ᠪᠠᠲᠤ ᠬᠠᠭᠠᠨ 2-11 ᠸᠠᠸᠢᠯ ᠡᠪᠦᠭᠡᠨ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠠᠷᠪᠠᠨ ᠨᠢᠭᠡ ᠸᠠᠸᠢᠯ ᠡᠪᠦᠭᠡᠨ
ᠲᠡᠨᠳᠡ ᠡᠴᠡ ᠪᠠᠲᠤ ᠬᠠᠭᠠᠨ᠂ ᠬᠠᠳ᠋ᠵᠢ ᠷᠠᠾᠢᠮ ᠢ᠋ ᠥᠪᠡᠷ ᠦ᠋ᠨ ᠢ᠋ᠶ᠋ᠡᠨ ᠠᠯᠲᠠᠨ ᠰᠢᠷ᠎ᠠ ᠠᠰᠠᠷ ᠲᠤ᠌ ᠭᠠᠳᠠᠭᠠᠳᠤ ᠶ᠋ᠢᠨ ᠬᠥᠮᠦᠰ ᠲᠡᠢ ᠶᠠᠷᠢᠶ᠎ᠠ ᠬᠢᠬᠦ ᠳ᠋ᠦ᠍ ᠪᠠᠢᠯᠴᠠ ᠭᠡᠵᠦ ᠲᠤᠰᠢᠶᠠᠵᠠᠢ᠃
ᠲᠡᠭᠡᠭᠡᠳ ᠥᠪᠡᠷ ᠢ᠋ᠶ᠋ᠡᠨ ᠬᠣᠷᠭᠣᠢ ᠬᠦᠷᠮ᠎ᠡ ᠡᠮᠦᠰᠴᠦ ᠬᠤᠷᠤᠭᠤ ᠪᠦᠷᠢ ᠳ᠋ᠡᠭᠡᠨ ᠠᠯᠮᠠᠰ ᠪᠦᠯᠡᠵᠡᠭ ᠵᠡᠭᠦᠨ ᠭᠢᠯᠲᠠᠭᠠᠨᠠᠭᠤᠯᠵᠤ ᠭᠡᠷᠡᠯᠲᠦ᠂ ᠠᠰᠠᠷ ᠤ᠋ᠨ ᠬᠣᠢᠮᠣᠷ ᠠᠯᠲᠠᠨ ᠰᠠᠭᠤᠳᠠᠯ ᠳᠡᠭᠡᠷ᠎ᠡ ᠰᠠᠭᠤᠪᠠ᠃
ᠵᠡᠭᠦᠨ ᠡᠲᠡᠭᠡᠳ ᠲᠦ᠍ ᠳᠤᠭᠤᠢ ᠳᠠᠷᠤᠩᠭᠤᠢ ᠰᠦᠪᠡᠭᠡᠳᠡᠢ ᠪᠠᠭᠠᠲᠤᠷ᠂ ᠶᠡᠷᠦᠩᠬᠡᠢ ᠴᠡᠷᠢᠭ ᠦ᠋ᠨ ᠵᠠᠬᠢᠷᠤᠯ ᠤ᠋ᠳ ᠳᠡᠭᠡᠳᠦ ᠶ᠋ᠢᠨ ᠬᠤᠪᠴᠠᠰᠤ ᠪᠠᠨ ᠡᠮᠦᠰᠦᠭᠡᠳ ᠰᠠᠭᠤᠯ᠎ᠠ᠃ ᠪᠠᠷᠠᠭᠤᠨ ᠡᠲᠡᠭᠡᠳ ᠲᠦ᠍ ᠰᠤᠪᠤᠳ ᠤᠲᠠᠰᠤ ᠪᠠᠷ ᠬᠡᠷᠦᠭᠰᠡᠨ ᠥᠨᠳᠥᠷ ᠮᠠᠯᠠᠭᠠᠢ᠂ ᠠᠯᠲᠠᠨ ᠴᠡᠴᠡᠭ ᠬᠠᠳᠬᠤᠭᠰᠠᠨ ᠲᠣᠷᠭᠠᠨ ᠳᠡᠪᠡᠯ ᠡᠮᠦᠰᠦᠭᠰᠡᠨ ᠬᠠᠭᠠᠨ ᠤ᠋ ᠳᠥᠷᠪᠡᠨ ᠮᠣᠩᠭᠣᠯ ᠬᠠᠲᠤᠨ ᠦᠯᠢᠭᠡᠷ ᠦ᠋ᠨ ᠰᠢᠪᠠᠭᠤ ᠰᠢᠭ᠋ ᠭᠠᠩᠭᠠᠯᠠᠨ ᠰᠠᠭᠤᠵᠠᠢ᠃ ᠨᠢᠭᠤᠴᠠ ᠶ᠋ᠢ ᠡᠷᠬᠢᠯᠡᠬᠦ ᠴᠢᠬᠤᠯᠠ ᠵᠥᠪᠯᠡᠯᠭᠡᠨ ᠵᠥᠪᠯᠡᠬᠦ ᠳ᠋ᠦ᠍ ᠵᠥᠪᠬᠡᠨ ᠮᠣᠩᠭᠣᠯ ᠬᠠᠲᠤᠨ ᠢ᠋ ᠪᠠᠢᠯᠭᠠᠬᠤ ᠠ᠋ᠴᠠ ᠪᠤᠰᠤ ᠥᠭᠡᠷ᠎ᠡ ᠬᠠᠲᠤᠳ ᠢ᠋ ᠣᠷᠣᠭᠤᠯᠳᠠᠭ ᠦᠭᠡᠢ ᠵᠠᠩᠰᠢᠯ ᠲᠠᠢ ᠪᠥᠭᠡᠳ ᠳ᠋ᠵᠢᠬᠠᠩᠭᠢᠷ ᠺᠢᠫᠴᠡᠺ ᠨᠤᠭᠤᠳ ᠢᠯᠠᠩᠭᠤᠶ᠎ᠠ ᠡᠬᠡᠨᠡᠷ ᠦ᠋ᠳ ᠨᠢ ᠵᠠᠳᠠᠭᠠᠢ ᠠᠮᠠ ᠲᠠᠢ ᠬᠤᠳᠠᠯᠴᠢ ᠭᠡᠵᠦ ᠣᠯᠠᠨ ᠤᠳᠠᠭ᠎ᠠ ᠰᠡᠷᠡᠮᠵᠢᠯᠡᠭᠦᠯᠦᠭᠰᠡᠨ ᠠᠵᠢ᠃
ᠵᠠᠷᠤᠴᠠ ᠨᠠᠷ ᠬᠤᠷᠠᠭᠰᠠᠨ ᠪᠦᠭᠦᠳᠡ ᠳ᠋ᠦ᠍ ᠦᠨᠡᠲᠦ ᠠᠶᠠᠭᠠᠨ ᠳ᠋ᠤ᠌ ᠠᠢᠷᠠᠭ ᠬᠢᠵᠦ ᠪᠠᠷᠢᠬᠤ ᠲᠤᠯᠠ ᠬᠥᠭᠡᠰᠦᠷᠡᠨ ᠱᠤᠤᠭᠢᠵᠤ ᠡᠨᠡ ᠤᠮᠳᠠᠭᠠᠨ ᠰᠢᠨᠡᠬᠡᠨ ᠪᠥᠭᠡᠳ ᠲᠦᠢᠮᠡᠷᠳᠡᠨ ᠰᠢᠲᠠᠭᠠᠭᠰᠠᠨ ᠪᠦᠭᠴᠢᠮ ᠲᠠᠯ᠎ᠠ ᠶ᠋ᠢᠨ ᠳᠤᠮᠳᠠᠭᠤᠷ ᠥᠨᠥ ᠠᠶᠠᠯᠠᠭᠰᠠᠨ ᠤ᠋ ᠳᠠᠷᠠᠭ᠎ᠠ ᠡᠢᠮᠦ ᠬᠦᠢᠲᠡᠨ ᠢᠰᠬᠦᠯᠡᠩ ᠤᠮᠳᠠ ᠶ᠋ᠢ ᠤᠤᠭᠤᠬᠤ ᠳ᠋ᠤ᠌ ᠲᠠᠭᠠᠯᠠᠮᠵᠢᠲᠠᠢ ᠪᠠᠢᠳᠠᠭ ᠪᠢᠯᠡ᠃ ᠡᠩ ᠲᠦᠷᠦᠭᠦᠨ ᠳ᠋ᠦ᠍ ᠦᠯᠦ ᠳᠡᠢᠯᠦᠭᠳᠡᠭᠴᠢ ᠶ᠋ᠢᠨ ᠵᠠᠬᠢᠷᠤᠯ ᠵᠠᠭᠤᠨ ᠤ᠋ ᠳᠠᠷᠤᠭ᠎ᠠ ᠠᠷᠠᠫᠱᠠ ᠣᠷᠣᠵᠤ ᠢᠷᠡᠯ᠎ᠡ᠃ ᠮᠣᠩᠭᠣᠯᠴᠤᠳ ᠤ᠋ᠨ ᠶᠡᠷᠦᠳᠡ ᠶ᠋ᠢᠨ ᠴᠢᠬᠢ ᠲᠡᠢ ᠮᠠᠯᠠᠭᠠᠢ ᠶ᠋ᠢ ᠡᠨᠡᠳᠬᠡᠭ ᠳᠥᠷᠪᠡᠨ ᠪᠣᠭᠣᠯᠲᠠ ᠪᠠᠷ ᠰᠣᠯᠢᠰᠨᠧᠢ ᠶ᠋ᠢᠨ ᠨᠢᠭᠡ ᠦᠵᠦᠭᠦᠷ ᠵᠡᠭᠦᠨ ᠮᠥᠷᠥ ᠤᠷᠤᠭᠤ ᠤᠨᠵᠢᠢᠵᠤ ᠰᠢᠯᠤᠭᠤᠨ ᠮᠥᠷᠥ ᠲᠡᠢ ᠲᠤᠷᠠᠩᠬᠠᠢ ᠭᠣᠶᠣᠮᠰᠣᠭ ᠪᠡᠶ᠎ᠡ ᠳ᠋ᠡᠭᠡᠨ ᠠᠷᠠᠪ ᠨᠣᠣᠰᠣᠨ ᠳᠡᠪᠡᠯ ᠡᠮᠦᠰᠴᠡᠢ᠃ ᠰᠦᠷᠡᠬᠡᠢ ᠬᠠᠷ᠎ᠠ ᠨᠢᠳᠦ ᠨᠢ ᠢᠮᠠᠭᠲᠠ ᠡᠭᠴᠡ ᠬᠠᠷᠠᠬᠤ ᠪᠥᠭᠡᠳ ᠡᠨᠡ ᠬᠡᠬᠦᠯᠵᠡᠭᠦᠷ ᠲᠠᠩᠨᠠᠭᠤᠯ ᠤ᠋ᠨ ᠢᠨᠢᠶᠡᠬᠦ ᠶ᠋ᠢ ᠬᠡᠨ ᠴᠦ᠍ ᠦᠵᠡᠭᠰᠡᠨ ᠦᠭᠡᠢ ᠠᠵᠢ᠃
ᠠᠷᠠᠫᠱᠠ ᠶ᠋ᠢᠨ ᠬᠣᠢᠨ᠎ᠠ ᠮᠦᠰᠥ᠋ᠺ ᠣᠷᠣᠵᠤ ᠢᠷᠡᠭᠰᠡᠨ᠂ ᠡᠭᠦᠨ ᠳ᠋ᠦ᠍ ᠲᠡᠷᠡ ᠨᠢ ᠨᠢᠭᠤᠷ ᠢ᠋ᠶ᠋ᠠᠨ ᠡᠷᠢᠶᠡᠨ ᠳᠠᠪᠤᠤ ᠪᠠᠷ ᠪᠣᠭᠣᠭᠰᠠᠨ ᠪᠠᠢᠯ᠎ᠠ᠃ ᠤᠷᠢᠳ ᠡᠳᠦᠷ ᠨᠢ ᠬᠠᠳ᠋ᠵᠢ ᠷᠠᠾᠢᠮ ᠪᠠᠭᠳᠠᠳ᠋ ᠲᠤ᠌ ᠰᠤᠷᠤᠭᠰᠠᠨ ᠬᠠᠮᠤᠭ ᠴᠢᠳᠠᠯ ᠢ᠋ᠶ᠋ᠠᠨ ᠭᠠᠷᠭᠠᠵᠤ ᠴᠤᠬᠠᠭ ᠬᠥᠮᠦᠨ ᠢ᠋ ᠪᠠᠷᠢᠬᠤ ᠳ᠋ᠤ᠌ ᠪᠠᠢᠯᠳᠤᠨ ᠣᠯᠤᠭᠰᠠᠨ ᠰᠢᠷᠬ᠎ᠠ ᠶ᠋ᠢ ᠠᠭᠠᠭ ᠲᠠᠢ ᠴᠠᠢ ᠪᠠᠷ ᠤᠬᠢᠶᠠᠨ ᠪᠣᠭᠣᠭᠰᠠᠨ ᠲᠤᠯᠠ ᠪᠠᠲᠤ ᠬᠠᠭᠠᠨ ᠡᠭᠦᠨ ᠢ᠋ ᠰᠣᠨᠣᠰᠤᠭᠠᠳ ᠮᠦᠰᠥ᠋ᠺ ᠪᠣᠯᠤᠨ ᠢᠵᠢᠯ ᠮᠥᠷᠡᠨ ᠦ᠌ ᠡᠷᠭᠢᠨ ᠳᠡᠭᠡᠷ᠎ᠡ ᠣᠷᠣᠰᠢᠭᠴᠢ ᠪᠠᠷᠢᠭᠳᠠᠯ ᠬᠥᠮᠦᠨ ᠬᠣᠶᠠᠷ ᠤ᠋ᠨ ᠶᠠᠷᠢᠶ᠎ᠠ ᠶ᠋ᠢ ᠰᠣᠨᠣᠰᠬᠤ ᠶ᠋ᠢ ᠬᠦᠰᠡᠭᠰᠡᠨ ᠪᠠᠢᠵᠠᠢ᠃ ᠲᠡᠳᠦᠢ ᠥᠳᠬᠡᠨ ᠪᠤᠭᠤᠷᠤᠯ ᠰᠠᠬᠠᠯ ᠲᠠᠢ ᠬᠠᠯᠵᠠᠨ ᠡᠪᠦᠭᠡᠨ ᠠᠰᠠᠷ ᠲᠤ᠌ ᠣᠷᠣᠵᠠᠢ᠃ ᠲᠡᠭᠦᠨ ᠦ᠌ ᠭᠠᠷ ᠢ᠋ ᠠᠷᠤ ᠳ᠋ᠤᠨᠢ ᠬᠦᠯᠢᠵᠦ ᠬᠦᠵᠦᠭᠦᠦ ᠶ᠋ᠢ ᠳᠠᠷᠤᠭᠰᠠᠨ ᠰᠤᠷ ᠤ᠋ᠨ ᠬᠢᠨᠢ ᠦᠵᠦᠭᠦᠷ ᠢ᠋ ᠮᠣᠩᠭᠣᠯ ᠴᠡᠷᠢᠭ ᠦ᠋ᠨ ᠡᠷ᠎ᠡ ᠬᠤᠢᠯᠠᠨ ᠪᠠᠷᠢᠭᠰᠠᠨ ᠪᠠᠢᠯ᠎ᠠ᠃ ᠡᠪᠦᠭᠡᠨ ᠦ᠌ ᠭᠠᠩᠳᠠᠭᠰᠠᠨ ᠨᠢᠭᠤᠷ ᠪᠣᠯᠤᠨ ᠬᠠᠯᠵᠠᠨ ᠳᠤᠬᠤ ᠳ᠋ᠤᠨᠢ ᠬᠠᠲᠠᠭᠰᠠᠨ ᠰᠢᠷᠬ᠎ᠠ ᠦᠵᠡᠭᠳᠡᠬᠦ ᠪᠥᠭᠡᠳ ᠲᠡᠷᠡ ᠨᠢ ᠡᠭᠴᠡ ᠰᠢᠯᠤᠭᠤᠨ ᠵᠣᠭᠰᠣᠵᠤ ᠪᠦᠳᠡᠭᠢ ᠴᠠᠢᠪᠤᠷ ᠨᠢᠳᠦᠨ ᠳ᠋ᠦ᠍ᠨᠢ ᠠᠶᠤᠬᠤ ᠲᠡᠮᠳᠡᠭ ᠦᠭᠡᠢ ᠠᠵᠢ᠃ ᠣᠷᠣᠬᠴᠢᠳ ᠠᠯᠲᠠᠨ ᠰᠢᠷᠡᠭᠡᠨ ᠦ᠌ ᠡᠮᠦᠨ᠎ᠡ ᠵᠡᠷᠭᠡᠴᠡᠨ ᠰᠥᠭᠥᠳᠬᠦ ᠳ᠋ᠦ᠍ ᠡᠪᠦᠭᠡᠨ ᠦ᠌ ᠦᠯᠦ ᠮᠡᠳᠡᠭᠳᠡᠬᠦ ᠦᠭᠡ ᠶ᠋ᠢ ᠬᠣᠶᠠᠷ ᠬᠡᠯᠡᠮᠦᠷᠴᠢ ᠣᠷᠴᠢᠭᠤᠯᠤᠨ ᠨᠢᠭᠡ ᠨᠢ ᠲᠡᠭᠦᠨ ᠡᠴᠡ ᠢᠩᠭᠢᠵᠦ ᠠᠰᠠᠭᠤᠵᠠᠢ᠂
— ᠳᠡᠯᠡᠬᠡᠢ ᠳ᠋ᠠᠬᠢᠨ ᠢ᠋ ᠡᠵᠡᠯᠡᠭᠴᠢ ᠡᠴᠡ ᠴᠢ ᠬᠡᠨ ᠭᠡᠭᠴᠢ ᠨᠡᠷ᠎ᠡ ᠲᠡᠢ ᠠᠯᠢ ᠭᠠᠵᠠᠷ ᠤ᠋ᠨ ᠬᠥᠮᠦᠨ᠂ ᠡᠨᠡ ᠮᠥᠷᠡᠨ ᠳ᠋ᠦ᠍ ᠬᠡᠷᠬᠢᠨ ᠢᠷᠡᠭᠰᠡᠨ ᠢ᠋ ᠮᠡᠳᠡᠬᠦ ᠭᠡᠨ᠎ᠡ ᠭᠡᠬᠦ ᠳ᠋ᠦ᠍ᠨᠢ
—ᠪᠢ ᠣᠩᠭᠣᠨ ᠤᠷᠤᠭ ᠠᠭᠤᠯᠠ ᠶ᠋ᠢ ᠰᠠᠬᠢᠭᠴᠢ ᠶᠡᠬᠡ ᠶᠢᠯᠸᠢᠢ᠍ᠴᠢ ᠣᠳᠣᠨ ᠲᠣᠭᠠᠯᠠᠭᠴᠢ ᠭᠠᠽᠤᠢ᠍ᠺ ᠤ᠋ᠨ ᠵᠠᠷᠤᠴᠠ᠂ ᠪᠢ ᠲᠡᠭᠦᠨ ᠦ᠌ ᠶᠠᠳᠠᠭᠤ ᠪᠣᠭᠣᠯ ᠂ ᠨᠠᠳᠠ ᠳᠡᠭᠡᠷ᠎ᠡ ᠮᠢᠨᠦ ᠡᠵᠡᠨ ᠦ᠌ ᠲᠠᠮᠠᠭ᠎ᠠ ᠪᠣᠢ ᠭᠡᠪᠡ᠃
ᠪᠠᠲᠤ ᠬᠠᠭᠠᠨ ᠲᠣᠯᠣᠭᠠᠢ ᠪᠠᠷ ᠢ᠋ᠶ᠋ᠠᠨ ᠳᠣᠬᠢᠭᠠᠳ ᠦᠵᠡᠭᠦᠯ ᠭᠡᠬᠦ ᠳ᠋ᠦ᠍ᠨᠢ ᠳᠥᠴᠢᠨ ᠵᠢᠯ ᠦ᠋ᠨ ᠡᠮᠦᠨ᠎ᠡ ᠮᠢᠨᠦ ᠭᠤᠶ᠎ᠠ ᠳᠡᠭᠡᠷ᠎ᠡ ᠳᠠᠷᠤᠭᠰᠠᠨ ᠪᠢᠯᠡ ᠭᠡᠪᠡ᠃
ᠮᠣᠩᠭᠣᠯ ᠴᠡᠷᠢᠭ ᠡᠪᠦᠭᠡᠨ ᠦ᠌ ᠰᠠᠷᠢᠰᠤᠨ ᠥᠮᠥᠳᠥ ᠶ᠋ᠢ ᠰᠢᠪᠲᠤᠯᠬᠤ ᠳ᠋ᠤ᠌ ᠡᠪᠦᠭᠡᠨ᠂ ᠬᠠᠭᠠᠨ ᠤ᠋ ᠵᠦᠭ ᠲᠠᠮᠠᠭᠠᠯᠠᠭᠰᠠᠨ ᠲᠤᠷᠠᠩᠬᠠᠢ ᠭᠤᠶ᠎ᠠ ᠪᠠᠨ ᠡᠷᠭᠢᠭᠦᠯᠦᠨ ᠬᠠᠷᠠᠭᠤᠯᠪᠠ᠃ ᠭᠤᠶᠠᠨ ᠳᠡᠭᠡᠷ᠎ᠡ ᠨᠢ ᠬᠣᠶᠠᠷ ᠡᠪᠡᠷᠳᠡᠢ ᠳᠤᠭᠤᠢ ᠲᠠᠮᠠᠭ᠎ᠠ ᠪᠠᠢᠯ᠎ᠠ᠃
—ᠡᠨᠡ ᠲᠠᠮᠠᠭ᠎ᠠ ᠶᠠᠮᠠᠷ ᠤᠴᠢᠷ ᠲᠠᠢ ᠶᠤᠮ ᠪᠣᠢ? ᠶᠠᠭᠤᠨ ᠤ᠋ ᠲᠠᠮᠠᠭ᠎ᠠ ᠪᠠᠢᠨ᠎ᠠ? ᠭᠡᠬᠦ ᠳ᠋ᠦ᠍ᠨᠢ ᠡᠪᠦᠭᠡᠨ ᠮᠣᠩᠭᠣᠯ ᠤ᠋ᠨ ᠵᠦᠭ ᠬᠠᠨᠳᠤᠵᠤ ᠰᠠᠨᠳᠤᠷᠤᠨ ᠬᠡᠯᠡᠭᠰᠡᠨ ᠨᠢ᠄
—ᠴᠢ ᠮᠢᠨᠦ ᠥᠮᠥᠳᠥ ᠶ᠋ᠢ ᠰᠢᠪᠲᠤᠯᠤᠭᠰᠠᠨ ᠲᠤᠯᠠ ᠣᠳᠣ ᠳᠠᠬᠢᠨ ᠡᠮᠦᠰᠬᠡᠭᠲᠦᠨ᠂ ᠭᠠᠷ ᠢ᠋ᠶ᠋ᠠᠨ ᠬᠥᠳᠡᠯᠭᠡᠵᠦ ᠴᠢᠳᠠᠬᠤ ᠦᠭᠡᠢ ᠪᠠᠢᠬᠤ ᠶ᠋ᠢ ᠮᠢᠨᠢ ᠦᠵᠡᠬᠦ ᠦᠭᠡᠢ ᠪᠠᠢᠨ᠎ᠠ ᠤᠤ? ᠭᠡᠪᠡ᠃
ᠮᠣᠩᠭᠣᠯ ᠬᠥᠮᠦᠨ ᠥᠮᠥᠳᠥ ᠶ᠋ᠢ ᠵᠠᠰᠠᠭᠰᠠᠨ ᠳ᠋ᠤ᠌ ᠡᠪᠦᠭᠡᠨ᠂ ᠪᠠᠲᠤ ᠬᠠᠭᠠᠨ ᠤ᠋ ᠵᠦᠭ ᠥᠭᠦᠯᠡᠭᠰᠡᠨ ᠨᠢ᠄
—ᠴᠢ ᠮᠥᠷᠡᠨ ᠦ᠌ ᠲᠡᠷᠲᠡᠭᠡ ᠡᠷᠭᠢᠨ ᠳᠡᠭᠡᠷᠡᠬᠢ ᠪᠤᠭᠤᠷᠤᠯ ᠠᠭᠤᠯᠠ ᠶ᠋ᠢ ᠬᠠᠷᠠᠪᠠ ᠤᠤ? ᠲᠡᠭᠦᠨ ᠢ᠋ ᠦᠷᠡᠺ ᠬᠠᠭᠠᠨ ᠤ᠋ ᠪᠠᠯᠭᠠᠳ ᠭᠡᠳᠡᠭ ᠶᠤᠮ᠂ ᠲᠡᠨᠳᠡ ᠡᠪᠦᠭᠡᠨ ᠶᠢᠯᠸᠢᠢ᠍ᠴᠢ ᠭᠠᠽᠤᠢ᠍ᠺ ᠰᠠᠭᠤᠳᠠᠭ᠂ ᠲᠡᠷᠡ ᠵᠠᠭᠤ ᠭᠠᠷᠤᠢ ᠨᠠᠰᠤᠯᠠᠭᠰᠠᠨ ᠲᠤᠯᠠ ᠪᠢ ᠴᠦ᠍ ᠭᠡᠰᠡᠨ ᠲᠡᠭᠦᠨ ᠦ᠌ ᠵᠥᠪᠬᠡᠨ ᠠᠴᠢ ᠲᠠᠢ ᠨᠢ ᠲᠡᠩᠴᠡᠨ᠎ᠡ᠃ ᠲᠡᠷᠡ ᠪᠣᠯ ᠡᠷᠲᠡ ᠬᠠᠭᠤᠴᠢᠨ ᠴᠠᠭ ᠲᠤ᠌ ᠶᠠᠮᠠᠷ ᠪᠠᠢᠭᠰᠠᠨ ᠢ᠋ ᠴᠥᠮ ᠢ᠋ ᠳᠤᠷᠠᠰᠤᠨ ᠰᠠᠨᠠᠵᠤ ᠶᠡᠬᠡ ᠶᠠᠭᠤᠮ᠎ᠠ ᠶᠠᠷᠢᠳᠠᠭ᠃ ᠠᠷᠪᠠᠨ ᠲᠠᠪᠤᠨ ᠪᠦᠷᠢ ᠳ᠋ᠦ᠍ ᠠᠭᠤᠯᠠᠨ ᠳᠡᠭᠡᠷ᠎ᠡ ᠭᠠᠷᠴᠤ ᠲᠡᠭᠷᠢ ᠯᠤᠤᠰ ᠢ᠋ ᠳᠠᠬᠢᠵᠤ ᠵᠠᠯᠪᠠᠷᠢᠳᠠᠭ᠃ ᠲᠡᠷᠡ ᠦᠶ᠎ᠡ ᠳ᠋ᠦ᠍ ᠺᠦᠮᠡᠨ ᠵᠡᠷᠭᠡ ᠪᠠᠰᠠ ᠪᠤᠰᠤᠳ ᠲᠠᠯ᠎ᠠ ᠭᠠᠵᠠᠷ ᠤ᠋ᠨ ᠬᠥᠮᠦᠰ ᠢᠷᠡᠵᠦ ᠬᠠᠷ᠎ᠠ ᠢᠮᠠᠭ᠎ᠠ ᠨᠢᠲᠤᠯᠤᠨ ᠳᠠᠢᠯᠠᠯᠭ᠎ᠠ ᠬᠢᠵᠦ ᠠᠢᠷᠠᠭ ᠤᠤᠭᠤᠨ᠎ᠠ᠃ ᠲᠡᠢᠮᠦ ᠶ᠋ᠢᠨ ᠤᠴᠢᠷ ᠠ᠋ᠴᠠ ᠭᠠᠽᠥ᠋ᠺ ᠦ᠋ᠨ ᠲᠠᠮᠠᠭ᠎ᠠ ᠨᠢ ᠬᠦᠷᠲᠡᠯ᠎ᠡ ᠢᠮᠠᠭᠠᠨ ᠤ᠋ ᠡᠪᠡᠷᠳᠡᠢ ᠪᠠᠢᠳᠠᠭ ᠭᠡᠪᠡ᠃
— ᠴᠢᠨᠦ ᠨᠡᠷ᠎ᠡ ᠬᠡᠨ ᠪᠣᠢ? ᠭᠡᠬᠦ ᠳ᠋ᠦ᠍ᠨᠢ
—ᠮᠢᠨᠦ ᠨᠡᠷ᠎ᠡ ᠸᠠᠸᠢᠯ ᠡᠪᠦᠭᠡᠨ ᠭᠡᠳᠡᠭ᠃ ᠷᠶᠠᠽᠠᠨ ᠳ᠋ᠤ᠌ ᠲᠥᠷᠥᠭᠰᠡᠨ᠃ ᠵᠥᠭᠡᠢ ᠲᠡᠵᠢᠭᠡᠵᠦ ᠪᠠᠯ ᠬᠤᠷᠢᠶᠠᠵᠤ ᠠᠮᠢᠳᠤᠷᠠᠳᠠᠭ ᠪᠠᠢᠭᠰᠠᠨ᠃ ᠨᠤᠸᠤᠭᠤᠷᠤᠳ᠋ ᠤ᠋ᠨ ᠦᠱᠺᠤᠢ᠌ᠨᠢᠺ ᠦ᠋ᠳ ᠮᠡᠬᠡᠯᠡᠨ ᠪᠠᠷᠢᠵᠤ ᠭᠣᠣᠯ ᠢ᠋ ᠤᠷᠤᠭᠤᠳᠠᠭᠤᠯᠤᠨ ᠨᠢᠭᠡᠨ ᠬᠤᠳᠠᠯᠳᠤᠭᠠᠴᠢᠨ ᠳ᠋ᠤ᠌ ᠬᠤᠳᠠᠯᠳᠤᠭᠰᠠᠨ ᠨᠢ ( ᠳ᠋ᠦ᠍ )ᠲᠡᠷᠡ ᠪᠠᠰᠠ ᠳᠠᠮ ᠬᠤᠳᠠᠯᠳᠤᠭᠰᠠᠨ ᠲᠤᠯᠠ ᠲᠡᠭᠡᠵᠦ ᠣᠯᠠᠨ ᠬᠥᠮᠦᠨ ᠦ᠌ ᠭᠠᠷ ᠳᠡᠮᠵᠢᠵᠦ ᠶᠠᠪᠤᠭᠰᠠᠭᠠᠷ ᠶᠢᠯᠸᠢ᠍ᠢᠴᠢ ᠭᠠᠽᠥ᠋ᠺ ᠦ᠋ᠨ ᠭᠠᠷ ᠲᠤ᠌ ᠣᠷᠣᠭᠰᠠᠨ ᠪᠢᠯᠡ᠃ ᠰᠦᠪᠡᠭᠡᠳᠠᠢ ᠪᠠᠭᠠᠲᠤᠷ ᠦᠭᠡ ᠶ᠋ᠢ ᠨᠢ ᠲᠠᠰᠤᠯᠵᠤ᠂
—ᠪᠠᠢᠵᠠ᠂ ᠴᠢ ᠵᠥᠪᠬᠡᠨ ᠠᠰᠠᠭᠤᠭᠰᠠᠨ ᠵᠦᠢᠯ ᠢ᠋ ᠬᠠᠷᠢᠭᠤᠯ ᠭᠡᠪᠡ᠃
— ᠲᠡᠷᠲᠡᠭᠡ ᠲᠠᠯ᠎ᠠ ᠳ᠋ᠤ᠌ ᠶᠠᠮᠠᠷ ᠶᠠᠮᠠᠷ ᠴᠡᠷᠢᠭ ᠪᠠᠢᠭ᠎ᠠ ᠶ᠋ᠢ ᠴᠢ ᠦᠵᠡᠭᠰᠡᠨ ᠤᠤ? ᠶᠠᠪᠠᠭᠠᠨ ᠮᠣᠷᠢᠲᠠᠢ ᠴᠡᠷᠢᠭ ᠦ᠋ᠨ ᠡᠷᠡᠰ ᠣᠯᠠᠨ ᠤᠤ? ᠭᠡᠬᠦ ᠳ᠋ᠦ᠍ᠨᠢ
— ᠪᠢ ᠵᠢᠭᠠᠰᠤᠴᠢ ᠲᠤᠯᠠ ᠤᠰᠤ ᠪᠠᠷ ᠶᠠᠪᠤᠨ᠎ᠠ᠃ ᠵᠡᠭᠡᠰᠦᠨ ᠳᠣᠲᠣᠷ᠎ᠠ ᠪᠢ ᠶᠠᠭᠤᠨ ᠣᠯᠠᠨ ᠢ᠋ ᠦᠵᠡᠬᠦ ᠪᠣᠢ ᠳ᠋ᠠ᠃
— ᠲᠡᠢᠮᠦ ᠪᠣᠯ ᠶᠠᠭᠤ ᠰᠣᠨᠣᠰᠤᠭᠰᠠᠨ ᠪᠣᠢ?
— ᠰᠣᠨᠣᠰᠤᠭᠰᠠᠨ ᠮᠢᠨᠢ ᠺᠥ᠋ᠮᠡᠨ ᠦ᠌ ᠬᠠᠭᠠᠳ ᠰᠠᠶᠢᠪᠲᠤᠷᠬᠠᠨ ᠵᠠᠭᠤᠷ᠎ᠠ ᠨᠡᠭᠦᠳᠡᠯᠯᠡᠵᠦ ᠶᠠᠪᠤᠨ᠎ᠠ ᠭᠡᠵᠦ ᠲᠤᠭᠤᠯᠤᠭᠰᠠᠨ᠂ ᠭᠡᠲᠡᠯ᠎ᠡ ᠳᠠᠷᠠᠭ᠎ᠠ ᠨᠢ ᠠᠶᠤᠨ ᠰᠠᠨᠳᠤᠷᠴᠠᠭᠠᠵᠤ ᠲᠠᠯ᠎ᠠ ᠤᠷᠤᠭᠤ ᠪᠠᠨ ᠭᠦᠨ ᠣᠷᠣᠵᠠᠭᠠᠵᠤ ᠠᠳᠤᠭᠤ ᠮᠠᠯ᠂ ᠭᠡᠷ ᠪᠠᠷᠠᠭ᠎ᠠ ᠶ᠋ᠢ ᠠᠪᠴᠤ ᠶᠠᠪᠤᠵᠠᠭᠠᠭᠰᠠᠨ᠂ ᠤᠷᠢᠳᠤ ᠢᠩᠭᠢᠵᠦ ᠵᠢᠭᠤᠲᠠᠵᠤ ᠳᠦᠷᠪᠡᠭᠡᠭᠰᠡᠨ ᠤᠳᠠᠭ᠎ᠠ ᠶᠡᠷᠦ ᠦᠭᠡᠢ ᠪᠠᠢᠯ᠎ᠠ ᠭᠡᠪᠡ᠃
— ᠲᠡᠳᠡ ᠠᠯᠢ ᠵᠦᠭ ᠲᠦ᠍ ᠨᠡᠭᠦᠵᠦ ᠪᠠᠢᠨ᠎ᠠ ᠪᠣᠢ? ᠭᠡᠬᠦ ᠳ᠋ᠦ᠍ᠨᠢ
— ᠯᠦᠺᠤᠮᠤᠷᠢ ᠶ᠋ᠢᠨ ᠵᠦᠭ᠂ ᠬᠥᠬᠡ ᠳᠠᠯᠠᠢ ᠶ᠋ᠢᠨ ᠴᠢᠭ ᠤᠷᠤᠭᠤ ᠭᠡᠵᠦ ᠡᠪᠦᠭᠡᠨ ᠪᠤᠭᠤᠷᠤᠯ ᠬᠥᠮᠥᠰᠬᠡ ᠪᠡᠨ ᠵᠠᠩᠭᠢᠳᠴᠤ ᠪᠤᠬᠢᠨᠢᠳᠤᠨ ᠵᠣᠭᠰᠣᠪᠠ᠃
ᠰᠦᠪᠡᠭᠡᠲᠡᠢ ᠪᠠᠰᠠ ᠯᠠ ᠬᠥᠨᠳᠡᠯᠡᠨ ᠡᠴᠡ ᠣᠷᠣᠵᠤ᠂
— ᠴᠢ ᠣᠢᠷᠠᠯᠴᠠᠭ᠎ᠠ ᠨᠡᠭᠦᠳᠡᠯᠯᠡᠨ ᠶᠠᠪᠤᠭᠰᠠᠨ ᠺᠦᠮᠠᠨ ᠬᠠᠭᠠᠳ ᠤ᠋ᠨ ᠨᠡᠷᠡᠰ ᠢ᠋ ᠮᠡᠳᠡᠬᠦ ᠤᠤ? ᠭᠡᠬᠦ ᠳ᠋ᠦ᠍ ᠡᠪᠦᠭᠡᠨ ᠤᠴᠠᠭᠠᠷᠯᠠᠵᠤ᠂
— ᠪᠠᠰᠠ ᠤᠤ᠂ ᠶᠠᠭᠠᠬᠢᠭᠰᠠᠨ ᠳᠤᠷᠠᠲᠠᠢ ᠶᠤᠮ ᠪᠣᠢ? ᠲᠡᠳᠡᠨ ᠲᠡᠢ ᠬᠤᠳᠠᠯᠳᠤᠭ᠎ᠠ ᠮᠠᠢᠮᠠᠢ ᠬᠢᠵᠦ ᠮᠣᠷᠢ ᠮᠠᠯ ᠰᠣᠯᠢᠯᠴᠠᠭᠰᠠᠨ ᠪᠣᠯ ᠮᠡᠳᠡᠬᠦ ᠰᠠᠨ᠂ ᠴᠢ ᠬᠠᠷᠢᠨ ᠡᠨᠡ ᠮᠥᠷᠡᠨ ᠳ᠋ᠦ᠍ ᠶᠠᠮᠠᠷ ᠶᠠᠮᠠᠷ ᠵᠢᠭᠠᠰᠤ ᠪᠠᠢᠨ᠎ᠠ? ᠤᠰᠸᠲ᠋ᠷ᠂ ᠴᠤᠷᠬᠠᠢ ᠣᠯᠠᠨ ᠪᠣᠢ ᠤᠤ? ᠵᠢᠭᠠᠰᠤ ᠡᠯᠪᠡᠭᠲᠡᠢ ᠭᠠᠵᠠᠷ ᠬᠠᠮᠢᠭ᠎ᠠ ᠪᠠᠢᠨ᠎ᠠ? ᠭᠡᠬᠦ ᠵᠡᠷᠭᠡ ᠪᠡᠷ ᠠᠰᠠᠭᠤᠪᠠᠯ ᠳᠡᠭᠡᠷ᠎ᠡ ᠪᠠᠢᠭᠰᠠᠨ ᠶᠤᠮ᠃ ᠲᠡᠭᠡᠪᠡᠯ ᠪᠢ ᠴᠥᠮ ᠢ᠋ ᠤᠰᠤᠨ ᠤ᠋ ᠢᠷᠣᠭᠠᠷ ᠲᠤ᠌᠂ ᠤᠰᠤᠨ ᠡᠪᠦᠭᠡᠨ ᠦ᠌ ᠬᠢᠨ ᠳ᠋ᠦ᠍ ᠵᠣᠴᠢᠯᠠᠵᠤ ᠣᠴᠢᠭᠠᠳ ᠢᠷᠡᠭᠰᠡᠨ ᠶᠤᠮ ᠰᠢᠭ ᠮᠡᠳᠡᠭᠦᠯᠬᠦ ᠪᠠᠢᠭᠰᠠᠨ ᠪᠢᠯᠡ᠃
—ᠤᠰᠤᠨ ᠡᠪᠦᠭᠡᠨ ᠭᠡᠵᠦ ᠬᠡᠨ ᠪᠣᠢ? ᠭᠡᠵᠦ ᠪᠠᠲᠤ ᠬᠠᠭᠠᠨ ᠠᠰᠠᠭᠤᠬᠤ ᠳ᠋ᠤ᠌᠂
— ᠮᠡᠳᠡᠬᠦ ᠦᠭᠡᠢ ᠭᠡᠵᠢ ᠤᠤ ᠳ᠋ᠠ? ᠲᠡᠷᠡ ᠪᠣᠯ ᠤᠰᠤᠨ ᠤ᠋ ᠳᠣᠣᠷᠠᠲᠤ ᠢᠷᠣᠭᠠᠷ ᠲᠤ᠌ ᠰᠠᠭᠤᠳᠠᠭ ᠳᠠᠯᠠᠢ ᠶ᠋ᠢᠨ ᠯᠤᠤᠰ ᠤ᠋ᠨ ᠬᠠᠭᠠᠨ᠂ ᠲᠤᠩ ᠶᠡᠬᠡ ᠪᠠᠶᠠᠨ᠂ ᠵᠠᠭᠤᠨ ᠥᠬᠢᠨ ᠲᠡᠢ᠂ ᠲᠡᠳᠡᠨ ᠢ᠋ ᠨᠢ ᠯᠤᠤᠰ ᠤ᠋ᠨ ᠳᠠᠭᠢᠨᠢ ᠭᠡᠳᠡᠭ᠃
— ᠴᠢ ᠦᠵᠡᠭᠰᠡᠨ ᠤᠤ?
— ᠳᠥᠴᠢᠨ ᠵᠢᠯ ᠵᠢᠭᠠᠰᠤ ᠠᠩᠨᠠᠵᠤ ᠶᠠᠪᠤᠬᠤ ᠳ᠋ᠠᠭᠠᠨ ᠦᠵᠡᠬᠦ ᠦᠭᠡᠢ ᠶᠠᠭᠠᠬᠢᠬᠤ ᠪᠣᠢ? ᠦᠵᠡᠬᠦ ᠪᠡᠷ ᠪᠠᠷᠠᠬᠤ ᠦᠭᠡᠢ ᠪᠠᠰᠠ ᠳᠠᠭᠤ ᠶ᠋ᠢ ᠨᠢ ᠰᠣᠨᠣᠰᠳᠠᠭ ᠪᠠᠢᠭᠰᠠᠨ᠂ ᠯᠤᠤᠰ ᠤ᠋ᠨ ᠳᠠᠭᠢᠨᠢᠰ ᠰᠥᠨᠢ ᠳᠠᠭᠤᠯᠠᠵᠤ ᠤᠬᠢᠯᠠᠬᠤ ᠪᠠᠷ ᠪᠠᠷᠠᠬᠤ ᠦᠭᠡᠢ᠂ ᠶᠠᠪᠤᠭᠤᠯ ᠤ᠋ᠨ ᠬᠥᠮᠦᠰ ᠢ᠋ ᠳᠠᠭᠤᠳᠠᠬᠤ ᠢᠨᠢᠶᠡᠬᠦ ᠲᠡᠷᠢᠭᠦᠲᠡᠨ ᠡᠯᠳᠡᠪ ᠢ᠋ᠶ᠋ᠡᠷ ᠠᠭᠠᠰᠢᠯᠠᠳᠠᠭ᠂ ᠬᠡᠨ ᠨᠢᠭᠡ ᠬᠥᠮᠦᠨ ᠡᠷᠬᠡᠨ ᠳ᠋ᠦ᠍ᠨᠢ ᠣᠷᠣᠵᠤ ᠯᠤᠤᠰ ᠤ᠋ᠨ ᠥᠬᠢᠳ ᠢ᠋ ᠢᠲᠡᠭᠡᠮᠵᠢᠯᠡᠪᠡᠯ ᠲᠡᠳᠡ ᠴᠦᠩᠬᠦᠯ ᠤᠷᠤᠭᠤ ᠲᠠᠲᠠᠵᠤ ᠣᠷᠣᠭᠤᠯᠤᠭᠠᠳ ᠭᠡᠳᠡᠷᠭᠦ ᠨᠢ ᠶᠡᠷᠦ ᠲᠠᠯᠪᠢᠳᠠᠭ ᠦᠭᠡᠢ ᠶᠤᠮ ᠭᠡᠬᠦ ᠳ᠋ᠦ᠍ᠨᠢ ᠮᠣᠩᠭᠣᠯᠴᠤᠳ ᠳᠠᠭᠤ ᠠᠯᠳᠠᠴᠢᠬᠠᠪᠠ᠃
ᠮᠣᠩᠭᠣᠯ ᠬᠠᠲᠤᠨ ᠠᠯᠠᠭ᠎ᠠ ᠪᠠᠨ ᠬᠠᠪᠰᠤᠷᠤᠨ ᠭᠠᠢᠬᠠᠯᠳᠤᠵᠤ ᠬᠣᠭᠣᠷᠣᠨᠳᠣ ᠪᠠᠨ ᠰᠢᠪᠡᠨᠡᠯᠳᠦᠪᠡ᠃
— ᠯᠤᠤᠰ ᠤ᠋ᠨ ᠬᠠᠭᠠᠨ ᠢ᠋ ᠴᠢ ᠮᠥᠨ ᠦᠵᠡᠭᠰᠡᠨ ᠤᠤ? ᠭᠡᠵᠦ ᠪᠠᠲᠤ ᠬᠠᠭᠠᠨ ᠠᠰᠠᠭᠤᠭᠰᠠᠨ ᠳ᠋ᠤ᠌᠂
— ᠦᠵᠡᠬᠦ ᠪᠡᠷ ᠪᠠᠷᠠᠬᠤ ᠤᠤ᠂ ᠲᠡᠷᠡ ᠪᠣᠯ ᠵᠡᠭᠡᠰᠦᠨ ᠳᠣᠣᠷ᠎ᠠ ᠠ᠋ᠴᠠ ᠮᠢᠨᠦᠬᠢ ᠰᠢᠭ ᠥᠰᠥᠷᠬᠡᠭ ᠳᠦᠷᠰᠦ ᠪᠡᠨ ᠴᠤᠬᠤᠢᠯᠭᠠᠵᠤ ᠰᠠᠬᠠᠯ ᠢ᠋ᠶ᠋ᠠᠨ ᠤᠰᠤᠨ ᠳ᠋ᠤ᠌ ᠵᠠᠢᠯᠳᠠᠭ ᠪᠠᠢᠭᠰᠠᠨ᠂ ᠪᠠᠰᠠ ᠨᠢᠳᠦ ᠪᠡᠨ ᠪᠦᠯᠲᠡᠢᠯᠭᠡᠵᠦ ᠬᠠᠭᠠᠨ— ᠥᠷᠡᠺ! ᠬᠠᠭᠠᠨ— ᠥᠷᠡᠺ! ᠭᠡᠵᠦ ᠬᠦᠩᠭᠢᠨᠡᠨ ᠳᠠᠭᠤᠳᠠᠳᠠᠭ ᠶᠤᠮ ᠭᠡᠪᠡ᠃
ᠲᠡᠳᠦᠢ ᠰᠦᠪᠡᠭᠡᠳᠡᠢ ᠪᠠᠭᠠᠲᠤᠷ᠂ ᠪᠠᠲᠤ ᠬᠠᠭᠠᠨ ᠤ᠋ ᠵᠦᠭ ᠬᠠᠨᠳᠤᠵᠤ᠂
— ᠭᠡᠷᠡᠯᠲᠦ ᠠ᠋᠂ ᠪᠢ ᠨᠢᠭᠡ ᠦᠭᠡ ᠠᠢᠯᠠᠳᠬᠠᠶ᠎ᠠ᠂ ᠡᠨᠡ ᠡᠪᠦᠭᠡᠨ ᠲᠤᠩ ᠬᠡᠷᠡᠭ ᠲᠡᠢ ᠬᠥᠮᠦᠨ ᠪᠠᠢᠨ᠎ᠠ᠃ ᠦᠯᠢᠭᠡᠷ ᠳᠣᠮᠣᠭ ᠶᠡᠬᠡ ᠮᠡᠳᠡᠳᠡᠭ ᠪᠣᠯᠤᠯᠲᠠᠢ᠂ ᠢᠯᠠᠩᠭᠤᠶ᠎ᠠ ᠠᠶᠠᠭᠠᠨ ᠳ᠋ᠤᠨᠢ ᠠᠢᠷᠠᠭ ᠬᠢᠵᠦ ᠥᠭᠪᠡᠯ ᠨᠢᠭᠡ ᠪᠠᠢᠲᠤᠭᠠᠢ ᠬᠣᠶᠠᠷ ᠡᠳᠦᠷ ᠴᠦ᠍ ᠶᠠᠷᠢᠵᠤ ᠴᠢᠳᠠᠬᠤ ᠪᠠᠢᠨ᠎ᠠ᠃ ᠴᠠᠭᠠᠵᠠ ᠪᠠᠷ ᠠᠪᠠᠴᠢᠭᠠᠳ ᠶᠠᠭᠠᠬᠢᠪᠠ( ᠶᠠᠭᠠᠬᠢᠬᠤᠪ )᠂ ᠬᠠᠷᠢᠨ ᠡᠨᠳᠡ ᠪᠡᠨ ᠪᠠᠢᠯᠭᠠᠪᠠᠯ ᠣᠷᠣᠰ ᠭᠠᠵᠠᠷ ᠣᠳᠬᠤ ᠳ᠋ᠤ᠌ ᠬᠡᠷᠡᠭ ᠲᠡᠢ ᠪᠣᠯᠵᠤ ᠶᠠᠭᠤ ᠮᠠᠭᠠᠳ᠂ ᠪᠡᠶ᠎ᠡ ᠪᠡᠨ ᠰᠠᠭᠠᠲᠠᠭᠤᠯᠬᠤ ᠪᠠᠷ ᠠᠪᠴᠤ ᠪᠠᠢᠭᠰᠠᠨ ᠴᠥ᠍ ᠪᠣᠯᠤᠨ᠎ᠠ᠃ ᠪᠢᠳᠡᠨ ᠳ᠋ᠦ᠍ ᠴᠢᠬᠤᠯᠠ ᠮᠡᠳᠡᠭᠡ ᠬᠡᠯᠡᠵᠦ ᠥᠭᠭᠦᠯ᠎ᠡ᠃ ᠺᠦᠮᠡᠨ ᠬᠠᠭᠠᠳ ᠵᠠᠢᠯᠠᠵᠤ᠂ ᠮᠠᠯ ᠢ᠋ᠶ᠋ᠠᠨ ᠲᠠᠭᠤᠵᠤ ᠪᠠᠢᠨ᠎ᠠ ᠭᠡᠨ᠎ᠡ ᠰᠢᠦ ᠳ᠋ᠠ᠃ ᠲᠡᠳᠡᠨ ᠢ᠋ ᠶᠠᠭᠠᠷᠠᠨ ᠭᠦᠢᠴᠡᠬᠦ ᠬᠡᠷᠡᠭᠲᠡᠢ ᠪᠣᠯᠤᠯ᠎ᠠ᠃ ᠶᠠᠳᠠᠷᠠᠭᠰᠠᠨ ᠴᠡᠷᠢᠭ ᠦ᠋ᠨ ᠬᠣᠭᠣᠯᠠ ᠬᠦᠨᠡᠰᠦᠨ ᠳ᠋ᠦ᠍ ᠣᠯᠠᠨ ᠮᠠᠯ ᠬᠡᠷᠡᠭ ᠲᠡᠢ ᠰᠢᠦ ᠳ᠋ᠠ᠃ ᠢᠵᠢᠯ ᠮᠥᠷᠡᠨ ᠢ᠋ ᠲᠦᠷᠭᠡᠪᠴᠢᠯᠡᠨ ᠭᠠᠲᠤᠯᠪᠠᠯ ᠵᠣᠬᠢᠬᠤ ᠪᠣᠯᠵᠤ ᠪᠠᠢᠨ᠎ᠠ ᠭᠡᠪᠡ᠃
— ᠲᠡᠷᠡ ᠶᠣᠰᠣᠭᠠᠷ ᠪᠣᠯᠭᠠᠶ᠎ᠠ ᠭᠡᠵᠦ ᠪᠠᠲᠤ ᠬᠠᠭᠠᠨ ᠬᠡᠯᠡᠭᠡᠳ᠂《ᠵᠠᠭᠤᠨ ᠤ᠋ ᠳᠠᠷᠤᠭ᠎ᠠ ᠠᠷᠠᠫᠱᠠ ᠡᠨᠡ ᠡᠪᠦᠭᠡᠨ ᠦ᠌ ᠭᠠᠷ ᠢ᠋ ᠳᠡᠯᠪᠢ᠂ ᠤᠷᠠᠬ᠎ᠠ ᠶ᠋ᠢ ᠠᠪ᠂ ᠠᠮᠠᠷᠠᠭᠤᠯ 》ᠭᠡᠪᠡ᠃
ᠠᠷᠠᠫᠱᠠ ᠪᠣᠰᠴᠤ ᠪᠥᠰᠡᠨ ᠳ᠋ᠡᠭᠡᠨ ᠪᠠᠢᠭᠰᠠᠨ ᠬᠢᠲᠤᠭ᠎ᠠ ᠪᠠᠷ ᠪᠠᠷᠢᠭᠳᠠᠯ ᠤ᠋ᠨ ᠭᠠᠷ ᠤ᠋ᠨ ᠰᠤᠷ ᠢ᠋ ᠣᠭᠲᠣᠯᠤᠨ᠂ ᠬᠦᠵᠦᠭᠦᠨ ᠡᠴᠡ ᠨᠢ ᠪᠤᠯᠢᠭᠠᠷᠢ ᠤᠷᠠᠬ᠎ᠠ ᠶ᠋ᠢ ᠰᠠᠯᠭᠠᠨ ᠠᠪᠴᠤ ᠡᠪᠦᠭᠡᠨ ᠢ᠋ ᠰᠡᠭᠰᠦᠷᠦᠭᠡᠳ
— ᠳ᠋ᠵᠢᠬᠠᠩᠬᠢᠷ ᠲᠸ᠋ ᠪᠡᠶᠡᠰᠦᠨ ᠲᠠᠯᠠᠷᠬ᠎ᠠ! ᠭᠡᠷᠡᠯᠲᠦ᠂ ᠴᠢᠨᠦ ᠠᠮᠢ ᠶ᠋ᠢ ᠬᠡᠯᠲᠦᠷᠢᠭᠦᠯᠪᠡ᠃ ᠢᠲᠡᠭᠡᠯ ᠢ᠋ ᠬᠠᠷᠢᠭᠤᠯᠵᠤ ᠬᠠᠭᠠᠨ ᠤ᠋ ᠵᠢᠭᠠᠰᠤᠴᠢ᠂ ᠦᠯᠢᠭᠡᠷᠴᠢ ᠬᠡᠯᠡᠮᠦᠷᠴᠢ ᠴᠦ᠍ ᠪᠣᠯᠵᠤ ᠶᠠᠭᠤ ᠮᠠᠭᠠᠳ᠃ ᠮᠥᠷᠭᠥᠭᠡᠳ᠂ ᠭᠠᠵᠠᠷ ᠦᠨᠦᠰ ᠭᠡᠪᠡ᠃
ᠡᠪᠦᠭᠡᠨ ᠭᠠᠷ ᠢ᠋ᠶ᠋ᠠᠨ ᠰᠤᠩᠭᠠᠵᠤ ᠨᠤᠭᠤᠯᠬᠤ ᠭᠡᠲᠡᠯ᠎ᠡ ᠬᠦᠯᠢᠭ ᠲᠸ᠋ ᠴᠢᠨᠦᠷᠡᠵᠦ ᠬᠠᠪᠤᠳᠤᠭᠠᠳ ᠳᠥᠩᠭᠡᠵᠦ ᠬᠥᠳᠡᠯᠬᠦ ᠲᠡᠳᠦᠢ ᠪᠠᠢᠯ᠎ᠠ᠃ ᠮᠣᠩᠭᠣᠯᠴᠤᠳ ᠲᠡᠭᠦᠨ ᠢ᠋ ᠲᠦᠰᠢᠨ ᠠᠪᠴᠤ ᠠᠰᠠᠷ ᠠ᠋ᠴᠠ ᠬᠥᠲᠥᠯᠦᠨ ᠭᠠᠷᠭᠠᠯ᠎ᠠ᠃
ᠪᠠᠲᠤ ᠬᠠᠭᠠᠨ ᠮᠦᠰᠦᠢ᠍ᠺ ᠡᠴᠡ ᠵᠢᠭᠠᠰᠤᠴᠢᠨ ᠢ᠋ ᠬᠡᠷᠬᠢᠨ ᠪᠠᠷᠢᠭᠰᠠᠨ ᠢ᠋ ᠠᠰᠠᠭᠤᠭᠠᠳ ᠰᠡᠳᠬᠢᠯ ᠳ᠋ᠦ᠍ ᠲᠣᠬᠢᠷᠠᠭᠰᠠᠨ ᠤᠴᠢᠷ ᠮᠦᠰᠦᠢ᠍ᠺ ᠲᠤ᠌ ᠲᠣᠷᠭᠠᠨ ᠳᠡᠪᠡᠯ ᠱᠠᠩᠨᠠᠰᠤᠭᠠᠢ ᠭᠡᠵᠦ ᠲᠤᠰᠢᠶᠠᠯ᠎ᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠪᠠᠶᠠᠨᠴᠡᠴᠡᠭ᠂ ᠬᠡᠷᠡᠢᠳ· ᠮᠥᠩᠬᠡᠨᠠᠰᠤᠨ᠂ ᠠᠯᠲᠠᠨᠴᠢᠮᠡᠭ ᠂ ᠠᠷᠢᠭᠤᠨ
ᠬᠢᠨᠠᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ᠂ ᠪᠠᠯ᠂ ᠲ· ᠬᠦᠮᠦᠵᠢᠯᠲᠦ