ᠪᠠᠲᠤ ᠬᠠᠭᠠᠨ 2-13 ᠴᠢᠰᠤᠲᠤ ᠰᠣᠯᠢᠷ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 2-13 ᠴᠢᠰᠤᠲᠤ ᠰᠣᠯᠢᠷ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ

ᠪᠠᠲᠤ ᠬᠠᠭᠠᠨ 2-13 ᠴᠢᠰᠤᠲᠤ ᠰᠣᠯᠢᠷ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-09-28

235

ᠠᠷᠪᠠᠨ ᠭᠤᠷᠪᠠ ᠴᠢᠰᠤᠲᠤ ᠰᠣᠯᠢᠷ

      ᠢᠵᠢᠯ ᠮᠥᠷᠡᠨ ᠦ᠌ ᠡᠷᠭᠢ ᠳ᠋ᠦ᠍ ᠬᠣᠶᠠᠷ ᠪᠦᠬᠦ ᠲᠡᠢ ᠤᠯᠠᠭᠠᠨ ᠲᠡᠮᠡᠭᠡᠳ ᠵᠣᠭᠰᠣᠵᠤ ᠭᠢᠯᠲᠠᠭᠠᠨᠠᠭᠰᠠᠨ ᠪᠦᠯᠲᠡᠭᠡᠷ ᠨᠢᠳᠦ ᠲᠡᠢ ᠰᠡᠭᠯᠡᠭᠡᠷ ᠲᠣᠯᠣᠭᠠᠢ ᠶ᠋ᠢ ᠡᠷᠭᠦᠵᠦ ᠤᠷᠤᠭᠤᠯ ᠢ᠋ ᠤᠨᠵᠢᠭᠤᠯᠤᠨ ᠤᠰᠤ ᠶᠡᠬᠡᠲᠦ ᠮᠥᠷᠡᠨ ᠦ᠌ ᠰᠦᠷᠯᠢᠭ ᠤᠷᠤᠰᠬᠠᠯ ᠳ᠋ᠤ᠌ ᠰᠠᠨᠳᠤᠷᠬᠤ ᠣᠯᠠᠨ ᠬᠥᠮᠦᠰ ᠢ᠋ ᠲᠣᠭᠣᠮᠰᠠᠷ ᠦᠭᠡᠢ ᠶᠡᠬᠡᠮᠰᠦᠭ ᠬᠠᠷᠠᠵᠤ ᠪᠠᠢᠯ᠎ᠠ᠃ ᠲᠡᠭᠦᠨ ᠡᠴᠡ ᠬᠠᠳ᠋ᠵᠢ ᠷᠠᠾᠢᠮ ᠠᠷᠤᠭ ᠳᠣᠲᠣᠷ᠎ᠠ ᠠᠲᠤᠷᠢᠵᠤ ᠡᠪᠦᠳᠦᠭ ᠳᠡᠭᠡᠷ᠎ᠡ ᠪᠡᠨ ᠨᠣᠮ ᠲᠠᠯᠪᠢᠨ ᠰᠠᠭᠤᠭᠠᠳ ᠬᠢᠴᠢᠶᠡᠩᠭᠦᠢ ᠪᠡᠷ ᠪᠢᠴᠢᠭᠰᠡᠨ ᠨᠢ᠄《ᠲᠩᠷᠢ ᠭᠠᠵᠠᠷ ᠪᠦᠬᠦ ᠶᠢᠷᠲᠢᠨᠴᠦ ᠠᠮᠤᠭᠤᠯᠠᠩ ᠲᠠᠢᠪᠤᠩ ᠪᠠᠢᠬᠤ ᠳ᠋ᠤ᠌ ᠶᠠᠭᠤᠨ ᠳ᠋ᠤ᠌ ᠢᠩᠭᠢᠲᠡᠯ᠎ᠡ ᠪᠡᠨ ᠰᠠᠮᠭᠠᠷᠳᠠᠨ᠎ᠠ? ᠶᠠᠭᠤ ᠴᠥ᠍ ᠬᠤᠪᠢᠷᠠᠬᠤ ᠦᠭᠡᠢ ᠭᠠᠵᠠᠷ ᠨᠤᠲᠤᠭ ᠭᠡᠳᠡᠭ ᠬᠢᠵᠠᠭᠠᠷ ᠦᠭᠡᠢ᠃ ᠡᠢᠮᠦ ᠶ᠋ᠢᠨ ᠲᠤᠯᠠᠳᠠ ᠲᠠᠯ᠎ᠠ ᠪᠠᠷ ᠠᠯᠭᠤᠷ ᠶᠠᠪᠤᠨ᠎ᠠ ᠭᠡᠳᠡᠭ ᠮᠡᠷᠭᠡᠨ ᠬᠡᠷᠡᠭ ᠪᠢᠰᠢ ᠤᠤ? ᠮᠣᠷᠢ ᠪᠠᠷ ᠬᠤᠢ ᠬᠡᠢᠰᠦᠨ ᠬᠦᠷᠬᠦ ᠭᠠᠵᠠᠷ ᠪᠠᠰᠠ ᠲᠠᠢᠪᠤᠩ ᠢ᠋ᠶ᠋ᠠᠷ ᠶᠠᠪᠤᠵᠤ ᠨᠢᠭᠡᠨ ᠠᠳᠠᠯᠢ ᠪᠢᠰᠢ ᠤᠤ? 》ᠭᠡᠵᠡᠢ᠃ ᠶᠦᠯᠳᠦ᠋ᠽ ᠲᠡᠮᠡᠭᠡᠨ ᠳᠡᠭᠡᠷ᠎ᠡ ᠰᠠᠯᠬᠢᠨ ᠳ᠋ᠤ᠌ ᠰᠠᠯᠭᠠᠨᠠᠨ ᠬᠡᠢᠰᠬᠦ ᠬᠥᠰᠢᠭᠡ ᠶ᠋ᠢᠨ ᠳᠣᠣᠷ᠎ᠠ ᠰᠠᠭᠤᠵᠤ᠂ ᠣᠯᠠᠨ ᠮᠢᠩᠭᠠᠨ ᠴᠡᠷᠢᠭ ᠱᠤᠤᠭᠢᠨ ᠱᠠᠭᠢᠨ ᠤᠰᠤ ᠭᠠᠲᠤᠯᠬᠤ ᠶ᠋ᠢ ᠭᠠᠢᠬᠠᠨ ᠬᠠᠷᠠᠵᠤ ᠨᠢᠳᠦ ᠪᠡᠨ ᠶᠡᠬᠡ ᠪᠣᠯᠭᠠᠨ ᠠᠵᠢᠭᠯᠠᠨ ᠰᠠᠭᠤᠵᠠᠢ᠃ ᠤᠰᠤᠨ ᠳ᠋ᠤ᠌ ᠬᠥᠪᠬᠦ ᠮᠣᠷᠢᠳ ᠬᠠᠷ᠎ᠠ ᠵᠠᠪᠢ ᠶ᠋ᠢ ᠬᠠᠷᠠᠨ ᠶᠦᠯᠳᠦ᠋ᠽ ᠭᠣᠣᠯ ᠢ᠋ ᠭᠠᠲᠤᠯᠤᠨ ᠬᠥᠪᠬᠦ ᠮᠣᠷᠢᠳ ᠬᠠᠷ᠎ᠠ ᠵᠠᠪᠢ ᠨᠤᠭᠤᠳ ᠢ᠋ ᠠᠵᠢᠭᠯᠠᠨ ᠬᠠᠷᠠᠵᠤ ᠪᠠᠢᠬᠤ ᠳ᠋ᠠᠭᠠᠨ ᠭᠣᠣᠯ ᠤᠷᠤᠭᠤ ᠪᠠᠭᠤᠬᠤ ᠮᠣᠷᠢᠲᠠᠨ ᠤ᠋ ᠬᠠᠮᠲᠤ ᠪᠠᠷ ᠭᠤᠸᠠᠯᠢᠭ ᠪᠡᠶᠡᠲᠡᠢ᠂ ᠵᠠᠯᠠᠭᠤ ᠡᠷ᠎ᠡ ᠶ᠋ᠢ ᠨᠢᠳᠦ ᠪᠡᠷ ᠢ᠋ᠶ᠋ᠡᠨ ᠥᠪᠡᠷ ᠦ᠋ᠨ ᠡᠷᠬᠡ ᠦᠭᠡᠢ ᠡᠷᠢᠵᠦ ᠪᠠᠢᠯ᠎ᠠ᠃ ᠮᠣᠷᠢᠲᠠᠨ ᠤ᠋ ᠵᠠᠷᠢᠮ ᠨᠢ ᠲᠡᠭᠦᠨ ᠲᠡᠢ ᠲᠥᠰᠲᠡᠢ ᠶᠤᠮ ᠰᠢᠭ ᠬᠠᠷᠠᠭᠳᠠᠪᠠᠴᠤ᠂ ᠲᠡᠷᠡ ᠪᠢᠰᠢ ᠪᠠᠢᠪᠠ᠂ ᠲᠡᠭᠦᠨ ᠲᠡᠢ ᠠᠳᠠᠯᠢ ᠮᠤᠤᠷ ᠰᠢᠭ᠋ ᠭᠠᠪᠰᠢᠭᠠᠢ ᠪᠢᠰᠢ ᠪᠠᠢᠪᠠ᠃ ᠮᠦᠰᠦ᠋ᠺ ᠣᠭᠲᠣ ᠦᠵᠡᠭᠳᠡᠬᠦ ᠦᠭᠡᠢ ᠬᠠᠮᠢᠭ᠎ᠠ ᠲᠡᠨᠦᠵᠦ ᠶᠠᠪᠤᠭ᠎ᠠ ᠪᠣᠯ? ᠠᠮᠢᠳᠤ ᠪᠣᠯ ᠤᠤ᠂ ᠡᠰᠡᠪᠡᠯ ᠬᠢᠵᠠᠭᠠᠷ ᠦᠭᠡᠢ ᠲᠠᠯ᠎ᠠ ᠳ᠋ᠤ᠌ ᠪᠠᠭᠠᠬᠠᠨ ᠬᠡᠷᠢᠶ᠎ᠡ᠂ ᠪᠦᠷᠭᠦᠳ ᠦ᠋ᠨ ᠬᠣᠭᠣᠯᠠ ᠪᠣᠯᠵᠤ ᠬᠡᠪᠲᠡᠭᠡ ᠪᠣᠯ ᠤᠤ ? ᠭᠡᠬᠦ ᠵᠡᠷᠭᠡ ᠪᠡᠷ ᠮᠥᠷᠥᠭᠡᠳᠬᠦ ᠰᠡᠳᠬᠢᠯ ᠦ᠋ᠨ ᠣᠷᠣᠨ ᠳ᠋ᠤ᠌ ᠵᠠᠷᠢᠮ ᠳ᠋ᠠᠭᠠᠨ ᠠᠭᠤᠷ ᠬᠢᠯᠢᠩ ᠪᠠᠳᠠᠷᠠᠨ᠎ᠠ᠃ ᠬᠡᠷᠪᠡ ᠡᠷᠭᠦᠮᠡᠯ ᠳᠡᠭᠦᠦ ᠪᠡᠨ ᠬᠤᠳᠠᠯᠳᠤᠬᠤ ᠶᠠᠪᠤᠳᠠᠯ ᠳ᠋ᠤ᠌ ᠥᠪᠡᠷ ᠢ᠋ᠶ᠋ᠡᠨ ᠣᠷᠣᠯᠴᠠᠭᠰᠠᠨ ᠪᠣᠯ ᠶᠠᠭᠠᠬᠢᠬᠤ ᠪᠣᠢ? ᠶᠠᠭᠤᠨ ᠤ᠋ ᠤᠴᠢᠷ ᠠ᠋ᠴᠠ ᠭᠡᠪᠡᠯ ᠬᠡᠷᠪᠡ ᠶᠦᠯᠳᠦ᠋ᠽ ᠦᠭᠡᠢ ᠪᠣᠯ ᠡᠨᠡ ᠲᠡᠢᠨ ᠳ᠋ᠦ᠍ ᠪᠡᠶ᠎ᠡ ᠪᠡᠷ ᠮᠣᠷᠳᠠᠬᠤ ᠨᠥᠬᠥᠴᠡᠯ ᠪᠦᠷᠢᠳᠦᠨ᠎ᠡ ᠭᠡᠵᠦ ᠪᠣᠳᠣᠭᠰᠠᠨ ᠪᠠᠢᠵᠤ ᠶᠠᠭᠤ ᠮᠠᠭᠠᠳ᠂ ᠬᠡᠷᠪᠡ ᠲᠡᠢᠮᠦ ᠪᠣᠯᠪᠠᠯ ᠲᠡᠷᠡ ᠮᠠᠭᠠᠳ ᠮᠢᠬᠠᠴᠢᠨ ᠰᠢᠪᠠᠭᠤᠨ ᠳ᠋ᠤ᠌ ᠵᠤᠯᠭᠠᠯᠭᠠᠵᠤ ᠬᠠᠯᠠᠭᠤᠨ ᠭᠣᠪᠢ ᠳ᠋ᠤ᠌ ᠬᠠᠳᠠᠨ ᠦᠬᠦᠭ᠂ ᠴᠠᠩᠭᠠᠨ ᠬᠠᠲᠠᠭᠰᠠᠨ ᠠᠮᠠᠨ ᠳ᠋ᠠᠭᠠᠨ ᠪᠠᠯᠭᠤ ᠤᠮᠳᠠ ᠪᠦᠦ ᠣᠯᠤᠭ ᠭᠡᠬᠦ ᠵᠡᠷᠭᠡ ᠪᠡᠷ ᠪᠣᠳᠣᠨ᠎ᠠ᠃ ᠨᠥᠭᠦᠭᠡ ᠲᠠᠯ᠎ᠠ ᠶ᠋ᠢᠨ ᠠᠷᠤᠭ ᠲᠸ᠋ ᠰᠠᠭᠤᠭ᠎ᠠ ᠬᠢᠲᠠᠳ ᠬᠡᠦᠬᠡᠨ ᠶᠦᠯᠳᠦ᠋ᠽ ᠦ᠋ᠨ ᠮᠥᠷᠦᠨ ᠳ᠋ᠦ᠍ ᠰᠡᠮᠬᠡᠨ ᠬᠦᠷᠴᠦ᠄《ᠵᠠᠩᠵᠤᠨ ᠨᠠᠰᠢ ᠪᠠᠨ ᠬᠠᠷᠠᠵᠤ ᠪᠠᠢᠨ᠎ᠠ 》ᠭᠡᠪᠡ᠃
      ᠪᠠᠲᠤ ᠬᠠᠭᠠᠨ ᠡᠯᠡᠰᠦᠨ ᠡᠷᠭᠢ ᠶ᠋ᠢᠨ ᠳᠡᠭᠡᠭᠦᠷ ᠣᠯᠠᠨ ᠮᠣᠷᠢᠲᠠᠨ ᠤ᠋ ᠲᠡᠷᠢᠭᠦᠨ ᠳ᠋ᠦ᠍ ᠴᠠᠰᠤᠨ ᠴᠠᠭᠠᠨ ᠮᠣᠷᠢ ᠤᠨᠤᠵᠤ ᠶᠠᠪᠤᠭᠰᠠᠨ ᠢ᠋ᠶ᠋ᠠᠨ ᠬᠠᠵᠠᠭᠤ ᠲᠡᠰᠢ ᠡᠷᠭᠢᠵᠦ ᠬᠥᠲᠥᠯ ᠳᠡᠭᠡᠷ᠎ᠡ ᠭᠠᠷᠪᠠ᠃ ᠲᠡᠨᠳᠡ ᠡᠴᠡ ᠭᠣᠣᠯ ᠤ᠋ᠨ ᠲᠡᠷᠲᠡᠭᠡ ᠲᠠᠯ᠎ᠠ ᠤᠷᠤᠭᠤ ᠭᠠᠷ ᠢ᠋ᠶ᠋ᠠᠷ ᠵᠢᠭᠠᠭᠠᠳ ᠪᠠᠷ᠎ᠠ ᠪᠣᠯᠤᠭᠴᠢᠳ ᠤ᠋ᠨ ᠳᠣᠲᠣᠷ᠎ᠠ ᠠ᠋ᠴᠠ ᠮᠣᠷᠢᠲᠠᠢ ᠬᠥᠮᠦᠰ ᠲᠤᠰᠢᠶᠠᠯ ᠢ᠋ ᠭᠦᠢᠴᠡᠳᠬᠡᠬᠦ ᠪᠡᠷ ᠤᠳᠠᠭ᠎ᠠ ᠳᠠᠷᠠᠭᠠᠪᠠᠷ ᠰᠠᠯᠵᠤ ᠶᠠᠪᠤᠭᠰᠠᠭᠠᠷ ᠠᠷᠠᠪ ᠲᠥᠯᠭᠡᠴᠢ ᠪᠠ ᠮᠦᠰᠦᠢ᠍ᠯᠢᠮ ᠬᠤᠪᠴᠠᠰᠤ ᠡᠮᠦᠰᠦᠭᠰᠡᠨ ᠵᠠᠯᠠᠭᠤ ᠴᠡᠷᠢᠭ ᠲᠡᠮᠡᠭᠡᠨ ᠳᠡᠭᠡᠷ᠎ᠡ ᠢᠷᠡᠪᠡ᠃ ᠶᠦᠯᠳᠦᠢ᠍ᠽ ᠤᠷᠲᠤ ᠶ᠋ᠢᠨ ᠵᠠᠮ ᠳ᠋ᠤ᠌ ᠡᠨᠡ ᠬᠥᠮᠦᠨ ᠢ᠋ ᠣᠯᠠᠨᠲᠠ ᠬᠠᠷᠠᠭᠰᠠᠨ ᠲᠤᠯᠠ ᠪᠠᠲᠤ ᠬᠠᠭᠠᠨ ᠢ᠋ ᠦᠷᠭᠦᠯᠵᠢ ᠳᠠᠭᠠᠵᠤ ᠶᠠᠪᠤᠳᠠᠭ ᠵᠠᠭᠤᠨ ᠤ᠋ ᠳᠠᠷᠤᠭ᠎ᠠ ᠂ ᠨᠡᠷ᠎ᠡ ᠶ᠋ᠢ ᠨᠢᠰᠢᠷᠢ ᠶ᠋ᠢᠨ ᠠᠷᠠᠫ᠊ᠱᠠ ᠭᠡᠳᠡᠭ ᠢ᠋ ᠮᠡᠳᠡᠬᠦ ᠪᠠᠢᠵᠠᠢ᠃ ᠲᠡᠷᠡ ᠨᠢ ᠳᠥᠩᠭᠡᠵᠢ ᠰᠠᠶᠢᠬᠠᠨ ᠪᠠᠷᠠᠭᠤᠨ ᠡᠷᠭᠢ ᠳᠡᠭᠡᠷ᠎ᠡ ᠡᠴᠡ ᠪᠤᠴᠠᠵᠤ ᠢᠷᠡᠭᠰᠡᠨ ᠪᠥᠭᠡᠳ ᠡᠯᠡᠰᠦᠨ ᠳᠡᠭᠡᠷ᠎ᠡ ᠰᠠᠭᠤᠵᠠᠭᠠᠬᠤ ᠨᠠᠷᠠ ᠰᠠᠯᠬᠢᠨ ᠳ᠋ᠤ᠌ ᠭᠠᠩᠳᠠᠮᠠᠯ ᠬᠠᠷ᠎ᠠ ᠴᠢᠷᠠᠢᠲᠤ ᠭᠠᠵᠠᠷᠴᠢ ᠨᠠᠷ ᠲᠤ᠌ ᠲᠤᠰᠢᠶᠠᠯ ᠥᠭᠬᠦ ᠳ᠋ᠦ᠍ ᠲᠡᠳᠡ ᠨᠢ ᠪᠣᠰᠴᠠᠭᠠᠵᠤ ᠲᠡᠮᠡᠭᠡᠨ ᠦ᠌ ᠨᠣᠬᠳᠣᠨ ᠠ᠋ᠴᠠ ᠬᠥᠲᠥᠯᠵᠦ ᠭᠣᠣᠯ ᠤᠷᠤᠭᠤ ᠣᠷᠣᠭᠤᠯᠪᠠ᠃
      ᠰᠡᠯᠢᠭᠦᠷᠴᠢᠳ ᠤᠷᠲᠤ ᠬᠠᠷ᠎ᠠ ᠵᠠᠪᠢ ᠨᠤᠭᠤᠳ ᠢ᠋ ᠭᠤᠷᠪᠠ ᠭᠤᠷᠪᠠ ᠪᠠᠷ ᠵᠡᠷᠭᠡᠴᠡᠭᠦᠯᠦᠨ ᠬᠥᠨᠳᠡᠯᠡᠨ ᠪᠠᠩᠵᠠ ᠳᠡᠪᠢᠰᠴᠦ ᠣᠯᠣᠰᠣ ᠪᠠᠷ ᠬᠦᠯᠢᠬᠦ ᠳ᠋ᠦ᠍ ᠪᠥᠬᠡ ᠰᠠᠯ ᠬᠥᠯᠭᠡ ᠪᠣᠯᠤᠨ᠎ᠠ᠃ ᠠᠷᠠᠫ᠊ᠱᠠ ᠢᠯᠡᠭᠦᠦ ᠬᠥᠳᠡᠯᠭᠡᠭᠡ ᠦᠭᠡᠢ ᠲᠣᠳᠣᠷᠬᠠᠢ ᠲᠤᠰᠢᠶᠠᠯ ᠢ᠋ ᠥᠭᠬᠦ ᠳ᠋ᠦ᠍ ᠲᠡᠭᠦᠨ ᠦ᠌ ᠲᠤᠰᠢᠶᠠᠯ ᠢ᠋ ᠦᠭᠡ ᠳᠠᠭᠤ ᠦᠭᠡᠢ ᠦᠳᠲᠡᠷ ᠲᠦᠷᠭᠡᠨ ᠭᠦᠢᠴᠡᠳᠬᠡᠨ᠎ᠡ᠂ ᠪᠣᠭᠣᠯᠴᠤᠳ ᠪᠠᠩᠵᠠ ᠱᠣᠩ ᠵᠥᠭᠡᠭᠡᠵᠦ ᠠᠪᠴᠢᠷᠠᠨ ᠰᠦᠬᠡ ᠪᠡᠷ ᠪᠠᠯᠪᠠᠨ᠂ ᠤᠰᠤᠨ ᠤ᠋ ᠬᠥᠪᠡᠭᠡᠨ ᠳ᠋ᠦ᠍ ᠱᠣᠩ ᠢ᠋ ᠰᠠᠭᠤᠯᠭᠠᠵᠤ ᠪᠤᠷᠭᠠᠰᠤᠨ ᠮᠥᠴᠢᠷ ᠢ᠋ᠶ᠋ᠡᠷ ᠬᠡᠯᠬᠢᠪᠡ᠃ ᠴᠥᠮ ᠮᠠᠰᠢ ᠬᠤᠷᠳᠤᠨ ᠬᠥᠳᠡᠯᠮᠦᠷᠢᠯᠡᠵᠦ ᠰᠠᠵᠢᠯᠠᠵᠤ ᠠᠯᠬᠤᠬᠤ ᠵᠠᠪ ᠦᠭᠡᠢ ᠭᠦᠶᠦᠵᠦ ᠬᠠᠷᠠᠢᠵᠠᠭᠠᠨ᠎ᠠ᠃ ᠲᠡᠳᠦᠢ ᠡᠷᠭᠢᠨ ᠡᠴᠡ ᠤᠰᠤᠨ ᠤ᠋ ᠵᠠᠬ᠎ᠠ ᠬᠦᠷᠦᠭᠰᠡᠨ ᠭᠢᠰᠬᠢᠭᠦᠷ ᠱᠠᠲᠤ ᠶ᠋ᠢ ᠬᠢᠵᠦ ᠰᠠᠯ ᠢ᠋ ᠠᠪᠴᠢᠷᠠᠵᠤ ᠲᠡᠭᠦᠨ ᠳ᠋ᠡᠭᠡᠨ ᠲᠤᠯᠭᠠᠪᠠ᠃ ᠮᠣᠳᠣᠨ ᠳᠠᠷᠬᠠᠴᠤᠳ ᠢ᠋ ᠵᠢᠭᠲᠡᠢ ᠥᠷᠭᠡᠨ ᠬᠤᠪᠴᠠᠰᠤ ᠲᠠᠢ ᠥᠨᠳᠥᠷ ᠪᠦᠳᠦᠭᠦᠨ ᠬᠥᠮᠦᠨ ᠳᠠᠷᠤᠭᠠᠯᠠᠵᠤ᠂ ᠲᠡᠭᠦᠨ ᠦ᠌ ᠪᠢᠴᠢᠬᠠᠨ ᠬᠥᠬᠡ ᠮᠠᠯᠠᠭᠠᠢ ᠠ᠋ᠴᠠ ᠰᠢᠪᠠᠭᠤᠨ ᠤ᠋ ᠤᠷᠲᠤ ᠥᠳᠥ ᠨᠢᠷᠤᠭᠤ ᠤᠷᠤᠭᠤ ᠤᠨᠵᠢᠢᠵᠠᠢ᠃ ᠲᠡᠷᠡ ᠬᠥᠮᠦᠨ ᠤᠰᠤᠨ ᠤ᠋ ᠵᠠᠬ᠎ᠠ ᠳ᠋ᠤ᠌ ᠬᠥᠳᠡᠯᠦᠯ ᠦᠭᠡᠢ ᠶᠠᠭ ᠵᠣᠭᠰᠣᠵᠤ ᠠᠵᠢᠯ ᠢ᠋ ᠬᠢᠨᠠᠵᠤ ᠪᠠᠢᠭ᠎ᠠ ᠠᠷᠠᠫ᠊ᠱᠠ ᠲᠠᠢ ᠪᠠᠢᠨ ᠪᠠᠢᠨ ᠶᠠᠷᠢᠯᠴᠠᠨ᠎ᠠ᠃ ᠬᠢᠲᠠᠳ ᠪᠦᠰᠡᠭᠦᠢ ᠳᠠᠬᠢᠨ ᠰᠢᠪᠡᠨᠡᠨ ᠬᠡᠯᠡᠭᠰᠡᠨ ᠨᠢ᠄ 《ᠮᠠᠯᠠᠭᠠᠢ ᠳᠡᠭᠡᠷ᠎ᠡ ᠪᠡᠨ ᠤᠷᠲᠤ ᠥᠳᠥ ᠲᠡᠢ ᠲᠡᠷᠡ ᠬᠥᠮᠦᠨ᠂ ᠲᠤᠩ ᠤᠷᠠᠨ ᠳᠠᠷᠬᠠᠨ ᠪᠠᠷᠢᠯᠭᠠᠴᠢ ᠯᠢ ᠲᠦᠩ ᠫᠤᠤ ᠭᠡᠭᠴᠢ ᠪᠢᠯᠡ᠃ ᠪᠠᠢᠰᠢᠩ᠂ ᠣᠷᠳᠣᠨ᠂ ᠬᠠᠷᠰᠢ᠂ ᠬᠥᠩᠭᠡᠨ ᠪᠥᠬᠥᠭᠡ ᠴᠥᠮ ᠢ᠋ ᠪᠠᠢᠭᠤᠯᠵᠤ ᠴᠢᠳᠠᠳᠠᠭ ᠲᠡᠷᠡ ᠬᠥᠮᠦᠨ ᠶᠠᠭᠠᠬᠢᠵᠤ ᠰᠡᠭᠦᠷᠡᠰᠦᠨ ᠠᠯᠲᠠᠨ ᠮᠠᠨ ᠤ᠋ ᠬᠡᠯᠡ ᠪᠡᠷ ᠬᠠᠷᠢᠶᠠᠬᠤ ᠶ᠋ᠢ ᠪᠢ ᠰᠣᠨᠣᠰᠤᠯ᠎ᠠ᠃《ᠡᠨᠳᠡ ᠮᠢᠨᠦ ᠠᠮᠢᠳᠤᠷᠠᠬᠤ ᠭᠠᠵᠠᠷ ᠪᠤᠰᠤ᠂ ᠡᠨᠡ ᠵᠡᠷᠯᠢᠭ ᠣᠷᠣᠨ ᠨᠠᠳᠠᠳᠤ ᠲᠣᠬᠢᠷᠠᠬᠤ ᠦᠭᠡᠢ 》ᠭᠡᠨ᠎ᠡ᠃ ᠪᠠᠷᠢᠭᠳᠠᠭᠰᠠᠨ ᠡᠷᠳᠡᠮᠲᠡᠢ ᠬᠢᠲᠠᠳ ᠬᠥᠮᠦᠨ ᠭᠡᠨ᠎ᠡ ᠪᠢᠯᠡ᠃ ᠨᠤᠲᠤᠭ ᠲᠠᠭᠠᠨ ᠪᠠᠢᠬᠤ ᠳ᠋ᠤ᠌ ᠬᠦᠷᠲᠡᠯ᠎ᠡ ᠲᠡᠭᠦᠨ ᠢ᠋ ᠰᠣᠨᠣᠰᠤᠭᠰᠠᠨ ᠭᠡᠪᠡ᠃ ᠡᠭᠡᠴᠢᠮᠡᠳ ᠬᠠᠲᠤᠨ ᠰᠠᠨᠳᠤᠷᠤᠨ ᠰᠢᠪᠠᠭᠤ ᠵᠢᠷᠭᠢᠬᠦ ᠮᠡᠲᠦ ᠨᠠᠷᠢᠨ ᠳᠠᠭᠤ ᠪᠠᠷ ᠬᠡᠯᠡᠭᠰᠡᠨ ᠨᠢ᠄ 《ᠵᠠᠪᠢ ᠬᠥᠮᠥᠷᠢᠪᠡᠯ ᠶᠠᠭᠠᠬᠢᠬᠤᠪ( ᠶᠠᠭᠠᠬᠢᠬᠤ ᠪᠣᠢ ? ) ᠪᠢᠳᠡ ᠶᠠᠪᠤᠬᠤ ᠦᠭᠡᠢ᠂ ᠤᠷᠢᠳᠠᠪᠡᠷ ᠥᠭᠡᠷ᠎ᠡ ᠬᠥᠮᠦᠨ ᠰᠣᠷᠢᠵᠤ ᠭᠠᠷᠭ᠎ᠠ 》ᠭᠡᠪᠡ᠃
      ᠠᠷᠠᠫᠱᠠ ᠬᠠᠭᠠᠨ ᠤ᠋ ᠬᠠᠲᠤᠳ ᠤ᠋ᠨ ᠵᠦᠭ ᠬᠠᠷᠠᠯ ᠦᠭᠡᠢ ᠬᠠᠷᠢᠭᠤ ᠴᠥ᠍ ᠬᠡᠯᠡᠯ ᠦᠭᠡᠢ ᠪᠣᠭᠣᠯᠴᠤᠳ ᠲᠸ᠋ ᠰᠠᠯ ᠪᠦᠷᠢ ᠳᠡᠭᠡᠷ᠎ᠡ ᠨᠢᠭᠡ ᠨᠢᠭᠡ ᠲᠡᠮᠡᠭᠡ ᠠᠪᠴᠤ ᠭᠠᠷᠭ᠎ᠠ ᠭᠡᠵᠦ ᠲᠤᠰᠢᠶᠠᠬᠤ ᠳ᠋ᠤ᠌ ᠬᠠᠲᠤᠳ ᠪᠠᠰᠠ ᠳᠠᠬᠢᠨ ᠪᠣᠭᠢᠮᠳᠠᠵᠤ ᠂《ᠲᠦᠷᠦᠭᠦᠨ ᠳ᠋ᠦ᠍ ᠮᠤᠤᠰᠠᠢᠨ ᠡᠩ ᠦ᠋ᠨ ᠡᠬᠡᠨᠡᠷ ᠦ᠋ᠳ ᠢ᠋ ᠶᠠᠪᠤᠭᠤᠯᠤᠭᠲᠤᠨ᠂ ᠵᠢᠪᠴᠦ ᠦᠬᠦᠬᠦ ᠡᠰᠡᠬᠦ ᠶ᠋ᠢ ᠨᠢ ᠪᠢᠳᠡ ᠦᠵᠡᠶ᠎ᠡ 》ᠭᠡᠪᠡ᠃
      ᠠᠷᠠᠫᠱᠠ ᠠᠵᠢᠯᠴᠢᠳ ᠲᠸ᠋ ᠶᠦᠯᠳᠦ᠋ᠽ ᠬᠢᠲᠠᠳ ᠠᠶᠠᠭᠠᠴᠢ ᠶ᠋ᠢᠨ ᠬᠠᠮᠲᠤ ᠰᠠᠭᠤᠵᠤ ᠶᠠᠪᠤᠳᠠᠭ ᠬᠠᠮᠤᠭ ᠤ᠋ᠨ ᠵᠠᠬ᠎ᠠ ᠶ᠋ᠢᠨ ᠳᠣᠯᠣᠳᠤᠭᠠᠷ ᠲᠡᠮᠡᠭᠡ ᠶ᠋ᠢ ᠰᠠᠯ ᠳᠡᠭᠡᠷ᠎ᠡ ᠭᠠᠷᠭ᠎ᠠ ᠭᠡᠵᠦ ᠲᠤᠰᠢᠶᠠᠪᠠ᠃ ᠲᠡᠮᠡᠭᠡ ᠠᠷᠠᠫᠱᠠ ᠲᠠᠢ ᠵᠡᠷᠭᠡᠴᠡᠨ ᠢᠷᠡᠬᠦ ᠳ᠋ᠦ᠍ ᠢ ᠯᠡ ᠾᠧ ᠲᠡᠭᠦᠨ ᠳ᠋ᠦ᠍ ᠬᠡᠯᠡᠭᠰᠡᠨ ᠨᠢ᠄ 《ᠳᠠᠷᠬᠠᠨ ᠯᠢ ᠲᠦᠩ ᠫᠤᠤ ᠶ᠋ᠢ ᠵᠢᠭᠠᠵᠤ ᠡᠭᠦᠨ ᠢ᠋ ᠶᠦᠯᠳᠦ᠋ᠽ ᠬᠠᠲᠤᠨ ᠤ᠋ ᠬᠠᠮᠲᠤ ᠶᠠᠪᠤᠭᠤᠯᠤᠨ᠎ᠠ ᠤᠤ? 》ᠭᠡᠪᠡ᠃ ( ᠢ ᠯᠡ ᠾᠧ ᠳᠠᠷᠬᠠᠨ ᠯᠢ ᠲᠦᠩ ᠫᠤᠤ ᠶ᠋ᠢ ᠵᠢᠭᠠᠵᠤ ᠲᠡᠭᠦᠨ ᠳ᠋ᠦ᠍ ᠬᠡᠯᠡᠭᠰᠡᠨ ᠨᠢ᠄《ᠡᠭᠦᠨ ᠢ᠋ ᠶᠦᠯᠳᠥ᠋ᠽ ᠬᠠᠲᠤᠨ ᠤ᠋ ᠬᠠᠮᠲᠤ ᠶᠠᠪᠤᠭᠤᠯᠤᠨ᠎ᠠ ᠤᠤ? 》 ᠭᠡᠪᠡ᠃ )
      ᠠᠷᠠᠫᠱᠠ ᠬᠢᠲᠠᠳ ᠪᠦᠰᠡᠭᠦᠢ ᠶ᠋ᠢᠨ ᠵᠦᠭ ᠦᠯᠦ ᠢᠲᠡᠭᠡᠮᠵᠢᠯᠡᠬᠦ ᠬᠦᠢᠲᠡᠨ ᠴᠢᠷᠠᠢ ᠪᠠᠷ ᠥᠩᠭᠥᠢᠭᠡᠳ ᠪᠤᠷᠤᠭᠤ ᠬᠠᠨᠳᠤᠪᠠ᠃ ᠭᠢᠰᠬᠢᠭᠦᠷ ᠦ᠋ᠨ ᠳᠡᠷᠭᠡᠳᠡ ᠲᠡᠮᠡᠭᠡ ᠶ᠋ᠢ ᠰᠥᠭᠦᠳᠦᠭᠦᠯᠵᠦ᠂ ᠬᠢᠲᠠᠳ ᠪᠦᠰᠡᠭᠦᠢ ᠶᠦᠯᠳᠦ᠋ᠽ ᠬᠣᠶᠠᠷ ᠪᠣᠯᠭᠣᠮᠵᠢᠯᠠᠨ ᠣᠢᠷᠠᠬᠠᠨ ᠠᠯᠬᠤᠵᠤ ᠰᠠᠯ ᠳᠡᠭᠡᠷ᠎ᠡ ᠭᠠᠷᠤᠭᠰᠠᠨ ᠳ᠋ᠤ᠌ ᠬᠢᠲᠠᠳ ᠳᠠᠷᠬᠠᠨ ᠲᠦᠷᠦᠭᠦᠨ ᠳ᠋ᠦ᠍ ᠶᠠᠪᠤᠨ ᠲᠡᠳᠡᠨ ᠢ᠋ ᠬᠠᠯᠲᠤᠷᠢᠵᠤ ᠤᠨᠠᠬᠤ ᠠ᠋ᠴᠠ ᠪᠣᠯᠭᠣᠮᠵᠢᠯᠠᠪᠠ᠃ ᠲᠡᠭᠦᠨ ᠦ᠌ ᠬᠣᠢᠨ᠎ᠠ ᠠ᠋ᠴᠠ ᠪᠤᠰᠤᠳ ᠬᠥᠮᠦᠰ ᠠᠰᠤᠷᠤ ᠲᠣᠮᠣ ᠰᠡᠭᠰᠡᠭᠡᠷ ᠲᠡᠮᠡᠭᠡ ᠶ᠋ᠢ ᠰᠠᠯ ᠳᠡᠭᠡᠷ᠎ᠡ ᠠᠪᠴᠢᠷᠠᠬᠤ ᠳ᠋ᠤ᠌ ᠲᠡᠮᠡᠭᠡᠳ ᠲᠣᠯᠣᠭᠠᠢ ᠪᠠᠨ ᠰᠡᠭᠰᠦᠷᠴᠦ ᠤᠷᠲᠤ ᠤᠷᠤᠭᠤᠯ ᠠ᠋ᠴᠠ ᠪᠠᠨ ᠴᠠᠭᠠᠨ ᠬᠥᠭᠡᠰᠦ ᠰᠠᠬᠠᠷᠠᠭᠤᠯᠤᠨ ᠭᠣᠭᠣᠵᠢᠭᠤᠯᠬᠤ ᠦᠵᠡᠭᠳᠡᠯ᠎ᠡ᠂ ᠲᠡᠮᠡᠭᠡ ᠰᠠᠯ ᠳᠡᠭᠡᠷ᠎ᠡ ᠬᠡᠪᠲᠡᠵᠦ ᠥᠭᠭᠦᠭᠰᠡᠨ ᠦᠭᠡᠢ᠃ ᠲᠣᠭ᠎ᠠ ᠲᠣᠮᠰᠢ ᠦᠭᠡᠢ ᠣᠯᠠᠨ ᠴᠡᠷᠢᠭ ᠥᠷᠭᠡᠨ ᠮᠥᠷᠡᠨ ᠢ᠋ ᠭᠠᠲᠤᠯᠬᠤ ᠶ᠋ᠢ ᠰᠣᠨᠢᠷᠬᠠᠨ ᠬᠠᠷᠠᠭᠴᠢᠳ ᠤ᠋ᠨ ᠨᠢᠭᠡᠨ ᠪᠣᠯᠬᠤ ᠭᠡᠰᠡᠨ ᠶᠤᠮᠰᠢᠭ ᠲᠣᠯᠣᠭᠠᠢ ᠳ᠋ᠠᠭᠠᠨ( ᠪᠡᠨ )ᠡᠷᠭᠢᠯᠳᠦᠭᠦᠯᠦᠨ ᠶᠡᠬᠡᠮᠰᠦᠭ ᠢ᠋ᠶ᠋ᠡᠷ ᠵᠣᠭᠰᠣᠪᠠ᠃ ᠲᠣᠮᠣ ᠰᠢᠷ᠎ᠠ ᠠᠯᠴᠢᠭᠤᠷ ᠢ᠋ᠶ᠋ᠠᠷ ᠲᠣᠯᠣᠭᠠᠢ ᠪᠠᠨ ᠪᠦᠲᠡᠭᠡᠭᠰᠡᠨ ᠶᠦᠯᠳᠥ᠋ᠽ ᠰᠠᠯ ᠤ᠋ᠨ ᠥᠨᠴᠥᠭ ᠳᠡᠭᠡᠷᠡᠬᠢ ᠳᠡᠪᠢᠰᠬᠡᠷ ᠳᠡᠭᠡᠷ᠎ᠡ ᠰᠠᠭᠤᠵᠤ᠂ ᠠᠷᠤᠨ ᠳ᠋ᠤ᠌ ᠬᠢᠲᠠᠳ ᠪᠦᠰᠡᠭᠦᠢ ᠢ ᠯᠡ ᠾᠧ ᠵᠣᠭᠰᠣᠬᠤ ᠳ᠋ᠤ᠌ ᠶᠠᠭᠠᠨ ᠲᠡᠷᠯᠢᠭ ᠨᠢ (  ᠤ᠋ᠨ )ᠨᠢᠮᠭᠡᠨ ᠫᠠᠩᠰᠠᠨ ᠤ᠋ ᠨᠤᠭᠤᠯᠤᠭ᠎ᠠ ᠰᠠᠯᠬᠢᠨ ᠳ᠋ᠤ᠌ ᠪᠥᠵᠢᠭᠯᠡᠨ ᠰᠠᠷᠪᠠᠯᠵᠠᠨ᠎ᠠ᠃  ᠰᠡᠯᠢᠭᠦᠷᠴᠢᠳ ᠰᠡᠯᠢᠭᠦᠷ ᠢ᠋ ᠤᠰᠤᠨ ᠳ᠋ᠤ᠌ ᠲᠥᠷᠥᠨ ᠪᠣᠭᠣᠯᠴᠤᠳ ᠠᠷᠭᠠᠮᠵᠢ ᠶ᠋ᠢᠨ ᠦᠵᠦᠭᠦᠷ ᠢ᠋ ᠬᠤᠢᠯᠠᠪᠠ᠃ ᠬᠦᠯᠢᠶᠡᠭᠲᠦᠨ ᠭᠡᠵᠦ ᠬᠠᠰᠬᠢᠷᠬᠤ ᠳᠠᠭᠤᠨ ᠨᠢ ᠰᠣᠨᠣᠰᠳᠠᠪᠠ᠃ ᠪᠠᠲᠤ ᠬᠠᠭᠠᠨ ᠴᠠᠭᠠᠨ ᠮᠣᠷᠢ ᠶ᠋ᠢ ᠤᠨᠤᠵᠤ ᠭᠢᠰᠬᠢᠭᠦᠷ ᠳᠡᠭᠡᠷ᠎ᠡ ᠢᠷᠡᠭᠡᠳ ᠱᠠᠯᠠᠮᠠᠭ ᠬᠠᠷᠠᠢᠨ ᠪᠠᠭᠤᠮᠠᠭᠴᠠ ᠦᠷᠭᠦᠯᠵᠢ ᠬᠠᠮᠠᠷ ᠢ᠋ᠶ᠋ᠠᠨ ᠬᠠᠪᠴᠢᠭᠢᠨᠠᠭᠤᠯᠬᠤ ᠮᠣᠷᠢ ᠶ᠋ᠢ ᠥᠪᠡᠷ ᠢ᠋ᠶ᠋ᠡᠨ ᠬᠥᠲᠥᠯᠦᠨ ᠰᠠᠯ ᠳᠡᠭᠡᠷ᠎ᠡ ᠠᠪᠴᠢᠷᠠᠵᠤ ᠲᠡᠮᠡᠭᠡᠨ ᠦ᠌ ᠳᠡᠷᠭᠡᠳᠡ ᠵᠣᠭᠰᠣᠭᠠᠪᠠ᠃ ᠶᠡᠬᠡ ᠵᠠᠩᠵᠤᠨ ᠤ᠋ ᠬᠣᠢᠨ᠎ᠠ ᠠ᠋ᠴᠠ ᠠᠷᠠᠫᠱᠠ ᠳᠠᠭᠠᠵᠠᠢ᠃ ᠬᠡᠳᠦᠨ ᠮᠣᠩᠭᠣᠯ ᠬᠥᠮᠦᠨ ᠰᠠᠯ ᠤᠷᠤᠭᠤ ᠭᠦᠶᠦᠨ ᠠᠢᠰᠤᠢ᠂ ᠠᠷᠠᠫᠱᠠ ᠶ᠋ᠢ ᠡᠷᠭᠢᠵᠦ ᠲᠦᠯᠬᠢᠨ ᠪᠤᠴᠠᠭᠠᠬᠤ ᠳ᠋ᠤ᠌ ᠨᠢᠭᠡ ᠨᠢ ᠬᠠᠯᠲᠤᠷᠢᠵᠤ ᠤᠰᠤᠨ ᠳ᠋ᠤ᠌ ᠤᠨᠠᠯ᠎ᠠ᠃ ᠲᠡᠷᠡ ᠬᠥᠮᠦᠨ ᠭᠢᠰᠬᠢᠭᠦᠷ ᠡᠴᠡ ᠬᠣᠯᠠᠳᠠᠨ ᠵᠠᠢᠯᠠᠬᠤ ᠳ᠋ᠤ᠌ ᠠᠷᠠᠫᠱᠠ ᠰᠠᠯ ᠤᠷᠤᠭᠤ ᠬᠠᠷᠠᠢᠯ᠎ᠠ᠃
       ᠪᠠᠲᠤ ᠬᠠᠭᠠᠨ᠂ ᠴᠠᠭᠠᠨ ᠮᠣᠷᠢ ᠰᠦᠷᠡᠬᠡᠢ ᠲᠡᠮᠡᠭᠡ ᠬᠣᠶᠠᠷ ᠤ᠋ᠨ ᠬᠣᠭᠣᠷᠣᠨᠳᠣ ᠵᠣᠭᠰᠣᠵᠤ ᠶᠡᠬᠡᠳᠡ ᠰᠡᠳᠬᠢᠯ ᠬᠥᠳᠡᠯᠦᠭᠰᠡᠨ ᠴᠢᠷᠠᠢ ᠪᠠᠷ ᠡᠰᠢ ᠲᠡᠰᠢ ᠠᠵᠢᠭᠯᠠᠨ ᠬᠠᠷᠠᠵᠤ ᠪᠠᠢᠯ᠎ᠠ᠃ ᠡᠮᠦᠨ᠎ᠡ ᠨᠢ ᠲᠡᠭᠦᠨ ᠢ᠋ ᠪᠠᠯᠠᠷᠠᠰᠢ ᠦᠭᠡᠢ ᠠᠯᠳᠠᠷ ᠢ᠋ᠶ᠋ᠠᠨ ᠮᠠᠨᠳᠤᠭᠤᠯᠬᠤ ᠨᠤᠲᠤᠭ ᠦᠵᠡᠭᠳᠡᠨ᠎ᠡ᠃
       ᠪᠠᠲᠤ ᠬᠠᠭᠠᠨ ᠲᠣᠷᠭᠠᠨ ᠪᠦᠲᠡᠭᠡᠯᠭᠡ ᠪᠡᠷ ᠪᠦᠲᠡᠭᠡᠭᠰᠡᠨ ᠪᠢᠴᠢᠬᠠᠨ ᠬᠡᠦᠬᠡᠨ ᠦ᠌ ᠵᠦᠭ ᠬᠠᠨᠳᠤᠵᠤ᠂  
       — ᠵᠢᠭᠠᠬᠠᠨ ᠬᠡᠦᠬᠡᠨ ᠴᠢᠨᠦ ᠨᠡᠷ᠎ᠡ ᠬᠡᠨ ᠪᠣᠢ? ᠭᠡᠵᠦ ᠠᠰᠠᠭᠤᠪᠠ᠃
      — ᠡᠵᠡᠨ ᠮᠢᠨᠢ ᠂ ᠮᠢᠨᠦ ᠨᠡᠷ᠎ᠡ ᠶᠦᠯᠳᠥ᠋ᠽ ᠭᠡᠵᠦ ᠬᠡᠯᠡᠪᠡ᠃
      — ᠴᠣᠭ ᠵᠠᠯᠢ ᠳᠡᠯᠭᠡᠷᠡᠭᠦᠯᠬᠦ ᠥᠯᠵᠡᠢ ᠲᠡᠢ ᠨᠡᠷ᠎ᠡ ᠪᠠᠢᠨ᠎ᠠ ᠭᠡᠪᠡ᠃
       ᠬᠢᠲᠠᠳ ᠳᠠᠷᠬᠠᠨ ᠯᠢ ᠲᠦᠩ ᠫᠤᠤ ᠬᠦᠷᠴᠦ ᠢᠷᠡᠭᠡᠳ ᠬᠡᠯᠡᠭᠰᠡᠨ ᠨᠢ᠂
       — ᠥᠨᠥᠳᠥᠷ ᠡᠷᠬᠢᠮ ᠰᠠᠢᠨ ᠡᠳᠦᠷ ᠭᠡᠷᠡᠯᠲᠦ ᠴᠢᠨᠦ ᠪᠡᠶ᠎ᠡ ᠥᠷᠥᠨ᠎ᠡ ᠳᠣᠷᠣᠨ᠎ᠠ ᠬᠣᠶᠠᠷ ᠢ᠋ ᠲᠠᠰᠤᠯᠤᠭᠰᠠᠨ ᠶᠡᠬᠡ ᠮᠥᠷᠡᠨ ᠢ᠋ ᠭᠠᠲᠤᠯᠵᠤ ᠪᠠᠢᠨ᠎ᠠ᠃ ᠴᠢᠨᠦ ᠪᠡᠶ᠎ᠡ ᠵᠢᠪᠬᠤᠯᠠᠩᠲᠠᠢ ᠰᠠᠢᠬᠠᠨ ᠮᠣᠷᠢ᠂ ᠪᠣᠭᠣᠯ ᠬᠥᠮᠦᠨ᠂ ᠬᠦᠴᠦᠲᠦ ᠲᠡᠮᠡᠭᠡᠨ ᠦ᠌ ᠬᠠᠮᠲᠤ ᠬᠥᠪᠴᠦ ᠶᠠᠪᠤᠨ᠎ᠠ᠃ ᠴᠢᠨᠦ ᠡᠮᠦᠨ᠎ᠡ ᠴᠣᠭ ᠵᠠᠯᠢ ᠶ᠋ᠢ ᠪᠠᠳᠠᠷᠠᠭᠤᠯᠬᠤ ᠶᠦᠯᠳᠥ᠋ᠽ ᠣᠳᠣᠨ ᠬᠡᠷᠡᠯᠳᠦᠵᠦ ᠪᠠᠢᠨ᠎ᠠ᠃ ᠢ ᠯᠡ ᠾᠧ ᠶᠦᠯᠳᠥ᠋ᠽ ᠲᠦ᠍ ᠰᠡᠮᠬᠡᠨ ᠬᠡᠳᠦᠨ ᠦᠭᠡ ᠰᠢᠪᠡᠨᠡᠪᠡ᠃ ᠶᠦᠯᠳᠥ᠋ᠽ᠂ ᠡᠬᠡ ᠬᠠᠲᠤᠨ ᠤᠷᠢ ᠹᠦᠵᠢᠨ(  ᠤ᠋ ) ᠬᠢᠲᠠᠳ ᠪᠦᠰᠡᠭᠦᠢ ᠶ᠋ᠢᠨ ᠦᠭᠡ ᠵᠠᠬᠢᠶ᠎ᠠ ᠶ᠋ᠢ ᠳᠠᠭᠠᠵᠤ ᠶᠠᠪᠤ ᠭᠡᠵᠦ ᠲᠤᠰᠢᠶᠠᠭᠰᠠᠨ  ᠢ᠋ ᠰᠠᠨᠠᠵᠤ᠂ ᠬᠦᠨᠳᠦᠳᠬᠡᠨ ᠪᠣᠰᠤᠭᠠᠳ ᠰᠦᠷᠳᠡᠨ ᠨᠢᠭᠤᠷ ᠤᠯᠠᠢᠵᠤ ᠪᠠᠲᠤ ᠬᠠᠭᠠᠨ ᠳ᠋ᠤ᠌ ᠴᠢᠩᠭ᠎ᠠ ᠪᠠᠷ ᠬᠡᠯᠡᠭᠰᠡᠨ ᠨᠢ᠄
      — ᠴᠢᠨᠦ ᠠᠯᠳᠠᠷ ᠬᠠᠷᠠᠩᠭᠤᠢ ᠣᠭᠲᠠᠷᠭᠤᠢ ᠶ᠋ᠢᠨ ᠣᠷᠭᠢᠯ ᠳ᠋ᠤ᠌ ᠨᠢᠰᠬᠦ ᠬᠤᠷᠴᠠ ᠣᠳᠣᠨ ᠰᠣᠯᠢᠷ ᠤ᠋ᠨ ᠠᠳᠠᠯᠢ ᠮᠠᠨᠳᠤᠵᠤ᠂ ᠮᠣᠩᠭᠣᠯ ᠴᠡᠷᠢᠭ ᠦ᠋ᠨ ᠵᠠᠮ ᠢ᠋ ᠨᠢᠳᠦ ᠭᠢᠯᠪᠠᠮ᠎ᠠ ᠢᠯᠠᠯᠲᠠ ᠶ᠋ᠢᠨ ᠲᠤᠶᠠᠭ᠎ᠠ ᠪᠠᠷ ᠭᠡᠷᠡᠯᠲᠦᠭᠦᠯᠦᠨ᠎ᠡ ᠭᠡᠪᠡ᠃ ᠪᠠᠲᠤ ᠬᠠᠭᠠᠨ ᠦᠯᠦ ᠮᠡᠳᠡᠭ ᠢᠨᠢᠶᠡᠮᠰᠦᠭᠯᠡᠭᠡᠳ ᠬᠥᠮᠥᠰᠬᠡ ᠪᠡᠨ ᠵᠠᠩᠭᠢᠳᠤᠭᠠᠳ ᠳᠠᠬᠢᠨ ᠬᠦᠢᠲᠡᠨ ᠴᠢᠷᠠᠢ ᠲᠠᠢ ᠪᠣᠯᠵᠤ᠂ 
      —ᠪᠢ ᠮᠣᠩᠭᠣᠯ ᠤ᠋ᠨ ᠬᠥᠳᠡᠯᠦᠰᠢ ᠦᠭᠡᠢ ᠪᠠᠲᠤ ᠵᠠᠰᠠᠭ ᠤ᠋ᠨ ᠡᠷᠬᠡ ᠶ᠋ᠢ ᠳᠡᠯᠡᠬᠡᠢ ᠶ᠋ᠢᠨ ᠬᠢᠵᠠᠭᠠᠷ ᠲᠤ᠌ ᠬᠦᠷᠭᠡᠵᠦ ᠠᠭᠤᠤ ᠶᠡᠬᠡ ᠦᠢᠯᠡᠰ ᠪᠦᠲᠦᠭᠡᠨ᠎ᠡ ᠭᠡᠪᠡ᠃
      ᠴᠠᠭᠠᠨ ᠮᠣᠷᠢ ᠨᠢ ᠬᠠᠷ᠎ᠠ ᠨᠢᠳᠦ ᠪᠡᠷ ᠢ᠋ᠶ᠋ᠡᠨ ᠤᠰᠤᠨ ᠤ᠋ ᠳᠣᠯᠭᠢᠶᠠᠨ ᠴᠠᠯᠭᠢᠬᠤ ᠶ᠋ᠢ ᠰᠢᠷᠳᠡᠵᠦ ᠤᠷᠲᠤ ᠰᠡᠯᠢᠭᠦᠷ ᠳᠠᠯᠠᠢᠬᠤ ᠪᠦᠷᠢ ᠳ᠋ᠦ᠍ ᠬᠥᠯ ᠢ᠋ᠶ᠋ᠡᠨ ᠵᠥᠭᠡᠭᠡᠵᠦ ᠲᠠᠯᠪᠢᠨ᠎ᠠ᠃ ᠨᠥᠭᠦᠭᠡ ᠡᠲᠡᠭᠡᠳ ᠲᠦ᠍ ᠶᠡᠬᠡᠮᠰᠦᠭ ᠣᠮᠣᠷᠬᠠᠭ ᠲᠡᠮᠡᠭᠡ ᠭᠢᠯᠠᠯᠵᠠᠬᠤ ᠨᠢᠳᠦ ᠪᠡᠷ ᠠᠰᠤᠷᠤ ᠶᠡᠬᠡ ᠤᠰᠤᠨ ᠤ᠋ ᠠᠭᠤᠳᠠᠮ ᠳ᠋ᠤ᠌ ᠪᠠᠶᠠᠰᠬᠤ ᠮᠡᠲᠦ ᠬᠠᠷᠠᠨ ᠵᠣᠭᠰᠣᠵᠠᠢ᠃ ᠨᠥᠭᠦᠭᠡ ᠲᠠᠯ᠎ᠠ ᠶ᠋ᠢᠨ ᠡᠷᠭᠢ ᠣᠢᠷᠠᠲᠤᠬᠤ ᠶ᠋ᠢᠨ ᠬᠠᠮᠲᠤ ᠡᠯᠡᠰᠦᠨ ᠬᠡᠴᠡ ᠳᠡᠭᠡᠷ᠎ᠡ ᠬᠠᠩᠭᠢᠨᠠᠭᠰᠠᠨ ᠡᠷᠢᠶᠡᠨ ᠲᠡᠮᠳᠡᠭ ᠪᠦᠬᠦᠢ ᠮᠣᠩᠭᠣᠯ ᠤ᠋ᠨ ᠰᠢᠳᠠᠷ ᠵᠠᠭᠤᠨ ᠤ᠋ ᠬᠢᠨ ᠵᠢᠳᠠ ᠪᠠᠷᠢᠨ ᠵᠢᠭᠰᠠᠵᠤ᠂ ᠢᠮᠠᠭᠠᠨ ᠪᠦᠷᠢᠶ᠎ᠡ ᠶᠠᠩᠭᠢᠨᠠᠭᠠᠳ᠂ 《ᠠᠶᠤᠭᠲᠤᠨ! ᠪᠢᠰᠢᠷᠡᠭᠲᠦᠨ! 》ᠭᠡᠵᠦ ᠬᠠᠰᠬᠢᠷᠤᠯᠳᠤᠪᠠ᠃ ᠮᠣᠩᠭᠣᠯ ᠲᠠᠲ᠋ᠠᠷ ᠤ᠋ᠨ ᠶᠡᠬᠡ ᠴᠡᠷᠢᠭ ᠢᠵᠢᠯ ᠮᠥᠷᠡᠨ ᠢ᠋ ᠣᠯᠠᠨ ᠬᠣᠨᠣᠭ ᠤ᠋ᠨ ᠲᠤᠷᠰᠢ ᠭᠠᠲᠤᠯᠬᠤ ᠳ᠋ᠤ᠌ ᠳᠠᠪᠠᠷᠬᠠᠢᠳᠠᠭᠰᠠᠨ ᠶᠡᠬᠡ ᠪᠠᠭ᠎ᠠ ᠣᠯᠠᠨ ᠵᠠᠪᠢ ᠴᠡᠷᠢᠭ ᠦ᠋ᠨ ᠣᠯᠠᠨ ᠡᠷᠡᠰ᠂ ᠲᠡᠳᠡᠨ ᠦ᠌ ᠠᠶᠠᠨ ᠤ᠋ ᠠᠴᠢᠶ᠎ᠠ᠂ ᠭᠡᠷ ᠪᠠᠷᠠᠭ᠎ᠠ᠂ ᠪᠤᠳᠠᠭ᠎ᠠ᠂ ᠭᠤᠯᠢᠷ ᠲᠠᠢ ᠬᠡᠦᠳᠡᠢ ᠲᠡᠷᠢᠭᠦᠲᠡᠨ ᠢ᠋ ᠲᠠᠰᠤᠷᠠᠯᠲᠠ ᠦᠭᠡᠢ ᠵᠥᠭᠡᠭᠡᠵᠦ ᠮᠥᠷᠡᠨ ᠢ᠋ ᠭᠡᠲᠦᠯᠦᠭᠰᠡᠭᠡᠷ ᠪᠠᠢᠯ᠎ᠠ᠃ ᠦᠯᠢᠶᠡᠭᠰᠡᠨ ᠲᠣᠮᠣ ᠲᠤᠯᠤᠮ ᠢ᠋ ᠬᠣᠯᠪᠣᠨ ᠰᠠᠯ ᠬᠢᠵᠦ ᠳᠡᠭᠡᠷ᠎ᠡ ᠨᠢ ᠲᠡᠮᠡᠭᠡ ᠵᠡᠷᠭᠡ ᠪᠤᠰᠤᠳ ᠮᠠᠯ ᠢ᠋ ᠭᠠᠷᠭᠠᠳᠠᠭ ᠪᠠᠢᠭᠰᠠᠨ ᠲᠤᠯᠠ ᠴᠥᠮ ᠭᠣᠣᠯ ᠤ᠋ᠨ ᠳᠡᠭᠡᠭᠦᠷ ᠱᠤᠤᠭᠢᠨ᠂ ᠬᠠᠰᠬᠢᠷᠤᠨ ᠪᠠᠷᠬᠢᠷᠠᠨ ᠲᠡᠷᠲᠡᠭᠡ ᠡᠷᠭᠢ ᠤᠷᠤᠭᠤ ᠬᠥᠪᠴᠦ ᠪᠠᠢᠯ᠎ᠠ᠃ ᠪᠠᠲᠤ ᠬᠠᠭᠠᠨ ᠦᠷᠡᠺ ᠭᠡᠳᠡᠭ ᠠᠭᠤᠯᠠ ᠶ᠋ᠢᠨ ᠣᠷᠴᠢᠮ ᠨᠢᠭᠡᠨ ᠬᠡᠰᠡᠭ ᠦᠶ᠎ᠡ ᠲᠦᠳᠡᠵᠡᠢ᠃ ᠲᠡᠭᠡᠭᠡᠳ ᠭᠣᠣᠯ ᠭᠠᠲᠤᠯᠤᠭᠰᠠᠨ ᠲᠦᠷᠦᠭᠦᠨ ᠦ᠌ ᠣᠲ᠋ᠷᠢᠶᠠᠳ᠋ ᠢ᠋ᠶ᠋ᠠᠨ ( ᠳ᠋ᠤ᠌ ᠪᠠᠨ ) ᠲᠤᠰᠢᠶᠠᠭᠰᠠᠨ ᠨᠢ ᠄《ᠤᠷᠤᠭᠰᠢ ᠲᠠᠪᠰᠢᠵᠤ ᠺᠢᠫᠴᠡᠺ ᠦ᠋ᠨ ᠠᠭᠤᠳᠠᠮ ᠶᠡᠬᠡ ᠲᠠᠯ᠎ᠠ ᠳ᠋ᠤ᠌ ᠬᠦᠷᠴᠦ ᠡᠮᠦᠨ᠎ᠡ᠂ ᠥᠷᠥᠨ᠎ᠡ ᠵᠦᠭ ᠲᠦ᠍ ᠲᠦᠷᠭᠡᠯᠡᠵᠦ ᠵᠠᠢᠯᠠᠵᠤ ᠪᠠᠢᠭ᠎ᠠ ᠺᠢᠫᠴᠡᠺ ᠦ᠋ᠨ ᠵᠢᠵᠢᠭ ᠤᠯᠤᠰ ᠤ᠋ᠨ ᠬᠣᠢᠨ᠎ᠠ ᠠ᠋ᠴᠠ ᠬᠥᠭᠡᠭᠡᠬᠦ ᠬᠡᠷᠡᠭᠲᠡᠢ 》ᠭᠡᠵᠡᠢ᠃ 《ᠬᠡᠨ ᠡᠰᠡᠷᠭᠦᠴᠡᠪᠡᠯ ᠲᠡᠭᠦᠨ ᠢ᠋ ᠤᠰᠠᠳᠬᠠᠭᠲᠤᠨ᠃ ᠺᠢᠫᠴᠡᠺ ᠦ᠋ᠨ ᠬᠠᠭᠠᠳ ᠠ᠋ᠴᠠ ᠬᠡᠨ ᠨᠢᠭᠡᠨ ᠡᠲᠡᠭᠡᠳ ᠥᠪᠡᠷ ᠦ᠋ᠨ ᠣᠪᠣᠭ ᠠᠢᠮᠠᠭ ᠤ᠋ᠨ ᠬᠠᠮᠲᠤ ᠪᠠᠭᠤᠵᠤ ᠥᠭᠪᠡᠯ ᠪᠠᠷᠢᠵᠤ ᠢᠷᠡᠭᠲᠦᠨ᠂ ᠬᠠᠷᠢᠨ ᠲᠡᠭᠦᠨ ᠦ᠌ ᠮᠠᠯ ᠪᠣᠯᠤᠨ ᠪᠦᠬᠦ ᠬᠥᠷᠥᠩᠭᠡ ᠨᠢ ᠪᠠᠢᠯᠳᠤᠭᠠᠨ ᠤ᠋ ᠣᠯᠵᠠ ᠶ᠋ᠢᠨ ᠵᠢᠷᠤᠮ ᠢ᠋ᠶ᠋ᠠᠷ ᠮᠣᠩᠭᠣᠯ ᠴᠡᠷᠢᠭ ᠲᠦ᠍ ᠬᠡᠷᠡᠭᠯᠡᠭᠳᠡᠬᠦ ᠶᠣᠰᠣᠲᠠᠢ᠃
      ᠺᠢᠫᠴᠠᠺ ᠪᠣᠯᠤᠨ ᠪᠤᠰᠤᠳ ᠦᠨᠳᠦᠰᠦᠲᠡᠨ ᠮᠢᠨᠦ ᠠᠭᠤᠤ ᠶᠡᠬᠡ ᠴᠡᠷᠢᠭ ᠦ᠋ᠨ ᠬᠠᠮᠲᠤ ᠪᠠᠢᠯᠳᠤᠭᠠᠨ ᠳ᠋ᠤ᠌ ᠣᠷᠣᠪᠠᠯ ᠠᠰᠤᠷᠤ ᠶᠡᠬᠡ ᠰᠢᠳᠤᠷᠭᠤ ᠶ᠋ᠢ ᠭᠦᠢᠴᠡᠳᠬᠡᠭᠰᠡᠨ ᠳ᠋ᠦ᠍ ᠲᠣᠭᠠᠯᠠᠭᠳᠠᠬᠤ ᠲᠤᠯᠠ ᠲᠡᠳᠡ ᠥᠪᠡᠷᠰᠡᠳ ᠦ᠋ᠨ ᠢᠯᠠᠯᠲᠠ ᠪᠠᠷ ᠰᠢᠨ᠎ᠡ ᠪᠠᠶᠠᠯᠢᠭ ᠢ᠋ ᠬᠤᠷᠠᠮᠯᠠᠭᠤᠯᠬᠤ ᠪᠣᠯᠤᠨ᠎ᠠ ᠭᠡᠪᠡ᠃

          ᠦᠰᠦᠭ ᠠᠮᠢᠯᠠᠭᠤᠯᠤᠭᠴᠢ᠄ ᠪᠠᠶᠠᠨᠴᠡᠴᠡᠭ᠂ ᠭᠡᠷᠡᠯ᠂ ᠬᠡᠷᠡᠢᠳ· ᠮᠥᠩᠬᠡᠨᠠᠰᠤᠨ᠂ ᠠᠯᠲᠠᠨᠴᠢᠮᠡᠭ
          ᠬᠢᠨᠠᠭᠴᠢ᠄ ᠪᠠᠯ᠂ ᠠᠷᠢᠭᠤᠨ᠂ ᠠᠯᠲᠠᠨᠴᠢᠮᠡᠭ᠂ ᠪᠠᠶᠠᠨᠴᠡᠴᠡᠭ᠂ ᠲ· ᠬᠦᠮᠦᠵᠢᠯᠲᠦ