ᠪᠠᠲᠤ ᠬᠠᠭᠠᠨ 2-14 ᠦᠷᠡᠺ ᠠᠭᠤᠯᠠ ᠶ᠋ᠢᠨ ᠡᠪᠦᠭᠡᠨ ᠪᠥᠬᠡ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠠᠷᠪᠠᠨ ᠳᠥᠷᠪᠡ ᠦᠷᠡᠺ ᠠᠭᠤᠯᠠ ᠶ᠋ᠢᠨ ᠡᠪᠦᠭᠡᠨ ᠪᠥᠬᠡ
ᠨᠢᠭᠡ ᠮᠢᠩᠭ᠎ᠠ ᠬᠣᠶᠠᠷ ᠵᠠᠭᠤᠨ ᠭᠤᠴᠢᠨ ᠳᠣᠯᠣᠳᠤᠭᠠᠷ ᠣᠨ ᠤ᠋ ᠨᠠᠮᠤᠷ ᠪᠠᠲᠤ ᠬᠠᠭᠠᠨ ᠤ᠋ ᠥᠷᠭᠥᠭᠡ ᠥᠷᠡᠺ ᠠᠭᠤᠯᠠᠨ ᠳ᠋ᠤ᠌ ᠣᠢᠷᠠᠬᠠᠨ ᠤᠰᠤ ᠶᠡᠬᠡᠲᠡᠢ ᠢᠵᠢᠯ ᠮᠥᠷᠡᠨ ᠳ᠋ᠦ᠍ ᠵᠡᠭᠦᠨ ᠭᠠᠷ ᠠ᠋ᠴᠠ ᠴᠢᠳᠬᠤᠭᠰᠠᠨ ᠶᠸᠷᠦᠰᠯᠠᠨᠠ ᠭᠣᠣᠯ ᠤ᠋ᠨ ᠠᠳᠠᠭ ᠲᠤᠰᠢᠶ᠎ᠠ ᠪᠠᠷᠠᠭᠤᠨ ᠡᠷᠭᠢ ᠳᠡᠭᠡᠷ᠎ᠡ ᠪᠠᠢᠵᠠᠢ᠃ ᠪᠣᠯᠭᠠᠷᠢ ᠬᠠᠷ᠎ᠠ ᠠᠭᠤᠯᠠ ᠶ᠋ᠢᠨ ᠪᠠᠯ ᠳ᠋ᠤ᠌ ᠪᠠᠢᠭ᠎ᠠ ᠪᠤᠯᠠᠭ ᠤ᠋ᠨ ᠳᠡᠷᠭᠡᠳᠡ ᠠᠯᠲᠠᠯᠢᠭ ᠬᠡ ᠤᠭᠠᠯᠵᠠ ᠪᠣᠯᠤᠭᠰᠠᠨ ᠠᠯᠲᠠᠨ ᠰᠢᠷ᠎ᠠ ᠠᠰᠠᠷ ᠳᠥᠩᠭᠡᠵᠢ ᠲᠡᠷᠡ ᠠᠰᠠᠷ ᠤ᠋ᠨ ᠳᠡᠷᠭᠡᠳᠡ ᠶᠢᠰᠦᠨ ᠰᠢᠯᠢᠳᠡᠭ ᠮᠣᠷᠢ ᠪᠡᠯᠡᠬᠡᠨ ᠰᠣᠢᠯᠭᠠᠲᠠᠢ ᠪᠠᠢᠬᠤ ᠨᠢ ᠲᠡᠳᠡᠨ ᠦ᠌ ᠳᠣᠲᠣᠷ᠎ᠠ ᠠ᠋ᠴᠠ ᠭᠤᠸᠠᠯᠢᠭ ᠬᠥᠩᠭᠡᠨ ᠬᠥᠳᠡᠯᠭᠡᠭᠡᠨ ᠢ᠋ᠶ᠋ᠡᠷ ᠵᠠᠩᠵᠤᠨ ᠤ᠋ ᠠᠯᠳᠠᠷᠲᠤ ᠴᠠᠭᠠᠨ ᠮᠣᠷᠢ ᠢᠯᠭᠠᠷᠠᠨ ᠦᠵᠡᠭᠳᠡᠳᠡᠭ ᠪᠢᠯᠡ᠃ ᠴᠢᠨᠠᠭᠰᠢᠳᠠ ᠪᠠᠢᠭᠤᠯᠤᠭᠰᠠᠨ ᠠᠰᠠᠷ ᠤ᠋ᠳ ᠨᠢ ᠭᠡᠪᠡᠯ ᠪᠠᠲᠤ ᠬᠠᠭᠠᠨ ᠤ᠋ ᠳᠣᠯᠣᠭᠠᠨ ᠣᠳᠣᠨ ᠭᠡᠵᠦ ᠠᠯᠳᠠᠷᠰᠢᠭᠰᠠᠨ ᠦᠵᠡᠰᠬᠦᠯᠡᠩᠲᠦ ᠡᠬᠡᠨᠡᠷ ᠦ᠋ᠳ ᠦ᠋ᠨ ᠬᠢᠨᠢ ᠣᠷᠳᠣᠨ ᠪᠢᠯᠡ᠃ ᠵᠠᠩᠵᠤᠨ ᠤ᠋ ᠠᠰᠠᠷ ᠤ᠋ᠨ ᠳᠡᠭᠡᠷ᠎ᠡ ᠥᠨᠳᠥᠷ ᠬᠤᠯᠤᠰᠤᠨ ᠡᠰᠢᠨ ᠳ᠋ᠦ᠍ ᠬᠢᠲᠠᠳ ᠰᠡᠢᠯᠪᠦᠷᠢ ᠪᠡᠷ ᠴᠢᠮᠡᠭᠯᠡᠭᠳᠡᠭᠰᠡᠨ ᠲᠠᠪᠤᠨ ᠪᠤᠯᠤᠩ ᠲᠠᠢ ᠶᠢᠰᠦᠨ ᠬᠡᠯᠡ ᠲᠡᠢ ᠲᠤᠭ ᠬᠡᠢᠰᠴᠦ ᠪᠠᠢᠵᠠᠢ᠃
ᠴᠢᠩᠭᠢᠰ ᠦ᠋ᠨ ᠪᠤᠰᠤᠳ ᠬᠠᠭᠠᠨ ᠬᠥᠪᠡᠭᠦᠳ ᠨᠢ ᠥᠪᠡᠷᠰᠡᠳ ᠦ᠋ᠨ ᠠᠰᠠᠷ ᠤ᠋ᠳ ᠢ᠋ ᠭᠣᠣᠯ ᠤ᠋ᠨ ᠡᠷᠭᠢ ᠳᠠᠭᠠᠭᠤᠯᠤᠨ ᠪᠠᠢᠭᠤᠯᠤᠭᠰᠠᠨ ᠪᠠᠢᠯ᠎ᠠ᠃ ᠠᠰᠠᠷ ᠪᠦᠬᠦᠨ᠂ ᠬᠦᠷᠢᠶᠡᠯᠡᠭᠰᠡᠨ ᠭᠡᠷ ᠦ᠋ᠳ ᠦ᠋ᠨ ᠲᠥᠪ ᠳᠤᠮᠳᠠ ᠣᠷᠣᠰᠢᠬᠤ ᠪᠥᠭᠡᠳ ᠡᠳᠡᠭᠡᠷ ᠭᠡᠷ ᠦ᠋ᠳ ᠲᠦ᠍ ᠪᠡᠶ᠎ᠡ ᠪᠡᠨ ᠬᠠᠮᠠᠭᠠᠯᠠᠭᠴᠢ ᠲᠣᠷᠭᠤᠳ ᠪᠥᠬᠡ ᠨᠠᠷ ᠪᠣᠯᠤᠨ ᠮᠡᠷᠭᠡᠴᠢ ᠲᠥᠯᠭᠡᠴᠢᠳ᠂ ᠳᠡᠪᠢᠭᠦᠷ ᠪᠠᠷᠢᠭᠴᠢ ᠬᠢᠶ᠎ᠡ ᠨᠠᠷ᠂ ᠤᠮᠳᠠᠭᠠᠨ ᠪᠠᠷᠢᠬᠤ ᠠᠶᠠᠭᠠᠴᠢ ᠲᠣᠭᠣᠭᠠᠴᠢ ᠨᠠᠷ᠂ ᠪᠥᠷᠭᠡᠳᠡᠴᠢᠨ᠂ ᠨᠣᠬᠠᠢᠴᠢᠨ᠂ ᠯᠢᠩᠪᠦᠴᠢᠨ᠂ ᠪᠦᠷᠢᠶᠡᠴᠢᠨ᠂ ᠡᠮᠴᠢ ᠨᠠᠷ ᠪᠣᠯᠤᠨ ᠪᠠᠰᠠ ᠪᠤᠰᠤ ᠪᠠᠷ᠎ᠠ ᠪᠣᠯᠤᠭᠴᠢᠳ ᠰᠠᠭᠤᠨ᠎ᠠ᠃ ᠭᠣᠣᠯ ᠤ᠋ᠨ ᠬᠣᠶᠠᠷ ᠡᠷᠭᠢ ᠪᠡᠷ ᠳᠠᠭᠤ ᠴᠢᠮᠡᠭᠡ ᠶᠡᠬᠡᠲᠡᠢ ᠯᠠᠬᠧᠷ ᠦ᠋ᠳ ᠦᠷᠭᠦᠯᠵᠢᠯᠡᠬᠦ ᠨᠢ ᠮᠣᠩᠭᠣᠯ ᠲᠠᠲ᠋ᠠᠷ ᠨᠠᠷ ᠤ᠋ᠨ ᠴᠡᠷᠢᠭ ᠲᠦ᠍ ᠨᠡᠢᠯᠡᠭᠰᠡᠨ ᠵᠦᠢᠯ ᠪᠦᠷᠢ ᠶ᠋ᠢᠨ ᠣᠪᠣᠭ ᠦᠨᠳᠦᠰᠦᠲᠡᠨ ᠪᠣᠯᠤᠨ ᠵᠢᠩᠬᠢᠨᠢ ᠴᠡᠷᠢᠭ ᠦ᠋ᠨ ᠣᠲ᠋ᠷᠢᠶᠠᠳ᠋ ᠤ᠋ᠳ ᠪᠠᠢᠵᠠᠢ᠃ ᠵᠠᠪᠢ ᠨᠤᠭᠤᠳ ᠪᠣᠯᠤᠨ ᠰᠠᠯ ᠨᠤᠭᠤᠳ ᠲᠠᠰᠤᠷᠠᠯᠲᠠ ᠦᠭᠡᠢ ᠬᠥᠪᠴᠦ᠂ ᠪᠠᠢᠯᠳᠤᠭᠴᠢᠳ ᠠᠳᠤᠭᠤ ᠮᠠᠯ ᠠᠴᠢᠶ᠎ᠠ ᠪᠠᠷᠠᠭ᠎ᠠ ᠵᠥᠭᠡᠭᠡᠳᠡᠭ ᠪᠠᠢᠯ᠎ᠠ᠃ ᠭᠣᠣᠯ ᠤ᠋ᠨ ᠵᠡᠭᠦᠨ ᠡᠷᠭᠢ ᠳ᠋ᠡᠬᠢ ᠨᠣᠭᠣᠭᠠᠨ ᠵᠦᠯᠭᠡᠨ ᠳᠡᠭᠡᠷ᠎ᠡ ᠤᠰᠤ ᠭᠠᠲᠤᠯᠵᠤ ᠠᠮᠵᠢᠭ᠎ᠠ ᠦᠭᠡᠢ ᠣᠲ᠋ᠷᠢᠶᠠᠳ᠋ ᠤ᠋ᠨ ᠣᠯᠠᠨ ᠮᠢᠩᠭᠠᠨ ᠠᠭᠲᠠ ᠪᠡᠯᠴᠢᠭᠡᠷᠯᠡᠨ ᠪᠠᠢᠵᠠᠢ᠃ ᠭᠤᠷᠪᠠ ᠬᠣᠨᠣᠭᠰᠠᠨ ᠤ᠋ ᠬᠣᠢᠨ᠎ᠠ ᠤᠰᠤ ᠶ᠋ᠢ ᠭᠠᠲᠤᠯᠤᠭᠰᠠᠨ ᠤ᠋ ᠳᠠᠷᠠᠭ᠎ᠠ ᠡᠵᠡᠯᠡᠵᠦ ᠠᠪᠤᠭ᠎ᠠ ᠦᠭᠡᠢ ᠪᠠ ᠲᠠᠨᠢᠵᠤ ᠮᠡᠳᠡᠭᠡ ᠦᠭᠡᠢ ᠪᠤᠰᠤᠳ ᠠᠷᠠᠳ ᠲᠦᠮᠡᠨ ᠦ᠌ ᠨᠤᠲᠤᠭᠯᠠᠬᠤ ᠶᠡᠬᠡ ᠭᠣᠣᠯ ᠤ᠋ᠨ ᠪᠠᠷᠠᠭᠤᠨ ᠡᠷᠭᠢ ᠳᠡᠭᠡᠷ᠎ᠡ ᠮᠣᠩᠭᠣᠯ ᠤ᠋ᠨ ᠴᠡᠷᠢᠭ ᠦ᠋ᠳ ᠢᠷᠡᠭᠰᠡᠨ ᠲᠤᠬᠠᠢ ᠳ᠋ᠤ᠌ ᠵᠣᠷᠢᠭᠤᠯᠵᠤ ᠪᠠᠶᠠᠷ ᠨᠠᠭᠠᠳᠤᠮ ᠵᠠᠷᠯᠢᠭᠳᠠᠵᠠᠢ᠃
ᠣᠲ᠋ᠷᠢᠶᠠᠳ᠋ ᠤ᠋ᠨ ᠳᠠᠷᠤᠭ᠎ᠠ ᠨᠠᠷ ᠥᠪᠡᠷᠰᠡᠳ ᠦ᠋ᠨ ᠪᠠᠢᠯᠳᠤᠭᠠᠨ ᠤ᠋ ᠲᠤᠭ ᠤ᠋ᠳ ᠢ᠋ ᠦᠷᠠᠺ ᠠᠭᠤᠯᠠᠨ ᠤ᠋ ᠬᠢᠷ᠎ᠠ ᠳᠡᠭᠡᠷ᠎ᠡ ᠠᠪᠴᠢᠷᠠᠨ ᠬᠠᠳᠬᠤᠭᠰᠠᠨ ᠲᠤᠯᠠ ᠥᠨᠳᠥᠷ ᠡᠰᠢ ᠲᠡᠢ ᠬᠤᠷᠴᠠ ᠭᠢᠯᠠᠭᠠᠷ ᠲᠤᠭ ᠤ᠋ᠳ ᠬᠠᠪᠤᠷ ᠤ᠋ᠨ ᠬᠦᠴᠦᠲᠡᠢ ᠰᠠᠯᠬᠢᠨ ᠳ᠋ᠤ᠌ ᠰᠠᠪᠠᠭᠳᠠᠨ ᠬᠡᠢᠰᠴᠦ ᠪᠠᠢᠯ᠎ᠠ᠃ ᠡᠨᠡ ᠣᠯᠠᠨ ᠲᠤᠭ ᠤ᠋ᠨ ᠳᠣᠲᠣᠷ᠎ᠠ ᠠ᠋ᠴᠠ ᠴᠢᠩᠭᠢᠰ ᠦ᠋ᠨ ᠠᠷᠪᠠᠨ ᠨᠢᠭᠡᠨ ᠬᠥᠪᠡᠭᠦᠳ ᠦ᠋ᠨ ᠠᠰᠤᠷᠤ ᠣᠯᠠᠨ ᠥᠩᠭᠡᠲᠦ ᠲᠣᠷᠭᠠᠨ ᠲᠤᠭ ᠢᠯᠭᠠᠷᠠᠨ ᠬᠠᠷᠠᠭᠳᠠᠭᠠᠳ ᠬᠦᠴᠦᠲᠦ ᠭᠣᠣᠯ ᠤ᠋ᠨ ᠪᠣᠷᠣ ᠳᠠᠪᠠᠯᠭ᠎ᠠ ᠶ᠋ᠢ ᠰᠠᠯᠬᠢ ᠳᠡᠯᠡᠳᠦᠨ ᠬᠥᠭᠡᠭᠡᠵᠦ ᠤᠷᠲᠤ ᠬᠠᠷ᠎ᠠ ᠵᠠᠪᠢ ᠨᠤᠭᠤᠳ ᠬᠤᠷᠳᠤᠯᠠᠨ ᠬᠥᠪᠴᠦ ᠠᠭᠤᠤ ᠶᠡᠬᠡ ᠮᠣᠩᠭᠣᠯ ᠴᠡᠷᠢᠭ ᠦ᠋ᠨ ᠤᠭᠲᠤᠯᠭ᠎ᠠ ᠶ᠋ᠢᠨ ᠪᠠᠶᠠᠷ ᠲᠤ᠌ ᠪᠠᠢᠯᠳᠤᠭᠴᠢᠳ ᠤ᠋ᠨ ᠶᠠᠭᠤᠮ᠎ᠠ ᠶ᠋ᠢ ᠵᠥᠭᠡᠭᠡᠵᠦ ᠪᠠᠢᠯ᠎ᠠ᠃ ᠪᠠᠲᠤ ᠬᠠᠭᠠᠨ ᠰᠢᠳᠠᠷ ᠬᠠᠭᠠᠳ ᠤ᠋ᠳ ᠲᠠᠢ ᠪᠠᠨ᠄《ᠡᠨᠡ ᠠᠭᠤᠯᠠ ᠶ᠋ᠢᠨ ᠡᠪᠦᠭᠡᠨ ᠪᠥᠬᠡ ᠶ᠋ᠢᠨ ᠢᠳᠡ ᠰᠢᠲᠠ( ᠷᠢᠳᠢ ᠰᠢᠳᠢ ) ᠡᠴᠡ ᠪᠣᠯᠭᠣᠮᠵᠢᠯᠠᠬᠤ ᠬᠡᠷᠡᠭᠲᠡᠢ 》ᠭᠡᠵᠦ ᠬᠡᠳᠦᠭᠦᠯᠡ ᠵᠥᠪᠯᠡᠵᠡᠢ᠃ 《ᠲᠡᠷᠡ ᠪᠥᠬᠡ ᠰᠢᠭᠤᠷᠭ᠎ᠠ ᠰᠢᠭᠤᠷᠤᠭᠤᠯᠬᠤ ᠮᠠᠭᠠᠳ ᠦᠭᠡᠢ᠂ ᠬᠡᠷᠪᠡ ᠤᠰᠤ ᠶᠡᠬᠡᠲᠦ ᠭᠣᠣᠯ ᠦᠶᠡᠷᠯᠡᠬᠦ ᠶᠤᠮ ᠪᠣᠯ ᠪᠢᠳᠡᠨ ᠦ᠌ ᠵᠣᠴᠢᠳ ᠢ᠋ ᠬᠠᠮᠤᠵᠤ ᠤᠷᠤᠰᠬᠠᠵᠤ ᠪᠣᠯᠵᠣᠰᠢ ᠦᠭᠡᠢ 》ᠭᠡᠬᠦ ᠮᠡᠲᠦ ᠪᠡᠷ ᠵᠥᠪᠯᠡᠵᠡᠢ᠃ ᠲᠡᠭᠡᠵᠦ ᠪᠠᠢᠲᠠᠯ᠎ᠠ ᠮᠣᠩᠭᠣᠯᠴᠤᠳ ᠦᠷᠠᠺ ᠠᠭᠤᠯᠠᠨ ᠳ᠋ᠤ᠌ ᠨᠢᠭᠤᠭᠳᠠᠭᠰᠠᠨ ᠡᠪᠦᠭᠡᠨ ᠪᠥᠬᠡ ᠶ᠋ᠢ ᠣᠯᠵᠠᠢ᠃ ᠭᠠᠽᠦᠢ᠍ᠺ ᠭᠡᠳᠡᠭ ᠡᠪᠦᠭᠡᠨ ᠪᠥᠬᠡ ᠦᠷᠠᠺ ᠠᠭᠤᠯᠠᠨ ᠤ᠋ ᠠᠭᠤᠢ ᠳ᠋ᠤ᠌ ᠨᠢᠭᠤᠭᠳᠠᠵᠤ ᠬᠠᠷᠢ ᠶ᠋ᠢᠨ ᠴᠡᠷᠢᠭ ᠦ᠋ᠨ ᠤᠳᠤᠷᠢᠳᠤᠭᠴᠢ ᠳ᠋ᠤ᠌ ᠪᠠᠶᠠᠷ ᠬᠦᠷᠭᠡᠬᠦ ᠪᠡᠷ ᠭᠠᠷᠴᠤ ᠢᠷᠡᠭᠰᠡᠨ ᠦᠭᠡᠢ ᠪᠢᠯᠡ᠃ ᠠᠭᠤᠢ ᠶ᠋ᠢᠨ ᠠᠮᠠᠰᠠᠷ ᠳᠡᠭᠡᠷ᠎ᠡ ᠬᠠᠷᠠᠭᠤᠯ ᠢ᠋ ᠲᠠᠯᠪᠢᠵᠤ ᠬᠡᠨ ᠢ᠋ ᠴᠦ᠍ ᠳᠣᠲᠣᠭᠰᠢ ᠣᠷᠣᠭᠤᠯᠳᠠᠭ ᠦᠭᠡᠢ ᠪᠠᠢᠯ᠎ᠠ᠃ ᠪᠠᠲᠤ ᠬᠠᠭᠠᠨ ᠠ᠋ᠴᠠ ᠬᠠᠲᠠᠭᠤ ᠲᠤᠰᠢᠶᠠᠯ ᠭᠠᠷᠭᠠᠭᠰᠠᠨ ᠨᠢ ᠄《ᠮᠠᠨ ᠤ᠋ ᠴᠡᠷᠢᠭ ᠦ᠋ᠳ ᠪᠥᠬᠡ ᠨᠠᠷ ᠢ᠋ ᠥᠷᠥᠰᠢᠶᠡᠨ ᠬᠦᠨᠳᠦᠳᠬᠡᠬᠦ ᠬᠡᠷᠡᠭᠲᠡᠢ᠂ ᠬᠢᠯᠢᠩᠨᠡᠭᠦᠯᠵᠦ ᠶᠠᠭᠠᠬᠢᠭᠰᠠᠨ ᠴᠤ᠌ ᠪᠣᠯᠬᠤ ᠦᠭᠡᠢ᠃ᠬᠡᠷᠪᠡ ᠲᠡᠭᠷᠢ ᠳ᠋ᠦ᠍ ᠦᠯᠦ ᠰᠦᠰᠦᠭᠯᠡᠭᠴᠢᠳ᠂ ᠠᠶᠤᠩᠭ᠎ᠠ ᠶ᠋ᠢᠨ ᠡᠵᠡᠨ ᠬᠥᠬᠡᠳᠡᠢ ᠮᠡᠷᠭᠡᠨ ᠲᠡᠭᠷᠢ ᠶ᠋ᠢ ᠬᠢᠯᠢᠩᠨᠡᠭᠦᠯᠬᠦ ᠶᠤᠮ ᠪᠣᠯ ᠭᠠᠵᠠᠷ ᠤ᠋ᠨ ᠶᠠᠮᠠᠷ ᠴᠤ᠌ ᠬᠦᠴᠦ ᠲᠡᠭᠦᠨ ᠢ᠋ ᠠᠶᠤᠩᠭ᠎ᠠ ᠳ᠋ᠤ᠌ ᠨᠢᠷᠭᠡᠭᠦᠯᠬᠦ ᠡᠴᠡ ᠨᠢ ᠠᠪᠤᠷᠠᠵᠤ ᠴᠢᠳᠠᠬᠤ ᠦᠭᠡᠢ᠂ ᠲᠡᠢᠮᠦ ᠶ᠋ᠢᠨ ᠲᠤᠯᠠᠳᠠ ᠠᠯᠢ ᠴᠤ᠌ ᠦᠨᠳᠦᠰᠦᠲᠡᠨ ᠦ᠌ ᠢᠳᠤᠭᠠᠨ ᠪᠥᠬᠡ ᠨᠠᠷ ᠢ᠋ ᠠᠰᠠᠷᠠᠨ ᠬᠠᠮᠠᠭᠠᠯᠠᠵᠤ ᠲᠡᠳᠡᠨᠡᠷ ᠢ᠋ᠶ᠋ᠡᠷ ᠰᠠᠢᠨ ᠪᠠ ᠮᠠᠭᠤ ᠵᠦᠭ ᠦ᠋ᠨ ᠲᠩᠷᠢ ᠳ᠋ᠦ᠍ ᠵᠠᠯᠪᠠᠷᠢᠯ ᠦᠢᠯᠡᠳᠦᠭᠦᠯᠵᠦ ᠮᠣᠩᠭᠣᠯ ᠤ᠋ᠨ ᠴᠡᠷᠢᠭ ᠦ᠋ᠨ ᠢᠯᠠᠯᠲᠠ ᠳ᠋ᠤ᠌ ᠬᠦᠴᠦᠨ ᠲᠤᠰᠠᠯᠠᠮᠵᠢ ᠭᠤᠶᠤᠯᠭᠠᠵᠣ ᠪᠠᠢᠬᠤ ᠬᠡᠷᠡᠭᠲᠡᠢ 》ᠭᠡᠵᠡᠢ᠃
ᠪᠠᠲᠤ ᠬᠠᠭᠠᠨ ᠠ᠋ᠴᠠ ᠪᠠᠰᠠ ᠲᠤᠰᠢᠶᠠᠭᠰᠠᠨ ᠨᠢ᠄
— ᠬᠥᠬᠡᠳᠡᠢ ᠮᠡᠷᠭᠡᠨ ᠦ᠌ ᠶᠡᠷᠦᠩᠬᠡᠢ ᠪᠥᠬᠡ ᠭᠠᠽᠤᠢ᠍ᠺ ᠭᠡᠭᠴᠢ ᠨᠠᠭᠠᠳᠤᠮ ᠳ᠋ᠤ᠌ ᠢᠷᠡᠵᠦ ᠵᠠᠯᠪᠠᠷᠢᠯ ᠤᠩᠰᠢᠵᠤ ᠦᠭᠭᠦᠭᠲᠦᠨ ᠭᠡᠬᠦ ᠳ᠋ᠦ᠍ᠨᠢ ᠪᠤᠰᠤᠳ ᠪᠥᠬᠡ ᠨᠠᠷ ᠤ᠋ᠨ ᠢᠷᠡᠵᠦ ᠬᠡᠯᠡᠭᠰᠡᠨ ᠨᠢ᠄
— ᠭᠠᠽᠦᠢ᠍ᠺ ᠪᠣᠯ ᠮᠢᠩᠭ᠎ᠠ ᠭᠠᠷᠤᠢ ᠨᠠᠰᠤᠯᠠᠬᠤ ᠵᠠᠪᠰᠠᠷ ᠭᠠᠵᠠᠷ ᠲᠤ᠌ ᠨᠠᠭᠠᠯᠳᠤᠵᠤ ᠭᠠᠵᠠᠷ ᠲᠠᠢ ᠦᠷᠭᠦᠯᠵᠢ ᠪᠣᠯᠤᠭᠰᠠᠨ ᠲᠤᠯᠠ ᠲᠡᠭᠦᠨ ᠢ᠋ ᠨᠢᠭᠡ ᠭᠠᠵᠠᠷ ᠠ᠋ᠴᠠ ᠬᠥᠳᠡᠯᠭᠡᠵᠦ ᠪᠣᠯᠬᠤ ᠦᠭᠡᠢ ᠭᠡᠵᠡᠢ᠃
ᠪᠠᠲᠤ ᠬᠠᠭᠠᠨ ᠥᠪᠡᠷ ᠦ᠋ᠨ ᠰᠡᠴᠡᠨ ᠵᠥᠪᠯᠡᠭᠴᠢ ᠰᠦᠪᠡᠭᠡᠳᠡᠢ ᠪᠠᠭᠠᠲᠤᠷ ᠲᠤ᠌ ᠬᠡᠯᠡᠭᠰᠡᠨ ᠨᠢ᠄
— ᠬᠥᠬᠡᠳᠡᠢ ᠮᠡᠷᠭᠡᠨ ᠦ᠌ ᠦᠢᠯᠡᠴᠢᠯᠡᠭᠴᠢ ᠶ᠋ᠢ ᠣᠯᠵᠤ ᠠᠭᠤᠯᠵᠠᠬᠤ ᠬᠡᠷᠡᠭᠲᠡᠢ᠂ ᠲᠡᠭᠡᠭᠡᠳ ᠲᠡᠷᠡ ᠨᠢ ᠠᠭᠤᠢ ᠳᠣᠲᠣᠷ᠎ᠠ ᠪᠠᠨ ᠶᠠᠭᠤ ᠬᠢᠵᠦ ᠪᠠᠢᠭ᠎ᠠ ᠶ᠋ᠢ ᠮᠡᠳᠡᠬᠦ ᠨᠢ ᠴᠢᠬᠤᠯᠠ᠃ ᠲᠡᠷᠡ ᠪᠢᠳᠡᠨ ᠢ᠋ ᠡᠰᠡᠷᠭᠦᠴᠡᠨ ᠪᠥᠬᠡᠯᠡᠵᠦ ᠪᠠᠢᠬᠤ ᠶᠠᠭᠤ ᠮᠠᠭᠠᠳ᠂ ᠡᠰᠡᠪᠡᠯ ᠲᠡᠷᠡ ᠬᠥᠭᠰᠢᠨ ᠳ᠋ᠦ᠍ ᠦᠨᠢᠶ᠎ᠡ ᠮᠠᠯ ᠪᠣᠯᠤᠨ ᠶᠠᠭᠤ ᠳᠤᠷᠠᠯᠠᠭᠰᠠᠨ ᠢ᠋ ᠨᠢ ᠪᠡᠯᠡᠭᠯᠡᠵᠦ ᠦᠵᠡᠳᠡᠭ ᠶᠤᠮ ᠪᠣᠯ ᠤᠤ? ᠡᠰᠡᠪᠡᠯ ᠲᠡᠭᠦᠨ ᠢ᠋ ᠦᠭᠡᠢ ᠬᠢᠬᠦ ᠤᠤ? ᠭᠡᠬᠦ ᠳ᠋ᠦ᠍ᠨᠢ:
— ᠶᠡᠬᠡ ᠨᠠᠰᠤᠲᠠᠨ ᠨᠤᠭᠤᠳ ᠭᠠᠭᠴᠠᠬᠠᠨ ᠠᠯᠳᠠᠷ ᠬᠦᠨᠳᠦ ᠪᠠ ᠠᠯᠲᠠᠨ ᠮᠥᠩᠭᠥᠨ ᠳ᠋ᠦ᠍ ᠳᠤᠷᠠᠯᠠᠨ᠎ᠠ᠂ ᠮᠢᠨᠦ ᠪᠣᠳᠣᠬᠤ ᠳ᠋ᠤ᠌ ᠲᠡᠷᠡ ᠨᠢ ᠰᠦᠰᠦᠭᠲᠡᠨ ᠨᠠᠷ ᠠ᠋ᠴᠠ ᠠᠯᠲᠠᠨ ᠮᠥᠩᠭᠥᠨ ᠴᠤᠭᠯᠠᠭᠤᠯᠵᠤ ᠠᠮᠵᠢᠭᠰᠠᠨ ᠲᠤᠯᠠ ᠲᠠᠨ ᠤ᠋ ᠪᠦᠬᠦ ᠵᠠᠮ ᠳ᠋ᠠᠭᠠᠨ ᠴᠤᠭᠯᠠᠭᠤᠯᠤᠭᠰᠠᠨ ᠠᠯᠲᠠᠨ ᠠ᠋ᠴᠠ ᠢᠯᠡᠭᠦᠦ ᠪᠠᠢᠨ᠎ᠠ ᠤᠤ ᠭᠡᠬᠦ ᠡᠴᠡ ᠪᠠᠭ᠎ᠠ ᠪᠠᠢᠬᠤ ᠦᠭᠡᠢ ᠨᠢ ᠮᠠᠭᠠᠳ ᠭᠡᠬᠦ ᠳ᠋ᠦ᠍ᠨᠢ
ᠪᠠᠲᠤ ᠬᠠᠭᠠᠨ ᠤᠷᠤᠭᠤ ᠴᠢᠷᠠᠢᠯᠠᠵᠤ ᠬᠢ ᠬᠢ ᠭᠡᠵᠦ ᠢᠨᠢᠶᠡᠭᠡᠳ᠂
— ᠪᠢ ᠲᠡᠭᠦᠨ ᠢ᠋ ᠲᠡᠮᠡᠭᠡᠨ ᠳᠡᠭᠡᠷ᠎ᠡ ᠲᠡᠩᠨᠡᠭᠦᠯᠵᠦ ᠠᠪᠴᠢᠷᠠᠨ᠎ᠠ ᠭᠡᠪᠡ᠃ ᠰᠦᠪᠡᠭᠡᠳᠡᠢ ᠵᠠᠭᠤᠲᠤ ᠶ᠋ᠢᠨ ᠳᠠᠷᠤᠭ᠎ᠠ ᠠᠷᠠᠫᠱᠠ ᠶ᠋ᠢ ᠳᠠᠭᠤᠳᠠᠮᠠᠭᠴᠠ ᠲᠡᠷᠡ ᠳᠠᠷᠤᠢ ᠢᠷᠡᠵᠦ ᠰᠦᠪᠡᠭᠡᠲᠡᠢ ᠶ᠋ᠢᠨ ᠦᠭᠡ ᠶ᠋ᠢ ᠠᠩᠬᠠᠷᠤᠯᠲᠠᠢ ᠪᠠᠷ ᠰᠣᠨᠣᠰᠤᠭᠠᠳ᠂
— ᠪᠢ ᠭᠠᠭᠴᠠᠭᠠᠷ ᠶᠠᠭᠤ ᠴᠤ᠌ ᠬᠢᠵᠦ ᠴᠢᠳᠠᠬᠤ ᠦᠭᠡᠢ ᠪᠢᠵᠡ ᠭᠡᠬᠦ ᠳ᠋ᠦ᠍ᠨᠢ᠂
— ᠴᠢᠮᠠᠲᠤ ᠮᠠᠨ ᠤ᠋ ᠪᠥᠬᠡ ᠨᠠᠷ ᠲᠤᠰᠠᠯᠠᠯᠴᠠᠨ᠎ᠠ ᠭᠡᠪᠡ᠃
— ᠦᠭᠡᠢ᠂ ᠡᠨᠳᠡ ᠲᠡᠳᠡᠨᠡᠷ ᠦ᠋ᠨ ᠬᠡᠷᠡᠭ ᠠᠯᠠᠭ᠎ᠠ᠂ ᠬᠠᠷᠢᠨ ᠵᠠᠭᠤᠨ ᠨᠥᠬᠥᠳ ᠬᠡᠷᠡᠭ ᠲᠡᠢ ᠭᠡᠬᠦ ᠳ᠋ᠦ᠍ᠨᠢ᠂
— ᠭᠤᠷᠪᠠᠨ ᠵᠠᠭᠤ ᠶ᠋ᠢ ᠴᠦ᠍ ᠠᠪᠤᠭᠲᠤᠨ᠂ ᠬᠠᠷᠢᠨ ᠬᠥᠭᠰᠢᠨ ᠭᠠᠽᠥ᠋ᠺ ᠲᠦ᠍ ᠳᠣᠭᠰᠢᠨ ᠰᠠᠬᠢᠭᠤᠰᠤ ᠲᠤᠰᠠᠯᠠᠵᠤ ᠪᠣᠯᠤᠨ᠎ᠠ ᠰᠢᠦ᠂ ᠲᠡᠳᠡᠨᠡᠷ ᠢ᠋ ᠬᠢᠯᠢᠩᠨᠡᠭᠦᠯᠬᠦ ᠦᠭᠡᠢ ᠶ᠋ᠢ ᠪᠣᠳᠣᠵᠤ ᠪᠣᠯᠭᠣᠮᠵᠢᠯᠠᠨ ᠠᠩᠬᠠᠷᠤᠭᠲᠤᠨ ᠭᠡᠪᠡ᠃
ᠰᠦᠪᠡᠭᠡᠳᠡᠢ ᠵᠠᠭᠤᠲᠤ ᠶ᠋ᠢᠨ ᠬᠣᠶᠠᠷ ᠳᠠᠷᠤᠭ᠎ᠠ ᠶ᠋ᠢ ᠠᠪᠴᠢᠷᠠᠭᠤᠯᠵᠤ ᠠᠷᠠᠫᠱᠠ ᠠ᠋ᠴᠠ ᠲᠡᠳᠡᠨᠡᠷ ᠲᠦ᠍ ᠲᠠᠢᠯᠪᠤᠷᠢᠯᠠᠬᠤ ᠶ᠋ᠢ ᠰᠣᠨᠣᠰᠪᠠ᠃
— ᠪᠢᠳᠡᠨᠡᠷ ᠡᠨᠡ ᠠᠭᠤᠯᠠ ᠠ᠋ᠴᠠ ᠪᠦᠭᠦᠳᠡ ᠡᠴᠡ ᠬᠦᠴᠦᠲᠦ ᠮᠡᠬᠡ ᠶᠡᠬᠡᠲᠦ ᠬᠤᠪᠢᠯᠭᠠᠨ ᠪᠥᠬᠡ ᠭᠠᠽᠥ᠋ᠺ ᠢ᠋ ᠭᠠᠷᠭᠠᠵᠤ ᠠᠪᠴᠢᠷᠠᠬᠤ ᠬᠡᠷᠡᠭ ᠲᠡᠢ ᠪᠣᠯᠪᠠ᠃ ᠥᠭᠦᠯᠡᠬᠦ ᠨᠢ᠄ ᠲᠡᠷᠡ ᠪᠥᠬᠡ ᠪᠠᠭᠠᠪᠠᠭᠠᠢ᠂ ᠮᠣᠭᠠᠢ᠂ ᠬᠢᠷᠰᠠ ᠪᠤᠶᠤ ᠬᠣᠷᠣᠬᠠᠢ ᠪᠣᠯᠵᠤ ᠬᠤᠪᠢᠷᠠᠳᠠᠭ ᠭᠡᠨ᠎ᠡ᠃ ᠬᠡᠳᠦᠢ ᠲᠡᠢᠮᠦ ᠪᠣᠯᠤᠭᠰᠠᠨ ᠴᠤ᠌ ᠠᠶᠤᠬᠤ ᠬᠡᠷᠡᠭ ᠦᠭᠡᠢ᠃ ᠪᠢᠳᠡᠨ ᠦ᠌ ᠬᠠᠮᠲᠤ ᠰᠦᠪᠡᠭᠡᠳᠡᠢ ᠪᠠᠭᠠᠲᠤᠷ ᠤ᠋ᠨ ᠲᠤᠰᠢᠶᠠᠯ ᠪᠠᠢᠨ᠎ᠠ᠃ ᠡᠨᠡ ᠪᠣᠯ ᠲᠡᠭᠷᠢ ᠪᠤᠰᠤ ᠬᠥᠮᠦᠰ ᠦ᠋ᠨ ᠳᠣᠲᠣᠷ᠎ᠠ ᠬᠠᠮᠤᠭ ᠬᠦᠴᠦᠲᠡᠢ ᠨᠢ ᠶᠤᠮ᠃ ᠡᠭᠦᠨ ᠢ᠋ ᠪᠠᠢᠯᠳᠤᠭᠠᠨ ᠤ᠋ ᠠᠭᠤᠤ ᠶᠡᠬᠡ ᠰᠦᠯᠳᠡ ᠲᠡᠭᠷᠢ ᠬᠠᠮᠠᠭᠠᠯᠠᠵᠤ ᠪᠠᠢᠭ᠎ᠠ ᠶᠤᠮ ᠭᠡᠬᠦ ᠳ᠋ᠦ᠍ᠨᠢ᠂
— ᠵᠥᠪ ᠭᠡᠵᠦ ᠰᠦᠪᠡᠭᠡᠳᠡᠢ ᠬᠡᠯᠡᠪᠡ᠃
— ᠪᠢᠳᠡ ᠠᠶᠤᠵᠤ ᠪᠠᠢᠭ᠎ᠠ ᠪᠡᠶᠡᠰ ᠢ᠋ᠶ᠋ᠡᠷ ᠶᠠᠩᠵᠤᠯᠳᠤᠬᠤ ᠪᠣᠯ ᠠᠶᠤᠬᠤ ᠶᠠᠪᠤᠳᠠᠯ ᠦᠭᠡᠢ᠂ ᠬᠠᠷᠢᠨ ᠮᠣᠭᠠᠢ ᠪᠠ ᠬᠣᠷᠣᠬᠠᠢ ᠪᠣᠯᠤᠨ ᠬᠤᠪᠢᠷᠠᠭᠰᠠᠨ ᠪᠥᠬᠡ ᠶ᠋ᠢ ᠣᠯᠵᠤ ᠪᠠᠷᠢᠬᠤ ᠶᠠᠪᠤᠳᠠᠯ ᠪᠢᠳᠡᠨ ᠳ᠋ᠦ᠍ ᠲᠣᠬᠢᠶᠠᠯᠳᠤᠭ᠎ᠠ ᠦᠭᠡᠢ ᠬᠡᠷᠡᠭ ᠶᠤᠮ ᠭᠡᠵᠦ ᠵᠠᠭᠤᠲᠤ ᠶ᠋ᠢᠨ ᠳᠠᠷᠤᠭ᠎ᠠ ᠶ᠋ᠢᠨ ᠨᠢᠭᠡᠨ ᠨᠢ ᠰᠢᠪᠡᠨᠡᠪᠡ᠃
ᠥᠨᠥᠳᠥᠷ ᠲᠤᠷᠰᠢᠵᠤ ᠦᠵᠡᠭᠲᠦᠨ᠂ ᠬᠡᠷᠪᠡ ᠬᠡᠷᠡᠭ ᠴᠢᠨᠢ ᠪᠦᠲᠦᠪᠡᠯ ᠲᠠᠨᠠᠷ ᠪᠠᠲᠤ ᠬᠠᠭᠠᠨ ᠤ᠋ ᠶᠡᠬᠡ ᠱᠠᠩᠨᠠᠯ ᠢ᠋ ᠬᠦᠷᠲᠡᠬᠦ ᠪᠣᠯᠤᠨ᠎ᠠ ᠭᠡᠪᠡ᠃
— ᠲᠡᠢᠮᠦ ᠲᠡᠢᠮᠦ ᠱᠠᠩᠨᠠᠯ ᠲᠠᠢ ᠭᠡᠵᠦ ᠰᠦᠪᠡᠭᠡᠳᠠᠢ ᠬᠡᠯᠡᠪᠡ᠃
— ᠢᠩᠭᠢᠵᠦ ᠰᠢᠢ᠍ᠳᠴᠡᠭᠡᠶᠡ᠂ ᠲᠡᠷᠡ ᠪᠣᠯ ᠦᠨᠡᠭᠡ ᠳᠣᠷᠣᠭᠣ ᠮᠡᠲᠦ ᠨᠦᠬᠡᠨ ᠳ᠋ᠦ᠍ ᠠᠮᠢᠳᠤᠷᠠᠨ᠎ᠠ᠃ ᠬᠡᠷᠪᠡ ᠨᠣᠬᠠᠢ ᠨᠦᠬᠡ ᠶ᠋ᠢ ᠨᠢ ᠰᠠᠮᠤᠷᠳᠠᠬᠤ ᠪᠣᠯ ᠵᠢᠭᠤᠲᠠᠬᠤ ᠶ᠋ᠢᠨ ᠲᠤᠯᠠᠳᠠ ᠪᠡᠯᠡᠳᠬᠡᠯ ᠵᠠᠮ ᠣᠯᠠᠨᠲᠠᠢ ᠪᠠᠢᠳᠠᠭ᠃
—ᠣᠢᠯᠠᠭᠠᠪᠠ ᠤᠤ?
—ᠨᠥᠬᠥᠳ ᠲᠠᠨᠠᠷ ᠠᠭᠤᠯᠠ ᠶ᠋ᠢ ᠪᠦᠰᠡᠯᠡᠵᠦ ᠠᠪᠤᠭᠠᠳ ᠪᠡᠯᠡᠳᠬᠡᠯ ᠭᠠᠷᠠᠮ ᠢ᠋ ᠣᠯᠵᠠᠭᠠ! ᠬᠥᠭᠰᠢᠨ ᠪᠥᠬᠡ ᠠᠭᠤᠢ ᠳ᠋ᠠᠭᠠᠨ ᠪᠠᠢᠪᠠᠯ ᠲᠠᠨᠠᠷ ᠲᠡᠭᠦᠨ ᠢ᠋ ᠪᠠᠷᠢᠵᠤ ᠪᠣᠯᠤᠨ᠎ᠠ᠃ ᠬᠡᠷᠪᠡ ᠵᠢᠭᠤᠲᠠᠯ᠎ᠠ ᠭᠡᠰᠡᠨ ᠴᠦ᠍ ᠬᠣᠯᠠᠳᠠᠭ᠎ᠠ ᠦᠭᠡᠢ( ᠪᠣᠯ )ᠣᠯᠵᠤ ᠪᠠᠷᠢᠭᠲᠤᠨ᠃
— ᠣᠢᠯᠠᠭᠠᠪᠠ ᠤᠤ?
— ᠲᠤᠩ ᠠᠩᠬᠠᠷᠤᠯᠲᠠᠢ ᠬᠠᠷᠠᠵᠠᠭᠠᠨ᠎ᠠ ᠰᠢᠦ᠃ ᠡᠨᠳᠡ ᠲᠡᠨᠳᠡ ᠪᠡᠯᠡᠳᠬᠡᠭᠰᠡᠨ ᠮᠣᠷᠢ ᠲᠡᠮᠡᠭᠡ ᠪᠠᠢᠵᠤ ᠮᠡᠳᠡᠨ᠎ᠡ᠃ ᠬᠥᠮᠦᠨ ᠣᠷᠣᠵᠤ ᠪᠣᠯᠬᠤ ᠨᠦᠬᠡ ᠠᠭᠤᠢ ᠪᠦᠷᠢ ᠶ᠋ᠢ ᠰᠢᠯᠭᠠᠨ ᠦᠵᠡᠭᠡᠳ ᠲᠡᠭᠦᠨ ᠦ᠌ ᠳᠡᠷᠭᠡᠳᠡ ᠬᠠᠷᠠᠭᠤᠯ ᠲᠠᠯᠪᠢᠬᠤ ᠬᠡᠷᠡᠭᠲᠡᠢ᠃
—ᠮᠡᠳᠡᠪᠡ ᠤᠤ?
—ᠨᠣᠬᠠᠢ ᠠᠪᠴᠤ ᠶᠠᠪᠤᠭᠲᠤᠨ᠃ ᠨᠣᠬᠠᠢ ᠪᠣᠯ ᠶᠡᠬᠡ ᠲᠤᠰᠠ ᠪᠣᠯᠤᠨ᠎ᠠ ᠰᠢᠦ᠃ ᠪᠢ ᠶᠡᠬᠡ ᠠᠭᠤᠢ ᠶ᠋ᠢᠨ ᠭᠣᠣᠯ ᠡᠭᠦᠳᠡ ᠪᠡᠷ ᠣᠷᠣᠵᠤ ᠪᠥᠬᠡ ᠨᠠᠷ ᠪᠣᠯᠤᠨ ᠭᠠᠽᠤᠢ᠍ᠺ ᠤ᠋ᠨ ᠲᠤᠰᠠᠯᠠᠭᠴᠢᠳ ᠢ᠋ ᠰᠡᠷᠡᠮᠵᠢᠯᠡᠨ᠎ᠡ ᠭᠡᠵᠦ ᠠᠷᠠᠫᠱᠠ ᠬᠡᠯᠡᠪᠡ᠃ ᠲᠡᠭᠡᠭᠡᠳ ᠭᠤᠷᠪᠠᠨ ᠵᠠᠭᠤᠨ ᠮᠣᠷᠢᠲᠤ ᠴᠡᠷᠢᠭ ᠢ᠋ ᠲᠠᠩᠨᠠᠭᠤᠯ ᠳ᠋ᠤ᠌ ᠭᠠᠷᠭᠠᠯ᠎ᠠ᠃ ᠴᠥᠮ ᠳ᠋ᠦ᠍ᠨᠢ ᠱᠠᠩᠨᠠᠯ ᠤ᠋ᠨ ᠲᠤᠬᠠᠢ ᠳᠤᠷᠠᠳᠤᠭᠰᠠᠨ᠃ ᠲᠡᠳᠡ ᠪᠦᠭᠦᠳᠡᠭᠡᠷ ᠢ᠋ᠶ᠋ᠡᠨ ᠦᠷᠡᠺ ᠠᠭᠤᠯᠠ ᠶ᠋ᠢᠨ ᠪᠥᠬᠡ ᠨᠠᠷ ᠤ᠋ᠨ ᠨᠢᠭᠤᠭᠰᠠᠨ ᠠᠯᠲᠠᠨ ᠳ᠋ᠤ᠌ ᠬᠦᠰᠡᠯ ᠲᠠᠯᠪᠢᠨ᠎ᠠ᠃ ᠮᠣᠷᠢᠲᠤ ᠴᠡᠷᠢᠭ ᠦ᠋ᠳ ᠲᠠᠷᠠᠵᠤ ᠠᠭᠤᠯᠠ ᠶ᠋ᠢ ᠲᠣᠭᠣᠷᠢᠨ ᠪᠦᠰᠡᠯᠡᠵᠦ ᠳᠣᠪᠣ ᠪᠦᠷᠢ᠂ ᠨᠦᠬᠡ ᠪᠦᠷᠢ ᠶ᠋ᠢ ᠲᠡᠮᠲᠡᠷᠢᠵᠦ ᠪᠠᠢᠬᠤ ᠳ᠋ᠤ᠌ ᠠᠷᠠᠫ᠊ᠱᠠ ᠠᠭᠤᠢ ᠳ᠋ᠤ᠌ ᠣᠷᠣᠵᠤ ᠭᠣᠣᠯ ᠡᠭᠦᠳᠡᠨ ᠦ᠌ ᠳᠡᠷᠭᠡᠳᠡ ᠬᠦᠯᠢᠶᠡᠪᠡ᠃ ᠣᠷᠣᠬᠤ ᠭᠠᠵᠠᠷ ᠨᠢ ᠠᠰᠬ᠎ᠠ ᠴᠢᠯᠠᠭᠤᠨ ᠪᠣᠯᠤᠨ ᠲᠣᠮᠣ ᠬᠠᠳᠠ ᠪᠠᠷ ᠪᠦᠰᠡᠯᠡᠭᠳᠡᠵᠡᠢ᠃ ᠭᠡᠲᠡᠯ᠎ᠡ ᠨᠠᠷᠢᠬᠠᠨ ᠬᠠᠪᠴᠢᠯ ᠠ᠋ᠴᠠ ᠤᠷᠲᠤ ᠦᠰᠦᠲᠡᠢ ᠯᠣᠪᠤᠤᠵᠠ ᠡᠮᠦᠰᠦᠭᠰᠡᠨ ᠲᠣᠯᠣᠭᠠᠢ ᠴᠤᠬᠤᠢᠯᠠ᠃ ᠲᠡᠷᠡ ᠨᠢ ᠪᠤᠭᠤᠷᠤᠯ ᠰᠠᠬᠠᠯ ᠲᠠᠢ ᠪᠠ ᠨᠢᠯᠪᠤᠰᠤ ᠴᠤᠪᠤᠭᠰᠠᠨ ᠤᠯᠠᠭᠠᠨ ᠨᠢᠳᠦ ᠲᠡᠢ ᠶ᠋ᠢᠨ ᠳᠡᠭᠡᠷ᠎ᠡ ᠰᠢᠳᠦ ᠦᠭᠡᠢ ᠠᠮᠠ ᠪᠠᠷ ᠢ᠋ᠶ᠋ᠠᠨ ᠦᠯᠦ ᠣᠢᠯᠠᠭᠠᠭᠳᠠᠬᠤ ᠶᠠᠭᠤᠮ᠎ᠠ ᠴᠠᠯᠴᠢᠵᠤ ᠪᠠᠢᠯ᠎ᠠ᠃
—ᠡᠨᠡ ᠶᠡᠷᠦᠩᠬᠡᠢ ᠪᠥᠬᠡ ᠨᠢ ᠮᠥᠨ ᠤᠤ? ᠭᠡᠵᠦ ᠠᠷᠠᠫᠱᠠ ᠯᠠᠪᠯᠠᠪᠠᠯ᠂
— ᠦᠭᠡᠢ᠂ ᠡᠨᠡ ᠪᠣᠯ ᠲᠡᠭᠦᠨ ᠦ᠌ ᠠᠴᠢ᠂ ᠠᠴᠢ ᠬᠦᠦ᠃ ᠭᠠᠽᠥ᠋ᠺ ᠥᠪᠡᠷ ᠢ᠋ᠶ᠋ᠡᠨ ᠠᠭᠤᠢ ᠶ᠋ᠢᠨ ᠢᠷᠣᠭᠠᠷ ᠲᠤ᠌ ᠬᠥᠳᠡᠯᠵᠦ ᠴᠢᠳᠠᠬᠤ ᠦᠭᠡᠢ ᠰᠠᠭᠤᠵᠤ ᠪᠠᠢᠨ᠎ᠠ᠃ ᠤᠴᠢᠷ ᠨᠢ ᠲᠡᠭᠦᠨ ᠦ᠌ ᠬᠥᠯ ᠡᠴᠡ ᠤᠷᠲᠤ ᠪᠦᠳᠦᠭᠦᠨ ᠦᠨᠳᠦᠰᠦ ᠨᠦ᠍ᠭᠦᠳ ᠭᠠᠵᠠᠷ ᠲᠤ᠌ ᠰᠢᠭᠢᠳᠦᠨ ᠤᠷᠭᠤᠵᠠᠢ ᠭᠡᠪᠡ᠃ ᠪᠥᠬᠡ ᠶ᠋ᠢᠨ ᠲᠤᠰᠠᠯᠠᠭᠴᠢᠳ ᠠ᠋ᠴᠠ ᠲᠠᠩᠭᠠᠷᠢᠭᠯᠠᠬᠤ ᠨᠢ᠂
—ᠠᠭᠤᠢ ᠳᠣᠲᠣᠷ᠎ᠠ ᠣᠷᠣᠵᠤ ᠦᠯᠦ ᠪᠣᠯᠤᠨ᠎ᠠ᠂ ᠥᠭᠡᠷ᠎ᠡ ᠬᠠᠭᠠᠯᠭ᠎ᠠ ᠦᠭᠡᠢ᠂ ᠡᠨᠡ ᠨᠠᠷᠢᠨ ᠵᠠᠪᠰᠠᠷ ᠢ᠋ᠶ᠋ᠠᠷ ᠭᠠᠽᠥ᠋ᠺ ᠥᠪᠡᠷ ᠢ᠋ᠶ᠋ᠡᠨ ᠰᠥᠨᠢ ᠶ᠋ᠢᠨ ᠴᠠᠭ ᠲᠤ᠌ ᠰᠠᠷᠢᠰᠤᠨ ᠪᠠᠭᠪᠠᠬᠠᠢ ᠪᠣᠯᠤᠨ ᠬᠤᠪᠢᠷᠠᠵᠤ ᠨᠢᠰᠦᠨ ᠣᠳᠤᠨ᠎ᠠ ᠭᠡᠪᠡ᠃
ᠠᠷᠠᠫᠱᠠ ᠶ᠋ᠢᠨ ᠱᠠᠭᠠᠷᠳᠠᠯᠭ᠎ᠠ ᠪᠠᠷ ᠬᠦᠷᠵᠡ ᠴᠠᠷᠢᠯ ᠪᠦᠬᠦᠢ ᠣᠯᠵᠠᠯᠠᠭᠳᠠᠭᠴᠢᠳ ᠢ᠋ ᠠᠭᠤᠯᠠᠨ ᠳ᠋ᠤ᠌ ᠠᠪᠴᠢᠷᠠᠵᠤ ᠪᠥᠬᠡ ᠶ᠋ᠢᠨ ᠡᠭᠦᠳᠡᠨ ᠦ᠌ ᠳᠡᠷᠭᠡᠳᠡᠬᠢ ᠭᠠᠵᠠᠷ ᠢ᠋ ᠤᠬᠤᠵᠤ ᠡᠬᠢᠯᠡᠪᠡ᠃
ᠭᠡᠲᠡᠯ᠎ᠡ ᠵᠠᠪᠰᠠᠷ ᠠ᠋ᠴᠠ ᠰᠢᠷ᠎ᠠ ᠰᠢᠪᠠᠭᠤ ᠦᠵᠡᠭᠳᠡᠵᠦ ᠲᠥᠭᠥᠷᠢᠭ ᠨᠢᠳᠦ ᠪᠡᠨ ᠲᠣᠮᠣ ᠨᠡᠭᠡᠭᠡᠵᠦ ᠳᠤᠤᠭᠠᠷᠪᠠ᠃
— ᠵᠠᠢᠯᠠᠭᠲᠤᠨ ᠭᠡᠵᠦ ᠠᠷᠠᠫᠱᠠ ᠲᠡᠭᠦᠨ ᠢ᠋ ᠰᠢᠭᠦᠷᠦᠨ ᠠᠪᠴᠤ ᠠᠭᠠᠷ ᠲᠤ᠌ ᠬᠠᠶᠠᠪᠠᠯ᠂ ᠲᠡᠷᠡ ᠰᠢᠷ᠎ᠠ ᠰᠢᠪᠠᠭᠤ ᠬᠠᠪᠰᠤᠷᠴᠤ ᠭᠠᠵᠠᠷ ᠠ᠋ᠴᠠ ᠥᠨᠳᠥᠷ ᠲᠦ᠍ ᠨᠢᠰᠦᠭᠰᠡᠭᠡᠷ ᠥᠳᠬᠡᠨ ᠡᠪᠡᠰᠦ ᠲᠡᠢ ᠲᠠᠯ᠎ᠠ ᠳ᠋ᠤ᠌ ᠳᠠᠯᠳᠠ ᠣᠷᠣᠪᠠ᠃ ᠨᠢᠭᠡ ᠪᠥᠬᠡ ᠡᠴᠡ ᠠᠷᠠᠫᠱᠠ ᠳ᠋ᠤ᠌ ᠬᠡᠯᠡᠭᠰᠡᠨ ᠨᠢ᠄
— ᠬᠠᠷᠠᠪᠠ ᠤᠤ? ᠴᠢ! ᠭᠠᠽᠥ᠋ᠺ ᠬᠢᠯᠢᠩᠨᠡᠵᠦ ᠰᠢᠷ᠎ᠠ ᠰᠢᠪᠠᠭᠤᠨ ᠬᠤᠪᠢᠯᠪᠠ᠃ ᠣᠳᠣ ᠣᠯᠠᠨ ᠭᠠᠮᠰᠢᠭ ᠵᠣᠪᠠᠯᠠᠩ ᠳᠡᠭᠳᠡᠵᠦ( ᠳᠡᠭᠳᠡᠬᠦ ) ᠪᠣᠯᠤᠨ᠎ᠠ ᠳ᠋ᠠ᠂ ᠡᠨᠡ ᠰᠥᠨᠢ ᠤᠷᠢᠳᠤ ᠦᠵᠡᠭᠳᠡᠭᠡ ᠦᠭᠡᠢ ᠰᠢᠭᠤᠷᠭ᠎ᠠ ᠬᠥᠳᠡᠯᠦᠨ᠎ᠡ ᠭᠡᠪᠡ᠃
— ᠲᠡᠢᠮᠦ ᠪᠣᠯ ᠤᠯᠠᠮ ᠰᠠᠢᠨ᠃
— ᠲᠡᠢᠮᠦ ᠪᠣᠯ ᠮᠠᠨ ᠤ᠋ ᠴᠡᠷᠢᠭ ᠦ᠋ᠳ ᠦᠷᠡᠺ ᠦ᠋ᠨ ᠪᠥᠬᠡ ᠲᠠᠨᠠᠷ ᠢ᠋ ᠴᠥᠮ ᠢ᠋ᠶ᠋ᠡᠷ ᠢ᠋ᠶ᠋ᠡᠨ ᠪᠢᠳᠡᠨ ᠳ᠋ᠦ᠍ ᠮᠠᠭᠤ ᠢᠷᠣ᠎ᠠ ᠬᠦᠰᠡᠭᠴᠢ ᠨᠠᠷ ᠭᠡᠵᠦ ᠦᠵᠡᠭᠡᠳ ᠡᠭᠦᠨ ᠦ᠌ ᠲᠥᠯᠥᠭᠡᠰᠦᠨ ᠳ᠋ᠦ᠍ ᠪᠦᠭᠦᠳᠡ ᠶ᠋ᠢ ᠴᠢᠨᠢ ᠠᠮᠢᠳᠤ ᠪᠠᠷ ᠰᠢᠷᠠᠵᠤ ᠠᠯᠠᠨ᠎ᠠ᠃
— ᠡᠢᠮᠦ ᠶᠠᠭᠤᠮ᠎ᠠ ᠪᠤᠤ ᠦᠢᠯᠡᠳᠦᠭᠲᠦᠨ ᠭᠡᠵᠦ ᠪᠥᠬᠡ ᠨᠠᠷ ᠰᠠᠨᠳᠤᠷᠴᠠᠭᠠᠵᠤ᠂《ᠪᠢᠳᠡ ᠲᠠᠨᠠᠷ ᠤ᠋ᠨ ᠡᠷᠡᠭᠦᠯ ᠮᠡᠨᠳᠦ ᠰᠠᠢᠨ ᠰᠠᠢᠬᠠᠨ ᠢ᠋ ᠬᠦᠰᠡᠨ᠎ᠡ᠃ ᠪᠢᠳᠡ ᠲᠠᠨᠠᠷ ᠤ᠋ᠨ ᠲᠥᠯᠥᠭᠡ ᠪᠦᠭᠦᠳᠡ ᠶ᠋ᠢ ᠦᠢᠯᠡᠳᠦᠨ᠎ᠡ 》 ᠭᠡᠪᠡ᠃
ᠣᠯᠵᠠᠯᠠᠭᠳᠠᠭᠴᠢᠳ ᠬᠠᠳᠠ ᠶ᠋ᠢ ᠦᠷᠭᠦᠯᠵᠢᠯᠡᠨ ᠬᠠᠩᠭᠢᠨᠠᠭᠤᠯᠤᠭᠰᠠᠭᠠᠷ ᠠᠭᠠᠵᠢᠮ ᠢ᠋ᠶ᠋ᠠᠷ ᠬᠥᠨᠳᠡᠢᠯᠡᠵᠦ ᠡᠴᠦᠰ ᠲᠦ᠍ ᠡᠭᠦᠳᠡ ᠨᠢ ᠨᠡᠭᠡᠭᠡᠭᠳᠡᠪᠡ᠃ ᠠᠷᠠᠫᠱᠠ ᠬᠣᠶᠠᠷ ᠮᠣᠩᠭᠣᠯ ᠤ᠋ᠨ ᠬᠠᠮᠲᠤ ᠠᠭᠤᠢ ᠳᠣᠲᠣᠷ᠎ᠠ ᠣᠷᠣᠵᠤ ᠪᠤᠰᠤᠳ ᠨᠥᠬᠥᠳ ᠡᠭᠦᠳᠡᠨ ᠳᠡᠭᠡᠷ᠎ᠡ ᠵᠣᠭᠰᠣᠭᠰᠠᠨ ᠳ᠋ᠤ᠌ ᠬᠦᠯᠢᠭᠳᠡᠭᠰᠡᠨ ᠪᠥᠬᠡ ᠨᠠᠷ ᠴᠡᠷᠢᠭ ᠦ᠋ᠳ ᠡᠴᠡ ᠠᠶᠤᠨ ᠤᠬᠢᠯᠠᠯᠳᠤᠵᠤ ᠪᠠᠰᠠ ᠬᠠᠰᠬᠢᠷᠤᠯᠳᠤᠬᠤ ᠨᠢ᠄
— ᠣᠳᠣ ᠲᠩᠷᠢ᠂ ᠭᠠᠵᠠᠷ ᠳᠡᠭᠡᠷ᠎ᠡ ᠤᠨᠠᠵᠤ ᠳᠡᠯᠡᠬᠡᠢ ᠳᠠᠶᠠᠭᠠᠷ ᠰᠥᠨᠥᠨ᠎ᠡ᠂ ᠭᠠᠽᠦᠢ᠍ᠺ ᠲᠦ᠍ ᠭᠠᠷ ᠪᠤᠤ ᠬᠥᠷᠥᠭᠲᠦᠨ ᠭᠡᠵᠡᠭᠡᠨ᠎ᠡ᠃
ᠠᠭᠤᠢ ᠶ᠋ᠢᠨ ᠨᠣᠢᠲᠠᠨ ᠬᠠᠨ᠎ᠠ ᠳ᠋ᠤ᠌ ᠱᠤᠷᠭᠠᠭ ᠪᠣᠯᠤᠨ ᠰᠢᠷ ᠢ᠋ᠶ᠋ᠡᠷ ᠬᠢᠭᠰᠡᠨ ᠣᠷᠣ ᠪᠠᠢᠨ᠎ᠠ᠃ ᠠᠭᠤᠢ ᠶ᠋ᠢᠨ ᠳᠤᠮᠳᠠ ᠡᠷᠲᠡ ᠪᠠᠯᠠᠷ ᠴᠠᠭ ᠤ᠋ᠨ ᠬᠦᠷᠡᠯ ᠲᠣᠭᠣᠭ᠎ᠠ( ᠶ᠋ᠢ ) ᠭᠤᠷᠪᠠᠨ ᠬᠥᠯ ᠲᠡᠢ ᠲᠤᠯᠭ᠎ᠠ ᠶ᠋ᠢᠨ ᠳᠡᠭᠡᠷ᠎ᠡ ᠲᠠᠯᠪᠢᠭᠰᠠᠨ ᠪᠠᠢᠬᠤ ᠪᠠ ᠪᠠᠰᠠ ᠨᠡᠭᠦᠷᠡᠰᠦᠨ ᠤ᠋ ᠴᠣᠭ ᠬᠠᠷᠠᠭᠳᠠᠨ᠎ᠠ᠃
ᠬᠠᠵᠠᠭᠤ ᠳ᠋ᠤᠨᠢ ᠣᠩᠭᠤᠢᠯᠭᠠᠰᠤᠲᠠᠢ ᠠᠷᠠᠰᠤᠨ ᠠᠪᠳᠠᠷ᠎ᠠ ᠦᠵᠡᠭᠳᠡᠨ᠎ᠡ᠃ ᠲᠡᠭᠦᠨ ᠦ᠌ ᠳᠡᠷᠭᠡᠳᠡ ᠡᠮᠬᠢ ᠦᠭᠡᠢ ᠬᠠᠶᠠᠭᠰᠠᠨ ᠣᠪᠤᠭᠠᠯᠠᠲᠠᠢ ᠳᠡᠪᠡᠯ ᠦ᠋ᠳ᠂ ᠨᠡᠬᠡᠢ ᠨᠦ᠍ᠭᠦᠳ᠂ ᠭᠠᠤᠯᠢᠨ ᠠᠶᠠᠭ᠎ᠠ ᠰᠠᠪᠠ ᠰᠠᠭᠤᠯᠠᠭ᠎ᠠ ᠪᠣᠯᠤᠨ ᠬᠠᠷᠠᠩᠭᠤᠢ ᠪᠤᠯᠤᠩ ᠳ᠋ᠤ᠌ ᠦᠯᠦ ᠬᠥᠳᠡᠯᠬᠦ ᠮᠠᠨᠤᠤᠬᠠᠢ ᠠᠪᠠᠭᠠᠯᠳᠠᠢ ᠡᠯᠭᠦᠭᠡᠰᠦᠲᠡᠢ ᠪᠠᠢᠨ᠎ᠠ᠃ ᠠᠷᠠᠫᠱᠠ ᠨᠡᠭᠦᠷᠡᠰᠦ ᠶ᠋ᠢ ᠦᠯᠢᠶᠡᠵᠦ ᠪᠡᠯᠡᠳᠬᠡᠭᠰᠡᠨ ᠲᠦᠯᠡᠰᠢ ᠶ᠋ᠢ ᠨᠣᠴᠣᠭᠠᠯᠠ᠃ ᠠᠭᠤᠢ ᠬᠡᠷᠡᠯᠳᠦᠵᠦ ᠠᠷᠠᠫᠱᠠ ᠳ᠋ᠤ᠌ ᠤᠷᠲᠤ ᠪᠠᠷ ᠬᠣᠶᠠᠷ ᠠᠯᠲᠠ ᠥᠨᠳᠥᠷ ᠪᠥᠭᠡᠳ ᠠᠨᠢᠰᠬ᠎ᠠ ᠨᠢ ᠪᠠᠭᠤᠵᠤ ᠡᠪᠦᠳᠦᠭ ᠡᠴᠡ ᠥᠩᠭᠡᠷᠡᠭᠰᠡᠨ᠂ ᠤᠷᠲᠤ ᠭᠠᠷ ᠢ᠋ᠶ᠋ᠠᠨ ᠤᠨᠵᠢᠭᠤᠯᠤᠨ ᠪᠣᠭᠣᠨᠢ ᠬᠥᠯ ᠢ᠋ᠶ᠋ᠡᠨ ᠡᠪᠦᠳᠦᠭ ᠢ᠋ᠶ᠋ᠡᠷ ᠨᠤᠭᠤᠯᠤᠨ ᠰᠠᠭᠤᠬᠤ ᠴᠢᠯᠠᠭᠤᠨ ᠳᠦᠷᠰᠦ ᠦᠵᠡᠭᠳᠡᠪᠡ᠃
— ᠭᠠᠽᠦᠢ᠍ᠺ ᠵᠢᠭᠤᠲᠠᠵᠠᠢ ᠭᠡᠵᠦ ᠨᠥᠬᠥᠳ ᠦ᠋ᠨ ᠨᠢᠭᠡᠨ ᠨᠢ ᠬᠡᠯᠡᠭᠰᠡᠨ ᠳ᠋ᠦ᠍᠂
— ᠲᠡᠷᠡ ᠬᠣᠯᠠᠳᠠᠭ᠎ᠠ ᠦᠭᠡᠢ ᠪᠣᠯᠤᠯᠲᠠᠢ ᠭᠡᠵᠦ ᠨᠥᠭᠦᠭᠡ ᠨᠢᠭᠡᠨ ᠨᠢ ᠬᠡᠯᠡᠪᠡ᠃
— ᠲᠡᠷᠡ ᠰᠠᠨᠳᠤᠷᠬᠤ ᠳ᠋ᠠᠭᠠᠨ ᠠᠪᠴᠤ ᠠᠮᠵᠢᠭᠰᠠᠨ ᠦᠭᠡᠢ ᠭᠡᠵᠦ ᠠᠷᠠᠫᠱᠠ ᠭᠠᠵᠠᠷ ᠲᠤ᠌ ᠬᠡᠪᠲᠡᠬᠦ ᠬᠡᠳᠦᠨ ᠵᠣᠭᠣᠰ ᠢ᠋ ᠵᠢᠭᠠᠪᠠ᠃ ᠴᠡᠷᠢᠭ ᠤ᠋ᠳ ᠣᠪᠣᠭᠠᠷᠠᠯᠳᠤᠨ ᠲᠡᠭᠦᠵᠦ ᠠᠪᠤᠪᠠ᠃ ᠵᠣᠭᠣᠰ ᠨᠢ ᠡᠷᠲᠡ ᠪᠠᠯᠠᠷ ᠴᠠᠭ ᠤ᠋ᠨ ᠪᠣᠯᠤᠯᠲᠠᠢ ᠪᠥᠭᠡᠳ ᠨᠣᠴᠣᠵᠤ ᠪᠦᠬᠦᠢ ᠵᠤᠯᠠ ᠰᠡᠢᠯᠦᠭᠰᠡᠨ ᠵᠣᠭᠣᠰ ᠪᠠᠢᠯ᠎ᠠ᠃
ᠠᠷᠠᠫᠱᠠ ᠴᠢᠯᠠᠭᠤᠨ ᠬᠥᠮᠦᠨ ᠢ᠋ ᠠᠵᠢᠭᠯᠠᠨ ᠬᠠᠷᠠᠵᠤ ᠲᠡᠭᠦᠨ ᠳ᠋ᠦ᠍ ᠭᠠᠷ ᠬᠦᠷᠪᠡᠯ ᠲᠡᠷᠡ ᠬᠥᠳᠡᠯᠵᠦ ᠪᠠᠢᠪᠠ᠃ ᠭᠡᠲᠡᠯ᠎ᠡ 《ᠨᠠᠮᠠᠶ᠋ᠢ ᠪᠤᠤ ᠠᠯᠠᠭᠲᠤᠨ 》ᠭᠡᠵᠦ ᠳᠠᠭᠤ ᠭᠠᠷᠴᠤ ᠭᠠᠵᠠᠷ ᠲᠤ᠌ ᠣᠷᠣᠬᠤ ᠨᠦᠬᠡ ᠶ᠋ᠢᠨ ᠠᠮᠠᠰᠠᠷ ᠳᠡᠭᠡᠷ᠎ᠡ ᠨᠢᠷᠤᠭᠤ ᠨᠢ ᠪᠥᠭᠲᠥᠢᠭᠰᠡᠨ ᠡᠮᠡᠭᠡᠨ ᠭᠠᠷ ᠰᠤᠩᠭᠠᠨ ᠥᠷᠥᠰᠢᠶᠡᠯ ᠭᠤᠶᠤᠵᠤ ᠪᠠᠢᠪᠠ᠃
— ᠴᠢ ᠬᠡᠨ ᠪᠣᠢ᠂ ᠭᠠᠽᠥ᠋ᠺ ᠬᠠᠮᠢᠭ᠎ᠠ ᠪᠠᠢᠨ᠎ᠠ? ᠭᠡᠬᠦ ᠳ᠋ᠦ᠍᠂
— ᠲᠡᠷᠡ ᠬᠤᠳᠠᠯᠴᠢ ᠡᠪᠦᠭᠡᠨ ᠨᠠᠮᠠᠶ᠋ᠢ ᠬᠠᠮᠲᠤ ᠠᠪᠴᠤ ᠶᠠᠪᠤᠨ᠎ᠠ ᠭᠡᠳ ᠡᠨᠳᠡ ᠣᠷᠬᠢᠭᠠᠳ ᠵᠢᠭᠤᠲᠠᠭᠰᠠᠨ ᠭᠡᠵᠦ ᠡᠮᠡᠭᠡᠨ ᠬᠠᠷᠢᠭᠤᠯᠪᠠ᠃ 《ᠠᠯᠲᠠ ᠪᠣᠯᠤᠭᠠᠳ ᠵᠠᠯᠠᠭᠤ ᠡᠬᠡᠨᠡᠷ ᠢ᠋ᠶ᠋ᠡᠨ ᠠᠪᠴᠤ ᠣᠳᠤᠭᠰᠠᠨ 》ᠭᠡᠵᠦ ᠡᠮᠡᠭᠡᠨ ᠭᠠᠰᠠᠯᠤᠭᠰᠠᠭᠠᠷ ᠨᠢᠯᠪᠤᠰᠤ ᠴᠤᠪᠤᠭᠤᠯᠤᠨ ᠨᠦᠬᠡᠨ ᠡᠴᠡ ᠭᠠᠷᠴᠤ ᠠᠪᠳᠠᠷ᠎ᠠ ᠶ᠋ᠢ ᠬᠠᠵᠠᠭᠤ ᠲᠡᠰᠢ ᠵᠠᠢᠯᠠᠭᠤᠯᠪᠠ᠃ ᠲᠡᠭᠦᠨ ᠦ᠌ ᠠᠷᠤ ᠲᠠᠯ᠎ᠠ ᠳ᠋ᠤ᠌ ᠪᠢᠴᠢᠬᠠᠨ ᠨᠠᠮᠬᠠᠨ ᠬᠠᠭᠠᠯᠭ᠎ᠠ ᠪᠠᠢᠯ᠎ᠠ᠃
— ᠡᠭᠦᠪᠡᠷ ᠣᠷᠣᠵᠤ ᠡᠪᠦᠳᠦᠭ ᠢ᠋ᠶ᠋ᠡᠷ ᠮᠥᠯᠬᠥᠨ ᠶᠠᠪᠤᠪᠠᠯ ᠮᠢᠩᠭᠠᠨ ᠠᠯᠬᠤᠮ ᠤ᠋ᠨ ᠴᠠᠭᠠᠨ᠎ᠠ ᠠᠭᠤᠵᠢᠮ ᠠᠭᠤᠢ ᠳ᠋ᠤ᠌ ᠣᠷᠣᠬᠤ ᠡᠭᠦᠳᠡ ᠪᠠᠢᠨ᠎ᠠ᠃ ᠲᠡᠨᠳᠡ ᠲᠡᠭᠦᠨ ᠦ᠌ ᠮᠣᠷᠢ ᠨᠢ ᠬᠦᠯᠢᠶᠡᠵᠦ ᠪᠠᠢᠭ᠎ᠠ ᠭᠡᠪᠡ᠃ ᠠᠷᠠᠫᠱᠠ ᠲᠦᠷᠦᠭᠦᠴᠢ ᠶ᠋ᠢᠨ ᠪᠠᠢᠷᠢᠨ ᠳ᠋ᠤ᠌ ᠴᠢᠯᠠᠭᠤᠨ ᠳᠦᠷᠰᠦ ᠶ᠋ᠢ ᠲᠠᠯᠪᠢᠵᠤ ᠴᠡᠷᠢᠭ ᠲᠡᠭᠡᠨ ᠠᠭᠤᠢ ᠪᠠ ᠡᠮᠡᠭᠡᠨ ᠢ᠋ ᠮᠠᠨᠠᠵᠤ ᠪᠠᠢᠬᠤ ᠶ᠋ᠢ ᠲᠤᠰᠢᠶᠠᠭᠠᠳ ᠥᠪᠡᠷ ᠢ᠋ᠶ᠋ᠡᠨ ᠰᠦᠪᠡᠭᠡᠳᠡᠢ ᠪᠠᠭᠠᠲᠤᠷ ᠲᠤ᠌ ᠣᠴᠢᠬᠤ ᠪᠠᠷ ᠲᠦᠷᠭᠡᠯᠡᠪᠡ᠃ ᠭᠡᠲᠡᠯ᠎ᠡ ᠲᠡᠢᠮᠦ ᠴᠦ᠍ ᠤᠳᠠᠭᠠᠨ ᠬᠦᠯᠢᠶᠡᠯᠭᠡᠭᠰᠡᠨ ᠦᠭᠡᠢ᠂ ᠲᠠᠩᠨᠠᠭᠤᠯ ᠳ᠋ᠤ᠌ ᠢᠯᠡᠭᠡᠭᠰᠡᠨ ᠴᠡᠷᠢᠭ ᠦ᠋ᠨ ᠨᠢᠭᠡᠨ ᠨᠢ ᠲᠦᠳᠡᠬᠡᠨ ᠡᠷᠭᠢᠵᠦ ᠢᠷᠡᠵᠡᠢ᠃ ᠡᠨᠳᠡ ᠢᠷᠡᠭᠡᠳ ᠪᠣᠭᠴᠣ ᠭᠠᠨᠵᠤᠭᠠᠯᠠᠭᠰᠠᠨ ᠮᠣᠷᠢᠳ ᠢ᠋ ᠬᠤᠢᠯᠠᠷᠠᠭᠤᠯᠤᠨ ᠨᠠᠮᠨᠠᠬᠤ ᠪᠥᠭᠡᠳ ᠮᠣᠷᠢᠳ ᠤ᠋ᠨ ᠨᠢᠭᠡ ᠶ᠋ᠢ ᠪᠠᠭᠠᠪᠠᠭᠠᠢ ᠶ᠋ᠢᠨ ᠠᠷᠠᠰᠤᠨ ᠳᠡᠪᠡᠯ ᠲᠡᠢ ᠪᠥᠭᠲᠥᠷ ᠡᠪᠦᠭᠡᠨ ᠤᠨᠤᠵᠠᠢ᠃ ᠨᠢᠭᠤᠷ ᠲᠤᠨᠢ ᠥᠳᠬᠡᠨ ᠰᠠᠬᠠᠯ ᠤᠷᠭᠤᠵᠤ ᠪᠤᠭᠤᠷᠤᠯ ᠦᠰᠦ ᠨᠢ ᠡᠰᠢ ᠲᠠᠰᠢ ᠪᠠᠨ ᠠᠷᠵᠠᠢᠨ ᠪᠣᠰᠴᠤ ᠤᠴᠠᠷᠠᠭᠰᠠᠨ ᠡᠲᠡᠭᠡᠳ ᠢ᠋ ᠦᠯᠦ ᠠᠩᠬᠠᠷᠤᠨ ᠰᠥᠭᠡᠩᠭᠢ ᠬᠣᠭᠣᠯᠠᠢ ᠪᠠᠷ ᠡᠭᠡᠰᠢᠭᠯᠡᠭᠦᠯᠦᠨ ᠠᠶᠠᠯᠵᠤ ᠦᠯᠦ ᠮᠡᠳᠡᠭᠳᠡᠬᠦ ᠬᠡᠯᠡ ᠪᠡᠷ ᠶᠠᠭᠤᠮ᠎ᠠ ᠤᠩᠰᠢᠬᠤ ᠶ᠋ᠢᠨ ᠳᠡᠭᠡᠷ᠎ᠡ ᠠᠯᠲᠠᠨ ᠪᠠᠷᠢᠭᠤᠯ ᠲᠠᠢ ᠲᠠᠶᠠᠭ ᠢ᠋ᠶ᠋ᠠᠷ ᠳᠠᠯᠠᠯᠤᠨ᠎ᠠ᠃ ᠨᠥᠭᠦᠭᠡ ᠨᠢᠭᠡ ᠮᠣᠷᠢᠨ ᠳᠡᠭᠡᠷ᠎ᠡ ᠳᠣᠭᠰᠢᠨ ᠬᠠᠷ᠎ᠠ ᠨᠢᠳᠦᠲᠡᠢ᠂ ᠬᠡᠷᠴᠡᠭᠡᠢ ᠵᠠᠩᠲᠠᠢ᠂ ᠪᠤᠳᠤᠩᠭᠤᠢ ᠴᠢᠷᠠᠢ ᠲᠠᠢ ᠵᠠᠯᠠᠭᠤ ᠪᠦᠰᠡᠭᠦᠢ ᠰᠠᠭᠤᠵᠤ ᠣᠢᠷᠠᠲᠤᠭᠰᠠᠨ ᠪᠦᠬᠦᠨ ᠢ᠋ ᠭᠢᠯᠤᠢᠨ ᠬᠠᠷᠠᠵᠤ ᠰᠢᠳᠦ ᠪᠡᠨ ᠬᠠᠪᠢᠷᠤᠨ ᠵᠥᠭᠡᠨᠡ᠃ ᠰᠦᠪᠡᠭᠡᠳᠠᠢ ᠪᠠᠭᠠᠲᠤᠷ ᠮᠢᠩᠭᠠᠨ ᠨᠠᠰᠤᠲᠠᠢ ᠪᠥᠬᠡ ᠶ᠋ᠢ ᠦᠵᠡᠬᠦ ᠶ᠋ᠢᠨ ᠲᠤᠯᠠᠳᠠ ᠭᠡᠷ ᠡᠴᠡ ᠭᠠᠷᠴᠤ ᠬᠡᠯᠡᠭᠰᠡᠨ ᠨᠢ᠄
— ᠮᠢᠨᠦ ᠪᠢᠴᠢᠭᠡᠴᠢ ᠡᠨᠡ ᠵᠠᠯᠢᠲᠤ ᠬᠥᠭᠰᠢᠨ ᠶᠠᠭᠤ ᠠᠪᠴᠢᠷᠠᠭᠰᠠᠨ ᠢ᠋ ᠪᠦᠭᠦᠳᠡ ᠶ᠋ᠢ ᠦᠵᠡᠵᠦ ᠪᠢᠴᠢᠵᠦ ᠠᠪᠤᠭ᠃ ᠬᠡᠷᠪᠡ ᠦᠨᠡᠲᠦ ᠶᠠᠭᠤᠮ᠎ᠠ ᠭᠠᠷᠪᠠᠯ ᠴᠥᠮ ᠢ᠋ ᠵᠠᠩᠵᠤᠨ ᠤ᠋ ᠶᠠᠭᠤᠮ᠎ᠠ ᠪᠣᠯᠭ᠎ᠠ᠃ ᠡᠨᠡ ᠪᠥᠬᠡ ᠶ᠋ᠢ ᠦᠳᠡᠰᠢ ᠪᠠᠲᠤ ᠬᠠᠭᠠᠨ ᠳ᠋ᠤ᠌ ᠠᠪᠠᠴᠢᠵᠤ ᠦᠭᠭᠦᠭᠲᠦᠨ᠃ ᠪᠢᠳᠡ ᠮᠢᠩᠭᠠᠨ ᠵᠢᠯ ᠦ᠋ᠨ ᠳᠣᠲᠣᠷ᠎ᠠ ᠶᠠᠭᠤ ᠪᠣᠯᠤᠭᠰᠠᠨ ᠲᠤᠬᠠᠢ ᠦᠯᠢᠭᠡᠷ ᠢ᠋ ᠰᠣᠨᠣᠰᠬᠤ ᠶ᠋ᠢ ᠬᠦᠰᠡᠨ᠎ᠡ᠃
— ᠴᠥᠮ ᠢ᠋ ᠮᠡᠳᠡᠪᠡᠯ ᠲᠤᠰᠠᠲᠠᠢ ᠪᠠᠢᠵᠤ ᠶᠠᠭᠤ ᠮᠠᠭᠠᠳ ᠪᠥᠭᠡᠳ ᠭᠢᠨᠵᠢ ᠵᠡᠭᠦᠯᠭᠡᠬᠦ ᠬᠡᠷᠡᠭᠲᠡᠢ᠂ ᠳᠠᠬᠢᠨ ᠲᠡᠭᠡᠵᠦ ᠪᠢᠳᠡᠨ ᠡᠴᠡ ᠨᠢᠭᠤᠭᠳᠠᠬᠤ ᠪᠠᠨ ᠪᠠᠰᠠ ᠪᠤᠯᠢᠭ᠃ ᠪᠠᠰᠠ ᠪᠤᠰᠤᠳ ᠨᠢ ᠦᠵᠡᠵᠦ ᠲᠤᠷᠰᠢᠯᠭ᠎ᠠ ᠠᠪᠤᠭ ᠭᠡᠪᠡ᠃
ᠦᠰᠦᠭ ᠠᠮᠢᠯᠠᠭᠤᠯᠤᠭᠴᠢ᠄ ᠭᠡᠷᠡᠯ᠂ ᠠᠷᠢᠭᠤᠨ ᠂ ᠬᠡᠷᠡᠢᠳ· ᠮᠥᠩᠬᠡᠨᠠᠰᠤᠨ᠂ ᠠᠯᠲᠠᠨᠴᠢᠮᠡᠭ ᠂ ᠪᠠᠶᠠᠨᠴᠡᠴᠡᠭ ᠂᠂
ᠬᠢᠨᠠᠭᠴᠢ᠄ ᠲ᠂ ᠬᠦᠮᠦᠵᠢᠯᠲᠦ᠂ ᠪᠠᠶᠠᠨᠴᠡᠴᠡᠭ᠂ ᠠᠷᠢᠭᠤᠨ᠂ ᠠᠯᠲᠠᠨᠴᠢᠮᠡᠭ᠂᠂᠂