᠷ᠎ᠠ ᠪᠠᠨ ᠪᠣᠳᠣᠵᠤ ᠰᠠᠭᠤᠯ᠎ᠠ᠃
ᠬᠤᠪᠢᠯᠠᠢ ᠬᠣᠶᠠᠷ ᠲᠦᠰᠢᠮᠡᠯ ᠦ᠋ᠨ ᠦᠭᠡ ᠶ᠋ᠢ ᠤᠷᠮᠠᠲᠠᠢ ᠪᠠᠢᠳᠠᠯ ᠢ᠋ᠶ᠋ᠠᠷ ᠴᠢᠩᠨᠠᠵᠤ ᠰᠠᠭᠤᠭᠰᠠᠨ ᠢ᠋ᠶ᠋ᠠᠨ᠂ ᠨᠢᠳᠦ ᠪᠡᠨ ᠲᠣᠮᠣ ᠪᠣᠯᠭᠠᠨ ᠬᠠᠷᠠᠵᠤ᠄
— ᠣᠷᠣ ᠰᠠᠭᠤᠨ᠎ᠠ ᠭᠡᠳᠡᠭ ᠠᠮᠠᠷ ᠠᠯᠪᠠ ᠪᠢᠰᠢ᠃ ᠪᠢ ᠶᠡᠬᠡ ᠡᠷᠳᠡᠮᠲᠡᠨ ᠲᠠ ᠨᠠᠷ ᠤ᠋ᠨ ᠡᠷᠭᠦᠮᠵᠢᠯᠡᠯ ᠢ᠋ ᠰᠣᠨᠣᠰᠤᠭᠠᠳ ᠠᠶᠤᠬᠤ ᠰᠢᠭ᠋ ᠪᠣᠯᠵᠤ ᠪᠠᠢᠨ᠎ᠠ᠃ ᠨᠥᠭᠦᠭᠡ ᠭᠡᠪᠡᠯ ᠲᠡᠷᠡ ᠬᠡᠷᠡᠭ ᠴᠢᠨᠢ ᠮᠢᠨᠦ ᠳᠤᠷ᠎ᠠ ᠶ᠋ᠢᠨ ᠵᠦᠢᠯ ᠪᠢᠰᠢ ᠠ᠋᠃ ᠬᠡᠨ ᠣᠷᠣ ᠰᠠᠭᠤᠬᠤ ᠶ᠋ᠢ ᠮᠣᠩᠭᠣᠯ ᠤ᠋ᠨ ᠣᠯᠠᠨ ᠨᠣᠶᠠᠳ ᠯᠠ ᠮᠡᠳᠡᠵᠦ ᠰᠣᠩᠭᠣᠨ ᠲᠠᠯᠪᠢᠬᠤ ᠶᠣᠰᠣᠲᠠᠢ᠃《ᠶᠡᠬᠡ ᠵᠠᠰᠠᠭ》 ᠬᠠᠤᠯᠢᠨ ᠳ᠋ᠤ᠌ ᠲᠡᠭᠡᠵᠦ ᠵᠢᠭᠠᠭᠰᠠᠨ᠃ ᠡᠵᠡᠨ ᠡᠪᠦᠭᠡ ᠶ᠋ᠢᠨ ᠲᠣᠭᠲᠠᠭᠠᠭᠰᠠᠨ ᠲᠢᠭ ᠵᠢᠷᠤᠮ ᠴᠤ᠌ ᠲᠡᠢᠮᠦ ᠪᠠᠢᠳᠠᠭ ᠭᠡᠵᠦ ᠬᠤᠪᠢᠯᠠᠢ ᠨᠠᠮᠤᠭᠤᠬᠠᠨ ᠳᠠᠭᠤ ᠪᠠᠷ ᠬᠡᠯᠡᠯ᠎ᠡ᠃
ᠵᠣᠣ ᠪᠢ ᠳᠠᠭᠤ ᠦᠭᠡᠢ ᠪᠣᠳᠣᠯᠭᠠᠰᠢᠷᠠᠨ ᠰᠠᠭᠤᠪᠠ᠃
ᠬᠣᠣ ᠵᠢᠩ ᠳᠠᠯᠤ ᠮᠥᠷᠥ ᠪᠡᠨ ᠬᠠᠪᠴᠢᠰᠬᠢᠨ ᠲᠣᠯᠣᠭᠠᠢ ᠪᠠᠨ ᠬᠠᠶᠠᠯᠠᠭᠠᠳ᠄
— ᠮᠣᠩᠭᠣᠯ ᠤ᠋ᠨ ᠲᠡᠷᠡ ᠶᠣᠰᠣ ᠶᠡᠬᠡ ᠰᠠᠢᠬᠠᠨ ᠶᠤᠮ ᠪᠠᠢᠨ᠎ᠠ᠃ ᠭᠡᠪᠡᠴᠦ ᠶᠠᠮᠠᠷ ᠴᠤ᠌ ᠵᠦᠢᠯ ᠨᠢᠭᠡ ᠬᠡᠪ ᠢ᠋ᠶ᠋ᠡᠷ ᠪᠠᠢᠳᠠᠭ ᠦᠭᠡᠢ᠃ ᠴᠠᠭ ᠢ᠋ ᠳᠠᠭᠠᠨ ᠲᠡᠷᠡ ᠶᠣᠰᠣ ᠶ᠋ᠢ ᠥᠭᠡᠷᠡᠴᠢᠯᠡᠨ ᠬᠥᠭᠵᠢᠭᠡᠵᠦ ᠪᠣᠯᠬᠤ ᠪᠢᠵᠡ᠃ ᠨᠥᠭᠦᠭᠡ ᠭᠡᠪᠡᠯ ᠡᠨᠳᠡ ᠶᠡᠬᠡ ᠡᠵᠡᠨ ᠲᠠᠨ ᠳ᠋ᠤ᠌ ᠰᠢᠳᠠᠷᠯᠠᠳᠠᠭ ᠣᠯᠠᠨ ᠨᠣᠶᠠᠳ ᠪᠠᠰᠠ ᠪᠠᠢᠵᠤ ᠪᠠᠢᠨ᠎ᠠ᠃ ᠲᠡᠳᠡ ᠴᠢᠨᠢ ᠡᠵᠡᠨ ᠢ᠋ᠶ᠋ᠡᠨ ᠰᠣᠩᠭᠣᠨ ᠡᠷᠭᠦᠮᠵᠢᠯᠡᠬᠦ ᠡᠷᠬᠡ ᠶ᠋ᠢ ᠡᠳ᠋ᠯᠡᠵᠦ ᠪᠣᠯᠤᠨ᠎ᠠ ᠪᠢᠵᠡ ᠳᠡ? ᠵᠠᠰᠠᠭ ᠬᠠᠤᠯᠢ ᠴᠢᠨᠢ ᠣᠳᠣ ᠬᠠᠭᠤᠴᠢᠷᠠᠭᠰᠠᠨ ᠰᠢᠦ᠃ ᠡᠨᠡ ᠲᠤᠬᠠᠢ ᠪᠢᠳᠡ ᠳᠠᠬᠢᠨ ᠳᠠᠪᠲᠠᠨ ᠰᠠᠢᠨ ᠪᠣᠳᠣᠵᠤ᠂ ᠤᠴᠢᠷᠲᠠᠢᠬᠠᠨ ᠶᠠᠷᠢᠯᠴᠠᠬᠤ ᠬᠡᠷᠡᠭᠲᠡᠢ ᠪᠠᠢᠬᠤ ᠠ᠋᠃ ᠶᠡᠬᠡ ᠡᠵᠡᠨᠲᠡᠨ ᠮᠢᠨᠢ ᠪᠢ ᠢᠩᠭᠢᠵᠦ ᠪᠣᠳᠣᠵᠤ ᠪᠠᠢᠨ᠎ᠠ᠃ ᠲᠡᠦᠬᠡ ᠰᠡᠬᠦᠵᠦ ᠬᠠᠷᠠᠪᠠᠯ ᠶᠢᠷᠲᠢᠨᠴᠦ ᠶ᠋ᠢᠨ ᠣᠯᠠᠨ ᠲᠥᠷᠥ ᠶ᠋ᠢᠨ ᠡᠵᠡᠨ ᠬᠠᠭᠠᠳ ᠶᠠᠩᠵᠤ ᠪᠦᠷᠢ ᠶ᠋ᠢᠨ ᠠᠷᠭ᠎ᠠ ᠤᠬᠠᠭᠠᠨ ᠢ᠋ᠶ᠋ᠠᠷ ᠣᠷᠣ ᠵᠠᠯᠠᠭᠳᠠᠵᠤ ᠪᠠᠢᠭᠰᠠᠨ ᠶᠠᠪᠤᠳᠠᠯ ᠤ᠋ᠳ ᠪᠣᠢ᠃ ᠪᠣᠭᠣᠯ ᠨᠢ ᠡᠨᠡ ᠲᠤᠬᠠᠢ ᠵᠠᠷᠢᠮ ᠵᠦᠢᠯ ᠢ᠋ ᠲᠩᠷᠢ ᠳ᠋ᠦ᠍ ᠲᠣᠯᠢᠯᠠᠭᠤᠯᠵᠤ ᠪᠣᠯᠬᠤ ᠪᠢᠵᠡ᠁ ᠭᠡᠵᠦ ᠶᠠᠷᠢᠯ᠎ᠠ᠃
ᠬᠤᠪᠢᠯᠠᠢ ᠴᠢᠷᠠᠢ ᠪᠠᠨ ᠬᠤᠪᠢᠷᠠᠭᠠᠨ ᠬᠣᠣ ᠣᠪᠣᠭᠲᠠᠨ ᠤ᠋ ᠨᠢᠭᠤᠷ ᠥᠭᠡᠳᠡ ᠰᠢᠷᠳᠡᠨ ᠬᠠᠷᠠᠬᠤ ᠳ᠋ᠤ᠌ ᠪᠠᠨ ᠲᠡᠭᠦᠨ ᠦ᠌ ᠶᠠᠷᠢᠶᠠᠨ ᠳ᠋ᠤ᠌ ᠡᠰᠡ ᠢᠲᠡᠭᠡᠭᠰᠡᠨ ᠪᠣᠯᠪᠠᠴᠤ《ᠶᠠᠭᠤᠮ᠎ᠠ ᠶ᠋ᠢ ᠶᠠᠭᠠᠬᠢᠵᠤ ᠮᠡᠳᠡᠬᠦ ᠪᠣᠢ?》 ᠭᠡᠰᠡᠨ ᠨᠢᠭᠡ ᠪᠣᠳᠣᠯ ᠪᠣᠳᠣᠵᠤ
— ᠤᠭ ᠨᠢ ᠤᠬᠠᠭᠠᠲᠠᠢ᠂ ᠶᠠᠭᠤᠮ᠎ᠠ ᠶᠡᠬᠡ ᠦᠵᠡᠭᠰᠡᠨ᠂ ᠣᠯᠠᠨ ᠰᠤᠳᠤᠷ ᠨᠣᠮ ᠤ᠋ᠨ ᠰᠢᠷᠣᠢ ᠶ᠋ᠢ ᠰᠡᠭᠰᠦᠷᠡᠭᠰᠡᠨ ᠬᠥᠮᠦᠨ ᠳᠡ ᠡᠨᠡ᠃ ᠡᠭᠦᠨ ᠡᠴᠡ ᠶᠠᠮᠠᠷ ᠴᠤ᠌ ᠰᠠᠨᠠᠭ᠎ᠠ ᠭᠠᠷᠴᠤ ᠢᠷᠡᠵᠦ ᠮᠡᠳᠡᠬᠦ ᠪᠣᠢ ᠭᠡᠮᠡᠨ ᠠᠮᠠᠨ ᠳᠣᠲᠣᠷ᠎ᠠ ᠪᠠᠨ ᠰᠢᠪᠡᠨᠡᠵᠡᠢ᠃
ᠬᠣᠣ ᠣᠪᠣᠭᠲᠤ ᠮᠥᠷᠥ ᠪᠡᠨ ᠬᠥᠳᠡᠯᠭᠡᠭᠡᠳ᠄
— ᠶᠡᠬᠡ ᠡᠵᠡᠨᠲᠡᠨ ᠮᠢᠨᠢ ᠲᠠᠭᠠᠯᠠᠵᠤ ᠪᠣᠯᠭᠣᠭ᠎ᠠ! ᠲᠠ ᠬᠠᠷᠢᠶ᠎ᠠ ᠵᠠᠩᠵᠤᠨ ᠨᠤᠭᠤᠳ ᠢ᠋ᠶ᠋ᠠᠨ ᠭᠠᠭᠴᠠ ᠨᠢᠭᠡ ᠪᠡᠷ ᠨᠢ ᠢᠷᠡᠭᠦᠯᠵᠦ ᠪᠣᠭᠣᠯ ᠨᠠᠳᠠᠲᠠᠢ ᠠᠭᠤᠯᠵᠠᠭᠤᠯᠵᠤ ᠲᠠᠭᠠᠯ᠎ᠠ! ᠪᠠᠰᠠ ᠰᠠᠢᠬᠠᠨ ᠢᠳᠡᠭᠡ ᠪᠤᠳᠠᠭ᠎ᠠ᠂ ᠬᠦᠨᠳᠦ ᠪᠡᠯᠡᠭ ᠪᠤᠯᠠᠭᠠᠨ ᠥᠭᠬᠦ ᠠᠯᠲᠠ ᠮᠥᠩᠭᠥᠨ ᠡᠳ᠋ ᠶᠠᠭᠤᠮ᠎ᠠ᠂ ᠲᠣᠷᠭ᠎ᠠ ᠳᠤᠷᠳᠤᠩ ᠨᠠᠯᠢᠶᠠᠨ ᠢ᠋ ᠪᠡᠯᠡᠳᠬᠡᠭᠦᠯᠪᠡᠯ ᠶᠡᠬᠡ ᠬᠡᠷᠡᠭᠲᠡᠢ ᠪᠠᠢᠨ᠎ᠠ᠃ ᠲᠡᠭᠦᠨ ᠦ᠌ ᠡᠵᠡᠳ ᠢ᠋ ᠪᠣᠭᠣᠯ ᠪᠢ ᠣᠯᠤᠨ᠎ᠠ ᠪᠠᠢᠬᠤ᠃ ᠢᠩᠭᠢᠬᠦ ᠶ᠋ᠢ ᠡᠵᠡᠨ ᠲᠠ᠂ ᠲᠠᠨ ᠤ᠋ ᠮᠡᠷᠭᠡᠨ《ᠪᠠᠭᠰᠢ》 ᠵᠣᠣ ᠪᠢ ᠭᠤᠸᠠᠢ ᠲᠠᠢ ᠲᠠ ᠬᠣᠶᠠᠷ ᠵᠥᠪᠰᠢᠶᠡᠷᠡᠨ ᠲᠠᠭᠠᠯᠠᠵᠤ᠂ ᠥᠴᠦᠬᠡᠨ ᠪᠣᠭᠣᠯ ᠨᠠᠳᠠᠳᠤ ᠵᠣᠬᠢᠬᠤ ᠢᠲᠡᠭᠡᠯ ᠬᠠᠢᠷᠠᠯᠠᠬᠤ ᠤᠤ? ᠪᠢ ᠠᠮᠢ ᠪᠡᠶ᠎ᠡ ᠪᠡᠨ ᠡᠰᠡ ᠬᠠᠢᠷᠠᠯᠠᠨ ᠡᠵᠡᠨ ᠲᠠᠨ ᠤ᠋ ᠪᠠᠨ ᠲᠥᠯᠥᠭᠡ ᠵᠢᠳᠬᠦᠬᠦ ᠳ᠋ᠦ᠍ ᠪᠡᠯᠡᠨ ᠪᠠᠢᠨ᠎ᠠ ᠭᠡᠵᠦ ᠨᠠᠮᠤᠭᠤᠬᠠᠨ ᠳᠠᠭᠤ ᠪᠠᠷ ᠬᠡᠯᠡᠭᠡᠳ ᠪᠥᠬᠥᠢᠨ ᠶᠣᠰᠣ ᠬᠢᠯ᠎ᠡ᠃
ᠬᠤᠪᠢᠯᠠᠢ ᠵᠣᠣ ᠣᠪᠣᠭᠲᠤ ᠪᠠᠭᠰᠢ ᠶ᠋ᠢ ᠪᠡᠨ ᠬᠠᠷᠠᠨ᠎ᠠ᠃ ᠡᠪᠦᠭᠡᠨ ᠲᠦᠰᠢᠮᠡᠳ ᠲᠣᠯᠣᠭᠠᠢ ᠬᠥᠳᠡᠯᠭᠡᠨ ᠬᠣᠣ ᠣᠪᠣᠭᠲᠤ ᠳ᠋ᠤ᠌ ᠢᠲᠡᠭᠡᠯ ᠬᠠᠢᠷᠠᠯᠠ ᠭᠡᠵᠦ ᠲᠣᠬᠢᠨ᠎ᠠ᠃
— ᠲᠡᠭᠡᠪᠡᠯ ᠪᠢᠳᠡ ᠶᠡᠬᠡ ᠡᠷᠳᠡᠮᠲᠡᠨ ᠲᠠᠨ ᠤ᠋ ᠬᠡᠯᠡᠵᠦ ᠪᠠᠢᠭ᠎ᠠ ᠶᠣᠰᠣ ᠪᠠᠷ ᠭᠡᠵᠦ ᠬᠤᠪᠢᠯᠠᠢ ᠶ᠋ᠢ ᠦᠭᠡ ᠪᠡᠨ ᠡᠬᠢᠯᠡᠬᠦ ᠳ᠋ᠦ᠍ ᠬᠣᠣ ᠵᠢᠩ ᠭᠠᠷ ᠢ᠋ᠶ᠋ᠠᠷ ᠢ᠋ᠶ᠋ᠠᠨ ᠴᠢᠮᠡᠭᠡ ᠦᠭᠡᠢ ᠭᠡᠵᠦ ᠳᠣᠬᠢᠭᠠᠳ᠂ ᠡᠭᠦᠳᠡ ᠤᠷᠤᠭᠤ ᠡᠷᠭᠢᠨ ᠬᠠᠷᠠᠭᠰᠠᠨ ᠢ᠋ᠶ᠋ᠠᠨ ᠵᠠᠬᠢᠷᠤᠭᠴᠢ ᠳ᠋ᠤ᠌ ᠬᠠᠨᠳᠤᠨ᠂ ᠳᠠᠭᠤ ᠪᠠᠨ ᠨᠠᠮ ᠪᠣᠯᠭᠠᠵᠤ ᠦᠭᠡ ᠪᠡᠨ ᠨᠢᠭᠤᠴᠠᠯᠠᠭᠠᠳ᠄
— ᠡᠨᠡ ᠬᠡᠷᠡᠭ ᠮᠠᠰᠢ ᠳᠠᠯᠳᠠ ᠬᠢᠭᠳᠡᠬᠦ ᠶᠣᠰᠣᠲᠠᠢ᠃ ᠪᠢᠳᠡ ᠭᠤᠷᠪᠠ ᠠ᠋ᠴᠠ ᠴᠠᠭᠠᠰᠢ ᠵᠠᠳᠠᠷᠠᠪᠠᠯ ᠤᠰᠤ ᠪᠤᠯᠠᠩᠭᠢᠷᠲᠤᠵᠤ᠂ ᠠᠷᠤ ᠭᠠᠵᠠᠷ ᠠ᠋ᠴᠠ ᠠᠷᠢᠬᠪᠥ᠋ᠬᠡ ᠶ᠋ᠢᠨ ᠴᠡᠷᠢᠭ ᠦᠶᠡᠷ ᠪᠣᠯᠤᠨ ᠤᠷᠤᠰᠤᠨ ᠣᠷᠣᠵᠤ ᠢᠷᠡᠵᠦ ᠪᠣᠯᠬᠤ ᠦᠭᠡᠢ ᠭᠡᠬᠦ ᠶ᠋ᠢᠨ ᠭᠠᠵᠠᠷ ᠦᠭᠡᠢ ᠶ᠋ᠢ ᠳᠡᠭᠡᠳᠦᠰ ᠮᠢᠨᠢ ᠪᠣᠯᠭᠣᠭᠠᠨ ᠲᠠᠭᠠᠯᠠᠵᠤ ᠦᠵᠡ ! ᠭᠡᠮᠡᠨ ᠰᠢᠪᠡᠨᠡᠬᠦ ᠰᠢᠬᠠᠨ ᠬᠡᠯᠡᠭᠡᠳ᠂ ᠬᠡᠰᠡᠭ ᠵᠠᠭᠤᠷ᠎ᠠ ᠳᠠᠭᠤ ᠦᠭᠡᠢ ᠰᠠᠭᠤᠭᠰᠠᠨ ᠢ᠋ᠶ᠋ᠠᠨ ᠲᠡᠷᠡ ᠯᠤᠤᠬᠠᠨ ᠵᠠᠬᠢᠷᠤᠭᠴᠢ ᠶ᠋ᠢ ᠬᠠᠷᠠᠴᠤ
— ᠶᠡᠬᠡ ᠡᠵᠡᠨᠲᠡᠨ ᠮᠢᠨᠢ ᠠ ! ᠲᠠ ᠬᠠᠷᠠᠬᠣᠷᠣᠮ ᠳ᠋ᠤ᠌ ᠶᠠᠭᠤᠮ᠎ᠠ ᠶᠠᠭᠤ ᠪᠣᠯᠵᠤ ᠪᠠᠢᠭ᠎ᠠ ᠶ᠋ᠢ ᠴᠠᠭ ᠠᠯᠳᠠᠬᠤ ᠦᠭᠡᠢ ᠳᠣᠣᠷ᠎ᠠ ᠳᠣᠣᠷ᠎ᠠ ᠨᠢ ᠮᠡᠳᠡᠵᠦ ᠪᠠᠢᠬᠤ ᠤᠴᠢᠷᠲᠠᠢ ᠪᠠᠢᠨ᠎ᠠ᠃ ᠠᠷᠢᠬᠪᠦ᠋ᠬᠡ ᠲᠠᠨ ᠤ᠋ ᠪᠠᠢᠳᠠᠯ ᠢ᠋ ᠢᠮᠠᠭᠲᠠ ᠮᠡᠳᠡᠵᠦ ᠠᠪᠤᠭᠠᠳ ᠪᠠᠢᠭ᠎ᠠ ᠪᠠᠢᠵᠤ ᠴᠤ᠌ ᠪᠣᠯᠤᠨ᠎ᠠ ᠪᠣᠯᠬᠣᠷ ᠪᠠᠷᠠᠬᠤ ᠦᠭᠡᠢ ᠲᠡᠷᠡ ᠨᠣᠶᠠᠨ ᠬᠡᠯᠡ ᠵᠥᠭᠡᠭᠡᠬᠦ ᠬᠥᠮᠦᠨ ᠢ᠋ᠶ᠋ᠡᠨ ᠡᠵᠡᠨ ᠲᠠᠨ ᠤ᠋ ᠳᠡᠷᠭᠡᠳᠡ ᠠᠯᠢ ᠬᠡᠳᠦᠢᠨ ᠦ᠌ ᠲᠠᠯᠪᠢᠵᠤ ᠣᠷᠬᠢᠭᠰᠠᠨ ᠪᠠᠢᠭ᠎ᠠ ᠪᠢᠵᠡ ᠳᠡ ᠭᠡᠪᠡ᠃
— ᠡᠨᠡ ᠲᠤᠩ ᠦᠨᠡᠨ ᠦᠭᠡ ᠰᠢᠦ ᠡᠵᠡᠨᠲᠡᠨ ᠮᠢᠨᠢ ᠭᠡᠵᠦ ᠵᠣᠣ ᠣᠪᠣᠭᠲᠤ ᠦᠭᠡ ᠨᠡᠮᠡᠵᠦ ᠰᠢᠪᠡᠨᠡᠯ᠎ᠡ᠃
ᠬᠤᠪᠢᠯᠠᠢ ᠴᠢᠷᠠᠢ ᠪᠠᠨ ᠴᠢᠨᠦᠷᠡᠭᠦᠯᠦᠨ ᠪᠣᠳᠣᠯ ᠳ᠋ᠤ᠌ ᠳᠠᠷᠤᠭᠳᠠᠨ ᠰᠠᠭᠤᠬᠤ ᠳ᠋ᠤ᠌ ᠪᠠᠨ 《ᠪᠢ ᠡᠨᠡ ᠬᠣᠶᠠᠷ ᠬᠢᠲᠠᠳ ᠤ᠋ᠨ ᠵᠢᠭᠠᠪᠤᠷᠢ᠂ ᠳᠡᠮᠵᠢᠯᠭᠡ ᠪᠡᠷ ᠶᠠᠪᠤᠭᠠᠳ ᠪᠠᠢᠪᠠᠯ ᠣᠷᠣ ᠰᠠᠭᠤᠬᠤ ᠭᠡᠭᠴᠢ ᠶ᠋ᠢ ᠦᠵᠡᠵᠦ ᠮᠠᠭᠠᠳ ᠦᠭᠡᠢ ᠪᠢᠰᠢ ᠤᠤ᠃ ᠶᠠᠮᠠᠷ ᠰᠦᠷᠡᠬᠡᠢ ᠦᠨᠡᠨ ᠦᠭᠡ ᠶ᠋ᠢ ᠡᠳᠡ ᠨᠠᠷ ᠭᠠᠷᠭᠠᠵᠤ ᠬᠡᠯᠡᠭᠡᠳ ᠪᠠᠢᠨ᠎ᠠ ᠪᠣᠢ》 ᠭᠡᠮᠡᠨ ᠪᠣᠳᠣᠵᠤ ᠪᠠᠢᠯ᠎ᠠ᠃ ᠬᠣᠣ ᠵᠢᠩ ᠳᠡᠷᠭᠡᠳᠡᠬᠢ ᠬᠣᠶᠠᠷ ᠬᠥᠮᠦᠨ ᠢ᠋ᠶ᠋ᠡᠨ ᠡᠭᠡᠯᠵᠢᠯᠡᠨ ᠬᠠᠷᠠᠵᠤ᠂ ᠭᠦᠨ ᠪᠣᠳᠣᠯ ᠳ᠋ᠤ᠌ ᠠᠪᠲᠠᠨ ᠰᠠᠭᠤᠭᠰᠠᠨ ᠢ᠋ᠶ᠋ᠠᠨ᠂ ᠨᠢᠭᠡ ᠶ᠋ᠢ ᠰᠠᠨᠠᠪᠠ ᠪᠣᠯᠤᠯᠲᠠᠢ᠄
— ᠪᠣᠭᠣᠯ ᠨᠠᠮᠠᠶ᠋ᠢ ᠥᠷᠥᠰᠢᠶᠡᠭᠡᠷᠡᠢ ! ᠡᠢᠮᠦ ᠲᠣᠮᠣ ᠬᠡᠷᠡᠭ ᠢ᠋ ᠪᠢᠳᠡ ᠨᠢᠭᠡᠨᠲᠡ ᠰᠠᠨᠠᠵᠤ᠂ ᠲᠡᠭᠦᠨ ᠳ᠋ᠦ᠍ ᠬᠦᠷᠬᠦ ᠶ᠋ᠢ ᠵᠣᠷᠢᠵᠤ ᠪᠠᠢᠭ᠎ᠠ ᠪᠣᠯ ᠶᠠᠭᠤᠨ ᠠ᠋ᠴᠠ ᠴᠤ᠌ ᠠᠶᠤᠬᠤ ᠦᠭᠡᠢ ᠪᠡᠷ ᠴᠢᠩ ᠵᠣᠷᠢᠭ ᠭᠠᠷᠭᠠᠨ᠂ ᠬᠠᠲᠠᠭᠤ ᠰᠡᠳᠬᠢᠯ ᠢ᠋ᠶ᠋ᠡᠷ ᠥᠪᠡᠷ ᠢ᠋ ᠪᠡᠨ ᠪᠣᠯᠤᠨ ᠪᠤᠰᠤᠳ ᠢ᠋ ᠵᠢᠳᠬᠦᠭᠦᠯᠬᠦ ᠶᠣᠰᠣᠲᠠᠢ᠃ ᠲᠡᠦᠬᠡ ᠲᠡᠢᠮᠦ ᠯᠡ ᠪᠠᠢᠭᠰᠠᠨ ᠁ ᠭᠡᠵᠦ ᠬᠡᠯᠡᠪᠡ᠃
ᠲᠠᠰᠤᠯᠭᠠᠨ ᠳ᠋ᠤ᠌ ᠪᠦᠳᠡᠭᠢᠬᠡᠨ ᠭᠡᠷᠡᠯ ᠰᠦᠮᠡᠯᠵᠡᠨ᠂ ᠪᠠᠢᠭ᠎ᠠ ᠶᠠᠭᠤᠮᠠᠰ ᠤ᠋ᠨ ᠥᠩᠭᠡ ᠤᠢᠳᠬᠠᠷᠲᠠᠢ ᠪᠥᠭᠡᠳ ᠴᠠᠭᠠᠨ᠎ᠠ ᠪᠠᠨ ᠨᠢᠭᠡ ᠶᠠᠬᠢᠷ ᠮᠡᠲᠦ ᠬᠠᠷᠠᠭᠳᠠᠵᠤ ᠪᠠᠢᠯ᠎ᠠ᠃ ᠬᠤᠤᠪᠢᠯᠳᠤᠭᠴᠢᠳ ᠳᠠᠭᠤ ᠪᠠᠨ ᠤᠯᠠᠮ ᠨᠠᠮ ᠪᠣᠯᠭᠠᠨ ᠶᠠᠷᠢᠯᠴᠠᠭᠰᠠᠭᠠᠷ ᠰᠥᠨᠢ ᠣᠷᠣᠢ ᠪᠣᠯᠵᠤ ᠪᠣᠢ ᠶ᠋ᠢ ᠶᠠᠭᠠᠬᠢᠨ ᠠᠩᠵᠠᠭᠠᠷᠠᠵᠤ ᠮᠡᠳᠡᠬᠦ ᠪᠣᠢ᠃
ᠬᠦᠯᠦᠭ ᠱᠠᠩᠳᠤ ᠬᠣᠲᠠ ᠳ᠋ᠤ᠌ ᠠᠯᠪᠠᠨ ᠳ᠋ᠤ᠌ ᠪᠠᠨ ᠵᠢᠳᠬᠦᠭᠰᠡᠭᠡᠷ᠂ ᠵᠠᠪᠰᠠᠷ ᠵᠠᠢ ᠳ᠋ᠤ᠌ ᠨᠢ ᠫᠧᠷᠰ ᠬᠤᠳᠠᠯᠳᠤᠭᠠᠴᠢᠨ ᠬᠤᠮᠢᠨᠢ ᠲᠠᠢ ᠠᠭᠤᠯᠵᠠᠨ᠂ ᠲᠡᠭᠦᠨ ᠳ᠋ᠦ᠍ ᠲᠤᠰᠠᠯᠠᠬᠤ ᠪᠠᠷ ᠠᠶ᠎ᠠ ᠬᠠᠢᠵᠤ ᠪᠠᠢᠪᠠ᠃ ᠪᠠᠢᠭ᠎ᠠ ᠲᠦᠰᠢᠮᠡᠯ ᠡᠨᠡ ᠬᠤᠳᠠᠯᠳᠤᠭᠠᠴᠢᠨ ᠢ᠋ ᠬᠠᠷᠠᠬᠣᠷᠣᠮ ᠠ᠋ᠴᠠ ᠭᠠᠵᠠᠷᠴᠢᠯᠠᠨ ᠳᠠᠭᠠᠭᠤᠯᠵᠤ ᠢᠷᠡᠭᠰᠡᠨ ᠤᠴᠢᠷ ᠰᠦᠷᠡᠬᠡᠢ ᠲᠦᠩᠰᠢ ᠪᠣᠯᠵᠤ᠂ ᠬᠤᠮᠢᠨᠢ ᠴᠤ᠌ ᠬᠥᠭᠡᠷᠦᠬᠦᠨ ᠰᠠᠢᠬᠠᠨ ᠬᠣᠲᠠ ᠳ᠋ᠤ᠌ ᠠᠪᠴᠢᠷᠠᠭᠰᠠᠨ ᠬᠦᠯᠦᠭ ᠲᠦ᠍ ᠲᠠᠯᠠᠷᠬᠠᠨ ᠪᠠᠢᠳᠠᠭ ᠪᠣᠯᠪᠠ᠃ ᠡᠨᠡ ᠬᠣᠶᠠᠷ ᠬᠠᠶᠠ ᠠᠭᠤᠯᠵᠠᠨ ᠭᠠᠰᠢᠭᠤᠨ ᠤᠮᠳᠠᠭᠠᠨ ᠪᠠᠯᠭᠤᠬᠤ᠂ ᠬᠢᠲᠠᠳ ᠬᠣᠭᠣᠯᠠᠨ ᠤ᠋ ᠭᠠᠵᠠᠷ ᠲᠤ᠌ ᠣᠷᠣᠵᠤ ᠡᠯᠳᠡᠪ ᠠᠮᠲᠠᠲᠠᠨ ᠠᠪᠴᠤ ᠢᠳᠡᠬᠦ ᠵᠡᠷᠭᠡ ᠪᠡᠷ ᠨᠡᠢᠯᠡᠵᠦ ᠪᠠᠢᠯ᠎ᠠ᠃ ᠱᠠᠩᠳᠤ ᠳ᠋ᠤ᠌ ᠢᠷᠡᠭᠰᠡᠨ ᠫᠧᠷᠰ ᠦ᠋ᠨ ᠠᠩᠬᠠᠨ ᠤ᠋ ᠬᠥᠮᠦᠨ᠂ ᠲᠡᠷᠡ ᠪᠠᠢᠲᠤᠭᠠᠢ ᠪᠠᠷᠠᠭᠤᠨ ᠳᠤᠮᠳᠠᠳᠤ ᠣᠷᠣᠨ ᠠ᠋ᠴᠠ ᠢᠷᠡᠭᠰᠡᠨ ᠠᠩᠬᠠᠨ ᠤ᠋ ᠬᠤᠳᠠᠯᠳᠤᠭᠠᠴᠢᠨ ᠨᠢ ᠡᠨᠡ ᠬᠥᠮᠦᠨ ᠪᠣᠯᠬᠤ ᠤᠴᠢᠷ ᠲᠡᠭᠦᠨ ᠦ᠌ ᠡᠳ᠋ ᠪᠠᠷᠠᠭ᠎ᠠ ᠶ᠋ᠢ ᠠᠳᠠ ᠪᠠᠢᠭ᠎ᠠ ᠮᠣᠩᠭᠣᠯ᠂ ᠬᠢᠲᠠᠳ᠂ ᠪᠤᠰᠤᠳ ᠬᠥᠯ ᠦ᠋ᠨ ᠬᠥᠮᠦᠰ ᠶᠡᠬᠡᠳᠡ ᠰᠣᠨᠢᠷᠬᠠᠨ ᠠᠪᠴᠤ᠂ ᠬᠤᠮᠢᠨᠢ ᠶ᠋ᠢᠨ ᠭᠠᠷ ᠲᠤ᠌ ᠪᠠᠨ ᠪᠠᠢᠭ᠎ᠠ ᠡᠳ᠋ ᠶᠠᠭᠤᠮ᠎ᠠ ᠶ᠋ᠢ ᠳᠣᠣᠷ᠎ᠠ ᠨᠢ ᠰᠤᠯᠠᠯᠠᠭᠠᠳ ᠬᠠᠶᠠᠵᠤ ᠣᠷᠬᠢᠭᠰᠠᠨ ᠤᠴᠢᠷ ᠲᠡᠷᠡ ᠪᠡᠷ ᠨᠤᠲᠤᠭ ᠪᠤᠴᠠᠨ᠂ ᠥᠭᠡᠷ᠎ᠡ ᠶᠠᠭᠤᠮ᠎ᠠ ᠣᠯᠵᠤ ᠢᠷᠡᠬᠦ ᠡᠷᠡᠮᠡᠯᠵᠡᠯ ᠲᠡᠢ ᠪᠣᠯᠪᠠ᠃ ᠡᠨᠡ ᠪᠠᠢᠳᠠᠯ ᠢ᠋ᠶ᠋ᠠᠨ ᠬᠦᠯᠦᠭ ᠡᠴᠡ ᠨᠢᠭᠤᠭᠰᠠᠨ ᠦᠭᠡᠢ᠂ ᠲᠡᠭᠦᠨ ᠳ᠋ᠦ᠍ ᠦᠨᠡᠨ ᠡᠴᠡ ᠪᠡᠨ ᠬᠡᠯᠡᠬᠦ ᠳ᠋ᠦ᠍ ᠪᠡᠨ ᠡᠩᠬᠡ ᠶ᠋ᠢᠨ ᠨᠥᠬᠥᠷᠰᠡᠭ ᠪᠠᠢᠳᠠᠯ ᠢ᠋ ᠡᠷᠬᠢᠮᠯᠡᠨ ᠠᠨᠳᠠ ᠶᠣᠰᠣᠭᠠᠷ ᠪᠠᠢᠬᠤ ᠶ᠋ᠢ ᠬᠢᠴᠢᠶᠡᠵᠦ ᠪᠢᠯᠡ᠃
ᠶᠠᠭ ᠡᠢᠮᠦ ᠦᠶ᠎ᠡ ᠳ᠋ᠦ᠍ ᠶᠡᠬᠡ ᠵᠠᠬᠢᠷᠤᠭᠴᠢ ᠬᠦᠯᠦᠭ ᠢ᠋ ᠳᠠᠭᠤᠳᠠᠭᠤᠯᠤᠭᠰᠠᠨ ᠪᠠᠢᠨ᠎ᠠ᠃ ᠪᠠᠭ᠎ᠠ ᠲᠦᠰᠢᠮᠡᠯ ᠡᠵᠡᠨ ᠳ᠋ᠦ᠍ ᠪᠡᠨ ᠪᠠᠷᠠᠯᠬᠠᠨ ᠣᠴᠢᠯ᠎ᠠ᠃ ᠲᠡᠷᠡ ᠪᠡᠷ ᠡᠬᠢᠯᠡᠭᠡᠳ ᠪᠣᠭᠣᠯ ᠪᠢ ᠶᠠᠮᠠᠷ ᠡᠨᠳᠡᠭᠳᠡᠯ ᠭᠠᠷᠭᠠᠭᠰᠠᠨ ᠪᠣᠯ ᠭᠡᠮᠡᠨ ᠨᠡᠯᠢᠶᠡᠳ ᠡᠮᠢᠶᠡᠵᠦ ᠪᠠᠢᠪᠠ᠃ ᠢᠩᠭᠢᠵᠦ ᠳᠡᠭᠦᠦ ᠪᠢᠯᠢᠭᠦᠨ ᠲᠡᠢ ᠬᠣᠯᠪᠣᠭᠠᠲᠠᠢ ᠪᠠᠢᠵᠤ ᠮᠠᠭᠠᠳ᠂ ᠲᠡᠭᠦᠨ ᠢ᠋ ᠡᠵᠡᠨ ᠵᠠᠷᠯᠢᠭ ᠪᠡᠶᠡᠯᠡᠭᠦᠯᠬᠦ ᠦᠭᠡᠢ᠂ ᠥᠭᠡᠷ᠎ᠡ ᠬᠥᠮᠦᠨ ᠵᠠᠷᠤᠭᠠᠯ ᠢ᠋ᠶ᠋ᠠᠷ ᠣᠨᠳᠣᠣ ᠠᠯᠪᠠᠨ ᠳ᠋ᠤ᠌ ᠶᠠᠪᠤᠭᠰᠠᠨ ᠭᠡᠵᠦ ᠲᠡᠷᠡ ᠵᠢᠮ᠎ᠡ ᠶ᠋ᠢ ᠨᠠᠳᠠᠳᠤ ᠲᠣᠬᠢᠬᠤ ᠶᠤᠮ ᠪᠣᠯᠪᠠ ᠤᠤ ᠭᠡᠮᠡᠨ ᠠᠶᠤᠵᠤ ᠣᠴᠢᠯ᠎ᠠ᠃ ᠲᠡᠭᠡᠲᠡᠯ᠎ᠡ ᠵᠠᠬᠢᠷᠤᠭᠴᠢ ᠥᠪᠡᠷ ᠢ᠋ᠶ᠋ᠡᠨ ᠬᠦᠯᠦᠭ ᠲᠡᠢ ᠠᠭᠤᠯᠵᠠᠭᠰᠠᠨ ᠦᠭᠡᠢ᠂ ᠰᠢᠳᠠᠷ ᠲᠦᠰᠢᠮᠡᠯ ᠢ᠋ᠶ᠋ᠡᠷ ᠢ᠋ᠶ᠋ᠡᠨ ᠳᠠᠮᠵᠢᠭᠤᠯᠤᠨ
— ᠴᠢᠮᠠᠶ᠋ᠢ ᠡᠷᠭᠢᠭᠡᠳ ᠬᠠᠷ᠎ᠠ ᠬᠣᠷᠣᠮ ᠳ᠋ᠤ᠌ ᠣᠴᠢ᠃ ᠲᠡᠨᠳᠡ ᠬᠡᠰᠡᠭ ᠵᠠᠭᠤᠷ᠎ᠠ ᠪᠠᠢ᠃ ᠲᠡᠨᠳᠡ ᠶᠠᠭᠤ ᠪᠣᠯᠵᠤ ᠪᠠᠢᠭ᠎ᠠ ᠶ᠋ᠢ ᠰᠠᠢᠨ ᠠᠵᠢᠵᠤ ᠮᠡᠳᠡᠭᠡᠳ ᠢᠷ᠎ᠡ᠃ ᠶᠡᠷᠦ ᠨᠢ ᠨᠡᠢᠰᠯᠡᠯ ᠳ᠋ᠦ᠍ ᠶᠠᠭᠤ ᠪᠣᠯᠵᠤ ᠪᠠᠢᠨ᠎ᠠ ᠪᠣᠢ? ᠳᠡᠭᠦᠦ ᠠᠷᠢᠬᠪᠦ᠋ᠬᠡ ᠶᠠᠮᠠᠷ ᠰᠢᠦ ᠶᠠᠭᠤᠮ᠎ᠠ ᠪᠣᠳᠣᠨ᠂ ᠶᠠᠭᠠᠬᠢᠵᠤ ᠪᠠᠢᠨ᠎ᠠ ᠪᠣᠢ ᠭᠡᠳᠡᠭ ᠢ᠋ ᠠᠵᠢᠵᠤ ᠮᠡᠳᠡᠭᠡᠳ ᠨᠠᠭᠠᠰᠢ ᠪᠠᠨ ᠢᠷ᠎ᠡ ! ᠳᠡᠭᠦᠦ ᠪᠢᠯᠢᠭᠦᠨ ᠢ᠋ᠶ᠋ᠡᠨ ᠴᠤ᠌ ᠢᠷᠡᠭᠦᠯ ᠭᠡᠵᠦ ᠶᠡᠬᠡ ᠵᠠᠬᠢᠷᠤᠭᠴᠢ ᠲᠤᠰᠢᠶᠠᠯ ᠪᠠᠭᠤᠯᠭᠠᠭᠰᠠᠨ᠃ ᠡᠦᠲᠦ ᠳᠠᠷᠤᠢ ᠮᠣᠷᠳᠠ ᠭᠡᠵᠦ ᠲᠠᠮᠠᠭ᠎ᠠ ᠶ᠋ᠢᠨ ᠭᠠᠵᠠᠷ ᠤ᠋ᠨ ᠨᠢᠭᠡᠨ ᠲᠦᠰᠢᠮᠡᠯ ᠬᠤᠪᠢᠯᠠᠢ ᠶ᠋ᠢᠨ ᠨᠡᠷ᠎ᠡ ᠶ᠋ᠢᠨ ᠡᠮᠦᠨ᠎ᠡ ᠡᠴᠡ ᠲᠤᠰᠢᠶᠠᠪᠠ᠃
ᠶᠠᠪᠤᠬᠤ ᠶᠣᠰᠣᠲᠠᠢ ᠪᠣᠯᠤᠯ᠎ᠠ᠃ ᠬᠦᠯᠦᠭ ᠬᠣᠶᠠᠷ ᠬᠣᠨᠣᠭ ᠲᠤ᠌ ᠪᠠᠭᠲᠠᠭᠠᠨ ᠶᠠᠭᠤᠮ᠎ᠠ ᠪᠠᠨ ᠪᠡᠯᠡᠳᠬᠡᠭᠡᠳ ᠲᠠᠪᠤᠨ ᠳᠠᠭᠠᠭᠤᠯ ᠴᠡᠷᠢᠭ ᠦ᠋ᠨ ᠬᠠᠮᠲᠤ ᠮᠣᠷᠳᠠᠬᠤ ᠬᠡᠷᠡᠭᠲᠡᠢ ᠠᠵᠢ᠃ ᠬᠤᠮᠢᠨᠢ ᠬᠦᠯᠦᠭ ᠲᠡᠢ ᠬᠠᠮᠲᠤ ᠶᠠᠪᠤᠨ᠎ᠠ ᠭᠡᠵᠦ ᠪᠠᠶᠠᠷᠯᠠᠪᠠ᠃ ᠬᠦᠯᠦᠭ ᠪᠠᠰᠠ ᠬᠤᠪᠢᠯᠠᠢ ᠶ᠋ᠢᠨ ᠡᠬᠡ ᠶ᠋ᠢ ᠡᠷᠭᠢᠬᠦ᠂ ᠲᠡᠭᠦᠨ ᠳ᠋ᠦ᠍ ᠭᠠᠷ ᠤ᠋ᠨ ᠪᠡᠯᠡᠭ ᠬᠦᠷᠭᠡᠬᠦ ᠶᠣᠰᠣᠲᠠᠢ ᠠᠵᠢ᠃ ᠢᠩᠭᠢᠭᠡᠳ ᠲᠡᠳᠡ ᠱᠠᠩᠳᠤ ᠠ᠋ᠴᠠ ᠬᠣᠣᠰ ᠮᠣᠷᠢᠳ ᠢ᠋ᠶ᠋ᠠᠷ ᠥᠷᠲᠡᠭᠡ ᠳᠠᠮᠵᠢᠨ ᠥᠰᠥᠷᠬᠡᠬᠦ ᠪᠣᠯᠤᠯ᠎ᠠ᠃ ᠬᠤᠮᠢᠨᠢ ᠳ᠋ᠤ᠌ ᠣᠨᠣᠯᠭ᠎ᠠ ᠶ᠋ᠢᠨ ᠲᠤᠰᠠ ᠦᠵᠡᠭᠦᠯᠬᠦ ᠨᠢ ᠬᠦᠯᠦᠭ ᠦ᠋ᠨ ᠳᠤᠷ᠎ᠠ ᠶ᠋ᠢᠨ ᠬᠡᠷᠡᠭ ᠭᠡᠬᠦ ᠤᠤ᠂ ᠬᠠᠷᠢ ᠶ᠋ᠢᠨ ᠬᠥᠮᠦᠨ ᠳ᠋ᠦ᠍ ᠵᠦᠢᠯ ᠵᠦᠢᠯ ᠢ᠋ᠶ᠋ᠡᠷ ᠲᠤᠰᠠ ᠬᠢᠵᠦ ᠪᠠᠢᠬᠤ ᠨᠢ ᠲᠥᠷᠥ ᠶ᠋ᠢᠨ ᠠᠯᠪᠠᠨ ᠤ᠋ ᠬᠥᠮᠦᠨ ᠦ᠌ ᠠᠷᠢᠭᠤᠨ ᠶᠣᠰᠣ ᠭᠡᠰᠡᠨ ᠶᠡᠬᠡ ᠡᠵᠡᠨ ᠬᠠᠭᠠᠨ ᠤ᠋ ᠬᠠᠭᠤᠴᠢᠨ ᠵᠠᠷᠯᠢᠭᠳᠠᠶ ᠢ᠋ ᠣᠭᠣᠷᠴᠤ ᠪᠣᠯᠬᠤ ᠦᠭᠡᠢ ᠨᠢ ᠪᠦᠬᠦᠨ ᠳ᠋ᠦ᠍ ᠢᠯᠡᠷᠬᠡᠢ ᠬᠡᠷᠡᠭ ᠠᠵᠢ᠃
— — — —
① ᠱᠠᠩᠳᠤ ᠭᠡᠳᠡᠭ ᠨᠢ ᠮᠣᠩᠭᠣᠯ ᠤ᠋ᠨ ᠱᠠᠩᠳᠠ(ᠤᠰᠤ) ᠭᠡᠰᠡᠨ ᠦᠭᠡ ᠭᠡᠨ᠎ᠡ᠃
ᠦᠰᠦᠭ ᠠᠮᠢᠯᠠᠭᠤᠯᠤᠭᠰᠠᠨ ᠨᠢ᠄ ᠪᠦᠷᠢᠨᠵᠢᠷᠭᠠᠯ᠂ ᠪᠠᠭᠠᠲᠤᠷ᠂ ᠴᠣᠯᠮᠣᠨᠲᠤᠶᠠᠭ᠎ᠠ
