ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠳᠥᠷᠪᠡᠳᠦᠭᠡᠷ ᠪᠦᠯᠦᠭ –3>᠂ ᠵᠣᠯᠢᠶᠠᠰᠤᠯᠠᠭᠳᠠᠭᠰᠠᠨ《ᠶᠡᠬᠡ ᠬᠤᠷᠠᠯᠲᠠᠢ》 Бүргэд харьд үүрэлдэггүй – Ж᠂ Пүрэв <4-р бүлэг ~3>.золиослогдсон их хуралтай ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠳᠥᠷᠪᠡᠳᠦᠭᠡᠷ ᠪᠦᠯᠦᠭ –3>᠂ ᠵᠣᠯᠢᠶᠠᠰᠤᠯᠠᠭᠳᠠᠭᠰᠠᠨ《ᠶᠡᠬᠡ ᠬᠤᠷᠠᠯᠲᠠᠢ》 Бүргэд харьд үүрэлдэггүй – Ж᠂ Пүрэв <4-р бүлэг ~3>.золиослогдсон их хуралтай

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠳᠥᠷᠪᠡᠳᠦᠭᠡᠷ ᠪᠦᠯᠦᠭ –3>᠂ ᠵᠣᠯᠢᠶᠠᠰᠤᠯᠠᠭᠳᠠᠭᠰᠠᠨ《ᠶᠡᠬᠡ ᠬᠤᠷᠠᠯᠲᠠᠢ》 Бүргэд харьд үүрэлдэггүй – Ж᠂ Пүрэв <4-р бүлэг ~3>.золиослогдсон их хуралтай

ᠠᠩᠭᠢᠯᠠᠯ:ᠲᠤᠭᠤᠵᠢ ᠷᠣᠮᠠᠨ
2026-06-09

30

ᠭᠤᠷᠪᠠ᠂ ᠵᠣᠯᠢᠶᠠᠰᠤᠯᠠᠭᠳᠠᠭᠰᠠᠨ《ᠶᠡᠬᠡ ᠬᠤᠷᠠᠯᠲᠠᠢ》


       ᠫᠧᠷᠰ ᠦ᠋ᠨ ᠬᠤᠳᠠᠯᠳᠤᠭᠠᠴᠢᠨ ᠬᠥᠭᠵᠢᠯᠲᠡᠢ ᠡᠷ᠎ᠡ ᠠ᠋᠃ ᠲᠡᠷᠡ ᠪᠡᠷ ᠬᠣᠨᠣᠭ ᠤ᠋ᠨ ᠭᠠᠵᠠᠷ ᠲᠤ ᠠᠮᠲᠠᠲᠤ ᠳᠠᠷᠠᠰᠤ ᠭᠠᠷᠭᠠᠨ ᠵᠠᠳᠠᠯᠵᠤ᠂ ᠡᠯᠳᠡᠪ ᠰᠣᠨᠢᠨ ᠶᠠᠪᠤᠳᠠᠯ ᠳᠡᠯᠭᠡᠨ ᠶᠠᠷᠢᠭᠰᠠᠭᠠᠷ ᠬᠠᠮᠲᠤ ᠶᠠᠪᠤᠬᠤ ᠬᠥᠮᠦᠰ ᠢ᠋ᠶ᠋ᠡᠨ ᠬᠥᠭᠵᠢᠭᠡᠨ ᠰᠠᠭᠠᠲᠠᠭᠤᠯᠵᠤ ᠬᠡᠨ ᠢ᠋ ᠴᠦ᠍ ᠤᠢᠳᠬᠠᠷᠯᠠᠭᠤᠯᠬᠤ ᠦᠭᠡᠢ ᠪᠠᠢᠵᠤ ᠴᠢᠳᠠᠨ᠎ᠠ᠃ ᠲᠡᠷᠡ ᠪᠡᠷ ᠮᠣᠩᠭᠣᠯ ᠬᠡᠯᠡ ᠶ᠋ᠢ ᠬᠤᠷᠳᠤᠨ ᠰᠤᠷᠴᠤ᠂ ᠪᠦᠷ ᠡᠩ ᠦ᠋ᠨ ᠶᠠᠷᠢᠶᠠᠨ ᠤ᠋ ᠦᠭᠡᠨ ᠳ᠋ᠦ᠍ ᠰᠦᠷᠡᠬᠡᠢ ᠪᠣᠯᠵᠠᠢ᠃ 
       ᠢᠩᠭᠢᠵᠦ ᠲᠡᠷᠡ ᠪᠤᠵᠢᠭᠢᠨᠠᠭᠤᠯᠤᠨ ᠬᠡᠳᠦᠨ ᠬᠣᠨᠣᠭ ᠶᠠᠪᠤᠭᠠᠳ ᠨᠡᠢᠰᠯᠡᠯ ᠳ᠋ᠦ᠍ ᠢᠷᠡᠵᠦ ᠵᠢᠯᠣᠭᠣ ᠲᠠᠲᠠᠪᠠ᠃ 
       ᠬᠣᠮᠢᠨᠢ ᠬᠦᠯᠦᠭ ᠲᠦ᠍ ᠳᠣᠲᠣᠨᠣᠰᠢᠵᠤ ᠪᠠᠢᠭ᠎ᠠ ᠨᠢ ᠭᠠᠢᠬᠠᠯᠲᠠᠢ᠃ ᠬᠦᠯᠦᠭ ᠴᠦ᠍ ᠡᠨᠡ ᠲᠠᠨᠢᠯ ᠳ᠋ᠤ᠌ ᠪᠠᠨ ᠭᠣᠮᠣᠳᠠᠬᠤ ᠪᠠᠷ ᠦᠭᠡᠢ ᠲᠤᠰᠠ ᠬᠢᠵᠦ ᠶᠠᠪᠤᠭ᠎ᠠ ᠪᠢᠯᠡ᠃ 
       ᠲᠤᠬᠠᠢᠯᠠᠪᠠᠯ ᠴᠥᠭᠡᠨ ᠴᠡᠷᠢᠭ ᠳᠠᠭᠠᠭᠤᠯᠤᠭᠰᠠᠨ ᠬᠦᠯᠦᠭ ᠫᠧᠷᠰ ᠬᠣᠮᠢᠨᠢ ᠥᠷᠲᠡᠭᠡ ᠤᠨᠤᠭ᠎ᠠ ᠬᠡᠷᠡᠭᠯᠡᠭᠦᠯᠦᠨ ᠠᠪᠴᠤ ᠶᠠᠪᠤᠭᠰᠠᠭᠠᠷ ᠬᠠᠷᠠᠬᠣᠷᠣᠮ ᠳ᠋ᠤ᠌ ᠬᠦᠷᠦᠯᠴᠡᠨ ᠢᠷᠡᠯ᠎ᠡ᠃ 
       ᠮᠡᠳᠡᠭᠡᠵᠢ ᠶ᠋ᠢᠨ ᠬᠦᠯᠦᠭ ᠲᠡᠷᠡ ᠠᠨᠳᠠ ᠶ᠋ᠢᠨ ᠢ᠋ᠶ᠋ᠡᠨ ᠬᠠᠮᠲᠤ ᠳᠡᠭᠦᠦ ᠶ᠋ᠢᠨ ᠳ᠋ᠦ᠍ ᠪᠡᠨ ᠪᠠᠭᠤᠪᠠ᠃ 
       ᠪᠢᠯᠢᠭᠦᠨ ᠬᠡᠳᠦᠬᠡᠨ ᠬᠣᠨᠣᠭ ᠤ᠋ᠨ ᠳᠠᠷᠠᠭ᠎ᠠ ᠪᠠᠷᠠᠭᠤᠨ ᠭᠠᠵᠠᠷ ᠠ᠋ᠴᠠ ᠡᠷᠭᠢᠵᠦ ᠢᠷᠡᠭᠡᠳ ᠠᠭᠤᠯᠵᠠᠭᠰᠠᠨ ᠠᠵᠢ᠃ 
       ᠠᠬ᠎ᠠ ᠳᠡᠭᠦᠦ ᠬᠣᠶᠠᠷ ᠶᠠᠪᠤᠭᠰᠠᠨ ᠦᠵᠡᠭᠰᠡᠨ ᠢ᠋ᠶ᠋ᠡᠨ ᠪᠡᠶ᠎ᠡ ᠪᠡᠶ᠎ᠡ ᠳ᠋ᠦ᠍ ᠪᠡᠨ ᠰᠣᠨᠢᠷᠬᠠᠭᠤᠯᠤᠨ ᠨᠢᠭᠡᠨ ᠪᠦᠲᠦᠨ ᠡᠳᠦᠷᠵᠢᠨ ᠶᠠᠷᠢᠯᠴᠠᠯ᠎ᠠ᠃ 
       ᠡᠨᠡ ᠵᠠᠪᠰᠠᠷ ᠬᠣᠮᠢᠨᠢ ᠥᠪᠡᠷ ᠦ᠋ᠨ ᠨᠤᠲᠤᠭ ᠤᠷᠤᠭᠤ ᠪᠤᠴᠠᠬᠤ ᠤᠨᠤᠭ᠎ᠠ ᠬᠥᠰᠬᠡ ᠣᠯᠵᠤ ᠪᠡᠯᠡᠳᠬᠡᠬᠦ ᠪᠡᠷ ᠬᠣᠲᠠ ᠪᠠᠷ ᠶᠠᠪᠤᠵᠤ ᠬᠥᠮᠦᠨ ᠠᠮᠢᠲᠠᠨ ᠲᠠᠢ ᠠᠭᠤᠯᠵᠠᠨ ᠪᠠᠢᠪᠠ᠃  
       ᠲᠡᠷᠡ ᠬᠢᠯᠭᠠᠰᠤᠨ《ᠨᠣᠭᠲᠣ ᠲᠠᠢ》 ᠡᠷ᠎ᠡ ᠳ᠋ᠦ᠍ ᠮᠣᠩᠭᠣᠯ ᠭᠠᠵᠠᠷ ᠬᠦᠯᠦᠭ ᠡᠴᠡ ᠥᠭᠡᠷ᠎ᠡ ᠲᠠᠨᠢᠯ ᠪᠠᠰᠠ ᠪᠣᠢ ᠠᠵᠢ᠃ ᠤᠷᠢᠳ ᠨᠢ ᠬᠠᠷᠠᠬᠣᠷᠣᠮ ᠳ᠋ᠤ᠌ ᠪᠠᠢᠬᠤ ᠳ᠋ᠤ᠌ ᠪᠠᠨ ᠬᠡᠳᠦ ᠬᠡᠳᠦᠨ ᠬᠤᠳᠠᠯᠳᠤᠭᠠᠴᠢᠨ ᠲᠠᠢ ᠲᠠᠨᠢᠯᠴᠠᠭᠰᠠᠨ᠃ ᠣᠳᠣ ᠭᠠᠷ ᠳᠡᠭᠡᠷ᠎ᠡ ᠪᠡᠨ ᠵᠡᠬᠡᠭᠰᠡᠨ ᠮᠥᠩᠭᠥ ᠲᠡᠢ ᠪᠣᠯᠬᠣᠷ ᠴᠠᠭ ᠤ᠋ᠨ ᠬᠦᠢᠲᠡᠨ ᠡᠴᠡ ᠤᠷᠢᠲᠠᠵᠤ ᠵᠠᠮ ᠳᠥᠭᠥᠬᠦ ᠶ᠋ᠢ ᠬᠢᠴᠢᠶᠡᠵᠦ ᠪᠢᠯᠡ᠃  
       ᠬᠦᠯᠦᠭ ᠱᠠᠩᠳᠤ ᠬᠣᠲᠠ ᠳ᠋ᠤ᠌ ᠪᠣᠯᠵᠤ ᠪᠠᠢᠭ᠎ᠠ ᠬᠡᠷᠡᠭ ᠶᠠᠪᠤᠳᠠᠯ ᠤ᠋ᠨ ᠪᠠᠢᠳᠠᠯ ᠢ᠋ ᠲᠣᠢᠮᠣᠯᠠᠨ ᠳᠡᠭᠦᠦ ᠳ᠋ᠦ᠍ ᠪᠡᠨ ᠶᠠᠷᠢᠵᠤ ᠪᠠᠢᠪᠠ᠃ ᠪᠢᠯᠢᠭᠦᠨ ᠳᠤᠮᠳᠠᠳᠤ ᠭᠠᠵᠠᠷ᠂ ᠫᠧᠷᠰ᠂ ᠢᠷᠡᠨ ᠦ᠌ ᠨᠤᠲᠤᠭ᠂ ᠣᠷᠣᠰ ᠤ᠋ᠨ ᠡᠮᠦᠨ᠎ᠡ ᠬᠢᠪᠴᠠᠭ ᠤ᠋ᠨ ᠲᠠᠯ᠎ᠠ ᠪᠠᠷ ᠶᠠᠪᠤᠵᠤ᠂ ᠲᠡᠨᠳᠡ ᠥᠪᠡᠷᠰᠡᠳ ᠦ᠋ᠨ ᠵᠠᠬᠢᠷᠭ᠎ᠠ ᠶ᠋ᠢ ᠲᠣᠭᠲᠠᠭᠠᠨ ᠡᠵᠡᠩᠨᠡᠵᠦ ᠰᠠᠭᠤᠭ᠎ᠠ ᠮᠣᠩᠭᠣᠯ ᠤ᠋ᠨ ᠢ᠋ᠶ᠋ᠠᠨ ᠨᠣᠶᠠᠳ ᠤ᠋ᠨ ᠥᠷᠭᠥᠭᠡ ᠪᠡᠷ ᠳᠣᠪᠲᠣᠯᠵᠤ ᠣᠴᠢᠭᠠᠳ ᠮᠠᠰᠢ ᠬᠤᠷᠳᠤᠨ ᠢ᠋ᠶ᠋ᠠᠷ ᠡᠷᠭᠢᠨ᠂ ᠡᠵᠡᠨ ᠳ᠋ᠦ᠍ ᠪᠡᠨ ᠬᠦᠷᠴᠦ ᠪᠠᠷᠠᠯᠬᠠᠨ ᠶᠠᠪᠤᠭᠰᠠᠨ ᠢ᠋ᠶ᠋ᠠᠨ ᠳᠡᠯᠭᠡᠵᠦ ᠶᠠᠷᠢᠯ᠎ᠠ᠃ ᠳᠤᠮᠳᠠᠳᠤ ᠶ᠋ᠢᠨ ᠣᠷᠣᠨ ᠨᠤᠭᠤᠳ ᠢ᠋ᠶ᠋ᠠᠷ ᠡᠯᠵᠢᠭᠡ ᠶ᠋ᠢ ᠤᠨᠤᠭᠠᠨ ᠳ᠋ᠤ᠌ ᠶᠡᠬᠡ ᠬᠡᠷᠡᠭᠯᠡᠳᠡᠭ᠂ ᠡᠳ᠋ ᠪᠠᠷᠠᠭ᠎ᠠ ᠡᠯᠪᠡᠭ᠂ ᠲᠣᠮᠣ ᠳᠤᠭᠤᠢ ᠭᠠᠮᠪᠢᠷ ᠬᠠᠭᠠᠷᠢᠵᠤ ᠢᠳᠡᠬᠦ ᠳᠤᠷᠠᠲᠠᠢ᠂ ᠲᠡᠭᠦᠨ ᠢ᠋ ᠪᠡᠨ ᠬᠦᠨᠳᠦᠲᠡᠢ ᠰᠠᠢᠨ ᠬᠣᠭᠣᠯᠠᠨ ᠳ᠋ᠤ᠌ ᠲᠣᠭᠠᠴᠠᠳᠠᠭ ᠠᠵᠢ᠃ ᠲᠡᠨᠳᠡᠬᠢ ᠶ᠋ᠢᠨ ᠬᠥᠮᠦᠰ ᠤᠷᠲᠤ ᠲᠠᠯ᠎ᠠ ᠨᠢ ᠵᠠᠳᠠᠭᠠᠢ ᠡᠩᠭᠡᠷ ᠬᠣᠷᠮᠣᠢ ᠲᠠᠢ ᠤᠷᠲᠤ ᠳᠡᠪᠡᠯ ᠡᠮᠦᠰᠳᠡᠭ᠂ ᠮᠣᠩᠭᠣᠯ ᠬᠥᠮᠦᠨ ᠢ᠋ ᠬᠠᠷᠠᠬᠤ ᠪᠠᠷ ᠢ᠋ᠶ᠋ᠠᠨ ᠬᠣᠶᠠᠷ ᠭᠠᠷ ᠢ᠋ᠶ᠋ᠠᠷ ᠢ᠋ᠶ᠋ᠠᠨ ᠡᠩᠭᠡᠷ ᠰᠠᠬᠠᠯ ᠢ᠋ᠶ᠋ᠠᠨ ᠢᠯᠪᠢᠨ ᠰᠥᠭᠥᠳᠴᠦ ᠵᠠᠯᠪᠠᠷᠢᠭᠠᠳ᠂ ᠵᠢᠭᠲᠡᠢ ᠬᠦᠨᠳᠦᠯᠡᠬᠦ ᠪᠠᠢᠳᠠᠯ ᠦᠵᠡᠭᠦᠯᠳᠡᠭ ᠨᠢ ᠲᠡᠢᠨ ᠳ᠋ᠦ᠍ ᠢᠯᠠᠭᠳᠠᠵᠤ ᠬᠥᠯ ᠳ᠋ᠦ᠍ ᠭᠢᠰᠬᠢᠭᠳᠡᠨ ᠪᠠᠢᠭᠰᠠᠨ ᠤ᠋ ᠬᠢᠨᠢ ᠳᠤᠷᠠᠰᠬᠠᠯ ᠭᠡᠯᠲᠡᠢ ᠬᠠᠷᠠᠭᠳᠠᠳᠠᠭ ᠭᠡᠨ᠎ᠡ᠃ ᠢᠯᠠᠩᠭᠤᠶ᠎ᠠ ᠪᠤᠬᠠᠷ ᠬᠣᠲᠠ᠂ ᠰᠠᠮᠠᠷᠺᠠᠨᠳ᠋ ᠣᠷᠴᠢᠮ ᠤ᠋ᠨ ᠬᠥᠮᠦᠰ ᠥᠪᠡᠷᠰᠡᠳ ᠦ᠋ᠨ ᠬᠠᠭᠠᠳ ᠨᠣᠶᠠᠳ ᠢ᠋《 ᠴᠢᠳᠠᠯ ᠢ᠋ᠶ᠋ᠠᠨ ᠮᠡᠳᠡᠬᠦ ᠦᠭᠡᠢ ᠠᠷᠰᠯᠠᠨ ᠤ᠋ ᠳᠦᠷᠢ ᠭᠠᠷᠭᠠᠨ ᠳᠠᠢᠳᠤᠬᠤ ᠭᠡᠵᠦ ᠣᠩᠭᠢᠷᠠᠵᠤ ᠶᠠᠪᠤᠭᠠᠳ ᠣᠯᠠᠨ ᠢ᠋ ᠵᠣᠪᠠᠯᠠᠩ ᠳ᠋ᠤ᠌ ᠣᠷᠣᠭᠤᠯᠤᠭᠰᠠᠨ》 ᠭᠡᠵᠦ ᠬᠡᠯᠡᠬᠦ ᠳᠤᠷᠠᠲᠠᠢ᠃ ᠮᠣᠩᠭᠣᠯ ᠨᠣᠶᠠᠳ᠂ ᠴᠡᠷᠢᠭ ᠲᠦ᠍ ᠵᠢᠭᠲᠡᠢ ᠶᠡᠬᠡ《ᠳᠣᠲᠣᠨᠣ》 ᠴᠢᠷᠠᠢ ᠭᠠᠷᠭᠠᠨ᠂ ᠶᠠᠭᠤ ᠪᠠᠢᠭ᠎ᠠ ᠪᠠᠨ ᠡᠷᠭᠦᠨ ᠪᠠᠷᠢᠵᠤ ᠪᠠᠢᠳᠠᠭ ᠨᠢ ᠪᠦᠷ ᠭᠣᠣᠯ ᠢ᠋ᠶ᠋ᠠᠨ ᠬᠠᠷᠠᠯᠠᠲᠠᠯ᠎ᠠ ᠴᠣᠬᠢᠭᠤᠯᠤᠭᠰᠠᠨ ᠤ᠋ ᠰᠢᠨᠵᠢ ᠶᠦᠮ ᠭᠡᠵᠦ ᠪᠢᠯᠢᠭᠦᠨ ᠶᠠᠷᠢᠪᠠ᠃ 
       ᠲᠡᠨᠳᠡ ᠡᠴᠡ ᠴᠠᠭᠠᠰᠢ ᠪᠠᠷᠠᠭᠤᠨ ᠲᠠᠢᠰᠢ ᠪᠠᠨ ᠶᠠᠪᠤᠭᠠᠳ ᠢᠷᠡᠨ ᠣᠷᠣᠨ ᠣᠷᠣᠬᠤ ᠪᠠᠷ ᠬᠥᠮᠦᠨ ᠣᠯᠠᠨ ᠨᠢ ᠦᠨᠡᠨ ᠭᠣᠣᠯ ᠠ᠋ᠴᠠ ᠪᠠᠨ ᠮᠣᠩᠭᠣᠯ ᠬᠥᠮᠦᠨ ᠳ᠋ᠦ᠍ ᠳᠤᠷᠠᠲᠠᠢ᠂ ᠶᠡᠬᠡ ᠮᠣᠩᠭᠣᠯ ᠠ᠋ᠴᠠ ᠶᠠᠪᠤᠭ᠎ᠠ ᠭᠡᠬᠦ ᠪᠡᠷ ᠬᠠᠮᠤᠭ ᠰᠠᠢᠨ ᠰᠠᠢᠬᠠᠨ ᠪᠦᠬᠦᠨ ᠢ᠋ᠶ᠋ᠡᠨ ᠭᠠᠷᠭᠠᠨ ᠲᠠᠢᠯᠵᠤ ᠪᠠᠢᠳᠠᠭ᠂ ᠤᠨᠤᠭ᠎ᠠ ᠬᠥᠰᠬᠡ ᠶ᠋ᠢ ᠬᠡᠯᠡᠭᠡ ᠦᠭᠡᠢ ᠪᠠᠢᠬᠤ ᠳ᠋ᠤ᠌ ᠯᠠ ᠪᠡᠯᠡᠳᠬᠡᠭᠡᠳ ᠠᠯᠢ ᠬᠡᠳᠦᠢᠨ᠎ᠡ ᠵᠡᠬᠡᠭᠰᠡᠨ ᠪᠠᠢᠳᠠᠭ᠂ ᠪᠡᠯᠡᠭ ᠰᠡᠯᠲᠡ ᠭᠠᠷᠳᠠᠭᠤᠯᠬᠤ ᠭᠡᠵᠦ ᠰᠠᠨᠠᠭ᠎ᠠ ᠲᠠᠯᠪᠢᠳᠠᠭ ᠭᠡᠨ᠎ᠡ᠃ ᠢᠷᠠᠨᠴᠤᠳ ᠮᠣᠩᠭᠣᠯ ᠢ᠋ ᠠᠬ᠎ᠠ ᠳᠡᠭᠦᠦ ᠭᠡᠵᠦ ᠶᠠᠷᠢᠬᠤ ᠳᠤᠷᠠᠲᠠᠢ ᠠᠵᠢ᠃ ᠬᠦᠯᠦᠭ ᠬᠠᠨ ᠳ᠋ᠤ᠌ ᠪᠠᠷᠠᠯᠬᠠᠨ ᠲᠡᠨᠳᠡ ᠲᠣᠭᠯᠠᠨ ᠭᠤᠷᠪᠠᠨ ᠬᠣᠨᠣᠭ ᠲᠡᠳᠡᠨ ᠦ᠌ ᠳ᠋ᠦ᠍ ᠰᠠᠭᠠᠲᠠᠵᠠᠢ᠃ 
       ᠣᠷᠣᠰ ᠨᠤᠲᠤᠭ ᠲᠤ ᠣᠷᠣᠭᠠᠳ ᠢᠷᠡᠬᠦ ᠪᠡᠷ ᠪᠠᠢᠳᠠᠯ ᠶᠡᠬᠡ ᠥᠭᠡᠷ᠎ᠡ ᠪᠣᠯᠵᠤ ᠪᠠᠢᠨ᠎ᠠ᠃ ᠨᠣᠶᠠᠳ᠂ ᠢᠷᠭᠡᠳ ᠠᠯᠢ ᠨᠢ ᠴᠦ᠍ ᠢᠯᠭᠠᠭ᠎ᠠ ᠦᠭᠡᠢ ᠮᠣᠩᠭᠣᠯ ᠴᠡᠷᠢᠭ ᠢ᠋《ᠠᠪᠤᠷᠠᠭᠴᠢ ᠶᠡᠬᠡ ᠬᠦᠴᠦᠨ》 ᠭᠡᠵᠦ ᠬᠦᠨᠳᠦᠯᠡᠨ ᠵᠠᠯᠪᠠᠷᠢᠵᠤ ᠰᠥᠭᠥᠳᠬᠦ᠂ ᠶᠠᠪᠤᠭᠰᠠᠨ ᠭᠠᠵᠠᠷ ᠪᠣᠯᠭᠠᠨ ᠳ᠋ᠤ᠌ ᠪᠥᠭᠡᠷᠡᠩᠬᠡᠢ ᠲᠣᠮᠣ ᠲᠠᠯᠬᠠᠨ ᠳᠡᠭᠡᠷ᠎ᠡ ᠳᠠᠪᠤᠰᠤ ᠲᠠᠯᠪᠢᠵᠤ ᠪᠠᠷᠢᠨ ᠵᠣᠯᠭᠠᠬᠤ ᠨᠢ ᠰᠣᠨᠢᠨ ᠭᠡᠵᠦ ᠪᠢᠯᠢᠭᠦᠨ ᠶᠠᠷᠢᠭᠠᠳ᠂ ᠶᠠᠭᠠᠬᠢᠭᠠᠳ《ᠠᠪᠤᠷᠠᠭᠴᠢ》 ᠪᠣᠯᠤᠭᠰᠠᠨ ᠢ᠋ ᠨᠢ ᠠᠰᠠᠭᠤᠪᠠᠯ ᠣᠷᠣᠰ ᠤ᠋ᠳ ᠬᠡᠯᠡᠬᠦ ᠳ᠋ᠦ᠍ ᠪᠡᠨ ᠲᠧᠧᠲ᠋ᠤᠩ ᠤ᠋ᠨ ᠣᠷᠳᠣᠨ ᠭᠡᠳᠡᠭ ᠤᠯᠤᠰ ᠤ᠋ᠨ ᠠᠢᠬᠤᠪᠲᠤᠷ ᠲᠦᠷᠢᠮᠡᠬᠡᠢᠴᠦᠳ ᠦ᠋ᠨ ᠶᠡᠬᠡ ᠴᠡᠷᠢᠭ ᠮᠠᠨ ᠤ᠋ ᠣᠷᠣᠨ ᠤᠷᠤᠭᠤ ᠳᠠᠷᠠᠭ᠎ᠠ ᠳᠠᠷᠠᠭᠠᠯᠠᠨ ᠬᠠᠯᠳᠠᠵᠤ ᠢᠷᠡᠭᠡᠳ ᠪᠢᠳᠡᠨ ᠢ᠋ ᠪᠦᠬᠦᠯᠢ ᠪᠡᠷ ᠨᠢ ᠪᠣᠭᠣᠯ ᠢ᠋ᠶ᠋ᠠᠨ ᠪᠣᠯᠭᠠᠬᠤ ᠭᠡᠰᠡᠨ ᠳ᠋ᠦ᠍ ᠮᠣᠩᠭᠣᠯ ᠤ᠋ᠨ ᠶᠡᠬᠡ ᠴᠡᠷᠢᠭ ᠮᠠᠨ ᠤ᠋ ᠨᠧᠧᠰᠺᠢ ᠬᠠᠭᠠᠨ ᠤ᠋ ᠬᠦᠰᠡᠯᠲᠡ ᠪᠡᠷ ᠲᠤᠰᠠᠯᠠᠬᠤ ᠪᠣᠯᠵᠤ᠂ ᠣᠷᠣᠰ ᠤ᠋ᠨ ᠨᠤᠲᠤᠭ ᠳᠤᠮᠳᠠᠭᠤᠷ ᠲᠣᠮᠣ ᠠᠶᠠᠯᠠᠯ ᠬᠢᠨ ᠪᠠᠷᠠᠭᠤᠨ ᠬᠣᠢᠲᠤ ᠨᠤᠲᠤᠭ ᠲᠤ ᠣᠴᠢᠭᠠᠳ᠂ ᠲᠡᠷᠡ ᠡᠵᠡᠯᠡᠨ ᠲᠦᠷᠢᠮᠡᠬᠡᠢᠯᠡᠭᠴᠢ ᠴᠡᠷᠢᠭ ᠢ᠋ ᠪᠤᠲᠠ ᠨᠢᠷᠭᠡᠭᠰᠡᠨ ᠬᠡᠷᠡᠭ᠃ ᠲᠡᠭᠡᠭᠡᠳ ᠴᠦ᠍ ᠣᠷᠣᠰ ᠤ᠋ᠨ ᠶᠡᠬᠡ ᠵᠠᠩᠵᠤᠨ ᠤ᠋ ᠬᠦᠦ ᠲᠡᠢ ᠮᠣᠩᠭᠣᠯ ᠤ᠋ᠨ ᠵᠠᠷᠢᠮ ᠨᠣᠶᠠᠳ ᠤ᠋ᠨ ᠬᠡᠦᠬᠡᠳ ᠦ᠋ᠳ ᠠᠬ᠎ᠠ ᠳᠡᠭᠦᠦ ᠪᠣᠯᠤᠨ ᠰᠤᠩᠭᠣᠯ ᠤ᠋ᠨ ᠶᠣᠰᠣ ᠪᠠᠷ ᠴᠢᠰᠤ ᠪᠠᠨ ᠠᠮᠰᠠᠯᠴᠠᠭᠰᠠᠨ᠃ ᠲᠡᠢᠮᠦ ᠠᠴᠢ ᠲᠤᠰᠠ ᠪᠣᠯᠤᠭᠰᠠᠨ ᠮᠣᠩᠭᠣᠯ ᠴᠡᠷᠢᠭ ᠲᠦ᠍ ᠪᠢᠳᠡ ᠮᠠᠭᠤ ᠪᠠᠢᠬᠤ ᠶᠣᠰᠣ ᠦᠭᠡᠢ ᠭᠡᠵᠦ ᠶᠠᠷᠢᠵᠤ ᠪᠠᠢᠨ᠎ᠠ᠃ ᠣᠳᠣ ᠮᠣᠩᠭᠣᠯ᠂ ᠣᠷᠣᠰ ᠬᠥᠮᠦᠰ ᠪᠡᠶ᠎ᠡ ᠪᠡᠶ᠎ᠡ ᠳ᠋ᠦ᠍ ᠪᠡᠨ ᠰᠠᠢᠨ ᠰᠡᠳᠬᠢᠯ ᠲᠡᠢ ᠣᠷᠣᠰᠢᠵᠤ ᠪᠠᠢᠬᠤ ᠶᠤᠮ᠃ ᠲᠡᠭᠦᠨ ᠢ᠋ ᠨᠢ ᠪᠢᠳᠡ ᠦᠵᠡᠯ᠎ᠡ᠃ ᠢᠯᠠᠨ ᠳᠡᠢᠯᠦᠭᠴᠢ ᠪᠣᠯᠬᠣᠷ ᠢ᠋ᠶ᠋ᠠᠨ ᠮᠣᠩᠭᠣᠯ ᠨᠢ ᠠᠷᠠᠢ ᠳᠡᠭᠡᠷᠡᠯᠬᠡᠦ ᠰᠢᠨᠵᠢᠲᠡᠢ ᠪᠠᠢᠳᠠᠭ ᠪᠣᠯᠪᠠ ᠤᠤ ᠭᠡᠮᠡᠷ ᠵᠦᠢᠯ ᠠᠵᠢᠭᠯᠠᠭᠳᠠᠵᠤ ᠪᠠᠢᠨ᠎ᠠ ᠭᠡᠵᠦ ᠪᠢᠯᠢᠭᠦᠨ ᠶᠠᠷᠢᠪᠠ᠃ ᠪᠠᠷᠠᠭᠤᠨ ᠳᠤᠮᠳᠠᠳᠤ ᠭᠠᠵᠠᠷ ᠲᠤ ᠶᠠᠩᠵᠤ ᠪᠦᠷᠢ ᠶ᠋ᠢᠨ ᠠᠮᠲᠠᠲᠠᠢ ᠰᠠᠢᠬᠠᠨ ᠵᠢᠮᠢᠰ ᠯᠡ ᠡᠯᠪᠡᠭ ᠪᠠᠢᠳᠠᠭ᠃ ᠬᠥᠮᠦᠰ ᠲᠡᠷᠡ ᠵᠢᠮᠢᠰ ᠢ᠋ ᠲᠣᠭᠣᠵᠤ ᠠᠪᠬᠤ ᠪᠠᠨ ᠪᠠᠢᠴᠢᠬᠠᠭᠰᠠᠨ ᠪᠣᠯᠬᠣᠷ ᠦᠨ᠎ᠡ ᠨᠢ ᠬᠢᠮᠳᠠ ᠶᠡᠷᠦ ᠨᠢ ᠬᠥᠮᠦᠨ ᠲᠡᠭᠦᠨ ᠢ᠋ ᠬᠣᠶᠠᠷ ᠭᠤᠷᠪᠠ ᠬᠣᠨᠣᠭ ᠳᠤᠷᠠᠯᠠᠨ ᠢᠳᠡᠭᠡᠳ ᠰᠡᠭᠦᠯ ᠳ᠋ᠦ᠍ ᠪᠡᠨ ᠰᠢᠬᠢᠷ ᠠᠮᠲᠠᠨ ᠳ᠋ᠤ᠌ ᠨᠢ ᠪᠢᠯᠠᠭᠤᠷᠠᠭᠠᠳ ᠢᠳᠡᠬᠦ ᠪᠡᠨ ᠪᠠᠢᠳᠠᠭ ᠭᠡᠵᠦ ᠶᠠᠷᠢᠯ᠎ᠠ᠃ ᠥᠭᠡᠷ᠎ᠡ ᠪᠤᠰᠤᠳ ᠰᠣᠨᠢᠨ ᠭᠠᠢᠬᠠᠯᠲᠠᠢ ᠵᠦᠢᠯ ᠪᠢᠯᠢᠭᠦᠨ ᠣᠯᠠᠨ ᠢ᠋ ᠦᠵᠡᠬᠦ ᠪᠣᠯᠣᠮᠵᠢᠲᠠᠢ ᠶᠠᠪᠤᠭᠰᠠᠨ ᠪᠣᠯᠪᠠᠴᠤ ᠰᠦᠢᠲᠦ ᠨᠣᠶᠠᠨ ᠶᠠᠭᠠᠷᠠᠤ ᠰᠠᠨᠳᠤᠷᠤᠤ᠂ ᠨᠢᠭᠡ ᠭᠠᠵᠠᠷ ᠲᠤ ᠬᠣᠶᠠᠷ ᠬᠣᠨᠣᠭ ᠠ᠋ᠴᠠ ᠢᠯᠡᠭᠦᠦ ᠪᠠᠢᠬᠤ ᠳᠤᠷ᠎ᠠ ᠦᠭᠡᠢ᠂ ᠪᠠᠢᠬᠤ ᠴᠦ᠍ ᠪᠣᠯᠤᠮᠵᠢ ᠦᠭᠡᠢ ᠭᠡᠬᠦ ᠤᠤ᠂ ᠡᠨᠳᠡ ᠡᠴᠡ ᠲᠣᠭᠲᠠᠭᠠᠵᠤ ᠥᠭᠭᠦᠭᠰᠡᠨ ᠬᠤᠭᠤᠴᠠᠭ᠎ᠠ ᠨᠢ ᠳᠠᠪᠴᠢᠭᠤ ᠪᠣᠯᠬᠣᠷ ᠣᠴᠢᠭᠰᠠᠨ ᠭᠠᠵᠠᠷ ᠤ᠋ᠨ ᠢ᠋ᠶ᠋ᠠᠨ ᠶᠡᠬᠡ ᠨᠣᠶᠠᠨ ᠲᠠᠢ ᠬᠡᠯᠡᠯᠴᠡᠭᠡ ᠬᠢᠵᠦ ᠨᠢᠭᠡ ᠬᠣᠶᠠᠷ ᠬᠣᠨᠣᠭᠠᠳ ᠯᠠ ᠪᠥᠬᠡᠬᠡᠭᠲᠦ ᠲᠡᠷᠭᠡᠨ ᠳ᠋ᠦ᠍ ᠪᠡᠨ ᠡᠯᠳᠡᠪ ᠰᠠᠪᠠ ᠲᠠᠢ ᠬᠠᠲᠠᠭᠤ ᠠᠷᠢᠬᠢ ᠬᠢᠵᠦ ᠠᠪᠤᠭᠠᠳ ᠳᠠᠪᠬᠢᠵᠤ ᠪᠠᠢᠯ᠎ᠠ ᠭᠡᠨ᠎ᠡ᠃ ᠶᠠᠪᠤᠭᠰᠠᠨ ᠬᠡᠷᠡᠭ ᠨᠢ ᠪᠦᠲᠦᠮᠵᠢᠲᠡᠢ ᠪᠣᠯᠵᠠᠢ᠃ 
       ᠴᠠᠭᠠᠲᠠᠢ ᠬᠠᠭᠠᠨ ᠤ᠋ ᠤᠳᠤᠮ ᠤ᠋ᠨ ᠨᠣᠶᠠᠳ ᠤ᠋ᠳ᠂ ᠪᠠᠲᠤ ᠬᠠᠨ ᠤ᠋ ᠣᠷᠣ ᠰᠠᠭᠤᠭᠰᠠᠨ ᠬᠠᠨ ᠪᠣᠯᠵᠤ᠂ ᠲᠡᠭᠦᠨ ᠦ᠌ ᠵᠠᠬᠢᠷᠭᠠᠨ ᠳ᠋ᠤ᠌ ᠪᠠᠢᠭ᠎ᠠ ᠳᠡᠭᠡᠳᠦᠰ ᠦ᠋ᠳ ᠪᠠᠷᠤᠭ ᠪᠦᠭᠦᠳᠡᠭᠡᠷ ᠢ᠋ᠶ᠋ᠡᠨ ᠭᠦᠷᠦᠨ ᠦ᠌ ᠶᠡᠬᠡ ᠬᠠᠭᠠᠨ ᠢ᠋ ᠨᠡᠩ ᠳᠠᠷᠤᠢ ᠰᠢᠷᠡᠭᠡᠨ ᠳ᠋ᠦ᠍ ᠰᠠᠭᠤᠯᠭᠠᠶ᠎ᠠ᠃ ᠤᠯᠤᠰ ᠡᠵᠡᠨ ᠦᠭᠡᠢᠳᠡᠵᠦ ᠮᠠᠭᠠᠳ ᠦᠭᠡᠢ ᠪᠠᠢᠨ᠎ᠠ᠃ ᠰᠠᠯᠠᠩ ᠵᠠᠳᠠᠭᠠᠢ ᠶᠠᠪᠤᠳᠠᠯ ᠳᠡᠯᠭᠡᠷᠡᠵᠦ᠂ ᠡᠯᠳᠡᠪ ᠠᠰᠢᠭ ᠵᠠᠪᠰᠢᠶᠠᠨ ᠬᠥᠭᠡᠭᠡᠭᠴᠢᠳ ᠢ᠋ ᠲᠣᠯᠣᠭᠠᠢ ᠥᠨᠳᠡᠢᠯᠭᠡᠨ᠂ ᠲᠢᠭ ᠵᠢᠷᠤᠮ ᠰᠤᠯᠠᠷᠠᠵᠤ᠂ ᠶᠣᠰᠣ ᠦᠭᠡᠢ ᠡᠲᠡᠭᠡᠳ ᠦ᠋ᠳ ᠶᠣᠰᠣ ᠶ᠋ᠢ ᠡᠳ᠋ᠯᠡᠬᠦ ᠰᠠᠨᠠᠭᠠᠲᠠᠢ ᠪᠣᠯᠵᠤ ᠪᠠᠢᠨ᠎ᠠ᠃ ᠬᠠᠲᠠᠭᠤ ᠳᠢᠭᠯᠢᠮ ᠳᠡᠭᠡᠳᠦ ᠪᠣᠭᠳᠠ ᠶ᠋ᠢᠨ ᠲᠣᠭᠲᠠᠭᠠᠭᠰᠠᠨ ᠵᠢᠷᠤᠮ ᠭᠣᠷᠢᠮ᠂《ᠶᠡᠬᠡ ᠵᠠᠰᠠᠭ》 ᠬᠠᠤᠯᠢ ᠪᠠᠨ ᠳᠠᠷᠤᠢ ᠰᠡᠷᠭᠦᠭᠡᠬᠦ ᠪᠣᠯᠤᠯ᠎ᠠ᠃ ᠮᠥᠩᠬᠡ ᠬᠠᠭᠠᠨᠲᠠᠨ ᠨᠢᠭᠡᠨᠲᠡ ᠭᠠᠯ ᠭᠣᠯᠣᠮᠲᠠ ᠪᠠᠨ ᠠᠷᠢᠬᠪᠥᠢ᠍ᠬᠡ ᠨᠣᠶᠠᠨ ᠢ᠋ᠶ᠋ᠠᠷ ᠰᠠᠬᠢᠭᠤᠯᠤᠭᠰᠠᠨ ᠪᠣᠯᠬᠣᠷ ᠡᠨᠡ ᠬᠥᠮᠦᠨ ᠣᠷᠣ ᠰᠠᠭᠤᠬᠤ ᠶᠣᠰᠣᠲᠠᠢ᠃ ᠪᠢᠳᠡ ᠲᠡᠭᠦᠨ ᠢ᠋ ᠡᠷᠭᠦᠮᠵᠢᠯᠡᠨ ᠳᠡᠮᠵᠢᠨ᠎ᠡ᠃ ᠵᠢᠩᠬᠢᠨᠢ ᠮᠣᠩᠭᠣᠯ ᠦᠵᠡᠯᠲᠡᠢ ᠪᠠᠢᠭ᠎ᠠ ᠪᠠᠨ ᠲᠡᠳᠡᠭᠡᠷ ᠣᠴᠢᠭᠰᠠᠨ ᠭᠠᠵᠠᠷ ᠤ᠋ᠨ ᠶᠡᠬᠡᠰ ᠨᠣᠶᠠᠳ ᠤ᠋ᠳ ᠰᠦᠢᠲᠦ ᠨᠣᠶᠠᠨ ᠲᠠᠢ ᠬᠢᠭᠰᠡᠨ ᠬᠡᠯᠡᠯᠴᠡᠭᠡᠷ ᠳᠡᠭᠡᠷ᠎ᠡ ᠲᠡᠮᠳᠡᠭᠯᠡᠵᠦ᠂ ᠠᠷᠢᠬᠪᠥᠢ᠍ᠬᠡ ᠳ᠋ᠦ᠍ ᠶᠣᠰᠣ ᠬᠢᠨ ᠬᠦᠨᠳᠦᠳᠬᠡᠯ ᠦ᠋ᠨ ᠵᠦᠢᠯ ᠢ᠋ ᠳᠠᠮᠵᠢᠭᠤᠯᠤᠨ ᠪᠠᠷᠢᠭᠰᠠᠨ ᠪᠠᠢᠨ᠎ᠠ᠃ 
       ᠰᠦᠢᠲᠦ ᠨᠣᠶᠠᠨ ᠴᠦ᠍ ᠲᠡᠷᠡ ᠨᠣᠶᠠᠳ ᠲᠠᠢ ᠬᠡᠯᠡᠯᠴᠡᠭᠡ ᠬᠢᠬᠦ ᠳ᠋ᠦ᠍ ᠪᠡᠨ ᠤᠴᠢᠷ ᠵᠦᠢ ᠶ᠋ᠢ ᠲᠠᠢᠯᠪᠤᠷᠢᠯᠠᠵᠤ᠂ ᠬᠡᠷᠡᠭ ᠦ᠋ᠨ ᠡᠪ ᠵᠦᠢ ᠶ᠋ᠢ ᠣᠯᠵᠤ ᠲᠠᠨᠢᠯᠴᠠᠭᠤᠯᠵᠤ ᠴᠢᠳᠠᠳᠠᠭ ᠢ᠋ᠶ᠋ᠠᠷ ᠢ᠋ᠶ᠋ᠠᠨ ᠣᠪᠲᠠᠢ᠂ ᠳ᠋ᠦᠶ᠋ᠲᠠᠢ ᠠᠵᠢ᠃ ᠡᠨᠡ ᠨᠣᠶᠠᠨ ᠤ᠋ ᠡᠯᠪᠡᠭ ᠰᠠᠢᠬᠠᠨ ᠦᠭᠡ ᠲᠡᠢ ᠶ᠋ᠢ ᠪᠢᠯᠢᠭᠦᠨ ᠱᠠᠭᠰᠢᠨ ᠮᠠᠭᠲᠠᠵᠤ ᠪᠠᠷᠠᠬᠤ ᠦᠭᠡᠢ ᠪᠠᠢᠯ᠎ᠠ᠃ ᠰᠦᠢᠲᠦ ᠨᠣᠶᠠᠨ ᠪᠠᠲᠤ ᠶ᠋ᠢᠨ ᠣᠷᠣ ᠰᠠᠭᠤᠭᠰᠠᠨ① ᠬᠠᠨ ᠳ᠋ᠤ᠌ ᠣᠴᠢᠭᠠᠳ ᠪᠠᠷᠠᠯᠬᠠᠩᠭᠠᠨ ᠭᠦᠨ ᠬᠦᠨᠳᠦᠳᠬᠡᠯ ᠢᠯᠡᠷᠬᠡᠢᠯᠡᠵᠦ ᠪᠠᠢᠭ᠎ᠠ ᠶ᠋ᠢ ᠨᠢ ᠬᠠᠷᠠᠭᠠᠳ ᠪᠠᠢᠮᠠᠷ ᠰᠦᠷᠲᠡᠢ ᠪᠠᠢᠵᠠᠢ᠃
       ᠲᠡᠷᠡ ᠪᠡᠷ ᠳᠠᠭᠠᠭᠤᠯ ᠠᠷᠪᠠᠨ ᠲᠦᠰᠢᠮᠡᠯ ᠢ᠋ᠶ᠋ᠡᠨ ᠶᠣᠰᠣ ᠳᠥᠷᠦᠲᠡᠢ ᠪᠠᠢᠳᠠᠯ ᠢ᠋ᠶ᠋ᠠᠷ ᠬᠤᠪᠴᠠᠰᠤᠯᠠᠭᠤᠯᠤᠭᠠᠳ᠂ ᠥᠪᠡᠷ ᠢ᠋ᠶ᠋ᠡᠨ ᠭᠣᠶᠣ ᠳᠡᠪᠡᠯ ᠢ᠋ᠶ᠋ᠡᠨ ᠡᠮᠦᠰᠦᠭᠰᠡᠨ᠂ ᠭᠤᠷᠪᠠᠨ ᠳᠠᠪᠬᠤᠷ ᠲᠠᠰᠤᠯᠭ᠎ᠠ ᠪᠠᠨ ᠳᠠᠮᠵᠢᠨ ᠣᠷᠣᠳᠠᠭ ᠬᠠᠭᠠᠯᠭ᠎ᠠ ᠪᠠᠷ ᠳᠠᠭᠠᠭᠤᠯ ᠨᠤᠭᠤᠳ ᠢ᠋ᠶ᠋ᠠᠨ ᠠᠷᠤ ᠠ᠋ᠴᠠ ᠪᠠᠨ ᠴᠤᠪᠤᠷᠠᠭᠤᠯᠤᠨ ᠣᠷᠣᠵᠤ᠂ ᠶᠡᠬᠡ ᠴᠠᠭᠠᠨ ᠲᠣᠷᠭ᠎ᠠ ᠳᠡᠯᠭᠡᠨ᠂ ᠳᠡᠭᠡᠷ᠎ᠡ ᠨᠢ ᠠᠯᠲᠠᠨ ᠠᠶᠠᠭᠠᠨ ᠳ᠋ᠤ᠌ ᠢᠳᠡᠭᠡ ᠵᠢᠮᠢᠰ ᠬᠢᠨ ᠲᠠᠯᠪᠢᠭᠠᠳ᠂ ᠲᠡᠭᠦᠨ ᠢ᠋ ᠪᠡᠨ ᠬᠣᠶᠠᠷ ᠭᠠᠷᠳᠠᠨ  ᠪᠠᠷᠢᠵᠤ ᠬᠠᠨ ᠳ᠋ᠤ᠌ ᠡᠷᠭᠦᠨ ᠭᠤᠷᠪᠠᠨᠲᠠ ᠰᠥᠭᠥᠳᠴᠦ 
       — ᠮᠥᠩᠬᠡ ᠲᠡᠭᠷᠢ ᠶ᠋ᠢᠨ ᠠᠪᠤᠷᠠᠯ ᠢ᠋ᠶ᠋ᠠᠷ ᠳᠡᠭᠡᠳᠦᠰ ᠬᠠᠭᠠᠨᠲᠠᠨ ᠠᠮᠤᠭᠤᠯᠠᠩ ᠮᠣᠷᠢᠯᠠᠵᠤ ᠪᠠᠢᠨ᠎ᠠ ᠤᠤ ?  ᠲᠠᠨ ᠤ᠋ ᠭᠠᠯ ᠭᠣᠯᠣᠮᠲᠠ ᠬᠠᠷᠠᠬᠣᠷᠣᠮ ᠠ᠋ᠴᠠ ᠡᠷᠬᠢᠮ ᠬᠠᠨᠳᠠᠨ ᠤ᠋ ᠠᠮᠤᠭᠤᠯᠠᠩ ᠢ᠋ ᠰᠥᠭᠥᠳᠦᠶ᠎ᠡ !  ᠭᠡᠳ ᠡᠷᠭᠦᠯ ᠶᠠᠭᠤᠮ᠎ᠠ ᠪᠠᠨ ᠪᠠᠷᠢᠵᠤ᠂ ᠳᠠᠭᠠᠯᠳᠤᠨ ᠶᠠᠪᠤᠭ᠎ᠠ ᠬᠥᠮᠦᠰ ᠢ᠋ᠶ᠋ᠡᠨ ᠲᠣᠯᠣᠭᠠᠢ ᠳᠠᠷᠠᠭᠠᠯᠠᠨ ᠲᠠᠨᠢᠯᠴᠠᠭᠤᠯᠤᠨ ᠶᠣᠰᠣ ᠬᠢᠯᠭᠡᠪᠡ᠃ ᠡᠨᠡ ᠶᠣᠰᠣᠯᠠᠯ ᠨᠢ ᠰᠦᠷᠲᠡᠢ ᠠᠭᠠᠳ᠂ ᠨᠥᠭᠦᠭᠡ ᠬᠠᠨ ᠪᠡᠷᠬᠡ ᠶ᠋ᠢᠨ ᠰᠡᠳᠬᠢᠯ ᠢ᠋ ᠬᠥᠳᠡᠯᠭᠡᠬᠦ ᠪᠡᠷ ᠡᠷᠬᠢᠮ ᠬᠦᠨᠳᠦᠳᠬᠡᠯᠲᠡᠢ ᠪᠠᠢᠵᠠᠢ᠃ ᠰᠦᠢᠲᠦ ᠨᠣᠶᠠᠨ ᠰᠠᠭᠤᠳᠠᠯ ᠪᠠᠷᠢᠵᠤ ᠦᠷᠭᠦᠯᠵᠢᠯᠡᠭᠦᠯᠦᠨ᠂ ᠨᠤᠲᠤᠭ ᠣᠷᠣᠨ ᠤ᠋ ᠪᠠᠨ ᠲᠤᠬᠠᠢ ᠲᠠᠨᠢᠯᠴᠠᠭᠤᠯᠭ᠎ᠠ ᠬᠢᠭᠡᠳ  
       — ᠡᠷᠬᠢᠮ ᠳᠡᠭᠡᠳᠦ ᠬᠦᠦ ᠠᠷᠢᠬᠪᠦ᠋ᠬᠡ ᠨᠣᠶᠠᠨ ᠬᠠᠭᠠᠨᠲᠠᠨ ᠲᠠᠨ ᠳ᠋ᠤ᠌ ᠪᠡᠶ᠎ᠡ ᠪᠡᠷ ᠢᠷᠡᠵᠦ ᠠᠭᠤᠯᠵᠠᠬᠤ ᠭᠦᠨ ᠬᠦᠰᠡᠯᠲᠡᠢ ᠪᠠᠢᠭᠰᠠᠨ ᠪᠣᠯᠪᠠᠴᠤ ᠬᠡᠷᠡᠭ ᠶᠠᠪᠤᠳᠠᠯ ᠠ᠋ᠴᠠ ᠰᠢᠯᠲᠠᠭᠠᠯᠠᠨ᠂ ᠬᠠᠷᠠᠬᠣᠷᠣᠮ ᠢ᠋ ᠣᠷᠬᠢᠵᠤ ᠪᠣᠯᠬᠤ ᠦᠭᠡᠢ ᠪᠣᠯᠤᠭᠠᠳ ᠥᠴᠦᠬᠡᠨ ᠨᠠᠮᠠᠶ᠋ᠢ ᠢᠲᠡᠭᠡᠮᠵᠢᠯᠡᠨ ᠲᠠᠨ ᠳ᠋ᠤ᠌ ᠰᠢᠳᠠᠷᠯᠠᠭᠤᠯᠬᠤ ᠪᠠᠷ ᠵᠠᠷᠤᠭᠰᠠᠨ ᠲᠤᠯᠠ ᠪᠠᠷᠠᠯᠬᠠᠵᠤ ᠪᠠᠢᠨ᠎ᠠ ᠭᠡᠵᠦ ᠠᠢᠯᠠᠳᠬᠠᠨ᠂ ᠪᠠᠷ᠎ᠠ ᠪᠣᠯᠤᠭᠴᠢᠳ ᠢ᠋ ᠪᠡᠨ ᠴᠢᠯᠥᠭᠡᠯᠡᠵᠦ ᠬᠣᠶᠠᠷᠬᠠᠨ ᠪᠡᠶ᠎ᠡ ᠪᠡᠷ ᠰᠠᠭᠤᠨ᠂ ᠬᠡᠷᠡᠭ ᠢ᠋ᠶ᠋ᠡᠨ ᠬᠡᠯᠡᠯᠴᠡᠵᠡᠢ᠃ ᠰᠦᠢᠲᠦ ᠨᠣᠶᠠᠨ ᠠᠯᠲᠠᠨ ᠣᠷᠳᠣᠨ ᠤ᠋ ᠬᠠᠨ ᠳ᠋ᠤ᠌ ᠠᠢᠯᠠᠳᠬᠠᠬᠤ ᠳ᠋ᠤ᠌ ᠪᠠᠨ ᠶᠡᠬᠡ ᠭᠦᠷᠦᠨ ᠦ᠌ ᠡᠵᠡᠨ ᠬᠠᠭᠠᠨ ᠤ᠋ ᠰᠢᠷᠡᠭᠡᠨ ᠳ᠋ᠦ᠍ ᠮᠥᠩᠬᠡ ᠶ᠋ᠢᠨ ᠳᠡᠭᠦᠦ ᠠᠷᠢᠬᠪᠦ᠋ᠬᠡ ᠨᠣᠶᠠᠨ ᠢ᠋ ᠰᠠᠭᠤᠯᠭᠠᠬᠤ ᠬᠦᠰᠡᠯ ᠢ᠋ ᠰᠢᠳᠠᠷ ᠨᠣᠶᠠᠳ ᠤ᠋ᠳ ᠢᠯᠡᠷᠬᠡᠢᠯᠡᠵᠦ ᠪᠠᠢᠭ᠎ᠠ ᠪᠥᠭᠡᠳ ᠬᠠᠭᠠᠨᠲᠠᠨ ᠲᠠᠨ ᠤ᠋ ᠲᠠᠭᠠᠯᠠᠯ ᠢ᠋ ᠠᠰᠠᠭᠤᠵᠤ ᠶᠠᠪᠤᠨ᠎ᠠ ᠭᠡᠵᠦ ᠥᠴᠢᠭᠰᠡᠨ ᠪᠠᠢᠨ᠎ᠠ᠃ ᠶᠠᠷᠢᠶ᠎ᠠ ᠤᠳᠠᠭᠠᠨ ᠦᠷᠭᠦᠯᠵᠢᠯᠡᠵᠦ᠂ ᠬᠠᠨ ᠪᠡᠷᠬᠡ ᠡᠴᠡ ᠠᠷᠢᠬᠪᠦ᠋ᠬᠡ ᠲᠡᠢ ᠬᠡᠨ ᠶᠠᠭᠠᠬᠢᠵᠤ ᠥᠷᠢᠰᠦᠯᠳᠦᠨ ᠪᠣᠢ ᠶ᠋ᠢ ᠯᠠᠪᠯᠠᠭᠰᠠᠨ ᠠᠵᠢ᠃ ᠰᠦᠢᠲᠦ ᠨᠣᠶᠠᠨ ᠰᠢᠯᠤᠭᠤᠬᠠᠨ ᠢ᠋ᠶ᠋ᠠᠷ ᠬᠢᠲᠠᠳ ᠭᠠᠵᠠᠷ ᠢ᠋ ᠮᠡᠳᠡᠨ ᠵᠠᠬᠢᠷᠤᠭᠴᠢ ᠬᠤᠪᠢᠯᠠᠢ ᠨᠣᠶᠠᠨ ᠶᠡᠬᠡ ᠬᠠᠭᠠᠨ ᠤ᠋ ᠣᠷᠣ ᠶ᠋ᠢ ᠥᠪᠡᠷ ᠢ᠋ᠶ᠋ᠡᠨ ᠰᠠᠭᠤᠬᠤ ᠳᠠᠯᠳᠠ ᠶ᠋ᠢᠨ ᠪᠣᠳᠣᠯᠭ᠎ᠠ ᠲᠠᠢ ᠪᠠᠢ ᠪᠡᠯᠡᠳᠬᠡᠨ ᠪᠣᠢ ᠯᠠᠪᠲᠠᠢ ᠮᠡᠳᠡᠭᠡ ᠪᠣᠢ ᠶ᠋ᠢ ᠬᠠᠨ ᠳ᠋ᠤ᠌ ᠠᠢᠯᠠᠳᠬᠠᠵᠠᠢ ᠃ 
       ᠣᠷᠳᠣᠨ ᠤ᠋ ᠬᠠᠨ ᠪᠡᠷᠬᠡ ᠬᠡᠷᠡᠭ ᠶᠠᠪᠤᠳᠠᠯ ᠢ᠋ ᠪᠣᠳᠣᠨ ᠲᠤᠩᠭᠠᠭᠠᠵᠤ ᠦᠵᠡᠭᠡᠳ᠂ ᠲᠠᠢᠪᠤᠩ ᠪᠠᠢᠳᠠᠯ ᠢ᠋ᠶ᠋ᠠᠷ 
       — ᠪᠢ ᠰᠠᠨᠠᠪᠠᠯ ᠶᠡᠬᠡ ᠬᠠᠭᠠᠨ ᠰᠡᠷᠡᠭᠦᠨ ᠲᠤᠩᠭᠠᠯᠠᠭ ᠪᠠᠢᠬᠤ ᠳ᠋ᠤ᠌ ᠪᠠᠨ ᠨᠢᠭᠡᠨᠲᠡ ᠭᠠᠯ ᠭᠣᠯᠣᠮᠲᠠ ᠪᠠᠨ ᠰᠠᠬᠢᠭᠤᠯᠤᠨ ᠲᠠᠯᠪᠢᠭᠰᠠᠨ ᠲᠡᠷᠡ ᠨᠣᠶᠠᠨ ᠯᠠ ᠣᠷᠣ ᠰᠠᠭᠤᠬᠤ ᠶᠣᠰᠣᠲᠠᠢ᠃ ᠲᠡᠢᠮᠦ ᠵᠢᠷᠤᠮ ᠶᠣᠰᠣ ᠶ᠋ᠢ ᠪᠣᠭᠳᠠ ᠥᠪᠡᠷ ᠢ᠋ᠶ᠋ᠡᠨ ᠲᠣᠭᠲᠠᠭᠠᠨ ᠲᠠᠭᠠᠯᠠᠵᠤ ᠵᠠᠬᠢᠶᠠᠰᠤ ᠪᠣᠯᠭᠠᠭᠰᠠᠨ ᠪᠣᠯᠬᠣᠷ ᠲᠡᠭᠦᠨ ᠢ᠋ ᠬᠡᠨ ᠴᠦ᠍ ᠡᠪᠳᠡᠬᠦ ᠤᠴᠢᠷ ᠦᠭᠡᠢ ᠪᠢᠰᠢ ᠤᠤ ᠭᠡᠯ᠎ᠡ ᠃  
       — ᠬᠠᠭᠠᠨᠲᠠᠨ ᠲᠠ ᠮᠡᠷᠭᠡᠨ ᠢ᠋ᠶ᠋ᠡᠷ ᠠᠢᠯᠠᠳᠴᠤ ᠪᠠᠢᠨ᠎ᠠ᠃ ᠤᠭᠰᠠᠭᠠᠨ ᠤ᠋ ᠨᠣᠶᠠᠳ ᠪᠢᠳᠡ ᠲᠡᠭᠡᠵᠦ ᠦᠵᠡᠵᠦ ᠪᠠᠢᠭ᠎ᠠ ᠪᠣᠯᠪᠠᠴᠤ ᠲᠡᠭᠦᠨ ᠢ᠋ ᠬᠤᠪᠢᠯᠠᠢ ᠡᠪᠳᠡᠬᠦ ᠶ᠋ᠢ ᠬᠢᠴᠢᠶᠡᠨ ᠪᠣᠢ ᠨᠢ ᠢᠯᠡᠳᠲᠡ ᠪᠣᠯᠤᠭᠰᠠᠨ᠃ ᠲᠡᠷᠡ ᠵᠠᠬᠢᠷᠤᠭᠴᠢ ᠳᠡᠷᠭᠡᠳᠡ ᠪᠡᠨ ᠪᠠᠬᠠᠨ ᠬᠢᠲᠠᠳ ᠨᠣᠶᠠᠳ ᠲᠦᠰᠢᠮᠡᠳ  ᠴᠤᠭᠯᠠᠭᠤᠯᠤᠨ᠂ ᠲᠡᠳᠡᠨ ᠦ᠌ ᠪᠡᠨ ᠬᠦᠴᠦ ᠪᠡᠷ ᠬᠠᠭᠠᠨ ᠤ᠋ ᠣᠷᠣ ᠶ᠋ᠢ ᠠᠪᠬᠤ ᠭᠡᠵᠦ ᠳᠠᠯᠳᠠᠭᠤᠷ ᠬᠤᠤᠪᠢᠯᠳᠤᠭᠠᠨ ᠬᠢᠵᠦ ᠪᠣᠢ ᠶ᠋ᠢ ᠪᠢᠳᠡ ᠮᠡᠳᠡᠭᠰᠡᠨ ᠤᠴᠢᠷ ᠤᠭ ᠪᠠᠢᠳᠠᠯ ᠢ᠋ ᠲᠠᠨ ᠳ᠋ᠤ᠌ ᠠᠢᠯᠠᠳᠬ᠎ᠠ ᠭᠡᠵᠦ ᠠᠷᠢᠬᠪᠦ᠋ᠬᠡ ᠵᠠᠬᠢᠷᠤᠭᠴᠢ ᠪᠣᠭᠣᠯ ᠨᠠᠮᠠᠶ᠋ᠢ ᠢᠯᠡᠳᠬᠡᠨ ᠶᠠᠪᠤᠭᠤᠯᠤᠭᠰᠠᠨ ᠪᠢᠯᠡ ᠁ ᠭᠡᠮᠡᠨ ᠶᠠᠷᠢᠵᠠᠢ᠃ ᠵᠠᠯᠠᠭᠤ ᠬᠠᠨ ᠪᠣᠳᠣᠯ ᠪᠣᠯᠤᠨ ᠪᠠᠢᠵᠤ 
       — ᠪᠢ ᠪᠠᠢᠳᠠᠯ ᠢ᠋ ᠮᠡᠳᠡᠯ᠎ᠡ᠃ ᠲᠠ ᠪᠦᠬᠦᠨ ᠵᠥᠪ ᠢ᠋ ᠪᠣᠯᠭᠣᠭᠠᠵᠤ ᠪᠠᠢᠨ᠎ᠠ᠃ ᠨᠡᠢᠰᠯᠡᠯ ᠦ᠋ᠨ ᠵᠠᠬᠢᠷᠤᠭᠴᠢ ᠪᠣᠯᠤᠭᠰᠠᠨ ᠨᠣᠶᠠᠨ ᠣᠷᠣ ᠰᠠᠭᠤᠬᠤ ᠨᠢ ᠲᠦᠮᠡᠨ ᠵᠥᠪ᠃ ᠪᠢ ᠢᠩᠭᠢᠵᠦ ᠪᠣᠳᠣᠵᠤ ᠪᠠᠢᠨ᠎ᠠ᠃  ᠡᠨᠡ ᠬᠡᠷᠡᠭ ᠶᠠᠪᠤᠨ ᠶᠠᠪᠤᠭᠰᠠᠭᠠᠷ ᠬᠥᠶᠦᠭ ᠬᠠᠭᠠᠨ ᠢ᠋ ᠨᠠᠰᠤ ᠡᠴᠦᠰᠯᠡᠭᠰᠡᠨ ᠦ᠌ ᠳᠠᠷᠠᠭ᠎ᠠ ᠮᠥᠩᠬᠡ ᠶ᠋ᠢ ᠣᠷᠣ ᠰᠠᠭᠤᠬᠤ ᠳ᠋ᠤ᠌ ᠪᠣᠯᠤᠭᠰᠠᠨ ᠠ᠋ᠴᠠ ᠳᠤᠲᠠᠭᠤ ᠦᠭᠡᠢ ᠬᠡᠷᠡᠭ ᠳᠡᠭᠳᠡᠵᠦ ᠮᠠᠭᠠᠳ ᠦᠭᠡᠢ ᠰᠢᠪ᠃ ᠮᠠᠨ ᠤ᠋ ᠶᠡᠬᠡ ᠠᠬ᠎ᠠ ᠬᠠᠭᠠᠨ ᠤ᠋ ᠥᠪᠡᠷ ᠦ᠋ᠨ ᠰᠢᠯᠢᠮᠡᠯ ᠴᠡᠷᠢᠭ ᠢ᠋ ᠨᠠᠳᠠ ᠪᠠᠷ ᠲᠡᠷᠢᠭᠦᠯᠡᠨ ᠮᠥᠩᠬᠡ ᠳ᠋ᠦ᠍ ᠶᠠᠪᠤᠭᠤᠯᠤᠨ᠂ ᠲᠡᠨᠳᠡ ᠤᠳᠠᠭᠠᠨ ᠪᠠᠢᠯᠭᠠᠭᠰᠠᠨ᠃ ᠡᠦᠲᠦ ᠲᠡᠭᠦᠨ ᠲᠡᠢ ᠠᠳᠠᠯᠢ ᠪᠠᠷ ᠪᠢᠳᠡ ᠴᠡᠷᠢᠭ ᠶᠠᠪᠤᠭᠤᠯᠵᠤ ᠴᠢᠳᠠᠬᠤ ᠦᠭᠡᠢ᠂ ᠬᠠᠷᠢᠨ ᠣᠷᠣ ᠰᠠᠭᠤᠬᠤ ᠶᠣᠰᠣᠯᠠᠯ ᠳ᠋ᠤ᠌ ᠪᠢ ᠪᠡᠶ᠎ᠡ ᠪᠡᠷ ᠪᠤᠶᠤ ᠲᠥᠯᠥᠭᠡᠨ ᠦ᠌ ᠡᠯᠴᠢ ᠪᠡᠨ ᠵᠠᠷᠤᠨ᠎ᠠ᠃ ᠬᠤᠪᠢᠯᠠᠢ ᠲᠡᠷᠡ ᠬᠢᠲᠠᠳ ᠣᠷᠣᠨ ᠢ᠋ᠶ᠋ᠠᠨ ᠯᠠ ᠪᠦᠷᠢᠨ ᠡᠷᠬᠡ ᠶ᠋ᠢᠨ ᠢ᠋ᠶ᠋ᠡᠨ ᠶᠣᠰᠣ ᠪᠠᠷ ᠰᠠᠭᠤᠵᠤ ᠪᠠᠢᠪᠠᠯ ᠲᠠᠭᠠᠷᠠᠬᠤ ᠪᠢᠰᠢ ᠤᠤ᠃ ᠬᠤᠪᠢᠯᠠᠢ ᠪᠣᠯ ᠬᠢᠲᠠᠳ ᠠᠳᠠᠯᠢ ᠰᠠᠭᠤᠷᠢᠨ ᠰᠠᠭᠤᠬᠤ ᠳᠠᠭᠠᠯᠠᠯᠲᠠᠢ ᠪᠣᠯᠤᠭᠰᠠᠨ᠃  ᠮᠥᠩᠬᠡ ᠠᠬ᠎ᠠ ᠶ᠋ᠢᠨ ᠢ᠋ᠶ᠋ᠡᠨ ᠵᠠᠷᠯᠢᠭ ᠢ᠋ᠶ᠋ᠠᠷ ᠡᠬᠢᠯᠡᠭᠦᠯᠦᠭᠰᠡᠨ ᠱᠠᠩᠳᠤ ᠬᠣᠲᠠ ᠶ᠋ᠢ ᠥᠪᠡᠷ ᠦ᠋ᠨ ᠪᠣᠯᠭᠠᠵᠤ ᠠᠪᠤᠭᠰᠠᠨ ᠭᠡᠳᠡᠭ ᠦᠭᠡ ᠨᠠᠳᠠᠳᠤ ᠪᠠᠲᠤᠲᠠᠢ ᠰᠣᠨᠣᠰᠤᠭᠳᠠᠭᠰᠠᠨ ᠪᠣᠢ ᠁ ᠭᠡᠬᠦᠴᠢᠯᠡᠨ ᠵᠦᠢᠯ ᠢ᠋ ᠶᠠᠷᠢᠭᠠᠳ᠂ ᠰᠦᠢᠲᠦ ᠨᠣᠶᠠᠨ ᠢ᠋ ᠦᠷᠭᠦᠭᠡᠨ ᠳ᠋ᠦ᠍ ᠪᠡᠨ ᠲᠠᠭᠠᠯᠠᠨ ᠬᠡᠳᠦ ᠬᠣᠨᠣᠭ ᠪᠠᠢᠬᠤ ᠶ᠋ᠢ ᠤᠷᠢᠭᠰᠠᠨ ᠪᠠᠢᠨ᠎ᠠ᠃ ᠠᠭᠤᠯᠵᠠᠯᠲᠠ ᠡᠢᠮᠦ ᠪᠠᠢᠲᠠᠯᠲᠠᠢ ᠲᠡᠭᠦᠰᠴᠡᠢ᠃ 
       ᠬᠦᠯᠦᠭ ᠳᠡᠭᠦᠦ ᠡᠴᠡ ᠪᠠᠨ ᠡᠨᠡ ᠪᠦᠭᠦᠳᠡ ᠶ᠋ᠢ ᠰᠣᠨᠣᠰᠤᠭᠠᠳ ᠰᠡᠳᠬᠢᠯ ᠬᠠᠨᠤᠭᠰᠠᠨ ᠪᠠᠢᠲᠠᠯᠲᠠᠢ ᠪᠠᠢᠭᠰᠠᠨ ᠢ᠋ᠶ᠋ᠠᠨ ᠣᠯᠠᠨ ᠣᠷᠣᠨ ᠳᠡᠮᠵᠢᠵᠦ ᠶᠠᠪᠤᠬᠤ ᠳ᠋ᠤ᠌ ᠪᠠᠨ ᠵᠠᠮ ᠳ᠋ᠤ᠌ ᠦᠵᠡᠭᠰᠡᠨ ᠪᠤᠰᠤᠳ ᠡᠩ ᠦ᠋ᠨ ᠵᠦᠢᠯ ᠡᠴᠡ ᠪᠡᠨ ᠶᠠᠷᠢᠵᠤ ᠥᠭᠬᠦ ᠶ᠋ᠢ ᠡᠷᠢᠯ᠎ᠡ᠃ ᠪᠢᠯᠢᠭᠦᠨ ᠲᠠᠭᠠᠯᠠᠨ ᠢᠨᠢᠶᠡᠵᠦ  
       — ᠠᠯᠢ ᠦᠵᠡᠵᠦ ᠬᠠᠷᠠᠭ᠎ᠠ ᠦᠭᠡᠢ ᠰᠣᠨᠢᠨ ᠬᠠᠴᠢᠨ ᠶᠠᠭᠤᠮ᠎ᠠ ᠶ᠋ᠢ ᠲᠡᠷᠡ ᠭᠡᠬᠦ ᠪᠣᠢ ᠭᠡᠳ᠂ ᠥᠭᠦᠯᠡᠭᠰᠡᠨ ᠨᠢ ᠄ ᠫᠧᠷᠰ ᠦ᠋ᠨ ᠪᠤᠯᠤᠩ ᠭᠡᠳᠡᠭ ᠶᠡᠬᠡ ᠨᠠᠭᠤᠷ ᠤ᠋ᠨ ᠬᠠᠪᠢ ᠳ᠋ᠤ᠌ ᠫᠤᠷᠮᠤᠽ ᠬᠣᠲᠠ ᠶ᠋ᠢᠨ ᠬᠢᠨ ᠬᠠᠨᠢᠶᠠᠳᠤ ᠡᠪᠡᠳᠴᠢᠨ ᠬᠦᠷᠬᠦ ᠦᠭᠡᠢ ᠭᠡᠳ ᠮᠢᠬ᠎ᠠ ᠢᠳᠡᠬᠦ ᠦᠭᠡᠢ᠂ ᠳᠠᠪᠤᠰᠤᠯᠠᠭᠰᠠᠨ ᠵᠢᠭᠠᠰᠤ᠂ ᠰᠣᠩᠭᠢᠨ᠎ᠠ ᠪᠠᠷ ᠬᠣᠭᠣᠯᠠᠯᠠᠳᠠᠭ ᠶᠤᠮ ᠭᠡᠳᠡᠭ ᠭᠡᠬᠦ ᠳ᠋ᠦ᠍ ᠬᠦᠯᠦᠭ ᠳᠠᠭᠤ ᠠᠯᠲᠠᠨ 
       — ᠫᠧᠷᠰ ᠬᠤᠮᠢᠨᠢ ᠲᠠᠩᠳᠠ ᠬᠠᠲᠠᠭᠰᠠᠨ ᠵᠢᠭᠠᠰᠤ᠂ ᠳᠠᠪᠤᠰᠤ ᠲᠠᠢ ᠬᠣᠯᠢᠵᠤ ᠢᠳᠡᠭᠡᠳ᠂ ᠠᠷᠢᠬᠢ ᠪᠠᠯᠭᠤᠵᠤ ᠶᠠᠪᠤᠳᠠᠭ᠃ ᠲᠡᠢᠮᠦ ᠤᠴᠢᠷᠲᠠᠢ ᠪᠠᠢᠵᠠᠢ ᠭᠡᠯ᠎ᠡ᠃  
       — ᠮᠤᠬᠠᠮᠸᠳ᠋ ᠢ᠋ ᠰᠢᠲᠦᠭᠰᠡᠨ ᠨᠢᠭᠡ ᠵᠢᠵᠢᠭ ᠣᠷᠣᠨ ᠳ᠋ᠤ᠌ ᠬᠥᠮᠦᠰ ᠨᠢ ᠠᠷᠪᠠᠨ ᠠᠯᠠᠭ᠎ᠠ ᠳᠠᠷᠤᠮ᠎ᠠ ᠳᠡᠭᠡᠰᠦ ᠮᠡᠲᠦ ᠪᠥᠭᠡᠷᠡᠩᠬᠡᠢᠯᠡᠭᠰᠡᠨ ᠳᠠᠪᠤᠤ ᠪᠠᠷ ᠲᠣᠯᠣᠭᠠᠢ ᠪᠠᠨ ᠣᠷᠢᠶᠠᠵᠤ᠂ ᠠᠯᠴᠢᠭᠤᠷ᠂ ᠮᠠᠯᠠᠭᠠᠢ ᠬᠡᠷᠡᠭᠯᠡᠬᠦ ᠦᠭᠡᠢ ᠪᠠᠢᠬᠤ ᠶᠤᠮ᠃  ᠪᠢᠳᠡ ᠺᠠᠮᠤᠯ (ᠬᠠᠮᠢ) ᠭᠡᠳᠡᠭ ᠭᠠᠵᠠᠷ ᠢ᠋ ᠳᠠᠭᠠᠷᠢᠵᠤ ᠥᠩᠭᠡᠷᠡᠯ᠎ᠡ᠃ ᠲᠡᠨᠳᠡ ᠶᠡᠬᠡ ᠰᠣᠨᠢᠨ ᠵᠠᠩᠰᠢᠯᠲᠠᠢ ᠪᠠᠢᠨ᠎ᠠ᠃ ᠬᠠᠷᠢ ᠶ᠋ᠢᠨ ᠵᠣᠴᠢᠨ ᠬᠥᠮᠦᠨ ᠢᠷᠡᠪᠡᠯ ᠲᠤᠢᠯ ᠤ᠋ᠨ ᠶᠡᠬᠡ ᠪᠠᠶᠠᠷᠲᠠᠢ ᠤᠭᠲᠤᠳᠠᠭ᠃  ᠭᠡᠷ ᠦ᠋ᠨ ᠡᠵᠡᠨ ᠥᠪᠡᠷ ᠦ᠋ᠨ ᠡᠬᠡᠨᠡᠷ ᠢ᠋ᠶ᠋ᠡᠨ ᠲᠡᠷᠡ ᠢᠷᠡᠭᠰᠡᠨ ᠭᠡᠢᠴᠢᠨ ᠦ᠌ ᠠᠯᠢᠪᠠ ᠬᠦᠰᠡᠯ ᠢ᠋ ᠬᠠᠩᠭᠠᠬᠤ ᠶ᠋ᠢ ᠰᠠᠨᠠᠭᠤᠯᠤᠭᠠᠳ᠂ ᠥᠪᠡᠷ ᠢ᠋ᠶ᠋ᠡᠨ ᠠᠢᠯ ᠬᠤᠨᠠᠷ ᠬᠡᠰᠦᠭᠡᠳ ᠬᠡᠳᠦᠨ ᠬᠣᠨᠣᠭ ᠢ᠋ᠶ᠋ᠠᠷ ᠶᠠᠪᠤᠵᠤ ᠣᠷᠬᠢᠳᠠᠭ᠃ ᠲᠡᠷᠡ ᠵᠠᠪᠰᠠᠷ ᠢᠷᠡᠭᠰᠡᠨ ᠭᠡᠢᠴᠢᠨ ᠦᠯᠡᠳᠡᠭᠰᠡᠨ ᠡᠬᠡᠨᠡᠷ ᠲᠡᠢ ᠨᠢ ᠡᠩᠭᠡᠷ ᠵᠥᠷᠢᠭᠦᠯᠦᠨ᠂ ᠶᠠᠭᠤ ᠪᠣᠯᠵᠤ ᠪᠠᠢᠭᠰᠠᠨ ᠴᠦ᠍ ᠡᠷ᠎ᠡ ᠨᠢ ᠰᠠᠨᠠᠭ᠎ᠠ ᠵᠣᠪᠠᠳᠠᠭ ᠦᠭᠡᠢ᠃ ᠲᠡᠨᠳᠡᠬᠢ ᠶ᠋ᠢᠨ ᠡᠬᠡᠨᠡᠷ ᠦ᠋ᠳ ᠨᠢ ᠦᠵᠡᠰᠬᠦᠯᠡᠩᠲᠡᠢ ᠪᠥᠭᠡᠳ ᠴᠡᠩᠭᠡᠯ ᠳ᠋ᠦ᠍ ᠳᠤᠷᠠᠲᠠᠢ ᠠᠵᠢ ᠭᠡᠵᠦ ᠶᠠᠷᠢᠬᠤ ᠳ᠋ᠤ᠌ ᠭᠡᠷ ᠳᠦᠭᠦᠷᠡᠩ ᠢᠨᠢᠶᠡᠳᠦᠮ ᠪᠣᠯᠤᠯ᠎ᠠ᠃ ᠬᠠᠮᠤᠭ ᠤ᠋ᠨ ᠶᠡᠬᠡ ᠡᠳ᠋ ᠪᠠᠶᠠᠯᠢᠭ ᠠᠷᠪᠢᠨ ᠲᠠᠢ᠂ ᠰᠣᠨᠢᠨ ᠬᠠᠴᠢᠨ ᠶᠠᠭᠤᠮ᠎ᠠ ᠡᠯᠪᠡᠭᠲᠡᠢ ᠣᠷᠣᠨ ᠪᠣᠯ ᠪᠠᠭᠳᠠᠳ᠋② ᠪᠣᠯᠤᠯᠲᠠᠢ᠃ ᠪᠢᠳᠡ ᠲᠡᠨᠳᠡ ᠤᠳᠠᠵᠤ ᠴᠢᠳᠠᠭᠰᠠᠨ ᠦᠭᠡᠢ᠂ ᠶᠠᠭᠠᠷᠠᠨ ᠥᠩᠭᠡᠷᠡᠯ᠎ᠡ ᠭᠡᠵᠦ ᠪᠢᠯᠢᠭᠦᠨ ᠬᠠᠷᠠᠮᠰᠠᠩᠭᠤᠢ ᠶᠠᠷᠢᠪᠠ᠃ ᠮᠣᠩᠭᠣᠯ ᠴᠡᠷᠢᠭ ᠢ᠋ ᠲᠡᠨᠳᠡ ᠠᠩᠬᠠᠨ ᠣᠴᠢᠬᠤ ᠳ᠋ᠤ᠌ ᠪᠠᠭᠳᠠᠳ᠋ ᠤ᠋ᠨ ᠬᠠᠯᠢᠹ ᠨᠢ ᠮᠥᠩᠭᠥ᠂ ᠡᠷᠳᠡᠨᠢ ᠶ᠋ᠢᠨ ᠴᠢᠯᠠᠭᠤ ᠪᠠᠷ ᠬᠣᠣᠰ ᠦᠭᠡᠢ ᠶᠡᠬᠡ ᠪᠠᠶᠠᠨ ᠬᠥᠮᠦᠨ ᠪᠠᠢᠵᠠᠢ᠃ ᠬᠠᠯᠢᠹ ᠤ᠋ᠨ ᠰᠤᠪᠤᠷᠭ᠎ᠠ ᠶ᠋ᠢ ᠦᠵᠡᠪᠡᠯ ᠤᠷᠢᠳᠤ ᠬᠡᠵᠢᠶ᠎ᠡ ᠴᠦ᠍᠂ ᠬᠠᠮᠢᠭ᠎ᠠ ᠴᠦ᠍ ᠲᠠᠭᠠᠷᠠᠯᠳᠤᠵᠤ ᠪᠠᠢᠭ᠎ᠠ ᠦᠭᠡᠢ ᠲᠡᠢᠮᠦ ᠶᠡᠬᠡ ᠡᠷᠳᠡᠨᠢᠰ ᠳᠣᠲᠣᠷ᠎ᠠ ᠨᠢ ᠪᠠᠢᠵᠤ᠂ ᠲᠡᠭᠦᠨ ᠢ᠋ ᠪᠡᠨ ᠡᠵᠡᠨ ᠨᠢ ᠦᠵᠡᠭᠦᠯᠬᠦ ᠦᠭᠡᠢ ᠭᠡᠵᠦ ᠬᠠᠷᠠᠮᠯᠠᠭᠰᠠᠨ ᠪᠠᠢᠨ᠎ᠠ᠃ ᠲᠡᠭᠡᠬᠦ ᠪᠡᠷ ᠨᠢ ᠮᠣᠩᠭᠣᠯ ᠴᠡᠷᠢᠭ ᠦ᠋ᠨ ᠵᠠᠬᠢᠷᠤᠭᠴᠢ ᠲᠡᠷᠡ ᠬᠠᠯᠢᠹ ᠢ᠋ ᠪᠠᠷᠢᠵᠤ ᠠᠪᠤᠭᠠᠳ ᠰᠤᠪᠤᠷᠭᠠᠨ ᠳ᠋ᠤ᠌ ᠨᠢ ᠡᠷᠳᠡᠨᠢ ᠶ᠋ᠢ ᠨᠢ ᠬᠠᠮᠲᠤ ᠬᠢᠵᠦ ᠰᠠᠭᠤᠯᠭᠠᠨ᠂ ᠡᠭᠦᠨ ᠢ᠋ ᠪᠡᠨ ᠵᠣᠭᠣᠭᠯᠠᠭᠠᠳ ᠪᠠᠢᠵᠤ ᠪᠠᠢ ᠭᠡᠵᠦ ᠬᠡᠯᠡᠭᠡᠳ ᠬᠠᠭᠠᠵᠤ ᠣᠷᠬᠢᠭᠰᠠᠨ ᠳ᠋ᠤ᠌ ᠭᠤᠷᠪᠠ ᠬᠣᠨᠣᠭᠠᠳ ᠨᠥᠭᠦᠭᠡ ᠡᠵᠡᠨ ᠨᠢ ᠨᠠᠰᠤᠨ ᠥᠭᠡᠳᠡ ᠪᠣᠯᠤᠭᠰᠠᠨ ᠪᠠᠢᠵᠠᠢ᠃ ᠡᠢᠮᠦ ᠴᠦ᠍ ᠶᠠᠭᠤᠮ᠎ᠠ ᠲᠣᠬᠢᠶᠠᠯᠳᠤᠳᠠᠭ ᠪᠠᠢᠨ᠎ᠠ᠃ ᠶᠢᠷᠲᠢᠨᠴᠦ ᠭᠡᠳᠡᠭ ᠴᠢᠨᠢ ᠶᠠᠮᠠᠷ ᠬᠠᠴᠢᠨ ᠭᠠᠢᠬᠠᠯᠲᠠᠢ ᠪᠣᠢ ᠭᠡᠵᠦ ᠪᠢᠯᠢᠭᠦᠨ ᠶᠠᠷᠢᠵᠤ ᠪᠠᠢᠯ᠎ᠠ᠃ ᠴᠥᠭᠡᠪᠲᠦᠷ ᠬᠣᠨᠣᠭ ᠤ᠋ᠨ ᠶᠠᠪᠤᠳᠠᠯ ᠴᠤ᠌ ᠭᠡᠰᠡᠨ ᠶᠠᠷᠢᠭᠠᠳ ᠳᠠᠭᠤᠰᠤᠰᠢ ᠦᠭᠡᠢ ᠨᠢ ᠰᠣᠨᠢᠨ᠃ ᠬᠦᠯᠦᠭ ᠳᠡᠭᠦᠦ ᠶ᠋ᠢᠨ ᠢ᠋ᠶ᠋ᠡᠨ ᠦᠵᠡᠭᠰᠡᠨ ᠵᠦᠢᠯ ᠢ᠋ ᠠᠮᠲᠠᠷᠬᠠᠨ ᠰᠣᠨᠣᠰᠪᠠ᠃ 
       ᠶᠡᠬᠡ ᠬᠠᠭᠠᠨ ᠤ᠋ ᠤᠷᠲᠤ ᠬᠠᠪᠢ ᠪᠠᠷ ᠬᠥᠯ ᠬᠥᠭᠵᠢᠶᠡᠨ ᠠᠰᠤᠷᠤ ᠶᠡᠬᠡ ᠪᠣᠯᠤᠯ᠎ᠠ᠃ ᠠᠷᠢᠬᠪᠥ᠋ᠬᠡ ᠵᠠᠬᠢᠷᠤᠭᠴᠢ ᠶ᠋ᠢ ᠣᠷᠣ ᠰᠠᠭᠤᠯᠭᠠᠨ᠎ᠠ ᠭᠡᠳᠡᠭ ᠦᠭᠡ ᠢᠯᠡ ᠶᠠᠷᠢᠭᠳᠠᠬᠤ ᠪᠣᠯᠪᠠ᠃ ᠰᠤᠷᠬᠤᠭᠲᠠᠨᠢ ᠠᠪᠠᠭᠠᠢ ᠬᠦᠦ ᠲᠡᠢ ᠪᠡᠨ ᠠᠭᠤᠯᠵᠠᠭᠠᠳ《ᠮᠢᠨᠦ ᠠᠮᠢᠳᠤ ᠪᠠᠢᠭ᠎ᠠ ᠳ᠋ᠤ᠌ ᠶᠡᠬᠡ ᠠᠬ᠎ᠠ ᠶ᠋ᠢᠨ ᠢ᠋ᠶ᠋ᠡᠨ ᠣᠷᠣ ᠶ᠋ᠢ ᠵᠠᠯᠭᠠᠵᠤ ᠦᠵᠡ᠃ ᠠᠪᠤ ᠴᠢᠨᠢ᠂ ᠬᠠᠭᠠᠨ ᠠᠬ᠎ᠠ ᠴᠢᠨᠢ ᠴᠢᠮᠠᠲᠤ ᠬᠠᠢᠷᠠᠲᠠᠢ ᠪᠠᠢᠭᠰᠠᠨ᠃ ᠲᠡᠳᠡ ᠴᠢᠮᠠᠲᠤ ᠴᠡᠷᠢᠭ ᠡᠷ᠎ᠡ ᠶ᠋ᠢᠨ ᠪᠣᠯᠤᠨ ᠪᠢᠴᠢᠭ ᠦ᠋ᠨ ᠡᠷᠳᠡᠮ ᠰᠤᠷᠭᠠᠬᠤ ᠭᠡᠵᠦ ᠭᠣᠴᠣ ᠠᠩᠬᠠᠷᠳᠠᠭ ᠪᠠᠢᠭᠰᠠᠨ᠃ ᠴᠢ ᠵᠣᠷᠢᠮᠠᠭ ᠡᠷᠡᠳᠡᠭᠦᠦ ᠬᠦᠦ ᠪᠣᠯᠬᠣᠷ ᠢ᠋ᠶ᠋ᠠᠨ ᠳᠡᠷᠭᠡᠳᠡᠬᠢ ᠨᠣᠶᠠᠳ ᠤ᠋ᠨ ᠢ᠋ᠶ᠋ᠠᠨ ᠵᠥᠪᠯᠡᠮᠵᠢ ᠶ᠋ᠢ ᠰᠠᠢᠨ ᠰᠣᠨᠣᠰᠤᠭᠠᠳ ᠶᠠᠪᠤᠬᠤ ᠳ᠋ᠤ᠌ ᠲᠥᠷᠥ ᠪᠠᠷᠢᠵᠤ ᠪᠠᠢᠵᠤ ᠴᠢᠳᠠᠨ᠎ᠠ᠃ ᠬᠠᠭᠠᠨ ᠬᠥᠮᠦᠨ ᠥᠪᠡᠷ ᠢ᠋ᠶ᠋ᠡᠨ ᠪᠣᠯᠤᠭᠠᠳ ᠪᠤᠰᠤᠳ ᠢ᠋ᠶ᠋ᠠᠷ ᠬᠠᠲᠠᠭᠤ ᠲᠢᠭ ᠵᠢᠷᠤᠮ ᠢ᠋ ᠰᠠᠭᠢᠭᠤᠯᠵᠤ ᠪᠠᠢᠬᠤ ᠶ᠋ᠢ ᠯᠡ ᠡᠷᠬᠢᠮᠯᠡᠬᠦ ᠶᠣᠰᠣᠲᠠᠢ ᠪᠣᠯᠤᠯᠲᠠᠢ ᠪᠢᠯᠡ》 ᠭᠡᠵᠦ ᠬᠡᠯᠡᠵᠦ᠂ ᠤᠷᠢᠳ ᠨᠢ ᠬᠤᠪᠢᠯᠠᠢ ᠶ᠋ᠢ ᠬᠠᠭᠠᠨ ᠰᠠᠭᠤᠯᠭᠠᠬᠤ ᠨᠢ ᠵᠦᠢ ᠭᠡᠳᠡᠭ ᠪᠠᠢᠭᠰᠠᠨ ᠦᠭᠡ ᠪᠡᠨ ᠠᠪᠠᠭᠠᠢ ᠪᠤᠴᠠᠭᠠᠨ ᠠᠪᠴᠠᠢ ᠭᠡᠰᠡᠨ ᠶᠠᠷᠢᠶ᠎ᠠ ᠳᠡᠯᠭᠡᠷᠡᠪᠡ᠃ ᠲᠡᠷᠡ ᠨᠢ ᠴᠦ᠍ ᠦᠨᠡᠨ ᠠᠵᠢ᠃  
       ᠵᠠᠬᠢᠷᠤᠭᠴᠢ ᠶ᠋ᠢᠨ ᠳᠡᠷᠭᠡᠳᠡᠬᠢ ᠬᠥᠮᠦᠰ᠂ ᠲᠤᠬᠠᠢᠯᠠᠪᠠᠯ ᠴᠢᠩᠰᠠᠩ ᠰᠢᠳᠠᠷ ᠰᠠᠢᠳ ᠨᠠᠷ᠂ ᠮᠣᠩᠭᠣᠯ ᠨᠤᠲᠤᠭ ᠲᠤ ᠪᠠᠨ ᠪᠠᠢᠭ᠎ᠠ ᠴᠡᠷᠢᠭ ᠦ᠋ᠨ ᠬᠡᠷᠡᠭ ᠡᠷᠬᠢᠯᠡᠳᠡᠭ ᠨᠣᠶᠠᠳ ᠴᠥᠮ ᠪᠠᠢᠨ ᠪᠠᠢᠨ ᠵᠥᠪᠯᠡᠯᠳᠦᠨ᠂ ᠦᠷᠭᠦᠭᠡᠨ ᠳ᠋ᠦ᠍ ᠪᠡᠶ᠎ᠡ ᠪᠡᠷ ᠪᠠᠷᠠᠯᠬᠠᠵᠤ ᠠᠷᠢᠬᠪᠥ᠋ᠬᠡ ᠶ᠋ᠢ ᠣᠷᠣ ᠰᠠᠭᠤᠯᠭᠠᠨ᠎ᠠ ᠭᠡᠵᠦ ᠱᠠᠭᠠᠷᠳᠠᠨ ᠪᠣᠢ ᠭᠡᠨ᠎ᠡ᠃ ᠴᠡᠷᠢᠭ ᠦ᠋ᠨ ᠵᠠᠩᠵᠤᠨ ᠠᠯᠠᠨᠳᠠᠷ ᠨᠣᠶᠠᠨ ᠵᠠᠬᠢᠷᠤᠭᠴᠢ ᠳ᠋ᠤ᠌ ᠬᠡᠳᠦ ᠳᠠᠬᠢᠨ ᠪᠠᠷᠠᠯᠬᠠᠵᠤ᠂ ᠰᠠᠷᠬᠤᠳ ᠰᠢᠮᠡᠨ ᠲᠤᠬᠠᠯᠠᠨ ᠰᠠᠭᠤᠵᠤ᠂ ᠪᠦᠷ ᠱᠠᠭᠠᠷᠳᠠᠩᠭᠤᠢ ᠪᠠᠷ᠄ 
       — ᠲᠠ ᠣᠳᠣ ᠳᠠᠷᠤᠢ ᠬᠠᠭᠠᠨ ᠤ᠋ ᠣᠷᠣ ᠶ᠋ᠢ ᠵᠠᠯᠭᠠᠨ ᠰᠠᠭᠤᠬᠤ ᠶᠣᠰᠣᠲᠠᠢ᠃ ᠡᠭᠦᠨ ᠢ᠋ ᠣᠯᠠᠨ ᠪᠦᠭᠦᠳᠡᠭᠡᠷ ᠢ᠋ᠶ᠋ᠡᠨ ᠱᠠᠭᠠᠷᠳᠠᠵᠤ ᠪᠠᠢᠭ᠎ᠠ ᠰᠢᠦ᠃ ᠬᠡᠳᠦᠢ ᠪᠡᠷ ᠮᠥᠩᠬᠡ ᠠᠬ᠎ᠠ ᠲᠠᠨᠢ ᠥᠪᠡᠷ ᠦ᠋ᠨ ᠢ᠋ᠶ᠋ᠡᠨ ᠣᠷᠣᠨ ᠳ᠋ᠤ᠌ ᠰᠢᠷᠡᠭᠡᠨ ᠳ᠋ᠦ᠍ ᠰᠠᠭᠤᠬᠤ ᠬᠥᠮᠦᠨ ᠢ᠋ᠶ᠋ᠡᠨ ᠭᠡᠷᠢᠶᠡᠰᠦᠯᠡᠨ ᠬᠡᠯᠡᠭᠡ ᠦᠭᠡᠢ ᠴᠦ᠍ ᠭᠡᠰᠡᠨ ᠨᠡᠢᠰᠯᠡᠯ ᠢ᠋ ᠵᠠᠬᠢᠷᠤᠭᠴᠢ ᠪᠠᠷ ᠲᠣᠮᠢᠯᠠᠭᠳᠠᠭᠰᠠᠨ ᠲᠡᠷᠡ ᠬᠥᠮᠦᠨ ᠬᠠᠭᠠᠨ ᠪᠣᠯᠳᠠᠭ ᠪᠣᠭᠳᠠ ᠬᠠᠭᠠᠨ ᠬᠠᠤᠯᠢᠴᠢᠯᠠᠨ ᠲᠣᠭᠲᠠᠭᠠᠭᠰᠠᠨ ᠭᠡᠳᠡᠭ ᠢ᠋ ᠮᠡᠳᠡᠬᠦ ᠦᠭᠡᠢ ᠬᠥᠮᠦᠨ ᠪᠠᠢᠬᠤ ᠦᠭᠡᠢ᠃ ᠲᠠ ᠪᠣᠯ ᠠᠯᠢ ᠴᠦ᠍ ᠲᠠᠯ᠎ᠠ ᠪᠠᠷ ᠢ᠋ᠶ᠋ᠠᠨ ᠬᠠᠭᠠᠨ ᠰᠢᠷᠡᠭᠡᠨ ᠳ᠋ᠦ᠍ ᠵᠠᠯᠠᠷᠠᠵᠤ ᠪᠠᠢᠬᠤ ᠶᠣᠰᠣᠲᠠᠢ ᠨᠣᠶᠠᠨ ᠮᠥᠨ᠃ ᠡᠨᠡ ᠪᠣᠯ《ᠶᠡᠬᠡ ᠵᠠᠰᠠᠭ》 ᠬᠠᠣᠯᠢᠨ ᠳ᠋ᠤ᠌ ᠲᠠᠭᠠᠷᠠᠵᠤ ᠪᠠᠢᠭ᠎ᠠ ᠬᠡᠷᠡᠭ ᠭᠡᠵᠦ ᠵᠦᠢᠯ ᠵᠦᠢᠯ ᠢ᠋ᠶ᠋ᠡᠷ ᠢᠳᠬᠠᠵᠠᠢ᠃ ᠮᠡᠳᠡᠭᠡᠵᠢ ᠶ᠋ᠢᠨ ᠡᠨᠡ ᠦᠭᠡ ᠠᠷᠢᠬᠪᠥ᠋ᠬᠡ ᠳ᠋ᠦ᠍ ᠳᠠᠭᠠᠯᠠᠯᠲᠠᠢ ᠰᠣᠨᠣᠰᠤᠭᠳᠠᠵᠤ ᠪᠠᠢᠭ᠎ᠠ ᠪᠢᠵᠡ᠃ ᠵᠠᠬᠢᠷᠤᠭᠴᠢ ᠰᠢᠷᠪᠡᠭᠡ ᠨᠠᠷᠢᠨ ᠬᠠᠷ᠎ᠠ ᠰᠠᠬᠠᠯ ᠢ᠋ᠶ᠋ᠠᠨ ᠢᠯᠪᠢᠨ ᠪᠠᠢᠵᠤ ᠠᠯᠠᠨᠲᠠᠷ ᠨᠣᠶᠠᠨ ᠢ᠋ ᠬᠠᠷᠠᠭᠠᠳ᠄
       — ᠦᠨᠡᠬᠡᠷ ᠲᠦᠮᠡᠨ ᠣᠯᠠᠨ ᠲᠡᠭᠡᠵᠦ ᠪᠠᠢᠭ᠎ᠠ ᠪᠣᠯ ᠪᠢ ᠪᠡᠶ᠎ᠡ ᠵᠠᠢᠯᠠᠬᠤ ᠶᠣᠰᠣ ᠦᠭᠡᠢ ᠪᠢᠯᠡ᠃ ᠬᠤᠪᠢᠯᠠᠢ ᠠᠬ᠎ᠠ ᠯᠠ ᠣᠷᠣ ᠰᠠᠭᠤᠬᠤ ᠭᠡᠵᠦ ᠵᠢᠳᠬᠦᠨ᠂ ᠱᠠᠩᠳᠤ ᠭᠡᠳᠡᠭ ᠰᠢᠨ᠎ᠡ ᠬᠣᠲᠠ ᠳ᠋ᠤ᠌ ᠪᠠᠨ ᠪᠡᠯᠡᠳᠬᠡᠭᠡᠳ ᠪᠠᠢᠭ᠎ᠠ ᠰᠤᠷᠠᠭ ᠲᠠᠢ᠃ ᠲᠡᠨᠳᠡ ᠣᠴᠢᠭᠠᠳ ᠢᠷᠡᠭᠰᠡᠨ ᠬᠥᠮᠦᠰ ᠪᠠᠲᠤᠲᠠᠢ ᠦᠨᠡᠨ ᠭᠡᠵᠦ ᠬᠡᠯᠡᠵᠦ ᠪᠠᠢᠭ᠎ᠠ᠃ ᠲᠡᠭᠡᠬᠦ ᠪᠡᠷ ᠬᠡᠷᠪᠡ ᠪᠢ ᠣᠷᠣ ᠰᠠᠭᠤᠳᠠᠭ ᠶᠤᠮ ᠪᠣᠯ ᠠᠬ᠎ᠠ ᠨᠠᠮᠠᠶ᠋ᠢ ᠪᠠᠭᠠᠯᠵᠠᠭᠤᠷᠳᠠᠬᠤ ᠭᠡᠵᠦ ᠨᠠᠭᠠᠰᠢ ᠪᠠᠨ ᠶᠡᠬᠡ ᠴᠡᠷᠢᠭ ᠬᠥᠳᠡᠯᠭᠡᠵᠦ ᠮᠠᠭᠠᠳ ᠦᠭᠡᠢ ᠪᠠᠢᠨ᠎ᠠ ᠭᠡᠮᠡᠨ ᠤᠴᠢᠷᠯᠠᠨ ᠶᠠᠷᠢᠵᠤ ᠪᠠᠢᠭ᠎ᠠ᠃ ᠠᠯᠠᠨᠳᠠᠷ ᠨᠣᠶᠠᠨ ᠬᠣᠶᠠᠷ ᠭᠠᠷ ᠢ᠋ᠶ᠋ᠠᠨ ᠠᠯᠠᠭ᠎ᠠ ᠪᠠᠷ ᠨᠢ ᠦᠷᠡᠴᠢᠨ᠄ 
       — ᠬᠤᠪᠢᠯᠠᠢ ᠶ᠋ᠢ ᠲᠡᠢᠮᠦ ᠴᠠᠳᠢᠭ ᠦᠭᠡᠢ ᠵᠠᠩ ᠭᠠᠷᠭᠠᠪᠠᠯ ᠪᠢᠳᠡ ᠵᠦᠭᠡᠷ ᠰᠠᠭᠤᠵᠤ ᠪᠠᠢᠬᠤ ᠤᠤ? ᠲᠡᠭᠦᠨ ᠳ᠋ᠦ᠍ ᠴᠡᠷᠢᠭ ᠪᠠᠢᠭ᠎ᠠ ᠪᠣᠯ ᠨᠠᠳᠠᠳᠤ ᠪᠠᠰᠠ ᠴᠡᠷᠢᠭ ᠪᠠᠢᠨ᠎ᠠ᠃ ᠡᠮᠦᠨ᠎ᠡ ᠵᠦᠭ ᠲᠦ᠍ ᠶᠠᠪᠤᠭ᠎ᠠ ᠴᠡᠷᠢᠭ ᠦᠨᠡᠬᠡᠷ ᠰᠥᠩ ᠤᠯᠤᠰ ᠢ᠋ ᠲᠦᠪᠰᠢᠳᠬᠡᠬᠦ ᠭᠡᠵᠦ ᠪᠠᠢᠯᠳᠤᠭᠠᠨ ᠬᠢᠵᠦ ᠪᠠᠢᠭ᠎ᠠ ᠪᠣᠯ ᠨᠠᠭᠠᠰᠢ ᠪᠠᠨ ᠪᠢᠳᠡᠨ ᠲᠡᠢ ᠪᠠᠢᠯᠳᠤᠬᠤ ᠭᠡᠵᠦ ᠢᠷᠡᠬᠦ ᠵᠠᠪ ᠦᠭᠡᠢ ᠪᠠᠢᠯᠲᠠᠢ᠃ ᠠᠯᠠᠯᠳᠤᠵᠤ ᠪᠠᠢᠭ᠎ᠠ ᠳᠠᠢᠰᠤᠨ ᠢ᠋ᠶ᠋ᠠᠨ ᠣᠷᠬᠢᠭᠠᠳ ᠠᠬ᠎ᠠ ᠳᠡᠭᠦᠦ ᠪᠡᠨ ᠰᠥᠨᠥᠭᠡᠨ᠎ᠡ ᠭᠡᠵᠦ ᠶᠠᠪᠤᠳᠠᠭ ᠶᠣᠰᠣ ᠬᠠᠮᠢᠭ᠎ᠠ ᠪᠠᠢᠨ᠎ᠠ ᠪᠣᠢ᠃ ᠲᠠ ᠪᠢᠳᠡᠨ ᠳ᠋ᠦ᠍ ᠰᠢᠯᠢᠮᠡᠯ ᠬᠣᠶᠠᠷ ᠭᠤᠷᠪᠠᠨ ᠲᠦᠮᠡᠨ ᠴᠡᠷᠢᠭ ᠪᠠᠢᠭ᠎ᠠ ᠶ᠋ᠢ ᠰᠠᠨᠠᠵᠤ ᠪᠠᠢᠨ᠎ᠠ ᠤᠤ? ᠭᠡᠵᠦ ᠬᠡᠯᠡᠵᠦ ᠪᠠᠢᠯ᠎ᠠ᠃ 
       ᠰᠦᠢᠲᠦ ᠨᠣᠶᠠᠨ ᠪᠠᠷᠠᠭᠤᠨ ᠵᠦᠭ ᠠᠶᠠᠯᠠᠵᠤ ᠢᠷᠡᠭᠡᠳ ᠭᠤᠷᠪᠠᠳᠠᠬᠢ ᠤᠳᠠᠭ᠎ᠠ ᠪᠠᠨ ᠠᠷᠢᠬᠪᠥ᠋ᠬᠡ ᠳ᠋ᠦ᠍ ᠪᠠᠷᠠᠯᠬᠠᠨ᠂ ᠥᠷᠥᠮ᠎ᠡ ᠬᠥᠪᠦᠯᠦᠭᠰᠡᠨ ᠬᠣᠩᠭᠣᠷ ᠰᠢᠷ᠎ᠠ ᠴᠠᠢ ᠤᠤᠭᠤᠵᠤ ᠲᠤᠬᠠᠯᠠᠨ ᠰᠠᠭᠤᠭᠠᠳ᠄ 
       — ᠪᠢ ᠤᠷᠤᠭ ᠲᠥᠷᠥᠯ ᠦ᠋ᠨ ᠬᠣᠯᠪᠣᠭᠠᠲᠠᠢ ᠤᠭᠰᠠᠭᠠᠲᠠᠨ ᠬᠥᠮᠦᠨ ᠦ᠌ ᠬᠤᠪᠢ ᠳ᠋ᠤ᠌ ᠵᠠᠬᠢᠷᠤᠭᠴᠢ ᠲᠠᠨ ᠳ᠋ᠤ᠌ ᠵᠥᠪᠯᠡᠨ ᠬᠡᠯᠡᠬᠦ ᠳ᠋ᠦ᠍᠂ ᠨᠢᠭᠡᠨᠲᠡ ᠲᠠᠨ ᠤ᠋ ᠪᠦᠬᠦ ᠠᠬᠠᠨ ᠳᠡᠭᠦᠦᠰ᠂ ᠬᠠᠷᠢ ᠭᠠᠵᠠᠷ ᠢ᠋ ᠡᠵᠡᠩᠨᠡᠨ ᠰᠠᠭᠤᠭ᠎ᠠ ᠨᠣᠶᠠᠳ᠂ ᠶᠡᠬᠡ ᠴᠡᠷᠢᠭ ᠦ᠋ᠨ ᠲᠡᠷᠢᠭᠦᠨ ᠨᠠᠷ ᠵᠠᠬᠢᠷᠤᠭᠴᠢ ᠲᠠᠨ ᠢ᠋ ᠪᠡᠨ ᠶᠡᠬᠡ ᠬᠠᠭᠠᠨ ᠤ᠋ ᠰᠢᠷᠡᠭᠡᠨ ᠳ᠋ᠦ᠍ ᠵᠠᠯᠠᠨ᠎ᠠ ᠭᠡᠳ ᠯᠡ ᠪᠠᠢᠬᠤ ᠳ᠋ᠤ᠌ ᠲᠠ ᠦᠭᠡᠢ ᠭᠡᠬᠦ ᠶᠣᠰᠣ ᠦᠭᠡᠢ᠃ ᠡᠨᠡ ᠡᠷᠭᠦᠮᠵᠢᠯᠡᠯ ᠢ᠋ ᠬᠢᠲᠠᠳ ᠤ᠋ᠳ ᠲᠠᠢ ᠪᠠᠨ ᠲᠡᠨᠳᠡ ᠪᠡᠨ ᠳᠤᠯᠠᠭᠠᠬᠠᠨ ᠮᠣᠷᠢᠯᠠᠵᠤ ᠪᠠᠢᠭ᠃ ᠲᠡᠭᠦᠨ ᠳ᠋ᠦ᠍ ᠬᠦᠴᠦ ᠴᠢᠳᠠᠯ ᠪᠣᠢ ᠪᠣᠯ ᠪᠦᠬᠦ ᠬᠢᠲᠠᠳ ᠣᠷᠣᠨ ᠢ᠋ ᠶᠡᠬᠡ ᠤᠯᠤᠰ ᠲᠤ ᠨᠢᠭᠡᠳᠬᠡᠭᠡᠳ ᠥᠭ᠃ ᠲᠡᠭᠦᠨ ᠢ᠋ ᠨᠢ ᠪᠢᠳᠡ ᠬᠠᠷᠠᠶ᠎ᠠ ᠭᠡᠵᠦ ᠰᠢᠭᠤᠳᠬᠠᠨ ᠬᠡᠯᠡᠭᠡᠳ᠂ ᠪᠢᠳᠡ ᠲᠠᠨ ᠤ᠋ ᠰᠠᠭᠤᠬᠤ ᠡᠳᠦᠷ ᠢ᠋ ᠳᠠᠷᠬᠠᠨ ᠪᠥᠬᠡ ᠶ᠋ᠢ ᠵᠠᠯᠠᠵᠤ ᠦᠵᠡᠭᠦᠯᠦᠨ᠎ᠡ ᠭᠡᠵᠡᠢ᠃ 
       ᠲᠡᠳᠦᠢ ᠯᠡ ᠤᠳᠠᠯ ᠦᠭᠡᠢ ᠶᠡᠬᠡ ᠬᠠᠷ᠎ᠠ ᠪᠥᠬᠡ ᠪᠠᠭᠤᠭᠠᠳ ᠰᠠᠬᠢᠭᠤᠰᠤ ᠪᠠᠨ ᠵᠠᠯᠠᠵᠤ ᠴᠠᠭᠠᠨ ᠬᠥᠭᠡᠰᠦ ᠰᠠᠬᠠᠷᠠᠭᠤᠯᠤᠨ ᠪᠠᠢᠵᠤ ᠠᠷᠢᠬᠪᠥ᠋ᠬᠡ ᠶ᠋ᠢ ᠬᠠᠭᠠᠨ ᠤ᠋ ᠣᠷᠣ ᠰᠠᠭᠤᠬᠤ ᠨᠢ ᠲᠩᠷᠢ ᠳ᠋ᠦ᠍ ᠲᠠᠭᠠᠯᠠᠭᠳᠠᠵᠤ ᠪᠠᠢᠨ᠎ᠠ ᠭᠡᠳ᠂ ᠵᠣᠬᠢᠬᠤ ᠡᠳᠦᠷ ᠢ᠋ ᠲᠣᠭᠲᠠᠭᠠᠨ ᠬᠡᠯᠡᠵᠦ ᠥᠭᠪᠡ᠃ ᠲᠤᠯᠤᠢ ᠶ᠋ᠢᠨ ᠶᠡᠬᠡ ᠬᠠᠲᠤᠨ ᠰᠤᠷᠬᠤᠭᠲᠠᠨᠢ ᠪᠥᠬᠡ ᠶ᠋ᠢᠨ ᠲᠣᠭᠲᠠᠭᠠᠭᠰᠠᠨ ᠡᠳᠦᠷ ᠲᠦ᠍ ᠶᠡᠬᠡ ᠬᠤᠷᠠᠯᠳᠠᠢ ᠶ᠋ᠢ ᠬᠠᠷ᠎ᠠ ᠬᠣᠷᠣᠮ ᠳ᠋ᠤ᠌ ᠣᠢᠷᠠᠯᠴᠠᠭ᠎ᠠ ᠣᠷᠬᠣᠨ ᠭᠣᠣᠯ ᠤ᠋ᠨ ᠡᠬᠢ ᠨᠢᠭᠡᠨ ᠠᠮᠠᠨ ᠳ᠋ᠤ᠌ ᠬᠢᠵᠦ ᠲᠠᠭᠠᠯᠠᠬᠤ ᠶ᠋ᠢ ᠣᠯᠠᠨ ᠬᠠᠨ ᠬᠥᠪᠡᠭᠦᠳ᠂ ᠤᠭᠰᠠᠭᠠᠨ ᠤ᠋ ᠨᠣᠶᠠᠳ᠂ ᠨᠥᠯᠥᠭᠡ ᠪᠦᠬᠦᠢ ᠰᠠᠢᠳ᠂ ᠵᠠᠩᠵᠤᠨ ᠨᠤᠭᠤᠳ ᠲᠤ ᠥᠪᠡᠷ ᠦ᠋ᠨ ᠨᠡᠷ᠎ᠡ ᠪᠡᠷ ᠤᠷᠢᠶᠠᠯᠠᠨ᠂ ᠵᠠᠯᠠᠯᠭ᠎ᠠ ᠠᠢᠯᠠᠳᠬᠠᠵᠠᠢ᠃ ᠡᠨᠡ ᠵᠠᠯᠠᠯᠭ᠎ᠠ ᠪᠠᠨ ᠪᠦᠷ ᠡᠬᠢᠯᠡᠭᠡᠳ ᠬᠤᠪᠢᠯᠠᠢ ᠵᠠᠬᠢᠷᠤᠭᠴᠢ ᠳ᠋ᠤ᠌ ᠶᠠᠪᠤᠭᠤᠯᠬᠤ ᠪᠠᠨ ᠣᠷᠬᠢᠭᠰᠠᠨ ᠦᠭᠡᠢ᠃
       ᠺᠠᠢᠫᠢᠩ ᠳ᠋ᠤ᠌ ᠬᠦᠷᠭᠡᠭᠦᠯᠦᠭᠰᠡᠨ ᠵᠠᠯᠠᠯᠭ᠎ᠠ ᠶ᠋ᠢᠨ ᠪᠢᠴᠢᠭ ᠲᠦ᠍ ᠥᠭᠦᠯᠡᠭᠰᠡᠨ ᠨᠢ《ᠥᠷᠥᠰᠢᠶᠡᠯᠲᠦ ᠠᠬ᠎ᠠ ᠲᠠ ᠪᠣᠯᠭᠣᠭᠠᠨ ᠰᠣᠶᠣᠷᠬᠠᠬᠤ ᠠᠵᠢᠶᠠᠮᠤ! ᠮᠢᠨᠦ ᠪᠡᠶ᠎ᠡ ᠥᠴᠦᠬᠡᠨ ᠬᠡᠳᠦᠢ ᠪᠣᠯᠪᠠᠴᠤ ᠥᠪᠡᠷ ᠦ᠋ᠨ ᠠᠴᠢᠲᠤ ᠡᠬᠡ ᠪᠣᠯᠤᠨ ᠣᠯᠠᠨ ᠬᠠᠨ ᠬᠥᠪᠡᠭᠦᠳ ᠲᠤᠬᠠᠢᠯᠠᠪᠠᠯ ᠠᠪᠠᠭ᠎ᠠ ᠠᠬ᠎ᠠ ᠴᠠᠭᠠᠲᠠᠢ ᠪᠠ ᠵᠥᠴᠢ ᠶ᠋ᠢᠨ ᠦᠷ᠎ᠡ ᠬᠡᠦᠬᠡᠳ ᠦ᠋ᠳ᠂ ᠲᠡᠭᠦᠨ ᠦ᠌ ᠣᠷᠣ ᠶ᠋ᠢ ᠵᠠᠯᠭᠠᠭᠴᠢ ᠠᠯᠲᠠᠨ ᠣᠷᠳᠣᠨ ᠤ᠋ ᠪᠡᠷᠬᠡ ᠬᠠᠨ᠂ ᠢᠯᠢ ᠬᠠᠨ ᠤ᠋ ᠲᠡᠷᠢᠭᠦᠨ ᠠᠬ᠎ᠠ ᠬᠥᠯᠡᠬᠦ᠂ ᠪᠤᠰᠤᠳ ᠤᠭᠰᠠᠭᠠᠨ ᠤ᠋ ᠨᠣᠶᠠᠳ᠂ ᠣᠯᠠᠩᠬᠢ ᠰᠠᠢᠳ᠂ ᠵᠠᠩᠵᠤᠨ ᠨᠤᠭᠤᠳ ᠤ᠋ᠨ ᠭᠦᠨ ᠶᠡᠬᠡ ᠡᠷᠭᠦᠮᠵᠢᠯᠡᠯ ᠢ᠋ ᠳᠠᠭᠠᠨ ᠬᠠᠭᠠᠨ ᠠᠬ᠎ᠠ ᠶ᠋ᠢᠨ ᠣᠷᠣ ᠶ᠋ᠢ ᠵᠠᠯᠭᠠᠬᠤ ᠶᠣᠰᠣᠲᠠᠢ ᠪᠣᠯᠪᠠ᠃ ᠡᠢᠮᠦ ᠳ᠋ᠦ᠍ ᠲᠡᠷᠡ ᠡᠳᠦᠷ ᠲᠦ᠍ ᠬᠦᠨᠳᠦᠲᠦ ᠠᠬ᠎ᠠ ᠲᠠ ᠬᠠᠷ᠎ᠠ ᠬᠣᠷᠣᠮ ᠳ᠋ᠤ᠌ ᠮᠣᠷᠢᠯᠠᠨ ᠢᠷᠡᠵᠦ᠂ ᠤᠯᠤᠰ ᠤ᠋ᠨ ᠶᠡᠬᠡ ᠬᠠᠭᠠᠨ ᠤ᠋ ᠰᠢᠷᠡᠭᠡ ᠶ᠋ᠢ ᠲᠦᠰᠢᠬᠦ ᠬᠡᠷᠡᠭ ᠢ᠋ ᠪᠡᠶ᠎ᠡ ᠪᠡᠷ ᠬᠥᠲᠥᠯᠦᠨ ᠶᠠᠪᠤᠭᠤᠯᠵᠤ ᠲᠠᠭᠠᠯᠠᠨ ᠥᠷᠥᠰᠢᠶᠡᠬᠦ ᠠᠵᠢᠶᠠᠮᠤ! ᠡᠭᠦᠨ ᠦ᠌ ᠲᠤᠯᠠ ᠤᠬᠠᠭᠠᠨ ᠶᠡᠬᠡᠲᠦ᠂ ᠠᠷᠢᠭᠤᠨ ᠰᠢᠳᠤᠷᠭᠤ ᠰᠡᠳᠬᠢᠯᠲᠦ ᠰᠤᠷᠬᠤᠭᠲᠠᠨᠢ ᠡᠬᠡ ᠶ᠋ᠢᠨ ᠨᠡᠷ᠎ᠡ ᠶ᠋ᠢᠨ ᠡᠮᠦᠨ᠎ᠡ ᠡᠴᠡ ᠲᠡᠭᠦᠨ ᠦ᠌ ᠰᠠᠨᠠᠯ ᠵᠢᠭᠠᠪᠤᠷᠢ ᠶ᠋ᠢᠨ ᠶᠣᠰᠣᠭᠠᠷ ᠳᠡᠭᠦᠦ ᠠᠷᠢᠬᠪᠦ᠋ᠬᠡ ᠬᠢᠴᠢᠶᠡᠩᠭᠦᠢᠯᠡᠨ ᠲᠠᠨ ᠳ᠋ᠤ᠌ ᠢᠯᠡᠭᠡᠪᠡ》 ᠭᠡᠵᠡᠢ᠃ ᠬᠤᠪᠢᠯᠠᠢ ᠲᠤᠰᠬᠠᠢ ᠵᠠᠷᠤᠭᠤᠯ ᠤ᠋ᠨ ᠡᠯᠴᠢ ᠪᠡᠷ ᠬᠠᠷᠠᠬᠣᠷᠣᠮ ᠠ᠋ᠴᠠ ᠢᠷᠡᠭᠰᠡᠨ ᠤᠭ ᠪᠢᠴᠢᠭ ᠢ᠋ ᠠᠪᠴᠤ ᠦᠵᠡᠭᠡᠳ ᠨᠢᠳᠦ ᠪᠡᠨ ᠲᠣᠮᠣ ᠪᠣᠯᠭᠠᠨ᠂ ᠥᠪᠡᠷ ᠦ᠋ᠨ ᠬᠠᠷᠠᠭᠠᠨ ᠳ᠋ᠤ᠌ ᠢᠲᠡᠭᠡᠯ ᠦᠭᠡᠢ ᠳᠠᠬᠢᠨ ᠤᠩᠰᠢᠵᠤ ᠦᠵᠡᠭᠡᠳ᠂《ᠪᠢ ᠵᠥᠪ ᠬᠠᠷᠠᠵᠠᠢ᠃ ᠢᠩᠭᠢᠬᠦ ᠰᠢᠨᠵᠢ ᠲᠦᠷᠦᠭᠦᠨ ᠡᠴᠡ ᠮᠡᠳᠡᠭᠳᠡᠭᠡᠳ ᠪᠠᠢᠭᠰᠠᠨ ᠳᠠ᠃ ᠪᠢ ᠲᠡᠭᠡᠵᠦ ᠰᠡᠵᠢᠭᠯᠡᠨ ᠶᠠᠪᠤᠭᠰᠠᠨ ᠨᠢ ᠵᠥᠪ ᠪᠠᠢᠵᠠᠢ》 ᠭᠡᠮᠡᠨ ᠪᠣᠳᠣᠨ᠂ ᠭᠠᠢᠬᠠᠵᠤ ᠳᠠᠭᠵᠠ ᠤᠷᠤᠭᠤ ᠨᠢ ᠬᠦᠨᠳᠦ ᠶᠠᠭᠤᠮ᠎ᠠ ᠪᠠᠷ ᠴᠣᠬᠢᠭᠠᠳ ᠠᠪᠤᠭᠰᠠᠨ ᠠᠳᠠᠯᠢ ᠲᠣᠯᠣᠭᠠᠢ ᠨᠢ ᠮᠠᠨᠠᠷᠠᠨ᠂ ᠶᠠᠭᠠᠬᠢᠵᠤ ᠪᠠᠢᠭ᠎ᠠ ᠪᠠᠨ ᠥᠪᠡᠷ ᠢ᠋ᠶ᠋ᠡᠨ ᠠᠩᠵᠠᠭᠠᠷᠠᠵᠤ ᠮᠠᠲᠠᠯ ᠦᠭᠡᠢ ᠨᠢᠭᠡ ᠪᠣᠰᠴᠤ᠂ ᠨᠢᠭᠡ ᠰᠠᠭᠤᠭᠠᠳ᠄ 
       — ᠪᠢ ᠮᠣᠩᠭᠣᠯ ᠤ᠋ᠨ ᠶᠡᠬᠡ ᠤᠯᠤᠰ ᠤ᠋ᠨ ᠬᠠᠭᠠᠨ ᠤ᠋ ᠣᠷᠣ ᠶ᠋ᠢ ᠬᠠᠭᠠᠨ ᠤ᠋ ᠲᠠᠮᠠᠭ᠎ᠠ ᠶ᠋ᠢᠨ ᠬᠠᠮᠲᠤ ᠢᠩᠭᠢᠭᠡᠳ ᠠᠯᠳᠠᠪᠠ ᠤᠤ? ᠮᠥᠩᠬᠡ ᠠᠬ᠎ᠠ ᠯᠠ ᠨᠠᠳᠠᠳᠤ ᠬᠦᠢᠲᠡᠨ ᠴᠢᠷᠠᠢ ᠭᠠᠷᠭᠠᠨ᠂ ᠠᠷᠢᠬᠪᠦ᠋ᠬᠡ ᠶ᠋ᠢ ᠶᠡᠬᠡᠳᠡ ᠲᠣᠭᠣᠨ ᠦᠵᠡᠵᠦ᠂ ᠪᠠᠷᠤᠭ ᠯᠠ ᠠᠮᠢᠳᠤ ᠮᠡᠨᠳᠦ ᠪᠠᠢᠭ᠎ᠠ ᠳᠡᠭᠡᠷ᠎ᠡ ᠪᠡᠨ ᠲᠡᠭᠦᠨ ᠢ᠋ ᠣᠷᠣ ᠰᠠᠭᠤᠯᠭᠠᠵᠤ ᠣᠷᠬᠢᠪᠠᠯ ᠳᠡᠭᠡᠷ᠎ᠡ ᠪᠣᠯᠤᠨ᠎ᠠ ᠪᠠᠢᠬᠤ ᠭᠡᠬᠦ ᠰᠢᠬᠠᠭᠠᠳ ᠪᠠᠢᠭᠰᠠᠨ᠃ ᠡᠨᠡ ᠴᠢᠨᠢ ᠴᠦ᠍ ᠨᠠᠳᠠᠳᠤ ᠪᠥᠭᠡᠮ ᠭᠠᠢ ᠲᠠᠷᠢᠵᠤ ᠪᠠᠢᠭ᠎ᠠ ᠬᠡᠷᠡᠭ᠃ ᠬᠣᠢᠲᠤ ᠨᠤᠲᠤᠭ ᠤ᠋ᠨ ᠬᠢᠨ ᠪᠦᠭᠦᠳᠡᠭᠡᠷ ᠢ᠋ᠶ᠋ᠡᠨ ᠠᠷᠢᠬᠪᠦ᠋ᠬᠡ ᠶ᠋ᠢ ᠦᠵᠡᠬᠦ ᠪᠡᠷ ᠢ᠋ᠶ᠋ᠡᠨ ᠬᠥᠯ ᠳ᠋ᠦ᠍ ᠨᠢ ᠰᠥᠬᠥᠷᠡᠵᠦ ᠤᠨᠠᠬᠤ ᠰᠢᠬᠠᠭᠠᠳ ᠯᠠ ᠤᠷᠲᠤ ᠬᠣᠢᠨ᠎ᠠ ᠨᠢ ᠪᠥᠩᠵᠢᠭᠡᠨᠡᠨ ᠭᠦᠶᠦᠭᠡᠳ ᠰᠦᠢᠳ ᠪᠣᠯᠵᠤ ᠪᠠᠢᠵᠤ ᠬᠠᠷᠠᠭᠳᠠᠵᠤ ᠪᠠᠢᠪᠠ ᠳᠠ᠃ ᠲᠡᠳᠡ ᠨᠠᠷ ᠪᠦᠭᠦᠳᠡᠭᠡᠷ ᠢ᠋ᠶ᠋ᠡᠨ ᠲᠡᠭᠦᠨ ᠢ᠋ ᠥᠮᠥᠭᠯᠡᠵᠦ ᠬᠠᠮᠠᠭᠠᠯᠠᠭᠠᠳ ᠰᠦᠢᠳ ᠲᠡᠢ ᠶᠠᠭᠤᠮ᠎ᠠ ᠪᠣᠯᠤᠨ᠎ᠠ ᠪᠠᠢᠬᠤ᠃ ᠮᠠᠨ ᠤ᠋ ᠡᠵᠢ ᠪᠠᠰᠠ ᠤᠷᠤᠭᠤ ᠨᠢ ᠲᠠᠲᠠᠵᠤ ᠬᠥᠭᠡᠷᠭᠡᠭᠡᠳ ᠠᠷᠢᠬᠪᠦ᠋ᠬᠡ ᠶ᠋ᠢ ᠤᠩᠭᠢᠷᠠᠭᠠᠵᠤ ᠭᠦᠢᠴᠡᠭᠡᠳ ᠪᠠᠢᠭ᠎ᠠ ᠬᠡᠷᠡᠭ᠃ ᠪᠡᠶ᠎ᠡ ᠨᠢ ᠮᠠᠭᠤ ᠪᠠᠢᠭ᠎ᠠ ᠶᠤᠮ ᠪᠣᠯ ᠡᠵᠢ ᠲᠡᠷᠡ ᠡᠪᠡᠳᠴᠢᠨ ᠦ᠌ ᠪᠡᠨ ᠮᠥᠷ ᠢ᠋ ᠬᠥᠭᠡᠭᠡᠭᠡᠳ ᠬᠡᠪᠲᠡᠵᠦ ᠪᠠᠢᠬᠤ ᠦᠭᠡᠢ᠃《ᠴᠢ ᠤᠯᠤᠰ ᠤ᠋ᠨ ᠬᠠᠭᠠᠨ ᠡᠵᠡᠨ ᠨᠢ ᠪᠠᠢᠬᠤ ᠶᠣᠰᠣᠲᠠᠢ》 ᠭᠡᠵᠦ ᠦᠢᠮᠡᠭᠦᠯᠦᠭᠡᠳ᠂ ᠬᠠᠮᠤᠭ ᠲᠡᠩᠬᠡᠭᠡ ᠪᠡᠷ ᠢ᠋ᠶ᠋ᠡᠨ ᠲᠡᠷᠡ ᠬᠦᠦ ᠶ᠋ᠢ ᠬᠥᠭᠡᠷᠭᠡᠳᠡᠵᠦ ᠣᠷᠬᠢᠯ᠎ᠠ᠃ ᠣᠳᠣ ᠪᠢ ᠴᠢᠨᠢ ᠶᠠᠭᠠᠬᠢᠳᠠᠭ ᠬᠡᠷᠡᠭ ᠪᠣᠢ? ᠭᠡᠮᠡᠨ ᠭᠠᠭᠴᠠᠭᠠᠷ ᠢ᠋ᠶ᠋ᠠᠨ ᠪᠠᠬᠠᠨ ᠶᠠᠷᠢᠭᠰᠠᠨ ᠢ᠋ᠶ᠋ᠠᠨ᠂ ᠰᠠᠶᠢ ᠰᠡᠭᠡᠭᠡ ᠠᠪᠤᠪᠠ ᠪᠣᠯᠤᠯᠲᠠᠢ ᠲᠣᠯᠣᠭᠠᠢ ᠪᠠᠨ ᠪᠠᠵᠠᠯᠠᠨ ᠪᠣᠳᠣᠯᠬᠢᠯᠠᠵᠤ ᠰᠠᠭᠤᠭᠰᠠᠨ ᠢ᠋ᠶ᠋ᠠᠨ᠄  
       — ᠪᠢ ᠡᠨᠡ ᠬᠡᠷᠡᠭ ᠢ᠋ ᠭᠠᠭᠴᠠᠭᠠᠷ ᠢ᠋ᠶ᠋ᠠᠨ ᠰᠢᠢᠳᠬᠦ ᠦᠭᠡᠢ᠃ ᠶᠠᠭᠤᠨ ᠤ᠋ ᠲᠥᠯᠥᠭᠡ ᠤᠬᠠᠭᠠᠨᠲᠠᠢ᠂ ᠨᠣᠮᠲᠠᠢ ᠭᠡᠭᠳᠡᠵᠦ ᠪᠠᠢᠭ᠎ᠠ ᠬᠡᠰᠡᠭ ᠬᠢᠲᠠᠳ ᠲᠦᠰᠢᠮᠡᠳ ᠨᠠᠷ ᠢ᠋ ᠪᠢ ᠳᠡᠷᠭᠡᠳᠡ ᠪᠡᠨ ᠪᠡᠶ᠎ᠡ ᠶ᠋ᠢ ᠨᠢ ᠣᠲᠣᠷᠯᠠᠭᠤᠯᠤᠨ ᠪᠠᠢᠭ᠎ᠠ ᠪᠢᠯᠡ᠃ ᠪᠢ ᠲᠡᠳᠡᠨ ᠲᠡᠢ ᠡᠨᠡ ᠬᠡᠷᠡᠭ ᠤᠷᠢᠳ ᠨᠢ ᠪᠢᠰᠢᠭᠦᠢ ᠯᠡ ᠶᠠᠷᠢᠪᠠ ᠳᠠ᠂ ᠣᠳᠣ ᠢᠳᠡ ᠶ᠋ᠢ ᠨᠢ ᠦᠵᠡᠶ᠎ᠡ᠃《ᠣᠯᠠᠨ ᠨᠣᠶᠠᠳ ᠤ᠋ᠨ ᠬᠤᠷᠠᠯᠲᠠᠢ》 ᠭᠡᠵᠦ ᠨᠢᠭᠡ ᠦᠭᠡ ᠪᠠᠰᠠ ᠪᠠᠢᠭ᠎ᠠ᠃ ᠲᠡᠭᠡᠬᠦ ᠪᠡᠷ ᠨᠠᠳᠠᠳᠤ ᠲᠦᠰᠢᠭ ᠪᠣᠯᠵᠤ ᠪᠣᠯᠬᠤ ᠵᠠᠷᠢᠮ ᠨᠣᠶᠠᠳ᠂ ᠴᠡᠷᠢᠭ ᠦ᠋ᠨ ᠡᠷᠬᠡᠲᠡᠨ ᠨᠦ᠍ᠭᠦᠳ ᠢ᠋ ᠪᠢ《ᠳᠠᠭᠠᠬᠤ》 ᠶᠣᠰᠣᠲᠠᠢ ᠪᠣᠯᠤᠯ᠎ᠠ᠃ ᠶᠠᠭᠤᠨ ᠤ᠋ ᠲᠤᠯᠠᠳᠠ ᠪᠢ ᠲᠡᠳᠡᠨ ᠢ᠋ ᠡᠯᠳᠡᠪ ᠢ᠋ᠶ᠋ᠡᠷ ᠳᠠᠮᠵᠢᠨ ᠳᠡᠭᠡᠳᠦ ᠡᠯᠳᠡᠪ ᠠᠯᠪᠠᠨ ᠳ᠋ᠤ᠌ ᠲᠣᠬᠣᠭᠠᠨ ᠲᠣᠮᠢᠯᠠᠵᠤ ᠴᠠᠯᠢᠩ ᠹᠦᠩᠯᠦ ᠬᠦᠷᠲᠡᠭᠡᠵᠦ ᠪᠠᠢᠭ᠎ᠠ ᠪᠢᠯᠡ? ᠬᠡᠷᠡᠭ ᠢ᠋ ᠨᠢ ᠣᠳᠣ ᠡᠰᠡ ᠬᠢᠪᠡᠯ ᠬᠡᠵᠢᠶ᠎ᠡ ᠶᠠᠭᠤᠨ ᠳ᠋ᠤ᠌ ᠠᠰᠢᠭᠯᠠᠬᠤ ᠶᠤᠮ ᠪᠣᠢ? ᠲᠡᠳᠡᠨ ᠢ᠋ ᠪᠡᠨ ᠳᠠᠭᠤᠳᠠᠵᠤ ᠵᠥᠪᠯᠡᠳᠡᠭ ᠬᠡᠷᠡᠭ ᠠ᠋᠃ ᠲᠡᠭᠡᠬᠦ ᠳ᠋ᠦ᠍ ᠪᠡᠨ ᠪᠢ ᠭᠤᠶᠤᠬᠤ ᠦᠭᠡᠢ᠂ ᠰᠠᠨᠠᠭ᠎ᠠ ᠪᠣᠳᠣᠯ ᠢ᠋ ᠨᠢ ᠰᠢᠬᠠᠨ ᠭᠠᠷᠭᠠᠭᠤᠯᠤᠨ᠎ᠠ᠃ ᠪᠠᠰᠠ ᠨᠡᠷᠡᠯᠬᠡᠭᠡᠳ ᠴᠦ᠍ ᠶᠠᠭᠠᠬᠢᠬᠤ ᠪᠣᠢ ᠦᠨᠡᠨ ᠢ᠋ᠶ᠋ᠡᠨ ᠰᠢᠭᠤᠳ ᠬᠡᠯᠡᠶ᠎ᠡ᠃ ᠪᠢ ᠡᠨᠳᠡ ᠶᠠᠪᠤᠭᠤᠯᠵᠤ ᠪᠠᠢᠭ᠎ᠠ ᠲᠡᠢᠨ ᠢ᠋ ᠲᠡᠷᠢᠭᠦᠯᠡᠨ ᠬᠢᠵᠦ ᠪᠠᠢᠨ᠎ᠠ ᠭᠡᠳᠡᠭ ᠢ᠋ᠶ᠋ᠡᠨ ᠰᠢᠭᠤᠳᠬᠠᠨ ᠬᠡᠯᠡᠭᠡᠳ᠂ ᠲᠠ ᠨᠠᠷ ᠨᠠᠮᠠᠶ᠋ᠢ ᠳᠠᠮᠵᠢ ᠭᠡᠳᠡᠭ ᠢ᠋ᠶ᠋ᠡᠨ ᠬᠡᠯᠡᠬᠦ ᠪᠡᠷ ᠪᠣᠯᠪᠠ᠃ ᠲᠡᠭᠡᠭᠡᠳ ᠡᠨᠡ ᠬᠡᠷᠡᠭ ᠢ᠋ᠶ᠋ᠡᠷ ᠬᠠᠷᠢᠶ᠎ᠠ ᠵᠥᠪᠯᠡᠬᠦ ᠲᠦᠰᠢᠮᠡᠳ᠂ ᠴᠡᠷᠢᠭ ᠦ᠋ᠨ ᠵᠠᠩᠵᠤᠨ ᠨᠤᠭᠤᠳ ᠳᠤ ᠪᠠᠨ ᠪᠠᠰᠠ ᠳᠠᠬᠢᠨ ᠶᠠᠭᠠᠷᠠᠯᠲᠠᠢ ᠢᠷ᠎ᠡ ᠭᠡᠵᠦ ᠳᠠᠭᠤᠳᠠᠬᠤ ᠪᠣᠯᠪᠠ᠃ ᠡᠨᠡ ᠦᠶ᠎ᠡ ᠳ᠋ᠦ᠍ ᠬᠤᠪᠢᠯᠠᠢ ᠣᠯᠠᠨ ᠶᠠᠭᠤᠮ᠎ᠠ ᠪᠣᠳᠣᠵᠤ ᠰᠡᠳᠬᠢᠯ ᠨᠢ ᠲᠠᠪᠠᠷᠠᠨ ᠰᠠᠭᠤᠬᠤ ᠳ᠋ᠤ᠌ ᠪᠠᠨ᠄ 
     《ᠪᠢ ᠶᠠᠮᠠᠷ ᠠᠯᠳᠠᠭ᠎ᠠ ᠬᠢᠪᠡ ᠠ᠋? ᠵᠦᠭᠡᠷ ᠰᠢᠬᠠᠮ ᠬᠠᠷᠠᠵᠤ ᠰᠠᠭᠤᠭᠰᠠᠨ ᠠ᠋ᠴᠠ ᠡᠢᠮᠦ ᠪᠣᠯᠪᠠ ᠭᠡᠵᠢ ᠤᠤ?》᠂《ᠡᠵᠢ ᠨᠠᠮᠠᠶ᠋ᠢ ᠪᠣᠳᠣᠭᠰᠠᠨ ᠦᠭᠡᠢ ᠬᠡᠷᠡᠭ ᠤᠤ? ᠪᠢ ᠡᠵᠢ ᠡᠴᠡ ᠬᠣᠯᠠ ᠪᠠᠢᠭᠰᠠᠨ ᠮᠠᠨᠢ ᠭᠣᠣᠯ ᠠᠯᠳᠠᠭ᠎ᠠ ᠪᠣᠯᠪᠠ᠃ ᠡᠵᠢ ᠶ᠋ᠢ ᠪᠢ ᠲᠥᠷᠥᠭᠰᠡᠨ ᠨᠤᠲᠤᠭ ᠳᠤ ᠪᠠᠨ ᠪᠠᠢᠵᠤ ᠪᠠᠢᠪᠠᠯ ᠨᠠᠰᠤ ᠠᠬᠢᠭᠰᠠᠨ ᠪᠣᠯᠬᠣᠷ ᠪᠡᠶ᠎ᠡ ᠳ᠋ᠦ᠍ ᠨᠢ ᠳᠡᠭᠡᠷ᠎ᠡ ᠭᠡᠵᠦ ᠪᠣᠳᠣᠭᠰᠠᠨ᠃ ᠪᠠᠰᠠ ᠡᠵᠢ ᠶ᠋ᠢ ᠡᠨᠳᠡ ᠢᠷᠡᠪᠡᠯ ᠡᠯᠳᠡᠪ ᠳᠡᠭᠡᠳᠦ ᠶ᠋ᠢ ᠦᠭᠡᠯᠡᠭᠡᠳ ᠲᠦᠪᠡᠭ ᠲᠠᠷᠢᠨ᠎ᠠ ᠪᠠᠢᠬᠤ ᠭᠡᠵᠦ ᠰᠠᠨᠠᠭᠰᠠᠨ ᠮᠠᠨᠢ ᠪᠤᠷᠤᠭᠤᠳᠠᠵᠠᠢ᠃ ᠵᠠ ᠣᠳᠣ ᠶᠠᠭᠠᠬᠢᠬᠤ ᠪᠣᠢ?》 ᠭᠡᠮᠡᠨ᠂ ᠲᠣᠯᠣᠭᠠᠢ ᠪᠠᠨ ᠪᠠᠵᠠᠯᠠᠨ ᠪᠣᠰᠴᠤ ᠪᠠᠢᠭᠰᠠᠨ ᠢ᠋ᠶ᠋ᠠᠨ 
       — ᠢᠩᠭᠢᠵᠦ ᠮᠠᠩᠭᠤᠷᠠᠵᠤ ᠪᠠᠢᠭᠠᠳ ᠶᠠᠭᠠᠬᠢᠬᠤ ᠪᠣᠢ ᠳᠠ᠃ ᠪᠢ ᠢᠲᠡᠭᠡᠯᠲᠡᠢ ᠬᠥᠮᠦᠰ ᠲᠡᠢ ᠪᠡᠨ ᠠᠭᠤᠯᠵᠠᠶ᠎ᠠ ᠭᠡᠵᠦ ᠥᠪᠡᠷ ᠲᠦ᠍ ᠪᠡᠨ ᠪᠠᠰᠠ ᠬᠡᠯᠡᠭᠡᠳ᠂ ᠪᠠᠷ᠎ᠠ ᠪᠣᠯᠤᠭᠴᠢ ᠪᠠᠨ ᠳᠠᠭᠤᠳᠠᠨ  
       — ᠴᠢ ᠶᠠᠪᠤᠭᠠᠳ ᠵᠣᠣ ᠪᠢ ᠲᠦᠰᠢᠮᠡᠯ᠂ ᠬᠣᠣ ᠵᠢᠩ ᠨᠣᠶᠠᠨ ᠢ᠋ ᠳᠠᠭᠤᠳᠠᠨ ᠣᠳᠣᠬᠠᠨ ᠢᠷᠡᠭᠦᠯ᠃ ᠤᠷᠢᠶᠠᠩᠬᠠᠢᠳᠠᠢ᠂ ᠴᠠᠭᠠᠨ ᠵᠠᠩᠵᠤᠨ ᠨᠠᠷ ᠲᠤ ᠬᠥᠮᠦᠨ ᠵᠠᠷᠤᠵᠤ ᠨᠠᠭᠠᠰᠢ ᠨᠢ ᠳᠠᠭᠤᠳᠠᠭᠤᠯ! ᠭᠡᠵᠦ ᠲᠤᠰᠢᠶᠠᠯ᠎ᠠ᠃ 
       ᠤᠳᠠᠵᠤ ᠲᠦᠳᠡᠭᠰᠡᠨ ᠴᠦ᠍ ᠦᠭᠡᠢ ᠬᠣᠶᠠᠷ ᠬᠢᠲᠠᠳ ᠲᠦᠰᠢᠮᠡᠯ ᠰᠠᠯᠪᠠᠭᠠᠨᠠᠨ ᠣᠷᠳᠣᠨ ᠳ᠋ᠤ᠌ ᠣᠷᠣᠵᠤ ᠢᠷᠡᠭᠡᠳ ᠶᠡᠬᠡ ᠵᠠᠬᠢᠷᠤᠭᠴᠢ ᠳ᠋ᠤ᠌ ᠲᠣᠩᠭᠣᠯᠵᠠᠨ ᠶᠣᠰᠣ ᠬᠢᠵᠦ《ᠵᠠᠷᠯᠢᠭ》 ᠬᠦᠯᠢᠶᠡᠪᠡ᠃ ᠬᠤᠪᠢᠯᠠᠢ ᠲᠡᠳᠡᠨ ᠢ᠋ ᠳᠡᠷᠭᠡᠳᠡ ᠪᠡᠨ ᠰᠠᠭᠤᠬᠤ ᠶ᠋ᠢ ᠤᠷᠢᠯ᠎ᠠ᠃ ᠡᠵᠡᠨ ᠦ᠌ ᠬᠢᠨᠢ ᠴᠢᠷᠠᠢ ᠪᠠᠷᠤᠭᠠᠷ᠂ ᠨᠢᠳᠦᠨ ᠳ᠋ᠦ᠍ ᠪᠡᠨ ᠣᠨᠴᠠᠭᠠᠢ ᠴᠢᠯᠡᠭᠦᠷ ᠲᠤᠰᠬᠠᠭᠰᠠᠨ ᠪᠠᠢᠬᠤ ᠶ᠋ᠢ ᠲᠦᠰᠢᠮᠡᠳ ᠦ᠋ᠳ ᠣᠯᠵᠤ ᠬᠠᠷᠠᠭᠠᠳ᠄ 
       — ᠳᠡᠭᠡᠳᠦ ᠡᠵᠡᠨᠲᠡᠨ ᠮᠢᠨᠢ! ᠶᠠᠮᠠᠷ ᠵᠠᠷᠯᠢᠭ ᠪᠠᠭᠤᠯᠭᠠᠬᠤ ᠭᠡᠵᠦ ᠲᠠᠭᠠᠯᠠᠭᠰᠠᠨ ᠪᠣᠯ? ᠭᠡᠮᠡᠨ ᠪᠠᠷᠤᠭ ᠨᠢᠭᠡᠨ ᠵᠡᠷᠭᠡ ᠠᠰᠠᠭᠤᠯ᠎ᠠ᠃ ᠬᠤᠪᠢᠯᠠᠢ ᠪᠡᠶ᠎ᠡ ᠪᠡᠨ ᠪᠠᠷᠢᠵᠤ ᠳᠡᠢᠯᠦᠭᠰᠡᠨ ᠦᠭᠡᠢ ᠪᠣᠰᠴᠤ ᠢᠷᠡᠭᠡᠳ᠂ ᠰᠤᠯᠠ ᠠᠯᠬᠤᠭᠰᠠᠨ ᠢ᠋ᠶ᠋ᠠᠨ ᠨᠢᠳᠦ ᠪᠡᠨ ᠲᠣᠮᠣ ᠪᠣᠯᠭᠠᠨ᠄ 
       — ᠰᠠᠶᠢ ᠬᠠᠷᠠᠬᠣᠷᠣᠮ ᠬᠣᠲᠠ ᠠ᠋ᠴᠠ ᠨᠠᠳᠠᠳᠤ ᠪᠢᠴᠢᠭ ᠢᠷᠡᠯ᠎ᠡ᠃ ᠮᠢᠨᠦ ᠳᠡᠭᠦᠦ ᠠᠷᠢᠬᠪᠦ᠋ᠬᠡ ᠲᠡᠨᠳᠡ ᠨᠣᠶᠠᠳ ᠤ᠋ᠨ ᠬᠤᠷᠠᠯᠳᠠᠢ ᠬᠢᠯᠭᠡᠨ᠂ ᠥᠪᠡᠷ ᠢ᠋ ᠪᠡᠨ ᠭᠦᠷᠦᠨ ᠦ᠌《ᠶᠡᠬᠡ ᠬᠠᠭᠠᠨ》 ᠪᠣᠯᠭᠠᠨ᠎ᠠ ᠭᠡᠵᠦ ᠰᠢᠢᠳᠴᠦ ᠪᠠᠢᠭ᠎ᠠ ᠭᠡᠨ᠎ᠡ᠃ ᠲᠡᠭᠡᠭᠡᠳ ᠨᠠᠮᠠᠶ᠋ᠢ ᠢᠷᠡᠵᠦ ᠥᠪᠡᠷ ᠲᠦ᠍ ᠪᠡᠨ ᠪᠠᠷᠠᠯᠬᠠᠨ ᠠᠢᠯᠠᠳᠬᠠᠯ ᠬᠢ ᠭᠡᠵᠦ ᠪᠢᠴᠢᠭ ᠢ᠋ᠶ᠋ᠡᠷ《ᠲᠤᠰᠢᠶᠠᠭᠰᠠᠨ》 ᠪᠠᠢᠨ᠎ᠠ᠃ ᠣᠳᠣ ᠬᠡᠷᠬᠢᠪᠡᠯ ᠵᠣᠬᠢᠬᠤ ᠪᠣᠢ? ᠭᠡᠵᠦ ᠪᠣᠳᠣᠵᠤ ᠰᠠᠭᠤᠨ᠎ᠠ ᠭᠡᠮᠡᠨ ᠰᠢᠭᠤᠳᠬᠠᠨ ᠠᠰᠠᠭᠤᠪᠠ᠃ 
       — ᠠ᠂ ᠲᠡᠢᠮᠦ ᠪᠣᠢ᠃ ᠶᠡᠬᠡ ᠤᠯᠤᠰ ᠤ᠋ᠨ ᠬᠠᠭᠠᠨ ᠤ᠋ ᠣᠷᠣ ᠶ᠋ᠢ ᠰᠠᠭᠤᠯᠭᠠᠨ᠎ᠠ᠂ ᠲᠠᠨ ᠢ᠋ ᠬᠤᠷᠠᠯᠲᠠᠢ ᠳ᠋ᠤ᠌ ᠮᠣᠷᠢᠯᠠᠨ ᠢᠷ᠎ᠡ ᠭᠡᠵᠦ ᠶᠡᠬᠡ ᠡᠵᠡᠨ ᠲᠠᠨ ᠳ᠋ᠤ᠌ ᠮᠡᠳᠡᠭᠳᠡᠨ ᠵᠠᠯᠠᠯᠭ᠎ᠠ ᠢᠷᠡᠭᠦᠯᠦᠭᠰᠡᠨ ᠰᠢᠦ ᠳᠡ᠃ ᠲᠡᠭᠦᠨ ᠳ᠋ᠦ᠍ ᠨᠢ ᠲᠠ ᠬᠠᠷᠢᠭᠤ ᠥᠭᠬᠦ ᠦᠭᠡᠢ ᠪᠠᠢᠬᠤ ᠠ᠋᠃ ᠨᠠᠮᠠᠶ᠋ᠢ ᠣᠷᠣᠯᠴᠠᠭᠤᠯᠬᠤ ᠦᠭᠡᠢ ᠪᠡᠷ ᠡᠨᠡ ᠲᠣᠮᠣ ᠬᠡᠷᠡᠭ ᠢ᠋ ᠶᠠᠭᠠᠬᠢᠪᠠᠴᠤ ᠲᠡᠳᠡᠨ ᠢ᠋ ᠳᠤᠷ᠎ᠠ ᠵᠣᠷᠢᠭ ᠢ᠋ᠶ᠋ᠠᠷ ᠢ᠋ᠶ᠋ᠠᠨ ᠰᠢᠢᠳᠪᠦᠷᠢᠯᠡᠬᠦ ᠦᠭᠡᠢ ᠭᠡᠵᠦ ᠲᠠ ᠪᠣᠯᠭᠣᠭᠠᠭᠰᠠᠨ᠃ ᠲᠡᠭᠡᠬᠦ ᠳ᠋ᠦ᠍ ᠨᠢ ᠲᠠ ᠨᠠᠷ ᠮᠢᠨᠦ ᠦᠭᠡ ᠶ᠋ᠢ ᠬᠦᠯᠢᠶᠡᠵᠦ ᠪᠠᠢ ᠭᠡᠰᠡᠨ ᠬᠠᠷᠢᠭᠤ ᠶ᠋ᠢ ᠲᠠ ᠠᠢᠯᠠᠳᠳᠠᠭ ᠪᠠᠢᠵᠤ ᠤᠤ ᠳᠠ ᠭᠡᠮᠡᠨ ᠵᠣᠣ ᠪᠢ《ᠪᠠᠭᠰᠢ》 ᠨᠢ ᠭᠠᠢᠬᠠᠭᠰᠠᠨ ᠴᠢᠷᠠᠢ ᠭᠠᠷᠭᠠᠨ ᠬᠡᠯᠡᠪᠡ᠃ 
       ᠬᠣᠣ ᠵᠢᠩ ᠦᠭᠡ ᠰᠣᠨᠣᠰᠤᠭᠠᠳ ᠲᠠᠭ ᠳᠠᠭᠤ ᠦᠭᠡᠢ᠂ ᠨᠢᠳᠦ ᠪᠡᠨ ᠠᠨᠢᠨ ᠰᠠᠭᠤᠵᠤ ᠪᠣᠳᠣᠯ ᠪᠣᠯᠬᠤ ᠳ᠋ᠤ᠌ ᠪᠠᠨ ᠥᠷᠭᠡᠨ ᠮᠠᠩᠨᠠᠢ ᠪᠠᠨ ᠬᠤᠷᠤᠭᠤ ᠪᠠᠷ ᠢ᠋ᠶ᠋ᠠᠨ ᠳᠡᠯᠡᠰᠦᠨ ᠪᠠᠢᠵᠤ《ᠠᠷᠢᠬᠪᠦ᠋ᠬᠡ ᠪᠡᠷ ᠬᠠᠭᠠᠨ ᠰᠠᠭᠤᠯᠭᠠᠵᠤ ᠪᠣᠯᠬᠤ ᠦᠭᠡᠢ᠂ ᠶᠠᠭᠠᠬᠢᠭᠰᠠᠨ ᠴᠦ᠍ ᠪᠣᠯᠬᠤ ᠦᠭᠡᠢ᠃ ᠲᠡᠭᠡᠪᠡᠯ ᠬᠢᠲᠠᠳ ᠬᠢᠲᠠᠳ ᠢ᠋ᠶ᠋ᠠᠨ ᠠᠯᠳᠠᠨ᠎ᠠ᠃ ᠡᠨᠡ ᠤᠯᠤᠰ ᠤ᠋ᠨ ᠶᠡᠬᠡ ᠬᠠᠭᠠᠨ ᠬᠢᠲᠠᠳ ᠰᠡᠳᠬᠢᠯ ᠲᠡᠢ᠂ ᠦᠨᠡᠨ ᠬᠡᠷᠡᠭ ᠳᠡᠭᠡᠷ᠎ᠡ ᠪᠡᠨ ᠬᠢᠲᠠᠳ ᠪᠣᠯᠵᠤ ᠬᠤᠪᠢᠷᠠᠭᠰᠠᠨ ᠬᠥᠮᠦᠨ ᠪᠠᠢᠬᠤ ᠶᠣᠰᠣᠲᠠᠢ》 ᠭᠡᠮᠡᠨ ᠪᠣᠳᠣᠭᠠᠳ  
       — ᠲᠡᠭᠡᠬᠦ ᠪᠡᠷ ᠡᠨᠡ ᠬᠡᠷᠡᠭ ᠤᠵᠢᠭ᠂ ᠲᠤᠩ ᠨᠣᠴᠢᠲᠠᠢ ᠵᠦᠢᠯ᠃ ᠶᠠᠭᠠᠬᠢᠪᠠᠴᠤ ᠡᠩ ᠦ᠋ᠨ ᠨᠢᠭᠡ ᠶᠠᠷᠢᠶ᠎ᠠ ᠪᠠᠷ ᠪᠦᠲᠦᠬᠦ ᠦᠭᠡᠢ᠃ ᠰᠢᠷᠦᠭᠦᠬᠡᠨ ᠲᠡᠮᠡᠴᠡᠯ ᠪᠣᠯᠵᠤ ᠪᠠᠢᠵᠤ ᠡᠮᠦᠨ᠎ᠡ ᠵᠦᠭ ᠪᠠᠢᠯᠳᠤᠬᠤ ᠪᠠᠨ ᠲᠦᠷ ᠠᠵᠠᠨᠠᠨ᠂ ᠮᠣᠩᠭᠣᠯ᠂ ᠬᠢᠲᠠᠳ ᠴᠡᠷᠢᠭ ᠢ᠋ᠶ᠋ᠡᠨ ᠤᠮᠠᠷ᠎ᠠ ᠵᠦᠭ ᠳᠠᠢᠳᠤᠬᠤ ᠳ᠋ᠤ᠌ ᠪᠡᠯᠡᠳᠭᠡ᠃ ᠲᠠ ᠨᠠᠷ ᠬᠡᠳᠦᠢ ᠠᠬᠠᠨ ᠳᠡᠭᠦᠦ ᠪᠣᠯᠪᠠᠴᠤ ᠡᠨᠡ ᠬᠡᠷᠡᠭ ᠢ᠋ᠶ᠋ᠡᠨ ᠢᠯᠳᠦᠨ ᠦ᠌ ᠦᠵᠦᠭᠦᠷ ᠢ᠋ᠶ᠋ᠡᠷ ᠯᠡ ᠨᠢᠭᠡᠨ ᠲᠡᠢᠰᠢ ᠪᠣᠯᠭᠠᠨ᠎ᠠ᠃ ᠲᠡᠭᠡᠬᠦ ᠪᠡᠷ ᠲᠠ ᠢᠯᠠᠭᠳᠠᠬᠤ ᠦᠭᠡᠢ ᠶ᠋ᠢᠨ ᠲᠤᠯᠠᠳᠠ ᠰᠠᠢᠨ ᠪᠡᠯᠡᠳᠬᠡᠬᠦ ᠬᠡᠷᠡᠭᠲᠡᠢ ᠪᠣᠯᠵᠤ ᠪᠠᠢᠨ᠎ᠠ᠃ ᠬᠣᠶᠠᠷ ᠭᠡᠪᠡᠯ᠄ ᠡᠨᠡ ᠬᠠᠪᠢ ᠪᠠᠷ ᠪᠠᠢᠭ᠎ᠠ ᠨᠣᠶᠠᠳ ᠲᠦᠰᠢᠮᠡᠳ᠂ ᠴᠡᠷᠢᠭ ᠦ᠋ᠨ ᠵᠠᠩᠵᠤᠨ ᠨᠤᠭᠤᠳ ᠢ᠋ ᠠᠶᠠᠲᠠᠢᠬᠠᠨ ᠴᠤᠭᠯᠠᠭᠤᠯᠤᠭᠠᠳ᠂ ᠲᠡᠳᠡᠨ ᠳ᠋ᠦ᠍ ᠠᠷᠪᠢᠬᠠᠨ ᠬᠡᠰᠢᠭ ᠬᠦᠷᠲᠡᠭᠡᠨ ᠥᠪᠡᠷ ᠦ᠋ᠨ ᠲᠠᠯ᠎ᠠ ᠶ᠋ᠢᠨ ᠪᠣᠯᠭᠠᠵᠤ ᠠᠪᠤᠭᠠᠳ᠂ ᠬᠠᠷ᠎ᠠ ᠬᠣᠷᠣᠮ ᠠ᠋ᠴᠠ ᠤᠷᠢᠲᠠᠭᠠᠳ《ᠶᠡᠬᠡ ᠬᠤᠷᠠᠯᠲᠠᠢ》 ᠵᠣᠬᠢᠶᠠᠵᠤ ᠲᠡᠷᠡ ᠬᠤᠷᠠᠯᠳᠠᠢ ᠠ᠋ᠴᠠ ᠡᠵᠡᠨ ᠲᠠᠨ ᠢ᠋ ᠶᠡᠬᠡ ᠬᠠᠭᠠᠨ ᠳ᠋ᠤ᠌ ᠡᠷᠭᠦᠮᠵᠢᠯᠡᠬᠦ ᠤᠴᠢᠷᠲᠠᠢ ᠪᠣᠯᠵᠤ ᠪᠠᠢᠨ᠎ᠠ᠃ ᠢᠩᠭᠢᠪᠡᠯ ᠲᠠ ᠠᠷᠢᠬᠪᠦ᠋ᠬᠡ ᠶ᠋ᠢᠨ《ᠵᠠᠷᠯᠢᠭ》 ᠢ᠋ ᠬᠦᠯᠢᠶᠡᠵᠦ ᠠᠪᠬᠤ ᠦᠭᠡᠢ ᠪᠠᠢᠬᠤ᠂ ᠴᠠᠭᠠᠰᠢᠯᠠᠪᠠᠯ ᠲᠡᠭᠦᠨ ᠲᠡᠢ ᠳᠠᠢᠳᠤᠬᠤ ᠡᠷᠬᠡ ᠲᠡᠢ ᠪᠣᠯᠵᠤ ᠪᠠᠢᠨ᠎ᠠ᠃ ᠡᠢᠮᠦ ᠬᠣᠶᠠᠷ ᠶᠠᠭᠤᠮ᠎ᠠ ᠬᠢᠬᠦ ᠶᠣᠰᠣᠲᠠᠢ ᠪᠣᠯᠤᠯ᠎ᠠ᠃ ᠠᠯᠢ ᠤᠷᠢᠲᠠᠭᠰᠠᠨ ᠨᠢ ᠬᠦᠴᠦ ᠶ᠋ᠢ ᠣᠯᠤᠨ᠎ᠠ ᠰᠢᠦ! ᠭᠡᠪᠡ᠃
       ᠪᠠᠭᠰᠢ ᠲᠦᠰᠢᠮᠡᠯ ᠵᠣᠣ ᠪᠢ᠂ ᠬᠣᠣ ᠵᠢᠩ ᠦ᠋ᠨ ᠡᠨᠡ ᠰᠠᠨᠠᠯ ᠢ᠋ ᠤᠭᠲᠤᠨ ᠠᠪᠴᠤ ᠳᠡᠮᠵᠢᠭᠰᠡᠨ ᠳᠣᠣᠷ᠎ᠠ ᠪᠠᠨ ᠥᠭᠡᠷ᠎ᠡ ᠨᠢᠭᠡ ᠰᠠᠨᠠᠯ ᠭᠠᠷᠭᠠᠯ᠎ᠠ᠃ ᠲᠤᠬᠠᠢᠯᠠᠪᠠᠯ᠄ 
       — ᠶᠡᠬᠡ ᠬᠠᠭᠠᠨ ᠬᠥᠮᠦᠨ ᠵᠠᠪᠠᠯ ᠥᠪᠡᠷ ᠦ᠋ᠨ ᠨᠡᠢᠰᠯᠡᠯ ᠲᠥᠪ ᠲᠡᠢ ᠪᠠᠢᠬᠤ ᠶᠣᠰᠣᠲᠠᠢ᠃ ᠡᠳᠦᠭᠡ ᠪᠠᠢᠲᠤᠭᠠᠢ ᠡᠷᠲᠡᠨ ᠦ᠌ ᠨᠡᠭᠦᠳᠡᠯᠴᠢᠨ ᠤᠯᠤᠰ ᠾᠦᠩᠨᠦ ᠶ᠋ᠢᠨ ᠬᠠᠭᠠᠨ ᠥᠪᠡᠷ ᠦ᠋ᠨ ᠰᠠᠢᠬᠠᠨ ᠨᠡᠢᠰᠯᠡᠯ ᠲᠡᠢ ᠪᠠᠢᠭᠰᠠᠨ ᠭᠡᠵᠦ ᠰᠤᠳᠤᠷ ᠳᠤ ᠲᠡᠮᠳᠡᠭᠡᠯᠡᠭᠰᠡᠨ ᠨᠢ ᠪᠣᠢ᠃ ᠡᠢᠮᠦ ᠳ᠋ᠦ᠍ ᠶᠡᠬᠡ ᠡᠵᠡᠨ ᠲᠠ ᠥᠪᠡᠷ ᠦ᠋ᠨ ᠨᠡᠢᠰᠯᠡᠯ ᠲᠡᠢ ᠪᠣᠯᠵᠤ᠂ ᠲᠡᠭᠦᠨ ᠢ᠋ ᠪᠡᠨ ᠣᠯᠠᠨ ᠤᠯᠤᠰ ᠲᠤ ᠠᠯᠪᠠᠨ ᠶᠣᠰᠣᠭᠠᠷ ᠵᠠᠷᠯᠠᠬᠤ ᠤᠴᠢᠷᠲᠠᠢ᠃ ᠡᠨᠡ ᠱᠠᠩᠳᠤ ᠪᠣᠯ ᠮᠣᠩᠭᠣᠯ ᠤᠯᠤᠰ ᠤ᠋ᠨ ᠨᠡᠢᠰᠯᠡᠯ ᠭᠡᠵᠦ ᠬᠤᠷᠠᠯᠳᠠᠢ ᠬᠢᠬᠦ ᠳ᠋ᠦ᠍ ᠪᠡᠨ ᠲᠡᠭᠦᠨ ᠢ᠋ ᠪᠡᠨ ᠵᠠᠷᠯᠢᠭ ᠪᠣᠯᠭᠠᠪᠠᠯ ᠲᠠᠭᠠᠷᠠᠨ᠎ᠠ ᠭᠡᠯ᠎ᠡ᠃ ᠬᠤᠪᠢᠯᠠᠢ ᠥᠪᠡᠷ ᠦ᠋ᠨ ᠪᠠᠭᠰᠢ᠂ ᠵᠥᠪᠯᠡᠬᠦ ᠲᠦᠰᠢᠮᠡᠯ ᠬᠣᠶᠠᠷ ᠤ᠋ᠨ ᠭᠠᠷᠭᠠᠭᠰᠠᠨ ᠠᠷᠭ᠎ᠠ ᠨᠤᠭᠤᠳ ᠢ᠋ ᠳᠦᠭᠦᠷᠡᠩ ᠵᠥᠪᠰᠢᠶᠡᠷᠡᠵᠦ᠂ ᠳᠡᠭᠦᠦ ᠠᠷᠢᠬᠪᠥ᠋ᠭᠡ ᠲᠡᠢ ᠪᠡᠨ ᠬᠠᠭᠠᠨ ᠶᠣᠰᠣᠨ ᠤ᠋ ᠬᠠᠷᠢᠯᠴᠠᠭ᠎ᠠ ᠪᠠᠷᠢᠬᠤ ᠦᠭᠡᠢ ᠭᠡᠮᠡᠨ ᠲᠣᠭᠲᠠᠵᠤ᠂ ᠲᠡᠭᠦᠨ ᠦ᠌ ᠡᠯᠴᠢ ᠪᠣᠯᠤᠭᠰᠠᠨ ᠬᠦᠯᠦᠭ ᠢ᠋ ᠪᠠᠷᠢᠨ ᠠᠪᠴᠤ ᠬᠠᠷ᠎ᠠ ᠭᠡᠷ ᠲᠦ᠍ ᠬᠣᠷᠢᠨ᠂ ᠶᠠᠮᠠᠷ ᠳᠠᠭᠠᠭᠠᠯᠠᠭᠠᠪᠦᠷᠢᠲᠠᠢ᠂ ᠶᠠᠭᠤ ᠬᠢᠬᠦ ᠪᠡᠷ ᠢᠷᠡᠭᠰᠡᠨ ᠢ᠋ ᠨᠢ ᠡᠷᠡᠭᠦᠳᠡᠨ ᠠᠰᠠᠭᠤᠬᠤ ᠪᠠᠷ ᠪᠣᠯᠪᠠ᠃ 
       ᠬᠦᠯᠦᠭ ᠰᠥᠨᠢ ᠳᠤᠮᠳᠠ ᠭᠡᠷ ᠲᠦ ᠪᠡᠨ ᠤᠨᠲᠠᠵᠤ ᠪᠠᠢᠬᠤ ᠳᠤ ᠨᠢ ᠬᠡᠳᠦᠨ ᠴᠡᠷᠢᠭ᠂ ᠨᠢᠭᠡ ᠳᠠᠭᠠᠭᠠᠮᠠᠯ ᠣᠴᠢᠭᠠᠳ᠂ ᠣᠯᠠᠨ ᠦᠭᠡ ᠴᠦ᠍ ᠦᠭᠡᠢ᠂  ᠰᠢᠭᠤᠳ ᠪᠠᠷᠢᠵᠤ ᠠᠪᠤᠭᠠᠳ᠂ ᠭᠠᠷ ᠢ ᠨᠢ ᠠᠷᠤ ᠳᠤ ᠨᠢ ᠬᠥᠯᠢᠨ ᠲᠠᠭᠤᠵᠤ ᠠᠪᠠᠴᠢᠵᠤ ᠠᠷᠢᠬᠪᠥ᠋ᠬᠡ ᠠᠴᠠ ᠶᠠᠮᠠᠷ ᠳᠤᠰᠢᠶᠠᠯ ᠬᠦᠯᠢᠶᠡᠵᠦ᠂ ᠶᠠᠭᠠᠬᠢᠬᠤ ᠭᠡᠵᠦ ᠢᠷᠡᠭ᠍ᠰᠡᠨ᠃ ᠲᠡᠷᠡ ᠨᠣᠶᠠᠨ ᠢ᠋ ᠴᠢ ᠮᠣᠩᠭᠣᠯ ᠤ᠋ᠨ ᠶᠡᠬᠡ ᠬᠠᠭᠠᠨ ᠭᠡᠵᠦ ᠪᠢᠰᠢᠷᠡᠵᠦ ᠪᠠᠢᠨ᠎ᠠ ᠤᠤ? ᠭᠡᠬᠦᠴᠢᠯᠡᠨ ᠵᠦᠢᠯ ᠪᠠᠢᠴᠠᠭᠠᠨ ᠠᠰᠠᠭᠤᠵᠤ 
       — ᠦᠨᠡᠨ ᠢ᠋ᠶ᠋ᠡᠨ ᠬᠡᠯᠡ! ᠡᠰᠡ ᠬᠡᠯᠡᠪᠡᠯ ᠴᠠᠪᠴᠢᠨ ᠬᠣᠷᠣᠭᠠᠬᠤ ᠶᠠᠯ᠎ᠠ ᠨᠣᠭᠳᠠᠭᠤᠯᠤᠨ᠎ᠠ ᠭᠡᠵᠦ ᠰᠦᠷᠳᠡᠭᠦᠯᠦᠭᠰᠡᠨ ᠪᠠᠢᠨ᠎ᠠ᠃ ᠬᠦᠯᠦᠭ ᠲᠡᠰᠪᠦᠷᠢᠯᠡᠨ ᠪᠠᠢᠭᠰᠠᠨ ᠢ᠋ᠶ᠋ᠠᠨ ᠪᠦᠷ ᠨᠡᠯᠢᠶᠡᠨ ᠬᠣᠵᠢᠭᠤ ᠥᠪᠡᠷ ᠲᠦ᠍ ᠪᠡᠨ ᠲᠣᠬᠢᠶᠠᠯᠳᠤᠭᠰᠠᠨ ᠪᠦᠬᠦᠨ ᠢ᠋ ᠦᠨᠡᠨ ᠢ᠋ᠶ᠋ᠡᠷ ᠨᠢ ᠮᠡᠳᠡᠭᠦᠯᠵᠦ 
       — ᠣᠯᠠᠨ ᠨᠣᠶᠠᠳ ᠬᠠᠷᠠᠬᠣᠷᠣᠮ ᠳ᠋ᠤ᠌ ᠴᠤᠭᠯᠠᠷᠠᠨ ᠬᠤᠷᠠᠯᠲᠠᠢ ᠬᠢᠭᠡᠳ ᠠᠷᠢᠬᠪᠥ᠋ᠬᠡ ᠶ᠋ᠢ ᠶᠡᠬᠡ ᠬᠠᠭᠠᠨ ᠤ᠋ ᠰᠠᠭᠤᠳᠠᠯ ᠳ᠋ᠤ᠌ ᠰᠠᠭᠤᠯᠭᠠᠬᠤ ᠪᠣᠯᠤᠨ᠎ᠠ ᠭᠡᠵᠦ ᠶᠠᠷᠢᠯᠴᠠᠵᠤ ᠪᠠᠢᠭᠰᠠᠨ᠃ ᠪᠢ ᠲᠡᠭᠦᠨ ᠢ᠋ ᠰᠣᠨᠣᠰᠤᠭᠠᠳ ᠠᠷᠢᠬᠪᠥ᠋ᠬᠡ ᠨᠣᠶᠠᠨ ᠬᠠᠭᠠᠨ ᠪᠣᠯᠬᠤ ᠶᠤᠮ ᠪᠠᠢᠵᠤ ᠭᠡᠵᠦ ᠪᠣᠳᠣᠭᠰᠠᠨ ᠭᠡᠮᠡᠨ ᠬᠤᠪᠢᠯᠠᠢ ᠳ᠋ᠤ᠌ ᠠᠢᠯᠠᠳᠬᠠᠭᠰᠠᠨ ᠢ᠋ᠶ᠋ᠠᠨ ᠶᠠᠭ ᠬᠡᠪ ᠢ᠋ᠶ᠋ᠡᠷ ᠨᠢ ᠥᠴᠢᠭᠰᠡᠨ ᠠᠵᠢ᠃ ᠡᠨᠡ ᠦᠭᠡ ᠲᠡᠭᠦᠨ ᠦ᠌ ᠦᠢᠯᠡᠳᠦᠭᠰᠡᠨ ᠭᠣᠣᠯ《ᠶᠠᠯ᠎ᠠ》 ᠪᠣᠯᠵᠠᠢ᠃ 
       ᠬᠥᠬᠡ ᠮᠥᠷᠡᠨ ᠦ᠌ ᠡᠷᠭᠢ ᠬᠠᠪᠢ ᠠ᠋ᠴᠠ ᠱᠠᠩᠳᠤ ᠬᠣᠲᠠ ᠳ᠋ᠤ᠌ ᠰᠠᠶᠢ ᠢᠷᠡᠵᠦ ᠰᠠᠭᠤᠨ ᠵᠠᠬᠢᠷᠤᠭᠴᠢ ᠶ᠋ᠢᠨ ᠳᠡᠷᠭᠡᠳᠡ᠂ ᠲᠡᠭᠦᠨ ᠦ᠌ ᠳᠡᠳ᠋ ᠪᠠᠢᠳᠠᠯ ᠢ᠋ᠶ᠋ᠠᠷ ᠠᠯᠪᠠ ᠬᠠᠰᠢᠵᠤ ᠪᠠᠢᠭ᠎ᠠ ᠴᠠᠭᠠᠨ ᠬᠤᠪᠢᠯᠠᠢ ᠶ᠋ᠢᠨ ᠣᠷᠳᠣᠨ ᠳ᠋ᠤ᠌ ᠪᠠᠷᠠᠯᠬᠠᠨ ᠣᠷᠣᠯ᠎ᠠ᠃ ᠶᠡᠬᠡ ᠵᠠᠬᠢᠷᠤᠭᠴᠢ ᠲᠡᠭᠦᠨ ᠢ᠋ ᠡᠶᠡᠯᠳᠡᠭᠬᠡᠨ ᠤᠭᠲᠤᠵᠤ᠂ ᠳᠡᠷᠭᠡᠳᠡ ᠪᠡᠨ ᠰᠠᠭᠤᠯᠭᠠᠭᠠᠳ᠂ ᠲᠡᠢᠨ ᠦ᠌ ᠭᠠᠵᠠᠷ ᠲᠤ ᠪᠣᠯᠵᠤ ᠪᠠᠢᠭ᠎ᠠ ᠬᠡᠷᠡᠭ ᠶᠠᠪᠤᠳᠠᠯ ᠢ᠋ ᠠᠰᠠᠭᠤᠵᠤ ᠡᠬᠢᠯᠡᠪᠡ᠃ ᠴᠠᠭᠠᠨ ᠣᠪᠣ ᠲᠣᠪᠣᠬᠠᠨ ᠴᠣᠬᠣᠷ ᠨᠢᠭᠤᠷ ᠢ᠋ᠶ᠋ᠠᠨ ᠦᠷᠴᠢᠭᠢᠨᠡᠭᠦᠯᠦᠨ ᠢᠯᠢᠵᠦ᠂ ᠨᠠᠮᠤᠭᠤᠬᠠᠨ ᠳᠠᠭᠤ ᠪᠠᠷ ᠥᠭᠦᠯᠡᠬᠦ ᠳ᠋ᠦ᠍ ᠪᠡᠨ᠄ 
       — ᠰᠡᠭᠦᠯᠴᠢ ᠶ᠋ᠢᠨ ᠬᠡᠳᠦ ᠬᠣᠨᠣᠭ ᠲᠤ ᠭᠠᠷᠤᠭᠰᠠᠨ ᠣᠨᠴᠠᠭᠠᠢ ᠥᠭᠡᠷᠡᠴᠢᠯᠡᠯᠲᠡ ᠦᠭᠡᠢ ᠰᠢᠬᠠᠮ᠃ ᠪᠠᠢᠳᠠᠯ ᠢ᠋ ᠲᠠᠨ ᠳ᠋ᠤ᠌ ᠠᠢᠯᠠᠳᠬᠠᠭᠰᠠᠨ ᠠ᠋ᠴᠠ ᠬᠣᠢᠰᠢ ᠲᠠᠪᠤᠨ ᠬᠣᠨᠣᠭ ᠤ᠋ᠨ ᠳᠣᠲᠣᠷ᠎ᠠ ᠪᠠᠶᠠᠨ ᠵᠠᠩᠵᠤᠨ ᠤ᠋ ᠶᠡᠬᠡ ᠴᠡᠷᠢᠭ ᠳᠡᠢᠯᠥ᠋ᠩ ᠬᠣᠲᠠ ᠶ᠋ᠢ ᠳᠠᠭᠠᠷᠢᠨ ᠡᠵᠡᠯᠡᠭᠰᠡᠨ᠃ ᠮᠠᠨ ᠤ᠋ ᠴᠡᠷᠢᠭ ᠤᠭ ᠬᠣᠲᠠ ᠶ᠋ᠢᠨ ᠬᠡᠷᠡᠮ ᠢ᠋ ᠦᠬᠡᠷ ᠣᠨᠢᠰᠣ ᠪᠠᠷ ᠣᠨᠢᠰᠣ ᠪᠠᠷ ᠬᠠᠷᠪᠤᠵᠤ ᠴᠥᠯᠮᠡᠭᠡᠳ᠂ ᠡᠰᠡᠷᠬᠦᠴᠡᠭᠴᠢᠳ ᠢ᠋ ᠪᠥᠭᠡᠮ ᠪᠥᠭᠡᠮ ᠢ᠋ᠶ᠋ᠡᠷ ᠨᠢ ᠣᠯᠵᠠᠯᠠᠨ ᠠᠪᠴᠤ ᠭᠠᠷ ᠲᠤ ᠪᠠᠨ ᠣᠷᠣᠭᠤᠯᠤᠭᠰᠠᠨ᠃ ᠲᠡᠨᠳᠡ ᠮᠠᠨ ᠤ᠋ ᠲᠠᠯ᠎ᠠ ᠠ᠋ᠴᠠ ᠨᠢᠭᠡᠨ ᠵᠠᠭᠤ ᠰᠢᠬᠠᠮ ᠬᠥᠮᠦᠨ᠂ ᠰᠥᠩ ᠦ᠋ᠨ ᠲᠠᠯ᠎ᠠ ᠠ᠋ᠴᠠ ᠭᠤᠷᠪᠠᠨ ᠮᠢᠩᠭᠠᠨ ᠬᠥᠮᠦᠨ ᠥᠷᠭᠡᠳᠡᠭᠰᠡᠨ ᠪᠣᠯᠤᠯᠲᠠᠢ ᠴᠢᠮᠡᠭᠡ ᠪᠢ ᠰᠠᠶᠢ ᠠᠪᠤᠯ᠎ᠠ ᠭᠡᠵᠦ ᠠᠢᠯᠠᠳᠬᠠᠬᠤ ᠳ᠋ᠤ᠌ ᠬᠤᠪᠢᠯᠠᠢ ᠲᠠᠭᠠᠯᠠᠭᠰᠠᠨ ᠪᠠᠢᠳᠠᠯ ᠢ᠋ᠶ᠋ᠠᠷ ᠬᠠᠷᠠᠵᠤ᠄ 
       — ᠮᠠᠨ ᠤ᠋ ᠳᠣᠪᠲᠣᠯᠭ᠎ᠠ ᠤᠷᠤᠭᠰᠢᠯᠠᠭᠰᠠᠭᠠᠷ ᠯᠠ ᠪᠠᠢᠬᠤ ᠰᠢᠪ᠃ ᠰᠥᠩ ᠦ᠋ᠨ ᠬᠠᠭᠠᠨ ᠤ᠋ ᠴᠡᠷᠢᠭ ᠴᠥᠬᠥᠷᠡᠯᠲᠡ ᠦᠭᠡᠢ ᠨᠦᠳᠦᠯᠳᠦᠭᠰᠡᠭᠡᠷ ᠪᠠᠢᠨ᠎ᠠ᠃ ᠪᠢᠳᠡᠨ ᠢ᠋ ᠳᠡᠢᠯᠦᠨ᠎ᠡ ᠭᠡᠵᠦ ᠪᠣᠳᠣᠭᠠᠳ ᠪᠠᠢᠭ᠎ᠠ ᠤᠤ᠂ ᠲᠡᠳᠡ? ᠭᠡᠯ᠎ᠡ᠃ ᠴᠠᠭᠠᠨ ᠵᠠᠬᠢᠷᠤᠭᠴᠢ ᠪᠠᠨ ᠰᠢᠷᠲᠡᠵᠦ ᠰᠠᠭᠤᠭᠰᠠᠨ ᠢ᠋ᠶ᠋ᠠᠨ᠄ 
       — ᠪᠢᠳᠡ ᠴᠡᠷᠢᠭ ᠦ᠋ᠨ ᠢ᠋ᠶ᠋ᠡᠨ ᠠᠮᠢ ᠶ᠋ᠢ ᠬᠠᠢᠷᠠᠯᠠᠵᠤ ᠪᠠᠢᠨ᠎ᠠ᠃ ᠬᠦᠴᠦᠲᠦ ᠰᠠᠯᠬᠢ ᠰᠢᠭᠤᠷᠭ᠎ᠠ ᠠᠳᠠᠯᠢ ᠤᠴᠢᠷ ᠵᠦᠭ ᠦᠭᠡᠢ ᠳᠠᠭᠠᠷᠢᠪᠠᠯ ᠴᠤ᠌ ᠬᠡᠳᠦᠬᠡᠨ ᠰᠠᠷ᠎ᠠ ᠶ᠋ᠢᠨ ᠳᠣᠲᠣᠷ᠎ᠠ ᠰᠥᠩ ᠦ᠋ᠨ ᠪᠦᠬᠦ ᠴᠡᠷᠢᠭ ᠢ᠋ ᠠᠷᠴᠢᠭᠠᠳ ᠬᠠᠶᠠᠴᠢᠬᠠᠵᠤ ᠪᠣᠯᠤᠮᠠᠷ ᠪᠠᠢᠨ᠎ᠠ᠃ ᠮᠣᠷᠢᠨ ᠳ᠋ᠤ᠌ ᠶᠡᠬᠡ ᠬᠠᠯᠭᠤᠭᠠᠲᠠᠢ᠂ ᠵᠠᠷᠢᠮ ᠳ᠋ᠤ᠌ ᠪᠠᠨ ᠬᠡᠳᠦ ᠬᠠᠯᠠᠭᠤᠨ ᠭᠠᠵᠠᠷ ᠲᠤ ᠲᠣᠮᠣ ᠳᠠᠭᠠᠷᠢᠯᠲᠠ ᠬᠢᠵᠦ ᠬᠥᠮᠦᠨ᠂ ᠮᠣᠷᠢ ᠬᠣᠶᠠᠷ ᠢ᠋ᠶ᠋ᠠᠨ ᠣᠯᠠᠨ ᠢ᠋ᠶ᠋ᠠᠷ ᠭᠠᠷᠤᠵᠠᠳᠠᠪᠠᠯ ᠬᠡᠳᠦ ᠶ᠋ᠢᠨ ᠶᠠᠪᠤᠳᠠᠯ ᠳ᠋ᠤ᠌ ᠮᠠᠭᠤ ᠪᠣᠯᠬᠤ ᠪᠣᠯᠪᠠ ᠤᠤ ᠭᠡᠵᠦ ᠪᠣᠳᠣᠭᠠᠳ ᠪᠠᠢᠭ᠎ᠠ ᠶᠤᠮ ᠭᠡᠯ᠎ᠡ᠃ ᠬᠤᠪᠢᠯᠠᠢ ᠪᠣᠳᠣᠯ ᠳ᠋ᠤ᠌ ᠳᠠᠷᠤᠭᠳᠠᠭᠰᠠᠨ ᠴᠢᠷᠠᠢ ᠪᠠᠷ ᠴᠠᠭᠠᠨ ᠢ᠋ ᠬᠠᠷᠠᠵᠤ ᠰᠠᠭᠤᠭᠰᠠᠨ ᠢ᠋ᠶ᠋ᠠᠨ᠄ 
       —  ᠵᠠᠩᠵᠤᠨ ᠮᠢᠨᠢ! ᠡᠮᠦᠨ᠎ᠡ ᠵᠦᠭ ᠲᠦ᠍ ᠬᠢᠵᠦ ᠪᠠᠢᠭ᠎ᠠ ᠪᠢᠳᠡᠨ ᠦ᠌ ᠳᠣᠪᠲᠣᠯᠭᠠᠨ ᠳ᠋ᠤ᠌ ᠨᠢᠭᠡ ᠰᠠᠳᠠᠭ᠎ᠠ ᠭᠠᠷᠴᠤ ᠢᠷᠡᠵᠦ ᠪᠠᠢᠭ᠎ᠠ ᠪᠣᠯᠤᠯᠲᠠᠢ᠃ ᠠᠶᠠᠭᠦᠢ ᠪᠣᠯ ᠪᠢᠳᠡ ᠲᠡᠢᠨ ᠢ᠋ ᠲᠦᠷ ᠵᠠᠭᠤᠷ᠎ᠠ ᠵᠣᠭᠰᠣᠭᠠᠵᠤ ᠮᠠᠭᠠᠳ ᠦᠭᠡᠢ ᠪᠣᠯᠬᠤ ᠨᠢ ᠤᠤ᠃ ᠲᠡᠭᠦᠨ ᠢ᠋ ᠬᠣᠶᠠᠭᠤᠯᠠ ᠪᠠᠨ ᠶᠠᠷᠢᠯᠴᠠᠬᠤ ᠤᠴᠢᠷ ᠤᠷᠭᠤᠯ᠎ᠠ ᠭᠡᠵᠦ ᠬᠡᠯᠡᠪᠡ᠃ 
       ᠴᠠᠭᠠᠨ ᠭᠠᠢᠬᠠᠨ ᠨᠢᠳᠦ ᠪᠡᠨ ᠲᠣᠮᠣ ᠪᠣᠯᠭᠠᠭᠠᠳ᠄ 
       — ᠶᠡᠬᠡ ᠵᠠᠬᠢᠷᠤᠭᠴᠢ ᠮᠢᠨᠢ! ᠶᠠᠮᠠᠷ ᠬᠡᠷᠡᠭ ᠭᠠᠵᠠᠷ ᠳᠣᠣᠷ᠎ᠠ ᠠ᠋ᠴᠠ ᠮᠠᠨᠠᠷᠠᠨ ᠭᠠᠷᠴᠤ ᠢᠷᠡᠪᠡ ᠠ᠋? ᠭᠡᠮᠡᠨ ᠠᠰᠠᠭᠤᠯ᠎ᠠ᠃ ᠬᠤᠪᠢᠯᠠᠢ ᠬᠠᠷ᠎ᠠ ᠰᠠᠬᠠᠯ ᠢ᠋ᠶ᠋ᠠᠨ ᠢᠯᠪᠢᠨ ᠪᠣᠳᠣᠯᠬᠢᠯᠠᠵᠤ᠄ 
       — ᠴᠢ ᠲᠤᠭᠤᠯᠤᠭᠰᠠᠨ ᠪᠠᠢᠬᠤ ᠶᠣᠰᠣᠲᠠᠢ ᠳᠠ᠃ ᠬᠠᠷᠠᠬᠣᠷᠣᠮ ᠤ᠋ᠨ ᠶᠠᠪᠤᠳᠠᠯ ᠢ᠋ ᠭᠡᠪᠡ᠃ 
       — ᠠ᠂ ᠵᠠᠬᠢᠷᠤᠭᠴᠢ ᠲᠠᠨ ᠤ᠋ ᠳᠡᠭᠦᠦ ᠶ᠋ᠢ ᠶᠡᠬᠡ ᠬᠠᠭᠠᠨ ᠤ᠋ ᠣᠷᠣ ᠰᠠᠭᠤᠯᠭᠠᠬᠤ ᠭᠡᠰᠡᠨ ᠨᠢᠭᠡ ᠦᠭᠡ ᠳᠤᠤᠯᠢᠶᠠᠨᠲᠠᠢ ᠲᠠᠷᠬᠠᠵᠤ ᠪᠠᠢᠭ᠎ᠠ᠃ ᠲᠠ ᠲᠡᠭᠦᠨ ᠢ᠋ ᠪᠣᠯᠭᠣᠭᠠᠨ ᠬᠡᠯᠡᠵᠦ ᠪᠠᠢᠨ᠎ᠠ ᠤᠤ? 
       — ᠲᠡᠢᠮᠦ᠃ ᠴᠢ ᠲᠤᠭᠤᠯᠤᠭᠰᠠᠨ ᠪᠠᠢᠨ᠎ᠠ ᠰᠢᠦ ᠳᠡ᠃ ᠲᠡᠭᠦᠨ ᠢ᠋ ᠴᠢ ᠪᠢᠳᠡᠨ ᠬᠦᠯᠢᠶᠡᠨ ᠵᠥᠪᠰᠢᠶᠡᠷᠡᠭᠡᠳ ᠳᠠᠭᠤ ᠦᠭᠡᠢ ᠬᠠᠷᠠᠵᠤ ᠪᠠᠢᠬᠤ ᠤᠤ? ᠬᠢᠲᠠᠳ ᠪᠠᠭᠰᠢ᠂ ᠵᠥᠪᠯᠡᠭᠴᠢ ᠨᠠᠷ ᠨᠠᠮᠠᠶ᠋ᠢ ᠵᠦᠢᠯ ᠵᠦᠢᠯ ᠢ᠋ᠶ᠋ᠡᠷ ᠤᠬᠠᠭᠠᠷᠠᠭᠤᠯᠬᠤ ᠭᠡᠵᠦ ᠲᠡᠢᠮᠦ ᠬᠡᠷᠡᠭ ᠢ᠋ ᠲᠡᠪᠴᠢᠵᠦ ᠪᠣᠯᠬᠤ ᠦᠭᠡᠢ ᠭᠡᠵᠡᠭᠡᠵᠦ ᠪᠠᠢᠨ᠎ᠠ᠂ ᠬᠣᠣ ᠵᠢᠩ ᠲᠦᠰᠢᠮᠡᠯ ᠡᠨᠳᠡ ᠣᠷᠣᠵᠤ ᠢᠷᠡᠭᠡᠳ᠂ ᠶᠡᠬᠡᠳᠡ ᠭᠠᠢᠬᠠᠨ《ᠡᠨᠡ ᠬᠡᠷᠡᠭ ᠶᠠᠪᠤᠳᠠᠯ ᠮᠣᠩᠭᠣᠯᠴᠤᠳ ᠲᠠ ᠨᠠᠷ ᠤ᠋ᠨ ᠬᠣᠭᠣᠷᠣᠨᠳᠣ ᠵᠡᠪᠰᠡᠭ ᠵᠥᠷᠢᠭᠦᠯᠵᠦ ᠪᠠᠢᠵᠤ ᠯᠠ ᠤᠴᠢᠷ ᠢ᠋ᠶ᠋ᠠᠨ ᠣᠯᠵᠤ ᠰᠠᠯᠤᠨ᠎ᠠ᠃ ᠲᠡᠭᠦᠨ ᠳ᠋ᠦ᠍ ᠰᠦᠷᠡᠬᠡᠢ ᠪᠡᠯᠡᠳᠬᠡᠬᠦ ᠶᠣᠰᠣᠲᠠᠢ ᠪᠣᠯᠵᠤ ᠰᠢᠦ》 ᠭᠡᠵᠦ ᠬᠡᠯᠡᠭᠡᠳ ᠭᠠᠷᠤᠭᠰᠠᠨ᠃ ᠵᠣᠣ ᠪᠢ ᠲᠦᠰᠢᠮᠡᠯ ᠪᠠᠰᠠ ᠲᠡᠢᠮᠦ ᠦᠭᠡ ᠬᠡᠯᠡᠵᠦ ᠪᠠᠢᠨ᠎ᠠ᠃ ᠡᠭᠦᠨ ᠢ᠋ ᠪᠢ ᠵᠠᠩᠵᠤᠨ ᠴᠢᠮᠠᠲᠠᠢ ᠵᠥᠪᠯᠡᠯᠳᠦᠨ ᠰᠢᠢᠳᠬᠦ ᠡᠴᠡ ᠥᠭᠡᠷ᠎ᠡ ᠵᠠᠮ ᠦᠭᠡᠢ ᠪᠣᠯᠤᠯ᠎ᠠ ᠭᠡᠵᠦ ᠵᠠᠬᠢᠷᠤᠭᠴᠢ ᠤᠴᠢᠷᠯᠠᠨ ᠥᠭᠦᠯᠡᠯ᠎ᠡ᠃  ᠴᠠᠭᠠᠨ ᠲᠠᠭᠠᠵᠠ ᠰᠢᠷᠲᠡᠨ ᠪᠠᠢᠭᠰᠠᠨ ᠢ᠋ᠶ᠋ᠠᠨ᠄ 
       — ᠡᠨᠡ ᠬᠡᠷᠡᠭ ᠦᠨᠡᠬᠡᠷ ᠨᠤᠬᠤᠴᠠᠲᠠᠢ ᠪᠠᠢᠨ᠎ᠠ ᠰᠢᠦ ᠭᠡᠵᠦ ᠬᠡᠯᠡᠬᠦ ᠨᠢ《ᠪᠢ ᠠᠬ᠎ᠠ ᠳᠡᠭᠦᠦ ᠬᠣᠶᠠᠷ ᠤ᠋ᠨ ᠠᠯᠢᠨ ᠤ᠋ ᠬᠢᠨᠢ ᠲᠠᠯ᠎ᠠ ᠳ᠋ᠤ᠌ ᠵᠣᠭᠰᠣᠪᠠᠯ ᠬᠣᠵᠢᠮ ᠳ᠋ᠤ᠌ ᠪᠠᠨ ᠨᠢᠭᠤᠷ ᠢᠯᠡᠭᠦᠦ ᠪᠣᠯᠬᠤ ᠪᠣᠢ? ᠠᠷᠢᠬᠪᠥ᠋ᠬᠡ ᠲᠥᠷᠥᠭᠰᠡᠨ ᠨᠤᠲᠤᠭ ᠤ᠋ᠨ ᠢ᠋ᠶ᠋ᠠᠨ ᠣᠯᠠᠨ ᠤ᠋ ᠳᠡᠮᠵᠢᠯᠭᠡ ᠶ᠋ᠢ ᠠᠪᠴᠤ ᠶᠡᠬᠡᠬᠡᠨ ᠬᠦᠴᠦᠲᠡᠢ ᠪᠣᠯᠤᠭ᠎ᠠ ᠪᠢᠵᠡ᠃ ᠬᠤᠪᠢᠯᠠᠢ ᠳ᠋ᠤ᠌ ᠴᠤ᠌ ᠨᠡᠯᠢᠶᠡᠨ ᠶᠠᠭᠤᠮ᠎ᠠ ᠪᠠᠢᠨ᠎ᠠ᠃ ᠬᠢᠲᠠᠳ ᠤ᠋ᠳ ᠡᠭᠦᠨ ᠦ᠌ ᠲᠠᠯ᠎ᠠ ᠳ᠋ᠤ᠌ ᠪᠠᠲᠤᠲᠠᠢ ᠵᠣᠭᠰᠣᠵᠤ ᠪᠠᠢᠭ᠎ᠠ ᠨᠢ ᠶᠠᠭ ᠦᠭᠡᠢ ᠬᠡᠷᠡᠭ᠃ ᠬᠤᠪᠢᠯᠠᠢ ᠶ᠋ᠢ ᠴᠠᠭᠠᠰᠢ ᠨᠢ ᠲᠦᠯᠬᠢᠪᠡᠯ ᠪᠢᠳᠡ ᠬᠢᠲᠠᠳ ᠢ᠋ ᠲᠦᠷ ᠪᠣᠯᠪᠠᠴᠤ ᠠᠯᠳᠠᠵᠤ ᠮᠡᠳᠡᠨ᠎ᠡ᠃ ᠬᠣᠢᠲᠤ᠂ ᠤᠷᠲᠤ ᠬᠣᠶᠠᠷ ᠬᠢᠲᠠᠳ ᠨᠢᠭᠡᠳᠦᠭᠡᠳ ᠮᠠᠨ ᠤ᠋ ᠥᠭᠡᠳᠡ ᠡᠴᠡ ᠪᠣᠰᠴᠤ ᠢᠷᠡᠪᠡᠯ ᠨᠡᠯᠢᠶᠡᠨ ᠶᠠᠷᠰᠢᠭ ᠣᠲᠣᠬᠤ ᠬᠡᠷᠡᠭ ᠮᠠᠨᠠᠷᠠᠨ᠎ᠠ ᠭᠡᠰᠡᠨ ᠦᠭᠡ᠃ ᠠᠬ᠎ᠠ ᠳᠡᠭᠦᠦ ᠬᠣᠶᠠᠷ ᠲᠤᠯᠤᠯᠳᠤᠯ᠎ᠠ ᠭᠡᠬᠦ ᠳ᠋ᠦ᠍ ᠬᠡᠷᠪᠡ ᠬᠢᠲᠠᠳ ᠴᠡᠷᠢᠭ ᠡᠭᠦᠨ ᠳ᠋ᠦ᠍ ᠲᠤᠰᠠᠯᠠᠪᠠᠯ ᠡᠨᠡ ᠵᠠᠬᠢᠷᠤᠭᠴᠢ ᠳᠡᠢᠯᠦᠨ᠎ᠡ᠃ ᠡᠨᠳᠡ ᠰᠠᠭᠤᠳᠠᠭ ᠰᠢᠢᠳᠪᠦᠷᠢᠯᠡᠬᠦ ᠨᠥᠯᠥᠭᠡ ᠪᠦᠬᠦᠢ ᠲᠦᠰᠢᠮᠡᠳ ᠦ᠋ᠳ ᠦ᠋ᠨ ᠲᠡᠷᠡ ᠦᠭᠡᠨ ᠡᠴᠡ ᠦᠵᠡᠬᠦ ᠳ᠋ᠦ᠍ ᠬᠢᠲᠠᠳ ᠤ᠋ᠳ ᠬᠤᠪᠢᠯᠠᠢ ᠳ᠋ᠤ᠌ ᠲᠤᠰᠠᠯᠠᠬᠤ ᠨᠢ ᠯᠠᠪᠲᠠᠢ ᠰᠢᠪ᠃ ᠲᠡᠭᠡᠪᠡᠯ ᠪᠢ ᠬᠤᠪᠢᠯᠠᠢ ᠪᠠᠨ ᠪᠠᠷᠠᠳᠠᠭᠰᠠᠨ ᠨᠢ ᠳᠡᠭᠡᠷ᠎ᠡ ᠪᠣᠯᠬᠤ ᠤᠤ? ᠡᠨᠡ ᠨᠣᠶᠠᠨ ᠨᠠᠳᠠᠳᠤ ᠮᠠᠭᠤ ᠴᠤ᠌ ᠪᠢᠰᠢ᠃ ᠨᠠᠳᠠᠳᠤ ᠶᠠᠩᠵᠤ ᠪᠦᠷᠢ ᠶ᠋ᠢᠨ ᠬᠡᠰᠢᠭ᠂ ᠬᠡᠷᠬᠡᠮ ᠵᠡᠷᠭᠡ ᠬᠠᠢᠷᠠᠯᠠᠵᠤ ᠪᠠᠢᠭ᠎ᠠ᠃ ᠣᠳᠣ ᠴᠦ᠍ ᠭᠡᠬᠦᠨ᠎ᠡ ᠪᠢ ᠥᠨᠳᠥᠷ ᠬᠡᠷᠬᠡᠮ ᠲᠡᠢ ᠶᠠᠪᠤᠵᠤ ᠪᠠᠢᠨ᠎ᠠ᠃ ᠡᠨᠡ ᠮᠠᠨᠢ ᠬᠡᠳᠦᠢ ᠮᠢᠨᠦ ᠥᠪᠡᠷ ᠦ᠋ᠨ ᠬᠦᠴᠦ ᠪᠣᠯᠪᠠᠴᠤ ᠬᠤᠪᠢᠯᠠᠢ ᠡᠷᠭᠦᠨ ᠲᠡᠮᠵᠢᠭᠡ ᠦᠭᠡᠢ ᠪᠣᠯ ᠶᠠᠮᠠᠷ ᠴᠦ᠍ ᠪᠣᠯᠬᠤ ᠪᠢᠯᠡ᠃ ᠢᠩᠭᠢᠬᠦ ᠪᠡᠷ ᠬᠤᠪᠢᠯᠠᠢ ᠶ᠋ᠢ ᠪᠡᠨ ᠳᠡᠭᠡᠳᠦᠯᠡᠵᠦ᠂ ᠲᠡᠭᠦᠨ ᠢ᠋ ᠬᠠᠭᠠᠨ ᠰᠢᠷᠡᠭᠡᠨ ᠳ᠋ᠦ᠍ ᠰᠠᠭᠤᠯᠭᠠᠬᠤ ᠶ᠋ᠢᠨ ᠲᠥᠯᠥᠭᠡᠨ᠎ᠡ ᠶᠠᠪᠤᠨ᠎ᠠ ᠪᠠᠢᠭ᠎ᠠ᠃ ᠢᠩᠭᠢᠭᠦᠯᠬᠦ ᠯᠡ ᠭᠡᠵᠦ ᠡᠨᠡ ᠵᠠᠬᠢᠷᠤᠭᠴᠢ ᠨᠠᠳᠠᠲᠠᠢ ᠵᠥᠪᠯᠡᠯᠳᠦᠬᠦ ᠭᠡᠰᠡᠨ ᠰᠠᠨᠠᠭ᠎ᠠ ᠭᠠᠷᠭᠠᠨ ᠠᠭᠤᠯᠵᠠᠵᠤ ᠪᠠᠢᠭ᠎ᠠ ᠨᠢ ᠯᠠᠪᠲᠠᠢ》 ᠭᠡᠮᠡᠨ ᠪᠣᠳᠣᠭᠠᠳ᠄ 
       — ᠵᠠᠬᠢᠷᠤᠭᠴᠢ ᠮᠢᠨᠢ! ᠪᠢᠳᠡ ᠤᠴᠢᠷᠲᠠᠢᠬᠠᠨ ᠬᠥᠳᠡᠯᠬᠦ ᠦᠭᠡᠢ ᠪᠣᠯ ᠲᠠᠨ ᠤ᠋ ᠳᠡᠭᠦᠦ ᠠᠷᠢᠬᠪᠥ᠋ᠬᠡ ᠨᠠᠯᠢᠶᠠᠨ ᠬᠦᠴᠦᠲᠡᠢ ᠪᠠᠢᠭ᠎ᠠ ᠰᠢᠦ᠃ ᠠᠷᠤ ᠨᠤᠲᠤᠭ ᠤ᠋ᠨ ᠬᠥᠮᠦᠰ ᠪᠦᠬᠦᠯᠢ ᠪᠡᠷ ᠢ᠋ᠶ᠋ᠡᠨ ᠲᠡᠭᠦᠨ ᠢ᠋ ᠭᠡᠨ᠎ᠡ᠃ ᠬᠠᠷᠠᠬᠣᠷᠣᠮ ᠳ᠋ᠤ᠌ ᠭᠤᠷᠪᠠᠨ ᠲᠦᠮᠡ ᠪᠠᠢᠳᠠᠭ᠃ ᠳᠡᠭᠡᠷ᠎ᠡ ᠨᠢ ᠬᠠᠢᠲᠦ ᠨᠣᠶᠠᠨ ᠤ᠋ ᠴᠡᠷᠢᠭ ᠨᠡᠮᠡᠭᠳᠡᠨ᠎ᠡ᠃ ᠪᠦᠷ ᠴᠠᠭᠠᠨ᠎ᠠ ᠠ᠋ᠴᠠ ᠠᠯᠲᠠᠨ ᠣᠷᠳᠣᠨ ᠤ᠋ ᠴᠡᠷᠢᠭ ᠢᠷᠡᠬᠦ ᠦᠭᠡᠢ ᠭᠡᠬᠦ ᠶ᠋ᠢᠨ ᠠᠷᠭ᠎ᠠ ᠦᠭᠡᠢ ᠪᠢᠵᠡ ᠭᠡᠵᠦ ᠬᠡᠯᠡᠯ᠎ᠡ᠃ ᠬᠤᠪᠢᠯᠠᠢ ᠪᠣᠳᠣᠯᠬᠢᠯᠠᠨ ᠪᠠᠢᠵᠤ 
       — ᠴᠢ ᠬᠠᠰᠢᠷ ᠵᠠᠩᠵᠤᠨ ᠤ᠋ ᠦᠭᠡ ᠴᠤᠬᠤᠢᠯᠭᠠᠵᠤ ᠪᠠᠢᠨ᠎ᠠ᠃ ᠠᠷᠢᠬᠪᠥ᠋ᠬᠡ ᠶ᠋ᠢᠨ ᠴᠠᠭᠠᠳᠤ ᠲᠠᠯ᠎ᠠ ᠳ᠋ᠤ᠌ ᠪᠠᠢᠭ᠎ᠠ ᠬᠦᠴᠦ ᠶ᠋ᠢ ᠪᠢᠳᠡ ᠰᠠᠨᠠᠬᠤ ᠦᠭᠡᠢ ᠪᠠᠢᠵᠤ ᠪᠣᠯᠬᠤ ᠦᠭᠡᠢ ᠪᠠᠢᠨ᠎ᠠ᠃ ᠤᠷᠢᠶᠠᠩᠬᠠᠢᠳᠠᠢ᠂ ᠪᠠᠶᠠᠨ᠂ ᠲᠣᠭᠣᠭᠠᠨ ᠮᠡᠲᠦ ᠵᠠᠩᠵᠤᠨ ᠨᠤᠭᠤᠳ ᠢ᠋ ᠪᠢᠳᠡ ᠣᠳᠣᠬᠠᠨ ᠨᠠᠭᠠᠰᠢ ᠨᠢ ᠢᠷᠡᠭᠦᠯᠦᠨ ᠠᠮᠢᠨ ᠦᠭᠡ ᠪᠡᠨ ᠬᠡᠯᠡᠯᠴᠡᠵᠦ ᠠᠪᠬᠤ ᠦᠭᠡᠢ ᠪᠣᠯ ᠭᠣᠷᠢ ᠦᠭᠡᠢ ᠪᠣᠯᠤᠨ᠎ᠠ ᠪᠢᠵᠡ ᠳᠡ? ᠲᠡᠢᠮᠦ ᠤᠤ? ᠭᠡᠯ᠎ᠡ᠃ 
       — ᠲᠠ ᠵᠥᠪ ᠢ᠋ ᠪᠣᠯᠭᠣᠭᠠᠵᠤ ᠪᠠᠢᠨ᠎ᠠ᠃ ᠤᠷᠢᠶᠠᠩᠬᠠᠢᠳᠠᠢ᠂ ᠪᠠᠶᠠᠨ᠂ ᠲᠣᠭᠣᠭᠠᠨ ᠠᠯᠢ ᠨᠢ ᠴᠦ᠍ ᠮᠢᠨᠦ ᠦᠭᠡᠨ ᠡᠴᠡ ᠵᠥᠷᠢᠬᠦ ᠬᠥᠮᠦᠰ ᠪᠢᠰᠢ᠃ ᠪᠢᠳᠡ ᠲᠡᠢᠨ ᠦ᠌ ᠲᠠᠯᠠᠪᠤᠷ ᠲᠤ ᠪᠡᠶ᠎ᠡ ᠪᠡᠶ᠎ᠡ ᠪᠡᠨ ᠰᠣᠷᠢᠵᠤ ᠭᠦᠢᠴᠡᠭᠰᠡᠨ ᠶᠦᠮ ᠳ᠋ᠠᠭ᠃ ᠬᠠᠷᠢᠨ ᠪᠢᠳᠡᠨ ᠢ᠋ ᠴᠡᠷᠢᠭ ᠢ᠋ᠶ᠋ᠡᠨ ᠲᠠᠲᠠᠬᠤ ᠪᠠᠷ ᠰᠥᠩ ᠦ᠋ᠨ ᠬᠠᠭᠠᠨ ᠴᠡᠷᠢᠭ ᠢ᠋ᠶ᠋ᠡᠨ ᠨᠠᠭᠠᠰᠢ ᠨᠢ ᠳᠠᠪᠰᠢᠭᠤᠯᠵᠤ ᠮᠠᠭᠠᠳ ᠦᠭᠡᠢ ᠤᠴᠢᠷ ᠭᠠᠷᠭᠠᠨ᠎ᠠ ᠰᠢᠦ᠃ ᠡᠭᠦᠨ ᠢ᠋ ᠪᠣᠳᠣᠬᠤ ᠶᠣᠰᠣᠲᠠᠢ᠃ 
       — ᠲᠡᠭᠦᠨ ᠢ᠋ ᠪᠢ ᠪᠣᠳᠣᠭᠰᠠᠨ᠃ ᠰᠥᠩ ᠦ᠋ᠨ ᠬᠠᠭᠠᠨ《ᠨᠠᠢᠷᠠᠮᠳᠠᠶ᠎ᠠ᠂ ᠠᠯᠪᠠ ᠪᠠᠷᠢᠶ᠎ᠠ》 ᠭᠡᠵᠦ ᠪᠢᠴᠢᠭ ᠮᠠᠨ ᠤ᠋ ᠳ᠋ᠤ᠌ ᠰᠠᠶᠢ ᠡᠷᠭᠦᠭᠰᠡᠨ ᠪᠠᠢᠨ᠎ᠠ ᠪᠢᠯᠡ᠃ ᠲᠡᠭᠦᠨ ᠢ᠋ ᠨᠢ ᠰᠤᠳᠤᠯᠵᠤ ᠪᠠᠢᠭ᠎ᠠ ᠶᠠᠩᠵᠤ ᠦᠵᠡᠭᠦᠯᠦᠨ ᠬᠠᠭᠤᠷᠴᠤ ᠳᠥᠩᠭᠡᠬᠦ ᠪᠣᠯᠪᠠ ᠤᠤ᠃ ᠲᠡᠢᠮᠦ ᠤᠬᠠᠭᠠᠨ ᠢ᠋ ᠲᠠ ᠨᠠᠷ ᠪᠣᠳᠣᠬᠤ ᠪᠢᠵᠡ ᠭᠡᠵᠦ ᠬᠤᠪᠢᠯᠠᠢ ᠬᠡᠯᠡᠭᠡᠳ ᠶᠠᠷᠢᠶ᠎ᠠ ᠪᠠᠨ ᠲᠡᠭᠦᠰᠬᠡᠬᠦ ᠳ᠋ᠦ᠍ ᠪᠡᠨ᠂ ᠲᠡᠭᠡᠬᠦ ᠳ᠋ᠦ᠍ ᠪᠡᠨ ᠱᠠᠩᠳᠤ ᠳ᠋ᠤ᠌ ᠵᠠᠩᠵᠤᠨ ᠨᠤᠭᠤᠳ ᠢ᠋ᠶ᠋ᠠᠨ ᠳᠠᠭᠤᠳᠠᠬᠤ᠂ ᠪᠠᠷᠠᠭᠤᠨ ᠵᠦᠭ ᠡᠯᠴᠢ ᠵᠠᠷᠤᠵᠤ᠂ ᠠᠷᠢᠬᠪᠥ᠋ᠬᠡ ᠶ᠋ᠢᠨ《ᠮᠣᠭᠤᠢ(ᠥᠩᠬᠥᠷᠢᠭᠦᠯᠭᠡ)》 ᠶ᠋ᠢ ᠳᠠᠭᠤᠳᠠᠨ ᠢᠷᠡᠨ ᠪᠣᠯᠤᠨ ᠠᠯᠲᠠᠨ ᠣᠷᠳᠣᠨ ᠳ᠋ᠤ᠌ ᠬᠡᠯᠡᠬᠦ᠂ ᠳᠤᠮᠳᠠᠳᠤ ᠣᠷᠣᠨ ᠳ᠋ᠤ᠌ ᠡᠯᠴᠢ ᠵᠠᠷᠤᠵᠤ ᠲᠡᠷᠡ ᠦᠭᠡ ᠪᠡᠨ ᠳᠣᠭᠣᠯᠭᠠᠬᠤ ᠭᠡᠵᠦ ᠪᠠᠰᠠ ᠲᠣᠭᠲᠠᠯ᠎ᠠ᠃ 
       ᠬᠡᠯᠡᠯᠴᠡᠭᠰᠡᠨ ᠶᠣᠰᠣᠭᠠᠷ ᠳᠠᠭᠤᠳᠠᠭᠤᠯᠤᠭᠰᠠᠨ ᠬᠥᠮᠦᠰ ᠴᠦ᠍ ᠱᠠᠩᠳᠤ ᠳ᠋ᠤ᠌ ᠳᠣᠣᠷ᠎ᠠ ᠪᠠᠨ ᠢᠷᠡᠵᠦ ᠴᠤᠭᠯᠠᠷᠠᠪᠠ᠃ ᠪᠠᠰᠠ ᠵᠣᠣ ᠪᠢ ᠪᠣᠯᠤᠨ ᠬᠣᠣ ᠵᠢᠩ ᠨᠠᠷ ᠤ᠋ᠨ ᠰᠠᠨᠠᠯ ᠶᠣᠰᠣᠭᠠᠷ ᠱᠠᠩᠳᠤ ᠶ᠋ᠢ ᠨᠡᠢᠰᠯᠡᠯ ᠪᠣᠯᠭᠠᠬᠤ᠂《ᠶᠡᠬᠡ ᠬᠤᠷᠠᠯᠳᠠᠢ》 ᠶ᠋ᠢ ᠵᠠᠷᠯᠠᠨ ᠡᠨᠳᠡ ᠬᠤᠷᠠᠯᠳᠤᠭᠤᠯᠬᠤ ᠬᠡᠷᠡᠭ ᠢ᠋ ᠬᠤᠪᠢᠯᠠᠢ ᠴᠠᠭᠠᠨ ᠵᠠᠩᠵᠤᠨ ᠢ᠋ᠶ᠋ᠠᠷ ᠳᠡᠮᠵᠢᠭᠦᠯᠦᠭᠡᠳ᠂ ᠡᠴᠦᠰ ᠲᠦ᠍ ᠨᠢ ᠢᠷᠡᠭᠰᠡᠨ ᠨᠣᠶᠠᠳ᠂ ᠵᠠᠩᠵᠤᠨ ᠨᠤᠭᠤᠳ ᠢ᠋ ᠲᠤᠰᠬᠠᠢᠯᠠᠨ ᠪᠡᠯᠡᠳᠬᠡᠭᠦᠯᠦᠭᠰᠡᠨ ᠬᠣᠭᠣᠯᠠᠨ ᠳ᠋ᠤ᠌ ᠪᠠᠨ ᠳᠠᠭᠠᠭᠤᠯᠤᠨ ᠣᠷᠣᠵᠤ ᠰᠠᠭᠤᠭᠠᠳ᠂ ᠣᠷᠳᠣᠨ ᠪᠠᠢᠰᠢᠩ ᠪᠠᠷᠢᠭᠤᠯᠵᠤ ᠥᠭᠭᠦᠨ᠎ᠡ ᠭᠡᠯ᠎ᠡ᠃ ᠱᠠᠩ ᠬᠦᠷᠲᠡᠭᠡᠬᠦ ᠳ᠋ᠦ᠍ ᠠᠪᠬᠤ ᠦᠭᠡᠢ ᠭᠡᠬᠦ ᠬᠡᠨ ᠪᠠᠢᠬᠤ ᠪᠣᠢ᠃ 
       ᠪᠥᠭᠲᠥᠷ ᠨᠢᠷᠤᠭᠤᠲᠤ ᠯᠢᠦ ᠪᠢᠩ ᠵᠦᠩ ᠭᠠᠷ ᠲᠤ ᠪᠠᠨ ᠬᠤᠢᠯᠠᠭᠠᠰᠤᠲᠠᠢ ᠴᠠᠭᠠᠰᠤ ᠪᠠᠷᠢᠭᠰᠠᠭᠠᠷ᠂ ᠪᠠᠶᠠᠷᠯᠠᠭᠰᠠᠨ ᠴᠢᠷᠠᠢ ᠲᠠᠢ ᠪᠠᠷ ᠬᠤᠪᠢᠯᠠᠢ ᠳᠡᠭᠡᠷ᠎ᠡ ᠣᠷᠣᠵᠤ ᠢᠷᠡᠯ᠎ᠡ᠃ ᠲᠡᠷᠡ ᠪᠡᠷ ᠢᠨᠢᠶᠡᠨ ᠲᠠᠭᠠᠯᠠᠵᠤ᠄ 
       — ᠶᠡᠬᠡ ᠡᠵᠡᠨ ᠲᠠ ᠡᠨᠡ ᠱᠠᠩᠳᠤ ᠬᠣᠲᠠ ᠪᠠᠨ ᠨᠡᠢᠰᠯᠡᠯ ᠪᠣᠯᠭᠠᠬᠤ ᠭᠡᠵᠦ ᠪᠠᠢᠨ᠎ᠠ ᠭᠡᠨ᠎ᠡ᠃ ᠲᠡᠭᠦᠨ ᠳ᠋ᠦ᠍ ᠨᠢ ᠪᠢ ᠪᠡᠶᠡᠰᠴᠦ ᠶᠠᠪᠤᠨ᠎ᠠ᠃ ᠲᠡᠭᠡᠵᠦ ᠴᠦ᠍ ᠪᠣᠳᠣᠵᠤ ᠡᠨᠡ ᠬᠣᠲᠠ ᠶ᠋ᠢ ᠪᠠᠷᠢᠭᠤᠯᠤᠭᠰᠠᠨ᠃ ᠶᠡᠷᠦ ᠨᠢ ᠬᠢᠲᠠᠳ ᠢ᠋ ᠠᠷᠭ᠎ᠠ ᠪᠠᠷ᠂ ᠬᠢᠲᠠᠳ ᠭᠠᠵᠠᠷ ᠳᠡᠭᠡᠷ᠎ᠡ ᠡᠴᠡ ᠵᠠᠯᠠᠵᠤ ᠤᠳᠤᠷᠢᠳᠬᠤ ᠦᠭᠡᠢ ᠪᠣᠯ ᠠᠯᠤᠰ ᠤ᠋ᠨ ᠶᠡᠬᠡ ᠬᠡᠷᠡᠭ ᠪᠦᠲᠦᠬᠦ ᠦᠭᠡᠢ ᠪᠠᠢᠭᠰᠠᠨ᠃ ᠡᠭᠦᠨ ᠢ᠋ ᠴᠡᠴᠡᠨ ᠤᠬᠠᠭᠠᠨ ᠢ᠋ᠶ᠋ᠠᠷ ᠢ᠋ᠶ᠋ᠠᠨ ᠲᠠ ᠪᠣᠯᠭᠣᠭᠠᠵᠠᠢ ᠭᠡᠳ᠂ ᠱᠠᠩᠳᠤ ᠶ᠋ᠢ ᠨᠡᠢᠰᠯᠡᠯ ᠪᠣᠯᠭᠠᠬᠤ ᠳ᠋ᠤ᠌ ᠨᠡᠮᠡᠵᠦ ᠬᠡᠳᠦᠨ ᠪᠠᠷᠢᠯᠭ᠎ᠠ ᠪᠠᠷᠢᠨ᠎ᠠ᠃ ᠲᠤᠬᠠᠢᠯᠠᠪᠠᠯ ᠳᠡᠭᠡᠳᠦᠰ ᠦ᠋ᠳ ᠲᠦ᠍ ᠠᠯᠪᠠ ᠬᠠᠰᠢᠳᠠᠭ ᠡᠯᠴᠢ— ᠡᠯᠴᠢᠨ ᠨᠦ᠍ᠭᠦᠳ ᠢ᠋ ᠪᠠᠭᠤᠯᠭᠠᠵᠤ ᠪᠠᠢᠬᠤ ᠭᠣᠶᠣ ᠰᠠᠢᠬᠠᠨ ᠳ᠋ᠠᠩ ᠪᠠᠭᠤᠳᠠᠯ ᠪᠠᠢᠰᠢᠩ ᠵᠡᠷᠭᠡ ᠶ᠋ᠢ ᠲᠤᠩ ᠲᠦᠷᠭᠡᠨ ᠪᠠᠷᠢᠭᠤᠯᠤᠨ᠎ᠠ ᠭᠡᠵᠦ ᠬᠡᠯᠡᠭᠡᠳ᠂ ᠬᠡᠳᠦᠨ ᠪᠠᠢᠰᠢᠩ ᠤ᠋ᠨ ᠵᠢᠷᠤᠭ ᠦᠵᠡᠭᠦᠯᠪᠡ᠃ ᠯᠢᠦ ᠣᠪᠣᠭᠲᠤ ᠶ᠋ᠢᠨ ᠭᠠᠷᠭᠠᠭᠰᠠᠨ ᠡᠨᠡ ᠵᠢᠷᠤᠭ ᠤ᠋ᠳ ᠥᠪᠡᠷᠮᠢᠴᠡ ᠰᠣᠨᠢᠨ ᠬᠡᠯᠪᠡᠷᠢᠲᠡᠢ᠂ ᠮᠣᠩᠭᠣᠯ ᠠᠰᠠᠷ ᠮᠠᠢᠬᠠᠨ ᠤ᠋ ᠬᠡᠯᠪᠡᠷᠢ ᠶ᠋ᠢ ᠲᠤᠰᠬᠠᠭᠰᠠᠨ ᠨᠢ ᠬᠤᠪᠢᠯᠠᠢ  ᠤᠯᠠᠮ ᠶᠡᠬᠡ ᠨᠢᠭᠤᠷ ᠣᠯᠵᠤ ᠠᠪᠬᠤ ᠳ᠋ᠤ᠌ ᠵᠣᠷᠢᠬᠳᠠᠭᠰᠠᠨ ᠠᠵᠢ᠃ 
       ᠬᠤᠪᠢᠯᠠᠢ ᠶ᠋ᠢᠨ ᠪᠠᠷᠠᠭᠤᠨ ᠵᠦᠭ ᠰᠠᠶᠢᠬᠠᠨ ᠵᠠᠷᠤᠭᠰᠠᠨ ᠡᠯᠴᠢ ᠨᠠᠷ ᠡᠷᠭᠢᠨ ᠢᠷᠡᠭᠡ ᠦᠭᠡᠢ ᠪᠠᠢᠬᠤ ᠳ᠋ᠤ᠌ ᠨᠢ᠂ ᠬᠢᠲᠠᠳ ᠨᠤᠲᠤᠭ ᠲᠤ ᠬᠡᠷᠡᠭ ᠢ᠋ᠶ᠋ᠡᠷ ᠪᠠᠢᠭ᠎ᠠ ᠮᠣᠩᠭᠣᠯ ᠵᠠᠷᠢᠮ ᠨᠣᠶᠠᠳ᠂ ᠴᠡᠷᠢᠭ ᠦ᠋ᠨ ᠡᠷᠬᠡ ᠪᠠᠷᠢᠬᠤ ᠵᠠᠩᠵᠤᠨ ᠨᠤᠭᠤᠳ᠂ ᠪᠤᠰᠤᠳ ᠲᠦᠰᠢᠮᠡᠳ ᠨᠠᠷ ᠳᠠᠭᠤᠳᠠᠯᠭ᠎ᠠ ᠶᠣᠰᠣᠭᠠᠷ ᠱᠠᠩᠳᠤ ᠳ᠋ᠤ᠌ ᠴᠤᠭᠯᠠᠷᠠᠨ ᠢᠷᠡᠯ᠎ᠡ᠃ ᠶᠡᠬᠡ ᠵᠠᠬᠢᠷᠤᠭᠴᠢ ᠶ᠋ᠢᠨ ᠵᠦᠭ ᠡᠴᠡ ᠲᠡᠷᠡ ᠳᠡᠭᠡᠳᠦᠰ ᠦ᠋ᠳ ᠲᠦ᠍ ᠪᠡᠨ ᠵᠢᠭᠲᠡᠢ ᠶᠡᠬᠡ ᠬᠥᠯ ᠪᠣᠯᠤᠨ ᠤᠭᠲᠤᠵᠤ ᠪᠡᠯᠡᠨ ᠬᠣᠭᠣᠯᠠ ᠴᠠᠢ ᠲᠠᠢ ᠭᠡᠷ ᠲᠦ᠍ ᠪᠠᠭᠤᠯᠭᠠᠨ᠂ ᠪᠠᠬᠠᠨ ᠵᠣᠴᠢᠯᠠᠭᠠᠳ᠂ ᠵᠠᠷᠢᠮ ᠣᠯᠠᠩᠬᠢ ᠨᠢ ᠭᠠᠷ ᠢ᠋《ᠴᠠᠢᠯᠭᠠᠨ》 ᠣᠷᠢᠶᠠᠯᠲᠠ ᠲᠣᠷᠭ᠎ᠠ᠂ ᠭᠦᠯᠦᠦᠰᠡ ᠮᠥᠩᠭᠥ ᠰᠡᠯᠲᠡ ᠶ᠋ᠢ ᠥᠭᠭᠦᠭᠰᠡᠨ ᠨᠢ ᠴᠦ᠍ ᠪᠣᠢ᠃ ᠲᠡᠭᠡᠬᠦ ᠳ᠋ᠦ᠍ ᠪᠡᠨ ᠣᠯᠠᠨ ᠳ᠋ᠤ᠌ ᠨᠥᠯᠥᠭᠡ ᠦᠵᠡᠭᠦᠯᠵᠦ ᠴᠢᠳᠠᠬᠤ ᠲᠡᠩᠬᠡᠭᠡ ᠶ᠋ᠢ ᠨᠢ ᠬᠠᠷᠠᠨ ᠪᠠᠯᠠᠩ ᠤ᠋ᠨ ᠢ᠋ᠶ᠋ᠠᠨ ᠶᠡᠬᠡ ᠪᠠᠭ᠎ᠠ ᠶ᠋ᠢᠨ ᠬᠡᠮᠵᠢᠶ᠎ᠡ ᠲᠣᠭᠲᠠᠭᠠᠵᠠᠢ᠃ ᠢᠯᠠᠩᠭᠤᠶ᠎ᠠ ᠴᠠᠭᠠᠨ᠂ ᠲᠣᠭᠣᠭᠠᠨ᠂ ᠪᠠᠶᠠᠨ ᠮᠡᠲᠦ ᠵᠠᠩᠵᠤᠨ ᠨᠤᠭᠤᠳ ᠤ᠋ᠨ ᠭᠠᠷ ᠳᠡᠭᠡᠷ᠎ᠡ ᠴᠢᠮᠪᠠᠢᠬᠠᠨ ᠶᠠᠭᠤᠮ᠎ᠠ ᠲᠠᠯᠪᠢᠵᠤ᠂ ᠲᠡᠳᠡᠨ ᠦ᠌ 《ᠡᠮᠦᠨ᠎ᠡ ᠵᠦᠭ ᠲᠦ᠍ ᠬᠢᠵᠦ ᠪᠠᠢᠭ᠎ᠠ ᠲᠡᠢᠨ ᠦ᠌ ᠶᠠᠪᠤᠴᠠ》 ᠶ᠋ᠢ ᠬᠤᠪᠢᠯᠠᠢ  ᠵᠠᠬᠢᠷᠤᠭᠴᠢ ᠡᠷᠭᠦᠵᠦ ᠦᠨᠡᠯᠡᠭᠰᠡᠨ ᠨᠢ ᠤᠴᠢᠷᠲᠠᠢ ᠬᠡᠷᠡᠭ᠃ ᠴᠣᠬᠣᠮ ᠦᠨᠡᠨ ᠪᠠᠢᠳᠠᠯ ᠢ᠋ᠶ᠋ᠠᠷ ᠢ᠋ᠶ᠋ᠠᠨ ᠪᠣᠯ ᠰᠡᠭᠦᠯᠴᠢ ᠶ᠋ᠢᠨ ᠭᠤᠷᠪᠠᠨ ᠰᠠᠷ᠎ᠠ ᠳ᠋ᠤ᠌ ᠪᠠᠶᠠᠨ ᠠ᠋ᠴᠠ ᠪᠤᠰᠤᠳ ᠬᠥᠮᠦᠰ ᠦ᠋ᠨ ᠲᠡᠷᠢᠭᠦᠯᠡᠭᠰᠡᠨ ᠴᠡᠷᠢᠭ ᠦ᠋ᠨ ᠠᠩᠭᠢ ᠨᠣᠭᠠᠳ ᠤᠷᠤᠭᠰᠢ ᠪᠠᠨ ᠭᠠᠪᠢᠵᠤ ᠳᠠᠪᠰᠢᠭ᠎ᠠ ᠦᠭᠡᠢ ᠭᠡᠬᠦ ᠤᠤ᠂ ᠰᠥᠩ ᠦ᠋ᠨ ᠬᠠᠭᠠᠨ ᠤ᠋ ᠴᠡᠷᠢᠭ ᠦ᠋ᠨ ᠬᠤᠷᠢᠭᠯᠠᠯᠳᠠᠨ ᠳ᠋ᠤ᠌ ᠡᠭᠡᠷᠡᠭᠳᠡᠨ ᠰᠠᠭᠠᠳᠤᠭᠠᠳ᠂ ᠬᠡᠳᠦᠨ ᠲᠣᠮᠣ ᠬᠣᠲᠠ ᠶ᠋ᠢᠨ ᠬᠡᠷᠡᠮ ᠢ᠋ ᠡᠪᠳᠡᠬᠦ ᠭᠡᠵᠦ ᠨᠣᠴᠣᠯᠳᠤᠭᠰᠠᠭᠠᠷ ᠪᠠᠢᠭ᠎ᠠ ᠪᠢᠯᠡ᠃  ᠭᠡᠲᠡᠯ᠎ᠡ ᠬᠤᠪᠢᠯᠠᠢ ᠴᠡᠷᠢᠭ ᠦ᠋ᠨ ᠡᠷᠬᠡᠲᠡᠨ ᠨᠦ᠍ᠭᠦᠳ ᠢ᠋ᠶ᠋ᠡᠨ ᠭᠣᠴᠣᠯᠠᠨ ᠦᠵᠡᠵᠦ 《ᠱᠠᠩᠨᠠᠭᠰᠠᠨ》 ᠨᠢ ᠥᠪᠡᠷ ᠦ᠋ᠨ ᠢ᠋ᠶ᠋ᠡᠨ ᠪᠣᠯᠵᠤ ᠪᠣᠯᠬᠤ ᠬᠤᠪᠢ ᠲᠠᠪᠢᠯᠠᠩ ᠤ᠋ᠨ ᠪᠠᠵᠠᠭᠠᠵᠤ ᠪᠣᠳᠣᠭᠰᠠᠨ ᠤ᠋ ᠭᠡᠷᠡᠴᠢ ᠪᠠᠢᠪᠠ᠃  ᠬᠢᠲᠠᠳ ᠨᠤᠲᠤᠭ ᠲᠤ᠌ ᠠᠯᠪᠠᠨ ᠬᠡᠷᠡᠭ ᠢ᠋ᠶ᠋ᠡᠷ ᠰᠠᠭᠤᠵᠤ ᠪᠠᠢᠭ᠎ᠠ ᠮᠣᠩᠭᠣᠯ ᠨᠣᠶᠠᠳ᠂ ᠮᠣᠩᠭᠣᠯ ᠤ᠋ᠨ ᠥᠪᠥᠷᠯᠡᠭᠴᠢ ᠨᠤᠲᠤᠭ ᠲᠤ᠌ ᠰᠠᠭᠤᠳᠠᠭ ᠵᠠᠷᠢᠮ ᠨᠣᠶᠠᠳ᠂ ᠱᠠᠩᠳᠤ ᠳ᠋ᠤ᠌ ᠪᠠᠰᠠ ᠬᠦᠷᠦᠯᠴᠡᠨ ᠢᠷᠡᠵᠦ᠂ ᠲᠡᠳᠡ ᠶᠡᠬᠡ ᠵᠠᠬᠢᠷᠤᠭᠴᠢ ᠠ᠋ᠴᠠ 《ᠬᠡᠰᠢᠭ》 ᠬᠦᠷᠲᠡᠬᠦ ᠶᠠᠪᠤᠳᠠᠯ ᠠ᠋ᠴᠠ ᠬᠣᠵᠢᠭᠳᠠᠭᠰᠠᠨ ᠦᠭᠡᠢ ᠪᠠᠢᠨ᠎ᠠ᠃ ᠡᠢᠮᠦ ᠦᠶ᠎ᠡ ᠳ᠋ᠦ᠍ ᠯᠣᠯᠣᠢ ᠠᠪᠠᠭᠠᠢ ᠮᠡᠲᠦ ᠶ᠋ᠢᠨ ᠬᠥᠮᠦᠰ ᠬᠤᠷᠠᠭᠰᠠᠨ ᠨᠣᠶᠠᠳ᠂ ᠲᠦᠰᠢᠮᠡᠳ ᠨᠠᠷ ᠤ᠋ᠨ ᠳᠤᠮᠳᠠ ᠰᠠᠮᠪᠠᠭᠠᠴᠢᠯᠠᠨ ᠣᠷᠣᠵᠤ᠂ ᠲᠡᠳᠡᠨ ᠦ᠌ ᠦᠭᠡ ᠶᠠᠷᠢᠶ᠎ᠠ ᠶ᠋ᠢ ᠰᠣᠨᠣᠰᠴᠤ ᠪᠠᠢᠯ᠎ᠠ᠃ ᠬᠥᠮᠦᠰ ᠣᠯᠵᠠᠨ ᠳ᠋ᠤ᠌ ᠳᠤᠷᠠᠲᠠᠢ ᠪᠣᠯᠬᠣᠷ ᠢ᠋ᠶ᠋ᠠᠨ ᠳᠡᠢᠯᠦᠩᠭᠢ ᠨᠣᠶᠠᠳ ᠬᠤᠪᠢᠯᠠᠢ ᠳ᠋ᠤ᠌ ᠠᠮᠠ 《ᠰᠠᠢᠨᠲᠠᠢ》 ᠪᠠᠢᠵᠠᠢ᠃
       ᠱᠠᠩᠳᠤ ᠳ᠋ᠤ᠌ ᠶᠡᠬᠡ ᠬᠥᠯ ᠪᠣᠯᠵᠤ ᠬᠥᠮᠦᠰ ᠢ᠋ ᠳᠠᠢᠴᠢᠯᠠᠨ ᠠᠵᠢᠯᠯᠠᠭᠤᠯᠵᠤ ᠲᠣᠷᠭᠠᠨ ᠠᠰᠠᠷ ᠪᠣᠰᠬᠠᠵᠤ ᠮᠣᠩᠭᠣᠯ ᠵᠠᠩᠰᠢᠯ ᠢ᠋ᠶ᠋ᠠᠨ 《ᠬᠠᠳᠠᠭᠠᠯᠠᠨ》 ᠦᠬᠡᠷ᠂ ᠬᠣᠨᠢ ᠣᠯᠠᠨ ᠲᠣᠭ᠎ᠠ ᠪᠠᠷ ᠨᠢᠲᠤᠯᠤᠨ᠂ ᠢᠳᠡᠭᠡ ᠵᠣᠭᠣᠭ ᠪᠡᠯᠡᠳᠬᠡᠭᠰᠡᠨ ᠪᠠᠢᠨ᠎ᠠ᠃ ᠡᠨᠡ ᠪᠦᠬᠦ ᠬᠡᠷᠡᠭ ᠦ᠋ᠨ ᠴᠠᠭᠠᠨ᠎ᠠ ᠨᠢ ᠵᠣᠣ ᠪᠢ᠂ ᠬᠣᠣ ᠵᠢᠩ ᠮᠡᠲᠦ ᠶ᠋ᠢᠨ ᠲᠦᠰᠢᠮᠡᠳ ᠨᠠᠷ ᠪᠠᠢᠭ᠎ᠠ ᠶ᠋ᠢ ᠬᠡᠯᠡᠬᠦ ᠶᠠᠭᠤᠨ᠃ ᠪᠡᠯᠡᠳᠬᠡᠯ ᠦ᠋ᠨ ᠬᠠᠮᠤᠭ ᠬᠠᠷ᠎ᠠ ᠪᠣᠷᠣ ᠠᠵᠢᠯ ᠢ᠋ ᠴᠦ᠍ ᠬᠢᠲᠠᠳ ᠬᠥᠮᠦᠰ ᠮᠣᠩᠭᠣᠯ ᠴᠡᠷᠢᠭ ᠦ᠋ᠨ ᠵᠢᠭᠠᠪᠤᠷᠢ ᠪᠠᠷ ᠬᠢᠵᠦ ᠪᠠᠢᠯ᠎ᠠ᠃ ᠬᠢᠲᠠᠳ ᠲᠣᠭᠣᠭᠠᠴᠢ ᠬᠣᠭᠣᠯᠠ ᠶ᠋ᠢ ᠠᠮᠲᠠᠲᠠᠢ ᠬᠢᠵᠦ ᠴᠢᠳᠠᠳᠠᠭ ᠢ᠋ ᠪᠠᠰᠠ ᠥᠭᠦᠯᠡᠬᠦ ᠶᠠᠭᠤᠨ᠃ 《ᠵᠠ ᠶᠠᠭᠠᠬᠢᠳᠠᠭ ᠪᠣᠯ ?》 ᠭᠡᠵᠦ ᠬᠤᠪᠢᠯᠠᠢ ᠶ᠋ᠢᠨ ᠰᠡᠳᠬᠢᠯ ᠲᠦᠭᠰᠢᠵᠦ ᠪᠠᠢᠪᠠ᠃ 
       ᠲᠣᠪᠯᠠᠭᠰᠠᠨ ᠴᠠᠭ ᠠ᠋ᠴᠠ ᠪᠠᠨ ᠨᠡᠯᠢᠶᠡᠳ ᠬᠣᠵᠢᠮᠳᠠᠵᠤ ᠲᠣᠷᠭᠠᠨ ᠠᠰᠠᠷ ᠲᠤ᠌ ᠨᠣᠶᠠᠳ ᠴᠤᠭᠯᠠᠷᠠᠨ 《ᠬᠤᠷᠠᠯᠳᠠᠢ》 ᠨᠡᠭᠡᠭᠡᠵᠦ᠂ ᠠᠯᠲᠠᠨ ᠤᠷᠤᠭ ᠠ᠋ᠴᠠ 《ᠰᠢᠯᠢᠵᠦ》 ᠣᠯᠤᠭᠰᠠᠨ ᠬᠥᠮᠦᠨ ᠨᠢ ᠲᠡᠭᠦᠨ ᠢ᠋ ᠲᠡᠷᠢᠭᠦᠯᠡᠨ ᠶᠠᠪᠤᠭᠤᠯᠪᠠ᠃  ᠬᠤᠷᠠᠯᠲᠠᠢ ᠠᠬᠠᠷᠬᠠᠨ ᠬᠤᠭᠤᠴᠠᠭᠠᠨ ᠤ᠋ ᠳᠣᠲᠣᠷ᠎ᠠ ᠬᠡᠷᠡᠭ ᠢ᠋ᠶ᠋ᠡᠨ ᠭᠦᠢᠴᠡᠭᠡᠯ᠎ᠡ᠃ ᠲᠤᠬᠠᠢᠯᠠᠪᠠᠯ ᠬᠤᠷᠠᠯᠳᠠᠢ ᠨᠡᠭᠡᠭᠡᠭᠳᠡᠭᠰᠡᠨ ᠳᠣᠣᠷ᠎ᠠ ᠪᠠᠨ ᠬᠤᠪᠢᠯᠠᠢ ᠶ᠋ᠢ ᠪᠡᠯᠡᠳᠬᠡᠵᠦ ᠵᠠᠰᠠᠭᠰᠠᠨ ᠬᠠᠭᠠᠨ ᠤ᠋ ᠰᠠᠭᠤᠳᠠᠯ ᠳ᠋ᠤ᠌ ᠬᠣᠶᠠᠷ ᠬᠥᠮᠦᠨ  《ᠬᠥᠲᠥᠯᠵᠦ》 ᠭᠠᠷᠭᠠᠨ ᠰᠠᠭᠤᠯᠭᠠᠭᠠᠳ᠂ 《ᠶᠡᠬᠡ ᠬᠠᠭᠠᠨ》 ᠭᠡᠰᠡᠨ ᠦᠭᠡ ᠶ᠋ᠢ ᠲᠡᠨᠳᠡ ᠪᠠᠢᠭ᠎ᠠ ᠬᠥᠮᠦᠰ ᠢ᠋ᠶ᠋ᠡᠷ ᠭᠤᠷᠪᠠᠨᠲᠠ ᠬᠡᠯᠡᠭᠦᠯᠵᠡᠢ᠃  ᠬᠤᠷᠠᠯᠳᠤᠭᠰᠠᠳ ᠤ᠋ᠨ ᠳᠣᠲᠣᠷ᠎ᠠ ᠠᠮᠠ ᠪᠠᠨ ᠵᠢᠮᠢᠢᠵᠦ ᠰᠠᠭᠤᠭᠰᠠᠨ ᠬᠥᠮᠦᠰ ᠪᠠᠢᠭᠰᠠᠨ ᠨᠢ ᠣᠯᠠᠨ ᠳ᠋ᠤ᠌ ᠨᠥᠯᠥᠭᠡᠯᠡᠵᠦ ᠡᠰᠡ ᠴᠢᠳᠠᠪᠠ᠃  ᠭᠡᠬᠦ ᠳ᠋ᠦ᠍ ᠪᠡᠨ ᠤᠭ 《ᠬᠤᠷᠠᠯᠳᠠᠢ》 ᠬᠢᠲᠠᠳ ᠴᠡᠷᠢᠭ ᠢ᠋ᠶ᠋ᠡᠷ ᠭᠤᠷᠪᠠᠨ ᠳᠠᠪᠬᠤᠷ ᠬᠠᠮᠠᠭᠠᠯᠠᠭᠳᠠᠭᠰᠠᠨ ᠤᠴᠢᠷ 《ᠠᠶᠤᠯ ᠦᠭᠡᠢ》 ᠪᠠᠢᠯ᠎ᠠ᠃ ᠮᠥᠩᠬᠡ ᠬᠠᠭᠠᠨ ᠤ᠋ ᠲᠣᠮᠣ ᠳᠡᠭᠦᠦ ᠬᠤᠪᠢᠯᠠᠢ ᠡᠢᠨ ᠬᠦ ᠥᠪᠡᠷ ᠢ᠋ ᠪᠡᠨ ᠶᠡᠬᠡ ᠬᠠᠭᠠᠨ ᠳ᠋ᠤ᠌ 《ᠡᠷᠭᠦᠮᠵᠢᠯᠡᠭᠦᠯᠵᠡᠢ》᠃ ᠡᠨᠡ ᠬᠤᠷᠠᠯᠲᠠᠢ ᠶ᠋ᠢᠨ ᠭᠠᠷᠤᠭᠰᠠᠨ ᠰᠢᠢᠳ ᠣᠯᠠᠨ ᠮᠣᠩᠭᠣᠯᠴᠤᠳ ᠲᠤ᠌ ᠶᠡᠬᠡ ᠬᠠᠴᠢᠷᠬᠠᠯᠲᠠᠢ ᠵᠦᠢᠯ ᠪᠣᠳᠣᠭᠳᠠᠭᠤᠯᠤᠭᠰᠠᠨ ᠠᠵᠢ᠃  ᠱᠠᠩᠳᠤ ᠬᠣᠲᠠ ᠳ᠋ᠤ᠌ ᠴᠦ᠍ 《ᠶᠠᠭᠤ ᠭᠡᠭᠴᠢ ᠪᠣᠯᠳᠠᠭ ᠪᠣᠯ ?》 《ᠪᠠᠰᠠ ᠯᠠ ᠲᠡᠢᠨ ᠳᠠᠵᠢᠨ ᠤ᠋ ᠵᠣᠪᠠᠯᠠᠩ ᠡᠳ᠋ᠯᠡᠬᠦ ᠨᠢ ᠤᠤ ?》 ᠭᠡᠰᠡᠨ ᠰᠡᠳᠬᠢᠯ ᠶᠡᠬᠡ ᠪᠠᠭ᠎ᠠ ᠬᠥᠮᠦᠰ ᠦ᠋ᠨ ᠳᠣᠲᠣᠷ᠎ᠠ ᠬᠠᠷᠪᠤᠨ ᠣᠷᠣᠵᠤ ᠢᠷᠡᠵᠦ ᠪᠣᠳᠣᠯ ᠰᠠᠨᠠᠭᠠᠲᠠᠢ ᠨᠢ ᠲᠦᠭᠰᠢᠭᠡᠳ ᠪᠠᠢᠯ᠎ᠠ᠃ ᠭᠡᠯ᠎ᠡ ᠭᠡᠬᠦ ᠳ᠋ᠦ᠍ ᠨᠢᠭᠡᠨᠲᠡ ᠬᠠᠮᠤᠭ ᠡᠷᠬᠡ ᠮᠠᠲᠠᠯ ᠭᠠᠭᠴᠠ ᠨᠢᠭᠡᠬᠡᠨ ᠬᠥᠮᠦᠨ ᠦ᠌ ᠭᠠᠷ ᠲᠤ᠌ ᠪᠠᠢᠳᠠᠭ ᠪᠣᠯᠬᠣᠷ ᠣᠯᠠᠨ ᠮᠠᠨᠢ ᠬᠠᠮᠬᠤᠤᠯ ᠠᠳᠠᠯᠢ ᠰᠠᠯᠬᠢᠨ ᠤ᠋ ᠠᠶ᠎ᠠ ᠳᠠᠭᠠᠬᠤ ᠠ᠋ᠴᠠ ᠥᠭᠡᠷ᠎ᠡ ᠪᠡᠷ ᠶᠠᠭᠠᠬᠢᠬᠤ ᠪᠣᠢ ᠪᠢᠯᠡ᠃  ᠬᠥᠮᠦᠰ ᠨᠡᠢᠲᠡ ᠪᠡᠷ 《ᠮᠥᠩᠬᠡ ᠲᠡᠭᠷᠢ ᠥᠷᠥᠰᠢᠶᠡᠨ ᠲᠠᠭᠠᠯᠠᠬᠤ ᠪᠣᠯᠲᠤᠭᠠᠢ !》 ᠭᠡᠵᠦ ᠵᠠᠯᠪᠠᠷᠢᠭᠰᠠᠭᠠᠷ ᠥᠭᠡᠷ᠎ᠡ ᠪᠡᠷ ᠬᠠᠮᠢᠭ᠎ᠠ ᠣᠴᠢᠬᠤ ᠪᠣᠢ᠃  
       ᠲᠡᠭᠷᠢ ᠴᠦ᠍ ᠵᠠᠷᠢᠮ ᠳ᠋ᠤ᠌ ᠪᠠᠨ ᠠᠢᠬᠤᠪᠲᠤᠷ ᠳᠣᠭᠰᠢᠷᠠᠳᠠᠭ ᠤᠴᠢᠷ ᠪᠣᠢ᠃ ᠡᠨᠡ ᠵᠢᠯ ᠦ᠋ᠨ ᠬᠠᠪᠤᠷ ᠬᠥᠬᠡ ᠮᠥᠷᠡᠨ ᠦ᠌ ᠨᠢᠭᠡ ᠰᠠᠯᠠᠭ᠎ᠠ ᠴᠠᠯᠭᠢᠶ᠎ᠠ ᠭᠣᠣᠯ ᠤ᠋ᠨ ᠠᠳᠠᠭ ᠬᠠᠪᠢ ᠪᠠᠷ ᠭᠡᠨᠡᠳᠲᠡ ᠠᠭᠠᠳᠠᠷ ᠪᠣᠷᠣᠭ᠎ᠠ ᠴᠢᠳᠬᠤᠨ᠂ ᠲᠡᠭᠷᠢ ᠦᠷᠭᠦᠯᠵᠢᠯᠡᠨ ᠨᠦᠷᠭᠢᠯᠡᠵᠦ ᠪᠠᠢᠭᠰᠠᠨ ᠢ᠋ᠶ᠋ᠠᠨ ᠬᠦᠴᠦᠲᠦ ᠬᠤᠢ ᠰᠠᠯᠬᠢᠨ ᠳᠤᠮᠳᠠᠭᠤᠷ ᠬᠥᠬᠡ ᠭᠠᠯ ᠠᠶᠠᠲᠠᠢ ᠤᠷᠲᠤ ᠶᠠᠭᠤᠮ᠎ᠠ ᠳᠣᠭᠣᠭᠰᠢ ᠤᠨᠵᠢᠢᠨ ᠴᠢᠬᠢ ᠳᠦᠯᠡᠢᠷᠡᠮ᠎ᠡ ᠳᠠᠭᠤ ᠭᠠᠷᠴᠤ ᠬᠥᠮᠦᠨ ᠠᠮᠢᠲᠠᠨ ᠢ᠋ ᠠᠶᠤᠯᠭᠠᠵᠠᠢ᠃ ᠪᠣᠷᠣᠭ᠎ᠠ ᠲᠠᠲᠠᠷᠠᠭᠰᠠᠨ ᠤ᠋ ᠳᠠᠷᠠᠭ᠎ᠠ ᠲᠡᠭᠦᠨ ᠢ᠋ ᠬᠠᠷᠠᠭᠰᠠᠨ ᠬᠥᠮᠦᠰ 《ᠯᠤᠤ ᠤᠨᠵᠢᠯ᠎ᠠ》 ᠂ ᠬᠠᠪᠤᠷ ᠡᠷᠲᠡ ᠢᠩᠭᠢᠬᠦ ᠨᠢ ᠮᠠᠭᠤ ᠢᠷᠣ᠎ᠠ ᠭᠡᠮᠡᠨ ᠥᠭᠦᠯᠡᠵᠦ ᠪᠠᠢᠪᠠ᠃  ᠵᠠᠷᠢᠮ ᠬᠥᠮᠦᠨ ᠭᠠᠩ ᠭᠠᠴᠢᠭ ᠪᠣᠯᠤᠨ᠎ᠠ ᠭᠡᠯ᠎ᠡ᠃ ᠵᠠᠷᠢᠮ ᠨᠢ ᠦᠶᠡᠷ ᠤᠰᠤ ᠪᠠᠭᠤᠵᠤ ᠠᠶᠤᠯ ᠤᠴᠠᠷᠠᠭᠤᠯᠵᠤ ᠮᠠᠭᠠᠳ ᠦᠭᠡᠢ ᠭᠡᠵᠡᠭᠡᠪᠡ᠂ ᠨᠥᠭᠦᠭᠡ ᠬᠡᠰᠡᠭ ᠨᠢ ᠲᠥᠷᠥ ᠲᠦᠮᠡᠨ ᠬᠢᠮᠤᠷᠠᠯᠳᠤᠳᠠᠭ ᠤᠴᠢᠷ ᠪᠣᠢ ᠭᠡᠮᠡᠨ ᠶᠠᠷᠢᠵᠤ ᠪᠠᠢᠪᠠ᠃

— — — — 
 ① ᠠᠯᠲᠠᠨ ᠤᠷᠳᠤ ᠶᠢ ᠦᠨᠳᠦᠰᠦᠯᠡᠭ᠍ᠴᠢ ᠵᠦᠴᠢ ᠶᠢᠨ ᠬᠣᠶᠠᠳᠤᠭᠠᠷ ᠬᠦᠦ ᠪᠠᠲᠤ 1256 ᠣᠨ ᠳᠤ ᠨᠠᠰᠤ ᠪᠠᠷᠠᠭᠰᠠᠨ᠃
 ② ᠮᠣᠩᠭᠣᠯ ᠤ᠋ᠨ ᠶᠡᠬᠡ ᠬᠠᠭᠠᠨ ᠤ᠋ ᠵᠠᠷᠯᠢᠭ ᠢ᠋ᠶ᠋ᠠᠷ ᠬᠦᠯᠡᠬᠦ ᠬᠠᠨ1255 ᠣᠨ ᠳ᠋ᠤ᠌ ᠪᠠᠭᠳᠠᠳ᠋ ᠢ᠋ ᠡᠵᠡᠯᠡᠭᠰᠡᠨ ᠭᠡᠵᠦ ᠸᠸᠨ᠋ᠸᠼ ᠬᠣᠲᠠ ᠶ᠋ᠢᠨ ᠶᠡᠬᠡ ᠵᠢᠭᠤᠯᠴᠢᠨ ᠮᠠᠷᠺᠣ ᠫᠣᠯᠣ1298 ᠣᠨ ᠳ᠋ᠤ᠌ ᠪᠢᠴᠢᠭᠰᠡᠨ《ᠣᠷᠴᠢᠯᠠᠩ ᠤ᠋ᠨ ᠡᠯᠳᠡᠪ ᠰᠣᠨᠢᠨ》 ᠨᠣᠮ ᠳ᠋ᠤ᠌ ᠪᠠᠨ ᠲᠡᠮᠳᠡᠭᠯᠡᠵᠡᠢ᠃ 
③ ᠲᠡᠦᠬᠡ ᠱᠠᠰᠲᠢᠷ ᠳᠤ ᠥᠭᠦᠯᠡᠭᠰᠡᠨ ᠢ᠋ᠶ᠋ᠡᠷ ᠴᠢᠭᠤᠯᠤᠯᠲᠤ ᠬᠠᠭᠠᠯᠭᠠᠨ ᠠ᠋ᠴᠠ ᠵᠡᠭᠦᠨ ᠬᠣᠢᠰᠢ250 ᠺᠢᠯᠣᠮᠧᠲ᠋ᠷ ᠲᠦ᠍ ᠱᠠᠩᠳᠤ ᠭᠣᠣᠯ ᠤ᠋ᠨ ᠳᠡᠭᠡᠳᠦ ᠤᠷᠤᠰᠬᠠᠯ ᠤ᠋ᠨ ᠭᠠᠵᠠᠷ ᠳᠤ108 ᠰᠦᠮ᠎ᠡ ᠭᠡᠬᠦ ᠬᠠᠭᠤᠴᠢᠨ ᠨᠡᠷ᠎ᠡ ᠪᠡᠷ ᠳᠤᠷᠠᠳᠤᠳᠠᠭ ᠲᠤᠭᠤᠷᠠᠢ ᠪᠠᠢᠳᠠᠭ᠃ ᠲᠡᠨᠳᠡ ᠵᠥᠪᠬᠡᠨ ᠬᠡᠳᠦᠨ ᠮᠣᠩᠭᠣᠯ ᠭᠡᠷ᠂ ᠮᠠᠯ ᠢ᠋ᠶ᠋ᠠᠷ ᠠᠮᠢᠳᠤᠷᠠᠨ ᠨᠡᠭᠦᠳᠡᠯ ᠪᠠᠢᠳᠠᠯᠲᠠᠢ ᠪᠠᠢᠵᠠᠢ᠃ ᠡᠨᠳᠡ ᠬᠣᠲᠠ ᠪᠠᠢᠭᠤᠯᠬᠤ ᠶ᠋ᠢ ᠮᠥᠩᠬᠡ ᠬᠠᠭᠠᠨ ᠠ᠋ᠴᠠ ᠬᠢᠲᠠᠳ ᠣᠷᠣᠨ ᠳ᠋ᠤ᠌ ᠶᠡᠬᠡ ᠵᠠᠬᠢᠷᠤᠭᠴᠢ ᠪᠠᠢᠬᠤ ᠵᠠᠷᠯᠢᠭ ᠬᠦᠯᠢᠶᠡᠭᠰᠡᠨ ᠬᠤᠪᠢᠯᠠᠢ(《ᠶᠤᠸᠠᠨ ᠭᠦᠷᠦᠨ ᠦ᠌ ᠲᠡᠦᠬᠡᠨ》 ᠳ᠋ᠦ᠍ ᠥᠭᠦᠯᠡᠭᠰᠡᠨ ᠢ᠋ᠶ᠋ᠡᠷ) ᠬᠢᠲᠠᠳ ᠬᠥᠮᠦᠨ ᠯᠢᠦ ᠪᠢᠩ ᠵᠦᠩ ᠳ᠋ᠦ᠍ ᠲᠤᠰᠢᠶᠠᠯ ᠪᠠᠭᠤᠯᠭᠠᠨ ᠭᠤᠷᠪᠠᠨ ᠵᠢᠯ ᠦ᠋ᠨ ᠳᠣᠲᠣᠷ᠎ᠠ ᠱᠠᠩᠳᠤ ᠬᠣᠲᠠ ᠶ᠋ᠢ ᠪᠠᠢᠭᠤᠯᠤᠭᠰᠠᠨ᠃ ᠲᠡᠭᠦᠨ ᠢ᠋ ᠺᠡᠢᠫᠢᠩ ᠹᠦ ᠭᠡᠵᠦ ᠨᠡᠷᠡᠯᠡᠵᠡᠢ᠃ ᠬᠣᠵᠢᠮᠬᠠᠨ ᠨᠢ ᠳᠡᠭᠡᠳᠦ ᠨᠡᠢᠰᠯᠡᠯ᠂ ᠳᠠᠷᠠᠭ᠎ᠠ ᠨᠢ ᠮᠣᠩᠭᠣᠯ ᠤ᠋ᠨ ᠨᠡᠢᠰᠯᠡᠯ ᠪᠡᠭᠡᠵᠢᠩ ᠳ᠋ᠦ᠍ ᠨᠡᠭᠦᠭᠰᠡᠨ ᠡᠴᠡ ᠬᠣᠢᠰᠢ ᠬᠤᠪᠢᠯᠠᠢ ᠶ᠋ᠢᠨ ᠵᠤᠨ ᠤ᠋ ᠨᠡᠢᠰᠯᠡᠯ ᠪᠣᠯᠵᠤ ᠪᠠᠢᠭᠰᠠᠨ᠃ ᠡᠨᠡ ᠬᠣᠲᠠ ᠶ᠋ᠢᠨ ᠤᠷᠲᠤ ᠬᠠᠷᠰᠢ ᠶ᠋ᠢ ᠵᠡᠭᠦᠳᠦᠨ ᠳ᠋ᠦ᠍ ᠣᠷᠣᠮᠠᠷ ᠦᠭᠡᠢ ᠭᠣᠶᠣ ᠰᠠᠢᠬᠠᠨ ᠢ᠋ᠶ᠋ᠠᠷ ᠪᠠᠷᠢᠭᠰᠠᠨ᠂ ᠲᠡᠨᠳᠡ ᠪᠠᠭᠠᠪᠲᠤᠷ ᠨᠠᠭᠤᠷ ᠳᠡᠭᠡᠷ᠎ᠡ ᠨᠢ ᠬᠠᠭᠠᠨ ᠤ᠋ ᠣᠷᠳᠣᠨ ᠢ᠋ ᠪᠠᠷᠢᠭᠰᠠᠨ᠃ ᠴᠢᠩᠭᠢᠬᠦ ᠳ᠋ᠦ᠍ ᠪᠡᠨ ᠣᠷᠳᠣᠨ ᠤ᠋ ᠰᠠᠭᠤᠷᠢ ᠶ᠋ᠢ ᠴᠢᠯᠠᠭᠤᠨ ᠨᠡᠭᠦᠷᠡᠰᠦ ᠪᠡᠷ ᠰᠢᠲᠠᠭᠠᠭᠰᠠᠨ ᠲᠣᠭᠣᠰᠬ᠎ᠠ ᠪᠠᠷ ᠬᠢᠵᠦ᠂ ᠬᠠᠷ᠎ᠠ ᠲᠤᠭᠤᠯᠭ᠎ᠠ ᠬᠠᠢᠯᠤᠭᠤᠯᠤᠨ ᠴᠢᠳᠬᠤᠵᠤ ᠪᠡᠬᠢᠵᠢᠭᠦᠯᠦᠭᠰᠡᠨ᠃ ᠳᠡᠭᠡᠷ᠎ᠡ ᠨᠢ ᠭᠠᠨᠲᠢᠭ ᠴᠢᠯᠠᠭᠤ ᠥᠷᠥᠵᠦ ᠬᠠᠨ᠎ᠠ ᠪᠣᠯᠤᠨ ᠬᠡᠷᠡᠮ ᠢ᠋ ᠪᠠᠷᠢᠵᠤ ᠤᠷᠲᠤ ᠶ᠋ᠢ ᠴᠣᠭᠴᠠᠯᠠᠭᠰᠠᠨ ᠭᠡᠵᠦ ᠶᠠᠫᠣᠨ ᠤ᠋ ᠡᠷᠳᠡᠮᠲᠡᠨ ᠣᠲ᠋ᠠᠬᠢ ᠮᠠᠴᠣᠸᠣ᠋ 《ᠬᠤᠪᠢᠯᠠᠢ ᠬᠠᠭᠠᠨ》 ᠨᠣᠮ ᠳ᠋ᠤ᠌ ᠪᠠᠨ ᠪᠢᠴᠢᠭᠰᠡᠨ ᠪᠠᠢᠨ᠎ᠠ᠃
 ④ ᠲᠡᠦᠬᠡᠨ ᠳ᠋ᠦ᠍ ᠲᠡᠮᠳᠡᠭᠯᠡᠭᠰᠡᠨ ᠢ᠋ᠶ᠋ᠡᠷ ᠱᠠᠩᠳᠤ ᠳ᠋ᠤ᠌  ᠪᠣᠯᠤᠭᠰᠠᠨ ᠬᠤᠷᠠᠯᠲᠠᠢ ᠳ᠋ᠤ᠌ ᠴᠠᠭᠠᠲᠠᠢ ᠶ᠋ᠢᠨ ᠣᠮᠪᠣᠯ ᠠᠵᠢᠭ᠂ ᠵᠥᠴᠢ ᠬᠠᠰᠠᠷ ᠤ᠋ᠨ ᠬᠦᠦ ᠶᠢᠰᠦᠩᠭᠡ᠂ ᠬᠠᠴᠢᠭᠤᠨ ᠣᠮᠪᠣᠯ ᠬᠤᠯᠭᠤᠷ᠂ ᠲᠡᠮᠦᠭᠡ ᠤᠳᠴᠢᠬᠢᠨ ᠤ᠋ ᠣᠮᠪᠣᠯ ᠲᠤᠭᠴᠠᠷ᠂ ᠪᠡᠯᠭᠦᠳᠡᠢ ᠶ᠋ᠢᠨ ᠣᠮᠪᠣᠯ ᠰᠣᠳᠣ ᠨᠣᠶᠠᠨ ᠵᠡᠷᠭᠡ ᠴᠢᠩᠭᠢᠰ ᠦ᠋ᠨ ᠬᠥᠪᠡᠭᠦᠨ ᠳᠡᠭᠦᠦ ᠨᠠᠷ ᠤ᠋ᠨ ᠠᠴᠢ ᠦᠷᠡᠰ ᠦ᠋ᠳ ᠣᠷᠣᠯᠴᠠᠭᠰᠠᠨ ᠪᠣᠯᠪᠠᠴᠤ ᠲᠡᠳᠡᠭᠡᠷ ᠦ᠋ᠨ ᠠᠯᠢ ᠨᠢ ᠴᠦ᠍ ᠮᠣᠵᠢ᠂ ᠣᠲᠣᠭ ᠣᠪᠣᠭ᠂ ᠣᠯᠠᠨ ᠤᠯᠤᠰ ᠠ᠋ᠴᠠ ᠲᠣᠮᠢᠯᠠᠭᠳᠠᠭᠰᠠᠨ ᠲᠥᠯᠥᠭᠡᠯᠡᠭᠴᠢ ᠪᠢᠰᠢ ᠪᠠᠢᠪᠠ᠃ 
       ᠬᠤᠷᠠᠯᠳᠠᠢ ᠳᠡᠭᠡᠷ᠎ᠡ ᠬᠤᠪᠢᠯᠠᠢ ᠬᠡᠯᠡᠬᠦ ᠳ᠋ᠦ᠍ ᠪᠡᠨ 《᠁ ᠮᠢᠨᠦ ᠪᠡᠶ᠎ᠡ ᠴᠢᠩᠭ᠎ᠠ ᠬᠠᠲᠠᠭᠤ ᠦᠭᠡ ᠬᠡᠯᠡᠭᠰᠡᠨ ᠪᠣᠯᠪᠠᠴᠤ ᠮᠥᠷᠭᠥᠯ ᠳᠠᠭᠠᠳᠬᠠᠯ ᠢ᠋ ᠳᠠᠪᠲᠠᠵᠤ ᠴᠢᠩ ᠰᠡᠳᠬᠢᠯ ᠦ᠋ᠨ ᠰᠢᠯᠵᠢᠰᠢ ᠦᠭᠡᠢ ᠲᠠᠩᠭᠠᠷᠢᠭᠯᠠᠬᠤ ᠨᠢ ᠡᠨᠡ ᠪᠣᠯᠠᠢ᠃ ᠤᠴᠢᠷ ᠡᠢᠮᠦ ᠳ᠋ᠦ᠍ ᠲᠦᠮᠡᠨ ᠦ᠌ ᠬᠦᠰᠡᠯ ᠢ᠋ ᠳᠠᠭᠠᠵᠤ ᠬᠠᠭᠠᠨ ᠰᠢᠷᠡᠭᠡᠨ ᠳ᠋ᠦ᠍ ᠰᠠᠭᠤᠬᠤ ᠪᠥᠯᠥᠭᠡ》 ᠭᠡᠵᠡᠢ᠃ 


          ᠦᠰᠦᠭ ᠠᠮᠢᠯᠠᠭᠤᠯᠤᠭᠰᠠᠨ ᠨᠢ᠄  ᠳᠠᠪᠰᠢᠯᠲᠦ᠂ ᠪᠠᠭᠠᠲᠤᠷ᠂ ᠴᠣᠯᠮᠣᠨᠲᠤᠶᠠᠭ᠎ᠠ