ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠣᠯᠣᠳᠤᠭᠠᠷ ᠪᠦᠯᠦᠭ 5-6> Бүлжхэн хатан– [монгол] Дамбын Төрбат <долдугаар бүлэг 5-6>
ᠶᠢᠰᠦᠭᠡᠢ ᠪᠠᠭᠠᠲᠤᠷ ᠰᠢᠳᠠᠷ ᠡᠷᠡᠰ ᠢ᠋ᠶ᠋ᠡᠨ ᠳᠠᠭᠠᠭᠤᠯᠤᠨ ᠬᠤᠢ ᠰᠠᠯᠬᠢ ᠰᠢᠭ᠋ ᠳᠣᠪᠲᠣᠯᠭᠠᠵᠤ ᠤᠷᠲᠤ ᠪᠠᠯᠭᠠᠰᠤᠨ ᠤ᠋ ᠪᠠᠷ᠎ᠠ ᠬᠠᠷᠠᠭᠠᠳ ᠮᠠᠯ ᠭᠠᠢᠬᠠᠵᠤ ᠴᠡᠯ ᠬᠥᠬᠡᠷᠡᠵᠡᠢ᠃ ᠮᠥᠨᠥᠬᠡᠨ ᠲᠤᠤᠯᠠ ᠶ᠋ᠢᠨ ᠬᠠᠷ᠎ᠠ ᠲᠦᠩ ᠳ᠋ᠦ᠍ ᠠᠬᠠᠨ ᠳᠡᠭᠦᠦᠰ ᠪᠣᠯᠤᠯᠴᠠᠵᠤ ᠪᠠᠢᠬᠤ ᠳ᠋ᠤ᠌ ᠬᠡᠦᠬᠡᠳ ᠱᠤᠤᠭᠢᠯᠳᠤᠵᠤ᠂ ᠬᠡᠦᠬᠡᠨ ᠨᠦ᠍ᠭᠦᠳ ᠢᠨᠢᠶᠡᠯᠳᠦᠵᠦ ᠠᠭᠰᠠᠨ ᠤᠷᠲᠤ ᠪᠠᠯᠭᠠᠰᠤᠨ ᠲᠠᠨᠢᠭᠳᠠᠬᠤ ᠦᠭᠡᠢ ᠡᠯᠦᠢ ᠬᠤᠯᠤᠢ ᠪᠣᠯᠤᠭᠰᠠᠨ ᠰᠠᠨᠵᠠᠢ᠃ ᠶᠢᠰᠦᠭᠡᠢ ᠪᠠᠭᠠᠲᠤᠷ ᠤ᠋ᠨ ᠰᠢᠳᠠᠷ ᠨᠥᠬᠥᠳ ᠦ᠋ᠨ ᠤᠨᠤᠭᠰᠠᠨ ᠬᠦᠯᠦᠭ ᠮᠣᠷᠢᠳ ᠤ᠋ᠨ ᠲᠤᠭᠤᠷᠠᠢ ᠬᠠᠭᠠᠯᠭ᠎ᠠ ᠨᠢ ᠰᠠᠪᠠᠴᠢᠵᠤ ᠦᠯᠡᠳᠡᠭᠰᠡᠨ ᠡᠵᠡᠭᠦᠢ ᠲᠠᠭᠠᠵᠠ ᠳᠠᠮᠵᠢᠨ ᠴᠤᠤᠷᠢᠶᠠᠲᠤᠵᠤ᠂ ᠨᠤᠷᠠᠭᠰᠠᠨ ᠰᠢᠪᠠᠷ ᠬᠡᠷᠡᠮ ᠬᠠᠷᠢᠨ ᠳᠦᠯᠡᠢ ᠴᠢᠷᠠᠢᠯᠠᠨ ᠲᠦᠩᠰᠦᠢᠵᠦ ᠤᠭᠲᠤᠪᠠ᠃ ᠰᠢᠳᠠᠷᠯᠠᠵᠤ ᠮᠣᠷᠳᠠᠭᠰᠠᠨ ᠪᠠᠰᠤᠳ ᠤ᠋ᠨ ᠪᠠᠯᠠᠭᠴᠢ ᠬᠢᠶ᠎ᠡ᠂
一 ᠶᠢᠰᠦᠭᠡᠢ ᠪᠠᠭᠠᠲᠤᠷ ᠮᠢᠨᠢ᠂ ᠬᠡᠷᠡᠢᠳ ᠤᠯᠤᠰ ᠮᠥᠬᠥᠵᠦ ᠬᠡᠷᠡᠮ ᠦ᠋ᠨ ᠳᠣᠷᠣ ᠦᠯᠡᠳᠡᠵᠡᠢ ᠭᠡᠬᠦ ᠳ᠋ᠦ᠍᠂
一 ᠲᠣᠷᠯᠣᠭ ᠲᠣᠭᠣᠷᠢᠯ ᠠᠨᠳᠠ ᠳ᠋ᠤ᠌ ᠮᠢᠨᠢ ᠶᠠᠭᠤ ᠲᠣᠬᠢᠶᠠᠯᠳᠤᠪᠠ ᠳᠠ᠂ ᠪᠠᠢᠵᠠ᠃ ᠮᠢᠨᠦ ᠪᠡᠶ᠎ᠡ ᠬᠣᠶᠠᠷ ᠨᠢᠭᠡᠨ ᠵᠢᠯ ᠦ᠋ᠨ ᠡᠮᠦᠨ᠎ᠡ ᠴᠡᠷᠢᠭᠯᠡᠨ ᠢᠷᠡᠵᠦ ᠳᠠᠢᠲᠠᠮᠤᠷ ᠢ᠋ ᠵᠢᠭᠤᠲᠠᠭᠤᠯᠵᠤ᠂ ᠡᠯᠵᠢᠭᠡᠳᠡᠢ ᠨᠣᠶᠠᠨ ᠢ᠋ ᠦᠬᠦᠭᠦᠯᠵᠦ᠂ ᠭᠠᠩᠬᠤᠵᠤ ᠪᠠᠢᠭᠰᠠᠨ ᠪᠠᠭᠠᠨ᠎ᠠ ᠶ᠋ᠢ ᠨᠢ ᠲᠡᠭᠰᠢᠯᠡᠵᠦ ᠪᠢᠯᠡ᠃ ᠳᠡᠷᠪᠠᠵᠤ ᠪᠠᠢᠭᠰᠠᠨ ᠳᠡᠭᠡᠪᠦᠷ ᠢ᠋ ᠨᠢ ᠳᠠᠷᠤᠭᠤᠯᠤᠭᠰᠠᠨ ᠪᠢᠯᠡ᠁ ᠭᠡᠵᠦ ᠪᠣᠳᠣᠯᠭᠠᠰᠢᠷᠠᠩᠭᠤᠢ ᠥᠭᠦᠯᠡᠵᠦ ᠶᠠᠪᠤᠪᠠ᠃ ᠪᠠᠰᠤᠳ ᠤ᠋ᠨ ᠪᠠᠯᠠᠭᠴᠢ ᠬᠢᠶ᠎ᠡ᠂
一 ᠭᠣᠯᠣᠮᠲᠠ ᠶ᠋ᠢ ᠨᠢ ᠰᠠᠮᠤᠷᠬᠤ ᠨᠢ ᠰᠠᠮᠤᠷᠴᠠᠢ ᠭᠡᠵᠦ ᠬᠠᠯᠬᠠᠯᠠᠬᠤ ᠳ᠋ᠤ᠌ ᠶᠢᠰᠦᠭᠡᠢ ᠪᠠᠭᠠᠲᠤᠷ᠂
一 ᠬᠡᠨ ᠪᠠᠢᠵᠤ ᠲᠠᠭᠠᠷᠠᠬᠤ ᠪᠣᠢ? ᠲᠣᠷᠯᠣᠭ ᠲᠣᠭᠣᠷᠢᠯ ᠪᠢᠳᠡ ᠬᠣᠶᠠᠷ ᠪᠦᠰᠡ ᠪᠡᠨ ᠰᠣᠯᠢᠭᠰᠠᠨ ᠠᠨᠳᠠ ᠪᠢᠯᠡ᠃ ᠮᠢᠨᠦ ᠳᠡᠪᠡᠯ ᠲᠡᠢ ᠲᠥᠷᠥᠭᠰᠡᠨ ᠳᠡᠭᠦᠦ ᠮᠢᠨᠢ ᠪᠢᠯᠡ᠁ ᠭᠡᠪᠡᠯ᠂
一 ᠶᠢᠰᠦᠭᠡᠢ ᠮᠡᠷᠭᠡᠨ ᠮᠢᠨᠢ᠂ ᠬᠡᠷᠡᠢᠳ ᠦ᠋ᠨ ᠬᠤᠷᠵᠡᠬᠤᠰ ᠨᠣᠶᠠᠨ ᠥᠪᠡᠷ ᠦ᠋ᠨ ᠨᠡᠷ᠎ᠡ ᠶ᠋ᠢᠨ ᠳᠥᠴᠢᠨ ᠬᠥᠪᠡᠭᠦᠨ ᠲᠡᠢ ᠭᠡᠳᠡᠭ ᠪᠢᠯᠡ᠃ ᠭᠡᠲᠡᠯ᠎ᠡ ᠲᠥᠷᠥ ᠨᠢ ᠭᠠᠭᠴᠠ ᠰᠢᠦ ᠳᠡ᠃ ᠪᠤᠯᠢᠶᠠᠯᠳᠤᠬᠤ ᠳᠠᠢᠰᠤᠨ ᠬᠠᠮᠢᠭ᠎ᠠ ᠮᠤᠩᠳᠠᠬᠤ ᠪᠣᠢ! ᠬᠡᠮᠡᠵᠡᠢ᠃ ᠴᠢᠩᠭᠢᠲᠡᠯ᠎ᠡ ᠡᠪᠦᠭᠡᠨ ᠬᠢᠶ᠎ᠡ ᠶ᠋ᠢᠨ ᠦᠭᠡ ᠶ᠋ᠢ ᠨᠤᠲᠠᠯᠠᠵᠤ ᠴᠠᠭᠠᠨ ᠥᠳᠥ ᠲᠡᠢ ᠤᠯᠠᠭᠠᠨ ᠰᠤᠮᠤ ᠱᠤᠩᠭᠢᠨᠠᠨ ᠢᠰᠬᠡᠷᠴᠦ ᠮᠣᠷᠢᠨ ᠤ᠋ ᠰᠠᠭᠮᠠᠢ ᠳᠣᠯᠢᠶᠠᠨ ᠵᠣᠭᠣᠭᠳᠠᠪᠠ᠃ ᠪᠦᠭᠦᠳᠡ ᠭᠠᠢᠬᠠᠨ ᠬᠠᠷᠠᠪᠠᠯ ᠰᠢᠪᠠᠷ ᠳᠣᠷᠣ ᠶ᠋ᠢᠨ ᠣᠷᠣᠢ ᠳᠡᠭᠡᠭᠦᠷ ᠨᠤᠮᠤ ᠶ᠋ᠢᠨ ᠬᠥᠪᠴᠢ ᠴᠢᠮᠬᠢᠭᠰᠡᠨ ᠬᠡᠷᠡᠢᠳ ᠡᠷᠡᠰ ᠬᠡᠷᠡᠮᠦ ᠰᠢᠭ ᠳᠡᠭᠦᠯᠢᠯᠳᠦᠨ ᠭᠠᠷᠴᠤ ᠢᠷᠡᠯ᠎ᠡ᠃ ᠶᠢᠰᠦᠭᠡᠢ ᠪᠠᠭᠠᠲᠤᠷ ᠵᠢᠯᠣᠭᠣ ᠲᠡᠳᠡᠨ ᠵᠣᠭᠰᠣᠵᠤ᠂
一 ᠬᠡᠷᠡᠢᠳ ᠦ᠋ᠨ ᠭᠠᠵᠠᠷ ᠰᠢᠷᠣᠢ ᠶ᠋ᠢᠨ ᠳᠡᠭᠡᠷ᠎ᠡ ᠬᠡᠨ ᠦ᠌ ᠬᠥᠪᠡᠭᠦᠳ ᠪᠠᠢᠨ᠎ᠠ ᠪᠣᠢ? ᠬᠠᠮᠤᠭ ᠮᠣᠩᠭᠣᠯ ᠤ᠋ᠨ ᠶᠢᠰᠦᠭᠡᠢ ᠪᠢ ᠪᠢᠯᠡ! ᠭᠡᠬᠦ ᠳ᠋ᠦ᠍ ᠰᠤᠮᠤ ᠣᠨᠢᠯᠠᠭᠰᠠᠨ ᠡᠷᠡᠰ ᠰᠠᠶᠢ ᠲᠠᠢᠪᠤᠰᠢᠷᠠᠵᠤ᠂ ᠤᠷᠲᠤ ᠪᠠᠯᠭᠠᠰᠤᠨ ᠤ᠋ ᠵᠢᠪᠡᠷᠡᠭᠰᠡᠨ ᠬᠠᠭᠠᠯᠭ᠎ᠠ ᠬᠢᠬᠤᠲᠤᠨᠠᠨ ᠨᠡᠭᠡᠭᠡᠭᠳᠡᠪᠡ᠃ ᠡᠯᠦᠢ ᠬᠤᠯᠤᠢ ᠶ᠋ᠢᠨ ᠳᠤᠮᠳᠠ ᠠ᠋ᠴᠠ ᠲᠣᠷᠯᠣᠭ ᠲᠣᠭᠣᠷᠢᠯ ᠬᠠᠭᠠᠨ ᠥᠪᠡᠷ ᠦ᠋ᠨ ᠪᠡᠶ᠎ᠡ ᠪᠡᠷ ᠲᠣᠭᠣᠰᠣ ᠰᠢᠷᠣᠢ ᠶ᠋ᠢᠨ ᠳᠤᠮᠳᠠ ᠠ᠋ᠴᠠ ᠪᠣᠰᠴᠤ ᠢᠷᠡᠭᠰᠡᠨ ᠮᠡᠲᠦ ᠤᠷᠤᠭᠤ ᠳᠣᠷᠣᠢ ᠴᠢᠷᠠᠢ ᠲᠠᠢ ᠭᠠᠷᠴᠤ ᠢᠷᠡᠯ᠎ᠡ᠃
一 ᠶᠢᠰᠦᠭᠡᠢ ᠠᠨᠳᠠ ᠮᠣᠷᠢᠯᠠᠵᠤ ᠬᠠᠢᠷᠠᠯᠠ!
一 ᠲᠤᠭᠤᠷᠢᠯ ᠬᠠᠭᠠᠨ! ᠬᠡᠷᠡᠢᠳ ᠦ᠋ᠨ ᠤᠳᠤᠮᠲᠤ ᠨᠣᠶᠠᠨ ᠠᠲᠠᠯ᠎ᠠ ᠲᠠ ᠶᠠᠭᠤᠨ ᠳ᠋ᠤ᠌ ᠳᠥᠷᠥᠯᠡᠵᠦ ᠬᠥᠲᠥᠯᠦᠭᠰᠡᠨ ᠦᠬᠡᠷ ᠰᠢᠭ᠂ ᠳᠥᠩᠭᠡᠵᠦ ᠪᠤᠢᠯᠠᠯᠠᠭᠰᠠᠨ ᠲᠣᠷᠣᠮ ᠰᠢᠭ᠋ ᠤᠷᠤᠭᠤ ᠪᠠᠢᠨ᠎ᠠ? ᠭᠡᠭᠰᠡᠭᠡᠷ ᠶᠢᠰᠦᠭᠡᠢ ᠪᠠᠭᠠᠲᠤᠷ ᠮᠣᠷᠢᠨᠠ᠋ᠴᠠ ᠪᠠᠭᠤᠵᠤ ᠴᠤᠯᠪᠤᠭᠤᠷ ᠢ᠋ᠶ᠋ᠠᠨ ᠪᠠᠰᠤᠳ ᠤ᠋ᠨ ᠪᠠᠯᠠᠭᠴᠢ ᠬᠢᠶ᠎ᠡ ᠳ᠋ᠦ᠍ ᠰᠢᠳᠡᠵᠦ ᠥᠭᠪᠡ᠃ ᠲᠣᠷᠯᠣᠭ ᠲᠣᠭᠣᠷᠢᠯ᠂
一 ᠣᠷᠣᠰᠤᠭᠠᠢ! ᠭᠡᠮᠡᠨ ᠤᠷᠢᠭᠰᠠᠨ ᠨᠢ ᠲᠠᠯ᠎ᠠ ᠨᠢ ᠲᠡᠢᠨ ᠦ᠌ ᠬᠥᠯ ᠳ᠋ᠦ᠍ ᠨᠤᠷᠠᠭᠰᠠᠨ ᠰᠢᠪᠠᠷ ᠲᠠᠭᠠᠵᠠ ᠲᠡᠳᠦᠢ ᠠᠵᠤᠭᠤ᠃ ᠲᠡᠭᠦᠨ ᠦ᠌ ᠭᠠᠳᠠᠭᠤᠷ ᠲᠠᠪᠤᠨ ᠬᠠᠷ᠎ᠠ ᠢᠮᠠᠭ᠎ᠠ ᠲᠡᠳᠦᠢ ᠠᠭᠠᠳ ᠱᠥᠷᠭᠡᠯᠡᠭᠰᠡᠨ ᠬᠡᠳᠦᠨ ᠢᠰᠢᠭᠡ ᠮᠠᠢᠯᠠᠯᠳᠤᠨ ᠭᠦᠶᠦᠨ᠎ᠡ᠃ ᠶᠢᠰᠦᠭᠡᠢ ᠪᠠᠭᠠᠲᠤᠷ ᠭᠠᠢᠬᠠᠨ᠂
一 ᠲᠣᠭᠣᠷᠢᠯ ᠴᠢ ᠴᠢᠨᠢ᠂ ᠢᠮᠠᠭ᠎ᠠ ᠱᠥᠷᠭᠡᠯᠡᠵᠦ ᠰᠠᠭᠠᠬᠤ ᠳᠡᠭᠡᠷ᠎ᠡ ᠪᠡᠨ ᠲᠤᠯᠲᠠᠯ᠎ᠠ ᠶᠠᠳᠠᠷᠠᠪᠠ ᠭᠡᠵᠡᠢ ᠤᠤ? ᠭᠡᠬᠦ ᠳ᠋ᠦ᠍ ᠲᠣᠷᠯᠣᠭ ᠲᠤᠭᠤᠷᠢᠯ᠂
一 ᠢᠵᠢᠢ ᠬᠠᠲᠤᠨ ᠴᠠᠢ ᠶ᠋ᠢᠨ ᠰᠦ ᠪᠡᠷ ᠲᠠᠰᠤᠷᠠᠴᠢᠬᠠᠬᠤ ᠭᠡᠵᠦ ᠰᠠᠨᠳᠤᠷᠭᠠᠭᠠᠳ᠁ ᠬᠡᠮᠡᠵᠡᠢ᠃ ᠨᠤᠷᠠᠵᠤ ᠨᠣᠷᠠᠮᠠᠢᠭᠰᠠᠨ ᠬᠡᠳᠦᠢ ᠴᠦ᠍ ᠳᠣᠲᠣᠷ᠎ᠠ ᠪᠠᠨ ᠠᠭᠤᠵᠢᠮᠬᠠᠨ ᠠᠭᠠᠳ ᠲᠣᠬᠢᠯᠢᠭ ᠰᠠᠨᠵᠠᠢ᠃ ᠥᠷᠥᠨ᠎ᠡ ᠵᠦᠭ ᠦ᠋ᠨ ᠵᠤᠵᠠᠭᠠᠨ ᠡᠷᠢᠶᠡᠨ ᠬᠡᠪᠢᠰ ᠳᠡᠪᠢᠰᠦᠭᠰᠡᠨ ᠢᠰᠡᠷᠢ ᠣᠷᠣᠨ ᠤ᠋ ᠡᠮᠦᠨ᠎ᠡ ᠢᠯᠮ᠎ᠠ ᠬᠠᠲᠤᠨ᠂ ᠪᠠᠭ᠎ᠠ ᠵᠠᠯᠠᠭᠤ ᠰᠢᠪᠡᠭᠴᠢᠨ ᠥᠬᠢᠨ ᠢ᠋ᠶ᠋ᠡᠷ ᠬᠤᠶᠠᠩ ᠰᠢᠷ᠎ᠠ ᠤᠰᠤ ᠪᠠᠨ ᠪᠠᠵᠠᠭᠤᠯᠵᠤ ᠰᠠᠭᠤᠪᠠ᠃ ᠲᠡᠷᠡ ᠪᠡᠷ ᠡᠷᠭᠢᠵᠦ ᠴᠦ᠍ ᠬᠠᠷᠠᠭᠰᠠᠨ ᠦᠭᠡᠢ᠂
一 ᠬᠡᠨ ᠢᠷᠡᠪᠡ? ᠭᠡᠬᠦ ᠳ᠋ᠦ᠍ ᠲᠣᠷᠯᠣᠭ ᠲᠣᠭᠣᠷᠢᠯ ᠪᠠᠶᠠᠷᠲᠤ ᠳᠠᠭᠤ ᠪᠠᠷ᠂
— ᠶᠢᠰᠦᠭᠡᠢ ᠠᠨᠳᠠ ᠮᠢᠨᠢ ᠢᠷᠡᠪᠡ ᠭᠡᠯᠡ᠃ ᠢᠯᠮ᠎ᠠ ᠬᠠᠲᠤᠨ ᠰᠡᠷᠲᠡᠰᠬᠢᠨ ᠡᠷᠭᠢᠵᠦ ᠬᠠᠷᠠᠬᠤ ᠨᠢ ᠵᠠᠯᠠᠭᠤ ᠶ᠋ᠢᠨ ᠵᠣᠯᠪᠣᠭ᠎ᠠ ᠬᠡᠪ ᠢ᠋ᠶ᠋ᠡᠷ ᠢ᠋ᠶ᠋ᠡᠨ ᠮᠡᠲᠦ ᠠᠭᠠᠳ ᠢᠨᠵᠠᠭᠠᠨ ᠲᠥᠷᠬᠦ ᠲᠡᠢ ᠶᠠᠭᠠᠨ ᠬᠠᠲᠤᠨ ᠳᠤᠯᠢᠶ᠎ᠠ ᠲᠠᠢ ᠶᠠᠩᠵᠤ ᠪᠠᠷ ᠢ᠋ᠶ᠋ᠠᠨ ᠠᠵᠢ᠃
— ᠠ᠋᠂ ᠠᠰᠢᠲᠠᠢ ᠤᠤ? ᠰᠠᠢᠨ ᠬᠥᠮᠦᠨ ᠰᠠᠨᠠᠭ᠎ᠠ ᠪᠠᠷ ᠢ᠋ᠶ᠋ᠠᠨ ᠭᠡᠳᠡᠭ ᠪᠢᠯᠡ᠃ ᠶᠢᠰᠦᠭᠡᠢ ᠪᠠᠭᠠᠲᠤᠷ ᠲᠠ ᠳᠡᠭᠡᠭᠰᠢ ᠪᠡᠨ ᠰᠠᠭᠤ ᠭᠡᠮᠡᠨ ᠬᠥᠯ ᠪᠣᠯᠪᠠ᠃ ᠶᠡᠷᠦ ᠬᠥᠮᠦᠨ ᠲᠥᠷᠥᠯ ᠢ᠋ ᠣᠯᠤᠭᠰᠠᠨ ᠨᠢᠭᠡᠨ ᠨᠠᠰᠤᠨ ᠳ᠋ᠤ᠌ ᠬᠠᠲᠤᠨ ᠪᠣᠯᠤᠨ ᠲᠥᠷᠥ ᠶ᠋ᠢᠨ ᠵᠢᠯᠣᠭᠣ ᠠᠳᠬᠤᠯᠴᠠᠵᠤ᠂ ᠬᠠᠷᠢ ᠳ᠋ᠤ᠌ ᠣᠯᠵᠠᠯᠠᠭᠳᠠᠨ ᠲᠡᠮᠦᠷ ᠴᠣᠣᠵᠢᠨ ᠳ᠋ᠤ᠌ ᠬᠦᠷᠲᠡᠯ᠎ᠡ ᠣᠷᠣᠵᠤ ᠶᠠᠪᠤᠭᠰᠠᠨ ᠬᠥᠮᠦᠨ ᠲᠤᠯᠠ ᠬᠠᠮᠢᠭ᠎ᠠ ᠭᠠᠵᠠᠷ ᠠᠮᠢᠳᠤᠷᠠᠵᠤ ᠰᠤᠷᠴᠠᠢ᠃ ᠲᠡᠷᠡ ᠪᠡᠷ ᠨᠦᠬᠡᠨ ᠲᠠᠭᠠᠵᠠᠨ ᠳ᠋ᠤ᠌ ᠲᠣᠯᠣᠭᠠᠢ ᠬᠣᠷᠭᠣᠳᠠᠪᠠ ᠭᠡᠮᠡᠨ ᠭᠤᠲᠤᠷᠠᠵᠤ ᠭᠤᠨᠢᠭᠰᠠᠨ ᠶᠠᠩᠵᠤ ᠦᠭᠡᠢ ᠭᠢᠯᠠᠯᠵᠠᠵᠤ ᠪᠠᠢᠯ᠎ᠠ᠃ ᠲᠡᠷᠡ ᠴᠦ᠍ ᠪᠠᠢᠲᠤᠭᠠᠢ᠂
— ᠬᠣᠶᠠᠷ ᠨᠠᠷᠠᠨ ᠤᠷᠭᠤᠪᠠᠰᠤ ᠬᠤᠳᠳᠤᠭ ᠤ᠋ᠨ ᠤᠰᠤ ᠰᠢᠷᠭᠢᠶᠡ ᠤᠤ ᠬᠣᠶᠠᠷ ᠬᠠᠭᠠᠨ ᠰᠠᠭᠤᠪᠠᠰᠤ ᠬᠠᠮᠤᠭ ᠤᠯᠤᠰ ᠢ᠋ᠶ᠋ᠠᠨ ᠪᠠᠷᠠᠶ᠎ᠠ ᠤᠤ᠁ ᠭᠡᠮᠡᠨ ᠬᠠᠭᠠᠨ ᠬᠦᠦ ᠪᠡᠨ ᠵᠢᠮᠡᠯᠡᠵᠦ ᠵᠢᠮᠡᠯᠡᠵᠦ ᠬᠠᠲᠠᠭᠰᠠᠨ ᠪᠣᠷᠴᠠ ᠣᠢᠨ ᠬᠣᠭᠣᠯᠠ ᠬᠢᠵᠦ᠂ ᠮᠥᠨᠥᠬᠢ ᠱᠥᠷᠭᠡᠯᠡᠵᠦ ᠰᠠᠭᠠᠭᠰᠠᠨ ᠢᠮᠠᠭᠠᠨ ᠤ᠋ ᠰᠦ ᠪᠡᠷ ᠰᠦᠯᠡᠭᠰᠡᠨ ᠴᠠᠢ ᠠᠶᠠᠭᠠᠯᠠᠵᠤ ᠳᠠᠢᠯᠠᠪᠠ᠃
— ᠴᠢ ᠮᠢᠨᠦ ᠡᠯᠵᠢᠭᠡᠳᠡᠢ ᠶ᠋ᠢ ᠠᠯᠠᠭᠰᠠᠨ ᠪᠢᠯᠡ᠃ ᠭᠡᠪᠡᠴᠦ ᠶᠢᠰᠦᠭᠡᠢ ᠴᠢᠨᠦ ᠵᠥᠪ ᠪᠠᠢᠪᠠ᠃ ᠲᠡᠷᠡ ᠴᠠᠭᠠ᠋ᠴᠠ ᠬᠣᠢᠰᠢ ᠲᠣᠭᠣᠰᠣᠲᠤ ᠳᠡᠯᠡᠬᠡᠢ ᠳ᠋ᠦ᠍ ᠵᠢᠳᠬᠦᠬᠦ ᠬᠥᠮᠦᠨ ᠮᠢᠨᠢ ᠲᠤᠭᠤᠷᠢᠯ ᠪᠣᠯᠤᠭᠰᠠᠨ ᠪᠢᠯᠡ᠃ ᠭᠡᠲᠡᠯ᠎ᠡ ᠬᠥᠪᠡᠭᠦᠨ ᠦ᠌ ᠳᠠᠢᠰᠤᠨ ᠦᠯᠦ ᠲᠠᠰᠤᠷᠠᠬᠤ ᠠᠵᠢ ᠭᠡᠬᠦ ᠳ᠋ᠦ᠍ ᠲᠣᠷᠯᠣᠭ ᠲᠤᠭᠤᠷᠢᠯ ᠰᠢᠪᠡᠭᠴᠢᠨ ᠡᠮ᠎ᠡ ᠳ᠋ᠦ᠍᠂
— ᠴᠢ ᠭᠠᠷᠰᠤ! ᠶᠢᠰᠦᠭᠡᠢ ᠠᠨᠳᠠ ᠶ᠋ᠢᠨ ᠰᠢᠳᠠᠷ ᠨᠥᠬᠥᠳ ᠢ᠋ ᠴᠡᠷᠢᠭ ᠬᠤᠸᠠᠷᠠᠩᠨᠠᠬᠤ ᠭᠠᠵᠠᠷ ᠠᠪᠠᠴᠢ! ᠥᠴᠥᠭᠡᠳᠦᠷ ᠠᠯᠠᠭᠰᠠᠨ ᠵᠡᠭᠡᠷ᠎ᠡ ᠶ᠋ᠢᠨ ᠮᠢᠬ᠎ᠠ ᠴᠢᠨᠠᠵᠤ ᠥᠭ ᠭᠡᠮᠡᠨ ᠭᠠᠷᠭᠠᠪᠠ᠃ ᠴᠢᠩᠭᠢᠭᠡᠳ᠂
— ᠶᠢᠰᠦᠭᠡᠢ ᠠᠨᠳᠠ! ᠬᠣᠶᠠᠷ ᠲᠡᠮᠦᠷ ᠢ᠋ ᠪᠢ ᠳᠠᠷᠤᠭᠰᠠᠨ ᠪᠢᠯᠡ᠃ ᠭᠡᠲᠡᠯ᠎ᠡ ᠠᠪᠠᠭ᠎ᠠ ᠬᠠᠨ ᠬᠦᠷᠦ ᠲᠥᠷᠥ ᠶ᠋ᠢᠨ ᠰᠡᠨᠳᠡᠢ ᠨᠠᠳᠠ ᠲᠠᠢ ᠪᠤᠯᠢᠶᠠᠯᠳᠤᠨ ᠬᠣᠶᠠᠷ ᠵᠢᠯ ᠪᠠᠢᠯᠳᠤᠪᠠ ᠭᠡᠬᠦ ᠳ᠋ᠦ᠍ ᠢᠯᠮ᠎ᠠ ᠬᠠᠲᠤᠨ ᠶᠠᠷᠢᠶᠠᠨ ᠳ᠋ᠤ᠌ ᠣᠷᠣᠬᠤ ᠪᠠᠷ ᠳᠠᠪᠰᠢᠯᠠᠨ ᠰᠠᠭᠤᠵᠤ᠂
— ᠬᠦᠷᠦ ᠶ᠋ᠢᠨ ᠬᠡᠯᠡᠭᠰᠡᠨ ᠦᠭᠡᠨ ᠳ᠋ᠦ᠍ ᠦᠨᠡᠨ ᠦ᠌ ᠬᠤᠪᠢ ᠪᠣᠢ ᠶᠤᠮ᠃《᠁ ᠮᠢᠨᠦ ᠠᠬ᠎ᠠ ᠶ᠋ᠢᠨ ᠨᠢᠯᠪᠤᠰᠤ ᠨᠢ ᠪᠠᠰᠠ ᠡᠭᠰᠢᠭᠡ ᠦᠭᠡᠢ᠂ ᠨᠤᠭᠤᠰᠤ ᠨᠢ ᠬᠥᠰᠢᠭᠡ ᠦᠭᠡᠢ ᠪᠠᠢᠬᠤ ᠳ᠋ᠤ᠌ ᠴᠢ ᠠᠬ᠎ᠠ ᠪᠠᠨ ᠠᠯᠠᠵᠤ᠂ ᠳᠡᠭᠦᠦ ᠪᠡᠨ ᠬᠥᠨᠥᠭᠡᠵᠦ ᠪᠠᠢᠬᠤ᠃ ᠤᠯᠤᠰ ᠶᠠᠭᠠᠬᠢᠵᠤ ᠬᠣᠴᠣᠷᠬᠤ ᠪᠣᠢ》 ᠭᠡᠵᠦ ᠬᠡᠯᠡᠭᠰᠡᠨ ᠪᠢᠯᠡ ᠬᠡᠮᠡᠪᠡᠯ ᠲᠣᠷᠯᠣᠭ ᠲᠤᠭᠤᠷᠢᠯ᠂
— ᠠᠪᠠᠭ᠎ᠠ ᠬᠠᠨ ᠤ᠋ ᠦᠭᠡ ᠨᠢ ᠦᠨᠡᠨ ᠴᠦ᠍ ᠦᠢᠯᠡ ᠨᠢ ᠪᠤᠷᠤᠭᠤ ᠪᠠᠢᠪᠠ᠃ ᠲᠡᠷᠡ ᠣᠳᠣ ᠡᠷᠬᠡᠬᠠᠷᠠ ᠲᠠᠢ ᠨᠡᠢᠯᠡᠨ ᠨᠠᠮᠠᠶ᠋ᠢ ᠪᠠᠭᠠᠯᠵᠠᠭᠤᠷᠳᠠᠬᠤ ᠭᠡᠵᠦ ᠪᠠᠢᠨ᠎ᠠ᠃ ᠲᠩᠷᠢ ᠰᠣᠶᠣᠷᠬᠠᠵᠤ ᠴᠢ ᠢᠷᠡᠯ᠎ᠡ᠃ ᠪᠢ ᠢᠯᠠᠬᠤ ᠠᠵᠢ ᠭᠡᠪᠡ᠃ ᠶᠢᠰᠦᠭᠡᠢ ᠬᠠᠲᠤᠨ ᠢᠵᠢᠢ᠂ ᠬᠠᠭᠠᠨ ᠬᠦᠦ ᠬᠣᠶᠠᠷ ᠤ᠋ᠨ ᠶᠠᠷᠢᠶ᠎ᠠ ᠶ᠋ᠢ ᠴᠢᠩᠨᠠᠵᠤ ᠰᠠᠭᠤᠬᠤ ᠳ᠋ᠠᠭᠠᠨ ᠬᠣᠷᠵᠠᠬᠤᠰ ᠪᠣᠶᠣᠷᠣᠭ ᠤ᠋ᠨ ᠬᠣᠷᠮᠣᠢ ᠶ᠋ᠢᠨ ᠲᠤᠩ ᠤᠯᠤᠰ ᠢ᠋ᠶ᠋ᠠᠨ ᠪᠤᠲᠠᠷᠠᠭᠠᠵᠤ ᠪᠣᠢ ᠰᠠᠨᠵᠠᠢ ᠭᠡᠮᠡᠨ ᠪᠣᠳᠣᠪᠠ᠃ ᠲᠡᠭᠦᠨ ᠦ᠌ ᠳᠥᠴᠢᠨ ᠬᠦᠦ ᠪᠠᠢᠳᠠᠭ ᠭᠡᠯᠴᠡᠨ᠎ᠡ᠃ ᠭᠡᠲᠡᠯ᠎ᠡ ᠬᠡᠷᠡᠢᠳ ᠦ᠋ᠨ ᠲᠥᠷᠥ ᠨᠢ ᠭᠠᠭᠴᠠ ᠪᠢᠯᠡ᠃ ᠲᠡᠷᠡ ᠬᠦ᠌ ᠲᠥᠷᠥ ᠶ᠋ᠢᠨ ᠶᠡᠬᠡ ᠰᠡᠨᠳᠡᠢ ᠳ᠋ᠦ᠍ ᠳᠥᠴᠢᠭᠦᠯᠡ ᠰᠠᠨᠠᠭᠠᠷᠬᠠᠬᠤ ᠠᠪᠠᠢ᠃ ᠪᠦᠭᠦᠳᠡ ᠶ᠋ᠢᠨ ᠰᠤᠳᠠᠰᠤ ᠪᠠᠷ ᠳᠣᠮᠣᠭᠲᠤ ᠬᠠᠭᠠᠨ ᠤ᠋ ᠴᠢᠰᠤ ᠤᠷᠤᠰᠬᠤ ᠲᠤᠯᠠ ᠬᠡᠨ ᠳ᠋ᠦ᠍ᠨᠢ ᠪᠤᠷᠤᠭᠤ ᠥᠭᠬᠦ ᠠᠵᠢ᠃ ᠳᠥᠴᠢᠨ ᠵᠥᠪ ᠦ᠋ᠨ ᠳᠤᠮᠳᠠ ᠭᠠᠭᠴᠠᠬᠠᠨ ᠬᠡᠷᠡᠢᠳ ᠵᠣᠪᠠᠵᠤ ᠪᠣᠢ ᠪᠥᠯᠥᠭᠡ᠃ ᠡᠨᠡ ᠬᠦ᠌ ᠥᠪᠡᠷ ᠥᠪᠡᠷ ᠦ᠋ᠨ ᠬᠠᠷ᠎ᠠ ᠠᠮᠢ ᠶ᠋ᠢ ᠪᠣᠳᠣᠭᠰᠠᠨ ᠳᠥᠴᠢᠨ ᠠᠳᠠ ᠶ᠋ᠢ ᠨᠢᠭᠡᠨ ᠭᠠᠷ ᠲᠤ᠌ ᠵᠠᠩᠭᠢᠳᠬᠤ ᠭᠠᠭᠴᠠᠬᠠᠨ ᠬᠦᠴᠦ ᠪᠣᠢ ᠰᠠᠨᠠᠭᠳᠠᠵᠠᠢ᠃ ᠲᠡᠷᠡ ᠪᠣᠯ ᠬᠦᠢᠲᠡ ᠳᠠᠭᠠᠭᠠᠭᠰᠠᠨ ᠪᠠᠷᠢᠭᠤᠯ ᠨᠢ ᠠᠯᠠᠭ᠎ᠠ ᠬᠠᠭᠠᠷᠢᠬᠤ ᠭᠠᠩ ᠢᠯᠳᠦ ᠨᠢ ᠶᠠᠷᠢᠶᠠᠨ ᠦᠭᠡᠢ ᠮᠥᠨ ᠶᠦᠮ᠃ ᠶᠢᠰᠦᠭᠡᠢ ᠪᠠᠭᠠᠲᠤᠷ᠂
— ᠪᠢ ᠨᠢᠭᠡᠨ ᠮᠥᠷᠥ ᠶ᠋ᠢᠨ ᠬᠦᠴᠦᠨ ᠪᠣᠯᠣᠰᠤ! ᠬᠡᠮᠡᠬᠦ ᠳ᠋ᠦ᠍ ᠶᠠᠳᠠᠷᠠᠵᠤ ᠳᠣᠷᠣᠢᠲᠠᠭᠰᠠᠨ ᠢᠵᠢᠢ ᠬᠥᠪᠡᠭᠦᠨ ᠬᠣᠶᠠᠷ ᠲᠤ᠌ ᠠᠪᠤᠷᠠᠯ ᠤ᠋ᠨ ᠡᠯᠴᠢ ᠶ᠋ᠢ ᠲᠩᠷᠢ ᠰᠣᠶᠣᠷᠬᠠᠭᠰᠠᠨ ᠮᠡᠲᠦ ᠰᠠᠨᠠᠭᠳᠠᠵᠠᠢ᠃ ᠰᠢᠪᠠᠷ ᠲᠠᠭᠠᠵᠠᠨ ᠳ᠋ᠤ᠌ ᠠᠮᠢ ᠬᠣᠷᠭᠣᠳᠠᠨ ᠠᠭᠰᠠᠨ ᠮᠥᠨᠥᠬᠡᠨ ᠬᠣᠶᠠᠷ ᠤ᠋ᠨ ᠨᠢᠳᠦᠨ ᠳ᠋ᠦ᠍ ᠪᠠᠶᠠᠷ ᠤ᠋ᠨ ᠣᠴᠢ ᠬᠠᠷᠪᠤᠬᠤ ᠶ᠋ᠢ ᠮᠡᠳᠡᠷᠡᠭᠰᠡᠨ ᠶᠢᠰᠦᠭᠡᠢ ᠪᠠᠭᠠᠲᠤᠷ ᠶᠠᠭᠤ ᠲᠠᠢ ᠴᠤ᠌ ᠵᠥᠪ ᠢ᠋ ᠬᠡᠯᠡᠭᠰᠡᠨ ᠳ᠋ᠡᠭᠡᠨ ᠢᠲᠡᠭᠡᠪᠡ᠃ ᠳᠡᠭᠡᠰᠦᠨ ᠳᠥᠷᠦᠭᠡᠨ ᠳᠡᠭᠡᠷ᠎ᠡ ᠳᠡᠨᠵᠢᠭᠡᠨᠡᠵᠦ ᠪᠠᠢᠭ᠎ᠠ ᠤᠯᠤᠰ ᠤ᠋ᠨ ᠬᠤᠪᠢ ᠵᠠᠶᠠᠭ᠎ᠠ ᠶ᠋ᠢ ᠰᠡᠳᠬᠢᠯ ᠮᠡᠳᠡᠨ ᠰᠢᠢᠳᠬᠦ ᠦᠭᠡ ᠬᠡᠯᠡᠭᠰᠡᠨ ᠵᠣᠷᠢᠭ ᠲᠠᠭᠠᠨ ᠭᠠᠢᠬᠠᠵᠤ ᠪᠥᠯᠥᠭᠡ᠃ ᠶᠠᠭᠤ ᠲᠠᠢ ᠴᠤ᠌ ᠠᠮᠠ ᠠᠯᠳᠠᠪᠠᠯ ᠪᠠᠷᠢᠵᠤ ᠪᠣᠯᠳᠠᠭ ᠦᠭᠡᠢ ᠭᠡᠬᠦ ᠪᠢᠯᠡ᠃ ᠬᠡᠷᠡᠢᠳ ᠤᠯᠤᠰ ᠤ᠋ᠨ ᠶᠡᠬᠡ ᠲᠡᠷᠭᠡᠨ ᠦ᠌ ᠠᠷᠠᠯ ᠳ᠋ᠤ᠌ ᠣᠷᠣᠵᠤ ᠵᠢᠳᠬᠦᠬᠦ ᠡᠰᠡᠬᠦ ᠨᠢ ᠶᠢᠰᠦᠭᠡᠢ ᠪᠠᠭᠠᠲᠤᠷᠠ᠋ᠴᠠ ᠯᠠ ᠪᠣᠯᠬᠤ ᠲᠤᠯᠠ ᠡᠭᠦᠨ ᠡᠴᠡ ᠥᠭᠡᠷ᠎ᠡ ᠨᠡᠭᠦᠳᠡᠯ ᠪᠠᠢᠭᠰᠠᠨ ᠦᠭᠡᠢ᠃ ᠬᠠᠮᠤᠭ ᠮᠣᠩᠭᠣᠯ ᠳ᠋ᠤ᠌ ᠰᠡᠳᠬᠢᠯ ᠦ᠋ᠨ ᠰᠠᠳᠤᠨ ᠣᠯᠬᠤ ᠭᠡᠰᠡᠨ ᠵᠣᠷᠢᠭ ᠲᠡᠭᠦᠨ ᠢ᠋ ᠡᠢᠨ ᠬᠡᠯᠡᠭᠦᠯᠵᠡᠢ᠃ ᠡᠢᠨ ᠨᠢᠭᠡᠨᠲᠡ ᠬᠡᠯᠡᠭᠰᠡᠨ ᠦᠭᠡ ᠲᠤᠯᠠ ᠴᠠᠭ ᠬᠣᠵᠢᠵᠤ ᠴᠡᠷᠢᠭ ᠵᠠᠰᠠᠨ ᠮᠡᠴᠢᠳ ᠭᠤᠳᠤᠢᠬᠤ ᠦᠶ᠎ᠡ ᠳ᠋ᠦ᠍ ᠬᠣᠶᠠᠷ ᠵᠠᠮ ᠢ᠋ᠶ᠋ᠠᠷ ᠬᠥᠳᠡᠯᠭᠡᠵᠦ ᠠᠪᠠᠢ᠃ ᠦᠬᠦᠲᠡᠯ᠎ᠡ ᠦᠷ᠎ᠡ ᠭᠡᠮᠡᠨ ᠲᠤᠭᠤᠷᠢᠯ ᠤ᠋ᠨ ᠲᠥᠯᠥᠭᠡ ᠠᠮᠢ ᠪᠠᠨ ᠲᠠᠯᠪᠢᠬᠤ ᠢᠯᠮ᠎ᠠ ᠬᠠᠲᠤᠨ ᠬᠥᠩᠭᠡᠨ ᠬᠤᠶᠠᠭ ᠡᠮᠦᠰᠴᠦ᠂ ᠴᠡᠪᠡᠷᠬᠡᠨ ᠬᠢᠴᠡ ᠲᠡᠢ ᠵᠢᠵᠢᠭᠬᠡᠨ ᠳᠤᠭᠤᠯᠠᠭ᠎ᠠ ᠠᠰᠠᠭᠠᠪᠠ᠃ ᠭᠤᠸ᠎ᠠ ᠬᠠᠲᠤᠨ ᠠᠷᠪᠠᠨ ᠨᠠᠢ᠍ᠮᠠᠲᠤ ᠥᠬᠢᠳ ᠮᠡᠲᠦ ᠨᠠᠷᠢᠬᠠᠨ ᠵᠡᠭᠵᠡᠭᠡᠷ ᠠᠭᠠᠳ ᠦᠰᠦ ᠪᠡᠨ ᠰᠢᠭᠤᠵᠤ ᠳᠤᠭᠤᠯᠠᠭ᠎ᠠ ᠡᠮᠦᠰᠦᠭᠰᠡᠨ ᠨᠢ ᠪᠦᠷ ᠴᠦ᠍ ᠵᠠᠯᠠᠭᠤᠬᠠᠨ ᠬᠠᠷᠠᠭᠳᠠᠬᠤ ᠠᠵᠢ᠃ ᠡᠳᠦᠷ ᠨᠢ ᠪᠦᠭᠭᠦᠵᠦ᠂ ᠰᠥᠨᠢ ᠨᠢ ᠶᠠᠪᠤᠭᠰᠠᠭᠠᠷ ᠶᠠᠭ ᠶᠠᠪᠠᠭᠠᠨ ᠤ᠋ ᠭᠣᠣᠯ ᠬᠦᠷᠴᠦ ᠶᠡᠬᠡ ᠠᠭᠤᠯᠠᠰ ᠤ᠋ᠨ ᠮᠣᠳᠣᠲᠤ ᠰᠡᠷᠪᠡᠩ ᠳᠡᠭᠡᠷ᠎ᠡ ᠡᠴᠡ ᠡᠷᠬᠡᠬᠠᠷᠠ ᠶ᠋ᠢᠨ ᠬᠦᠷᠢᠶᠡᠨ ᠦ᠌ ᠪᠠᠷ᠎ᠠ ᠬᠠᠷᠠᠵᠠᠢ᠃
— ᠭᠥᠭᠰᠦ ᠰᠠᠪᠷᠠᠭᠠ ᠶ᠋ᠢᠨ ᠴᠡᠷᠢᠭ ᠬᠦᠷᠦᠯᠴᠡᠨ ᠢᠷᠡᠵᠦ ᠠᠮᠵᠢᠭ᠎ᠠ ᠦᠭᠡᠢ ᠰᠠᠨᠵᠠᠢ ᠭᠡᠵᠦ ᠲᠤᠭᠤᠷᠢᠯ ᠨᠢᠳᠦᠨ ᠪᠠᠷᠢᠮᠵᠢᠶᠠᠨ ᠳ᠋ᠠᠭᠠᠨ ᠢᠳᠡᠭᠡᠨ ᠥᠭᠦᠯᠡᠬᠦ ᠳ᠋ᠦ᠍ ᠶᠢᠰᠦᠭᠡᠢ᠂
— ᠠᠮᠵᠢᠭᠰᠠᠨ ᠯᠠ ᠪᠣᠯ ᠢᠯᠠᠭᠰᠠᠨ ᠭᠡᠰᠡᠨ ᠦᠭᠡ ᠪᠢᠯᠡ᠃ ᠨᠠᠢ᠍ᠮᠠᠨ ᠤᠯᠤᠰ ᠲᠠᠢ ᠲᠠᠩᠭᠠᠷᠢᠭ ᠲᠠᠰᠤᠷᠠᠵᠤ᠂ ᠳᠠᠶᠠᠨ ᠬᠠᠭᠠᠨ ᠲᠠᠢ ᠲᠣᠩᠭᠣᠷᠠᠭ ᠵᠥᠷᠢᠭᠦᠯᠬᠦ ᠶ᠋ᠢ ᠡᠰᠡ ᠬᠦᠰᠡᠨᠡᠮ᠃ ᠢᠯᠭᠢᠨ ᠳᠡᠭᠡᠷ᠎ᠡ ᠵᠢᠷᠤᠵᠤ ᠡᠪᠬᠡᠭᠰᠡᠨ ᠵᠢᠷᠤᠭ ᠢ᠋ ᠪᠠᠮᠪᠠᠷ ᠤ᠋ᠨ ᠭᠡᠷᠡᠯ ᠳ᠋ᠦ᠍ ᠳᠡᠯᠭᠡᠨ ᠬᠦᠴᠦ ᠪᠡᠨ ᠲᠠᠯᠪᠢᠨ ᠬᠦᠦᠷᠨᠢᠯᠳᠦᠵᠦ᠂ ᠥᠨᠥᠳᠥᠷ ᠲᠡᠭᠡᠨ ᠮᠣᠷᠢᠳ ᠢ᠋ᠶ᠋ᠠᠨ ᠠᠮᠠᠷᠠᠭᠠᠭᠠᠳ ᠮᠠᠷᠭᠠᠰᠢ ᠬᠥᠮᠦᠨ ᠮᠠᠯ ᠤ᠋ᠨ ᠢᠳᠡ ᠨᠣᠢᠷ ᠤ᠋ᠨ ᠳᠤᠮᠳᠠ ᠨᠥᠮᠥᠷᠦᠨ ᠣᠷᠣᠰᠤᠭᠠᠢ ᠭᠡᠮᠡᠨ ᠰᠢᠢᠳᠴᠦ ᠠᠪᠠᠢ᠃ ᠡᠢᠨ ᠬᠢᠲᠤᠭ᠎ᠠ ᠪᠠᠨ ᠡᠰᠡ ᠭᠠᠷᠭᠠᠵᠤ᠂ ᠴᠢᠮᠡᠭᠡ ᠦᠯᠦ ᠡᠭᠦᠰᠬᠡᠵᠦ ᠪᠦᠲᠦᠨ ᠬᠣᠨᠣᠭ ᠪᠦᠭᠭᠦᠭᠰᠡᠨ ᠦ᠌ ᠡᠴᠦᠰ ᠲᠦ᠍ ᠬᠠᠵᠠᠭᠠᠷ ᠤ᠋ᠨ ᠠᠮᠠᠭᠠᠢ ᠵᠤᠤᠵᠠᠢ ᠶ᠋ᠢ ᠳᠡᠪᠡᠯ ᠦ᠋ᠨ ᠢ᠋ᠶ᠋ᠡᠨ ᠳᠣᠲᠣᠭᠠᠳᠤ ᠬᠣᠷᠮᠣᠢ ᠶ᠋ᠢ ᠴᠣᠭᠣᠯᠤᠨ ᠣᠷᠢᠶᠠᠵᠤ᠂ ᠮᠣᠷᠢᠳ ᠤ᠋ᠨ ᠲᠤᠭᠤᠷᠠᠢ ᠳ᠋ᠤᠨᠢ ᠨᠡᠬᠡᠢ ᠪᠠᠷᠢᠵᠤ ᠪᠣᠭᠣᠨ ᠤᠷᠤᠭᠰᠢᠯᠠᠵᠠᠢ᠃ ᠰᠠᠷᠠᠨ ᠤ᠋ ᠴᠠᠢᠪᠤᠷ ᠭᠡᠷᠡᠯ ᠳ᠋ᠦ᠍ ᠪᠠᠷᠠᠭᠠᠨ ᠰᠡᠭᠦᠳᠡᠷ ᠮᠡᠲᠦ ᠴᠢᠮᠡᠭᠡ ᠦᠭᠡᠢ ᠨᠥᠮᠥᠷᠦᠨ ᠣᠷᠢᠶᠠᠵᠤ ᠡᠷᠬᠡᠬᠠᠷᠠ ᠶ᠋ᠢᠨ ᠬᠠᠷᠠᠭᠤᠯ ᠴᠡᠷᠢᠭ ᠦ᠋ᠳ ᠢ᠋ ᠣᠨᠣᠭᠠᠵᠤ ᠥᠭᠰᠥᠨ ᠨᠢᠭᠡ ᠨᠢᠭᠡᠨ ᠡᠷᠡᠰ ᠠᠮᠠ ᠶ᠋ᠢ ᠨᠢ ᠪᠠᠷᠢᠨ ᠬᠦᠵᠦᠭᠦᠦ ᠶ᠋ᠢ ᠨᠢ ᠬᠤᠭᠤ ᠮᠤᠰᠬᠢᠵᠦ ᠣᠷᠬᠢᠪᠠ᠃ ᠠᠨᠢᠷ ᠦᠭᠡᠢ ᠨᠤᠭᠳᠤᠢᠨ ᠬᠣᠴᠣᠷᠬᠤ ᠦᠬᠦᠳᠡᠯ ᠬᠡᠭᠦᠷ ᠦ᠋ᠨ ᠳᠡᠷᠭᠡᠳᠡ ᠥᠪᠡᠷ ᠦ᠋ᠨ ᠬᠠᠷᠠᠭᠤᠯ ᠦᠯᠡᠳᠡᠭᠡᠯ᠎ᠡ᠃ ᠴᠢᠩᠭᠢᠭᠡᠳ ᠬᠠᠭᠤᠴᠢᠨ ᠮᠠᠢᠬᠠᠨ ᠤ᠋ ᠪᠠᠳᠠᠩ ᠴᠣᠭᠣᠷᠠᠲᠠᠯ᠎ᠠ ᠬᠤᠷᠬᠢᠷᠠᠬᠤ ᠭᠠᠯ ᠪᠦᠷᠢ ᠶ᠋ᠢᠨ ᠡᠭᠦᠳᠡ ᠰᠠᠬᠢᠭᠤᠯᠵᠤ ᠴᠡᠷᠢᠭ ᠡᠷᠡᠰ ᠢ᠋ᠶ᠋ᠡᠨ ᠵᠣᠭᠰᠣᠭᠠᠪᠠ᠃ ᠭᠠᠭᠴᠠ ᠬᠦ᠌ ᠳᠥᠷᠥᠭᠡ ᠨᠡᠢᠯᠡᠭᠰᠡᠨ ᠬᠣᠶᠠᠷ ᠨᠣᠶᠠᠳ ᠤ᠋ᠨ ᠥᠷᠭᠥᠭᠡ ᠯᠡ ᠰᠠᠷᠠᠨ ᠤ᠋ ᠰᠠᠷᠠᠭᠤᠯ ᠳ᠋ᠤ᠌ ᠣᠭᠣᠰᠣᠷ ᠪᠦᠴᠡ ᠦᠭᠡᠢ ᠤᠷᠲᠤ ᠮᠡᠲᠦ ᠲᠦᠩᠬᠦᠢᠨ ᠪᠠᠢᠯ᠎ᠠ᠃ ᠶᠢᠰᠦᠭᠡᠢ᠂
— ᠢᠯᠮ᠎ᠠ ᠢᠵᠢᠢ ᠨᠠᠳᠠ ᠲᠠᠢ ᠶᠠᠪᠤ᠃ ᠪᠢ ᠬᠦᠷᠦ ᠬᠠᠨ ᠢ᠋ ᠴᠦ᠍᠂ ᠡᠷᠬᠡᠬᠠᠷᠠ ᠶ᠋ᠢ ᠴᠦ᠍ ᠡᠰᠡ ᠲᠠᠨᠢᠬᠤ ᠪᠢᠯᠡ ᠭᠡᠳ ᠪᠠᠭ᠎ᠠ ᠲᠠᠯ᠎ᠠ ᠳ᠋ᠤ᠌ ᠪᠠᠷᠢᠭᠰᠠᠨ ᠲᠣᠮᠣ ᠭᠡᠷ ᠲᠦ᠍ ᠴᠢᠮᠡᠭᠡ ᠦᠭᠡᠢ ᠰᠢᠷᠭᠤᠨ ᠣᠷᠣᠯ᠎ᠠ᠃ ᠪᠠᠷᠠᠭᠤᠨ᠎ᠠ ᠲᠣᠩᠭᠣᠢᠭᠰᠠᠨ ᠰᠠᠷᠠᠨ ᠤ᠋ ᠲᠤᠶᠠᠭ᠎ᠠ ᠵᠡᠭᠦᠨ ᠢᠰᠡᠷᠢ ᠳᠡᠭᠡᠷ᠎ᠡ ᠲᠤᠰᠴᠠᠢ᠃ ᠢᠰᠡᠭᠡᠢ ᠡᠭᠦᠳᠡ ᠪᠦᠳᠡᠭᠢᠬᠡᠨ ᠬᠥᠪᠬᠢᠨ ᠪᠠᠭᠤᠬᠤ ᠴᠢᠮᠡᠭᠡᠨ ᠢ᠋ᠶ᠋ᠡᠷ ᠡᠷᠬᠡᠬᠠᠷᠠ ᠰᠠᠷᠬᠢᠨ ᠪᠣᠰᠴᠤ ᠢᠷᠡᠬᠦ ᠳ᠋ᠦ᠍ ᠢᠯᠮ᠎ᠠ᠂
— ᠡᠷᠬᠡ ᠠ᠋᠂ ᠢᠯᠳᠦ ᠪᠡᠨ ᠪᠦᠦ ᠰᠤᠭᠤᠯ! ᠭᠡᠵᠦ ᠠᠷᠭᠠᠳᠠᠩᠭᠤᠢ ᠥᠭᠦᠯᠡᠪᠡ᠃ ᠡᠷᠬᠡᠬᠠᠷᠠ᠂
— ᠮᠠᠭᠤ ᠱᠤᠯᠤᠮ! ᠭᠡᠵᠦ ᠰᠢᠲᠦ ᠵᠠᠭᠤᠨ ᠥᠭᠦᠯᠡᠭᠰᠡᠨ ᠬᠡᠳᠦᠢ ᠴᠦ᠍ ᠬᠠᠨ᠎ᠠ ᠶ᠋ᠢᠨ ᠲᠣᠯᠣᠭᠠᠢ ᠠ᠋ᠴᠠ ᠰᠢᠭᠦᠷᠡᠨ ᠠᠪᠤᠭᠰᠠᠨ ᠢᠯᠳᠦ ᠪᠡᠨ ᠡᠰᠡ ᠲᠠᠯᠪᠢᠵᠠᠢ᠃ ᠶᠢᠰᠦᠭᠡᠢ᠂
— ᠡᠷᠬᠡᠬᠠᠷᠠ ᠠᠨᠳᠠ ᠮᠢᠨᠢ᠂ ᠬᠦᠷᠢᠶ᠎ᠡ ᠴᠢᠨᠢ ᠡᠵᠡᠯᠡᠭᠳᠡᠭᠰᠡᠨ ᠪᠢᠯᠡ᠃ ᠠᠮᠢᠨ ᠤ᠋ ᠭᠠᠷᠤᠵᠠ! ᠭᠡᠬᠦ ᠳ᠋ᠦ᠍ ᠡᠷᠬᠡᠬᠠᠷᠠ ᠴᠢᠮᠡᠭᠡ ᠦᠭᠡᠢ ᠠᠮᠢᠰᠬᠤᠭᠠᠳᠠᠨ ᠣᠪᠣᠯᠵᠠᠵᠤ ᠰᠠᠭᠤᠭᠰᠠᠨ ᠢ᠋ᠶ᠋ᠠᠨ᠂
— ᠭᠠᠵᠠᠷ ᠤ᠋ᠨ ᠬᠠᠮᠢᠭ᠎ᠠ ᠠ᠋ᠴᠠ ᠭᠠᠷᠤᠭᠰᠠᠨ ᠭᠠᠢ ᠪᠢᠯᠡ᠂ ᠴᠢ! ᠬᠡᠵᠢᠶᠡᠨ ᠦ᠌ ᠳᠣᠮᠣᠭᠲᠤ ᠬᠡᠷᠡᠢᠳ ᠤᠯᠤᠰ ᠬᠡᠨ ᠭᠤᠸᠠᠢ ᠶ᠋ᠢᠨ ᠬᠦᠦ ᠬᠡᠨ ᠢ᠋ᠶ᠋ᠡᠷ ᠴᠦ᠍ ᠭᠣᠯᠣᠮᠲᠠ ᠪᠠᠨ ᠲᠦᠰᠢᠭᠦᠯᠵᠦ᠂ ᠪᠠᠭᠠᠨ᠎ᠠ ᠪᠠᠨ ᠵᠠᠰᠠᠭᠤᠯᠵᠤ ᠶᠠᠪᠤᠭ᠎ᠠ ᠦᠭᠡᠢ ᠪᠢᠯᠡ ᠭᠡᠬᠦ ᠳ᠋ᠦ᠍ ᠢᠯᠮ᠎ᠠ ᠬᠠᠲᠤᠨ ᠲᠠᠢᠪᠤᠩ ᠣᠢᠷᠠᠳᠴᠤ᠂
— ᠡᠷᠬᠡ ᠬᠦᠦ ᠮᠢᠨᠢ! ᠡᠬᠡ ᠲᠤᠰᠠᠭᠠᠷ ᠴᠤ᠌ ᠭᠡᠯᠡ ᠡᠴᠢᠭᠡ ᠨᠢᠭᠡ ᠲᠡᠢ ᠦᠷ᠎ᠡ ᠪᠢᠯᠡ᠂ ᠴᠢ᠃ ᠬᠤᠪᠢ ᠦᠭᠡᠢ ᠬᠠᠲᠤᠨ ᠨᠠᠮᠠᠶ᠋ᠢ ᠡᠰᠡ ᠪᠣᠳᠣᠳᠠᠭ ᠶᠤᠮ ᠭᠡᠬᠦ ᠳ᠋ᠦ᠍ ᠬᠣᠷᠵᠠᠬᠤᠰ ᠡᠴᠢᠭᠡ ᠪᠡᠨ ᠪᠣᠳᠣ! ᠭᠡᠮᠡᠨ ᠳᠡᠷᠭᠡᠳᠡ ᠨᠢ ᠣᠴᠢᠵᠤ ᠰᠠᠭᠤᠨ᠂ ᠡᠬᠡ ᠶ᠋ᠢᠨ ᠰᠡᠳᠬᠢᠯ ᠢ᠋ᠶ᠋ᠡᠷ ᠡᠷᠬᠡᠬᠠᠷᠠ ᠶ᠋ᠢᠨ ᠳᠡᠰ ᠬᠠᠷ᠎ᠠ ᠦᠰᠦ ᠶ᠋ᠢ ᠢᠯᠢᠵᠦ᠂
— ᠬᠢᠯᠢᠩᠲᠦ ᠬᠥᠪᠡᠭᠦᠳ ᠲᠠ ᠨᠠᠷ ᠤ᠋ᠨ ᠬᠥᠯ ᠳ᠋ᠦ᠍ ᠬᠡᠷᠡᠢᠳ ᠤᠯᠤᠰ ᠴᠢᠨᠢ ᠮᠥᠬᠥᠬᠦ ᠨᠢ ᠪᠠᠢᠨ᠎ᠠ ᠰᠢᠦ ᠳᠡ᠁ ᠭᠡᠲᠡᠯ᠎ᠡ ᠶᠠᠭᠠᠬᠢᠬᠤ ᠡᠢᠬᠦ ᠶ᠋ᠢᠨ ᠵᠠᠭᠤᠷ᠎ᠠ ᠦᠭᠡᠢ ᠰᠠᠷᠠᠨ ᠤ᠋ ᠭᠡᠷᠡᠯ ᠴᠣᠭᠣᠯᠤᠨ ᠭᠠᠩ ᠢᠯᠳᠦ ᠬᠢᠯᠠᠰᠬᠢᠵᠦ᠂ ᠮᠥᠩᠭᠥᠨ ᠬᠤᠶᠠᠭ ᠬᠠᠷ ᠬᠢᠲᠡᠯ᠎ᠡ ᠵᠦᠰᠦᠨ ᠬᠠᠲᠤᠨ ᠴᠡᠭᠡᠵᠢᠨ ᠳ᠋ᠦ᠍ ᠰᠡᠯᠡᠮ᠎ᠡ ᠬᠤᠢᠯᠠᠴᠢᠬᠠᠬᠤ ᠰᠢᠭ᠋ ᠪᠣᠯᠪᠠ᠃ ᠶᠢᠰᠦᠭᠡᠢ ᠬᠠᠰᠬᠢᠷᠤᠨ ᠤᠬᠤᠰᠬᠢᠲᠡᠯ᠎ᠡ᠂
一 ᠢᠵᠢᠢ ᠠ᠋! ᠭᠡᠬᠦ ᠳᠠᠭᠤᠨ ᠬᠠᠲᠠᠵᠤ ᠲᠣᠷᠯᠣᠭ ᠲᠣᠭᠣᠷᠢᠯ ᠭᠠᠭᠴᠠ ᠠᠯᠬᠤᠨ ᠴᠢᠰᠤᠨ ᠳ᠋ᠤ᠌ ᠪᠣᠳᠣᠭᠳᠠᠭᠰᠠᠨ ᠢᠰᠡᠷᠢ ᠣᠷᠣᠨ ᠤ᠋ ᠳᠡᠷᠭᠡᠳᠡ ᠣᠴᠢᠯ᠎ᠠ᠃
一 ᠢᠵᠢᠢ ᠠ᠋! ᠢᠵᠢᠢ ᠠ᠋! ᠬᠡᠨ ᠨᠢᠭᠡᠨ ᠠᠷᠤ ᠳ᠋ᠤ᠌ ᠮᠡᠭᠰᠢᠨ ᠤᠬᠢᠯᠠᠬᠤ ᠶ᠋ᠢ ᠬᠠᠷᠠᠪᠠᠯ ᠬᠣᠶᠠᠷ ᠭᠠᠷ ᠬᠦᠯᠢᠭ ᠲᠡᠢ ᠬᠦᠷᠦ ᠬᠠᠨ ᠠᠵᠤᠭᠤ᠃ ᠲᠡᠷᠡ ᠪᠡᠷ ᠬᠦᠦ ᠲᠡᠢ ᠨᠢ ᠳᠠᠢᠰᠤᠩᠨᠠᠭᠠ ᠦᠭᠡᠢ ᠶᠦᠮ ᠰᠢᠭ ᠠᠰᠬᠠᠷᠠᠲᠠᠯ᠎ᠠ ᠤᠬᠢᠯᠠᠨ ᠳᠥᠭᠥᠵᠦ᠂ ᠢᠯᠮ᠎ᠠ ᠬᠠᠲᠤᠨ ᠤ᠋ ᠴᠠᠰᠤ ᠰᠢᠭ᠋ ᠴᠠᠢᠭᠰᠠᠨ ᠴᠢᠷᠠᠢ ᠶ᠋ᠢ ᠬᠦᠯᠢᠭ ᠲᠡᠢ ᠭᠠᠷ ᠢ᠋ᠶ᠋ᠠᠷ ᠲᠦᠰᠢᠨ ᠥᠨᠳᠡᠢᠯᠭᠡᠪᠡ᠃ ᠲᠣᠷᠯᠣᠭ ᠲᠤᠭᠤᠷᠢᠯ ᠮᠡᠯᠮᠡᠷᠡᠲᠡᠯᠡ ᠤᠬᠢᠯᠠᠨ ᠲᠣᠯᠣᠭᠠᠢ ᠡᠷᠭᠦᠵᠦ᠂ ᠣᠳᠣ ᠬᠢᠷᠢ ᠶᠠᠭᠠᠬᠢᠬᠤ ᠪᠠᠨ ᠮᠡᠳᠡᠬᠦ ᠦᠭᠡᠢ ᠠᠯᠮᠠᠢᠷᠠᠵᠤ ᠬᠣᠴᠣᠷᠤᠭᠰᠠᠨ ᠡᠷᠬᠡᠬᠠᠷᠠ ᠤᠷᠤᠭᠤ ᠬᠠᠷᠠᠵᠤ᠂
一 ᠴᠢ ᠨᠠᠮᠠᠶ᠋ᠢ ᠠᠯᠠᠴᠢᠬᠠᠬᠤ ᠦᠭᠡᠢ ᠶᠠᠭᠠᠬᠢᠪᠠ ᠳᠠ ᠭᠡᠰᠡᠨ ᠢ᠋ᠶ᠋ᠡᠨ ᠭᠡᠨᠡᠳᠲᠡ ᠤᠬᠤᠰᠬᠢᠨ ᠣᠢᠰᠠᠨ ᠡᠰᠢ ᠲᠡᠢ ᠮᠥᠩᠭᠥᠨ ᠲᠣᠨᠣᠭ ᠲᠠᠢ ᠬᠢᠲᠤᠭ᠎ᠠ ᠲᠥᠷᠥᠵᠦ ᠣᠷᠬᠢᠯ᠎ᠠ᠃ ᠡᠷᠬᠡᠬᠠᠷᠠ ᠭᠡᠷ ᠳᠣᠷᠭᠢᠲᠠᠯ᠎ᠠ ᠨᠢᠭᠡ ᠶᠡᠬᠡ ᠬᠠᠰᠬᠢᠷᠤᠭᠰᠠᠨ ᠢ᠋ᠶ᠋ᠠᠨ ᠬᠠᠨ᠎ᠠ ᠶ᠋ᠢᠨ ᠨᠢᠳᠦ ᠵᠠᠭᠤᠷᠠᠨ ᠰᠥᠬᠥᠷᠡᠵᠦ ᠤᠨᠠᠪᠠ᠃ ᠭᠡᠷ ᠲᠦ᠍ ᠢᠷᠣ᠎ᠠ ᠱᠦᠭᠯᠡᠭᠰᠡᠨ ᠮᠡᠲᠦ ᠨᠠᠮ ᠭᠦᠮ ᠪᠣᠯᠵᠠᠢ᠃ ᠬᠦᠷᠦ ᠬᠠᠨ ᠤ᠋ ᠡᠪᠦᠳᠦᠭ ᠲᠦᠰᠢᠨ ᠠᠮᠢᠰᠬᠤᠭᠠᠳᠠᠵᠤ ᠠᠭᠰᠠᠨ ᠢᠯᠮ᠎ᠠ ᠬᠠᠲᠤᠨ ᠨᠢᠳᠦ ᠪᠡᠨ ᠠᠶᠠᠷᠬᠠᠨ ᠨᠡᠭᠡᠭᠡᠵᠦ᠂
一 ᠲᠡᠷᠡ ᠠᠮᠢᠲᠠᠨ ᠢ᠋ ᠠᠯᠠᠵᠤ ᠶᠠᠭᠠᠬᠢᠬᠤ ᠨᠢ ᠪᠣᠢ ᠳᠠ᠁ ᠭᠡᠳ ᠴᠢᠰᠤ ᠪᠣᠯᠤᠭᠰᠠᠨ ᠢᠰᠡᠷᠢ ᠣᠷᠣ ᠪᠠᠨ ᠰᠠᠮᠤᠷᠳᠠᠨ ᠲᠦᠰᠢᠵᠦ ᠥᠨᠳᠡᠢᠬᠦ ᠭᠡᠵᠦ ᠬᠡᠢ ᠣᠷᠣᠯᠳᠣᠭᠰᠠᠨ ᠢ᠋ᠶ᠋ᠠᠨ ᠲᠠᠮᠢᠷ ᠲᠠᠰᠤᠷᠠᠨ ᠠᠮᠢᠰᠬᠤᠭᠠᠳᠠᠵᠤ᠂
一 ᠲᠣᠷᠯᠣᠭ ᠲᠣᠭᠣᠷᠢᠯ ᠬᠦᠦ ᠮᠢᠨᠢ᠂ ᠢᠵᠢᠢ ᠨᠢ ᠪᠣᠯᠬᠤᠠ᠋ᠴᠠ ᠪᠣᠯᠬᠤ ᠦᠭᠡᠢ ᠪᠡᠨ ᠬᠦᠷᠲᠡᠯ᠎ᠡ ᠴᠢᠨᠦ ᠲᠥᠯᠥᠭᠡ ᠶᠠᠪᠤᠯ᠎ᠠ᠁ ᠭᠡᠮᠡᠨ ᠴᠢᠰᠤ ᠲᠠᠢ ᠢᠰᠡᠷᠢ ᠶ᠋ᠢ ᠤᠳᠠᠭᠠᠨ ᠬᠠᠷᠠᠭᠰᠠᠨ ᠢ᠋ᠶ᠋ᠠᠨ᠂
一 ᠡᠯᠵᠢᠭᠡᠳᠡᠢ ᠡᠴᠡ ᠡᠢᠮᠦ ᠯᠡ ᠣᠷᠣ ᠦᠯᠡᠳᠡᠵᠦ ᠪᠢᠯᠡ᠁ ᠭᠡᠳ ᠨᠢᠳᠦᠨ ᠦ᠌ ᠬᠢᠨᠢ ᠭᠠᠯ ᠶᠠᠭᠤᠬᠠᠨ ᠤᠨᠲᠠᠷᠠᠵᠤ ᠠᠪᠠᠢ᠃ ᠭᠡᠷ ᠲᠦ᠍ ᠨᠠᠮ ᠭᠦᠮ ᠪᠣᠯᠤᠯ᠎ᠠ᠃ ᠡᠷᠲᠡᠨ ᠦ᠌ ᠳᠣᠮᠣᠭᠲᠤ ᠬᠡᠷᠡᠢᠳ ᠤᠯᠤᠰ ᠤ᠋ᠨ ᠶᠡᠬᠡ ᠬᠠᠲᠤᠨ ᠢᠯᠮ᠎ᠠ ᠡᠢᠨ ᠦᠭᠡᠢ ᠪᠣᠯᠪᠠ᠃ ᠶᠡᠷᠦ ᠵᠣᠪᠠᠭᠤᠷᠢ ᠬᠤᠷᠠᠭᠠᠭᠠ ᠦᠭᠡᠢ ᠴᠠᠭᠠᠨ ᠴᠢᠷᠠᠢ ᠨᠢ ᠤᠨᠲᠠᠵᠤ ᠪᠣᠢ ᠬᠥᠮᠦᠨ ᠮᠡᠲᠦ ᠠᠮᠤᠭᠤᠯᠠᠩ ᠠᠭᠠᠳ ᠰᠦᠷᠯᠢᠭ ᠠᠵᠤᠭᠤ᠃ ᠡᠷᠬᠡᠬᠠᠷᠠ ᠶ᠋ᠢᠨ ᠬᠦᠷᠢᠶ᠎ᠡ ᠥᠷᠯᠥᠭᠡᠨ ᠦ᠌ ᠨᠠᠷᠠᠨ ᠢ᠋ᠶ᠋ᠠᠷ ᠪᠦᠷᠢᠨ ᠪᠠᠢᠯ᠎ᠠ᠃ ᠬᠤᠴᠢᠯᠭᠠᠠ᠋ᠴᠠ ᠪᠠᠨ ᠪᠣᠰᠬᠤ ᠪᠠᠷ ᠰᠤᠨᠢᠶᠠᠵᠤ ᠰᠡᠷᠡᠭᠰᠡᠨ ᠡᠷᠡᠰ ᠦ᠋ᠨ ᠨᠢᠭᠡ ᠳ᠋ᠦ᠍ᠨᠢ ᠴᠦ᠍ ᠢᠯᠳᠦ ᠣᠯᠳᠠᠭᠰᠠᠨ ᠦᠭᠡᠢ ᠠᠭᠠᠳ ᠮᠠᠢᠬᠠᠨ ᠪᠦᠷᠢ ᠳ᠋ᠦ᠍ ᠣᠨᠣᠭᠠᠵᠤ ᠲᠠᠯᠪᠢᠭᠰᠠᠨ ᠶᠢᠰᠦᠭᠡᠢ ᠶ᠋ᠢᠨ ᠴᠡᠷᠢᠭ ᠦ᠋ᠳ ᠢᠯᠳᠦ ᠵᠢᠳᠠ ᠶ᠋ᠢ ᠬᠣᠷᠢᠶᠠᠨ ᠠᠪᠴᠢᠷᠠᠵᠤ ᠶᠡᠬᠡ ᠦᠷᠭᠦᠭᠡᠨ ᠦ᠌ ᠡᠮᠦᠨ᠎ᠡ ᠠᠮᠠ ᠠᠮᠠ ᠶ᠋ᠢ ᠲᠦᠰᠢᠭᠦᠯᠦᠨ ᠴᠣᠨᠳᠣᠭᠯᠠᠵᠠᠢ᠃ ᠲᠦᠳᠡᠬᠡᠨ ᠭᠠᠷ ᠮᠤᠬᠤᠷ ᠡᠷᠡᠰ ᠢ᠋ ᠳᠠᠭᠤᠨ ᠠᠪᠴᠢᠷᠠᠵᠤ ᠰᠥᠬᠥᠷᠡᠭᠦᠯᠵᠦ ᠰᠠᠭᠤᠯᠭᠠᠭᠰᠠᠨ ᠠᠪᠠᠢ᠃ ᠡᠨᠡ ᠬᠢᠷᠢ ᠶᠡᠬᠡ ᠦᠷᠭᠦᠭᠡᠨ ᠦ᠌ ᠢᠰᠡᠭᠡᠢ ᠡᠭᠦᠳᠡ ᠶ᠋ᠢ ᠵᠥᠭᠡᠯᠡᠨ ᠰᠡᠬᠦᠵᠦ ᠢᠯᠮ᠎ᠠ ᠬᠠᠲᠤᠨ ᠤ᠋ ᠬᠤᠶᠠᠭ ᠳᠤᠭᠤᠯᠠᠭ᠎ᠠ ᠲᠠᠢ ᠴᠣᠭᠴᠠᠰ ᠢ᠋ ᠭᠠᠷᠭᠠᠵᠤ ᠢᠷᠡᠬᠦ ᠳ᠋ᠦ᠍ ᠦᠭᠡ ᠬᠡᠯᠡᠯᠲᠡ ᠦᠭᠡᠢ ᠤᠴᠢᠷ ᠢ᠋ ᠤᠬᠠᠭᠠᠷᠠᠭᠰᠠᠨ ᠴᠡᠷᠢᠭ ᠦ᠋ᠳ ᠴᠢᠮᠡᠭᠡ ᠦᠭᠡᠢ ᠪᠥᠬᠥᠢᠨ ᠮᠥᠷᠭᠥᠪᠡ᠃ ᠲᠣᠷᠯᠣᠭ ᠲᠣᠭᠣᠷᠢᠯ ᠤ᠋ᠨ ᠳᠠᠭᠤᠨ ᠭᠠᠷᠴᠤ᠂
— ᠬᠡᠷᠡᠢᠳ ᠦ᠋ᠨ ᠪᠠᠭᠠᠲᠤᠷ ᠤ᠋ᠳ ᠠ᠋! ᠬᠣᠷᠵᠠᠬᠤᠰ ᠠ᠋ᠴᠠ ᠦᠯᠡᠳᠡᠭᠰᠡᠨ ᠤᠯᠤᠰ ᠭᠡᠷ ᠢ᠋ ᠳᠥᠴᠢᠨ ᠲᠡᠢᠰᠢ ᠴᠢᠩᠭᠠᠭᠠᠵᠤ᠂ ᠳᠥᠴᠢᠨ ᠭᠠᠯ ᠪᠣᠯᠭᠠᠨ ᠠᠯᠳᠠᠪᠠ᠂ ᠪᠢ᠃ ᠲᠥᠷᠥ ᠪᠡᠨ ᠲᠥᠷᠥ ᠪᠠᠢᠯᠭᠠᠬᠤ ᠭᠡᠵᠦ ᠥᠪᠡᠷ ᠦ᠋ᠨ ᠳᠡᠭᠦᠦ ᠳᠠᠢᠲᠡᠮᠦᠷ᠂ ᠪᠤᠬᠠᠲᠡᠮᠦᠷ ᠢ᠋ ᠴᠠᠭᠠᠵᠠᠯᠠᠨ ᠬᠣᠷᠣᠭᠠᠵᠤ᠂ ᠥᠨᠥᠳᠥᠷ ᠪᠢ᠁ ᠭᠡᠳ ᠡᠷᠭᠢᠨ ᠬᠠᠷᠠᠬᠤ ᠳ᠋ᠤ᠌ ᠦᠬᠦᠯᠦᠭᠦᠲᠡ ᠰᠢᠷᠬᠠᠳᠤᠭᠰᠠᠨ ᠡᠷᠬᠡᠬᠠᠷᠠ ᠶ᠋ᠢ ᠬᠣᠶᠠᠷ ᠴᠡᠷᠢᠭ ᠳᠠᠮᠨᠠᠨ ᠭᠠᠷᠴᠤ ᠢᠷᠡᠪᠡ᠃ ᠲᠡᠭᠦᠨ ᠢ᠋ ᠳᠠᠭᠠᠵᠤ ᠲᠡᠷᠰᠯᠡᠵᠦ ᠪᠣᠰᠤᠭᠰᠠᠨ ᠡᠷᠡᠰ ᠦ᠋ᠨ ᠨᠢᠳᠦᠨ ᠳ᠋ᠦ᠍ ᠠᠶᠤᠳᠠᠰᠤ ᠰᠦᠮᠡᠯᠵᠡᠨ ᠬᠠᠷᠠᠴᠠ ᠳᠠᠯᠳᠢᠷᠠᠬᠤ ᠳ᠋ᠤ᠌ ᠲᠤᠭᠤᠷᠢᠯ᠂
— ᠡᠷᠬᠡᠬᠠᠷᠠ ᠶ᠋ᠢ ᠦᠬᠦᠯ ᠳ᠋ᠦ᠍ ᠬᠦᠷᠭᠡᠪᠡ! ᠭᠡᠪᠡᠯ ᠡᠷᠬᠡᠬᠠᠷᠠ ᠵᠠᠪᠠᠵᠢ ᠪᠠᠷ ᠤᠷᠤᠰᠬᠤ ᠴᠢᠰᠤ ᠲᠠᠢ ᠰᠢᠯᠦᠰᠦ ᠪᠡᠨ ᠬᠦᠴᠦᠯᠡᠨ ᠵᠠᠯᠭᠢᠵᠤ᠂ ᠰᠢᠳᠠᠷ ᠨᠥᠬᠥᠳ ᠢ᠋ᠶ᠋ᠡᠨ ᠭᠠᠯ ᠨᠢ ᠤᠨᠲᠠᠷᠠᠵᠤ ᠪᠣᠢ ᠨᠢᠳᠦ ᠪᠡᠷ ᠬᠠᠷᠠᠨ᠂
— ᠮᠢᠨᠦ ᠴᠡᠷᠢᠭ ᠦ᠋ᠳ ᠦ᠋ᠨ ᠪᠤᠷᠤᠭᠤ ᠭᠡᠵᠦ ᠦᠭᠡᠢ ᠪᠢᠯᠡ᠃ ᠡᠳᠡᠨ ᠳ᠋ᠦ᠍ ᠥᠷᠥᠰᠢᠶᠡᠯ ᠢ᠋ ᠦᠵᠡᠭᠦᠯᠵᠦ᠂ ᠡᠩᠨᠡᠭᠡᠨ ᠳ᠋ᠡᠭᠡᠨ ᠠᠪᠤᠭᠲᠤᠨ! ᠭᠡᠳ ᠡᠷᠡᠰ ᠤᠷᠤᠭᠤ ᠪᠠᠨ ᠡᠷᠭᠢᠨ᠂
— ᠲᠠ ᠨᠠᠷ ᠲᠣᠷᠯᠣᠭ ᠲᠣᠭᠣᠷᠢᠯ ᠳ᠋ᠤ᠌ ᠨᠣᠬᠠᠢ ᠮᠡᠲᠦ ᠦᠨᠡᠨᠴᠢ ᠵᠢᠳᠬᠦᠭᠲᠦᠨ! ᠮᠥᠩᠬᠡ ᠲᠩᠷᠢ ᠲᠡᠭᠦᠨ ᠢ᠋ ᠰᠣᠶᠣᠷᠬᠠᠵᠠᠢ ᠬᠡᠮᠡᠭᠰᠡᠨ ᠢ᠋ᠶ᠋ᠡᠨ ᠬᠣᠶᠠᠷ ᠤ᠋ᠨ ᠬᠣᠶᠠᠷ ᠴᠡᠷᠢᠭ ᠰᠤᠭᠤᠳᠠᠨ ᠲᠦᠰᠢᠭᠰᠡᠭᠡᠷ ᠠᠲᠠᠯ᠎ᠠ ᠰᠤᠯᠠᠳᠠᠨ ᠰᠤᠯᠠᠳᠠᠭᠰᠠᠭᠠᠷ ᠡᠪᠦᠳᠦᠭ ᠨᠢ ᠶᠠᠭ ᠬᠢᠲᠡᠯ᠎ᠡ ᠨᠤᠭᠤᠷᠠᠵᠤ᠂ ᠲᠣᠷᠯᠣᠭ ᠲᠣᠭᠣᠷᠢᠯ ᠤ᠋ᠨ ᠡᠮᠦᠨ᠎ᠡ ᠰᠥᠭᠥᠳᠦᠨ ᠤᠨᠠᠪᠠ᠃ ᠲᠡᠷᠡ ᠪᠡᠷ ᠰᠡᠷᠡᠭᠦᠨ ᠲᠤᠩᠭᠠᠯᠠᠭ ᠲᠠᠭᠠᠨ᠂
— ᠦᠬᠦᠭᠰᠡᠨ ᠬᠣᠢᠨ᠎ᠠ ᠪᠠᠨ ᠯᠠ ᠰᠥᠬᠥᠷᠡᠬᠦ ᠪᠠᠢᠬ᠎ᠠ᠁ ᠭᠡᠮᠡᠨ ᠢᠷᠣ᠎ᠠ ᠮᠡᠲᠦ ᠥᠭᠦᠯᠡᠳᠡᠭ ᠪᠠᠢᠵᠤ ᠪᠢᠯᠡ᠃ ᠲᠣᠷᠯᠣᠭ ᠲᠣᠭᠣᠷᠢᠯ ᠳᠡᠩᠳᠡᠭᠦᠦ ᠶᠡᠬᠡ ᠦᠨ᠎ᠡ ᠪᠡᠷ ᠬᠠᠭᠠᠨ ᠲᠥᠷᠥ ᠪᠡᠨ ᠡᠷᠭᠢᠭᠦᠯᠵᠦ ᠠᠪᠤᠪᠠ᠃ ᠵᠠᠯᠠᠭᠤ ᠬᠠᠭᠠᠨ ᠦᠬᠦᠳᠡᠯ ᠢ᠋ ᠭᠤᠨᠢᠭ ᠲᠠᠢ ᠬᠠᠷᠠᠭᠰᠠᠨ ᠢ᠋ᠶ᠋ᠠᠨ ᠳᠡᠭᠦᠦ ᠶ᠋ᠢᠨ ᠢ᠋ᠶ᠋ᠡᠨ ᠰᠡᠪᠡᠯᠭᠡ ᠳᠠᠭᠠᠬᠢ ᠶ᠋ᠢ ᠨᠢ ᠬᠥᠨᠳᠡᠭᠡ ᠦᠭᠡᠢ ᠲᠡᠷᠢᠭᠦᠨ ᠢ᠋ ᠢᠯᠢᠵᠦ᠂
— ᠡᠷᠬᠡ ᠨᠣᠶᠠᠨ ᠢ᠋ ᠬᠠᠭᠠᠨ ᠶᠣᠰᠣ ᠪᠠᠷ ᠣᠩᠭᠣᠯᠠᠲᠤᠭᠠᠢ! ᠭᠡᠯᠡ᠃ ᠡᠨᠡ ᠯᠡ ᠦᠭᠡ ᠲᠡᠢ ᠬᠠᠮᠲᠤ ᠭᠣᠮᠣᠳᠠᠯ ᠭᠤᠨᠢᠭ ᠢ᠋ᠶ᠋ᠠᠨ ᠶᠡᠭᠦᠯᠡᠵᠦ ᠣᠷᠬᠢᠭᠰᠠᠨ ᠮᠡᠲᠦ ᠣᠮᠣᠭ ᠪᠠᠷᠳᠠᠮ ᠪᠣᠯᠵᠤ᠂
— ᠬᠠᠭᠠᠨ ᠡᠴᠢᠭᠡ ᠶ᠋ᠢᠨ ᠮᠢᠨᠢ ᠲᠥᠷᠥᠭᠰᠡᠨ ᠳᠡᠭᠦᠦ ᠬᠦᠷᠦ ᠬᠠᠭᠠᠨ ᠨᠠᠷᠠ ᠬᠠᠷᠠᠵᠤ ᠶᠠᠪᠤᠲᠤᠭᠠᠢ! ᠬᠡᠮᠡᠪᠡ᠃ ᠣᠯᠵᠠᠯᠠᠭᠳᠠᠭᠰᠠᠨ ᠴᠡᠷᠢᠭ ᠡᠷᠡᠰ ᠦ᠋ᠨ ᠨᠢᠳᠦᠨ ᠳ᠋ᠦ᠍ ᠠᠮᠢᠳᠤ ᠶᠠᠪᠤᠬᠤ ᠶᠡᠬᠡ ᠨᠠᠢᠳᠠᠪᠤᠷᠢ ᠠᠰᠠᠵᠤ᠂ ᠵᠠᠷ ᠵᠡᠪᠰᠡᠭ ᠢ᠋ ᠨᠢ ᠪᠤᠴᠠᠭᠠᠨ ᠲᠠᠯᠪᠢᠭᠰᠠᠨ ᠨᠢ ᠬᠠᠮᠤᠭ ᠤ᠋ᠨ ᠡᠷᠬᠢᠮ ᠱᠠᠩᠨᠠᠯ ᠪᠣᠯᠤᠨ ᠪᠠᠶᠠᠷᠯᠠᠭᠤᠯᠵᠤ ᠠᠪᠠᠢ᠃ ᠶᠢᠰᠦᠭᠡᠢ ᠪᠠᠭᠠᠲᠤᠷ ᠬᠤᠷᠠᠨ ᠴᠢᠭᠤᠯᠬᠤ ᠬᠦᠴᠦᠨ ᠵᠤᠵᠠᠭᠠᠷᠠᠵᠤ ᠪᠣᠢ ᠳ᠋ᠤ᠌ ᠪᠡᠶᠡᠰᠦᠨ᠂
— ᠬᠦᠷᠦ ᠬᠠᠭᠠᠨ ᠴᠡᠷᠢᠭ ᠢ᠋ᠶ᠋ᠡᠨ ᠮᠡᠳᠡᠲᠦᠭᠡᠢ! ᠬᠡᠮᠡᠬᠦ ᠳ᠋ᠦ᠍ ᠠᠮᠢ ᠭᠠᠷᠬᠤ ᠭᠣᠷᠢ ᠰᠦᠮᠡᠯᠵᠡᠵᠦ ᠠᠭᠰᠠᠨ ᠡᠷᠡᠰ《ᠬᠤᠷᠤᠢ᠁ ᠬᠤᠷᠤᠢ᠁》 ᠭᠡᠮᠡᠨ ᠨᠢᠷ ᠬᠢᠵᠡᠢ᠃ ᠶᠠᠭᠤ ᠲᠠᠢ ᠴᠤ᠌ ᠬᠡᠷᠡᠢᠳ ᠠᠢᠮᠠᠭ ᠢ᠋ ᠠᠪᠤᠨ ᠬᠠᠢᠯᠵᠤ ᠠᠭᠰᠠᠨ ᠠᠲᠠᠭ᠎ᠠ ᠬᠣᠷᠣᠰᠤᠯ ᠤ᠋ᠨ ᠲᠦᠢᠮᠡᠷ ᠤᠨᠲᠠᠷᠠᠪᠠ᠃ ᠣᠳᠣ ᠲᠠᠶᠠᠨ ᠬᠠᠭᠠᠨ ᠤ᠋ ᠢᠯᠡᠭᠡᠬᠦ ᠶᠡᠬᠡ ᠴᠡᠷᠢᠭ ᠲᠡᠢ ᠢᠯᠳᠦ ᠪᠡᠷ ᠪᠤᠰᠤ᠂ ᠮᠡᠨᠳᠦ ᠪᠡᠷ ᠤᠴᠠᠷᠠᠬᠤ ᠶ᠋ᠢᠨ ᠡᠪ ᠡᠶ᠎ᠡ ᠶᠠᠭᠤ ᠪᠢᠯᠡ ᠭᠡᠮᠡᠨ ᠪᠣᠳᠣᠵᠤ ᠬᠦᠯᠢᠶᠡᠪᠡ᠃ ᠶᠠᠭ ᠶᠠᠪᠠᠭᠠᠨ ᠤ᠋ ᠤᠷᠲᠤ ᠪᠡᠶ᠎ᠡ ᠳ᠋ᠦ᠍ ᠬᠠᠭᠠᠨ ᠤᠷᠤᠭ ᠤ᠋ᠨ ᠬᠣᠶᠠᠷ ᠨᠣᠶᠠᠨ ᠤ᠋ ᠠᠯᠲᠠᠨ ᠱᠠᠷᠢᠯ ᠢ᠋ ᠬᠦᠨᠳᠦᠯᠡᠨ ᠣᠩᠭᠣᠯᠠᠵᠤ᠂ ᠱᠠᠷᠢᠯ ᠣᠷᠣᠰᠢᠭᠰᠠᠨ ᠨᠤᠲᠤᠭ ᠠ᠋ᠴᠠ ᠬᠦᠷᠢᠶ᠎ᠡ ᠨᠡᠭᠦᠳᠡᠯᠯᠡᠵᠦ ᠡᠳᠦᠷᠴᠢ ᠶ᠋ᠢᠨ ᠭᠠᠵᠠᠷ ᠪᠠᠭᠤᠵᠠᠢ᠃ ᠰᠢᠨ᠎ᠡ ᠨᠤᠲᠤᠭ ᠲᠤ᠌ ᠮᠠᠢᠬᠠᠨ ᠳᠡᠷᠪᠡᠵᠦ᠂ ᠲᠤᠯᠭ᠎ᠠ ᠶ᠋ᠢᠨ ᠭᠤᠷᠪᠠᠨ ᠴᠢᠯᠠᠭᠤ ᠪᠠᠷ ᠭᠠᠯ ᠴᠢᠳᠥᠷᠯᠡᠨ ᠲᠣᠬᠢᠯᠠᠬᠤ ᠦᠶᠡᠰ ᠬᠦᠷᠦ ᠬᠠᠨ ᠶᠣᠰᠣᠯᠠᠯ ᠤ᠋ᠨ ᠬᠤᠪᠴᠠᠰᠤ ᠠᠰᠠᠭᠠᠨ ᠣᠷᠣᠵᠤ ᠢᠷᠡᠭᠰᠡᠨ ᠢ᠋ᠶ᠋ᠡᠨ᠂
— ᠶᠢᠰᠦᠭᠡᠢ ᠪᠠᠭᠠᠲᠤᠷ᠂ ᠬᠠᠮᠤᠭ ᠮᠣᠩᠭᠣᠯ ᠤ᠋ᠨ ᠬᠠᠭᠠᠨ ᠤᠷᠤᠭ ᠤ᠋ᠨ ᠬᠥᠪᠡᠭᠦᠨ ᠲᠠ ᠬᠡᠷᠡᠢᠳ ᠦ᠋ᠨ ᠵᠠᠶᠠᠭᠠᠨ ᠳ᠋ᠤ᠌ ᠪᠤᠶᠠᠨ ᠢ᠋ᠶ᠋ᠠᠨ ᠨᠡᠮᠡᠵᠦ᠂ ᠬᠡᠴᠡᠭᠦᠦ ᠴᠠᠭᠠ᠋ᠴᠠ ᠬᠣᠶᠠᠷ ᠤᠳᠠᠭ᠎ᠠ ᠭᠡᠲᠦᠯᠭᠡᠪᠡ ᠭᠡᠮᠡᠨ ᠥᠭᠦᠯᠡᠭᠡᠳ ᠴᠠᠴᠠᠷ ᠤ᠋ᠨ ᠡᠭᠦᠳᠡ ᠤᠷᠤᠭᠤ ᠬᠠᠷᠠᠵᠤ ᠠᠯᠠᠭ᠎ᠠ ᠪᠠᠨ ᠭᠤᠷᠪᠠᠨᠲᠠ ᠲᠠᠰᠢᠬᠤ ᠳ᠋ᠤ᠌ ᠨᠢᠭᠤᠷ ᠤᠷᠤᠭᠤ ᠪᠠᠨ ᠭᠢᠪᠯᠡᠭᠦᠷ ᠤᠨᠵᠢᠭᠤᠯᠤᠭᠰᠠᠨ ᠭᠤᠸ᠎ᠠ ᠪᠦᠰᠡᠭᠦᠢ ᠢᠴᠢᠩᠭᠦᠢᠷᠡᠨ ᠣᠷᠣᠵᠤ ᠢᠷᠡᠯ᠎ᠡ᠃ ᠲᠣᠷᠯᠣᠭ ᠲᠣᠭᠣᠷᠢᠯ ᠬᠠᠨ ᠠᠬ᠎ᠠ ᠶ᠋ᠢᠨ ᠦᠭᠡ ᠶ᠋ᠢ ᠳᠠᠮᠵᠢᠨ᠂
— ᠰᠡᠷᠢᠺ ᠬᠠᠨ ᠡᠪᠦᠭᠡ ᠶ᠋ᠢᠨ ᠦᠶ᠎ᠡ ᠳ᠋ᠦ᠍ ᠴᠦ᠍ ᠭᠡᠯᠡ ᠬᠦᠴᠦᠨ ᠮᠡᠬᠦᠰᠳᠡᠵᠦ᠂ ᠬᠥᠮᠦᠨ ᠵᠤᠨ ᠶᠠᠳᠠᠷᠠᠵᠤ ᠲᠤᠢᠯᠳᠠᠬᠤ ᠳ᠋ᠤ᠌ ᠬᠠᠮᠤᠭ ᠮᠣᠩᠭᠣᠯ ᠯᠠ ᠭᠠᠷ ᠰᠣᠩᠭᠣᠵᠤ ᠡᠷ᠎ᠡ ᠪᠦᠬᠦᠨ ᠳ᠋ᠦ᠍ ᠠᠷᠪᠠᠨ ᠮᠣᠷᠢ ᠲᠤᠰᠠᠯᠠᠵᠤ ᠠᠭᠰᠠᠨ ᠢ᠋ ᠪᠢᠳᠡ ᠡᠰᠡ ᠮᠠᠷᠲᠠᠬᠤ ᠪᠢᠯᠡ᠃ ᠤᠷᠤᠭ ᠤ᠋ᠨ ᠴᠢᠰᠤ ᠠᠷᠢᠭᠤᠨ᠂ ᠤᠳᠤᠮ ᠤ᠋ᠨ ᠨᠡᠷ᠎ᠡ ᠭᠡᠭᠡᠨ ᠭᠦᠩᠵᠦ ᠪᠢᠯᠡ᠃ ᠲᠠᠭᠠᠯᠠᠵᠤ ᠬᠠᠢᠷᠠᠯᠠ! ᠬᠡᠮᠡᠵᠡᠢ᠃ ᠶᠢᠰᠦᠭᠡᠢ ᠪᠠᠭᠠᠲᠤᠷ ᠴᠡᠮᠴᠡᠢᠨ ᠰᠠᠭᠤᠭᠰᠠᠨ ᠵᠡᠭᠵᠡᠭᠡᠷ ᠪᠦᠰᠡᠭᠦᠢ ᠶ᠋ᠢ ᠬᠠᠷᠠᠭᠠᠳ ᠥᠭᠡᠯᠦᠨ ᠥᠵᠢᠨ ᠢ᠋ᠶ᠋ᠡᠨ ᠡᠷᠬᠡ ᠦᠭᠡᠢ ᠰᠠᠨᠠᠵᠤ᠂ ᠣᠯᠠᠨ ᠤ᠋ ᠳᠤᠮᠳᠠᠭᠤᠷ ᠨᠢᠭᠤᠵᠤ ᠰᠢᠷᠳᠡᠳᠡᠭ ᠤᠴᠢᠷᠲᠠᠢᠬᠠᠨ ᠨᠢᠳᠦ ᠶ᠋ᠢ ᠨᠢ ᠦᠵᠡᠬᠦ ᠰᠢᠭ ᠪᠣᠯᠪᠠ᠃ ᠵᠠᠯᠠᠭᠤ ᠪᠠᠭᠠᠲᠤᠷ ᠮᠢᠰᠢᠯᠵᠡᠨ ᠭᠦᠩᠵᠦ ᠶ᠋ᠢ ᠬᠠᠷᠠᠵᠤ ᠬᠠᠷᠠᠵᠤ᠂
— ᠮᠢᠨᠦ ᠪᠡᠶ᠎ᠡ ᠴᠠᠭ ᠢ᠋ ᠣᠯᠵᠤ᠂ ᠴᠡᠷᠢᠭ ᠢ᠋ ᠵᠠᠰᠠᠵᠤ ᠢᠷᠡᠭᠰᠡᠨ ᠳ᠋ᠡᠭᠡᠨ ᠬᠢᠯᠠᠢᠵᠤ ᠰᠠᠭᠤᠨ᠎ᠠ᠃ ᠬᠠᠷᠢᠨ ᠦᠶ᠎ᠡ ᠶ᠋ᠢᠨ ᠦᠶ᠎ᠡ ᠳ᠋ᠦ᠍ ᠵᠦᠪᠥ᠋ ᠠᠷᠪᠠᠨ ᠨᠠᠢ᠍ᠮᠠᠨ ᠠᠢᠮᠠᠭ ᠲᠤ᠌ ᠳᠠᠢᠰᠤᠩᠨᠠᠵᠤ᠂ ᠦᠷ᠎ᠡ ᠶ᠋ᠢᠨ ᠦᠷ᠎ᠡ ᠳ᠋ᠦ᠍ ᠮᠠᠷᠲᠠᠬᠤ ᠶ᠋ᠢᠨ ᠠᠷᠭ᠎ᠠ ᠦᠭᠡᠢ ᠪᠡᠷ ᠠᠬ᠎ᠠ ᠳᠡᠭᠦᠦᠰ ᠢ᠋ ᠮᠢᠨᠢ ᠬᠤᠯᠠᠭᠠᠢᠯᠠᠨ ᠣᠳᠤᠭᠰᠠᠨ ᠶᠢᠰᠦᠨ ᠲᠠᠲ᠋ᠠᠷ ᠢ᠋ ᠪᠦᠦ ᠮᠠᠷᠲᠠᠭᠲᠤᠨ! ᠲᠡᠳᠡᠨ ᠡᠴᠡ ᠥᠰᠢᠶ᠎ᠡ ᠠᠪᠬᠤ ᠳ᠋ᠤ᠌ ᠵᠣᠷᠢᠯᠭ᠎ᠠ ᠪᠠᠨ ᠨᠢᠭᠡᠳᠬᠡᠬᠦ ᠶ᠋ᠢ᠂ ᠵᠣᠪᠠᠯᠠᠩ ᠢ᠋ᠶ᠋ᠠᠨ ᠨᠢᠮᠭᠡᠯᠡᠬᠦ ᠶ᠋ᠢ ᠬᠦᠷᠦ ᠬᠠᠨ ᠲᠠ ᠮᠡᠳᠡᠲᠦᠭᠡᠢ! ᠬᠡᠮᠡᠯ᠎ᠡ᠃ ᠴᠠᠴᠠᠷ ᠲᠤ᠌ ᠠᠰᠠᠵᠤ ᠠᠭᠰᠠᠨ ᠭᠠᠯ ᠤ᠋ᠨ ᠣᠴᠢ ᠦᠰᠦᠴᠢᠨ ᠱᠠᠵᠢᠭᠢᠨᠠᠵᠤ᠂ ᠭᠠᠳᠠᠭ᠎ᠠ ᠶᠠᠭ ᠶᠠᠪᠠᠭᠠᠨ ᠤ᠋ ᠭᠣᠣᠯ ᠮᠡᠯᠮᠡᠷᠡᠨ ᠳᠡᠯᠡᠭᠦᠯᠬᠦ ᠨᠢ ᠪᠦᠳᠡᠭᠢ ᠪᠠᠳᠠᠭᠢᠬᠠᠨ ᠰᠣᠨᠣᠰᠳᠠᠨ᠎ᠠ᠃ ᠶᠢᠰᠦᠭᠡᠢ ᠪᠠᠭᠠᠲᠤᠷ ᠬᠢᠪᠯᠡᠭᠦᠷᠲᠦ ᠪᠦᠰᠡᠭᠦᠢ ᠶ᠋ᠢᠨ ᠵᠤᠯᠵᠠᠭᠠᠨ ᠬᠤᠨ ᠤ᠋ ᠳᠡᠯᠢ ᠰᠢᠭ ᠴᠠᠭᠠᠨ ᠭᠠᠷ ᠢ᠋ ᠪᠠᠷᠢᠵᠤ ᠬᠠᠷᠠᠭᠠᠳ᠂
— ᠪᠠᠶᠠᠨ ᠬᠣᠲᠣᠭᠣᠷ᠂ ᠤᠷᠢᠨ ᠬᠣᠲᠣᠭᠣᠷ ᠬᠣᠣᠰᠯᠠᠭᠰᠠᠨ ᠪᠦᠰᠡᠭᠦᠢ ᠠᠵᠢ᠃ ᠳᠠᠩᠴᠤ ᠰᠡᠷᠢᠺ ᠬᠠᠨ ᠡᠪᠦᠭᠡ ᠮᠣᠩᠭᠣᠯᠴᠤᠳ ᠪᠢᠳᠡᠨ ᠢ᠋ ᠳᠡᠭᠦᠦᠰ ᠭᠡᠮᠡᠨ ᠨᠡᠷᠡᠯᠡᠵᠦ᠂ ᠬᠣᠭᠣᠷᠣᠨᠳᠣ ᠪᠠᠨ ᠭᠡᠷᠯᠡᠬᠦ ᠦᠭᠡᠢ᠂ ᠬᠣᠶᠠᠷ ᠪᠡᠶᠡᠰ ᠨᠥᠬᠥᠷᠯᠡᠨ ᠶᠠᠪᠤᠬᠤ ᠶ᠋ᠢ ᠰᠠᠨᠠᠭᠤᠯᠤᠭᠰᠠᠨ ᠪᠢᠯᠡ! ᠭᠡᠪᠡ᠃ ᠡᠯ᠎ᠡ ᠪᠦᠯᠦᠭ ᠦᠭᠡ ᠶ᠋ᠢ ᠬᠥᠩᠬᠥᠷ ᠬᠣᠷᠴᠢ ᠶ᠋ᠢᠨ ᠦᠦᠬᠡ ᠲᠡᠦᠬᠡ ᠡᠴᠡ ᠲᠠᠰᠤᠯᠵᠤ ᠬᠡᠯᠡᠭᠰᠡᠨ ᠠᠪᠠᠢ᠃ ᠶᠡᠷᠦ ᠦᠨᠡᠨ ᠪᠣᠯᠵᠤ ᠲᠠᠭᠠᠷᠠᠪᠠ᠃ ᠲᠣᠷᠯᠣᠭ ᠲᠣᠭᠣᠷᠢᠯ ᠤ᠋ᠨ ᠪᠠᠶᠠᠷᠲᠤ ᠴᠢᠷᠠᠢ ᠲᠥᠪ ᠳᠠᠷᠤᠤᠬᠠᠨ ᠪᠣᠯᠵᠤ᠂ ᠬᠦᠷᠦ ᠬᠠᠨ ᠡᠪᠦᠭᠡ ᠶ᠋ᠢᠨ ᠵᠠᠷᠯᠢᠭ ᠵᠥᠷᠢᠴᠡᠵᠦ ᠨᠢᠭᠦᠯ ᠦᠢᠯᠡᠳᠦᠭᠰᠡᠨ ᠢ᠋ᠶ᠋ᠡᠨ ᠮᠡᠳᠡᠷᠡᠨ ᠨᠠᠪᠲᠠᠰ ᠬᠢᠬᠦ ᠳ᠋ᠦ᠍ ᠶᠢᠰᠦᠭᠡᠢ ᠪᠠᠭᠠᠲᠤᠷ᠂ ᠬᠣᠲᠣᠯᠠ ᠠᠪᠠᠭ᠎ᠠ ᠶ᠋ᠢᠨ ᠬᠦᠰᠡᠯ ᠢ᠋ ᠭᠦᠢᠴᠡᠭᠡᠵᠦ ᠮᠡᠷᠭᠡᠨ ᠨᠡᠭᠦᠳᠡᠯ ᠬᠢᠭᠰᠡᠨ ᠳ᠋ᠡᠭᠡᠨ ᠪᠠᠶᠠᠷᠯᠠᠵᠤ᠂
— ᠬᠠᠲᠤᠨ ᠬᠥᠮᠦᠨ ᠬᠠᠭᠠᠨ ᠲᠥᠷᠥ ᠶ᠋ᠢᠨ ᠲᠥᠯᠥᠭᠡ ᠦᠬᠦᠵᠦ ᠴᠢᠳᠠᠳᠠᠭ ᠢ᠋ ᠢᠯᠮ᠎ᠠ ᠡᠬᠡ ᠪᠢᠳᠡᠨ ᠳ᠋ᠦ᠍ ᠪᠡᠶ᠎ᠡ ᠪᠡᠷ ᠦᠵᠡᠭᠦᠯᠦᠭᠰᠡᠨ ᠪᠢᠯᠡ᠃ ᠭᠦᠩᠵᠦ ᠴᠢ᠂ ᠡᠨᠡ ᠵᠠᠶᠢᠭ ᠢ᠋ ᠳᠠᠭᠠᠵᠤ ᠨᠠᠢ᠍ᠮᠠᠨ ᠤ᠋ ᠳᠠᠶᠠᠨ ᠬᠠᠨ ᠳ᠋ᠤ᠌ ᠣᠴᠢᠪᠠᠰᠤ ᠡᠷᠬᠡᠬᠠᠷᠠ ᠶ᠋ᠢ ᠥᠮᠥᠭᠡᠷᠡᠵᠦ ᠳᠠᠯᠠᠢᠬᠤ ᠢᠯᠳᠦ ᠬᠠᠯᠢᠷᠠᠵᠤ᠂ ᠰᠤᠮᠤ ᠵᠤᠯᠠᠷᠠᠵᠤ ᠲᠥᠭᠡᠷᠢᠬᠦ ᠪᠤᠰᠤ ᠤᠤ? ᠭᠡᠵᠡᠢ᠃ ᠠᠪᠠᠭ᠎ᠠ ᠬᠦᠷᠦ ᠬᠠᠨ ᠴᠤ᠌᠂ ᠡᠷᠲᠡᠨ ᠦ᠌ ᠠᠨᠳᠠ ᠲᠣᠷᠯᠣᠭ ᠲᠤᠭᠤᠷᠢᠯ ᠴᠤ᠌ ᠡᠯ᠎ᠡ ᠪᠣᠳᠣᠯ ᠢ᠋ ᠨᠠᠮᠳᠠᠭᠠᠬᠤ ᠰᠠᠨᠠᠯ ᠣᠯᠵᠤ ᠡᠰᠡ ᠴᠢᠳᠠᠪᠠ᠃ ᠲᠡᠭᠦᠨ ᠦ᠌ ᠨᠢᠳᠦᠨ ᠳ᠋ᠦ᠍ ᠶᠢᠰᠦᠭᠡᠢ ᠪᠠᠭᠠᠲᠤᠷ ᠡᠨᠡ ᠡᠷᠬᠢᠮ ᠦᠢᠯᠡ ᠶ᠋ᠢ ᠪᠦᠲᠦᠭᠡ ᠭᠡᠵᠦ ᠲᠩᠷᠢ ᠢᠯᠡᠭᠡᠭᠰᠡᠨ ᠡᠯᠴᠢ ᠮᠡᠲᠦ ᠰᠦᠷᠯᠢᠭ᠂ ᠣᠮᠣᠭᠯᠠᠩ ᠬᠠᠷᠠᠭᠳᠠᠭᠰᠠᠨ ᠠᠭᠠᠳ ᠦᠭᠡ ᠶ᠋ᠢᠨ ᠬᠢᠨᠢ ᠠᠶ᠎ᠠ ᠪᠠᠷ ᠳᠠᠭᠠᠵᠤ᠂ ᠨᠢᠳᠦᠨ ᠦ᠌ ᠬᠢᠨᠢ ᠬᠠᠷᠠᠴᠠ ᠪᠠᠷ ᠶᠠᠪᠤᠬᠤᠠ᠋ᠴᠠ ᠥᠭᠡᠷ᠎ᠡ ᠠᠷᠭ᠎ᠠ ᠦᠭᠡᠢ ᠰᠠᠨᠠᠭᠳᠠᠪᠠ᠃
6
ᠴᠠᠭᠠᠭᠴᠢᠨ ᠮᠣᠭᠠᠢ ᠵᠢᠯ(1161 ᠣᠨ) ᠤ᠋ ᠡᠪᠦᠯ ᠦ᠋ᠨ ᠠᠳᠠᠭ ᠰᠠᠷ᠎ᠠ ᠶ᠋ᠢᠨ ᠬᠠᠭᠤᠴᠢᠳ ᠢ᠋ᠶ᠋ᠠᠷ ᠪᠡᠷᠲᠡᠨ ᠨᠣᠶᠠᠨ ᠲᠠᠪᠢᠨ ᠳᠣᠯᠣᠭᠠᠨ ᠨᠠᠰᠤᠨ ᠳᠡᠭᠡᠷ᠎ᠡ ᠪᠡᠨ ᠲᠩᠷᠢ ᠪᠣᠯᠪᠠ᠃ ᠴᠠᠰᠤ ᠪᠤᠲᠠᠷᠠᠭᠰᠠᠨ ᠴᠠᠭᠠᠨ ᠪᠤᠭᠤᠷᠤᠯ ᠡᠳᠦᠷ ᠶᠡᠬᠡ ᠬᠣᠷᠢᠭ ᠲᠤ᠌ ᠴᠢᠮᠡᠭᠡ ᠦᠭᠡᠢ ᠣᠩᠭᠣᠯᠠᠬᠤ ᠶ᠋ᠢ ᠬᠣᠲᠣᠯᠠ ᠬᠠᠭᠠᠨ ᠵᠠᠷᠯᠢᠭ ᠪᠣᠯᠭᠠᠨ ᠮᠡᠩᠭᠡᠲᠦ ᠬᠢᠶᠠᠨ ᠲᠡᠷᠢᠭᠦᠲᠦ ᠬᠠᠨ ᠬᠥᠪᠡᠭᠦᠳ ᠢ᠋ ᠳᠡᠷᠡ ᠪᠣᠯᠭᠠᠬᠤ ᠪᠠᠭ ᠴᠡᠷᠢᠭ ᠦ᠋ᠨ ᠬᠠᠮᠲᠤ ᠢᠯᠡᠭᠡᠵᠡᠢ᠃ ᠴᠢᠩᠭᠢᠬᠦ ᠳ᠋ᠡᠭᠡᠨ᠂ ᠬᠠᠪᠤᠷ ᠤ᠋ᠨ ᠲᠡᠷᠢᠭᠦᠨ ᠰᠠᠷ᠎ᠠ ᠶ᠋ᠢᠨ ᠰᠢᠨ᠎ᠡ ᠶ᠋ᠢᠨ ᠶᠢᠰᠦᠨ ᠢ᠋ ᠶᠡᠬᠡ ᠴᠡᠷᠢᠭ ᠦ᠋ᠨ ᠲᠤᠪᠲᠤ ᠡᠳᠦᠷ! ᠭᠡᠮᠡᠨ ᠵᠠᠷᠯᠠᠵᠤ ᠠᠪᠠᠢ᠃ ᠡᠢᠨ ᠶᠢᠰᠦᠨ ᠲᠠᠲ᠋ᠠᠷ ᠠ᠋ᠴᠠ ᠶᠠᠯ᠎ᠠ ᠠᠰᠠᠭᠤᠬᠤ ᠵᠢᠷᠤᠬᠠᠢ ᠶ᠋ᠢᠨ ᠵᠢᠷᠤᠯᠭ᠎ᠠ ᠲᠣᠳᠣᠷᠠᠭᠰᠠᠨ ᠬᠡᠷᠡᠭ ᠠ᠋! ᠴᠠᠰᠤ ᠳᠠᠷᠤᠭᠰᠠᠨ ᠬᠥᠬᠡ ᠬᠥᠪᠴᠢ ᠶ᠋ᠢᠨ ᠭᠦᠨ ᠤᠷᠤᠭᠤ ᠨᠡᠭᠦᠨ ᠲᠠᠢᠵᠢ᠂ ᠬᠠᠭᠠᠨ ᠤ᠋ ᠬᠥᠪᠡᠭᠦᠳ ᠡᠴᠡ ᠬᠡᠷᠮᠡᠦ᠂ ᠵᠣᠴᠢ᠂ ᠬᠤᠯᠠᠨ ᠪᠠᠭᠠᠲᠤᠷ ᠥᠪᠡᠷ ᠢ᠋ᠶ᠋ᠡᠨ ᠠᠪᠠ ᠬᠣᠮᠣᠷᠭᠠᠨ ᠳ᠋ᠤ᠌ ᠮᠣᠷᠳᠠᠭᠰᠠᠨ ᠲᠤᠯᠠ ᠶᠡᠬᠡ ᠴᠡᠷᠡᠨ ᠬᠥᠪᠡᠭᠦᠨ ᠢ᠋ᠶ᠋ᠡᠨ ᠢᠯᠡᠭᠡᠵᠡᠢ᠃ ᠭᠠᠳᠠᠨ᠎ᠠ ᠶ᠋ᠢᠨ ᠬᠥᠮᠦᠨ ᠭᠡᠪᠡᠯ ᠰᠣᠯᠵᠢᠷ ᠬᠤᠸᠠ ᠰᠠᠷᠯᠤᠭ ᠤᠨᠤᠭᠰᠠᠨ ᠲᠥᠷᠥ ᠶ᠋ᠢᠨ ᠬᠣᠷᠴᠢ ᠬᠥᠩᠬᠥᠷ ᠠᠪᠠᠢ᠃ ᠲᠡᠷᠡ ᠮᠥᠨᠥ ᠬᠢ ᠯᠡ ᠴᠠᠭᠠᠨ ᠬᠥᠳᠥᠰᠥᠨ ᠳᠡᠪᠡᠯ ᠢ᠋ᠶ᠋ᠡᠨ ᠡᠮᠦᠰᠴᠦ᠂ ᠬᠤᠨ ᠬᠤᠭᠤᠷ ᠢ᠋ᠶ᠋ᠠᠨ ᠡᠭᠦᠷᠴᠡᠢ᠃ ᠡᠢᠨ ᠴᠥᠭᠡᠪᠦᠷᠢ ᠬᠥᠮᠦᠨ ᠦᠷ ᠴᠦᠷ ᠢ᠋ᠶ᠋ᠡᠷ ᠡᠷᠲᠡᠯᠡᠨ ᠪᠣᠰᠴᠤ ᠵᠡᠯᠢᠭᠦᠳ ᠬᠠᠷᠭᠤᠢ ᠪᠠᠷᠠᠳᠠᠨ ᠶᠠᠪᠤᠭᠰᠠᠭᠠᠷ ᠪᠤᠳᠠᠩᠲᠤ ᠬᠥᠪᠴᠢ ᠤᠷᠤᠭᠤ ᠰᠢᠷᠭᠤᠵᠤ ᠠᠪᠠᠢ᠃ ᠪᠤᠷᠬᠠᠨ ᠬᠠᠯᠳᠤᠨ ᠠᠭᠤᠯᠠ ᠶ᠋ᠢᠨ ᠡᠩᠭᠡᠷ ᠳᠠᠭᠠᠵᠤ ᠬᠥᠲᠥᠯᠦᠭᠡ ᠮᠣᠷᠢ ᠰᠠᠯᠭᠠᠨ ᠠᠷᠪᠠᠭᠠᠳ ᠬᠣᠨᠣᠭ ᠵᠢᠳᠬᠦᠭᠦᠯᠦᠨ ᠶᠡᠬᠡ ᠬᠣᠷᠢᠭ ᠲᠤ᠌ ᠢᠷᠡᠳᠡᠭ ᠪᠢᠯᠡ᠃ ᠲᠡᠨᠳᠡ ᠮᠥᠨ ᠲᠡᠳᠦᠢ ᠬᠣᠨᠣᠭ ᠣᠩᠭᠣᠯᠠᠬᠤ ᠪᠤᠩᠬᠤᠨ᠂ ᠣᠷᠣᠰᠢᠭᠤᠯᠬᠤ ᠶᠣᠰᠣᠨ ᠬᠢᠵᠦ ᠭᠦᠢᠴᠡᠳᠬᠡᠭᠡᠳ ᠴᠠᠰᠤᠨ ᠤ᠋ ᠪᠤᠳᠠᠩ ᠪᠦᠷᠬᠦᠭᠰᠡᠨ ᠪᠤᠭᠤᠷᠤᠯ ᠬᠥᠪᠴᠢ ᠡᠴᠡ ᠶᠡᠷᠦ ᠳ᠋ᠡᠭᠡᠨ ᠵᠢᠷᠭᠤᠭᠠᠨ ᠬᠠᠯᠠᠭᠤᠨ ᠠᠮᠢ ᠯᠠ ᠭᠠᠷᠴᠤ ᠢᠷᠡᠵᠡᠢ᠃ ᠡᠢᠨ ᠪᠠᠷᠳᠠᠨᠪᠠᠭᠠᠲᠤᠷ ᠦᠭᠡᠢ ᠪᠣᠯᠪᠠ᠃ ᠬᠠᠭᠠᠴᠠᠯ ᠤ᠋ᠨ ᠨᠢᠯᠪᠤᠰᠤ ᠨᠢ ᠬᠠᠲᠠᠭ᠎ᠠ ᠦᠭᠡᠢ ᠲᠡᠳᠡᠨ ᠦ᠌ ᠵᠢᠷᠦᠬᠡ ᠶ᠋ᠢ ᠶᠢᠰᠦᠨ ᠲᠠᠲ᠋ᠠᠷ ᠢ᠋ ᠵᠦᠬᠡᠨ ᠬᠣᠷᠣᠰᠬᠤ ᠰᠡᠳᠬᠢᠯ ᠬᠤᠷᠴᠠᠯᠠᠵᠠᠢ᠃ ᠮᠡᠩᠭᠢᠲᠦ ᠬᠢᠶᠠᠨ ᠲᠡᠮᠦᠷᠲᠦ ᠶ᠋ᠢᠨ ᠳᠠᠪᠠᠭᠠᠨ ᠳ᠋ᠤ᠌ ᠪᠠᠭᠤᠭᠰᠠᠨ ᠥᠪᠡᠷ ᠦ᠋ᠨ ᠬᠦᠷᠢᠶ᠎ᠡ ᠶ᠋ᠢ ᠳᠠᠭᠠᠷᠢᠵᠤ᠂ ᠳᠠᠯᠠᠨ ᠲᠡᠮᠡᠭᠡ ᠠᠴᠢᠶ᠎ᠠ ᠬᠥᠳᠡᠯᠭᠡᠵᠦ ᠠᠪᠠᠢ᠃ ᠡᠨᠡ ᠨᠢ ᠬᠠᠮᠤᠭ ᠮᠣᠩᠭᠣᠯ ᠤ᠋ᠨ ᠰᠦᠷ ᠰᠦᠯᠳᠡ ᠪᠣᠯᠤᠭᠰᠠᠨ ᠡᠷᠡᠰ ᠦ᠋ᠨ ᠵᠠᠷ ᠵᠡᠪᠰᠡᠭ ᠶᠦᠮ᠃ ᠲᠡᠷᠡ ᠪᠡᠷ ᠥᠪᠡᠷ ᠦ᠋ᠨ ᠬᠥᠰᠬᠡ ᠶ᠋ᠢ ᠲᠡᠷᠢᠭᠦᠯᠡᠵᠦ ᠬᠥᠯᠥᠨ ᠳᠠᠯᠠᠢ ᠶ᠋ᠢ ᠵᠦᠭᠯᠡᠵᠡᠢ᠃ ᠶᠡᠬᠡ ᠴᠡᠷᠢᠭ ᠲᠡᠢ ᠮᠠᠨᠠᠩ ᠲᠤᠭᠤᠯᠵᠤ᠂ ᠵᠠᠬ᠎ᠠ ᠶ᠋ᠢᠨ ᠬᠠᠷ᠎ᠠ ᠣᠪᠣᠭᠠᠨ ᠤ᠋ ᠳᠠᠷᠠᠰᠤᠲᠤ ᠬᠣᠭᠣᠯᠠᠢ ᠳ᠋ᠤ᠌ ᠠᠭᠤᠯᠵᠠᠬᠤ ᠲᠣᠪ ᠲᠠᠢ ᠪᠥᠯᠥᠭᠡ᠃ ᠵᠡᠪᠰᠡᠭ ᠬᠠᠮᠠᠭᠠᠯᠠᠵᠤ ᠲᠠᠮᠢᠷᠯᠡᠨ ᠨᠣᠶᠠᠨ ᠤ᠋ ᠳᠣᠮᠣᠭᠲᠤ ᠮᠢᠩᠭᠠᠲᠤ ᠬᠥᠳᠡᠯᠪᠡ᠃ ᠬᠤᠲᠤᠭᠲᠤ ᠨᠣᠶᠠᠨ ᠤ᠋ ᠪᠦᠷᠢᠪᠥ᠋ᠬᠡ ᠶᠡᠬᠡ ᠬᠣᠷᠢᠭᠠ᠋ᠴᠠ ᠢᠷᠡᠬᠦ ᠳ᠋ᠦ᠍ᠨᠢ ᠨᠡᠭᠦᠨ ᠲᠠᠢᠵᠢ ᠶ᠋ᠢ ᠲᠣᠰᠣᠨ ᠠᠪᠴᠤ᠂
— ᠠᠷᠪᠠᠨ ᠲᠦᠮᠡᠨ ᠠᠭᠲᠠ ᠪᠠᠨ ᠵᠠᠭᠤᠨ ᠭᠤᠴᠢᠨ ᠵᠢᠷᠭᠤᠭᠠᠨ ᠰᠠᠭᠤᠷᠢ ᠬᠤᠪᠢᠶᠠᠨ ᠭᠠᠵᠠᠷ ᠤ᠋ᠨ ᠨᠠᠮ ᠳᠣᠣᠷ᠎ᠠ ᠪᠠᠷ ᠬᠡᠷᠦᠯᠦᠨ ᠦ᠌ ᠤᠷᠲᠤ ᠪᠡᠶ᠎ᠡ ᠪᠡᠷ ᠬᠥᠳᠡᠯᠭᠡᠭᠰᠡᠨ ᠭᠡᠮᠡᠨ ᠠᠢᠯᠠᠳᠬᠠᠵᠤ ᠠᠪᠠᠢ᠃ ᠶᠡᠬᠡ ᠴᠡᠷᠢᠭ ᠬᠥᠳᠡᠯᠬᠦ ᠲᠤᠪᠲᠤ ᠡᠳᠦᠷ ᠦ᠋ᠨ ᠥᠷᠯᠥᠭᠡ ᠤᠨᠤᠨ ᠮᠥᠷᠡᠨ ᠦ᠌ ᠤᠷᠲᠤ ᠪᠡᠶᠡᠨᠡ ᠣᠷᠣᠰᠢᠬᠤ ᠮᠣᠷᠢᠨ ᠲᠤᠯᠤᠭᠠᠳ ᠤ᠋ᠨ ᠣᠷᠣᠢ ᠳ᠋ᠤ᠌ ᠬᠣᠲᠣᠯᠠ ᠬᠠᠭᠠᠨ ᠮᠣᠷᠢᠯᠠᠨ ᠢᠷᠡᠯ᠎ᠡ᠃ ᠲᠡᠷᠡ ᠪᠡᠷ ᠡᠪᠦᠭᠡ ᠶ᠋ᠢᠨ ᠰᠢᠲᠦᠭᠡᠨ ᠬᠣᠷᠠᠠᠣᠨᠤᠭ ᠵᠢᠪᠤᠷ ᠤ᠋ᠨ ᠰᠠᠭᠯᠠᠭᠠᠷ ᠮᠣᠳᠣ ᠪᠠᠨ ᠳᠠᠬᠢᠵᠤ᠂ ᠡᠪᠦᠭᠡ ᠶ᠋ᠢᠨ ᠰᠠᠬᠢᠭᠤᠰᠤ ᠶᠡᠬᠡ ᠦᠷᠭᠦᠭᠡᠨ ᠦ᠌ ᠭᠠᠩ ᠲᠤᠯᠭ᠎ᠠ ᠪᠠᠨ ᠭᠠᠯ ᠢ᠋ᠶ᠋ᠠᠷ ᠮᠢᠯᠢᠶᠠᠨ ᠮᠣᠷᠳᠠᠵᠠᠢ᠃
— ᠮᠢᠨᠦ ᠨᠣᠶᠠᠨ ᠮᠠᠲᠠᠯ ᠲᠠᠢ ᠶᠠᠪᠤᠭᠠᠷᠠᠢ! ᠭᠡᠳ ᠪᠦᠯᠵᠢᠭᠡᠨ ᠬᠠᠲᠤᠨ ᠤ᠋ ᠳᠤᠨᠢᠶᠠᠷᠲᠤᠭᠰᠠᠨ ᠨᠢᠳᠦᠨ ᠳ᠋ᠦ᠍ ᠨᠢᠯᠪᠤᠰᠤ ᠴᠢᠢᠯᠡᠭᠰᠡᠨ ᠢ᠋ᠶ᠋ᠡᠨ᠂
— ᠠᠮᠠ ᠲᠠᠢ ᠶᠤᠮ ᠰᠢᠭ᠋ ᠯᠡ ᠰᠣᠷᠴᠢᠯᠠᠬᠤ ᠶᠤᠮ ᠪᠠᠢᠨ᠎ᠠ ᠰᠢᠦ ᠳᠡ᠁ ᠭᠡᠳ ᠬᠣᠭᠣᠯᠠᠢ ᠨᠢ ᠵᠠᠩᠭᠢᠷᠠᠵᠤ ᠪᠢᠯᠡ᠃ ᠬᠣᠲᠣᠯᠠ ᠨᠤᠮᠤ ᠶ᠋ᠢᠨ ᠬᠥᠪᠴᠢ ᠴᠢᠮᠬᠢᠭᠰᠡᠭᠡᠷ ᠡᠪᠡᠷᠰᠢᠵᠦ ᠭᠦᠢᠴᠡᠭᠰᠡᠨ ᠡᠷᠡᠬᠡᠢ ᠪᠡᠷ ᠨᠢᠯᠪᠤᠰᠤ ᠶ᠋ᠢ ᠨᠢ ᠱᠦᠷᠭᠦᠭᠡᠨ ᠠᠷᠴᠢᠭᠰᠠᠨ ᠢ᠋ᠶ᠋ᠠᠨ᠂
— ᠪᠦᠯᠵᠢᠭᠡᠨ ᠮᠢᠨᠢ᠂ ᠰᠤᠮᠤ ᠲᠣᠭᠣᠷᠢᠳᠠᠭ ᠬᠥᠮᠦᠨ ᠭᠡᠵᠦ ᠬᠠᠮᠢᠭ᠎ᠠ ᠪᠠᠢᠬᠤ ᠪᠣᠢ᠃ ᠬᠡᠨ ᠮᠠᠨᠢ ᠴᠤ᠌ ᠣᠨᠣᠭᠳᠠᠵᠤ ᠮᠡᠳᠡᠬᠦ ᠯᠡ ᠶᠦᠮ ᠬᠡᠮᠡᠵᠡᠢ᠃ ᠡᠨᠡ ᠨᠢ ᠲᠡᠮᠦᠵᠢᠨ ᠦᠭᠡ ᠨᠣᠶᠠᠨ ᠤ᠋ ᠲᠤᠬᠠᠢ ᠳ᠋ᠤ᠌ ᠬᠡᠯᠡᠭᠰᠡᠨ ᠦᠭᠡ ᠪᠠᠢᠪᠠ᠃ ᠪᠦᠯᠵᠢᠭᠡᠨ ᠭᠤᠸ᠎ᠠ ᠡᠯ᠎ᠡ ᠦᠭᠡ ᠶ᠋ᠢᠨ ᠬᠠᠶᠠᠯᠭ᠎ᠠ ᠶ᠋ᠢ ᠭᠦᠨ᠎ᠡ ᠮᠡᠳᠡᠷᠡᠵᠦ᠂ ᠮᠡᠯᠮᠡᠷᠡᠭᠦᠯᠦᠨ ᠤᠬᠢᠯᠠᠭᠰᠠᠨ ᠢ᠋ᠶ᠋ᠠᠨ᠂
— ᠶᠠᠮᠠᠷ ᠴᠤ᠌ ᠦᠢᠯᠡ ᠲᠡᠢ ᠦᠷ᠎ᠡ ᠪᠣᠢ ᠳᠠ ᠭᠡᠳ ᠡᠪᠦᠷ ᠳᠡᠭᠡᠷ᠎ᠡ ᠨᠢ ᠳᠡᠷᠪᠡᠯᠵᠡᠬᠦ ᠲᠣᠯᠭᠠᠲᠠᠢ ᠤᠳᠴᠢᠬᠢᠨ ᠢ᠋ ᠬᠠᠷᠠᠵᠤ᠂
— ᠬᠦᠦ ᠪᠡᠨ ᠬᠡᠯᠡᠭᠡ ᠦᠭᠡᠢ ᠠ᠋᠂ ᠬᠡᠯᠡᠭᠡ ᠦᠭᠡᠢ! ᠬᠤᠷᠤᠢ᠁ ᠬᠤᠷᠤᠢ᠁ ᠭᠡᠮᠡᠨ ᠣᠴᠢ ᠦᠰᠦᠴᠢᠬᠦ ᠭᠠᠯ ᠳᠡᠭᠡᠷ᠎ᠡ ᠪᠡᠨ ᠨᠠᠷᠠ ᠵᠥᠪ ᠡᠷᠭᠢᠭᠦᠯᠬᠦ ᠳ᠋ᠦ᠍ ᠴᠣᠷᠣᠯᠵᠠᠬᠤ ᠳᠥᠯᠥ ᠡᠴᠡ ᠠᠶᠤᠭᠰᠠᠨ ᠬᠦᠦ ᠤᠬᠠᠭᠠᠨ ᠦᠭᠡᠢ ᠠᠶᠤᠵᠤ᠂ ᠤᠴᠢᠷ ᠦᠭᠡᠢ ᠣᠷᠢᠯᠠᠵᠤ ᠠᠪᠠᠢ᠃
— ᠴᠢ ᠬᠥᠶᠢ ᠠ᠋᠂ ᠬᠡᠦᠬᠡᠳ ᠦ᠋ᠨ ᠰᠦᠨᠡᠰᠦ ᠵᠠᠢᠯᠠᠭᠤᠯᠴᠢᠬᠠᠯᠠ!
— ᠬᠤᠷᠤᠢ᠁ ᠬᠤᠷᠤᠢ᠁
— ᠵᠦᠭᠡᠷ᠂ ᠮᠢᠨᠦ ᠬᠦᠦ ᠡᠷ᠎ᠡ ᠬᠥᠮᠦᠨ ᠶᠡᠷᠦ ᠠᠶᠤᠬᠤ ᠦᠭᠡᠢ᠁ ᠭᠡᠮᠡᠨ ᠬᠦᠦ ᠪᠡᠨ ᠠᠷᠭᠠᠳᠠᠵᠤ᠂ ᠬᠣᠶᠠᠷ ᠲᠠᠯ᠎ᠠ᠎ᠠ᠋ᠴᠠ ᠨᠢ ᠦᠬᠦᠭᠡᠷ ᠦᠭᠡ ᠰᠢᠳᠡᠨ ᠰᠢᠳᠡᠨ ᠲᠠᠢᠳᠬᠤᠷᠠᠵᠤ ᠠᠪᠠᠢ᠃ ᠬᠠᠷᠢᠨ ᠦᠷ ᠦ᠋ᠨ ᠲᠠᠪᠤᠨ ᠵᠢᠩ ᠢ᠋ᠶ᠋ᠡᠷ ᠦᠳᠡᠵᠦ ᠮᠣᠷᠳᠠᠭᠤᠯᠬᠤ ᠳ᠋ᠠᠭᠠᠨ ᠤᠷᠲᠤ ᠬᠣᠯᠠ ᠶ᠋ᠢᠨ ᠵᠠᠮ ᠳ᠋ᠤ᠌ ᠡᠷ᠎ᠡ ᠪᠡᠨ ᠣᠳᠬᠤ ᠳ᠋ᠤ᠌ ᠤᠰᠤᠨ ᠨᠢᠳᠦᠯᠡᠬᠦ ᠦᠭᠡᠢ ᠭᠡᠮᠡᠨ ᠪᠦᠯᠵᠢᠭᠡᠨ ᠭᠤᠸ᠎ᠠ ᠰᠢᠲᠦ ᠵᠠᠭᠤᠨ ᠲᠡᠰᠴᠦ ᠦᠯᠡᠳᠡᠵᠡᠢ᠃ ᠬᠠᠭᠠᠨ ᠬᠦᠷᠢᠶ᠎ᠡ ᠳᠣᠲᠣᠷ᠎ᠠ ᠪᠠᠨ ᠬᠠᠮᠤᠭ ᠤ᠋ᠨ ᠵᠢᠭᠠᠬᠠᠨ ᠪᠣᠷᠣ ᠭᠡᠷ ᠦ᠋ᠨ ᠢ᠋ᠶ᠋ᠡᠨ ᠭᠠᠳᠠᠭ᠎ᠠ ᠪᠥᠷᠲᠥᠯᠵᠡᠨ ᠪᠥᠷᠲᠥᠯᠵᠡᠨ ᠬᠣᠴᠣᠷᠤᠭᠰᠠᠨ ᠶᠤᠮ᠃ ᠳᠥᠷᠥᠭᠡ ᠰᠢᠭᠦᠷᠡᠨ ᠮᠣᠷᠳᠠᠭᠠᠳ ᠠᠭᠰᠤᠮ ᠬᠦᠯᠦᠭ ᠦ᠋ᠨ ᠡᠷᠭᠢᠴᠡᠬᠡᠨ ᠳ᠋ᠦ᠍ ᠬᠠᠷᠠᠪᠠᠯ ᠶᠡᠬᠡ ᠬᠠᠲᠤᠨ ᠰᠠᠴᠤᠯᠢ ᠡᠷᠭᠦᠵᠦ ᠦᠵᠡᠭᠳᠡᠨ᠎ᠡ᠃ ᠠᠮᠠᠨ ᠳ᠋ᠠᠭᠠᠨ ᠢᠷᠦᠭᠡᠯ ᠰᠢᠪᠰᠢᠪᠡᠴᠦ ᠨᠢᠳᠦᠨ ᠳ᠋ᠦ᠍ᠨᠢ ᠬᠠᠷᠢᠶᠠᠯ ᠲᠣᠳᠣᠷᠠᠵᠤ ᠪᠦᠯᠵᠢᠭᠡᠨ ᠢ᠋ ᠬᠠᠷᠠᠴᠠ ᠪᠠᠷ ᠢ᠋ᠶ᠋ᠠᠨ ᠰᠢᠪᠦᠭᠡᠳᠡᠬᠦ ᠠᠵᠢ᠃ ᠬᠣᠲᠣᠯᠠ ᠬᠠᠭᠠᠨ ᠤ᠋ ᠵᠢᠷᠦᠬᠡ ᠶᠣᠭ ᠬᠢᠭᠡᠳ ᠶᠠᠪᠤᠴᠢᠬᠠᠵᠠᠢ᠃ ᠶᠡᠬᠡ ᠬᠠᠲᠤᠨ ᠳ᠋ᠤ᠌ ᠴᠤ᠌ ᠪᠠᠰᠠ ᠪᠤᠷᠤᠭᠤ ᠥᠭᠭᠦᠯᠲᠡ ᠦᠭᠡᠢ ᠠᠪᠠᠢ᠃ ᠪᠦᠰᠡᠭᠦᠢ ᠵᠠᠶᠠᠭᠠᠨ ᠤ᠋ ᠪᠣᠭᠣᠨᠢ ᠤᠬᠠᠭᠠᠨ ᠢ᠋ᠶ᠋ᠠᠷ ᠲᠡᠷᠰᠯᠡᠳᠡᠨ ᠭᠠᠢ ᠳᠠᠷᠢᠭᠴᠢ ᠲᠡᠮᠦᠵᠢᠨ ᠦᠭᠡ ᠶ᠋ᠢ ᠲᠥᠷᠥᠭᠦᠯᠪᠡ ᠭᠡᠮᠡᠨ ᠵᠥᠭᠡᠵᠦ ᠪᠣᠢ ᠰᠠᠨᠠᠭ᠎ᠠ ᠪᠢᠵᠡ᠃ ᠪᠠᠰᠠ ᠴᠤ᠌ ᠬᠠᠯᠠᠭᠤᠨ ᠵᠠᠯᠠᠭᠤ ᠨᠠᠰᠤᠨ ᠤ᠋ ᠬᠢᠨᠢ ᠡᠳ᠋ᠯᠡᠬᠦ ᠶᠣᠰᠣᠲᠠᠢ ᠵᠢᠷᠭᠠᠯ ᠤ᠋ᠨ ᠬᠠᠭᠠᠰ ᠢ᠋ ᠪᠦᠯᠵᠢᠭᠡᠨ ᠪᠤᠯᠢᠶᠠᠭᠰᠠᠨ ᠪᠢᠵᠡ᠃ ᠶᠡᠬᠡ ᠬᠠᠲᠤᠨ ᠳ᠋ᠤ᠌ ᠪᠤᠷᠤᠭᠤ ᠨᠢᠯᠵᠠᠭᠠᠵᠤ ᠵᠢᠷᠦᠬᠡᠯᠡᠬᠦ ᠦᠭᠡᠢ ᠴᠦ᠍ ᠵᠥᠪ ᠢ᠋ ᠥᠭᠴᠦ ᠪᠠᠰᠠ ᠬᠦ᠌ ᠡᠰᠡ ᠴᠢᠳᠠᠵᠠᠢ᠃ ᠲᠡᠷᠡ ᠪᠡᠷ ᠳᠠᠯᠳᠠ ᠲᠦᠭᠰᠢᠭᠦᠷᠢ ᠶ᠋ᠢᠨ ᠰᠤᠪᠢᠨ ᠳ᠋ᠤ᠌ ᠰᠡᠮᠬᠡᠨ ᠣᠷᠢᠶᠠᠭᠳᠠᠨ ᠶᠠᠪᠤᠭᠰᠠᠭᠠᠷ ᠡᠨᠡ ᠬᠦᠷᠪᠡ᠃ ᠣᠳᠣ ᠬᠢᠷᠢ ᠬᠠᠭᠠᠨᠲᠠᠨ ᠪᠦᠯᠵᠢᠭᠡᠨ ᠬᠠᠲᠤᠨ ᠤ᠋ ᠨᠢᠯᠪᠤᠰᠤ ᠲᠠᠢ ᠨᠢᠳᠦ ᠶ᠋ᠢ ᠰᠠᠨᠠᠬᠤ ᠳ᠋ᠠᠭᠠᠨ᠂ ᠳᠣᠯᠣᠭᠠᠲᠠᠢ ᠣᠳᠴᠢᠬᠢᠨ ᠤ᠋ ᠨᠡᠬᠡᠢ ᠪᠣᠢᠲᠣᠭ ᠢ᠋ ᠭᠠᠷᠭᠠᠨ ᠦᠨᠦᠷᠯᠡᠵᠦ ᠲᠠᠢᠳᠬᠤᠷᠠᠨ᠎ᠠ ᠪᠢᠯᠡ᠃
— ᠠᠷᠤ ᠳ᠋ᠠᠭᠠᠨ ᠰᠡᠳᠬᠢᠯ ᠬᠣᠷᠭᠣᠳᠠᠵᠤ ᠮᠣᠷᠳᠠᠪᠠᠯ ᠠᠵᠢᠯ ᠪᠦᠲᠦᠳᠡᠭ ᠦᠭᠡᠢ ᠭᠡᠳᠡᠭ᠂ ᠬᠠᠭᠠᠨᠲᠠᠨ! ᠬᠡᠮᠡᠭᠰᠡᠨ ᠢ᠋ᠶ᠋ᠡᠨ ᠳᠡᠯᠡᠮᠡᠨ ᠬᠠᠲᠤᠨ ᠵᠢᠷᠣᠭ᠎ᠠ ᠰᠢᠷᠭ᠎ᠠ ᠮᠣᠷᠢᠨ ᠤ᠋ ᠪᠠᠨ ᠴᠤᠯᠪᠤᠭᠤᠷ ᠢ᠋ ᠳᠠᠪᠰᠢᠭᠤᠷᠭᠠᠳᠠᠨ ᠳᠡᠷᠭᠡᠳᠡ ᠨᠢ ᠰᠠᠭᠤᠪᠠ᠃ ᠲᠡᠷᠡ ᠪᠡᠷ ᠵᠣᠯᠪᠣᠭ᠎ᠠ ᠲᠠᠢ ᠲᠥᠷᠥᠭᠰᠡᠨ ᠪᠦᠰᠡᠭᠦᠢ ᠶᠦᠮ᠃ ᠴᠤᠪᠢᠮᠠᠯ ᠮᠥᠩᠭᠥᠨ ᠭᠠᠷᠠᠬ᠎ᠠ ᠬᠡᠯᠬᠢᠵᠦ ᠬᠢᠭᠰᠡᠨ ᠬᠦ ᠬᠤᠶᠠᠭ ᠡᠮᠦᠰᠴᠦ᠂ ᠰᠡᠷᠡᠭᠡ ᠲᠡᠢ ᠲᠡᠮᠦᠷ ᠳᠤᠭᠤᠯᠠᠭ᠎ᠠ ᠠᠰᠠᠭᠠᠭᠰᠠᠨ ᠨᠢ ᠵᠢᠪᠬᠤᠭᠠᠯᠢᠭ ᠬᠠᠷᠠᠭᠳᠠᠨ᠎ᠠ ᠠᠵᠢ᠃ ᠰᠠᠯᠬᠢᠨ ᠳᠡᠭᠡᠷ᠎ᠡ ᠵᠣᠭᠰᠣᠭᠰᠠᠨ ᠶᠡᠬᠡ ᠴᠡᠷᠢᠭ ᠦ᠋ᠨ ᠮᠣᠷᠢᠳ ᠳᠣᠷᠭᠢᠯᠠᠬᠤ᠂ ᠳᠥᠷᠥᠭᠡ ᠬᠠᠩ ᠬᠢᠬᠦ ᠳᠠᠭᠤᠨ ᠰᠣᠨᠣᠰᠳᠠᠬᠤ ᠠᠭᠠᠳ ᠬᠠᠭᠠᠨ ᠪᠡᠶ᠎ᠡ ᠪᠡᠷ ᠲᠡᠷᠢᠭᠦᠯᠡᠵᠦ
313——314——315 — ᠪᠢ ᠲᠡᠮᠦᠵᠢᠨ ᠦᠭᠡ ᠪᠠᠢᠨ᠎ᠠ ᠭᠡᠯᠡ᠃ ᠪᠠᠭ᠎ᠠ ᠬᠠᠲᠤᠨ ᠳᠡᠯᠡᠮᠡᠨ ᠰᠠᠶᠢ ᠲᠠᠨᠢᠪᠠ᠃ ᠠᠢᠯ ᠠᠢᠯ ᠬᠡᠰᠦᠵᠦ ᠠᠮᠢ ᠵᠢᠭᠤᠬᠤ ᠶᠠᠯ᠎ᠠ ᠶᠠᠩᠬᠠᠨ ᠰᠣᠨᠣᠰᠤᠭᠰᠠᠨ ᠲᠠᠲᠠᠪᠤᠷᠢ ᠡᠮ᠎ᠡ ᠶ᠋ᠢᠨ ᠳᠠᠭᠠᠪᠤᠷᠢ ᠬᠦᠦ ᠮᠥᠨ ᠠᠵᠢ᠃ ᠣᠳᠣ ᠰᠠᠨᠠᠪᠠᠯ ᠬᠠᠷ᠎ᠠ ᠨᠢᠯᠬ᠎ᠠ ᠶ᠋ᠢᠨ ᠮᠣᠷᠢᠨ ᠳ᠋ᠤ᠌ ᠬᠣᠷᠣᠬᠠᠢ ᠲᠠᠢ᠂ ᠰᠡᠪ ᠯᠠ ᠬᠢᠪᠡᠯ ᠤᠶᠠᠭ᠎ᠠ ᠱᠣᠩ ᠤᠷᠤᠭᠤ ᠭᠦᠶᠦᠵᠦ ᠠᠭᠲᠠᠨᠠ᠋ᠴᠠ ᠰᠠᠶᠢ ᠪᠠᠷᠢᠵᠤ ᠢᠷᠡᠭᠰᠡᠨ ᠮᠣᠷᠢᠳ ᠱᠣᠬᠣᠭᠣᠷᠬᠠᠨ ᠬᠠᠷᠠᠬᠤ ᠳ᠋ᠤ᠌ ᠦᠭᠡ ᠬᠥᠪᠡᠭᠦᠨ ᠠᠮᠠᠳᠠᠨ ᠢᠷᠡᠵᠦ ᠬᠦᠯᠦᠭ ᠡᠮᠡᠭᠡᠯᠯᠡᠵᠦ ᠥᠭᠳᠡᠭ ᠪᠢᠯᠡ᠃ — ᠲᠩᠷᠢ ᠨᠠᠮᠠᠶ᠋ᠢ ᠢᠪᠡᠭᠡᠵᠦ ᠳᠡᠯᠡᠮᠡᠨ ᠬᠠᠲᠤᠨ ᠴᠢ ᠣᠳᠣ ᠮᠢᠨᠦ ᠪᠣᠯᠤᠭᠰᠠᠨ ᠭᠡᠬᠦ ᠳ᠋ᠦ᠍ ᠬᠠᠲᠤᠨ ᠤ᠋ ᠳᠡᠪᠡᠯ ᠦ᠋ᠨ ᠡᠩᠭᠡᠷ ᠲᠦᠯᠬᠢᠨ ᠲᠥᠷᠥᠭᠰᠡᠨ ᠭᠤᠸ᠎ᠠ ᠬᠥᠬᠥ ᠲᠦᠭᠡᠯᠵᠡᠵᠦ᠂ — ᠠᠮᠠ ᠴᠢᠨᠢ ᠠᠯᠲᠠ ᠳᠡᠯᠢᠮ ᠳᠤᠲᠠᠨ᠎ᠠ ᠪᠢᠯᠡ ᠬᠡᠮᠡᠪᠡ᠃ ᠲᠡᠮᠦᠵᠢᠨ ᠦᠭᠡ ᠶᠣᠣᠵᠠ ᠦᠭᠡᠢ ᠬᠠᠷᠠᠵᠤ᠂ ᠳᠣᠭᠣᠭᠢ ᠲᠠᠢ ᠢᠨᠢᠶᠡᠭᠰᠡᠨ ᠢ᠋ᠶ᠋ᠡᠨ᠂ — ᠴᠢᠮ᠎ᠠ ᠳ᠋ᠤ᠌ ᠪᠢ ᠮᠣᠷᠢ ᠡᠮᠡᠭᠡᠯᠯᠡᠵᠦ ᠥᠭᠳᠡᠭ ᠪᠠᠢᠭᠰᠠᠨ᠃ ᠣᠳᠣ ᠥᠪᠡᠷ ᠢ᠋ ᠴᠢᠨᠢ ᠡᠮᠡᠭᠡᠯᠯᠡᠵᠦ ᠤᠨᠤᠨ᠎ᠠ ᠳᠠ ᠭᠡᠯᠡ᠃ ᠲᠡᠭᠦᠨ ᠦ᠌ ᠰᠢᠯᠦᠩᠭᠢᠲᠦᠨ ᠬᠠᠷᠠᠬᠤ ᠨᠢᠳᠦᠨ ᠦ᠌ ᠬᠠᠷᠠᠴᠠ᠂ ᠰᠢᠯᠡᠮᠳᠡᠨ ᠳᠣᠯᠢᠶᠠᠬᠤ ᠬᠠᠭᠤᠷ ᠲᠠᠲᠠᠭᠰᠠᠨ ᠤᠷᠤᠭᠤᠯ ᠶᠠᠭᠠᠬᠢᠪᠠᠴᠤ ᠲᠣᠭᠯᠠᠭ᠎ᠠ ᠦᠭᠡᠢ ᠶ᠋ᠢ ᠢᠯᠡᠳᠬᠡᠬᠦ ᠠᠵᠢ᠃ — ᠬᠠᠭᠠᠨ ᠲᠠᠢ ᠳᠡᠷᠡ ᠨᠡᠢᠯᠡᠭᠰᠡᠨ ᠣᠯᠠᠨ ᠵᠢᠯ ᠳ᠋ᠦ᠍ ᠡᠯᠢᠭᠡ ᠳᠡᠪᠲᠦᠭᠡᠬᠦ ᠦᠷ᠎ᠡ ᠵᠠᠶᠠᠭᠠᠵᠤ ᠴᠢᠳᠠᠭ᠎ᠠ ᠦᠭᠡᠢ ᠡᠮ᠎ᠡ ᠠᠮᠢᠲᠠᠨ ᠪᠢ ᠶᠠᠭᠠᠬᠢᠬᠤ ᠪᠣᠢ᠃ ᠬᠠᠷᠢᠨ ᠬᠠᠭᠠᠨ ᠢ᠋ ᠮᠢᠨᠢ ᠥᠷᠥᠰᠢᠶᠡ! ᠲᠡᠮᠦᠵᠢᠨ ᠦᠭᠡ ᠶ᠋ᠢᠨ ᠴᠢᠷᠠᠢ ᠪᠠᠷᠤᠢᠰᠬᠢᠪᠡ᠃ ᠶᠠᠭᠤ ᠲᠠᠢ ᠴᠤ᠌ ᠥᠪᠡᠷ ᠦ᠋ᠨ ᠬᠢᠨᠢ ᠲᠥᠯᠥᠭᠡ ᠠᠮᠢ ᠪᠠᠨ ᠵᠣᠯᠢᠬᠤ ᠳ᠋ᠤ᠌ ᠪᠡᠯᠡᠨ ᠬᠠᠲᠤᠨ ᠲᠠᠢ ᠬᠠᠭᠠᠨ ᠠᠵᠢ᠃ ᠡᠢᠨ ᠪᠣᠳᠣᠬᠤᠠ᠋ᠴᠠ ᠥᠪᠡᠷ ᠢ᠋ ᠪᠡᠨ ᠭᠣᠯᠣᠬᠤ᠂ ᠥᠪᠡᠷ ᠲᠡᠭᠡᠨ ᠠᠭᠤᠷᠰᠠᠬᠤ ᠬᠢᠵᠠᠭᠠᠷ ᠦᠭᠡᠢ ᠬᠢᠯᠢᠩ ᠪᠠᠳᠠᠷᠠᠳᠠᠭ ᠪᠢᠯᠡ᠃ — ᠴᠢ ᠬᠣᠲᠣᠯᠠ ᠶ᠋ᠢᠨ ᠲᠥᠯᠥᠭᠡ ᠦᠬᠦᠵᠦ ᠴᠢᠳᠠᠬᠤ ᠤᠤ? — ᠢᠱ᠌ᠢ᠂ ᠶᠠᠭᠤ ᠶᠠᠷᠢᠨ᠎ᠠ ᠲᠠ᠃ ᠲᠡᠷᠡ ᠬᠥᠮᠦᠨ ᠦ᠌ ᠲᠥᠯᠥᠭᠡ ᠦᠬᠦᠬᠦ ᠪᠠᠭᠠᠳᠤᠨ᠎ᠠ! — ᠲᠡᠭᠡᠪᠡᠯ ᠪᠢ ᠳᠠᠭᠠᠭᠠᠬᠤ ᠳ᠋ᠤ᠌ ᠴᠢ ᠪᠠᠭᠠᠳᠠᠬᠤ ᠠᠵᠢ᠃ ᠮᠢᠨᠦ ᠴᠡᠷᠢᠭ ᠦ᠋ᠳ ᠴᠢᠮᠠᠶ᠋ᠢ ᠲᠠᠯᠬᠢᠭ! ᠭᠡᠪᠡ᠃ ᠳᠡᠯᠡᠮᠡᠨ ᠬᠠᠲᠤᠨ ᠰᠠᠨᠳᠤᠷᠤᠨ ᠬᠠᠷᠠᠴᠠ ᠭᠦᠶᠦᠯᠭᠡᠵᠦ ᠳᠠᠮ ᠡᠷᠢᠪᠡᠴᠦ ᠭᠠᠭᠴᠠ ᠪᠡᠶ᠎ᠡ ᠪᠦᠰᠡᠭᠦᠢ ᠳ᠋ᠦ᠍ ᠨᠡᠮᠡᠷᠢ ᠪᠣᠯᠬᠤ ᠠᠮᠢᠲᠠᠨ ᠪᠠᠢᠭᠰᠠᠨ ᠦᠭᠡᠢ᠃ ᠬᠠᠮᠤᠭ ᠮᠣᠩᠭᠣᠯ ᠤ᠋ᠨ ᠭᠠᠵᠠᠷ ᠰᠢᠷᠣᠢ ᠭᠡᠮᠡᠨ ᠰᠠᠨᠠᠵᠤ ᠠᠮᠤᠭᠤᠯᠠᠩ ᠨᠣᠢᠷᠰᠤᠵᠤ ᠪᠣᠢ ᠬᠠᠭᠠᠨ ᠬᠦᠷᠢᠶ᠎ᠡ ᠪᠡᠨ ᠰᠡᠷᠡᠭᠡᠬᠦ ᠰᠠᠨ ᠭᠡᠵᠦ ᠪᠣᠳᠣᠪᠠ᠃ ᠵᠡᠭᠦᠳᠦᠨ ᠦ᠌ ᠶᠢᠷᠲᠢᠨᠴᠦ ᠡᠴᠡ ᠡᠷᠭᠢᠵᠦ ᠳᠠᠭᠤᠳᠠᠵᠤ᠂ ᠢᠯᠳᠦᠨ ᠳ᠋ᠦ᠍ᠨᠢ ᠬᠦᠷᠭᠡᠬᠦ ᠰᠠᠨ ᠭᠡᠵᠦ ᠬᠦᠰᠡᠪᠡ᠃ ᠳᠡᠯᠡᠮᠡᠨ ᠬᠠᠲᠤᠨ ᠤ᠋ ᠪᠦᠲᠦᠭᠡᠵᠦ ᠴᠢᠳᠠᠬᠤ ᠭᠠᠪᠢᠶ᠎ᠠ ᠡᠨᠡ ᠯᠡ ᠦᠯᠡᠳᠡᠵᠡᠢ᠃ ᠲᠡᠭᠦᠨ ᠳ᠋ᠦ᠍ ᠬᠠᠰᠬᠢᠷᠴᠤ ᠴᠢᠮᠡᠭᠡ ᠥᠭᠬᠦ ᠡᠴᠡ ᠥᠭᠡᠷ᠎ᠡ ᠵᠡᠪᠰᠡᠭ ᠦᠯᠡᠳᠡᠭᠰᠡᠨ ᠦᠭᠡᠢ ᠠᠵᠢ᠃ ᠴᠢᠩᠭᠢᠭᠡᠳ ᠦᠬᠦᠨ᠎ᠡ ᠭᠡᠮᠡᠨ ᠪᠣᠳᠣᠵᠤ ᠠᠪᠠᠢ᠃ ᠦᠷ᠎ᠡ ᠬᠠᠷᠠᠮᠨᠠᠭᠰᠠᠨ ᠲᠩᠷᠢ ᠲᠡᠭᠦᠨ ᠡᠴᠡ ᠦᠬᠦᠯ ᠬᠠᠷᠠᠮᠨᠠᠵᠤ ᠡᠰᠡ ᠴᠢᠳᠠᠨ᠎ᠠ ᠪᠢᠵᠡ᠃ ᠲᠡᠮᠦᠵᠢᠨ ᠦᠭᠡ᠂ 一 ᠮᠣᠷᠢ! ᠭᠡᠬᠦ ᠳ᠋ᠦ᠍ ᠴᠢᠮᠬᠢᠭᠦᠯᠦᠭᠰᠡᠨ ᠶᠦᠮ ᠰᠢᠭ ᠳᠡᠯᠡᠮᠡᠨ ᠬᠠᠲᠤᠨ ᠤᠴᠢᠷ ᠦᠭᠡᠢ ᠴᠢᠩᠭ᠎ᠠ ᠴᠢᠷᠠᠯᠠᠪᠠ᠃ ᠲᠡᠷᠡ ᠶᠠᠭᠤ ᠴᠤ᠌ ᠡᠰᠡ ᠬᠡᠯᠡᠵᠦ ᠵᠦᠭᠡᠷ ᠯᠡ ᠬᠠᠰᠬᠢᠷᠴᠠᠢ᠃ ᠴᠥᠬᠥᠷᠡᠭᠰᠡᠨ ᠰᠠᠨᠳᠤᠷᠤᠭᠰᠠᠨ ᠪᠦᠰᠡᠭᠦᠢ ᠬᠥᠮᠦᠨ ᠦ᠌ ᠳᠠᠭᠤᠨ ᠨᠤᠷᠠᠩᠭᠢ ᠬᠥᠬᠡ ᠴᠢᠯᠠᠭᠤ ᠲᠠᠢ᠂ ᠨᠢᠴᠦᠭᠦᠨ ᠠᠭᠤᠯᠠ ᠶ᠋ᠢᠨ ᠪᠠᠯ ᠠ᠋ᠴᠠ ᠳᠦᠬᠦᠯ ᠮᠣᠳᠣᠨ ᠳ᠋ᠤ᠌ ᠬᠤᠷᠠᠭᠰᠠᠨ ᠲᠦᠮᠡᠨ ᠰᠢᠪᠠᠭᠤ ᠳᠡᠷᠬᠢᠯᠭᠡᠨ ᠴᠤᠤᠷᠢᠶᠠᠯᠠᠪᠠ᠃ ᠬᠠᠷᠢᠭᠤ ᠠᠯᠠᠭ᠎ᠠ ᠠᠵᠢ᠃ ᠨᠠᠮ ᠬᠦᠮᠬᠡᠨ ᠣᠷᠴᠢᠨ ᠢ᠋ ᠡᠪᠳᠡᠨ ᠫᠦᠭ ᠫᠦᠭ ᠢᠨᠢᠶᠡᠬᠦ ᠵᠢᠪᠡᠭᠦᠦ ᠲᠡᠢ ᠳᠠᠭᠤᠨ ᠰᠣᠨᠣᠰᠲᠠᠯ᠎ᠠ᠃ ᠬᠠᠷᠠᠪᠠᠯ ᠦᠭᠡ ᠨᠣᠶᠠᠨ ᠰᠠᠬᠠᠯ ᠳᠣᠣᠷ᠎ᠠ ᠪᠠᠨ ᠭᠦᠳ ᠭᠦᠳ ᠢᠨᠢᠶᠡᠵᠦ ᠪᠠᠢᠭᠰᠠᠨ ᠢ᠋ᠶ᠋ᠠᠨ ᠪᠦᠷ ᠲᠡᠰᠴᠦ ᠶᠠᠳᠠᠨ ᠳᠡᠰ ᠳᠡᠰ ᠢᠨᠢᠶᠡᠬᠦ ᠳ᠋ᠦ᠍ ᠬᠦᠷᠢᠶᠡᠯᠡᠵᠦ ᠵᠣᠭᠰᠣᠭᠰᠠᠨ ᠴᠡᠷᠢᠭ ᠦ᠋ᠳ ᠨᠢ ᠨᠣᠶᠠᠨ ᠢ᠋ᠶ᠋ᠠᠨ ᠬᠠᠷᠠᠨ ᠬᠥᠷ ᠬᠥᠷ ᠬᠥᠬᠥᠷᠡᠯᠳᠦᠯᠡ᠃ ᠳᠡᠯᠡᠮᠡᠨ ᠭᠠᠢᠬᠠᠨ ᠪᠦᠯᠲᠡᠭᠡᠨᠡᠵᠦ ᠵᠣᠭᠰᠣᠪᠠ᠃ ᠮᠥᠨᠥᠬᠡᠨ ᠬᠦᠳᠡᠷ ᠡᠷ᠎ᠡ ᠮᠢᠬᠠᠯᠢᠭᠳᠠᠭᠤ ᠪᠤᠯᠪᠠᠷᠠᠢ ᠮᠥᠷᠦᠨ ᠳᠡᠭᠡᠷ᠎ᠡ ᠨᠢ ᠫᠠᠳ ᠬᠢᠲᠡᠯ᠎ᠡ ᠠᠯᠠᠭᠠᠳᠠᠭᠰᠠᠨ ᠢ᠋ᠶ᠋ᠠᠨ ᠪᠦᠷᠭᠦᠳ ᠦ᠋ᠨ ᠰᠠᠪᠠᠷ ᠰᠢᠭ᠋ ᠭᠠᠷ ᠢ᠋ᠶ᠋ᠠᠷ ᠲᠣᠷᠭᠠᠨ ᠳᠡᠪᠡᠯ ᠢ᠋ ᠨᠢ ᠪᠠᠵᠠᠨ ᠠᠪᠴᠤ ᠬᠠᠭᠤ ᠲᠠᠲᠠᠬᠤ ᠳ᠋ᠤ᠌ ᠬᠠᠳᠠ ᠰᠢᠭ᠋ ᠬᠠᠷ᠎ᠠ ᠡᠷᠡᠰ ᠦ᠋ᠨ ᠳᠤᠮᠳᠠ ᠴᠡᠴᠡᠭ ᠰᠢᠭ ᠭᠠᠨᠢᠬᠠᠨ ᠠᠮᠢᠲᠠᠨ ᠴᠢᠷᠠᠮᠠᠨ ᠨᠢᠴᠦᠭᠦᠨ ᠬᠣᠴᠣᠷᠤᠯ᠎ᠠ᠃ ᠬᠥᠬᠡ ᠲᠡᠭᠷᠢ ᠶ᠋ᠢᠨ ᠭᠦᠨ ᠳ᠋ᠦ᠍ ᠤᠯᠠᠢ ᠦᠵᠡᠭᠰᠡᠨ ᠬᠡᠳᠦᠨ ᠬᠠᠷ᠎ᠠ ᠰᠢᠪᠠᠭᠤ ᠬᠤᠷᠠᠨ ᠠᠢᠰᠤᠢ ᠠᠵᠢ᠃ 7 ᠲᠠᠢᠷᠠᠩ ᠲᠥᠷᠥᠭᠦᠯᠵᠡᠢ᠂ ᠪᠢ! ᠭᠠᠵᠠᠷ ᠲᠩᠷᠢ ᠳᠠᠭᠤᠷᠢᠶᠠᠨ ᠪᠠᠢᠵᠤ ᠪᠦᠲᠦᠭᠡᠭᠰᠡᠨ ᠡᠴᠡ ᠭᠠᠯ ᠰᠠᠬᠢᠵᠤ ᠦᠯᠡᠳᠡᠭᠰᠡᠨ ᠡᠬᠡ ᠨᠢ ᠪᠢ ᠶᠦᠮ᠃ ᠴᠡᠭᠡᠷ ᠢ᠋ ᠨᠢ ᠨᠡᠷᠡᠯᠡᠭᠦᠯᠵᠦ᠂ ᠬᠡᠭᠦᠷ ᠢ᠋ ᠨᠢ ᠳᠡᠷᠡᠯᠡᠭᠦᠯᠵᠦ ᠤᠷᠭᠢᠶ᠎ᠠ᠂ ᠪᠢ᠃ ᠲᠩᠷᠢ ᠮᠡᠳᠡᠲᠦᠭᠡᠢ! ᠬᠡᠮᠡ ᠥᠴᠢᠯ ᠥᠴᠢᠵᠦ ᠰᠠᠴᠤᠯᠢ ᠰᠠᠴᠤᠨ ᠮᠣᠷᠳᠠᠵᠠᠢ᠃ ᠳᠥᠷᠥᠭᠡ ᠠᠪᠤᠭᠰᠠᠨ ᠴᠠᠭᠠ᠋ᠴᠠ ᠵᠢᠯᠣᠭᠣ ᠲᠠᠲᠠᠭᠰᠠᠨ ᠦᠭᠡᠢ ᠪᠢᠯᠡ᠃ ᠰᠢᠳᠠᠷ ᠵᠠᠭᠤᠲᠤ ᠶ᠋ᠢᠨ ᠳᠠᠢᠴᠢᠨ ᠡᠷᠡᠰ ᠬᠠᠳᠠᠨ ᠳᠡᠭᠡᠷ᠎ᠡ ᠡᠴᠡ ᠥᠩᠭᠡᠢᠬᠦ ᠡᠪᠦᠭᠡᠨ ᠪᠦᠷᠭᠦᠳ ᠯᠦ᠍ᠭᠡ ᠰᠦᠭᠯᠡᠢᠯᠳᠦᠨ ᠰᠦᠬᠡᠢᠵᠦ ᠮᠣᠷᠢᠨ ᠤ᠋ ᠠᠮᠢᠰᠬᠤᠭ᠎ᠠ ᠳᠠᠷᠤᠯ ᠦᠭᠡᠢ ᠰᠥᠨᠢᠵᠢᠨ ᠳᠣᠪᠲᠣᠯᠭᠠᠪᠠ᠃ ᠪᠦᠯᠵᠢᠭᠡᠨ ᠬᠠᠲᠤᠨ ᠭᠠᠭᠴᠠ ᠴᠤ᠌ ᠦᠭᠡ ᠡᠰᠡ ᠠᠢᠯᠠᠳᠴᠠᠢ᠃ ᠮᠣᠷᠢᠨ ᠵᠢᠯ ᠦ᠋ᠨ ᠠᠢᠰᠤᠢ ᠤᠷᠢᠨ ᠤ᠋ ᠦᠨᠦᠷ ᠰᠡᠷᠪᠡᠭᠡᠨᠡᠬᠦ ᠶᠡᠬᠡ ᠬᠡᠭᠡᠷ᠎ᠡ ᠲᠠᠯ᠎ᠠ ᠤᠷᠤᠭᠤ ᠣᠷᠣᠵᠤ ᠢᠷᠡᠭᠡᠳ᠂ ᠤᠯᠠᠭᠠᠨ ᠪᠠᠭᠤᠴᠠᠨ ᠤ᠋ ᠠᠭᠲᠠᠨ ᠠ᠋ᠴᠠ ᠮᠣᠷᠢᠳ ᠰᠣᠯᠢᠵᠤ ᠡᠮᠡᠭᠡᠯᠯᠡᠬᠦ ᠵᠠᠭᠤᠷ᠎ᠠ ᠴᠤ᠌ ᠦᠯᠦ ᠠᠮᠤᠰᠬᠢᠵᠡᠢ᠃ ᠶᠠᠭᠠᠷᠠᠵᠤ ᠠᠳᠬᠤᠭᠰᠠᠨ ᠬᠠᠲᠤᠨ ᠲᠠᠰᠢᠭᠤᠷ ᠤ᠋ᠨ ᠰᠤᠷ ᠢ᠋ᠶ᠋ᠠᠷ ᠭᠤᠲᠤᠯ ᠤ᠋ᠨ ᠲᠦᠷᠡᠢ ᠪᠠᠯᠪᠠᠴᠢᠨ ᠪᠠᠢᠪᠠ᠃ ᠡᠢᠨ ᠴᠤᠯᠪᠤᠭᠤᠷ ᠰᠢᠭᠦᠷᠡᠨ ᠮᠣᠷᠳᠠᠵᠤ ᠠᠭᠠᠭ ᠠᠮᠢᠰᠬᠤᠭ᠎ᠠ ᠦᠭᠡᠢ ᠳᠣᠪᠲᠣᠯᠭᠠᠭᠰᠠᠭᠠᠷ ᠦᠷ ᠮᠠᠩᠬᠠᠢᠨ ᠴᠠᠢᠬᠤ ᠦᠶᠡᠰ ᠬᠡᠷᠢᠶᠡᠨ ᠦ᠌ ᠨᠠᠢᠷ ᠤ᠋ᠨ ᠳᠡᠭᠡᠷ᠎ᠡ ᠣᠷᠣᠵᠤ ᠢᠷᠡᠵᠡᠢ᠃ ᠪᠢᠯᠡᠭᠦᠦ ᠬᠥᠬᠡ ᠴᠢᠯᠠᠭᠤᠳ ᠤ᠋ᠨ ᠳᠦᠢᠷᠡᠨ ᠲᠠᠲᠠᠭᠤᠯᠤᠨ ᠨᠢᠴᠦᠭᠦᠨ ᠠᠭᠤᠯᠠ ᠶ᠋ᠢᠨ ᠪᠠᠯ ᠤᠷᠤᠭᠤ ᠣᠷᠣᠵᠤ ᠢᠷᠡᠬᠦ ᠳ᠋ᠦ᠍ ᠨᠤᠷᠠᠭᠰᠠᠨ ᠴᠠᠴᠠᠷ ᠮᠠᠢᠬᠠᠨ ᠣᠢᠲᠠᠢᠬᠠᠨ ᠰᠠᠯᠪᠠᠨ ᠰᠠᠯᠪᠠᠨ ᠬᠡᠢᠰᠴᠦ᠂ ᠬᠤᠭᠤᠷᠠᠭᠰᠠᠨ ᠵᠢᠳᠠ᠂ ᠪᠢᠴᠠᠷᠠᠭᠰᠠᠨ ᠮᠣᠳᠣ ᠬᠥᠯ ᠢ᠋ᠶ᠋ᠡᠷ ᠨᠢᠭᠡ ᠬᠥᠭᠯᠡᠷᠡᠨ ᠠᠪᠠᠢ᠃ ᠬᠢᠷᠮᠡᠦ ᠨᠣᠶᠠᠨ ᠤ᠋ ᠮᠢᠩᠭᠠᠲᠤ ᠳᠡᠪᠡᠯ ᠢ᠋ᠶ᠋ᠡᠨ ᠪᠦᠰᠡᠯᠡᠵᠦ ᠴᠦ᠍ ᠠᠮᠵᠢᠭᠰᠠᠨ ᠦᠭᠡᠢ ᠪᠣᠯᠤᠯᠲᠠᠢ᠂ ᠪᠦᠭᠦᠳᠡ ᠨᠥᠮᠥᠭᠡᠨ ᠠᠵᠢ᠃ ᠬᠦᠷᠢᠶ᠎ᠡ ᠴᠡᠷᠢᠭ ᠦ᠋ᠨ ᠡᠷᠭᠢᠨ ᠲᠣᠭᠣᠷᠢᠨ ᠳ᠋ᠤ᠌ ᠨᠠᠢ᠍ᠮᠠᠨ ᠬᠠᠷᠠᠭᠤᠯ ᠂ ᠳᠥᠷᠪᠡᠨ ᠠᠷᠪᠠᠲᠤ ᠨᠣᠮ ᠢ᠋ᠶ᠋ᠠᠷ ᠨᠢ ᠲᠠᠯᠪᠢᠭᠰᠠᠨ ᠬᠡᠳᠦᠢ ᠴᠦ᠍ ᠬᠠᠰᠬᠢᠷᠬᠤ ᠵᠠᠪᠳᠤᠯ ᠦᠭᠡᠢ ᠨᠡᠷᠮᠡᠭᠳᠡᠭᠰᠡᠨ ᠪᠣᠯᠤᠯᠲᠠᠢ᠃ ᠮᠣᠷᠢᠲᠠᠨ ᠡᠷᠡᠰ ᠦ᠋ᠨ ᠪᠠᠷ᠎ᠠ ᠪᠠᠷ ᠳᠡᠷᠬᠢᠨ ᠨᠢᠰᠬᠦ ᠮᠢᠬᠠᠴᠢᠨ ᠰᠢᠪᠠᠭᠤᠳ ᠤ᠋ᠨ ᠪᠠᠷᠠᠭᠠᠨ ᠰᠡᠭᠦᠳᠡᠷ ᠭᠠᠵᠠᠷ ᠢ᠋ᠶ᠋ᠠᠷ ᠨᠢᠭᠡ ᠬᠦᠢᠲᠡ ᠲᠠᠲᠠᠭᠤᠯᠤᠨ ᠥᠩᠭᠡᠷᠡᠯ᠎ᠡ᠃ ᠬᠠᠭᠠᠨ ᠤ᠋ ᠰᠠᠯᠬᠢᠨ᠎ᠠ ᠳᠡᠷᠪᠡᠬᠦ ᠴᠡᠩᠬᠡᠷ ᠴᠠᠴᠠᠷ ᠢ᠋ᠶ᠋ᠠᠷ ᠨᠢ ᠪᠦᠯᠵᠢᠭᠡᠨ ᠬᠠᠲᠤᠨ ᠬᠠᠷᠠᠭᠤᠳᠠ ᠲᠠᠨᠢᠵᠠᠢ᠃ ᠬᠣᠲᠣᠯᠠ ᠴᠠᠴᠠᠷᠠ᠋ᠴᠠ ᠬᠣᠯᠠ ᠦᠭᠡᠢ ᠬᠣᠶᠠᠷ ᠲᠠᠲ᠋ᠠᠷ ᠴᠡᠷᠢᠭ ᠳᠡᠷᠡᠯᠡᠨ ᠤᠨᠠᠭᠰᠠᠨ ᠪᠠᠢᠪᠠ᠃ ᠲᠦᠷᠦᠭᠦᠯᠡᠭᠡ ᠪᠡᠨ ᠬᠠᠷᠠᠵᠤ ᠤᠨᠠᠭᠰᠠᠨ ᠲᠤᠯᠠ ᠨᠣᠬᠠᠢ᠂ ᠰᠢᠪᠠᠭᠤ ᠱᠠᠷᠢᠯ ᠢ᠋ ᠨᠢ ᠬᠥᠨᠳᠡᠭᠰᠡᠨ ᠦᠭᠡᠢ ᠠᠵᠢ᠃ ᠪᠦᠯᠵᠢᠭᠡᠨ ᠠᠶᠠᠷᠬᠠᠨ ᠡᠷᠭᠢᠭᠦᠯᠵᠦ ᠡᠪᠦᠷ ᠳᠡᠭᠡᠷ᠎ᠡ ᠪᠡᠨ ᠲᠠᠯᠪᠢᠭᠠᠳ ᠤᠳᠠᠭᠠᠨ ᠬᠠᠷᠠᠪᠠ᠃ ᠪᠦᠯᠵᠢᠭᠡᠨ ᠵᠠᠮ ᠤ᠋ᠨ ᠲᠤᠷᠰᠢ ᠤᠬᠢᠯᠠᠭᠰᠠᠨ ᠲᠤᠯᠠ ᠨᠢᠯᠪᠤᠰᠤ ᠨᠢ ᠪᠠᠷᠠᠭᠳᠠᠭᠰᠠᠨ ᠮᠡᠲᠦ ᠬᠠᠭᠠᠨ ᠤ᠋ ᠱᠠᠷᠢᠯ ᠳᠡᠭᠡᠷ᠎ᠡ ᠭᠠᠭᠴᠠ ᠳᠤᠰᠤᠯ ᠨᠢᠯᠪᠤᠰᠤ ᠴᠤ᠌ ᠡᠰᠡ ᠤᠨᠠᠭᠠᠵᠠᠢ᠃ ᠬᠣᠲᠣᠯᠠ ᠨᠣᠶᠠᠨ ᠤ᠋ ᠴᠢᠷᠠᠢ ᠵᠣᠪᠠᠭᠤᠷᠢ ᠦᠭᠡᠢ ᠠᠮᠤᠭᠤᠯᠠᠩ ᠠᠭᠠᠳ ᠶᠡᠷᠦ ᠤᠨᠲᠠᠵᠤ ᠪᠣᠢ ᠮᠡᠲᠦ ᠪᠣᠯᠠᠢ᠃ ᠰᠢᠳᠠᠷ ᠡᠷᠡᠰ ᠪᠥᠵᠥᠩ ᠦᠷᠭᠦᠭᠡᠬᠦ ᠴᠢᠮᠡᠭᠡ ᠭᠠᠷᠭᠠᠯ ᠦᠭᠡᠢ ᠳᠡᠷᠡᠨ ᠶᠠᠪᠤᠵᠤ ᠬᠥᠰᠢᠵᠦ ᠬᠥᠯᠳᠡᠭᠰᠡᠨ ᠱᠠᠷᠢᠯ ᠢ᠋ ᠴᠤᠭᠯᠠᠭᠤᠯᠤᠨ᠂ ᠡᠪᠲᠡᠢᠬᠡᠨ ᠣᠪᠣᠭᠠᠯᠠᠵᠤ ᠲᠠᠯᠪᠢᠪᠠ᠃ ᠴᠢᠩᠭᠢᠭᠡᠳ ᠭᠤᠨᠢᠭ ᠲᠤ᠌ ᠳᠠᠷᠤᠭᠳᠠᠨ ᠰᠠᠭᠤᠬᠤ ᠪᠦᠯᠵᠢᠭᠡᠨ ᠬᠠᠲᠤᠨ ᠢ᠋ ᠬᠠᠷ᠎ᠠ ᠠᠶᠠᠨ ᠳ᠋ᠠᠭᠠᠨ ᠲᠣᠭᠣᠷᠢᠨ ᠢᠷᠡᠬᠦ ᠳ᠋ᠦ᠍᠂ — ᠬᠠᠭᠠᠨ ᠲᠠ ᠰᠣᠶᠣᠷᠬ᠎ᠠ! ᠵᠠᠶᠠᠭᠠᠨ ᠠ᠋ᠴᠠ ᠪᠠᠨ ᠵᠠᠢᠯᠠᠵᠤ᠂ ᠬᠠᠶᠠᠭᠠᠨ ᠠ᠋ᠴᠠ ᠪᠠᠨ ᠬᠠᠳᠤᠷᠴᠤ ᠪᠠᠢᠭ᠎ᠠ ᠪᠣᠯ ᠪᠢ ᠥᠪᠡᠷ ᠢ᠋ᠶ᠋ᠡᠨ ᠦᠷ᠎ᠡ ᠭᠡᠵᠦ
ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ᠂ ᠣᠶᠤᠨᠴᠢᠮᠡᠭ᠂ ᠤᠷᠠᠨᠴᠢᠮᠡᠭ ᠬᠢᠨᠠᠭᠴᠢ᠄ ᠪᠠᠯ᠂ ᠣᠳᠬᠠᠨᠰᠣ᠎ᠠ 298—299—300
