ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠳᠣᠯᠣᠭ᠎ᠠ〕 Цаг төрийн үймээн – Д ᠂ Намдаг - Амьдралын зам ᠂ нэгдүгээр бүлэг - 27 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠳᠣᠯᠣᠭ᠎ᠠ〕 Цаг төрийн үймээн – Д ᠂ Намдаг - Амьдралын зам ᠂ нэгдүгээр бүлэг - 27

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠳᠣᠯᠣᠭ᠎ᠠ〕 Цаг төрийн үймээн – Д ᠂ Намдаг - Амьдралын зам ᠂ нэгдүгээр бүлэг - 27

ᠠᠩᠭᠢᠯᠠᠯ:ᠲᠤᠭᠤᠵᠢ ᠷᠣᠮᠠᠨ
2025-09-26

56

ᠣᠯᠵᠠᠲᠤ ᠡᠳᠦᠷ ᠦᠳ


       ᠰᠢᠨ᠎ᠡ ᠶ᠋ᠢᠨ ᠨᠢᠭᠡᠨ ᠳ᠋ᠦ᠍ ᠣᠶᠣᠨᠳᠠᠷᠢ᠂ ᠵᠠᠮᠢᠶᠠᠨ ᠬᠦᠩ ᠪᠠᠭᠰᠢ ᠳ᠋ᠠᠭᠠᠨ ᠪᠠᠷᠠᠯᠬᠠᠨ ᠵᠣᠯᠭᠠᠭᠠᠳ᠂ ᠭᠤᠷᠪᠠᠨ ᠶᠠᠩᠴᠢᠶᠠᠨ ᠣᠯᠤᠭᠰᠠᠨ ᠪᠠᠢᠯ᠎ᠠ᠃ ᠲᠡᠨᠳᠡ ᠡᠴᠡ ᠮᠠᠢᠮᠠᠢ ᠬᠣᠲᠠ ᠤᠷᠤᠭᠤ ᠪᠠᠨ ᠡᠷᠭᠢᠭᠰᠡᠨ ᠪᠥᠭᠡᠳ ᠱᠤᠳᠤᠷᠭᠤ ᠴᠣᠬᠢᠨ ᠬᠢᠲᠠᠳ ᠢ᠋ᠶ᠋ᠠᠷ ᠳᠠᠭᠤᠯᠠᠬᠤ ᠶ᠋ᠢ ᠵᠢᠭᠠᠯᠭᠠᠳᠠᠭ ᠬᠣᠶᠠᠳᠠᠬᠢ ᠪᠠᠭᠰᠢ ᠳ᠋ᠠᠭᠠᠨ ᠪᠠᠷᠠᠯᠬᠠᠬᠤ ᠪᠠᠷ ᠶᠠᠪᠤᠪᠠ᠃ ᠲᠡᠷᠡ ᠪᠠᠭᠰᠢ ᠨᠢ ᠬᠣᠶᠠᠷ ᠨᠢᠳᠦ ᠬᠣᠶᠠᠭᠤᠯᠠ ᠪᠠᠨ ᠰᠣᠬᠣᠷ᠂ ᠮᠠᠢᠮᠠᠢ ᠶ᠋ᠢᠨ ᠶᠠᠳᠠᠭᠤᠰ᠂ ᠰᠢᠪᠠᠷᠴᠢᠨ᠂ ᠨᠣᠭᠣᠭᠠᠴᠢᠨ᠂ ᠲᠡᠮᠦᠷᠴᠢᠨ ᠭᠡᠬᠦ ᠮᠡᠲᠦ ᠶ᠋ᠢᠨ ᠬᠥᠮᠦᠰ ᠦ᠋ᠨ ᠰᠠᠭᠤᠳᠠᠭ ᠬᠠᠮᠤᠭ ᠤ᠋ᠨ ᠬᠣᠢᠲᠤ ᠲᠠᠯ᠎ᠠ ᠶ᠋ᠢᠨ ᠭᠤᠳᠤᠮᠵᠢᠨ ᠤ᠋ ᠵᠡᠭᠦᠨ ᠦᠵᠦᠭᠦᠷ ᠲᠦ᠍ ᠭᠡᠷ ᠪᠠᠢᠰᠢᠩ ᠬᠣᠶᠠᠷ ᠤ᠋ᠨ ᠬᠣᠭᠣᠷᠣᠨᠳᠣ ᠶ᠋ᠢᠨ ᠨᠢᠭᠡ ᠮᠠᠭᠤ ᠶᠠᠭᠤᠮᠠᠨ ᠳ᠋ᠤ᠌ ᠰᠠᠭᠤᠨ᠂ ᠡᠮᠦᠰᠦᠭᠰᠡᠨ ᠬᠤᠪᠴᠠᠰᠤ ᠲᠤᠢᠯ ᠤ᠋ᠨ ᠳᠣᠷᠣᠢ ᠳᠠᠯᠠᠨ ᠳᠣᠯᠣᠭᠠᠨ ᠨᠥᠬᠥᠭᠡᠰᠦ ᠪᠢᠰᠢ ᠪᠣᠯᠪᠠᠴᠤ ᠠᠷᠪᠠᠨ ᠳᠣᠯᠣᠭᠠᠨ ᠨᠥᠬᠥᠭᠡᠰᠦ ᠲᠡᠢ ᠶ᠋ᠢ ᠡᠮᠦᠰᠦᠨ᠎ᠡ᠃ ᠲᠡᠭᠡᠬᠦ ᠳ᠋ᠡᠭᠡᠨ᠄ ᠭᠤᠢᠯᠢᠨᠴᠢᠨ ᠪᠢᠰᠢ᠂ ᠥᠪᠡᠷ ᠦ᠋ᠨ ᠢ᠋ᠶ᠋ᠡᠨ ᠬᠡᠯᠡᠨ ᠦ᠌ ᠬᠡᠳᠦᠨ ᠠᠷᠪᠠᠨ ᠲᠣᠮᠣ ᠳᠡᠪᠲᠡᠷ ᠳᠠᠭᠤᠤ ᠰᠢᠯᠦᠭ᠂ ᠦᠯᠢᠭᠡᠷ ᠲᠣᠭᠣᠵᠢ᠂ ᠲᠡᠦᠬᠡ ᠱᠠᠰᠲᠢᠷ ᠢ᠋ ᠱᠤᠳᠤᠷᠭᠤ ᠴᠣᠬᠢᠨ ᠠᠶᠠᠯᠤᠨ ᠳᠠᠭᠤᠯᠠᠵᠤ ᠴᠢᠳᠠᠳᠠᠭ ᠢ᠋ᠶ᠋ᠠᠷ ᠢ᠋ᠶ᠋ᠠᠨ ᠠᠮᠢᠳᠤᠷᠠᠨ᠎ᠠ᠃ ᠭᠡᠲᠡᠯ᠎ᠡ ᠳᠠᠭᠤᠯᠠᠬᠤ ᠨᠢ ᠶᠡᠷᠦ ᠴᠠᠭ ᠦᠷᠭᠦᠯᠵᠢ ᠶ᠋ᠢᠨ ᠬᠡᠷᠡᠭ ᠪᠢᠰᠢ᠂ ᠬᠠᠪᠤᠷ ᠤ᠋ᠨ ᠰᠡᠭᠦᠯ᠂ ᠰᠠᠷ᠎ᠠ ᠳᠤᠮᠳᠠ ᠠ᠋ᠴᠠ ᠥᠩᠭᠡᠷᠡᠵᠦ᠂ ᠭᠠᠵᠠᠷ ᠳᠡᠯᠡᠬᠡᠢ ᠶ᠋ᠢᠨ ᠥᠩᠭᠡ ᠰᠣᠯᠢᠭᠲᠤᠨ ᠨᠣᠭᠣᠭᠠᠷᠠᠬᠤ ᠶ᠋ᠢᠨ ᠴᠠᠭ ᠲᠤ ᠬᠦᠷᠢᠶᠡᠨ ᠦ᠌ ᠭᠡᠰᠡᠷ᠂ ᠮᠠᠢᠮᠠᠢ ᠬᠣᠲᠠ ᠶ᠋ᠢᠨ ᠡᠷᠯᠢᠭ ᠬᠠᠭᠠᠨ ᠡᠨᠡ ᠬᠣᠶᠠᠷ ᠬᠢᠲᠠᠳ ᠰᠦᠮ᠎ᠡ ᠶ᠋ᠢᠨ ᠤᠷᠢᠲᠠᠢ ᠭᠤᠷᠪᠠ ᠭᠤᠷᠪᠠᠨ ᠡᠳᠦᠷ ᠢ᠋ᠶ᠋ᠡᠷ ᠤᠷᠢᠭᠳᠠᠨ ᠪᠠᠢᠯ᠎ᠠ᠃ ᠰᠣᠨᠣᠰᠤᠭᠴᠢᠳ ᠨᠢ ᠭᠡᠪᠡᠯ᠄ ᠳᠠᠩ ᠲᠣᠮᠣ ᠫᠦᠰᠡᠨ ᠦ᠌ ᠳᠠᠩᠵᠢᠶᠠᠳ ᠨᠤᠭᠤᠳ ᠠᠵᠢ᠃ ᠬᠥᠮᠦᠰ ᠲᠡᠭᠦᠨ ᠢ᠋ ᠬᠤᠪᠢ ᠵᠠᠶᠠᠭ᠎ᠠ ᠪᠠᠨ ᠮᠡᠳᠡᠬᠦ ᠦᠭᠡᠢ ᠬᠥᠮᠦᠨ ᠭᠡᠬᠦ ᠪᠤᠶᠤ ᠡᠰᠡᠪᠡᠯ ᠨᠣᠮ ᠡᠷᠳᠡᠮ ᠮᠡᠳᠡᠬᠦ ᠣᠷᠣᠯᠳᠣᠳᠠᠭ ᠬᠥᠮᠦᠨ ᠪᠣᠯᠬᠤ ᠭᠡᠵᠦ ᠦᠭᠡᠢ ᠮᠥᠨ ᠶᠡᠬᠡ ᠶᠢ ᠦᠵᠡᠪᠡ ᠭᠡᠵᠦ ᠱᠣᠭᠯᠠᠳᠠᠭ ᠪᠠᠢᠯ᠎ᠠ᠃
       ᠰᠣᠬᠣᠷ ᠳᠠᠭᠤᠴᠢ ᠦᠵᠡᠭᠴᠢᠳ ᠦ᠋ᠨ ᠡᠮᠦᠨ᠎ᠡ ᠨᠢᠭᠡ ᠲᠠᠯ᠎ᠠ ᠳ᠋ᠠᠭᠠᠨ ᠪᠢᠴᠢᠬᠠᠨ ᠰᠢᠷᠡᠭᠡ᠂ ᠲᠡᠭᠦᠨ ᠳᠡᠭᠡᠷ᠎ᠡ ᠨᠢ ᠬᠠᠯᠠᠭᠤᠨ ᠴᠠᠢ ᠢᠮᠠᠭᠲᠠ ᠪᠡᠯᠡᠨ ᠪᠠᠢᠨ᠎ᠠ᠃ ᠨᠥᠭᠦᠭᠡ ᠲᠠᠯ᠎ᠠ ᠨᠢ ᠭᠤᠷᠪᠠᠨ ᠳᠠᠪᠬᠤᠷ ᠪᠦᠰᠡᠯᠡᠭᠦᠷᠲᠦ ᠴᠣᠣᠵᠢ ᠲᠠᠢ ᠠᠪᠳᠠᠷ᠎ᠠ᠂ ᠴᠣᠬᠣᠮ ᠶᠠᠭᠤ ᠳᠠᠭᠤᠯᠠᠬᠤ ᠶ᠋ᠢ ᠨᠢ ᠰᠦᠮ᠎ᠡ ᠶ᠋ᠢᠨ ᠵᠦᠭ ᠡᠴᠡ ᠰᠣᠨᠣᠰᠤᠭᠴᠢᠳ ᠲᠤ ᠤᠷᠢᠳᠴᠢᠯᠠᠨ ᠵᠠᠷᠯᠠᠭᠰᠠᠨ ᠪᠠᠢᠬᠤ ᠪᠥᠭᠡᠳ ᠱᠤᠳᠤᠷᠭᠤ ᠶᠤᠭᠠᠨ ᠳ᠋ᠠᠩ ᠶᠢᠩ ᠪᠠᠭᠤᠯᠭᠠᠨ ᠭᠥᠭᠯᠡᠵᠦ ᠡᠬᠢᠯᠡᠬᠦ ᠳ᠋ᠦ᠍ᠨᠢ ᠳᠠᠩᠵᠢᠶᠠᠳ ᠨᠤᠭᠤᠳ ᠦᠭᠡ ᠦᠰᠦᠭ ᠢ᠋ᠶ᠋ᠡᠷ ᠠᠯᠳᠠᠬᠤ ᠡᠰᠡᠬᠦ ᠶ᠋ᠢ ᠨᠢ ᠬᠢᠨᠠᠨ ᠰᠢᠯᠭᠠᠬᠤ ᠭᠡᠵᠦ ᠬᠡᠪᠯᠡᠮᠡᠯ ᠳᠡᠪᠲᠡᠷ ᠢ᠋ ᠤᠷᠢᠲᠠᠢ ᠪᠠᠨ ᠲᠠᠯᠪᠢᠨ ᠳᠡᠯᠭᠡᠵᠦ ᠬᠢᠴᠢᠶᠡᠩᠭᠦᠢᠯᠡᠨ ᠰᠢᠷᠲᠡᠨ᠎ᠡ᠃ ᠰᠣᠬᠣᠷ ᠤ᠋ᠨ ᠳᠠᠭᠤᠯᠠᠬᠤ ᠭᠠᠢᠬᠠᠯᠲᠠᠢ᠂ ᠰᠣᠨᠣᠰᠤᠭᠴᠢᠳ ᠤ᠋ᠨ ᠠᠩᠬᠠᠷᠤᠯ ᠢ᠋ ᠴᠠᠭ ᠢᠮᠠᠭᠲᠠ ᠥᠪᠡᠷ ᠲᠡᠭᠡᠨ ᠲᠡᠳᠡᠨ᠂ ᠤᠷᠢᠲᠠᠢ ᠪᠠᠨ ᠳᠡᠯᠭᠡᠭᠰᠡᠨ ᠨᠣᠮ ᠢ᠋ ᠦᠷᠭᠦᠯᠵᠢᠯᠡᠨ ᠱᠠᠭᠠᠢᠵᠤ ᠪᠠᠢᠯ᠎ᠠ ᠴᠦ᠍ ᠭᠡᠰᠡᠨ ᠲᠡᠳᠡ ᠠᠢᠬᠤᠪᠲᠤᠷ ᠨᠣᠮ ᠡᠷᠳᠡᠮ ᠪᠣᠯᠪᠠᠰᠤᠷᠠᠭᠰᠠᠨ ᠤᠯᠤᠰ ᠪᠢᠰᠢ᠂ ᠤᠰᠤᠨ ᠪᠣᠯᠣᠷ ᠰᠢᠯ ᠢ᠋ ᠨᠢᠳᠦᠨ ᠳ᠋ᠡᠭᠡᠨ ᠬᠢᠨ ᠡᠷᠲᠡ ᠤᠷᠢᠳᠤ ᠶ᠋ᠢᠨ ᠠᠯᠳᠠᠷᠲᠤ ᠨᠣᠮ ᠢ᠋ ᠪᠠᠷᠢᠨ ᠰᠠᠭᠤᠬᠤ ᠶᠣᠰᠣᠲᠠᠢ ᠬᠣᠭᠣᠰᠣᠨ ᠳᠦᠷᠢᠮ ᠪᠥᠭᠡᠳ ᠣᠢ ᠲᠣᠢ ᠳ᠋ᠠᠭᠠᠨ ᠠᠶᠠᠲᠠᠢᠬᠠᠨ ᠣᠢᠯᠠᠭᠠᠭᠳᠠᠬᠤ ᠬᠡᠰᠡᠭ ᠳᠡᠭᠡᠷ᠎ᠡ ᠶᠦᠮ ᠤᠤ᠂ ᠡᠰᠡᠪᠡᠯ ᠬᠥᠭ ᠠᠶ᠎ᠠ ᠬᠣᠶᠠᠷ ᠤ᠋ᠨ ᠨᠠᠷᠢᠰᠬᠤ ᠳᠡᠭᠡᠷ᠎ᠡ《ᠬᠣᠣ ᠸᠠ!》 ᠭᠡᠵᠦ ᠬᠠᠰᠬᠢᠷᠤᠨ ᠪᠠᠶᠠᠷ ᠬᠦᠷᠭᠡᠨ᠎ᠡ᠃ ᠵᠠᠷᠢᠮ ᠳ᠋ᠠᠭᠠᠨ ᠪᠢᠴᠢᠭ ᠦᠰᠦᠭ ᠲᠦ᠍ ᠣᠨᠴᠠ ᠭᠡᠵᠦ ᠠᠯᠳᠠᠷᠰᠢᠭᠰᠠᠨ ᠨᠢᠭᠡᠨ ᠦ᠌ ᠪᠡᠨ ᠵᠦᠭᠡᠷ ᠬᠥᠭᠵᠢᠶᠡᠨ ᠱᠤᠤᠭᠢᠶᠠᠨ ᠳᠡᠭᠳᠡᠭᠡᠬᠦ ᠶ᠋ᠢᠨ ᠡᠭᠦᠳᠡᠨ ᠡᠴᠡ ᠭᠡᠨᠡᠳᠲᠡ ᠬᠠᠰᠬᠢᠷᠬᠤ ᠳ᠋ᠤ᠌ ᠳᠡᠮᠡᠢ ᠳᠠᠭᠠᠯᠳᠤᠨ ᠳᠠᠭᠤ ᠱᠣᠣ ᠪᠣᠯᠬᠤ ᠴᠦ᠍ ᠶᠠᠪᠤᠳᠠᠯ ᠲᠣᠬᠢᠶᠠᠯᠳᠤᠨ᠎ᠠ᠃ ᠭᠡᠲᠡᠯ᠎ᠡ ᠡᠨᠡ《ᠬᠣᠣ ᠸᠠ》 ᠭᠡᠳᠡᠭ ᠬᠠᠰᠬᠢᠷᠤᠯᠲᠠ ᠶᠡᠷᠦ ᠪᠠᠭ᠎ᠠ ᠬᠡᠷᠡᠭ ᠪᠢᠰᠢ᠂ ᠲᠡᠷᠡ ᠪᠦᠷᠢ ᠳᠡᠭᠡᠷ᠎ᠡ ᠰᠣᠬᠣᠷ ᠤ᠋ᠨ ᠲᠣᠭᠣᠭᠠᠴᠢ ᠯᠤᠤ ᠬᠠᠨ ᠪᠢᠴᠢᠬᠠᠨ ᠫᠣᠣᠯᠤᠤ ᠪᠠᠷᠢᠨ ᠭᠠᠷᠴᠤ ᠢᠷᠡᠵᠦ ᠬᠥᠮᠦᠨ ᠪᠦᠷᠢ ᠶ᠋ᠢᠨ ᠡᠮᠦᠨ᠎ᠡ ᠲᠤᠰᠬᠤ ᠪᠥᠭᠡᠳ᠂ ᠲᠡᠭᠦᠨ ᠤᠷᠤᠭᠤ ᠨᠢ ᠳᠠᠩᠵᠢᠶᠠᠳ ᠨᠤᠭᠤᠳ ᠮᠥᠨ ᠯᠡ ᠨᠡᠷ᠎ᠡ ᠨᠢᠭᠤᠷ ᠢ᠋ᠶ᠋ᠠᠨ ᠪᠣᠳᠣᠨ ᠶᠠᠩᠴᠢᠶᠠᠨ ᠠ᠋ᠴᠠ ᠳᠣᠷᠣᠭᠰᠢ ᠦᠭᠡᠢ ᠶᠠᠭᠤᠮ᠎ᠠ ᠶ᠋ᠢ ᠰᠢᠲᠠᠨ ᠬᠠᠶᠠᠨ ᠪᠠᠭᠤᠯᠭᠠᠨ᠎ᠠ᠃ ᠲᠣᠭᠣᠭᠠᠴᠢ ᠶ᠋ᠢᠨ ᠢ᠋ᠶ᠋ᠡᠨ ᠡᠷᠭᠢᠵᠦ ᠢᠷᠡᠬᠦ ᠳ᠋ᠦ᠍ ᠰᠣᠬᠣᠷ ᠡᠪᠦᠷ ᠢ᠋ᠶ᠋ᠡᠨ ᠲᠡᠮᠲᠡᠷᠢᠨ ᠲᠦᠯᠬᠢᠭᠦᠷ ᠭᠠᠷᠭᠠᠵᠤ ᠭᠤᠷᠪᠠᠨ ᠳᠠᠪᠬᠤᠷ ᠲᠡᠮᠦᠷ ᠪᠦᠰᠡᠯᠡᠭᠦᠷᠲᠦ ᠠᠪᠳᠠᠷ᠎ᠠ ᠪᠠᠨ ᠨᠡᠭᠡᠭᠡᠨ᠂ ᠮᠥᠩᠭᠥᠨ ᠶᠠᠩᠴᠢᠶᠠᠨ ᠨᠤᠭᠤᠳ ᠰᠢᠷ ᠨᠢᠷ ᠪᠠᠭᠤᠨ ᠠᠰᠬᠠᠷᠠᠮᠠᠭᠴᠠ ᠬᠠᠪᠬᠠᠯᠠᠨ ᠴᠣᠣᠵᠢᠯᠠᠵᠤ ᠠᠪᠤᠭᠠᠳ ᠳᠠᠭᠤᠯᠠᠬᠤ ᠪᠠᠨ ᠦᠷᠭᠦᠯᠵᠢᠯᠡᠭᠦᠯᠦᠨ᠎ᠡ᠃ 
       ᠣᠳᠣ ᠠ᠋ᠴᠠ ᠲᠠᠪᠤᠨ ᠵᠢᠯ ᠦ᠋ᠨ ᠡᠮᠦᠨ᠎ᠡ ᠣᠶᠣᠨᠳᠠᠷᠢ ᠠᠷᠪᠠᠨ ᠳᠥᠷᠪᠡᠲᠡᠢ ᠳ᠋ᠡᠭᠡᠨ ᠮᠠᠢᠮᠠᠢ ᠬᠣᠲᠠ ᠶ᠋ᠢᠨ ᠡᠷᠯᠢᠭ ᠬᠠᠭᠠᠨ ᠤ᠋ ᠰᠦᠮ᠎ᠡ ᠶ᠋ᠢᠨ ᠡᠮᠦᠨ᠎ᠡ ᠰᠣᠬᠣᠷ ᠤ᠋ᠨ ᠳᠠᠭᠤᠯᠠᠬᠤ ᠶ᠋ᠢ ᠠᠩᠬ᠎ᠠ ᠦᠵᠡᠭᠡᠳ ᠲᠡᠭᠦᠨ ᠰᠢᠭ ᠳᠠᠭᠤᠯᠠᠨ ᠬᠥᠭᠵᠢᠮᠳᠡᠳᠡᠭ ᠪᠣᠯᠬᠤ ᠶ᠋ᠢ ᠬᠦᠰᠡᠭᠰᠡᠨ ᠪᠢᠯᠡ᠃ ᠬᠡᠦᠬᠡᠳ ᠪᠦᠷ ᠶᠠᠭᠤᠮ᠎ᠠ ᠶ᠋ᠢ ᠬᠥᠩᠭᠡᠨ ᠬᠢᠯᠪᠠᠷ ᠢ᠋ᠶ᠋ᠠᠷ ᠪᠣᠳᠣᠳᠠᠭ ᠶᠣᠰᠣᠭᠠᠷ ᠱᠤᠳᠤᠷᠭᠤ ᠬᠥᠭᠵᠢᠮ ᠬᠤᠳᠠᠯᠳᠤᠨ ᠠᠪᠴᠤ ᠣᠷᠣᠯᠳᠣᠭᠠᠳ ᠰᠠᠨᠠᠭ᠎ᠠ ᠰᠡᠳᠬᠢᠯ ᠦ᠋ᠨ ᠵᠣᠪᠠᠯᠠᠩ ᠡᠳ᠋ᠯᠡᠬᠦ ᠳ᠋ᠦ᠍ᠨᠢ ᠡᠴᠢᠭᠡ ᠨᠢ ᠰᠣᠬᠣᠷ ᠳᠠᠭᠤᠴᠢᠨ ᠳ᠋ᠤ᠌ ᠱᠠᠪᠢ ᠣᠷᠣᠭᠤᠯᠤᠭᠰᠠᠨ ᠶᠤᠮ ᠰᠠᠨᠵᠠᠢ᠃ ᠲᠡᠭᠦᠨ ᠡᠴᠡ ᠬᠣᠢᠰᠢ ᠣᠶᠣᠨᠳᠠᠷᠢ ᠳ᠋ᠤ᠌ ᠰᠤᠷᠭᠠᠭᠰᠠᠨ ᠨᠢ ᠶᠡᠷᠦ ᠪᠠᠭ᠎ᠠ ᠪᠢᠰᠢ᠂ ᠪᠠᠭᠰᠢ ᠶ᠋ᠢᠨ ᠢ᠋ᠶ᠋ᠡᠨ ᠠᠳᠠᠯᠢ ᠬᠡᠳᠦᠨ ᠠᠷᠪᠠᠨ ᠲᠣᠮᠣ ᠳᠡᠪᠲᠡᠷ ᠢ᠋ ᠠᠶᠠᠯᠤᠨ ᠳᠠᠭᠤᠯᠠᠵᠤ ᠴᠢᠳᠠᠬᠤ ᠦᠭᠡᠢ ᠪᠣᠯᠪᠠᠴᠤ᠂ ᠬᠡᠳᠦᠨ ᠠᠷᠪᠠᠨ ᠳᠠᠭᠤᠤ ᠰᠢᠯᠦᠭ᠂ ᠦᠯᠢᠭᠡᠷ ᠨᠠᠢᠷᠠᠭᠯᠠᠯ ᠢ᠋ ᠳᠠᠭᠤᠯᠠᠵᠤ ᠴᠢᠳᠠᠨ᠎ᠠ᠃ ᠦᠰᠦᠭ ᠨᠣᠮ ᠢ᠋ ᠨᠢ ᠵᠠᠮᠢᠶᠠᠨ ᠬᠦᠩ ᠢ᠋ᠶ᠋ᠡᠷ ᠵᠢᠭᠠᠯᠭᠠᠨ ᠨᠠᠷᠢᠨ ᠨᠢᠮᠪᠠᠢ ᠰᠤᠳᠤᠯᠤᠭᠰᠠᠨ ᠤᠴᠢᠷ ᠬᠢᠲᠠᠳ ᠬᠡᠯᠡᠨ ᠳ᠋ᠦ᠍ ᠴᠦ᠍ ᠰᠠᠢᠨ ᠪᠣᠯᠤᠭᠰᠠᠨ ᠪᠠᠢᠨ᠎ᠠ᠃ ᠰᠣᠬᠣᠷ ᠳᠠᠭᠤᠴᠢ ᠬᠡᠳᠦᠢᠪᠡᠷ ᠡᠳᠦᠷ ᠰᠥᠨᠢ ᠬᠣᠶᠠᠷ ᠢ᠋ ᠢᠯᠭᠠᠬᠤ ᠦᠭᠡᠢ ᠬᠥᠮᠦᠨ ᠪᠣᠯᠪᠠᠴᠤ ᠣᠶᠣᠨᠳᠠᠷᠢ ᠶ᠋ᠢᠨ ᠬᠣᠭᠣᠯᠠᠢ ᠶ᠋ᠢᠨ ᠰᠠᠢᠬᠠᠨ᠂ ᠭᠠᠷ ᠬᠤᠷᠤᠭᠤ ᠨᠢ ᠬᠥᠩᠭᠡᠨ ᠭᠠᠪᠰᠢᠭᠠᠢ᠂ ᠲᠣᠭᠲᠠᠭᠠᠨ ᠴᠡᠭᠡᠵᠢᠯᠡᠬᠦ ᠶ᠋ᠢᠨ  ᠬᠢᠨᠢ ᠬᠣᠣᠰ ᠦᠭᠡᠢ᠂ ᠡᠳᠡ ᠪᠦᠬᠦᠨ ᠡᠴᠡ ᠨᠢ ᠵᠢᠷ ᠦ᠋ᠨ ᠥᠬᠢᠨ ᠪᠢᠰᠢ ᠭᠡᠵᠦ ᠦᠨᠡᠯᠡᠨ ᠴᠢᠩ ᠰᠡᠳᠬᠢᠯ ᠡᠴᠡ ᠪᠡᠨ ᠬᠠᠢᠷᠠᠯᠠᠨ᠎ᠠ᠃ 
       ᠴᠠᠭᠠᠨ ᠰᠠᠷ᠎ᠠ ᠪᠣᠯᠤᠭᠰᠠᠨ ᠤ᠋ ᠬᠤᠪᠢ ᠳ᠋ᠤ᠌ ᠰᠣᠬᠣᠷ ᠳᠠᠭᠤᠴᠢ ᠬᠠᠪᠤᠷ ᠤ᠋ᠨ ᠳᠠᠭᠤᠯᠠᠯᠲᠠ ᠪᠠᠷ ᠢ᠋ᠶ᠋ᠠᠨ ᠡᠮᠦᠰᠳᠡᠭ ᠬᠠᠷ᠎ᠠ ᠲᠣᠷᠭᠠᠨ ᠲᠣᠭᠣᠷᠴᠣᠭ᠂ ᠣᠭᠳᠦᠷᠬᠠᠨ ᠬᠠᠷ᠎ᠠ ᠬᠦᠷᠮ᠎ᠡ᠂ ᠵᠤᠵᠠᠭᠠᠨ ᠬᠥᠪᠥᠩ ᠲᠡᠢ ᠪᠠᠭᠠᠷᠭᠠᠷ ᠥᠮᠥᠳᠥ᠂ ᠢᠰᠡᠭᠡᠢ ᠱᠠᠬᠠᠢ ᠡᠮᠦᠰᠴᠡᠢ᠃ ᠠᠯᠢ ᠥᠷᠯᠥᠭᠡ ᠡᠴᠡ ᠠᠪᠤᠨ ᠣᠶᠣᠨᠳᠠᠷᠢ ᠶ᠋ᠢ ᠬᠦᠯᠢᠶᠡᠨ ᠰᠠᠭᠤᠨ᠎ᠠ᠃ ᠥᠭᠡᠷ᠎ᠡ ᠬᠥᠮᠦᠨ ᠳ᠋ᠦ᠍ ᠲᠡᠳᠡᠨ ᠦ᠌ ᠳ᠋ᠦ᠍ ᠴᠠᠭᠠᠨ ᠰᠠᠷ᠎ᠠ ᠪᠣᠯᠪᠠ ᠭᠡᠵᠦ ᠣᠴᠢᠳᠠᠭ ᠦᠭᠡᠢ ᠪᠠᠢᠯ᠎ᠠ᠃ 
       ᠪᠠᠭ᠎ᠠ ᠦᠳᠡ ᠶ᠋ᠢᠨ ᠬᠢᠷᠢ ᠳ᠋ᠦ᠍᠂ ᠬᠠᠰᠢᠶᠠᠨ ᠤ᠋ ᠬᠠᠭᠠᠯᠭ᠎ᠠ ᠨᠡᠭᠡᠭᠡᠭᠳᠡᠨ ᠬᠥᠮᠦᠰ ᠢᠷᠡᠬᠦ ᠶ᠋ᠢ ᠰᠣᠨᠣᠰᠤᠭᠠᠳ ᠰᠣᠬᠣᠷ《ᠬᠦ ᠬᠦ ᠰᠢ᠂》 ᠭᠡᠵᠦ ᠢᠨᠢᠶᠡᠮᠰᠦᠭᠯᠡᠨ ᠡᠭᠦᠳᠡ ᠤᠷᠤᠭᠤ ᠪᠠᠨ ᠴᠢᠬᠢ ᠲᠠᠯᠪᠢᠨ ᠰᠣᠬᠣᠷ ᠨᠢᠳᠦ ᠪᠡᠷ ᠢ᠋ᠶ᠋ᠡᠨ ᠴᠠᠪᠴᠢᠯ ᠦᠭᠡᠢ ᠰᠢᠷᠲᠡᠪᠡ᠃ ᠡᠨᠡ ᠦᠨᠡᠬᠡᠷ ᠣᠶᠣᠨᠳᠠᠷᠢ ᠪᠠᠢᠯ᠎ᠠ᠃ ᠪᠣᠱᠣᠭ᠎ᠠ ᠶ᠋ᠢ ᠨᠢ ᠳᠥᠩᠭᠡᠵᠦ ᠳᠠᠪᠠᠩᠭᠤᠲᠠ ᠪᠠᠨ ᠬᠣᠶᠠᠷ ᠭᠠᠷ ᠢ᠋ᠶ᠋ᠠᠨ ᠡᠯᠢᠭᠡᠨ ᠳ᠋ᠡᠭᠡᠨ ᠲᠡᠪᠡᠷᠢᠨ ᠮᠥᠷᠭᠥᠬᠦ ᠳ᠋ᠦ᠍ ᠰᠣᠬᠣᠷ ᠡᠭᠡᠭᠡ ᠯᠡ ᠨᠢᠳᠦ ᠲᠡᠢ ᠬᠥᠮᠦᠨ ᠰᠢᠭ ᠬᠠᠷᠢᠭᠤ ᠲᠣᠯᠣᠭᠠᠢ ᠲᠣᠬᠢᠨ᠎ᠠ᠃ ᠣᠷᠣᠭᠰᠢ ᠬᠣᠶᠠᠷ ᠠᠯᠬᠤᠭᠠᠳ ᠡᠪᠦᠳᠦᠭ ᠳᠡᠭᠡᠷ᠎ᠡ ᠪᠡᠨ ᠰᠥᠬᠥᠷᠡᠨ᠄ 
       — ᠭᠦᠸᠡᠨᠢᠶᠠᠨ ᠬᠣᠣ! ᠭᠡᠵᠦ ᠮᠥᠷᠭᠥᠬᠦ ᠳ᠋ᠦ᠍᠂ 
       — ᠠᠢ ᠬᠣᠣ! ᠭᠦᠸᠡᠨᠢᠶᠠᠨ ᠬᠣᠣ! ᠭᠡᠳ ᠥᠪᠡᠷ ᠢ᠋ᠶ᠋ᠡᠨ ᠤᠷᠢᠳᠤᠬᠢ ᠰᠢᠷᠡᠭᠡᠨ ᠦ᠌ ᠨᠥᠭᠦᠭᠡ ᠲᠠᠯ᠎ᠠ ᠤᠷᠤᠭᠤ ᠵᠢᠭᠠᠨ ᠰᠠᠭᠤᠯᠭᠠᠪᠠ᠃ ᠲᠣᠭᠣᠭᠠᠴᠢ᠂ ᠠᠭᠱᠠᠨ ᠵᠠᠭᠤᠷ᠎ᠠ ᠶ᠋ᠢᠨ ᠳᠣᠲᠣᠷ᠎ᠠ᠂ ᠲᠥᠷᠥᠯ ᠪᠦᠷᠢ ᠶ᠋ᠢᠨ ᠨᠠᠷᠢᠨ ᠬᠣᠭᠣᠯᠠ ᠬᠢᠨ ᠵᠣᠴᠢᠯᠠᠨ᠎ᠠ᠃ 
       ᠰᠣᠬᠣᠷ ᠱᠠᠪᠢ ᠶ᠋ᠢᠨ ᠢ᠋ᠶ᠋ᠡᠨ ᠢᠷᠡᠭᠰᠡᠨ ᠳ᠋ᠦ᠍ ᠲᠡᠰᠬᠡᠯ ᠦᠭᠡᠢ ᠪᠠᠶᠠᠷᠯᠠᠨ ᠴᠠᠭ ᠢᠮᠠᠭᠲᠠ ᠢᠨᠢᠶᠡᠮᠰᠦᠭᠯᠡᠬᠦ ᠪᠣᠯᠪᠠᠴᠤ ᠣᠨᠴᠠ ᠶ᠋ᠢᠨ ᠶᠠᠷᠢᠶᠠᠨ ᠦᠭᠡᠢ᠂ ᠬᠣᠭᠣᠯᠠ ᠤᠮᠳᠠ ᠪᠠᠷ ᠢ᠋ᠶ᠋ᠠᠨ ᠯᠠ ᠵᠣᠴᠢᠯᠠᠬᠤ ᠶ᠋ᠢ ᠡᠷᠬᠢᠮᠯᠡᠨ᠎ᠡ᠃ ᠲᠡᠭᠡᠭᠡᠳ ᠡᠴᠦᠰ ᠲᠦ᠋ᠨᠢ ᠭᠤᠷᠪᠠᠨ ᠳᠠᠪᠬᠤᠷ ᠲᠡᠮᠦᠷ ᠪᠦᠰᠡᠯᠡᠭᠦᠷᠲᠦ ᠠᠪᠳᠠᠷ᠎ᠠ ᠪᠠᠨ ᠨᠡᠭᠡᠭᠡᠨ ᠠᠷᠪᠠᠨ ᠶᠠᠩᠴᠢᠶᠠᠨ ᠪᠡᠯᠡᠭᠯᠡᠯ᠎ᠡ᠃ 
       ᠣᠶᠣᠨᠳᠠᠷᠢ ᠲᠦᠷᠦᠭᠦᠨ ᠠᠪᠤ᠂ ᠡᠵᠢ᠂ ᠲᠣᠭᠣᠭᠠᠴᠢ ᠨᠠᠷ ᠠ᠋ᠴᠠ ᠪᠠᠨ ᠣᠯᠤᠭᠰᠠᠨ ᠮᠥᠩᠭᠥ ᠪᠡᠨ ᠪᠠᠯᠳᠠᠨᠴᠡᠷᠢᠩ ᠳ᠋ᠦ᠍ ᠥᠭᠴᠢᠭᠰᠡᠨ ᠪᠢᠯᠡ᠃ ᠣᠳᠣ ᠬᠣᠶᠠᠷ ᠪᠠᠭᠰᠢ ᠳ᠋ᠠᠭᠠᠨ ᠪᠠᠷᠠᠯᠬᠠᠨ ᠳᠠᠬᠢᠨ ᠮᠥᠩᠭᠥ ᠲᠡᠢ ᠪᠣᠯᠤᠭᠰᠠᠨ ᠳ᠋ᠠᠭᠠᠨ ᠪᠠᠶᠠᠷᠯᠠᠬᠤ ᠪᠥᠭᠡᠳ ᠪᠠᠯᠳᠠᠨᠴᠡᠷᠢᠩ ᠲᠡᠢ ᠰᠠᠭᠤᠬᠤ ᠳ᠋ᠠᠭᠠᠨ ᠬᠤᠪᠢ ᠶ᠋ᠢᠨ ᠢ᠋ᠶ᠋ᠡᠨ ᠮᠥᠩᠭᠥ ᠲᠡᠢ ᠪᠠᠢᠬᠤ᠂ ᠲᠡᠭᠦᠨ ᠢ᠋ᠶ᠋ᠡᠷ ᠢ᠋ᠶ᠋ᠡᠨ ᠰᠠᠢᠬᠠᠨ ᠳᠡᠪᠡᠯ᠂ ᠮᠠᠯᠠᠭᠠᠢ᠂ ᠭᠤᠲᠤᠯ ᠠᠪᠴᠤ ᠥᠭᠭᠦᠨ᠎ᠡ ᠭᠡᠵᠦ ᠪᠣᠳᠣᠬᠤ ᠲᠤᠯᠠ ᠬᠠᠩᠬᠤ ᠶ᠋ᠢᠨ ᠴᠦ᠍ ᠡᠴᠦᠰ ᠠᠯᠠᠭ᠎ᠠ᠃ ᠴᠠᠭᠠᠰᠢ ᠣᠯᠬᠤ ᠶ᠋ᠢ ᠬᠦᠰᠡᠬᠦ ᠳ᠋ᠡᠭᠡᠨ ᠣᠶᠣᠨᠳᠠᠷᠢ ᠮᠣᠷᠢ ᠲᠡᠷᠭᠡ ᠪᠡᠨ ᠪᠠᠭᠰᠢ ᠶ᠋ᠢᠨ ᠢ᠋ᠶ᠋ᠡᠨ ᠡᠭᠦᠳᠡᠨ ᠳᠡᠭᠡᠷ᠎ᠡ ᠡᠴᠡ ᠪᠤᠴᠠᠭᠠᠭᠠᠳ ᠭᠠᠭᠴᠠᠭᠠᠷ ᠬᠡᠰᠦᠵᠦ ᠭᠠᠷᠤᠯ᠎ᠠ᠃ ᠮᠠᠷᠭᠠᠰᠢ ᠨᠢ ᠴᠦ᠍ ᠥᠭᠡᠷ᠎ᠡ ᠴᠦ᠍ ᠦᠭᠡᠢ ᠥᠷᠯᠥᠭᠡ ᠡᠴᠡ ᠠᠪᠤᠭᠠᠳ ᠦᠳᠡᠰᠢ ᠪᠣᠯᠲᠠᠯ᠎ᠠ ᠬᠡᠰᠦᠪᠡ᠃ ᠲᠡᠭᠦᠨ ᠳ᠋ᠡᠭᠡᠨ ᠤᠷᠤᠭ ᠲᠥᠷᠥᠯ ᠦ᠋ᠳ ᠲᠦᠩᠰᠢ ᠫᠦᠰᠡ ᠶ᠋ᠢᠨ ᠬᠢᠨ᠂ ᠡᠩ ᠦ᠋ᠨ ᠲᠠᠨᠢᠬᠤ ᠠᠢᠯ ᠤ᠋ᠳ ᠢ᠋ᠶ᠋ᠠᠷ ᠴᠦ᠍ ᠣᠷᠣᠵᠠᠢ᠃ ᠬᠥᠮᠦᠰ ᠣᠶᠣᠨᠳᠠᠷᠢ ᠶ᠋ᠢ ᠤᠷᠢᠳ ᠤᠷᠢᠳ ᠤ᠋ᠨ ᠴᠠᠭᠠᠨ ᠰᠠᠷ᠎ᠠ ᠪᠠᠷ ᠢᠷᠡᠳᠡᠭ ᠦᠭᠡᠢ ᠪᠠᠢᠭᠰᠠᠨ ᠢ᠋ ᠨᠢ ᠰᠠᠨᠠᠨ ᠳᠤᠷᠠᠰᠬᠤ᠂ ᠡᠳᠦᠢ ᠪᠠᠶᠠᠨ ᠠᠢᠯ ᠤ᠋ᠨ ᠡᠷᠬᠡ ᠲᠠᠩᠬᠢ ᠪᠣᠯᠤᠭᠠᠳ ᠡᠷᠳᠡᠮ ᠨᠣᠮ ᠲᠠᠢ ᠥᠬᠢᠨ ᠭᠡᠵᠦ ᠶᠡᠬᠡᠳᠡ ᠬᠦᠨᠳᠦᠳᠬᠡᠬᠦ ᠠᠵᠢ᠃ ᠳᠣᠣᠷᠠᠲᠤ ᠲᠠᠯ᠎ᠠ ᠶ᠋ᠢᠨ ᠶᠠᠳᠠᠭᠤ ᠠᠢᠯ ᠲᠠᠪᠢᠨ ᠮᠥᠩᠭᠥ᠂ ᠲᠡᠭᠦᠨ ᠡᠴᠡ ᠳᠡᠭᠡᠭᠰᠢ ᠨᠢ ᠨᠢᠭᠡ ᠶᠠᠩᠴᠢᠶᠠᠨ᠂ ᠬᠣᠶᠠᠷ ᠶᠠᠩᠴᠢᠶᠠᠨ᠂ ᠭᠣᠣᠯ ᠲᠥᠯᠥᠪ ᠨᠢ ᠭᠤᠷᠪᠠ᠂ ᠪᠦᠷ ᠳᠡᠭᠡᠳᠦ ᠲᠠᠯ᠎ᠠ ᠶ᠋ᠢᠨ ᠠᠢᠯ ᠲᠠᠪᠤ ᠶ᠋ᠢ ᠪᠡᠯᠡᠭᠯᠡᠵᠦ ᠪᠠᠢᠯ᠎ᠠ᠃ 
       ᠰᠥᠨᠢ ᠣᠶᠣᠨᠳᠠᠷᠢ ᠭᠡᠷ ᠦ᠋ᠨ ᠢ᠋ᠶ᠋ᠡᠨ ᠬᠠᠭᠠᠯᠭ᠎ᠠ ᠶ᠋ᠢ ᠲᠦᠭᠵᠢᠵᠦ ᠠᠪᠤᠭᠠᠳ ᠬᠣᠷᠮᠣᠢ ᠳᠡᠪᠢᠰᠦᠨ ᠰᠥᠬᠥᠷᠡᠨ ᠪᠦᠬᠦ ᠣᠯᠤᠭᠰᠠᠨ ᠢ᠋ᠶ᠋ᠠᠨ ᠲᠣᠭᠠᠯᠠᠵᠤ ᠦᠵᠡᠯ᠎ᠡ᠂ ᠪᠦᠭᠦᠳᠡ ᠵᠠᠭᠤᠨ ᠵᠢᠷᠠᠨ ᠶᠠᠩᠴᠢᠶᠠᠨ ᠲᠠᠪᠢᠨ ᠮᠥᠩᠭᠥ ᠪᠣᠯᠤᠭᠰᠠᠨ ᠳ᠋ᠤ᠌ ᠬᠥᠮᠥᠰᠬᠡ ᠨᠢ ᠳᠡᠭᠡᠭᠰᠢ ᠪᠣᠯᠤᠨ ᠪᠠᠶᠠᠷᠯᠠᠨ ᠰᠢᠷᠲᠡᠨ᠎ᠡ᠃ ᠭᠡᠪᠡᠴᠦ ᠰᠡᠳᠬᠢᠯ ᠳ᠋ᠦ᠍ᠨᠢ ᠪᠠᠰᠠ ᠯᠠ ᠮᠥᠩᠭᠥ᠂《ᠣᠳᠣ ᠡᠨᠡ ᠮᠥᠩᠭᠥ ᠪᠡᠨ ᠬᠡᠷᠬᠢᠨ ᠬᠣᠶᠠᠷ ᠵᠠᠭᠤ ᠪᠣᠯᠭᠠᠬᠤ ᠪᠢᠯᠡ?》 ᠭᠡᠬᠦ ᠳ᠋ᠦ᠍ ᠣᠷᠣᠭ᠎ᠠ ᠦᠭᠡᠢ ᠪᠣᠯᠳ ᠣᠷᠣᠭᠤᠰᠢᠲᠠᠢ ᠠᠢᠯ ᠤ᠋ᠳ ᠢ᠋ ᠪᠦᠷᠢᠳᠬᠡᠨ ᠪᠣᠳᠣᠬᠤ ᠬᠡᠷᠡᠭᠲᠡᠢ ᠪᠣᠯᠤᠭᠰᠠᠨ ᠪᠥᠭᠡᠳ ᠦᠨᠡᠬᠡᠷ ᠨᠣᠢᠷ ᠨᠢ ᠪᠦᠷ ᠬᠤᠯᠵᠢᠪᠠ᠃

          ᠦᠰᠦᠭ ᠠᠮᠢᠯᠠᠭᠤᠯᠤᠭᠰᠠᠨ ᠨᠢ᠄  ᠲᠡᠭᠷᠢ ᠡᠵᠢ