ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠣᠯᠣᠳᠤᠭᠠᠷ ᠪᠦᠯᠦᠭ -7> Бүлжхэн хатан– [монгол] Дамбын Төрбат <долдугаар бүлэг -7>
ᠪᠦᠯᠵᠢᠬᠢᠨ ᠬᠠᠲᠤᠨ– <ᠳᠣᠯᠣᠳᠤᠭᠠᠷ ᠪᠦᠯᠦᠭ -7>
7
ᠲᠠᠢᠷᠠᠩ ᠲᠥᠷᠥᠭᠦᠯᠵᠡᠢ᠂ ᠪᠢ! ᠭᠠᠵᠠᠷ ᠲᠩᠷᠢ ᠳᠠᠭᠤᠷᠢᠶᠠᠨ ᠪᠠᠢᠵᠤ ᠪᠦᠲᠦᠭᠡᠭᠰᠡᠨ ᠡᠴᠡ ᠭᠠᠯ ᠰᠠᠬᠢᠵᠤ ᠦᠯᠡᠳᠡᠭᠰᠡᠨ ᠡᠬᠡ ᠨᠢ ᠪᠢ ᠶᠦᠮ᠃ ᠴᠡᠭᠡᠷ ᠢ᠋ ᠨᠢ ᠨᠡᠷᠡᠯᠡᠭᠦᠯᠵᠦ᠂ ᠬᠡᠭᠦᠷ ᠢ᠋ ᠨᠢ ᠳᠡᠷᠡᠯᠡᠭᠦᠯᠵᠦ ᠤᠷᠭᠢᠶ᠎ᠠ᠂ ᠪᠢ᠃ ᠲᠩᠷᠢ ᠮᠡᠳᠡᠲᠦᠭᠡᠢ! ᠬᠡᠮᠡ ᠥᠴᠢᠯ ᠥᠴᠢᠵᠦ ᠰᠠᠴᠤᠯᠢ ᠰᠠᠴᠤᠨ ᠮᠣᠷᠳᠠᠵᠠᠢ᠃ ᠳᠥᠷᠥᠭᠡ ᠠᠪᠤᠭᠰᠠᠨ ᠴᠠᠭᠠ᠋ᠴᠠ ᠵᠢᠯᠣᠭᠣ ᠲᠠᠲᠠᠭᠰᠠᠨ ᠦᠭᠡᠢ ᠪᠢᠯᠡ᠃ ᠰᠢᠳᠠᠷ ᠵᠠᠭᠤᠲᠤ ᠶ᠋ᠢᠨ ᠳᠠᠢᠴᠢᠨ ᠡᠷᠡᠰ ᠬᠠᠳᠠᠨ ᠳᠡᠭᠡᠷ᠎ᠡ ᠡᠴᠡ ᠥᠩᠭᠡᠢᠬᠦ ᠡᠪᠦᠭᠡᠨ ᠪᠦᠷᠭᠦᠳ ᠯᠦ᠍ᠭᠡ ᠰᠦᠭᠯᠡᠢᠯᠳᠦᠨ ᠰᠦᠬᠡᠢᠵᠦ ᠮᠣᠷᠢᠨ ᠤ᠋ ᠠᠮᠢᠰᠬᠤᠭ᠎ᠠ ᠳᠠᠷᠤᠯ ᠦᠭᠡᠢ ᠰᠥᠨᠢᠵᠢᠨ ᠳᠣᠪᠲᠣᠯᠭᠠᠪᠠ᠃ ᠪᠦᠯᠵᠢᠭᠡᠨ ᠬᠠᠲᠤᠨ ᠭᠠᠭᠴᠠ ᠴᠤ᠌ ᠦᠭᠡ ᠡᠰᠡ ᠠᠢᠯᠠᠳᠴᠠᠢ᠃ ᠮᠣᠷᠢᠨ ᠵᠢᠯ ᠦ᠋ᠨ ᠠᠢᠰᠤᠢ ᠤᠷᠢᠨ ᠤ᠋ ᠦᠨᠦᠷ ᠰᠡᠷᠪᠡᠭᠡᠨᠡᠬᠦ ᠶᠡᠬᠡ ᠬᠡᠭᠡᠷ᠎ᠡ ᠲᠠᠯ᠎ᠠ ᠤᠷᠤᠭᠤ ᠣᠷᠣᠵᠤ ᠢᠷᠡᠭᠡᠳ᠂ ᠤᠯᠠᠭᠠᠨ ᠪᠠᠭᠤᠴᠠᠨ ᠤ᠋ ᠠᠭᠲᠠᠨ ᠠ᠋ᠴᠠ ᠮᠣᠷᠢᠳ ᠰᠣᠯᠢᠵᠤ ᠡᠮᠡᠭᠡᠯᠯᠡᠬᠦ ᠵᠠᠭᠤᠷ᠎ᠠ ᠴᠤ᠌ ᠦᠯᠦ ᠠᠮᠤᠰᠬᠢᠵᠡᠢ᠃ ᠶᠠᠭᠠᠷᠠᠵᠤ ᠠᠳᠬᠤᠭᠰᠠᠨ ᠬᠠᠲᠤᠨ ᠲᠠᠰᠢᠭᠤᠷ ᠤ᠋ᠨ ᠰᠤᠷ ᠢ᠋ᠶ᠋ᠠᠷ ᠭᠤᠲᠤᠯ ᠤ᠋ᠨ ᠲᠦᠷᠡᠢ ᠪᠠᠯᠪᠠᠴᠢᠨ ᠪᠠᠢᠪᠠ᠃ ᠡᠢᠨ ᠴᠤᠯᠪᠤᠭᠤᠷ ᠰᠢᠭᠦᠷᠡᠨ ᠮᠣᠷᠳᠠᠵᠤ ᠠᠭᠠᠭ ᠠᠮᠢᠰᠬᠤᠭ᠎ᠠ ᠦᠭᠡᠢ ᠳᠣᠪᠲᠣᠯᠭᠠᠭᠰᠠᠭᠠᠷ ᠦᠷ ᠮᠠᠩᠬᠠᠢᠨ ᠴᠠᠢᠬᠤ ᠦᠶᠡᠰ ᠬᠡᠷᠢᠶᠡᠨ ᠦ᠌ ᠨᠠᠢᠷ ᠤ᠋ᠨ ᠳᠡᠭᠡᠷ᠎ᠡ ᠣᠷᠣᠵᠤ ᠢᠷᠡᠵᠡᠢ᠃ ᠪᠢᠯᠡᠭᠦᠦ ᠬᠥᠬᠡ ᠴᠢᠯᠠᠭᠤᠳ ᠤ᠋ᠨ ᠳᠦᠢᠷᠡᠨ ᠲᠠᠲᠠᠭᠤᠯᠤᠨ ᠨᠢᠴᠦᠭᠦᠨ ᠠᠭᠤᠯᠠ ᠶ᠋ᠢᠨ ᠪᠠᠯ ᠤᠷᠤᠭᠤ ᠣᠷᠣᠵᠤ ᠢᠷᠡᠬᠦ ᠳ᠋ᠦ᠍ ᠨᠤᠷᠠᠭᠰᠠᠨ ᠴᠠᠴᠠᠷ ᠮᠠᠢᠬᠠᠨ ᠣᠢᠲᠠᠢᠬᠠᠨ ᠰᠠᠯᠪᠠᠨ ᠰᠠᠯᠪᠠᠨ ᠬᠡᠢᠰᠴᠦ᠂ ᠬᠤᠭᠤᠷᠠᠭᠰᠠᠨ ᠵᠢᠳᠠ᠂ ᠪᠢᠴᠠᠷᠠᠭᠰᠠᠨ ᠮᠣᠳᠣ ᠬᠥᠯ ᠢ᠋ᠶ᠋ᠡᠷ ᠨᠢᠭᠡ ᠬᠥᠭᠯᠡᠷᠡᠨ ᠠᠪᠠᠢ᠃ ᠬᠢᠷᠮᠡᠦ ᠨᠣᠶᠠᠨ ᠤ᠋ ᠮᠢᠩᠭᠠᠲᠤ ᠳᠡᠪᠡᠯ ᠢ᠋ᠶ᠋ᠡᠨ ᠪᠦᠰᠡᠯᠡᠵᠦ ᠴᠦ᠍ ᠠᠮᠵᠢᠭᠰᠠᠨ ᠦᠭᠡᠢ ᠪᠣᠯᠤᠯᠲᠠᠢ᠂ ᠪᠦᠭᠦᠳᠡ ᠨᠥᠮᠥᠭᠡᠨ ᠠᠵᠢ᠃ ᠬᠦᠷᠢᠶ᠎ᠡ ᠴᠡᠷᠢᠭ ᠦ᠋ᠨ ᠡᠷᠭᠢᠨ ᠲᠣᠭᠣᠷᠢᠨ ᠳ᠋ᠤ᠌ ᠨᠠᠢ᠍ᠮᠠᠨ ᠬᠠᠷᠠᠭᠤᠯ᠂ ᠳᠥᠷᠪᠡᠨ ᠠᠷᠪᠠᠲᠤ ᠨᠣᠮ ᠢ᠋ᠶ᠋ᠠᠷ ᠨᠢ ᠲᠠᠯᠪᠢᠭᠰᠠᠨ ᠬᠡᠳᠦᠢ ᠴᠦ᠍ ᠬᠠᠰᠬᠢᠷᠬᠤ ᠵᠠᠪᠳᠤᠯ ᠦᠭᠡᠢ ᠨᠡᠷᠮᠡᠭᠳᠡᠭᠰᠡᠨ ᠪᠣᠯᠤᠯᠲᠠᠢ᠃ ᠮᠣᠷᠢᠲᠠᠨ ᠡᠷᠡᠰ ᠦ᠋ᠨ ᠪᠠᠷ᠎ᠠ ᠪᠠᠷ ᠳᠡᠷᠬᠢᠨ ᠨᠢᠰᠬᠦ ᠮᠢᠬᠠᠴᠢᠨ ᠰᠢᠪᠠᠭᠤᠳ ᠤ᠋ᠨ ᠪᠠᠷᠠᠭᠠᠨ ᠰᠡᠭᠦᠳᠡᠷ ᠭᠠᠵᠠᠷ ᠢ᠋ᠶ᠋ᠠᠷ ᠨᠢᠭᠡ ᠬᠦᠢᠲᠡ ᠲᠠᠲᠠᠭᠤᠯᠤᠨ ᠥᠩᠭᠡᠷᠡᠯ᠎ᠡ᠃ ᠬᠠᠭᠠᠨ ᠤ᠋ ᠰᠠᠯᠬᠢᠨ᠎ᠠ ᠳᠡᠷᠪᠡᠬᠦ ᠴᠡᠩᠬᠡᠷ ᠴᠠᠴᠠᠷ ᠢ᠋ᠶ᠋ᠠᠷ ᠨᠢ ᠪᠦᠯᠵᠢᠭᠡᠨ ᠬᠠᠲᠤᠨ ᠬᠠᠷᠠᠭᠤᠳᠠ ᠲᠠᠨᠢᠵᠠᠢ᠃ ᠬᠣᠲᠣᠯᠠ ᠴᠠᠴᠠᠷᠠ᠋ᠴᠠ ᠬᠣᠯᠠ ᠦᠭᠡᠢ ᠬᠣᠶᠠᠷ ᠲᠠᠲ᠋ᠠᠷ ᠴᠡᠷᠢᠭ ᠳᠡᠷᠡᠯᠡᠨ ᠤᠨᠠᠭᠰᠠᠨ ᠪᠠᠢᠪᠠ᠃ ᠲᠦᠷᠦᠭᠦᠯᠡᠭᠡ ᠪᠡᠨ ᠬᠠᠷᠠᠵᠤ ᠤᠨᠠᠭᠰᠠᠨ ᠲᠤᠯᠠ ᠨᠣᠬᠠᠢ᠂ ᠰᠢᠪᠠᠭᠤ ᠱᠠᠷᠢᠯ ᠢ᠋ ᠨᠢ ᠬᠥᠨᠳᠡᠭᠰᠡᠨ ᠦᠭᠡᠢ ᠠᠵᠢ᠃ ᠪᠦᠯᠵᠢᠭᠡᠨ ᠠᠶᠠᠷᠬᠠᠨ ᠡᠷᠭᠢᠭᠦᠯᠵᠦ ᠡᠪᠦᠷ ᠳᠡᠭᠡᠷ᠎ᠡ ᠪᠡᠨ ᠲᠠᠯᠪᠢᠭᠠᠳ ᠤᠳᠠᠭᠠᠨ ᠬᠠᠷᠠᠪᠠ᠃ ᠪᠦᠯᠵᠢᠭᠡᠨ ᠵᠠᠮ ᠤ᠋ᠨ ᠲᠤᠷᠰᠢ ᠤᠬᠢᠯᠠᠭᠰᠠᠨ ᠲᠤᠯᠠ ᠨᠢᠯᠪᠤᠰᠤ ᠨᠢ ᠪᠠᠷᠠᠭᠳᠠᠭᠰᠠᠨ ᠮᠡᠲᠦ ᠬᠠᠭᠠᠨ ᠤ᠋ ᠱᠠᠷᠢᠯ ᠳᠡᠭᠡᠷ᠎ᠡ ᠭᠠᠭᠴᠠ ᠳᠤᠰᠤᠯ ᠨᠢᠯᠪᠤᠰᠤ ᠴᠤ᠌ ᠡᠰᠡ ᠤᠨᠠᠭᠠᠵᠠᠢ᠃ ᠬᠣᠲᠣᠯᠠ ᠨᠣᠶᠠᠨ ᠤ᠋ ᠴᠢᠷᠠᠢ ᠵᠣᠪᠠᠭᠤᠷᠢ ᠦᠭᠡᠢ ᠠᠮᠤᠭᠤᠯᠠᠩ ᠠᠭᠠᠳ ᠶᠡᠷᠦ ᠤᠨᠲᠠᠵᠤ ᠪᠣᠢ ᠮᠡᠲᠦ ᠪᠣᠯᠠᠢ᠃ ᠰᠢᠳᠠᠷ ᠡᠷᠡᠰ ᠪᠥᠵᠥᠩ ᠦᠷᠭᠦᠭᠡᠬᠦ ᠴᠢᠮᠡᠭᠡ ᠭᠠᠷᠭᠠᠯ ᠦᠭᠡᠢ ᠳᠡᠷᠡᠨ ᠶᠠᠪᠤᠵᠤ ᠬᠥᠰᠢᠵᠦ ᠬᠥᠯᠳᠡᠭᠰᠡᠨ ᠱᠠᠷᠢᠯ ᠢ᠋ ᠴᠤᠭᠯᠠᠭᠤᠯᠤᠨ᠂ ᠡᠪᠲᠡᠢᠬᠡᠨ ᠣᠪᠣᠭᠠᠯᠠᠵᠤ ᠲᠠᠯᠪᠢᠪᠠ᠃ ᠴᠢᠩᠭᠢᠭᠡᠳ ᠭᠤᠨᠢᠭ ᠲᠤ᠌ ᠳᠠᠷᠤᠭᠳᠠᠨ ᠰᠠᠭᠤᠬᠤ ᠪᠦᠯᠵᠢᠭᠡᠨ ᠬᠠᠲᠤᠨ ᠢ᠋ ᠬᠠᠷ᠎ᠠ ᠠᠶᠠᠨ ᠳ᠋ᠠᠭᠠᠨ ᠲᠣᠭᠣᠷᠢᠨ ᠢᠷᠡᠬᠦ ᠳ᠋ᠦ᠍᠂
— ᠬᠠᠭᠠᠨ ᠲᠠ ᠰᠣᠶᠣᠷᠬ᠎ᠠ! ᠵᠠᠶᠠᠭᠠᠨ ᠠ᠋ᠴᠠ ᠪᠠᠨ ᠵᠠᠢᠯᠠᠵᠤ᠂ ᠬᠠᠶᠠᠭᠠᠨ ᠠ᠋ᠴᠠ ᠪᠠᠨ ᠬᠠᠳᠤᠷᠴᠤ ᠪᠠᠢᠭ᠎ᠠ ᠪᠣᠯ ᠪᠢ ᠥᠪᠡᠷ ᠢ᠋ᠶ᠋ᠡᠨ ᠦᠷ᠎ᠡ ᠭᠡᠵᠦ ᠳᠣᠣᠷᠠᠬᠢ ᠶ᠋ᠢ ᠠᠪᠤᠭᠠᠷᠠᠢ!ᠪᠣᠳᠣᠬᠤ ᠦᠭᠡᠢ᠂ ᠦᠬᠦᠯ ᠠᠪᠠᠴᠢᠵᠤ ᠥᠭᠰᠦ! ᠬᠠᠷᠠᠭᠰᠠᠭᠠᠷ ᠪᠠᠢᠵᠤ ᠬᠠᠭᠠᠨ ᠴᠢᠨᠦ ᠭᠣᠣᠯ ᠢ᠋ ᠨᠢ ᠲᠠᠰᠤᠯᠤᠭᠤᠯᠴᠢᠬᠠᠭᠠᠳ ᠭᠣᠯᠣᠮᠲᠠ ᠶ᠋ᠢ ᠨᠢ ᠰᠠᠮᠤᠷᠤᠭᠤᠯᠬᠤ ᠦᠭᠡᠢ᠂ ᠪᠢ! ᠭᠡᠯᠡ᠃ ᠲᠡᠭᠡᠭᠡᠳ ᠬᠠᠭᠠᠨ ᠤ᠋ ᠱᠠᠷᠢᠯ ᠢ᠋ ᠬᠠᠮᠤᠭ ᠤ᠋ᠨ ᠳᠡᠭᠡᠷ᠎ᠡ ᠵᠠᠯᠠᠭᠠᠳ ᠭᠠᠯ ᠥᠭᠬᠦ ᠪᠡᠷ ᠪᠠᠮᠪᠠᠷ ᠲᠣᠩᠭᠣᠢᠯᠭᠠᠭᠰᠠᠨ ᠢ᠋ᠶ᠋ᠠᠨ᠂
— ᠲᠠᠯᠠᠮᠠᠨ ᠶᠠᠭᠠᠬᠢᠭᠠᠳ ᠦᠯᠦ ᠬᠠᠷᠠᠭᠳᠠᠪᠠ? ᠬᠡᠮᠡᠬᠦ ᠳ᠋ᠦ᠍ ᠰᠢᠳᠠᠷ ᠵᠠᠭᠤᠲᠤ ᠰᠠᠶᠢ ᠦᠭᠡᠢᠯᠡᠵᠡᠢ᠃ ᠪᠦᠯᠵᠢᠭᠡᠨ ᠬᠠᠲᠤᠨ ᠤ᠋ ᠵᠢᠷᠦᠬᠡ ᠰᠢᠷᠭᠢᠯᠡ᠁《᠁ ᠠᠷᠠᠢ᠁》 ᠭᠡᠰᠡᠨ ᠢ᠋ᠶ᠋ᠡᠨ ᠬᠠᠷ᠎ᠠ ᠬᠠᠷᠠᠳᠠᠯᠭ᠎ᠠ ᠪᠠᠨ ᠬᠦᠴᠦ ᠪᠡᠷ ᠵᠠᠢᠯᠠᠭᠤᠯᠵᠤ᠂ ᠠᠯᠪᠠ ᠪᠠᠷ ᠠᠯᠤᠰ ᠢ᠋ ᠰᠢᠷᠳᠡᠨ᠂
— ᠬᠠᠲᠤᠨ ᠤ᠋ ᠱᠠᠷᠢᠯ ᠢ᠋ ᠣᠯ! ᠭᠡᠵᠦ ᠵᠠᠷᠯᠢᠭᠳᠠᠪᠠ᠃ ᠦᠷᠭᠦᠨ ᠳᠡᠷᠬᠢᠬᠦ ᠪᠣᠯᠵᠣᠮᠣᠷ ᠰᠢᠪᠠᠭᠤᠳ ᠮᠡᠲᠦ ᠵᠦᠭ ᠵᠦᠭ ᠲᠠᠢᠰᠢ ᠳᠡᠷᠡᠨ ᠣᠳᠬᠤ ᠳ᠋ᠤ᠌᠂
— ᠨᠢᠭᠡ ᠨᠢᠭᠡ ᠪᠡᠷ ᠢ᠋ᠶ᠋ᠡᠨ ᠪᠦᠦ ᠶᠠᠪᠤᠲᠤᠭᠠᠢ᠃ ᠬᠠᠷᠢ ᠳᠠᠢᠰᠤᠨ ᠢᠷᠡᠬᠦ ᠳ᠋ᠦ᠍ ᠬᠠᠮᠲᠤ ᠪᠠᠢᠬᠤ ᠨᠥᠬᠥᠷ ᠪᠣᠯᠵᠤ ᠪᠠᠢ ᠬᠡᠮᠡᠵᠦ ᠠᠪᠠᠢ᠃ ᠡᠢᠨ ᠡᠷᠢᠭᠰᠡᠭᠡᠷ ᠬᠤᠰᠤᠨ ᠲᠦᠬᠦᠯ ᠦ᠋ᠨ ᠳᠤᠮᠳᠠ ᠠ᠋ᠴᠠ ᠣᠯᠵᠠᠢ᠃ ᠪᠦᠯᠵᠢᠭᠡᠨ ᠢᠵᠢᠢ ᠵᠠᠯᠠᠭᠤ ᠬᠠᠲᠤᠨ ᠤ᠋ ᠴᠡᠪᠴᠡᠢᠭᠰᠡᠨ ᠴᠠᠭᠠᠨ ᠱᠠᠷᠢᠯ ᠢ᠋ ᠬᠠᠷᠠᠭᠠᠳ ᠥᠪᠡᠷ ᠦ᠋ᠨ ᠡᠷᠬᠡ ᠦᠭᠡᠢ ᠳᠠᠯᠳᠢᠷᠠᠪᠠ᠃ ᠬᠣᠷᠣᠰᠤᠨ ᠬᠢᠯᠢᠩᠨᠡᠭᠰᠡᠨ ᠡᠷᠡᠰ ᠲᠣᠬᠣᠭᠤᠷᠬᠠᠨ ᠳᠣᠷᠣᠮᠵᠢᠯᠠᠬᠤ ᠶ᠋ᠢᠨ ᠲᠤᠩ ᠲᠣᠰᠴᠤ ᠭᠤᠸ᠎ᠠ ᠬᠠᠲᠤᠨ ᠢ᠋ ᠴᠢᠷᠠᠮᠠᠨ ᠨᠢᠴᠦᠭᠦᠯᠡᠨ ᠳᠥᠷᠪᠡᠨ ᠮᠥᠴᠢ ᠶ᠋ᠢ ᠨᠢ ᠲᠡᠯᠡᠵᠦ ᠤᠶᠠᠭᠰᠠᠨ ᠠᠵᠢ᠃ ᠪᠦᠯᠵᠢᠭᠡᠨ ᠬᠠᠲᠤᠨ ᠭᠠᠨᠵᠤᠭᠠᠯᠠᠵᠤ ᠶᠠᠪᠤᠭᠰᠠᠨ ᠦᠨᠡᠭᠡᠨ ᠳᠠᠬᠤ ᠪᠠᠷ ᠢ᠋ᠶ᠋ᠠᠨ ᠪᠦᠲᠡᠭᠡᠨ᠂
— ᠬᠠᠲᠤᠨ ᠢ᠋ ᠪᠢ ᠣᠩᠭᠣᠯᠠᠶᠠ ᠳᠠ ᠭᠡᠯᠡ᠃ ᠴᠢᠩᠭᠢᠭᠡᠳ ᠰᠠᠢᠬᠠᠨ ᠬᠠᠲᠤᠨ ᠤ᠋ ᠨᠢᠴᠦᠭᠦᠨ ᠱᠠᠷᠢᠯ ᠳᠡᠭᠡᠷ᠎ᠡ ᠬᠠᠭᠤᠷᠠᠢ ᠬᠤᠯᠤᠰᠤ ᠣᠪᠣᠭᠠᠯᠠᠨ ᠨᠣᠴᠣᠭᠠᠪᠠ᠃ ᠭᠠᠯ ᠬᠥᠯᠥᠭᠯᠡᠭᠰᠡᠨ ᠴᠡᠩᠬᠡᠷ ᠤᠲᠤᠭ᠎ᠠ ᠬᠥᠬᠡ ᠲᠩᠷᠢ ᠶ᠋ᠢᠨ ᠶᠡᠬᠡ ᠬᠡᠭᠡᠯ ᠳ᠋ᠦ᠍ ᠵᠤᠭᠤᠤᠬᠠᠨ ᠨᠠᠮᠢᠷᠠᠨ ᠠᠭᠤᠰᠴᠤ᠂ ᠡᠷᠭᠢᠨ ᠲᠥᠷᠥᠬᠦ ᠶ᠋ᠢᠨ ᠢᠷᠦᠭᠡᠯ ᠮᠡᠲᠦ ᠨᠠᠷᠠ ᠵᠦᠭ ᠲᠣᠭᠣᠷᠢᠨ ᠵᠠᠮᠬᠠᠷᠠᠵᠤ ᠠᠪᠠᠢ᠃ ᠡᠢᠨ ᠲᠤᠯᠤᠭᠠᠨᠲᠤ ᠴᠠᠭ ᠤ᠋ᠨ ᠬᠠᠲᠠᠭᠤ ᠬᠠᠤᠯᠢ ᠪᠠᠷ ᠣᠩᠭᠣᠯᠠᠬᠤ ᠵᠠᠶᠢᠭ ᠢ᠋ ᠶᠣᠰᠣᠴᠢᠯᠠᠨ ᠭᠦᠢᠴᠡᠳᠬᠡᠭᠡᠳ᠂ ᠰᠢᠳᠠᠷ ᠵᠠᠭᠤᠲᠤ ᠲᠡᠢᠨ ᠦ᠌ ᠴᠤᠤᠷᠢᠶ᠎ᠠ ᠦᠯᠦ ᠨᠠᠮᠵᠢᠬᠤ ᠳᠣᠷᠣᠨ᠎ᠠ ᠶ᠋ᠢᠨ ᠶᠡᠬᠡ ᠲᠠᠯ᠎ᠠ ᠤᠷᠤᠭᠤ ᠪᠦᠯᠵᠢᠭᠡᠨ ᠬᠠᠲᠤᠨ ᠤ᠋ ᠲᠤᠭ ᠤ᠋ᠨ ᠳᠣᠣᠷ᠎ᠠ ᠳᠣᠪᠲᠣᠯᠭᠠᠪᠠ᠃
ᠡᠨᠡ ᠬᠢᠷᠢ ᠬᠥᠯᠥᠨ ᠳᠠᠯᠠᠢ ᠶ᠋ᠢᠨ ᠵᠡᠭᠦᠨ ᠪᠡᠶ᠎ᠡ ᠤᠷᠤᠭᠤ ᠲᠦᠷᠢᠵᠦ ᠣᠷᠣᠭᠰᠠᠨ ᠶᠢᠰᠦᠭᠡᠢ ᠪᠠᠭᠠᠲᠤᠷ ᠤ᠋ᠨ ᠴᠡᠷᠢᠭ ᠶᠢᠰᠦᠨ ᠶᠢᠰᠦᠨ ᠲᠠᠲ᠋ᠠᠷ ᠢ᠋ ᠰᠢᠬᠠᠮᠳᠠᠭᠤᠯᠵᠤ ᠪᠠᠢᠯ᠎ᠠ᠃ ᠳᠠᠶᠠᠨ ᠬᠠᠨ ᠤ᠋ ᠡᠷᠡᠰ ᠲᠡᠢ ᠵᠢᠯᠣᠭᠣ ᠨᠢᠭᠡᠳᠬᠡᠭᠰᠡᠨ ᠪᠦᠷᠢᠪᠥ᠋ᠬᠡ ᠶ᠋ᠢᠨ ᠲᠦᠮᠡᠨ ᠪᠤᠢᠷ ᠨᠠᠭᠤᠷ ᠢ᠋ ᠣᠷᠢᠶᠠᠨ᠂ ᠤᠷᠱᠤᠨ ᠮᠥᠷᠡᠨ ᠤᠷᠤᠭᠤ ᠰᠢᠷᠭᠠᠭᠤ ᠳᠣᠪᠲᠣᠯᠭᠠᠵᠤ ᠪᠥᠯᠥᠭᠡ᠃ ᠬᠣᠶᠠᠷ ᠲᠠᠯ᠎ᠠ᠎ᠠ᠋ᠴᠠ ᠨᠢ ᠠᠮᠢ ᠨᠡᠬᠡᠭᠰᠡᠨ ᠵᠢᠳᠠᠨ ᠤ᠋ ᠦᠵᠦᠭᠦᠷ ᠣᠢᠷᠠᠳᠴᠤ ᠠᠬᠤᠢ ᠦᠶᠡᠰ ᠲᠡᠮᠦᠵᠢᠨ ᠦᠭᠡ᠂ ᠠᠯᠲᠠᠨ ᠤᠯᠤᠰ ᠤ᠋ᠨ ᠲᠤᠰᠠ ᠶ᠋ᠢ ᠰᠦᠷᠡᠬᠡᠢ ᠶᠡᠬᠡ ᠦᠭᠡᠢᠯᠡᠵᠦ ᠭᠠᠭᠴᠠᠭᠠᠷᠳᠠᠨ ᠪᠢᠶᠠᠨ ᠳᠠᠩ ᠬᠠᠭᠠᠨ ᠳ᠋ᠤ᠌ ᠢᠯᠡᠭᠡᠭᠰᠡᠨ ᠡᠯᠴᠢ ᠪᠡᠨ ᠬᠦᠯᠢᠶᠡᠨ ᠰᠠᠨᠠᠵᠠᠢ᠃ ᠡᠳᠦᠷ ᠥᠩᠭᠡᠷᠡᠬᠦ ᠪᠦᠷᠢ ᠶᠢᠰᠦᠭᠡᠢ ᠪᠠᠭᠠᠲᠤᠷ ᠤ᠋ᠨ ᠲᠦᠷᠢᠯᠲᠡ ᠰᠢᠷᠦᠭᠦᠰᠴᠦ᠂ ᠬᠠᠷᠢᠭᠤᠴᠠᠨ ᠬᠣᠷᠢᠭᠯᠠᠬᠤ ᠵᠠᠯᠢᠪᠤᠬᠠ ᠨᠣᠶᠠᠨ ᠤ᠋ ᠰᠢᠨᠳᠠᠰᠤ ᠰᠤᠯᠠᠳᠠᠵᠤ᠂ ᠰᠢᠷᠪᠥᠰᠥ ᠡᠴᠡᠵᠦ ᠪᠢᠯᠡ᠃ ᠶᠡᠷᠦ ᠶᠢᠰᠦᠨ ᠲᠠᠲ᠋ᠠᠷ ᠤ᠋ᠨ ᠬᠤᠪᠢ ᠵᠠᠶᠠᠭ᠎ᠠ ᠳᠡᠭᠡᠰᠦᠨ ᠳᠥᠷᠦᠭᠡᠨ ᠳᠡᠭᠡᠷ᠎ᠡ ᠳᠡᠨᠵᠢᠭᠡᠨᠡᠵᠦ ᠡᠬᠢᠯᠡᠪᠡ᠃ ᠲᠡᠷᠡ ᠪᠡᠷ ᠠᠯᠲᠠᠨ ᠲᠠᠷᠮ᠎ᠠ ᠶ᠋ᠢᠨ ᠡᠭᠦᠳᠡ ᠪᠡᠷ ᠰᠦᠮᠡᠢᠨ ᠰᠦᠮᠡᠢᠨ ᠦᠵᠡᠭᠳᠡᠬᠦ ᠬᠠᠪᠤᠷ ᠤ᠋ᠨ ᠬᠥᠬᠡ ᠠᠭᠤᠯᠠᠰ ᠢ᠋ ᠤᠷᠮ᠎ᠠ ᠦᠭᠡᠢ ᠨᠢᠳᠦ ᠪᠡᠷ ᠬᠠᠷᠠᠵᠤ᠂ ᠥᠩᠭᠡᠷᠡᠨ ᠣᠳᠤᠭᠰᠠᠨ ᠴᠠᠭ ᠬᠤᠭᠤᠴᠠᠭᠠᠨ ᠤ᠋ ᠥᠭᠭᠦᠭᠡ᠂ ᠠᠪᠤᠭ᠎ᠠ ᠳᠠᠩᠰᠠᠯᠠᠨ ᠰᠠᠭᠤᠯ᠎ᠠ᠃ ᠬᠣᠲᠣᠯᠠ ᠨᠣᠶᠠᠨ ᠤ᠋ ᠬᠢ ᠡᠴᠡ ᠤᠷᠭᠤᠵᠤ ᠪᠣᠰᠤᠭᠰᠠᠨ᠂ ᠪᠦᠯᠵᠢᠭᠡᠨ ᠭᠤᠸ᠎ᠠ ᠢᠵᠢᠢ ᠶ᠋ᠢᠨ ᠴᠡᠭᠡᠵᠢᠨ ᠦ᠌ ᠨᠥᠮᠥᠷᠢ ᠶ᠋ᠢ ᠣᠷᠬᠢᠵᠤ ᠭᠠᠷᠤᠭᠰᠠᠨ ᠲᠡᠷᠡ ᠴᠠᠭᠠ᠋ᠴᠠ ᠬᠣᠢᠰᠢ ᠥᠰᠢᠯ ᠢ᠋ ᠥᠰᠢᠵᠦ᠂ ᠬᠢᠰᠠᠯ ᠢ᠋ ᠬᠢᠰᠠᠵᠤ ᠬᠠᠪᠤᠯ ᠬᠠᠭᠠᠨ ᠤ᠋ ᠵᠢᠷᠭᠤᠭᠠᠨ ᠰᠠᠢᠬᠠᠨ ᠬᠦᠦ ᠶ᠋ᠢᠨ ᠲᠣᠯᠣᠭᠠᠢ ᠵᠠᠯᠭᠢᠵᠠᠢ᠃ ᠶᠡᠷᠦ ᠪᠦᠭᠦᠳᠡ ᠶ᠋ᠢ ᠨᠢ ᠡᠰᠡ ᠭᠡᠬᠦ ᠳ᠋ᠦ᠍ ᠣᠯᠠᠩᠬᠢ ᠶ᠋ᠢᠨ ᠬᠢᠨᠢ ᠬᠤᠪᠢ ᠵᠠᠶᠠᠭ᠎ᠠ ᠦᠭᠡ ᠨᠣᠶᠠᠨ ᠤ᠋ ᠭᠠᠷ ᠢ᠋ᠶ᠋ᠠᠷ ᠣᠷᠣᠵᠤ ᠠᠪᠠᠢ᠃
ᠴᠠᠷᠺᠢᠯ ᠨᠣᠲᠤᠢ ᠡᠴᠢᠭᠡ ᠶ᠋ᠢᠨ ᠥᠰᠢᠶ᠎ᠡ ᠶ᠋ᠢ ᠠᠪᠴᠤ ᠴᠢᠳᠠᠪᠠ᠃ ᠴᠢᠨ ᠲᠣᠯᠣᠭᠠᠢ ᠶ᠋ᠢ ᠬᠥᠮᠦᠨ ᠲᠣᠯᠣᠭᠠᠢ ᠪᠠᠷ ᠳᠠᠬᠢᠵᠤ ᠠᠭᠰᠠᠨ ᠭᠤᠨᠢᠭᠲᠤ ᠡᠳᠦᠷ ᠵᠠᠩᠭᠢᠷᠠᠭᠰᠠᠨ ᠬᠢᠯᠢᠩ ᠲᠠᠢᠪᠤᠰᠢᠷᠠᠬᠤ ᠴᠠᠭ ᠪᠣᠯᠵᠠᠢ᠃ ᠬᠠᠷᠢᠨ ᠬᠠᠲᠤᠨ ᠢᠵᠢᠢ ᠶ᠋ᠢᠨ ᠥᠰᠢᠶ᠎ᠡ ᠶ᠋ᠢ ᠠᠪᠤᠭᠰᠠᠨ ᠨᠢ ᠶᠠᠭᠤ ᠪᠢᠯᠡ ᠭᠡᠵᠦ ᠪᠣᠳᠣᠪᠠ᠃ ᠮᠥᠨᠥᠬᠡᠨ ᠨᠣᠭᠣᠭᠠᠨ ᠳᠡᠭᠡᠷ᠎ᠡ ᠵᠤᠯᠠᠭᠰᠠᠨ ᠬᠥᠪᠥᠩ ᠰᠢᠭ ᠬᠠᠷᠠᠭᠳᠠᠭᠰᠠᠨ ᠨᠢᠴᠦᠭᠦᠨ ᠢᠵᠢᠢ ᠶ᠋ᠢᠨ ᠱᠠᠯᠳᠠᠩ ᠪᠡᠶ᠎ᠡ ᠬᠥᠪᠡᠭᠦᠨ ᠦ᠌ ᠨᠢᠳᠦᠨ ᠡᠴᠡ ᠡᠰᠡ ᠠᠷᠢᠯᠬᠤ ᠠᠵᠢ᠃ ᠲᠠᠯᠠᠮᠠᠨ ᠬᠠᠲᠤᠨ ᠤ᠋ ᠴᠢᠩᠭᠢᠨᠠᠭᠰᠠᠨ ᠳᠠᠭᠤ ᠴᠢᠬᠢᠨ ᠳ᠋ᠦ᠍ ᠬᠠᠲᠠᠵᠤ᠂ ᠬᠣᠷᠢᠨ ᠬᠤᠷᠤᠭᠤ ᠨᠢ ᠰᠠᠷᠪᠠᠢᠭᠰᠠᠨ᠂ ᠬᠣᠶᠠᠷ ᠵᠢᠭᠠᠬᠠᠨ ᠬᠥᠯ ᠦ᠋ᠨ ᠶᠠᠭᠠᠨ ᠤᠯᠠ ᠨᠢᠳᠦᠨ ᠳ᠋ᠦ᠍ ᠬᠠᠷᠠᠭᠳᠠᠬᠤ ᠰᠢᠭ᠋ ᠪᠣᠯᠬᠤ ᠳ᠋ᠤ᠌ ᠪᠣᠳᠣᠯ ᠢ᠋ᠶ᠋ᠠᠨ ᠰᠠᠲᠠᠭᠠᠷᠠᠭᠤᠯᠬᠤ ᠪᠠᠷ ᠪᠤᠰᠢᠭᠤᠬᠠᠨ ᠪᠣᠰᠪᠠ᠃ ᠴᠢᠩᠭᠢᠲᠡᠯ᠎ᠡ ᠲᠠᠷᠮᠠᠨ ᠤ᠋ ᠡᠭᠦᠳᠡ ᠳᠡᠷᠬᠢᠨ ᠣᠩᠭᠣᠢᠵᠤ ᠪᠠᠷ᠎ᠠ ᠪᠣᠯᠤᠭᠠᠴᠢ ᠴᠤᠬᠤᠢᠨ᠂
— ᠨᠣᠶᠠᠨᠲᠠᠨ ᠠ᠋᠂ ᠲᠠᠨ ᠳ᠋ᠤ᠌ ᠵᠣᠷᠢᠵᠤ ᠬᠥᠮᠦᠨ ᠢᠷᠡᠵᠡᠢ! ᠭᠡᠯᠡ᠃ ᠦᠭᠡ ᠨᠣᠶᠠᠨ ᠤ᠋ ᠰᠡᠳᠬᠢᠯ ᠳ᠋ᠦ᠍ ᠭᠡᠷᠡᠯ ᠮᠡᠯᠲᠡᠰᠬᠢᠨ ᠪᠢᠶᠠᠨ ᠳᠠᠩ ᠬᠠᠭᠠᠨ ᠤ᠋ ᠡᠯᠴᠢ ᠪᠢᠵᠡ ᠭᠡᠮᠡᠨ ᠰᠠᠨᠠᠬᠤ ᠵᠠᠭᠤᠷ᠎ᠠ ᠪᠤᠴᠠᠨ ᠵᠠᠪᠢᠯᠠᠵᠤ᠂
— ᠣᠷᠣᠭᠤᠯᠤᠭᠲᠤᠨ! ᠭᠡᠵᠦ ᠬᠡᠯᠡᠭᠡᠳ ᠤᠷᠢᠶᠠᠯᠢᠭᠬᠠᠨ ᠥᠪᠡᠷ ᠦ᠋ᠨ ᠡᠷᠬᠡ ᠦᠭᠡᠢ ᠢᠨᠢᠶᠡᠳᠦ ᠠᠯᠳᠠᠯ᠎ᠠ᠃ ᠡᠢᠨ ᠰᠠᠭᠤᠲᠠᠯ᠎ᠠ ᠲᠠᠷᠮᠠᠨ ᠤ᠋ ᠭᠠᠳᠠᠭ᠎ᠠ ᠵᠢᠭᠲᠡᠢᠬᠡᠨ ᠳᠣᠲᠣᠨᠣ ᠠᠮᠢᠰᠬᠤᠭ᠎ᠠ ᠰᠣᠨᠣᠰᠳᠠᠵᠤ᠂ ᠲᠦᠳᠡᠬᠡᠨ ᠲᠠᠨᠢᠯ ᠳᠣᠲᠣᠨᠣᠬᠠᠨ ᠲᠥᠷᠬᠦ ᠨᠢᠳᠦᠨ ᠦ᠌ ᠦᠵᠦᠭᠦᠷ ᠲᠦ᠍ ᠰᠦᠮᠡᠯᠵᠡᠬᠦ ᠲᠡᠳᠦᠢ᠂
— ᠢᠵᠢᠢ ᠠ᠋᠁ ᠮᠢᠨᠦ ᠢᠵᠢᠢ ᠠ᠋᠁ ᠭᠡᠮᠡᠨ ᠲᠡᠪᠡᠷᠢᠵᠦ ᠠᠪᠤᠯ᠎ᠠ᠃ ᠥᠨᠥ ᠲᠣᠮᠣ ᠨᠣᠶᠠᠨ᠂ ᠥᠨᠥ ᠠᠭᠤᠤ ᠵᠠᠩᠵᠤᠨ ᠲᠡᠮᠦᠵᠢᠨ ᠦᠭᠡ ᠰᠠᠨᠠᠵᠤ ᠪᠡᠲᠡᠭᠢᠷᠡᠭᠰᠡᠨ ᠰᠡᠳᠬᠢᠯ ᠢ᠋ᠶ᠋ᠡᠨ ᠵᠣᠷᠢᠭ ᠢ᠋ᠶ᠋ᠠᠷ ᠨᠢ ᠲᠠᠯᠪᠢᠵᠤ᠂
一 ᠢᠵᠢᠢ ᠠ᠋ ᠭᠡᠮᠡᠨ ᠠᠰᠬᠠᠷᠠᠲᠠᠯ᠎ᠠ ᠤᠬᠢᠯᠠᠪᠠ᠃
ᠪᠦᠯᠵᠢᠭᠡᠨ ᠬᠠᠲᠤᠨ ᠰᠡᠳᠬᠢᠯ ᠥᠮᠥᠷᠡᠨ᠂ ᠵᠢᠷᠦᠬᠡ ᠰᠢᠮᠰᠢᠷᠡᠵᠦ ᠬᠦᠦ ᠶ᠋ᠢᠨ ᠢ᠋ᠶ᠋ᠡᠨ ᠠᠷᠪᠠᠨ ᠲᠠᠪᠤᠨ ᠤ᠋ ᠰᠠᠷ᠎ᠠ ᠰᠢᠭ᠋ ᠮᠠᠩᠨᠠᠢ ᠶ᠋ᠢ ᠢᠯᠢᠨ᠂ ᠪᠤᠭᠤᠷᠤᠯ ᠰᠤᠷ ᠲᠠᠢ ᠦᠰᠦ ᠶ᠋ᠢ ᠨᠢ ᠠᠶᠠᠷᠬᠠᠨ ᠦᠨᠦᠷᠯᠡᠵᠦ᠂
一᠂ ᠮᠢᠨᠦ ᠬᠦᠦ᠁᠂ ᠮᠢᠨᠦ ᠮᠠᠭᠤ ᠦᠷ᠎ᠡ᠁ ᠭᠡᠮᠡᠨ ᠮᠡᠯᠲᠡᠷᠡᠭᠦᠯᠪᠡ᠃ ᠤᠬᠢᠯᠠᠵᠤ ᠤᠬᠢᠯᠠᠵᠤ ᠲᠠᠢᠳᠬᠤᠷᠠᠭᠰᠠᠨ ᠬᠣᠶᠠᠷ ᠲᠠᠷᠮ᠎ᠠ ᠴᠢᠮᠡᠵᠦ ᠳᠡᠪᠢᠰᠦᠭᠰᠡᠨ ᠣᠯᠪᠣᠭ ᠳᠡᠭᠡᠷ᠎ᠡ ᠥᠭᠡᠳᠡ ᠥᠭᠡᠳᠡ ᠡᠴᠡ ᠪᠡᠨ ᠬᠠᠷᠠᠨ ᠰᠠᠭᠤᠯ᠎ᠠ᠃ ᠬᠦᠦ ᠨᠢ ᠣᠪᠣᠷ ᠰᠠᠭᠤᠵᠠᠢ᠃ ᠦᠬᠦᠯ ᠥᠨᠳᠡᠯᠵᠡᠭᠰᠡᠨ ᠲᠡᠢᠨ ᠦ᠌ ᠰᠢᠷᠦᠭᠦᠨ ᠵᠢᠯ ᠦ᠋ᠳ ᠬᠣᠢᠨ᠎ᠠ᠂ ᠠᠷᠭ᠎ᠠ ᠪᠠᠢᠵᠠᠢ ᠤᠤ ᠳᠠ᠃ ᠬᠣᠲᠣᠯᠠ ᠨᠣᠶᠠᠨ ᠤ᠋ ᠬᠠᠶᠠᠭᠠᠨ ᠠ᠋ᠴᠠ ᠦᠷ ᠰᠥᠨᠢ ᠪᠡᠷ ᠤᠷᠭᠤᠬᠤ ᠳ᠋ᠤᠨᠢ ᠴᠢᠳᠥᠷ ᠲᠡᠢ ᠮᠣᠷᠢ᠂ ᠪᠣᠭᠴᠣ ᠲᠠᠢ ᠬᠦᠨᠡᠰᠦ ᠥᠭᠭᠦᠭᠡᠳ ᠦᠨᠦᠰᠬᠦ ᠳ᠋ᠦ᠍ ᠨᠠᠷᠠ ᠦᠨᠦᠷᠲᠦᠭᠰᠡᠨ ᠵᠤᠯᠠᠢ ᠲᠠᠢ ᠪᠣᠷᠣ ᠬᠦᠦ ᠪᠠᠢᠵᠤ ᠪᠢᠯᠡ᠃
ᠣᠳᠣ ᠬᠥᠬᠡ ᠲᠡᠮᠦᠷ ᠢᠯᠳᠦ ᠮᠡᠲᠦ ᠰᠠᠯᠬᠢᠨ ᠳ᠋ᠤ᠌ ᠵᠦᠯᠭᠦᠭᠳᠡᠵᠦ᠂ ᠰᠢᠭᠤᠷᠭᠠᠨ ᠳ᠋ᠤ᠌ ᠡᠯᠡᠭᠳᠡᠭᠰᠡᠨ ᠬᠥᠬᠡ ᠬᠠᠷ᠎ᠠ ᠬᠥᠮᠦᠨ ᠪᠣᠯᠵᠠᠢ᠃
一 ᠢᠵᠢᠢ ᠲᠠ ᠮᠢᠨᠢ ᠶᠠᠭᠠᠬᠢᠵᠤ ᠶᠠᠪᠤᠭᠠᠳ ᠢᠷᠡᠪᠡ ᠳᠠ?
一 ᠶᠠᠭᠠᠬᠢᠬᠤ ᠪᠣᠢ ᠳᠠ᠁
一 ᠢᠵᠢᠢ ᠮᠢᠨᠢ᠁ ᠭᠡᠳ ᠬᠦᠦ ᠶ᠋ᠢᠨ ᠬᠢᠨᠢ ᠤᠷᠤᠭᠤᠯ ᠥᠮᠥᠯᠵᠡᠨ᠂ ᠨᠢᠳᠦᠨ ᠳ᠋ᠦ᠍ᠨᠢ ᠨᠢᠯᠪᠤᠰᠤ᠂ ᠴᠢᠢᠯᠡᠭᠡᠨᠡᠭᠰᠡᠨ ᠢ᠋ᠶ᠋ᠡᠨ᠂
一 ᠲᠠ ᠶᠠᠭᠠᠬᠢᠬᠤ ᠭᠡᠵᠦ ᠢᠷᠡᠪᠡ ᠳᠠ? ᠬᠡᠮᠡᠪᠡ᠃ ᠦᠭᠡ ᠨᠣᠶᠠᠨ ᠢᠵᠢᠢ ᠶ᠋ᠢᠨ ᠪᠠᠷ᠎ᠠ ᠬᠠᠷᠠᠭᠰᠠᠨ ᠳ᠋ᠠᠭᠠᠨ ᠪᠠᠶᠠᠷᠯᠠᠵᠤ ᠪᠠᠢᠯ᠎ᠠ᠃ ᠰᠦ ᠦᠨᠦᠷᠲᠦᠭᠰᠡᠨ ᠡᠩᠭᠡᠷ ᠲᠦ᠋ᠨᠢ ᠨᠠᠭᠠᠯᠳᠤᠵᠤ᠂ ᠰᠡᠪᠡᠯᠭᠡ ᠠᠩᠬᠢᠯᠤᠭᠰᠠᠨ ᠮᠥᠷᠦᠨ ᠳ᠋ᠦ᠍ᠨᠢ ᠬᠠᠴᠠᠷ ᠢ᠋ᠶ᠋ᠠᠨ ᠨᠠᠭᠠᠵᠤ ᠲᠠᠢᠳᠬᠤᠷᠠᠭᠰᠠᠨ ᠬᠣᠢᠨ᠎ᠠ ᠪᠠᠨ ᠢᠵᠢᠢ ᠬᠠᠲᠤᠨ ᠤᠷᠭᠤᠵᠤ ᠢᠷᠡᠭᠡ ᠦᠭᠡᠢ ᠭᠡᠳᠡᠭ ᠢ᠋ ᠪᠣᠳᠣᠨ ᠰᠠᠷᠬᠢᠵᠠᠢ᠃
一 ᠢᠵᠢᠢ ᠲᠠ ᠶᠠᠭᠤ ᠭᠡᠵᠦ ᠢᠷᠡᠪᠡ ᠳᠠ᠃
一 ᠪᠢ ᠤᠤ᠁ ᠭᠡᠰᠡᠨ ᠢ᠋ᠶ᠋ᠡᠨ ᠪᠦᠯᠵᠢᠭᠡᠨ ᠬᠠᠲᠤᠨ ᠬᠣᠭᠣᠯᠠᠢ ᠠᠷᠭᠠᠨ᠂ ᠠᠮᠠ ᠬᠠᠲᠠᠬᠤ ᠶ᠋ᠢ ᠮᠡᠳᠡᠷᠡᠵᠦ ᠦᠭᠡ ᠳᠤᠤᠭᠠᠷᠴᠤ ᠡᠰᠡ ᠴᠢᠳᠠᠨ ᠬᠦᠦ ᠪᠡᠨ ᠬᠠᠷᠠᠯ᠎ᠠ᠃ ᠲᠡᠭᠦᠨ ᠦ᠌ ᠴᠢᠨᠣ᠎ᠠ ᠶ᠋ᠢᠨ ᠬᠠᠷᠠᠴᠠ ᠪᠦᠭᠦᠳᠡ ᠶ᠋ᠢ ᠤᠬᠠᠭᠠᠷᠠᠭᠰᠠᠨ ᠶᠠᠩᠵᠤ ᠢᠯᠡᠳᠲᠡ ᠠᠭᠠᠳ᠃
— ᠬᠤᠯᠠᠨ ᠪᠠᠭᠠᠲᠤᠷ ᠲᠠᠨ ᠢ᠋ ᠢᠯᠡᠭᠡᠪᠡ ᠤᠤ? ᠬᠡᠮᠡᠭᠰᠡᠨ ᠢ᠋ᠶ᠋ᠡᠨ ᠰᠠᠨᠠᠭ᠎ᠠ ᠠᠯᠲᠠᠨ᠂ — ᠢᠵᠢᠢ ᠮᠢᠨᠢ ᠳᠡ᠂ ᠢᠵᠢᠢ ᠮᠢᠨᠢ᠁ ᠭᠡᠳ ᠠᠯᠠᠭ᠎ᠠ ᠪᠠᠨ ᠭᠤᠷᠪᠠᠨᠲᠠ ᠲᠡᠰᠢᠪᠡ᠃ ᠴᠢᠷᠠᠢ ᠴᠠᠭᠠᠨ᠂ ᠨᠢᠷᠤᠭᠤ ᠭᠤᠸᠠᠯᠢᠭ ᠥᠬᠢᠨ ᠬᠦᠵᠢᠰ ᠦ᠋ᠨ ᠦᠨᠦᠷ ᠠᠩᠭᠢᠯᠠᠭᠤᠯᠤᠨ ᠣᠷᠣᠵᠤ ᠢᠷᠡᠬᠦ ᠳ᠋ᠦ᠍᠂
— ᠮᠥᠨᠳᠥᠷ ᠠ᠋! ᠭᠠᠯ ᠲᠦᠯᠡ ᠬᠡᠮᠡᠪᠡ᠃ ᠪᠦᠯᠵᠢᠭᠡᠨ ᠬᠠᠲᠤᠨ ᠬᠦᠦ ᠪᠡᠨ ᠠᠰᠠᠭᠤᠭᠰᠠᠨ ᠬᠠᠷᠠᠴᠠ ᠪᠠᠷ ᠰᠢᠷᠳᠡᠪᠡᠯ ᠦᠭᠡ ᠨᠣᠶᠠᠨ ᠤ᠋ ᠴᠢᠷᠠᠢ ᠳ᠋ᠤ᠌ ᠥᠨᠥ ᠶᠡᠬᠡ ᠳᠣᠭᠳᠣᠯᠤᠯ᠂ ᠤᠴᠠᠷᠠᠯ ᠤ᠋ᠨ ᠬᠠᠯᠠᠭᠤᠨ ᠪᠠᠶᠠᠷ ᠣᠷᠣ ᠰᠤᠷᠠᠭ ᠦᠭᠡᠢ ᠪᠣᠯᠵᠠᠢ᠃ ᠭᠤᠸ᠎ᠠ ᠪᠦᠰᠡᠭᠦᠢ ᠲᠤᠯᠭᠠᠨ ᠤ᠋ ᠡᠮᠦᠨ᠎ᠡ ᠴᠢᠮᠡᠭᠡ ᠦᠭᠡᠢ ᠰᠥᠬᠥᠷᠡᠨ ᠰᠠᠭᠤᠵᠤ᠂ ᠬᠠᠭᠤᠷᠠᠢ ᠬᠠᠷᠭᠠᠨ᠎ᠠ ᠵᠡᠷᠭᠡᠯᠡᠵᠦ ᠭᠠᠯ ᠥᠷᠳᠡᠪᠡ᠃ ᠡᠨᠡ ᠪᠣᠯᠲᠠᠯ᠎ᠠ ᠦᠭᠡ ᠳᠤᠤᠭᠠᠷᠤᠭ᠎ᠠ ᠦᠭᠡᠢ ᠲᠡᠮᠦᠵᠢᠨ ᠦᠭᠡ ᠳᠠᠩᠴᠤ ᠬᠦᠷᠦᠭᠰᠡᠨ ᠭᠠᠷ ᠢ᠋ᠶ᠋ᠠᠨ ᠡᠭᠡᠭᠡᠵᠦ᠂
— ᠢᠵᠢᠢ ᠬᠠᠲᠤᠨ ᠲᠠ ᠪᠣᠯᠭᠣᠭ᠎ᠠ᠃ ᠡᠨᠡ ᠮᠢᠨᠦ ᠡᠴᠢᠭᠡ ᠶ᠋ᠢᠨ ᠦᠷᠭᠦᠭᠡᠨ ᠳ᠋ᠦ᠍ ᠲᠠᠨ ᠤ᠋ ᠠᠰᠠᠭᠠᠭᠰᠠᠨ ᠭᠠᠯ ᠪᠢᠯᠡ᠃ ᠲᠠ ᠤᠰᠤ ᠰᠠᠴᠤᠬᠤ ᠭᠡᠵᠦ ᠢᠷᠡᠪᠡ ᠤᠤ? ᠭᠡᠯᠡ᠃ ᠪᠦᠯᠵᠢᠭᠡᠨ ᠬᠠᠲᠤᠨ ᠶᠠᠭᠤ ᠴᠤ᠌ ᠬᠡᠯᠡᠵᠦ ᠡᠰᠡ ᠴᠢᠳᠠᠪᠠ᠃ ᠬᠠᠷᠢᠨ ᠭᠠᠯ ᠳᠣᠲᠣᠷ᠎ᠠ ᠰᠢᠳᠦ ᠦᠭᠡᠢ ᠪᠤᠢᠯᠠ ᠪᠠᠨ ᠭᠠᠷᠭᠠᠨ ᠲᠤᠯᠭᠠᠲᠠᠢ ᠣᠳᠴᠢᠬᠢᠨ ᠬᠦᠦ ᠨᠢ ᠳ᠋ᠡᠭᠡᠨ ᠳᠡᠷᠪᠡᠵᠦ ᠢᠨᠢᠶᠡᠵᠦ ᠪᠠᠢᠬᠤ ᠶ᠋ᠢ ᠣᠯᠵᠤ ᠦᠵᠡᠵᠡᠢ᠃ ᠬᠦᠦ ᠪᠡᠨ ᠰᠠᠨᠠᠭᠰᠠᠨ ᠡᠬᠡ ᠶ᠋ᠢᠨ ᠬᠥᠬᠥ ᠢᠪᠢᠯᠵᠦ᠂ ᠬᠠᠭᠤᠴᠢᠪᠲᠤᠷ ᠲᠣᠷᠭᠠᠨ ᠳᠡᠪᠡᠯ ᠦ᠋ᠨ ᠡᠩᠭᠡᠷ ᠨᠡᠪᠲᠡᠯᠵᠦ ᠰᠠᠭᠠᠮᠠᠰᠢᠭᠠᠳ ᠢᠷᠡᠬᠦ ᠳ᠋ᠦ᠍ ᠮᠥᠨᠥᠬᠢ ᠵᠠᠯᠠᠭᠤ ᠭᠤᠸ᠎ᠠ ᠥᠬᠢᠨ ᠰᠡᠷᠲᠡᠰᠬᠢᠨ ᠦᠭᠡ ᠨᠣᠶᠠᠨ ᠢ᠋ ᠨᠢᠭᠡ᠂ ᠢᠵᠢᠢ ᠬᠠᠲᠤᠨ ᠢ᠋ ᠨᠢᠭᠡ ᠬᠠᠷᠠᠪᠠ᠃
— ᠬᠦᠦ ᠮᠢᠨᠢ ᠴᠢ ᠳᠡᠭᠦᠦ ᠪᠡᠨ ᠪᠣᠳᠣᠭᠠᠴᠢ! ᠬᠠᠮᠤᠭ ᠮᠣᠩᠭᠣᠯ ᠤ᠋ᠨ ᠬᠠᠭᠠᠨ ᠦᠷᠡᠰ ᠲᠦ᠍ ᠴᠢ ᠭᠠᠢ ᠲᠠᠷᠢᠬᠤ ᠪᠠᠷ ᠢ᠋ᠶ᠋ᠠᠨ ᠯᠠ ᠨᠢᠭᠡ ᠪᠣᠯᠪᠠ ᠪᠢᠰᠢ ᠤᠤ? ᠭᠡᠵᠦ ᠠᠷᠭᠠᠳᠠᠩᠭᠤᠢ ᠬᠡᠯᠡᠬᠦ ᠳ᠋ᠦ᠍ ᠦᠭᠡ ᠨᠣᠶᠠᠨ ᠮᠥᠴᠢᠷ ᠬᠤᠭᠤᠯᠤᠨ ᠭᠠᠯ ᠳ᠋ᠤ᠌ ᠨᠡᠮᠡᠨ᠂
— ᠬᠡᠪᠡᠯᠢ ᠨᠢᠭᠡ ᠲᠡᠢ ᠨᠢ ᠦᠨᠡᠨ ᠴᠦ᠍ ᠬᠡᠯᠬᠢᠶ᠎ᠡ ᠪᠥᠬᠡ ᠲᠡᠢ ᠳᠡᠭᠦᠦ ᠪᠢᠰᠢ ᠪᠢᠯᠡ ᠭᠡᠪᠡ᠃ ᠬᠠᠲᠤᠨ ᠰᠣᠴᠢᠲᠠᠯ᠎ᠠ ᠪᠦᠰᠡᠭᠦᠢ ᠳᠠᠪ ᠬᠢᠯ᠎ᠡ᠃
— ᠢᠵᠢᠢ ᠲᠠ ᠰᠣᠶᠣᠷᠬᠠᠯ ᠬᠠᠢᠷᠠᠯᠠ᠃ ᠭᠠᠯ ᠢ᠋ ᠮᠢᠨᠢ ᠲᠦᠯᠡᠵᠦ᠂ ᠭᠠᠳᠠᠨᠠᠬᠢ ᠶ᠋ᠢ ᠮᠢᠨᠢ ᠠᠶᠠᠯᠠᠭᠤᠯᠵᠤ ᠶᠠᠪᠤᠳᠠᠭ ᠬᠥᠮᠦᠨ᠃ ᠨᠡᠷ᠎ᠡ ᠮᠥᠨᠳᠥᠷ᠂ ᠠᠢᠮᠠᠭ ᠬᠡᠷᠡᠢᠳ ᠭᠡᠯᠡ᠃ ᠬᠠᠲᠤᠨ ᠢᠵᠢᠢ ᠭᠤᠨᠢᠭ ᠰᠢᠩᠭᠡᠭᠰᠡᠨ ᠨᠢᠳᠦ ᠪᠡᠷ ᠮᠥᠨᠳᠥᠷ ᠪᠦᠰᠡᠭᠦᠢ ᠶ᠋ᠢ ᠬᠠᠷᠠᠵᠤ ᠬᠠᠷᠠᠵᠤ᠂
一 ᠬᠥᠮᠦᠨ ᠦ᠌ ᠰᠠᠢᠬᠠᠨ ᠦᠷ᠎ᠡ ᠶ᠋ᠢ ᠭᠠᠳᠠᠭ᠎ᠠ ᠭᠠᠩᠳᠠᠭᠠᠵᠤ᠂ ᠬᠥᠳᠡᠭᠡ ᠬᠥᠬᠡᠷᠡᠭᠡᠵᠦ ᠶᠠᠪᠤᠭ᠎ᠠ ᠬᠥᠮᠦᠨ ᠪᠠᠢᠨ᠎ᠠ ᠳᠠ᠂ ᠴᠢ! ᠭᠡᠵᠦ ᠵᠢᠮᠡᠯᠡᠩᠭᠦᠢ ᠥᠭᠦᠯᠡᠭᠡᠳ ᠰᠠᠯᠬᠢᠨ ᠳ᠋ᠤ᠌ ᠪᠣᠷᠣᠯᠠᠭᠰᠠᠨ ᠳᠤᠬᠤᠨ ᠳᠡᠭᠡᠷ᠎ᠡ ᠨᠢ ᠦᠨᠦᠷᠯᠡᠵᠦ᠂
一 ᠬᠦᠦ ᠳ᠋ᠦ᠍ ᠮᠢᠨᠢ ᠲᠦᠰᠢᠭ ᠪᠣᠯᠵᠤ ᠶᠠᠪᠤᠭᠠᠷᠠᠢ ᠭᠡᠬᠦ ᠳ᠋ᠦ᠍ ᠬᠣᠭᠣᠯᠠᠢ ᠨᠢ ᠵᠠᠩᠭᠢᠷᠠᠨ᠂ ᠨᠢᠯᠪᠤᠰᠤ ᠪᠠᠨ ᠪᠤᠷᠤᠭᠤ ᠬᠠᠷᠠᠵᠤ ᠠᠷᠴᠢᠯ᠎ᠠ᠃ ᠡᠢᠨ ᠦᠳᠡᠰᠢ ᠶ᠋ᠢᠨ ᠪᠦᠷᠦᠢ ᠨᠥᠮᠥᠷᠦᠭᠰᠡᠨ ᠲᠩᠷᠢ ᠳᠣᠣᠷ᠎ᠠ ᠢᠵᠢᠢ᠂ ᠬᠦᠦ᠂ ᠮᠥᠨᠳᠥᠷ ᠭᠤᠷᠪᠠ ᠠᠨᠢᠷ ᠴᠢᠮᠡᠭᠡ ᠦᠭᠡᠢ ᠰᠠᠭᠤᠵᠠᠭᠠᠪᠠ᠃ ᠣᠳᠣ ᠲᠦᠭᠡᠵᠦ᠂ ᠰᠠᠷ᠎ᠠ ᠭᠠᠷᠬᠤ ᠳ᠋ᠤ᠌ ᠳᠣᠣᠷ᠎ᠠ ᠳᠣᠣᠷ᠎ᠠ ᠪᠠᠨ ᠪᠥᠷᠲᠥᠭᠡᠨᠡᠨ ᠣᠷᠣ ᠬᠣᠩᠬᠣᠢᠯᠠᠵᠤ ᠬᠡᠪᠲᠡᠭᠰᠡᠨ ᠴᠦ᠍ ᠬᠡᠨ ᠨᠢ ᠴᠦ᠍ ᠦᠯᠦ ᠤᠨᠲᠠᠵᠤ ᠠᠪᠠᠢ᠃ ᠲᠦᠭᠰᠢᠭᠦᠷᠢ᠂ ᠠᠶᠤᠳᠠᠰᠤ᠂ ᠡᠷᠡᠭᠡᠯᠵᠡᠭᠡ ᠪᠦᠬᠦᠨ ᠡᠭᠡᠯᠵᠢᠯᠡᠨ ᠰᠦᠮᠡᠯᠵᠡᠬᠦ ᠰᠥᠨᠢ ᠶ᠋ᠢᠨ ᠪᠦᠷᠦᠩ ᠪᠠᠷᠤᠩ ᠡᠪᠳᠡᠵᠦ ᠦᠭᠡ ᠨᠣᠶᠠᠨ᠂
一 ᠢᠵᠢᠢ ᠠ᠋ ᠭᠡᠪᠡ᠃ ᠶᠡᠷᠦ ᠬᠠᠷ᠎ᠠ ᠨᠢᠯᠬ᠎ᠠ ᠶ᠋ᠢᠨ ᠵᠠᠩ ᠢ᠋ᠶ᠋ᠠᠷ ᠡᠢᠨ ᠳᠠᠭᠤᠳᠠᠭᠠᠳ ᠥᠨᠳᠡᠢᠭᠰᠡᠨ ᠢ᠋ᠶ᠋ᠡᠨ᠂
一 ᠲᠠ ᠬᠡᠨ ᠭᠡᠵᠦ ᠨᠡᠷ᠎ᠡ ᠦᠭᠭᠦᠭᠰᠡᠨ ᠪᠣᠢ? ᠭᠡᠬᠦ ᠳ᠋ᠦ᠍ ᠪᠦᠯᠵᠢᠭᠡᠨ ᠬᠠᠲᠤᠨ ᠤ᠋ ᠭᠣᠣᠯ ᠥᠭᠡᠳᠡ ᠨᠢᠭᠡᠨ ᠶᠡᠬᠡ ᠬᠠᠲᠠᠭᠤ ᠶᠠᠭᠤᠮ᠎ᠠ ᠣᠭᠰᠢᠨ ᠢᠷᠡᠵᠦ᠂
— ᠲᠤᠯᠭᠠᠲᠠᠢ ᠣᠳᠴᠢᠬᠢᠨ ᠭᠡᠵᠦ ᠨᠡᠷ᠎ᠡ ᠥᠭᠭᠦᠭᠰᠡᠨ ᠭᠡᠯᠡ᠃ ᠲᠡᠮᠦᠵᠢᠨ ᠦᠭᠡ ᠴᠢᠮᠡᠭᠡ ᠲᠠᠰᠤᠷᠠᠪᠠ᠃ ᠲᠡᠭᠦᠨ ᠦ᠌ ᠴᠠᠭᠠᠭᠤᠷ ᠳᠡᠪᠡᠯ ᠲᠡᠢ ᠪᠡᠨ ᠬᠠᠵᠠᠭᠤᠯᠠᠭᠰᠠᠨ ᠮᠥᠨᠳᠥᠷ ᠭᠦᠩᠵᠦ ᠶ᠋ᠢᠨ ᠵᠢᠭᠳᠡᠬᠡᠨ ᠠᠮᠢᠰᠬᠤᠭᠠᠬᠤ ᠨᠢ ᠰᠣᠨᠣᠰᠳᠠᠨ᠎ᠠ ᠠᠵᠢ᠃
一 ᠮᠢᠨᠦ ᠬᠦᠦ? ᠡᠨᠡ ᠤᠳᠠᠭ᠎ᠠ ᠢᠵᠢᠢ ᠳᠠᠭᠤᠳᠠᠪᠠ᠃ ᠪᠦᠯᠵᠢᠭᠡᠨ ᠬᠠᠲᠤᠨ ᠲᠣᠬᠣᠢᠯᠳᠠᠨ ᠥᠨᠳᠡᠢᠵᠦ᠂ ᠰᠡᠬᠦᠭᠡᠰᠦᠲᠡᠢ ᠡᠭᠦᠳᠡ ᠪᠡᠷ ᠤᠷᠤᠰᠤᠨ ᠣᠷᠣᠵᠤ ᠢᠷᠡᠬᠦ ᠰᠠᠷᠠᠨ ᠤ᠋ ᠲᠤᠶᠠᠭᠠᠨ ᠳ᠋ᠤ᠌ ᠬᠦᠦ ᠶ᠋ᠢᠨ ᠢ᠋ᠶ᠋ᠡᠨ ᠴᠢᠷᠠᠢ ᠶ᠋ᠢ ᠣᠯᠵᠤ ᠬᠠᠷᠠᠬᠤ ᠭᠡᠰᠡᠨ ᠮᠡᠲᠦ ᠪᠥᠬᠥᠢᠨ᠂
一 ᠮᠢᠨᠦ ᠬᠦᠦ? ᠭᠡᠯᠡ᠃
一 ᠶᠠᠭᠤ ᠪᠣᠢ? ᠢᠵᠢᠢ ᠠ᠋!
一 ᠶᠢᠰᠦᠭᠡᠢ ᠪᠠᠭᠠᠲᠤᠷ ᠤ᠋ᠨ ᠮᠣᠷᠢᠳ ᠤ᠋ᠨ ᠲᠤᠭᠤᠷᠠᠢ ᠳᠡᠷᠡᠨ ᠳᠣᠣᠷ᠎ᠠ ᠰᠣᠨᠣᠰᠳᠠᠨ᠎ᠠ ᠪᠤᠰᠤ ᠤᠤ᠃
— ᠪᠢᠶᠠᠨ ᠳᠠᠩ ᠬᠠᠭᠠᠨ ᠤ᠋ ᠴᠡᠷᠢᠭ ᠢᠷᠡᠲᠡᠯ᠎ᠡ ᠮᠢᠨᠦ ᠳᠠᠢᠴᠢᠳ ᠬᠠᠷᠢᠭᠤᠴᠠᠨ ᠵᠠᠨᠴᠢᠯᠳᠤᠵᠤ ᠴᠢᠳᠠᠨ᠎ᠠ ᠪᠢᠯᠡ᠃
— ᠬᠡᠳᠦᠢ ᠪᠣᠯᠲᠠᠯ᠎ᠠ ᠴᠢ ᠠᠯᠲᠠᠨ ᠤᠯᠤᠰ ᠤ᠋ᠨ ᠳᠠᠯᠠᠢᠭᠰᠠᠨ ᠭᠠᠵᠠᠷ ᠳᠠᠯᠳᠠ ᠣᠷᠣᠵᠤ᠂ ᠳᠠᠯᠠᠯᠤᠭᠰᠠᠨ ᠭᠠᠵᠠᠷ ᠨᠢ ᠢᠯᠡ ᠭᠠᠷᠴᠤ ᠪᠠᠢᠬᠤ ᠬᠥᠮᠦᠨ ᠪᠣᠢ?
— ᠡᠨᠡ ᠪᠣᠯ ᠵᠠᠯᠢᠪᠤᠬᠠ ᠠᠪᠠᠭ᠎ᠠ ᠶ᠋ᠢᠨ ᠮᠡᠳᠡᠬᠦ ᠬᠡᠷᠡᠭ᠃
— ᠠᠢᠯ ᠠᠢᠯ ᠤ᠋ᠨ ᠲᠣᠭᠣᠭ᠎ᠠ ᠥᠩᠭᠡᠢᠵᠦ ᠶᠠᠩᠬᠠᠨ ᠳ᠋ᠤ᠌ ᠤᠨᠠᠭᠰᠠᠨ ᠨᠠᠮᠠᠶ᠋ᠢ ᠳᠠᠭᠠᠵᠤ ᠬᠠᠮᠤᠭ ᠮᠣᠩᠭᠣᠯ ᠤ᠋ᠨ ᠬᠠᠷᠠᠴᠤᠰ ᠤ᠋ᠨ ᠡᠭᠦᠳᠡᠨ ᠳ᠋ᠦ᠍ ᠤᠬᠢᠶᠠᠳᠠᠰᠤ ᠭᠣᠷᠢᠳᠠᠭᠰᠠᠨ ᠨᠣᠬᠠᠢ ᠰᠢᠭ᠋ ᠶᠠᠪᠤᠬᠤ ᠳ᠋ᠤ᠌ ᠵᠠᠯᠢᠪᠤᠬᠠ ᠴᠢᠮᠠᠶ᠋ᠢ ᠭᠡᠵᠦ ᠪᠣᠳᠣᠭᠰᠠᠨ ᠪᠢᠯᠡ ᠤᠤ᠃
ᠲᠡᠮᠦᠵᠢᠨ ᠦᠭᠡ ᠴᠢᠮᠡᠭᠡ ᠦᠭᠡᠢ ᠪᠣᠯᠪᠠ᠃ ᠪᠦᠯᠵᠢᠭᠡᠨ ᠢᠵᠢᠢ ᠡᠮᠵᠢᠭ ᠭᠠᠵᠠᠷ ᠢ᠋ ᠨᠢ ᠣᠯᠵᠤ ᠬᠠᠳᠬᠤᠭᠰᠠᠨ ᠢ᠋ᠶ᠋ᠠᠨ ᠮᠡᠳᠡᠵᠦ ᠪᠠᠢᠯ᠎ᠠ᠃ ᠦᠭᠡ ᠨᠣᠶᠠᠨ ᠥᠨᠳᠡᠢᠨ ᠰᠠᠭᠤᠵᠤ᠂ ᠠᠲᠤᠷᠢᠨ ᠬᠡᠪᠲᠡᠭᠰᠡᠨ ᠮᠥᠨᠳᠥᠷ ᠭᠦᠩᠵᠦ ᠶ᠋ᠢ ᠬᠤᠴᠢᠭᠰᠠᠨ ᠢ᠋ᠶ᠋ᠠᠨ᠂
— ᠠᠪᠠᠭ᠎ᠠ ᠨᠣᠶᠠᠨ ᠮᠠᠷᠲᠠᠭᠰᠠᠨ ᠴᠤ᠌ ᠲᠠᠲ᠋ᠠᠷ ᠳᠠᠢᠴᠢᠳ ᠮᠠᠷᠲᠠᠭ᠎ᠠ ᠦᠭᠡᠢ ᠪᠠᠢᠭᠰᠠᠨ᠃ ᠲᠡᠳᠡ ᠮᠢᠨᠦ ᠲᠥᠯᠥᠭᠡ ᠦᠬᠦᠬᠦ ᠳ᠋ᠡᠭᠡᠨ ᠪᠠᠶᠠᠷᠯᠠᠬᠤ ᠤᠯᠤᠰ ᠰᠢᠦ᠂ ᠢᠵᠢᠢ ᠠ᠋!
— ᠲᠥᠷᠥ ᠭᠡᠳᠡᠭ ᠴᠡᠷᠢᠭ ᠪᠢᠰᠢ᠂ ᠬᠠᠭᠠᠨ ᠪᠠᠢᠳᠠᠭ ᠶᠤᠮ᠂ ᠮᠢᠨᠦ ᠬᠦᠦ! ᠴᠢ ᠢᠵᠢᠢ ᠪᠡᠨ ᠳᠠᠭᠠᠵᠤ ᠬᠠᠮᠤᠭ ᠮᠣᠩᠭᠣᠯ ᠳ᠋ᠤ᠌ ᠰᠥᠭᠥᠳ! ᠠᠯᠲᠠᠨ ᠤᠯᠤᠰ ᠤ᠋ᠨ ᠨᠣᠬᠠᠢ ᠳ᠋ᠤ᠌ ᠪᠠᠷᠢᠳᠠᠭ ᠮᠣᠳᠣ ᠪᠣᠯᠵᠤ ᠪᠠᠢᠭᠰᠠᠨ ᠠ᠋ᠴᠠ ᠬᠠᠮᠤᠭ ᠮᠣᠩᠭᠣᠯ ᠤ᠋ᠨ ᠬᠠᠶᠠᠭ᠎ᠠ ᠰᠠᠬᠢᠭᠰᠠᠨ ᠭᠥᠯᠥᠭᠡ ᠪᠠᠢᠭᠰᠠᠨ ᠨᠢ ᠳᠡᠭᠡᠷ᠎ᠡ ᠪᠤᠰᠤ ᠤᠤ? ᠣᠪᠣᠭ ᠤ᠋ᠨ ᠭᠠᠯ ᠨᠢᠭᠡ᠂ ᠡᠪᠦᠭᠡ ᠶ᠋ᠢᠨ ᠴᠢᠰᠤ ᠨᠢᠭᠡ ᠶᠠᠪᠤᠭᠰᠠᠨ ᠪᠢᠯᠡ᠃ ᠴᠢ ᠮᠢᠨᠦ ᠦᠭᠡᠨ ᠳ᠋ᠦ᠍ ᠡᠰᠡ ᠣᠷᠣᠪᠠᠯ ᠪᠢ ᠴᠢᠨᠦ ᠴᠠᠪᠴᠢᠭᠤᠯᠤᠭᠰᠠᠨ ᠲᠣᠯᠣᠭᠠᠢ ᠶ᠋ᠢ ᠬᠠᠷᠠᠬᠤ ᠮᠠᠭᠤ ᠵᠠᠶᠠᠭᠠᠳᠠᠨ ᠠᠵᠢ ᠬᠡᠮᠡᠪᠡ᠃ ᠲᠠᠷᠮᠠᠨ ᠳᠣᠲᠣᠷ᠎ᠠ ᠭᠤᠷᠪᠠᠨ ᠬᠥᠮᠦᠨ ᠪᠡᠶ᠎ᠡ ᠪᠡᠶ᠎ᠡ ᠪᠡᠨ ᠴᠢᠩᠨᠠᠨ ᠨᠠᠮ ᠭᠦᠮ ᠪᠣᠯᠤᠯ᠎ᠠ᠃ ᠴᠢᠩᠭᠢᠲᠡᠯ᠎ᠡ ᠮᠣᠷᠢᠨ ᠲᠦᠪᠡᠷᠭᠡᠨ ᠰᠣᠨᠣᠰᠳᠠᠵᠤ᠂ ᠬᠥᠮᠦᠰ ᠪᠦᠳᠡᠭᠢ ᠪᠡᠲᠡᠭᠢ ᠶᠠᠷᠢᠯᠴᠠᠬᠤ ᠳᠣᠭᠣᠯᠳᠠᠨ ᠲᠠᠷᠮᠠᠨ ᠤ᠋ ᠬᠠᠷᠠᠭᠤᠯ ᠵᠡᠷᠭᠡ᠂
— ᠬᠡᠨ ᠪᠣᠢ? ᠭᠡᠬᠦ ᠳᠤᠭᠤᠯᠳᠠᠪᠠ᠃ ᠨᠡᠯᠢᠶᠡᠳ ᠬᠣᠯᠠᠠ᠋ᠴᠠ᠂
— ᠪᠢᠶᠠᠨ ᠳᠠᠩ ᠬᠠᠭᠠᠨ ᠤ᠋ ᠡᠯᠴᠢ ᠢᠷᠡᠪᠡ ᠬᠡᠮᠡᠬᠦ ᠰᠣᠨᠣᠰᠳᠠᠬᠤ ᠳ᠋ᠤ᠌ ᠲᠡᠮᠦᠵᠢᠨ ᠦᠭᠡ ᠤᠬᠤᠰᠬᠢᠨ ᠪᠣᠰᠴᠤ᠂
— ᠣᠷᠣᠭᠤᠯᠤᠭᠲᠤᠨ! ᠭᠡᠮᠡᠨ ᠬᠠᠰᠬᠢᠷᠤᠯ᠎ᠠ᠃ ᠲᠦᠳᠡᠬᠡᠨ ᠬᠠᠪᠤᠷ ᠤ᠋ᠨ ᠬᠠᠪᠰᠠᠷᠭᠠᠨ ᠳ᠋ᠤ᠌ ᠨᠦᠳᠦᠭᠦᠯᠦᠭᠰᠡᠭᠡᠷ ᠴᠢᠷᠠᠢ ᠳᠠᠷᠤᠭᠰᠠᠨ ᠵᠢᠵᠢᠭᠬᠡᠨ ᠬᠥᠬᠡ ᠡᠷ᠎ᠡ ᠰᠢᠷᠣᠢ᠂ ᠰᠠᠯᠬᠢ ᠬᠠᠩᠬᠤᠯᠤᠭᠤᠯᠤᠨ ᠣᠷᠣᠵᠤ ᠢᠷᠡᠵᠦ ᠰᠥᠭᠥᠳᠦᠭᠰᠡᠨ ᠢ᠋ᠶ᠋ᠡᠨ᠂
— ᠡᠷᠲᠡᠨ ᠦ᠌ ᠰᠤᠷᠪᠤᠯᠵᠢᠲᠤ ᠪᠢᠶᠠᠨ ᠳᠠᠩ ᠬᠠᠭᠠᠨ ᠲᠣᠬᠣᠢ ᠰᠢᠷᠣᠢᠳᠠᠵᠤ ᠠᠢᠯᠠᠳᠬ᠎ᠠ ᠭᠡᠪᠡ!ᠲᠣᠯᠣᠭᠠᠢ ᠮᠡᠬᠦᠢᠨ ᠰᠣᠨᠣᠰᠬ᠎ᠠ ᠭᠡᠪᠡ! ᠭᠡᠰᠡᠨ ᠢ᠋ᠶ᠋ᠡᠨ ᠳᠥᠷᠪᠡᠨ ᠬᠥᠯᠯᠡᠨ ᠮᠥᠷᠭᠥᠵᠦ᠂
— ᠦᠰ ᠵᠠᠩᠭᠢᠳᠤᠭᠰᠠᠨ ᠰᠥᠩ ᠤᠯᠤᠰ᠂ ᠡᠮᠦᠨ᠎ᠡ ᠵᠦᠭ ᠡᠴᠡ ᠮᠡᠷᠡᠵᠦ᠂ ᠡᠳᠦᠷ ᠨᠤᠮᠤ ᠪᠠᠨ ᠪᠠᠷᠢᠨ ᠰᠠᠭᠤᠬᠤ᠂ ᠰᠥᠨᠢ ᠢᠯᠳᠦ ᠪᠡᠨ ᠳᠡᠷᠡᠯᠡᠨ ᠤᠨᠲᠠᠬᠤ ᠪᠣᠯᠪᠠ᠃ ᠬᠣᠱᠠᠬᠤ ᠵᠠᠩᠵᠤᠨ ᠤ᠋ ᠬᠤᠢ ᠰᠠᠯᠬᠢ ᠰᠢᠭ᠋ ᠮᠣᠷᠢᠲᠠᠨ ᠡᠷᠡᠰ ᠬᠦᠷᠲᠡᠯ᠎ᠡ ᠲᠡᠷᠡ ᠵᠦᠭ ᠲᠦ᠍ ᠵᠢᠯᠣᠭᠣ ᠵᠠᠯᠠᠭᠰᠠᠨ ᠤᠴᠢᠷ ᠲᠡᠮᠦᠵᠢᠨ ᠦᠭᠡ ᠨᠣᠶᠠᠨ ᠳ᠋ᠤ᠌ ᠭᠠᠷ ᠰᠤᠩᠭᠠᠵᠤ ᠡᠰᠡ ᠴᠢᠳᠠᠪᠠ᠃ ᠥᠷᠥᠰᠢᠶᠡ᠁ ᠭᠡᠮᠡᠨ ᠰᠣᠶᠣᠷᠬᠠᠯ ᠤ᠋ᠨ ᠪᠡᠯᠡᠭ᠂ ᠱᠠᠩᠨᠠᠯ ᠤ᠋ᠨ ᠭᠦᠩᠵᠦ ᠬᠠᠮᠲᠤ ᠢᠯᠡᠭᠡᠪᠡ᠃ ᠲᠠ ᠪᠣᠯᠭᠣᠭ᠎ᠠ! ᠬᠡᠮᠡᠪᠡ᠃ᠲᠡᠮᠦᠵᠢᠨ ᠦᠭᠡ ᠶ᠋ᠢᠨ ᠪᠠᠶᠠᠷᠲᠤ ᠴᠢᠷᠠᠢ ᠬᠠᠪᠤᠷ ᠤ᠋ᠨ ᠲᠡᠭᠷᠢ ᠰᠢᠭ ᠬᠤᠢᠰᠠᠭᠠᠨᠠᠨ ᠪᠠᠷᠤᠢᠵᠤ᠂
— ᠡᠳ᠋᠂ ᠡᠮ᠎ᠡ ᠬᠣᠶᠠᠷ ᠢ᠋ᠶ᠋ᠠᠷ ᠳᠤᠲᠠᠪᠠ ᠭᠡᠵᠦ ᠁ᠭᠡᠰᠡᠨ ᠢ᠋ᠶ᠋ᠡᠨ ᠥᠨᠳᠡᠢᠨ ᠰᠠᠭᠤᠭᠰᠠᠨ ᠥᠨᠳᠥᠷ ᠭᠦᠩᠵᠦ ᠳ᠋ᠦ᠍᠂
— ᠡᠯᠴᠢ ᠳ᠋ᠦ᠍ ᠵᠣᠭᠣᠭ ᠪᠡᠷᠢ! ᠭᠡᠯᠡ᠃ ᠬᠠᠷ᠎ᠠ ᠨᠢᠳᠦ ᠬᠠᠮᠬᠢᠭᠠ ᠦᠭᠡᠢ ᠪᠦᠰᠡᠭᠦᠢ ᠦᠷᠭᠦᠭᠰᠡᠨ ᠰᠤᠭᠤ ᠰᠢᠭ᠋ ᠳᠠᠷᠬᠢᠨ ᠪᠣᠰᠬᠤ ᠳ᠋ᠤ᠌ ᠡᠯᠴᠢ ᠳ᠋ᠡᠭᠡᠨ ᠭᠠᠷᠪᠠ᠃ ᠡᠯᠦᠢ ᠬᠤᠯᠤᠢᠬᠠᠨ ᠲᠠᠷᠮᠠᠨᠠ ᠭᠠᠭᠴᠠᠭᠠᠷ ᠲᠣᠷᠣᠢᠨ ᠦᠯᠡᠳᠡᠭᠰᠡᠨ ᠬᠦᠦ ᠪᠡᠨ ᠬᠠᠷᠠᠭᠠᠳ ᠦᠷᠦ ᠡᠪᠡᠳᠬᠦ ᠰᠢᠭ ᠪᠣᠯᠪᠠ᠃ ᠲᠡᠷᠢᠭᠦᠯᠡᠵᠦ ᠳᠠᠢᠳᠤᠭᠰᠠᠨ ᠶᠡᠬᠡ ᠵᠣᠷᠢᠭ᠂ ᠶᠡᠬᠡ ᠣᠮᠣᠭ ᠢᠯᠠᠭᠳᠠᠬᠤ ᠶ᠋ᠢᠨ ᠴᠠᠭ ᠲᠤ᠌ ᠭᠤᠲᠤᠮᠰᠢᠭ ᠪᠣᠯᠳᠠᠭ ᠠᠵᠤᠭᠤ᠃ ᠪᠦᠯᠵᠢᠭᠡᠨ ᠢᠵᠢᠢ ᠶ᠋ᠢᠨ ᠴᠡᠭᠡᠵᠢᠨ᠎ᠡ ᠪᠠᠭᠲᠠᠵᠤ ᠶᠠᠳᠠᠨ ᠳᠦᠷᠡᠯᠵᠡᠵᠦ ᠠᠭᠰᠠ ᠥᠨᠥ ᠶᠡᠬᠡ ᠠᠭᠤᠷ ᠬᠢᠯᠢᠩ ᠦ᠋ᠨ ᠭᠠᠯ ᠬᠦᠦ ᠶ᠋ᠢᠨ ᠢ᠋ᠶ᠋ᠡᠨ ᠠᠯᠵᠢᠶᠠᠩᠭᠤᠢ ᠴᠢᠷᠠᠢ ᠶ᠋ᠢ ᠬᠠᠷᠠᠭᠠᠳ ᠯᠠ ᠨᠠᠮᠵᠢᠵᠤ ᠪᠢᠯᠡ᠃ ᠣᠳᠣ ᠣᠷᠣ ᠦᠭᠡᠢ ᠤᠨᠲᠠᠷᠠᠵᠤ᠂ ᠮᠠᠭᠤ ᠬᠦᠦ ᠪᠡᠨ ᠡᠨᠡ ᠶᠡᠬᠡ ᠠᠶᠤᠯ ᠵᠠᠨᠤᠯᠠ᠋ᠴᠠ ᠠᠮᠢ ᠮᠡᠨᠳᠦ ᠰᠠᠯᠭᠠᠴᠢᠬᠠᠬᠤ ᠶᠤᠮ ᠰᠠᠨ ᠭᠡᠮᠡᠨ ᠪᠣᠳᠣᠬᠤ ᠪᠣᠯᠪᠠ᠃ ᠶᠡᠷᠦ ᠲᠦᠷᠦᠭᠦᠯᠡᠭᠰᠡᠨ ᠦᠷ᠎ᠡ ᠮᠢᠨᠢ ᠭᠡᠳ ᠬᠥᠳᠡᠯᠦᠭᠡᠳ ᠣᠴᠢᠪᠠᠯ ᠥᠷᠥᠰᠢᠶᠡᠨ᠎ᠡ ᠪᠣᠯᠪᠠ ᠤᠤ᠂ ᠶᠠᠭᠠᠬᠢᠨ᠎ᠠ ᠪᠣᠯ ᠭᠡᠮᠡᠨ ᠬᠠᠷᠢᠭᠤ ᠣᠯᠬᠤ ᠭᠡᠵᠦ ᠰᠢᠨᠠᠯᠤᠨ ᠰᠠᠭᠤᠪᠠᠢ᠃ ᠶᠡᠬᠡ ᠬᠣᠲᠣᠯᠠ ᠬᠠᠭᠠᠨ ᠰᠡᠷᠡᠭᠦᠨ ᠲᠤᠩᠭᠠᠯᠠᠭ ᠴᠠᠭ ᠲᠤ᠌ ᠰᠠᠨ ᠪᠣᠯ ᠠᠭᠤᠴᠢ ᠰᠡᠳᠬᠢᠯ᠂ ᠭᠦᠶᠦᠯᠭᠡᠨ ᠤᠬᠠᠭᠠᠨ ᠲᠠᠢ ᠬᠥᠮᠦᠨ ᠥᠷᠥᠰᠢᠶᠡᠨ ᠰᠣᠶᠣᠷᠬᠠᠵᠤ ᠮᠡᠳᠡᠬᠦ ᠪᠠᠢᠪᠠ᠃ ᠲᠡᠭᠷᠢ ᠬᠠᠩᠭᠠᠢ ᠬᠥᠮᠦᠨ ᠢ᠋ ᠰᠣᠷᠴᠢᠯᠠᠵᠤ ᠳᠠᠭᠤᠳᠠᠳᠠᠭ ᠶᠤᠮ ᠰᠢᠭ᠋ ᠲᠡᠷᠡ ᠪᠡᠷ ᠡᠭᠦᠷᠢᠳᠡ ᠦᠭᠡᠢ ᠪᠣᠯᠵᠠᠢ᠃ ᠬᠤᠯᠠᠨ ᠨᠣᠶᠠᠨᠠ᠋ᠴᠠ ᠥᠷᠥᠰᠢᠶᠡᠯ ᠭᠣᠷᠢᠳᠠᠨ᠎ᠠ ᠭᠡᠳᠡᠭ ᠬᠠᠳᠠ ᠬᠠᠭᠠᠯᠵᠤ᠂ ᠣᠳᠣ ᠰᠢᠭᠦᠷᠡᠬᠦ ᠡᠴᠡ ᠬᠡᠴᠡᠭᠦᠦ ᠪᠣᠯᠠᠢ᠃ ᠬᠠᠷᠢᠨ ᠮᠠᠲᠠᠯ ᠶᠡᠬᠡᠰᠴᠦ᠂ ᠴᠢᠳᠠᠯ ᠰᠠᠭᠤᠭᠰᠠᠨ ᠶᠢᠰᠦᠭᠡᠢ ᠪᠠᠭᠠᠲᠤᠷ ᠤ᠋ᠨ ᠰᠣᠶᠣᠷᠬᠠᠯ ᠲᠡᠭᠦᠨ ᠳ᠋ᠦ᠍ ᠢᠲᠡᠭᠡᠯ ᠲᠡᠢ ᠪᠠᠢᠵᠤ ᠮᠡᠳᠡᠬᠦ ᠪᠢᠯᠡ᠃ ᠡᠢᠨ ᠪᠣᠳᠣᠬᠤ ᠳ᠋ᠤ᠌ ᠵᠠᠯᠠᠭᠤ ᠶᠢᠰᠦᠭᠡᠢ ᠶ᠋ᠢᠨ ᠳᠦᠷᠯᠡᠯᠵᠡᠭᠰᠡᠨ ᠬᠠᠷ᠎ᠠ ᠨᠢᠳᠦᠨ ᠦ᠌ ᠳᠦᠷᠡᠯᠵᠡᠭᠰᠡᠨ ᠭᠠᠯ ᠮᠡᠳᠡᠷᠡᠭᠳᠡᠬᠦ ᠰᠢᠭ ᠪᠣᠯᠵᠤ᠂ ᠮᠥᠨᠥᠬᠡᠨ ᠴᠠᠰᠤᠲᠤ ᠬᠥᠨᠳᠡᠢ ᠳ᠋ᠦ᠍ ᠳᠠᠬᠤ ᠥᠭᠭᠦᠭᠰᠡᠨ ᠤᠴᠠᠷᠠᠯ ᠨᠢᠳᠦᠨ ᠳ᠋ᠦ᠍ ᠲᠣᠳᠣᠷᠠᠵᠤ ᠠᠪᠠᠢ᠃ ᠶᠡᠷᠦ ᠨᠢᠭᠦᠯᠲᠦ ᠦᠷ᠎ᠡ ᠪᠡᠨ ᠬᠥᠲᠥᠯᠵᠦ ᠶᠢᠰᠦᠭᠡᠢ ᠨᠣᠶᠠᠨ ᠳ᠋ᠤ᠌ ᠣᠴᠢᠬᠤ ᠨᠢ ᠵᠥᠪ ᠭᠡᠮᠡᠨ ᠰᠢᠢᠳᠪᠡ᠃ ᠠᠮᠢ ᠶ᠋ᠢ ᠨᠢ ᠠᠪᠴᠤ ᠭᠠᠷᠪᠠᠯ ᠪᠣᠯᠵᠠᠢ᠂ ᠨᠢᠳᠦᠨ ᠳ᠋ᠦ᠍ ᠯᠡ ᠬᠠᠷᠠᠭᠳᠠᠵᠤ ᠶᠠᠪᠤᠪᠠᠯ ᠪᠠᠷᠠᠵᠠᠢ᠂ ᠬᠠᠭᠠᠨ ᠪᠠᠢᠨ᠎ᠠ ᠤᠤ᠂ ᠬᠠᠷᠠᠴᠤ ᠪᠠᠢᠨ᠎ᠠ ᠤᠤ ᠶᠠᠭᠤᠨ ᠢᠯᠭᠠᠭ᠎ᠠ ᠪᠢᠯᠡ᠃ ᠡᠢᠨ ᠰᠢᠢᠳᠴᠦ᠂
— ᠦᠭᠡ ᠮᠢᠨᠢ᠂ ᠴᠢ ᠨᠠᠳᠠ ᠲᠠᠢ ᠶᠠᠪᠤ! ᠭᠡᠬᠦ ᠳ᠋ᠦ᠍ ᠬᠥᠪᠡᠭᠦᠨ ᠲᠣᠯᠣᠭᠠᠢ ᠰᠡᠭᠰᠦᠷᠦᠨ᠂
— ᠬᠠᠲᠤᠨ ᠢᠵᠢᠢ ᠲᠠ ᠰᠣᠶᠣᠷᠬ᠎ᠠ! ᠨᠠᠮᠠᠶ᠋ᠢ ᠮᠠᠷᠬᠤᠰ ᠪᠣᠶᠣᠷᠤᠭ ᠰᠢᠭ᠋ ᠪᠣᠯᠭᠠᠬᠤ ᠶ᠋ᠢ ᠶᠠᠭᠤᠨ ᠳ᠋ᠤ᠌ ᠬᠦᠰᠡᠨ᠎ᠡ ᠭᠡᠪᠡᠯ ᠪᠦᠯᠵᠢᠭᠡᠨ ᠢᠵᠢᠢ᠂
— ᠬᠠᠮᠤᠭ ᠮᠣᠩᠭᠣᠯ ᠤ᠋ᠨ ᠨᠣᠶᠠᠳ ᠳᠡᠭᠡᠳᠦᠰ ᠲᠩᠷᠢ ᠡᠴᠡ ᠵᠠᠶᠠᠭᠠᠲᠤ ᠲᠥᠷᠥᠭᠰᠡᠨ ᠪᠢᠯᠡ! ᠲᠡᠳᠡ ᠭᠠᠵᠠᠷ ᠤ᠋ᠨ ᠠᠮᠢᠲᠠᠰ ᠮᠡᠲᠦ ᠮᠠᠭᠤ ᠶ᠋ᠢ ᠰᠡᠳᠦᠵᠦ᠂ ᠮᠠᠭᠤᠬᠠᠢ ᠶ᠋ᠢ ᠦᠢᠯᠡᠳᠬᠦ ᠰᠠᠨᠠᠭ᠎ᠠ ᠦᠭᠡᠢ ᠤᠯᠤᠰ ᠬᠡᠮᠡᠪᠡ᠃
— ᠲᠡᠭᠡᠪᠡᠯ ᠮᠢᠨᠦ ᠲᠣᠯᠣᠭᠠᠢ ᠠᠪᠬᠤ ᠪᠢᠵᠡ ᠭᠡᠳ ᠮᠥᠨᠥᠬᠡᠨ ᠴᠢᠨ ᠲᠣᠯᠣᠭᠠᠢ ᠤᠷᠤᠭᠤ ᠥᠩᠬᠥᠷᠢᠵᠦ ᠠᠭᠰᠠᠨ ᠴᠠᠷᠺᠢᠯ ᠨᠣᠳᠣᠢ ᠡᠴᠢᠭᠡ ᠶ᠋ᠢᠨ ᠴᠢᠰᠤ ᠲᠠᠢ ᠲᠣᠯᠣᠭᠠᠢ ᠶ᠋ᠢ ᠬᠠᠷᠠᠭᠰᠠᠨ ᠮᠡᠲᠦ ᠰᠡᠷᠲᠡᠰᠬᠢᠯᠡ᠃ ᠵᠦᠩ ᠢ᠋ᠶ᠋ᠡᠷ ᠮᠡᠳᠡᠷᠡᠭᠰᠡᠨ ᠪᠦᠯᠵᠢᠭᠡᠨ ᠢᠵᠢᠢ᠂
— ᠬᠠᠭᠠᠨ ᠡᠴᠢᠭᠡ ᠪᠡᠨ ᠪᠣᠳᠣᠵᠤ ᠰᠠᠭᠤᠭ᠎ᠠ ᠪᠣᠯ ᠴᠡᠷᠺᠢᠯ ᠨᠣᠳᠤᠢ ᠨᠣᠶᠠᠨ ᠬᠡᠭᠡᠷ᠎ᠡ ᠶ᠋ᠢᠨ ᠠᠢᠮᠠᠭ ᠤ᠋ᠨ ᠡᠮᠦᠨ᠎ᠡ ᠥᠪᠡᠷ ᠦ᠋ᠨ ᠪᠤᠷᠤᠭᠤ ᠲᠠᠢ ᠪᠢᠯᠡ᠃ ᠴᠢ ᠨᠠᠮᠠᠶ᠋ᠢ ᠡᠰᠡ ᠭᠡᠬᠦ ᠳ᠋ᠦ᠍ ᠳᠡᠭᠦᠦ ᠪᠡᠨ ᠪᠤᠳᠤᠭᠲᠤᠨ᠃ ᠶᠠᠪᠤᠶ᠎ᠠ! ᠭᠡᠬᠦ ᠳ᠋ᠦ᠍ ᠲᠡᠮᠦᠵᠢᠨ ᠦᠭᠡ᠂
— ᠪᠢ ᠡᠷ᠎ᠡ ᠴᠡᠷᠢᠭ ᠢ᠋ᠶ᠋ᠡᠨ ᠣᠷᠬᠢᠵᠤ ᠡᠰᠡ ᠣᠳᠬᠤ ᠪᠢᠯᠡ ᠭᠡᠲᠡᠯ᠎ᠡ ᠶᠡᠬᠡ ᠬᠦᠷᠢᠶ᠎ᠡ ᠬᠥᠳᠡᠯᠭᠡᠭᠡᠨ ᠳ᠋ᠦ᠍ ᠣᠷᠣᠭᠠᠳ ᠶᠠᠪᠤᠴᠢᠬᠠᠪᠠ᠃ ᠡᠨᠡ ᠦᠶᠡᠰ ᠬᠥᠲᠥᠴᠢ ᠴᠡᠷᠢᠭ ᠭᠦᠶᠦᠨ ᠢᠷᠡᠵᠦ᠂
— ᠡᠷᠬᠢᠮ ᠳᠡᠭᠡᠳᠦᠰ ᠮᠢᠨᠢ᠂ ᠵᠠᠯᠢᠪᠤᠬᠠ ᠨᠣᠶᠠᠨ ᠤ᠋ ᠲᠤᠭ ᠤ᠋ᠨ ᠡᠷᠡᠰ ᠶᠢᠰᠦᠭᠡᠢ ᠪᠠᠭᠠᠲᠤᠷ ᠤ᠋ᠨ ᠴᠡᠷᠢᠭ ᠦ᠋ᠳ ᠲᠦ᠍ ᠶᠡᠬᠡᠳᠡ ᠳᠠᠷᠤᠭᠳᠠᠵᠠᠢ ᠭᠡᠪᠡᠯ ᠦᠭᠡ ᠨᠣᠶᠠᠨ᠂
— ᠠᠪᠠᠭ᠎ᠠ ᠬᠠᠭᠠᠨ ᠬᠠᠮᠢᠭ᠎ᠠ ᠪᠠᠢᠨ᠎ᠠ?! ᠭᠡᠬᠦ ᠳ᠋ᠦ᠍ ᠬᠥᠲᠥᠴᠢ ᠡᠷ᠎ᠡ ᠰᠠᠨᠳᠤᠷᠤᠨ᠂
一 ᠠᠢᠰᠤᠢ ᠶᠠᠪᠤᠨ᠎ᠠ ᠬᠡᠮᠡᠯ᠎ᠡ᠃ ᠦᠭᠡ ᠨᠣᠶᠠᠨ ᠲᠡᠪᠡᠳᠡᠨ ᠰᠠᠨᠳᠤᠷᠴᠤ ᠲᠠᠷᠮᠠᠨ ᠳᠣᠲᠣᠷ᠎ᠠ ᠪᠠᠨ ᠨᠢᠭᠡ ᠶ᠋ᠢ ᠡᠷᠢᠯᠬᠢᠯᠡᠵᠦ ᠲᠣᠭᠣᠷᠢᠭᠤᠯᠵᠤ ᠬᠠᠷᠠᠭᠰᠠᠨ ᠢ᠋ᠶ᠋ᠠᠨ᠂
一 ᠬᠠᠲᠤᠨ ᠢᠵᠢᠢ ᠮᠢᠨᠢ᠂ ᠲᠠ ᠶᠠᠪᠤᠵᠤ ᠬᠠᠢᠷᠠᠯᠠ! ᠵᠠᠯᠢᠪᠤᠬᠠ ᠨᠣᠶᠠᠨ ᠲᠠᠨ ᠢ᠋ ᠨᠢᠭᠡ ᠨᠢᠳᠦ ᠪᠡᠷ ᠡᠰᠡ ᠦᠵᠡᠬᠦ ᠪᠢᠯᠡ᠃ ᠪᠢ ᠥᠮᠥᠭᠡᠷᠡᠵᠦ ᠳᠡᠢᠯᠬᠦ ᠦᠭᠡᠢ ᠳ᠋ᠦ᠍ ᠬᠦᠷᠦᠯ᠎ᠡ ᠭᠡᠬᠦ ᠳ᠋ᠦ᠍ ᠪᠦᠯᠵᠢᠭᠡᠨ ᠢᠵᠢᠢ ᠠᠮᠢ ᠪᠠᠨ ᠬᠠᠢᠷᠠᠯᠠᠬᠤ ᠰᠡᠳᠬᠢᠯ ᠢ᠋ᠶ᠋ᠡᠨ ᠮᠠᠷᠲᠠᠭᠰᠠᠨ ᠮᠡᠲᠦ ᠲᠠᠢᠪᠤᠩ ᠳᠠᠭᠤ ᠪᠠᠷ᠂
一 ᠴᠢ ᠨᠠᠮᠠᠶ᠋ᠢ ᠬᠠᠮᠠᠭᠠᠯᠠᠵᠤ ᠡᠰᠡ ᠴᠢᠳᠠᠬᠤ ᠠᠵᠢ᠃ ᠪᠢ ᠬᠠᠷᠢᠨ ᠴᠢᠮᠠᠶ᠋ᠢ ᠪᠠᠲᠤ ᠬᠠᠮᠠᠭᠠᠯᠠᠵᠤ ᠴᠢᠳᠠᠬᠤ ᠪᠢᠯᠡ᠃ ᠶᠠᠪᠤᠰᠤ! ᠭᠡᠮᠡᠨ ᠥᠨᠳᠡᠢᠲᠡᠯ᠎ᠡ᠂
一 ᠬᠡᠭᠡᠷ᠎ᠡ ᠶ᠋ᠢᠨ ᠠᠢᠮᠠᠭ ᠢᠷᠡᠯ᠎ᠡ! ᠭᠡᠮᠡᠨ ᠱᠤᠤᠭᠢᠯᠳᠤᠵᠤ᠂ ᠬᠦᠷᠢᠶ᠎ᠡ ᠳᠠᠶᠠᠭᠠᠷ ᠡᠭᠦᠷ ᠢ᠋ᠶ᠋ᠡᠨ ᠡᠪᠳᠡᠭᠦᠯᠦᠭᠰᠡᠨ ᠰᠢᠷᠭᠤᠯᠵᠢ ᠰᠢᠭ᠋ ᠪᠤᠵᠢᠭᠢᠨᠠᠬᠤ ᠳ᠋ᠤ᠌ ᠲᠡᠮᠦᠵᠢᠨ ᠦᠭᠡ ᠡᠬᠡ ᠪᠡᠨ ᠬᠠᠷᠠᠵᠤ᠂
一 ᠶᠠᠪᠤᠰᠤ! ᠬᠡᠮᠡᠵᠡᠢ᠃ ᠡᠢᠨ ᠠᠯᠲᠠᠨ ᠲᠠᠷᠮ᠎ᠠ ᠠ᠋ᠴᠠ ᠤᠬᠤᠰᠬᠢᠨ ᠭᠠᠷᠬᠤ ᠳ᠋ᠤ᠌ ᠬᠥᠯᠥᠨ ᠳᠠᠯᠠᠢ ᠶ᠋ᠢᠨ ᠵᠦᠭ ᠡᠴᠡ ᠪᠦᠷᠢᠪᠥ᠋ᠬᠡ ᠶ᠋ᠢᠨ ᠬᠥᠬᠡ ᠲᠤᠭᠲᠤ ᠶᠡᠬᠡ ᠴᠡᠷᠢᠭ ᠨᠥᠮᠥᠷᠦᠨ ᠠᠢᠰᠤᠢ ᠨᠢ ᠦᠷ ᠦ᠋ᠨ ᠪᠦᠷᠦᠩ ᠪᠠᠷᠤᠩ ᠭᠡᠭᠡᠨ ᠳᠣᠣᠭᠤᠷ ᠪᠦᠳᠡᠭᠢ ᠪᠠᠳᠠᠬᠢᠬᠠᠨ ᠬᠠᠷᠠᠭᠳᠠᠬᠤ ᠠᠵᠢ᠃ ᠪᠦᠯᠵᠢᠭᠡᠨ ᠢᠵᠢᠢ ᠬᠥᠲᠥᠴᠢ ᠴᠡᠷᠢᠭ ᠡᠴᠡ ᠴᠤᠯᠪᠤᠭᠤᠷ ᠢ᠋ᠶ᠋ᠠᠨ ᠰᠢᠭᠦᠷᠡᠨ ᠠᠪᠴᠤ᠂
一 ᠪᠦᠷᠢ ᠢᠷᠡᠯ᠎ᠡ᠃ ᠶᠢᠰᠦᠭᠡᠢ ᠤᠷᠤᠭᠤ᠁ ᠴᠦ᠁ ᠭᠡᠮᠡᠨ ᠤᠬᠤᠰᠬᠢᠬᠦ ᠳ᠋ᠦ᠍ ᠮᠥᠨᠳᠥᠷ ᠭᠦᠩᠵᠦ ᠠᠭᠰᠤᠮ ᠬᠠᠯᠢᠭᠤᠨ ᠮᠣᠷᠢᠨ ᠤ᠋ ᠠᠩᠭᠠᠯᠵᠠᠨ ᠲᠡᠮᠡᠦᠯᠬᠦ ᠵᠢᠯᠣᠭᠣ ᠲᠠᠯᠪᠢᠨ ᠳᠠᠪᠢᠷᠠᠯᠠ᠂᠃ ᠴᠢᠩᠭᠢᠵᠦ ᠬᠠᠷᠠᠩᠭᠤᠢ ᠰᠠᠯᠵᠤ ᠶᠠᠳᠠᠬᠤ ᠪᠦᠷᠦᠢ ᠳᠤᠮᠳᠠ ᠤᠴᠢᠷ ᠢ᠋ᠶ᠋ᠠᠨ ᠣᠯᠬᠤ ᠦᠭᠡᠢ ᠰᠠᠨᠳᠤᠴᠢᠬᠤ ᠲᠠᠲ᠋ᠠᠷ ᠢ᠋ ᠳᠠᠭᠤᠴᠢᠨ ᠭᠢᠰᠬᠢᠯᠡᠨ ᠭᠤᠷᠪᠠᠨ ᠮᠣᠷᠢᠲᠠᠨ ᠬᠠᠷᠪᠤᠭᠰᠠᠨ ᠰᠤᠮᠤ ᠰᠢᠭ᠋ ᠴᠢᠪᠬᠠᠳᠠᠵᠠᠢ᠃ ᠲᠡᠮᠦᠵᠢᠨ ᠦᠭᠡ ᠶ᠋ᠢᠨ ᠰᠡᠳᠬᠢᠯ ᠡᠷᠭᠢᠭᠦᠵᠡᠢ ᠭᠡᠮᠡᠨ ᠠᠶᠤᠭᠰᠠᠨ ᠢᠵᠢᠢ ᠲᠠᠯᠠᠮᠠᠨ ᠰᠢᠷᠭ᠎ᠠ ᠶ᠋ᠢ ᠨᠢ ᠤᠷᠲᠤ ᠪᠠᠨ ᠰᠢᠬᠠᠨ᠂ ᠪᠠᠢᠨ ᠪᠠᠢᠨ ᠬᠣᠨᠳᠣᠯᠠᠢ ᠳᠤᠮᠳᠠᠭᠤᠷ ᠨᠢ ᠲᠠᠰᠢᠭᠤᠷᠳᠠᠵᠤ ᠶᠠᠪᠤᠯ᠎ᠠ᠃ ᠶᠢᠰᠦᠭᠡᠢ ᠪᠠᠭᠠᠲᠤᠷ ᠤ᠋ᠨ ᠲᠤᠭ ᠤ᠋ᠨ ᠳᠣᠣᠷ᠎ᠠ ᠮᠣᠷᠳᠠᠭᠰᠠᠨ ᠶᠡᠬᠡ ᠴᠡᠷᠢᠭ ᠣᠷᠱᠤᠨ ᠮᠥᠷᠡᠨ ᠦ᠌ ᠵᠡᠭᠦᠨ ᠡᠷᠭᠢ ᠳ᠋ᠦ᠍᠂ ᠬᠤᠯᠤᠭᠠᠷ ᠳᠣᠪᠣ ᠶ᠋ᠢᠨ ᠡᠩᠭᠡᠷ ᠲᠦ᠍ ᠬᠤᠸᠠᠷᠠᠩᠨᠠᠨ ᠪᠠᠭᠤᠭᠠᠳ ᠪᠠᠢᠬᠤ ᠳ᠋ᠤᠨᠢ ᠣᠴᠢᠵᠠᠢ᠃ ᠶᠢᠰᠦᠭᠡᠢ ᠪᠠᠭᠠᠲᠤᠷ ᠬᠡᠭᠡᠷ᠎ᠡ ᠶ᠋ᠢᠨ ᠬᠥᠬᠡ ᠲᠣᠷᠭᠠᠨ ᠲᠠᠷᠮᠠᠨ ᠣ ᠬᠣᠢᠮᠣᠷ ᠲᠤ᠌ ᠪᠤᠯᠠᠭᠠᠨ ᠳᠡᠪᠡᠯ ᠰᠤᠭᠤᠯᠳᠤᠷᠭᠠᠯᠠᠭᠠᠳ ᠬᠠᠩᠬᠠᠢᠨ ᠰᠠᠭᠤᠯ᠎ᠠ᠃ ᠶᠡᠷᠦ ᠪᠤᠰᠤ ᠶ᠋ᠢᠨ ᠴᠣᠭ ᠵᠠᠯᠢ ᠭᠡᠷᠡᠯᠲᠦᠭᠰᠡᠨ ᠲᠡᠭᠦᠨ ᠦ᠌ ᠰᠦᠷ ᠲᠦ᠍ ᠳᠠᠷᠤᠭᠳᠠᠭᠰᠠᠨ ᠪᠦᠯᠵᠢᠭᠡᠨ ᠬᠠᠲᠤᠨ ᠨᠠᠪᠲᠠᠰᠬᠢᠬᠦ ᠳ᠋ᠦ᠍ ᠨᠡᠭᠦᠨ ᠲᠠᠢᠵᠢ ᠥᠨᠳᠡᠰᠬᠢᠨ᠂
一 ᠬᠠᠭᠠᠨ ᠬᠣᠲᠣᠯᠠ ᠶ᠋ᠢᠨ ᠨᠤᠭᠤᠨ ᠦᠷ᠎ᠡ ᠶ᠋ᠢᠨ ᠡᠬᠡ ᠲᠠ ᠶᠠᠭᠤᠨ ᠳ᠋ᠤ᠌ ᠰᠥᠭᠥᠳᠦᠨᠡ᠃ ᠵᠣᠷᠢᠭᠰᠠᠨ ᠢ᠋ᠶ᠋ᠠᠨ ᠠᠢᠯᠠᠳᠬ᠎ᠠ! ᠭᠡᠪᠡ᠃ ᠲᠡᠷᠡ ᠪᠡᠷ ᠲᠡᠮᠦᠵᠢᠨ ᠦᠭᠡ ᠶ᠋ᠢᠨ ᠢᠯᠳᠦ ᠨᠤᠮᠤ ᠬᠣᠶᠠᠷ ᠢ᠋ ᠬᠣᠷᠢᠶᠠᠨ ᠠᠪᠴᠤ ᠬᠣᠶᠠᠷ ᠭᠠᠷᠳᠠᠨ ᠪᠠᠷᠢᠭᠠᠳ᠂
—ᠨᠢᠭᠦᠯᠲᠦ ᠮᠢᠨᠦ ᠲᠥᠷᠥᠭᠦᠯᠦᠭᠰᠡᠨ ᠴᠢᠪᠢᠯᠲᠦ ᠦᠷ᠎ᠡ ᠲᠡᠮᠦᠵᠢᠨ ᠦᠭᠡ ᠪᠢᠯᠡ᠃ ᠶᠠᠷᠢᠶ᠎ᠠ ᠪᠠᠢᠬᠤ ᠦᠭᠡᠢ ᠶᠠᠰᠤ ᠮᠢᠬᠠᠨ ᠤ᠋ ᠮᠢᠨᠢ ᠲᠠᠰᠤᠷᠬᠠᠢ ᠲᠤᠯᠠ ᠠᠯᠠᠵᠤ ᠴᠢᠳᠠᠭᠰᠠᠨ ᠦᠭᠡᠢ ᠠᠪᠴᠤ ᠢᠷᠡᠪᠡ᠂ ᠪᠢ! ᠲᠥᠷᠥ ᠳ᠋ᠦ᠍ ᠲᠠᠷᠢᠭᠰᠠᠨ ᠭᠠᠢ ᠶ᠋ᠢ ᠨᠢ ᠪᠣᠳᠣᠵᠤ ᠲᠥᠭᠡ ᠪᠡᠶ᠎ᠡ ᠶ᠋ᠢ ᠨᠢ ᠥᠳᠥ ᠬᠣᠷᠣᠬᠠᠢ ᠶ᠋ᠢᠨ ᠢᠳᠡᠰᠢ ᠪᠣᠯᠭᠠᠬᠤ ᠳ᠋ᠤ᠌ ᠭᠣᠮᠣᠳᠠᠬᠤ ᠦᠭᠡᠢ᠂ ᠪᠢ᠃ ᠭᠡᠪᠡᠴᠦ ᠡᠵᠡᠨ ᠲᠠ ᠪᠣᠯᠭᠣᠭᠠᠪᠠᠯ ᠥᠰᠢᠶ᠎ᠡ ᠶ᠋ᠢ ᠥᠰᠢᠶ᠎ᠡ ᠪᠡᠷ ᠲᠠᠢᠯᠳᠠᠭ ᠦᠭᠡᠢ᠂ ᠥᠰᠢᠶ᠎ᠡ ᠶ᠋ᠢ ᠥᠷᠥᠰᠢᠶᠡᠯ ᠢ᠋ᠶ᠋ᠡᠷ ᠲᠠᠢᠯᠳᠠᠭ ᠭᠡᠳᠡᠭ ᠪᠢᠯᠡ᠃ ᠲᠠᠨ ᠤ᠋ ᠮᠡᠷᠭᠡᠨ ᠣᠶᠤᠨ ᠤᠬᠠᠭᠠᠨ ᠮᠡᠳᠡᠲᠦᠭᠡᠢ! ᠬᠡᠮᠡᠵᠡᠢ᠃ ᠬᠡᠢᠮᠣᠷᠢ ᠴᠢᠭᠤᠯᠤᠭᠰᠠᠨ ᠨᠣᠶᠠᠳ ᠤ᠋ᠨ ᠥᠷᠥᠭᠡ ᠠᠨᠢᠷ ᠬᠦᠮᠬᠡᠨ ᠪᠣᠯᠤᠯ᠎ᠠ᠃ ᠠᠩᠬ᠎ᠠ ᠤᠳᠠᠭ᠎ᠠ ᠬᠠᠷᠠᠴᠠ ᠰᠣᠯᠢᠯᠴᠠᠬᠤ ᠳ᠋ᠤ᠌ ᠯᠠ ᠶᠠᠰᠤ ᠶᠠᠩᠭᠢᠨᠠᠲᠠᠯ᠎ᠠ ᠦᠰ ᠵᠠᠩᠭᠢᠳᠬᠤ ᠰᠢᠭ᠋ ᠰᠠᠨᠠᠭᠳᠠᠭᠰᠠᠨ ᠬᠣᠶᠠᠷ ᠡᠷ᠎ᠡ ᠣᠯᠠᠨ ᠵᠢᠯ ᠦ᠋ᠨ ᠳᠠᠷᠠᠭ᠎ᠠ ᠠᠮᠢᠨ ᠵᠠᠩᠭᠢᠯᠠᠭᠠᠨ ᠳᠡᠭᠡᠷ᠎ᠡ ᠠᠭᠤᠯᠵᠠᠬᠤ ᠨᠢ ᠡᠨᠡ ᠠᠵᠢ᠃ ᠪᠦᠯᠵᠢᠭᠡᠨ ᠬᠠᠲᠤᠨ ᠤ᠋ ᠪᠣᠷᠣ ᠵᠢᠷᠦᠬᠡ ᠬᠠᠪᠢᠷᠭ᠎ᠠ ᠪᠠᠨ ᠳᠡᠯᠡᠰᠦᠨ ᠣᠪᠣᠯᠵᠠᠵᠤ᠂ ᠲᠣᠭᠣᠷᠢᠨ ᠰᠠᠭᠤᠭᠰᠠᠨ ᠨᠣᠶᠠᠳ ᠢ᠋ ᠬᠠᠷᠠᠴᠠ ᠪᠠᠷ ᠢ᠋ᠶ᠋ᠠᠨ ᠠᠷᠭᠠᠳᠠᠵᠤ ᠶᠠᠳᠠᠨ᠎ᠠ᠃ ᠮᠡᠩᠬᠢᠲᠦ ᠬᠢᠶᠠᠨ ᠬᠣᠭᠣᠯᠠᠢ ᠵᠠᠰᠠᠵᠤ᠂ ᠨᠡᠭᠦᠨ ᠲᠠᠢᠵᠢ ᠬᠠᠷᠠᠴᠠ ᠳᠠᠯᠳᠢᠷᠠᠨ ᠰᠠᠨᠠᠭ᠎ᠠ ᠠᠯᠳᠠᠵᠤ ᠪᠦᠭᠦᠳᠡ ᠶᠡᠬᠡ ᠶᠢᠰᠦᠭᠡᠢ ᠶ᠋ᠢᠨ ᠦᠭᠡ ᠶ᠋ᠢ ᠬᠦᠯᠢᠶᠡᠪᠡ᠃ ᠬᠠᠷᠢᠨ ᠲᠣᠷᠯᠣᠭ ᠲᠤᠭᠤᠷᠢᠯ ᠠᠮᠠ ᠨᠡᠭᠡᠭᠡᠵᠦ᠂
— ᠰᠤᠷᠪᠤᠯᠵᠢᠲᠤ ᠬᠡᠷᠡᠢᠳ ᠤᠯᠤᠰ ᠤ᠋ᠨ ᠲᠠᠷᠠᠵᠤ ᠪᠤᠲᠠᠷᠠᠭᠰᠠᠨ ᠭᠠᠯ ᠭᠣᠯᠣᠮᠲᠠ ᠶ᠋ᠢ ᠡᠪᠰᠡᠭᠦᠯᠵᠦ ᠵᠠᠩᠭᠢᠳᠬᠤ ᠳ᠋ᠤ᠌ ᠡᠨᠡ ᠬᠥᠪᠡᠭᠦᠨ ᠵᠢᠳᠬᠦᠭᠰᠡᠨ ᠭᠠᠪᠢᠶ᠎ᠠ ᠪᠣᠢ᠃ ᠠᠮᠢ ᠶ᠋ᠢ ᠨᠢ ᠨᠡᠬᠡᠵᠦ᠂ ᠠᠯᠤᠰ ᠢ᠋ ᠨᠢ ᠪᠤᠳᠠᠩᠭᠣᠢᠷᠠᠭᠤᠯᠤᠬᠰᠠᠨ ᠨᠢᠭᠦᠯ ᠬᠣᠷᠵᠠᠬᠣᠰ ᠡᠴᠢᠭᠡ ᠶ᠋ᠢᠨ ᠬᠢ ᠪᠢᠯᠡ ᠭᠡᠬᠦ ᠳ᠋ᠦ᠍ ᠪᠦᠯᠵᠢᠭᠡᠨ ᠬᠠᠲᠤᠨ ᠪᠠᠶᠠᠷᠯᠠᠵᠤ ᠰᠠᠭᠤᠪᠠ᠃ ᠠᠭᠤᠯᠠ ᠶ᠋ᠢᠨ ᠴᠢᠨᠡᠭᠡ ᠬᠠᠷ᠎ᠠ ᠦᠢᠯᠡ ᠲᠡᠢ ᠴᠤ᠌᠂ ᠲᠠᠤᠯᠠᠢ ᠶ᠋ᠢᠨ ᠴᠢᠨᠡᠭᠡ ᠴᠠᠭᠠᠨ ᠪᠤᠶᠠᠨ ᠪᠠᠰᠠ ᠪᠣᠢ ᠠᠵᠤᠭᠤ᠃ ᠴᠢᠨ ᠲᠣᠯᠣᠭᠠᠢ ᠶ᠋ᠢ ᠬᠥᠮᠦᠨ ᠲᠣᠯᠣᠭᠠᠢ ᠪᠠᠷ ᠳᠠᠬᠢᠵᠦ ᠠᠭᠰᠠᠨ ᠭᠤᠨᠢᠭᠲᠤ ᠳᠤᠷᠠᠰᠤᠮᠵᠢ ᠶ᠋ᠢ ᠰᠠᠨᠠᠵᠤ ᠶᠠᠳᠠᠬᠤ ᠮᠡᠲᠦ ᠶᠢᠰᠦᠭᠡᠢ ᠪᠠᠭᠠᠲᠤᠷ ᠭᠡᠷᠡᠯ ᠰᠠᠴᠤᠷᠠᠭᠰᠠᠨ ᠲᠤᠩᠭᠠᠯᠠᠭ ᠮᠡᠯᠮᠡᠢ ᠪᠡᠷ ᠦᠭᠡ ᠨᠣᠶᠠᠨ ᠢ᠋ ᠤᠳᠠᠭᠠᠨ ᠬᠠᠷᠠᠭᠰᠠᠨ ᠢ᠋ᠶ᠋ᠠᠨ᠂
— ᠬᠠᠲᠤᠨ ᠢᠵᠢᠢ ᠶ᠋ᠢᠨ ᠲᠠᠨᠢ ᠶᠠᠯ᠎ᠠ ᠶ᠋ᠢ ᠬᠠᠭᠠᠨ ᠠᠬ᠎ᠠ ᠮᠢᠨᠢ ᠥᠷᠥᠰᠢᠶᠡᠭᠰᠡᠨ ᠪᠢᠯᠡ᠃ ᠳᠠᠩ ᠭᠠᠭᠴᠠᠭᠠᠷ ᠮᠢᠨᠦ ᠦᠭᠡ᠂ ᠳᠠᠭᠠᠬᠤ ᠬᠠᠤᠯᠢ ᠪᠣᠯᠵᠤ ᠶᠠᠭᠠᠬᠢᠨ ᠴᠢᠳᠠᠬᠤ ᠠᠵᠢ᠃ ᠬᠤᠷᠠᠨ ᠢᠷᠡᠬᠦ ᠬᠤᠷᠠᠯᠲᠠᠢ ᠶ᠋ᠢᠨ ᠴᠠᠭ ᠪᠣᠯᠲᠠᠯ᠎ᠠ᠂ ᠬᠠᠤᠯᠢ ᠲᠣᠪᠯᠠᠬᠤ ᠨᠣᠶᠠᠳ ᠴᠢᠭᠤᠯᠤᠨ ᠢᠷᠡᠲᠡᠯ᠎ᠡ ᠭᠠᠷ ᠲᠠᠭᠠᠨ ᠭᠠᠪᠠ ᠲᠠᠢ᠂ ᠬᠥᠯ ᠳ᠋ᠡᠭᠡᠨ ᠳᠥᠩᠭᠡ ᠲᠡᠢ ᠶᠠᠪᠤᠰᠤᠭᠠᠢ! ᠭᠡᠯᠡ᠃ ᠶᠠᠭᠤ ᠲᠠᠢ ᠴᠤ᠌ ᠢᠯᠳᠦ ᠳᠠᠭᠤᠳᠠᠵᠤ᠂ ᠴᠠᠭᠠᠵᠠ ᠠᠮᠠᠯᠠᠭᠰᠠᠨ ᠦᠭᠡᠢ ᠪᠣᠯᠠᠢ᠃
