ᠪᠠᠲᠤ ᠬᠠᠭᠠᠨ 1-11ᠮᠣᠷᠢᠨ ᠤ᠋ ᠮᠥᠷ ᠢ᠋ᠶ᠋ᠡᠷBat khaanБат хаан
ᠠᠩᠭᠢᠯᠠᠯ:ᠲᠤᠭᠤᠵᠢ ᠷᠣᠮᠠᠨТоож роман 2025-09-05
334
ᠠᠷᠠᠫᠱᠨ ᠬᠠᠳ᠋ᠵᠢ ᠷᠠᠾᠢᠮ ᠢ᠋ ᠣᠯᠠᠨ ᠬᠥᠲᠥᠯ ᠬᠥᠪᠡᠭᠡ ᠪᠡᠷ ᠰᠦᠯᠵᠢᠭᠰᠡᠨ ᠳᠥᠩᠭᠡᠵᠢ ᠮᠡᠳᠡᠭᠳᠡᠬᠦᠢᠴᠡ ᠴᠤᠪᠤᠴᠠ ᠪᠠᠷ ᠣᠯᠠᠨ ᠤᠳᠠᠭ᠎ᠠ ᠶᠠᠪᠤᠭᠰᠠᠨ ᠬᠥᠮᠦᠨ ᠮᠡᠲᠦ ᠪᠠᠲᠤᠲᠠᠢ ᠪᠠᠷ ᠴᠦᠯ ᠲᠠᠯ᠎ᠠ ᠳ᠋ᠤ᠌ ᠳᠠᠭᠠᠭᠤᠯᠤᠨ ᠶᠠᠪᠤᠵᠠᠢ᠃ ᠠᠷᠠᠫᠱᠨ ᠵᠠᠷᠢᠮ ᠳ᠋ᠠᠭᠠᠨ ᠵᠣᠭᠰᠣᠵᠤ ᠮᠥᠷ ᠢ᠋ ᠠᠵᠢᠭᠯᠠᠨ ᠪᠣᠯᠳᠣᠭ ᠥᠭᠡᠳᠡ ᠭᠠᠷᠴᠤ ᠲᠠᠯ᠎ᠠ ᠤᠷᠤᠭᠤ ᠬᠠᠷᠠᠬᠤ ᠳ᠋ᠤ᠌ ᠶᠠᠳᠠᠷᠠᠭᠰᠠᠨ ᠬᠠᠳ᠋ᠵᠢ ᠷᠠᠾᠢᠮ ᠡᠯᠡᠰᠦᠨ ᠳᠡᠭᠡᠷ᠎ᠡ ᠬᠡᠪᠲᠡᠨ ᠰᠠᠨᠠᠭ᠎ᠠ ᠠᠯᠲᠠᠨ ᠪᠠᠢᠪᠠ᠃ ᠲᠡᠭᠡᠭᠡᠳ ᠰᠡᠭᠦ...