ᠪᠠᠲᠤ ᠬᠠᠭᠠᠨ 2-12ᠢᠵᠢᠯ ᠮᠥᠷᠡᠨ ᠢ᠋ ᠭᠠᠲᠤᠯᠤᠭᠰᠠᠨ ᠨᠢ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 2-12ᠢᠵᠢᠯ ᠮᠥᠷᠡᠨ ᠢ᠋ ᠭᠠᠲᠤᠯᠤᠭᠰᠠᠨ ᠨᠢ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ

ᠪᠠᠲᠤ ᠬᠠᠭᠠᠨ 2-12ᠢᠵᠢᠯ ᠮᠥᠷᠡᠨ ᠢ᠋ ᠭᠠᠲᠤᠯᠤᠭᠰᠠᠨ ᠨᠢ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-09-27

209

ᠠᠷᠪᠠᠨ ᠬᠣᠶᠠᠷ ᠢᠵᠢᠯ ᠮᠥᠷᠡᠨ ᠢ᠋ ᠭᠠᠲᠤᠯᠤᠭᠰᠠᠨ ᠨᠢ


      ᠲᠡᠭᠦᠨ ᠡᠴᠡ ᠢᠵᠢᠯ ᠮᠥᠷᠡᠨ ᠳ᠋ᠦ᠍ ᠬᠦᠷᠦᠮᠡᠭᠴᠡ ᠪᠦᠬᠦ ᠮᠣᠩᠭᠣᠯ— ᠲᠠᠲ᠋ᠠᠷ ᠴᠡᠷᠢᠭ ᠢ᠋ ᠭᠤᠷᠪᠠᠨ ᠡᠳᠦᠷ ᠦ᠋ᠨ ᠳᠣᠲᠣᠷ᠎ᠠ ᠮᠥᠷᠡᠨ ᠢ᠋ ᠭᠠᠲᠤᠯᠵᠤ᠂ ᠲᠡᠷᠲᠡᠭᠡ ᠡᠷᠭᠢᠨ ᠳᠡᠭᠡᠷ᠎ᠡ ᠭᠠᠷᠬᠤ ᠲᠤᠰᠢᠶᠠᠯ ᠢ᠋ ᠶᠡᠬᠡ ᠵᠠᠩᠵᠤᠨ ᠠ᠋ᠴᠠ ᠥᠭᠴᠡᠢ᠃
      ᠶᠠᠭᠠᠷᠠᠯᠲᠠᠢ ᠡᠯᠴᠢᠳ ᠴᠡᠷᠢᠭ ᠦ᠋ᠨ ᠬᠦᠷᠢᠶᠡᠨ ᠳᠣᠲᠣᠭᠤᠷ ᠳᠠᠪᠬᠢᠯᠳᠤᠪᠠ᠃ ᠵᠠᠷᠢᠮ ᠴᠡᠷᠢᠭ ᠦ᠋ᠨ ᠠᠩᠭᠢ ᠬᠦᠷᠦᠯᠴᠡᠨ ᠢᠷᠡᠭᠡ ᠦᠭᠡᠢ᠂ ᠭᠠᠩᠳᠠᠮᠠᠯ ᠬᠥᠨᠳᠡᠢ ᠳ᠋ᠦ᠍ ᠬᠡᠭᠡᠷ᠎ᠡ ᠬᠣᠴᠣᠷᠤᠭᠰᠠᠨ ᠪᠠᠢᠯ᠎ᠠ᠃
      ᠴᠢᠩᠭᠢᠰ ᠦ᠋ᠨ ᠵᠠᠯᠠᠭᠤ ᠭᠡᠷᠭᠡᠢ ᠪᠥᠭᠡᠳ ᠬᠣᠣᠷᠲᠤ ᠢᠳᠡᠭᠡ ᠶ᠋ᠢ ᠢᠳᠡᠵᠦ ᠲᠥᠷᠥᠯ ᠰᠠᠳᠤᠨ ᠳ᠋ᠠᠭᠠᠨ ᠬᠣᠣᠷᠯᠠᠭᠳᠠᠨ ᠦᠬᠦᠭᠰᠡᠨ ᠭᠤᠸ᠎ᠠ ᠦᠵᠡᠰᠬᠦᠯᠡᠩᠲᠦ ᠬᠤᠯᠠᠨ ᠬᠠᠲᠤᠨ ᠠ᠋ᠴᠠ ᠲᠥᠷᠥᠭᠰᠡᠨ ᠴᠢᠩᠭᠢᠰ ᠬᠠᠭᠠᠨ ᠤ᠋  ᠣᠳᠬᠠᠨ ᠬᠥᠪᠡᠭᠦᠨ ᠭᠦᠯᠭᠡᠨ ᠬᠠᠭᠠᠨ᠂ ᠢᠵᠢᠯ ᠮᠥᠷᠡᠨ ᠦ᠌ ᠡᠷᠭᠢ ᠳ᠋ᠦ᠍ ᠲᠦᠷᠦᠭᠦᠯᠡᠨ ᠢᠷᠡᠵᠡᠢ᠃ ᠡᠬᠡ ᠶ᠋ᠢᠨ ᠠᠳᠠᠯᠢ ᠥᠨᠳᠥᠷ ᠪᠡᠶ᠎ᠡ ᠲᠡᠢ ᠂ ᠰᠠᠢᠬᠠᠨ ᠴᠢᠷᠠᠢ ᠲᠠᠢ᠂ ᠪᠢᠴᠢᠬᠠᠨ ᠣᠨᠢᠭᠠᠷ ᠨᠢᠳᠦ ᠲᠡᠢ᠂ ᠬᠡᠵᠢᠶᠡᠳᠡ ᠨᠠᠵᠠᠭᠠᠢ ᠲᠠᠯᠪᠢᠭᠤᠨ ᠬᠥᠯᠴᠥᠭᠦᠦ ᠶᠠᠪᠤᠳᠠᠭ ᠬᠥᠯᠭᠡᠨ᠂ ᠡᠯᠴᠢ ᠳ᠋ᠦ᠍ ᠬᠡᠯᠡᠭᠰᠡᠨ ᠨᠢ:
      — ᠡᠨᠳᠡ ᠰᠢᠪᠠᠭᠤ᠂ ᠵᠡᠭᠡᠷ᠎ᠡ᠂ ᠭᠥᠷᠥᠭᠡᠰᠦ ᠵᠡᠷᠭᠡ ᠶ᠋ᠢᠨ ᠠᠩ ᠦᠯᠡᠮᠵᠢ ᠤᠴᠢᠷ ᠪᠠᠬᠠᠨ ᠠᠩ ᠠᠩᠨᠠᠵᠤ ᠪᠠᠢᠭᠠᠳ ᠮᠥᠷᠡᠨ ᠢ᠋ ᠭᠠᠲᠤᠯᠤᠨ᠎ᠠ᠃ ᠲᠡᠭᠡᠭᠡᠳ ᠬᠥᠯᠭᠡᠨ᠂ ᠢᠵᠢᠯ ᠮᠥᠷᠡᠨ ᠦ᠌ ᠡᠷᠭᠢ ᠳᠡᠭᠡᠷ᠎ᠡ ᠬᠤᠯᠠᠨ ᠬᠠᠲᠤᠨ ᠡᠬᠡ᠂ ᠪᠣᠭᠳᠠ ᠴᠢᠩᠭᠢᠰ ᠡᠴᠢᠭᠡ ᠶ᠋ᠢᠨ ᠵᠠᠯᠠᠷᠠᠵᠤ ᠪᠠᠢᠭᠰᠠᠨ( ᠭᠠᠵᠠᠷ )ᠠᠯᠲᠠᠨ ᠥᠷᠭᠥᠭᠡ ᠪᠡᠨ ᠪᠠᠷᠢᠯ᠎ᠠ᠃ ᠭᠡᠷ ᠦ᠋ᠨ ᠪᠦᠷᠢᠶᠡᠰᠦ ᠢᠰᠡᠭᠡᠢ ᠪᠤᠰᠤ ᠂ ᠪᠤᠯᠠᠭ᠎ᠠ ᠪᠠᠷ ᠳᠣᠲᠣᠷᠯᠠᠭᠰᠠᠨ ᠪᠠᠷᠰ ᠤ᠋ᠨ ᠴᠣᠬᠣᠷ ᠠᠷᠠᠰᠤ ᠪᠢᠯᠡ᠃ ᠺᠶᠥ᠋ᠯᠢᠺᠡᠨ ᠬᠠᠭᠠᠨ ᠡᠭᠦᠨ ᠳᠣᠲᠣᠷ᠎ᠠ ᠡᠳᠦᠷ ᠪᠦᠷᠢ ᠵᠠᠯᠠᠭᠤ ᠦᠶ᠎ᠡ ᠶ᠋ᠢᠨ ᠨᠥᠬᠥᠳ ᠮᠣᠩᠭᠣᠯ ᠬᠠᠭᠠᠳ ᠲᠠᠢ ᠨᠡᠢᠯᠡᠨ ᠴᠡᠩᠭᠡᠵᠦ ᠪᠠᠢᠯ᠎ᠠ᠃
      ᠭᠡᠲᠡᠯ᠎ᠡ ᠪᠠᠰᠠ ᠨᠢᠭᠡᠨ ᠡᠯᠴᠢ ᠰᠦᠪᠡᠭᠡᠳᠡᠢ ᠪᠠᠭᠠᠲᠤᠷ ᠤ᠋ᠨ ᠭᠠᠯᠵᠠᠭᠤ ᠵᠠᠭᠤᠲᠤ ᠶ᠋ᠢ ᠳᠠᠭᠠᠯᠳᠤᠭᠤᠯᠤᠨ ᠳᠠᠪᠬᠢᠵᠤ ᠢᠷᠡᠯ᠎ᠡ᠃ ᠳᠣᠭᠰᠢᠨ ᠵᠠᠩᠵᠤᠨ ᠴᠢᠩᠭᠢᠰ ᠦ᠋ᠨ ᠲᠠᠩᠬᠢ ᠬᠥᠪᠡᠭᠦᠳ ᠲᠦ᠍ ᠬᠠᠲᠠᠭᠤ ᠲᠤᠰᠢᠶᠠᠯ ᠢ᠋ ᠥᠭᠴᠦ᠂ ᠬᠡᠷᠪᠡ ᠳᠠᠷᠤᠢ ᠤᠰᠤ ᠶ᠋ᠢ ᠡᠰᠡ ᠭᠠᠲᠤᠯᠪᠠᠯ ᠬᠠᠮᠤᠭ ᠤ᠋ᠨ ᠳᠣᠣᠷᠠᠲᠤ ᠲᠤᠰᠢᠶᠠᠯ ᠳ᠋ᠤ᠌ ᠲᠣᠬᠢᠶᠠᠵᠤ ᠣᠷᠣᠨ ᠳ᠋ᠤ᠌ ᠴᠢᠨᠢ ᠱᠠᠯᠠᠮᠠᠭᠠᠢ ᠬᠥᠮᠦᠨ ᠢ᠋ ᠲᠣᠮᠢᠯᠠᠨ᠎ᠠ ᠭᠡᠵᠦ ᠮᠡᠳᠡᠭᠳᠡᠪᠡ᠃ ᠡᠯᠴᠢ ᠳᠠᠬᠢᠨ ᠬᠡᠯᠡᠭᠰᠡᠨ ᠨᠢ᠄ ᠬᠥᠯᠭᠡᠨ ᠲᠠ ᠳᠠᠬᠢᠨ ᠵᠥᠷᠢᠴᠡᠪᠡᠯ ᠢᠯᠠᠭᠳᠠᠰᠢ ᠦᠭᠡᠢ ᠲᠦᠮᠡᠨ ᠴᠡᠷᠢᠭ ᠂ᠰᠢᠭᠰᠢᠮᠡᠯ ᠲᠦᠮᠡᠨ ᠴᠡᠷᠢᠭ ᠬᠣᠶᠠᠷ ᠲᠠᠨ ᠢ᠋ ᠡᠰᠡᠷᠭᠦᠴᠡᠨ ᠢᠷᠡᠨ᠎ᠡ ᠭᠡᠳᠡᠭ ᠢ᠋ ᠳᠣᠲᠣᠨᠣᠴᠢᠯᠠᠨ ᠬᠡᠯᠡᠪᠡ᠃
      ᠺᠶᠦᠯᠢᠺᠠᠨ ᠦ᠌ ᠲᠣᠯᠣᠭᠠᠢ ᠳᠠᠷᠤᠢ ᠰᠡᠷᠭᠦᠵᠦ᠂ ᠤᠬᠠᠭᠠᠨ ᠲᠣᠳᠣᠷᠬᠠᠢ ᠪᠣᠯᠵᠤ᠂ ᠡᠢᠮᠦ ᠦᠶᠡᠰ ᠲᠦ᠍ ᠴᠢᠩᠭᠢᠰ ᠬᠠᠭᠠᠨ ᠬᠡᠷᠬᠢᠵᠦ ᠪᠠᠢᠭᠰᠠᠨ ᠢ᠋ ᠳᠤᠷᠠᠰᠤᠨ ᠰᠠᠨᠠᠵᠤ᠂ ᠪᠠᠢᠭᠰᠠᠨ ᠨᠣᠶᠠᠳ ᠪᠠᠭᠠᠲᠤᠷ ᠤ᠋ᠳ ᠢ᠋ᠶ᠋ᠠᠨ ᠳᠠᠭᠤᠳᠠᠨ ᠴᠤᠭᠯᠠᠭᠤᠯᠪᠠ᠃ ᠮᠣᠩᠭᠣᠯᠴᠤᠳ ᠬᠣᠨᠢ ᠢᠮᠠᠭ᠎ᠠ ᠲᠥᠬᠥᠭᠡᠷᠦᠨ ᠠᠷᠠᠰᠤ ᠶ᠋ᠢ ᠲᠤᠯᠤᠮᠯᠠᠵᠤ ᠠᠮᠠᠰᠠᠷ ᠢ᠋ ᠰᠢᠷᠮᠦᠰᠦ ᠪᠡᠷ ᠤᠶᠠᠨ ᠲᠤᠯᠤᠮ ᠬᠢᠵᠡᠭᠡᠵᠡᠢ᠃ ᠴᠢᠩᠭᠢᠰ ᠦ᠋ᠨ ᠦᠷ᠎ᠡ ᠠᠴᠢ ᠨᠠᠷ ᠤ᠋ᠨ ᠲᠡᠭᠡᠭᠡᠵᠦ ᠶᠠᠪᠤᠭᠰᠠᠨ ᠦᠯᠡᠮᠵᠢᠬᠡᠨ ᠠᠴᠢᠶ᠎ᠠ ᠬᠥᠰᠬᠡ ᠨᠢ ᠲᠡᠢᠨ ᠳ᠋ᠦ᠍ ᠴᠢᠷᠦᠭᠳᠡᠯ ᠲᠡᠢ ᠲᠤᠢᠯ ᠤ᠋ᠨ ᠶᠠᠷᠰᠢᠭ ᠲᠠᠢ ᠪᠠᠢᠵᠠᠢ᠃ ᠬᠥᠯᠭᠡᠨ ᠦ᠌ ᠴᠡᠷᠢᠭ ᠦ᠋ᠨ ᠡᠷᠡᠰ᠂ ᠲᠤᠯᠤᠮ ᠢ᠋ᠶ᠋ᠠᠷ ᠰᠠᠯ ᠬᠢᠵᠦ ᠰᠢᠷᠤᠭ ᠢ᠋ᠶ᠋ᠠᠷ ᠰᠡᠯᠢᠭᠦᠷ ᠪᠡᠯᠡᠳᠴᠡᠭᠡᠪᠡ᠃
      ᠺᠶᠥ᠋ᠯᠢᠺᠡᠨ ᠦ᠌ ᠡᠯᠴᠢ ᠨᠠᠷ ᠵᠦᠭ ᠵᠦᠭ ᠲᠦ᠍ ᠳᠠᠪᠬᠢᠨ ᠶᠠᠪᠤᠵᠤ᠂ ᠪᠤᠰᠤᠳ ᠴᠡᠷᠢᠭ ᠦ᠋ᠳ ᠭᠠᠲᠤᠯᠬᠤ ᠪᠠᠷ ᠪᠡᠯᠡᠳᠬᠡᠵᠦ ᠪᠠᠢᠭ᠎ᠠ ᠡᠰᠡᠬᠦ ᠶ᠋ᠢ ᠰᠤᠷᠪᠤᠯᠵᠢᠯᠠᠪᠠ᠃
      ᠰᠦᠪᠡᠭᠡᠳᠡᠢ ᠪᠠᠭᠠᠲᠤᠷ ᠬᠡᠳᠦᠢᠨ ᠤᠭ ᠠᠵᠢᠯ ᠢ᠋ ᠲᠠᠯ᠎ᠠ ᠲᠠᠯ᠎ᠠ ᠠ᠋ᠴᠠ ᠨᠢ ᠰᠠᠢᠲᠤᠷ ᠪᠣᠳᠣᠭᠰᠠᠨ ᠪᠠᠢᠵᠠᠢ᠃ ᠪᠣᠯᠭᠠᠷᠢ ᠤᠯᠤᠰ ᠠ᠋ᠴᠠ ᠨᠢᠭᠡᠨ ᠮᠢᠩᠭᠠᠨ ᠬᠣᠷᠢᠨ ᠰᠡᠯᠢᠭᠦᠷ ᠲᠠᠢ᠂ ᠳᠠᠪᠠᠷᠬᠠᠢᠳᠠᠭᠰᠠᠨ ᠵᠠᠪᠢ ᠢᠷᠡᠵᠡᠢ᠃ ᠡᠨᠡ ᠪᠦᠯᠦᠭ ᠢ᠋ ᠪᠠᠲᠤ ᠬᠠᠭᠠᠨ ᠤ᠋ ᠳᠡᠭᠦᠦ ᠱᠸᠢ᠍ᠢ᠍ᠪᠠᠨᠢ ᠬᠠᠭᠠᠨ᠂ ᠥᠷᠥᠭᠡᠰᠦᠨ ᠨᠢᠳᠦᠲᠦ ᠰᠦᠪᠡᠭᠡᠳᠡᠢ ᠵᠠᠩᠵᠤᠨ ᠤ᠋ ᠭᠤᠶᠤᠭᠰᠠᠨ ᠶᠣᠰᠣᠭᠠᠷ ᠭᠥᠷᠥᠭᠦᠯᠵᠡᠢ᠃ ᠵᠠᠪᠢ ᠶ᠋ᠢᠨ ᠳᠣᠲᠣᠷ᠎ᠠ ᠬᠠᠯᠠᠭᠤᠨ ᠨᠠᠷᠠᠨ ᠳ᠋ᠤ᠌ ᠰᠢᠷᠠᠭᠳᠠᠵᠤ ᠨᠠᠷᠠᠰᠤᠨ ᠤ᠋ ᠬᠣᠯᠲᠣᠰᠣ ᠰᠢᠭ᠋ ᠪᠠᠷᠠᠭᠠᠨ ᠪᠣᠯᠤᠭᠰᠠᠨ ᠪᠠᠷᠤᠭ ᠴᠢᠷᠠᠮᠠᠨ ᠨᠢᠴᠦᠭᠦᠨ ᠪᠣᠯᠭᠠᠷᠢ ᠰᠡᠯᠢᠭᠦᠷᠴᠢᠳ ᠰᠠᠭᠤᠨ᠎ᠠ᠃ ᠵᠠᠪᠢ᠂ ᠢᠵᠢᠯ ᠮᠥᠷᠡᠨ ᠦ᠌ ᠶᠸᠷᠥ᠋ᠰᠯᠡᠨᠡ ᠪᠡᠯᠴᠢᠭᠡᠷ ᠭᠡᠳᠡᠭ ᠡᠷᠭᠢ ᠳ᠋ᠦ᠍ ᠲᠤᠯᠵᠤ ᠵᠣᠭᠰᠣᠯ᠎ᠠ᠃
ᠰᠦᠪᠡᠭᠡᠳᠡᠢ ᠪᠠᠭᠠᠲᠤᠷ ᠨᠢᠭᠡᠨ ᠵᠠᠭᠤᠨ ᠵᠠᠪᠢ ᠢᠯᠭᠠᠵᠤ ᠵᠠᠪᠢ ᠪᠦᠷᠢ ᠳ᠋ᠦ᠍ ᠲᠤᠰ ᠲᠤᠰ ᠬᠣᠷᠢᠨ ᠴᠡᠷᠢᠭ ᠵᠥᠪᠬᠡᠨ ᠡᠮᠡᠭᠡᠯ᠂ ᠪᠣᠭᠴᠣ᠂ ᠮᠣᠷᠢᠳ ᠤ᠋ᠨ ᠭᠤᠷᠪᠠᠨ ᠬᠣᠨᠣᠭ ᠤ᠋ᠨ ᠲᠡᠵᠢᠭᠡᠯ ᠳ᠋ᠦ᠍ ᠬᠡᠷᠡᠭᠯᠡᠬᠦ ᠠᠷᠪᠠᠢ ᠶ᠋ᠢ ᠠᠪᠬᠠᠭᠤᠯᠤᠨ ᠰᠠᠭᠤᠯᠭᠠᠬᠤ ᠪᠠᠷ ᠲᠤᠰᠢᠶᠠᠯ᠎ᠠ᠃ ᠮᠣᠷᠢᠳ ᠥᠪᠡᠷᠰᠡᠳ ᠢ᠋ᠶ᠋ᠡᠨ ᠰᠠᠮᠤᠷᠴᠤ ᠭᠠᠷᠤᠨ᠎ᠠ ᠭᠡᠵᠡᠢ᠃
ᠨᠠᠮᠤᠷ ᠤ᠋ᠨ ᠬᠤᠷᠴᠠ ᠨᠠᠷᠠ ᠲᠠᠢ ᠳᠤᠯᠠᠭᠠᠨ ᠥᠷᠯᠥᠭᠡ ᠲᠤᠩᠭᠠᠯᠠᠭ ᠤᠰᠤ ᠪᠡᠶᠡᠰᠦᠯᠲᠡᠢ ᠭᠡᠭᠡᠨ ᠢ᠋ᠶ᠋ᠡᠷ ᠵᠢᠷᠪᠢᠭᠢᠨᠡᠨ ᠤᠷᠤᠰᠤᠨ᠎ᠠ᠃ ᠲᠡᠷᠡ ᠣᠷᠴᠢᠮ ᠳ᠋ᠤ᠌ ᠭᠣᠣᠯ ᠥᠷᠭᠡᠨ᠂ ᠮᠣᠷᠢᠳ ᠭᠠᠷᠬᠤ ᠳ᠋ᠤ᠌ ᠬᠡᠴᠡᠭᠦᠦ᠂ ᠤᠷᠤᠰᠬᠠᠯ ᠢ᠋ ᠳᠠᠪᠠᠵᠤ ᠴᠢᠳᠠᠬᠤ ᠪᠣᠯᠪᠠᠤ ᠭᠡᠮᠡᠷ ᠪᠠᠢᠯ᠎ᠠ᠃
ᠠᠷᠠᠫᠱᠨ ᠥᠪᠡᠷ ᠦ᠋ᠨ ᠵᠠᠭᠤᠲᠤ ᠶ᠋ᠢ ᠠᠪᠴᠤ ᠬᠠᠮᠤᠭ ᠤ᠋ᠨ ᠲᠦᠷᠦᠭᠦᠨ ᠳ᠋ᠦ᠍ ᠭᠠᠲᠤᠯᠬᠤ ᠪᠠᠢᠵᠠᠢ᠃ ᠲᠡᠷᠡ ᠨᠢ ᠡᠯᠡᠰᠦ ᠲᠡᠢ ᠡᠷᠭᠢᠨ ᠳᠡᠭᠡᠷ᠎ᠡ ᠵᠣᠭᠰᠣᠵᠤ᠂ ᠮᠥᠷᠡᠨ ᠦ᠌ ᠥᠷᠭᠡᠨ ᠦ᠌ ᠬᠡᠮᠵᠢᠶ᠎ᠡ ᠶ᠋ᠢ ᠨᠢᠳᠦ ᠪᠡᠷ ᠬᠡᠮᠵᠢᠶᠡᠯᠡᠨ᠎ᠡ᠃ ᠵᠣᠷᠢᠭ ᠪᠠᠢᠯ᠎ᠠ ᠭᠡᠰᠡᠨ ᠴᠦ᠍ ᠴᠢᠳᠠᠯ ᠬᠦᠷᠬᠦ ᠪᠣᠯ ᠤᠤ᠂ ᠦᠭᠡᠢ ᠪᠣᠯ ᠤᠤ ?ᠭᠡᠵᠦ ᠪᠣᠳᠣᠭᠳᠠᠨ᠎ᠠ᠃ ᠲᠡᠳᠦᠢ ᠭᠠᠵᠠᠷ ᠬᠦᠷᠦᠭᠰᠡᠨ ᠤᠷᠲᠤ ᠬᠥᠬᠡ ᠳᠡᠪᠡᠯ ᠲᠡᠢ ᠭᠠᠩᠳᠠᠭᠰᠠᠨ ᠪᠣᠷᠣ ᠴᠢᠷᠠᠢ ᠲᠠᠢ ᠳᠠᠪᠬᠢᠭᠰᠠᠨ ᠮᠣᠩᠭᠣᠯ ᠵᠠᠯᠠᠭᠤ ᠬᠦᠷᠴᠦ ᠢᠷᠡᠭᠰᠡᠨ ᠨᠢ ᠢᠰᠡᠭᠡᠢ ᠮᠠᠯᠠᠭᠠᠢ ᠶ᠋ᠢᠨ ᠰᠠᠷᠠᠪᠴᠢ ᠶ᠋ᠢᠨ ᠳᠣᠣᠷ᠎ᠠ ᠠ᠋ᠴᠠ ᠰᠦᠷᠲᠡᠢ ᠬᠦᠢᠲᠡᠨ ᠨᠢᠳᠦ ᠨᠢ ᠭᠢᠯᠪᠠᠯᠵᠠᠵᠤ᠂ ᠡᠨᠡ ᠪᠣᠯ ᠬᠢᠲᠠᠳ ᠤ᠋ᠨ ᠪᠠᠢᠯᠳᠤᠭᠠᠨ ᠳ᠋ᠤ᠌ ᠲᠦᠷᠢᠮᠡᠬᠡᠢ ᠵᠣᠷᠢᠭᠲᠠᠢ ᠲᠤᠯᠤᠯᠳᠤᠭᠰᠠᠨ ᠰᠦᠪᠡᠭᠡᠳᠡᠢ ᠪᠠᠭᠠᠲᠤᠷ ᠤ᠋ᠨ ᠬᠦᠦ ᠦᠷᠶᠠᠩᠾ—ᠭᠠᠳᠠᠩ ᠭᠡᠭᠴᠢ ᠪᠠᠢᠵᠠᠢ᠃ ᠲᠡᠷᠡ ᠠᠷᠠᠫᠱᠠ ᠳ᠋ᠤ᠌ ᠬᠡᠯᠡᠭᠰᠡᠨ ᠨᠢ᠄
— ᠮᠢᠨᠦ ᠥᠷᠥᠰᠢᠶᠡᠯᠲᠦ ᠡᠴᠢᠭᠡ ᠡᠩ ᠲᠡᠷᠢᠭᠦᠨ ᠳ᠋ᠦ᠍ ᠨᠥᠭᠦᠭᠡ ᠡᠷᠭᠢᠨ ᠳ᠋ᠦ᠍ ᠴᠢᠮᠠᠶ᠋ᠢ ᠭᠠᠷᠤᠭᠲᠤᠨ ᠭᠡᠵᠦ ᠳᠠᠭᠠᠭᠠᠯᠭᠠᠬᠤ ᠶ᠋ᠢ ᠪᠢ ᠰᠣᠨᠣᠰᠪᠠ᠃ ᠴᠢ ᠤᠰᠤ ᠭᠠᠲᠤᠯᠤᠭᠠᠳ ᠵᠣᠭᠰᠣᠬᠤ ᠪᠤᠰᠤ᠂ ᠪᠠᠢᠯᠳᠤᠬᠤ ᠳ᠋ᠤ᠌ ᠪᠡᠯᠡᠳᠬᠡᠬᠦ ᠬᠡᠷᠡᠭᠲᠡᠢ᠃ ᠲᠡᠷᠲᠡᠭᠡ ᠬᠥᠪᠡᠭᠡᠨ ᠳᠡᠭᠡᠷ᠎ᠡ ᠦᠯᠦ ᠲᠠᠨᠢᠭᠳᠠᠬᠤ ᠮᠣᠷᠢᠲᠠᠢ ᠬᠥᠮᠦᠰ ᠴᠤᠭᠯᠠᠷᠠᠵᠠᠢ᠃ ᠬᠡᠴᠢᠨᠡᠨ ᠨᠢ ᠮᠡᠳᠡᠭᠳᠡᠬᠦ ᠦᠭᠡᠢ᠃ ᠪᠠᠢᠯᠳᠤᠬᠤ ᠮᠠᠭᠠᠳ ᠦᠭᠡᠢ᠃ ᠰᠡᠺᠰᠢᠨ ᠺᠥ᠋ᠮᠡᠨ᠂ ᠪᠦᠷᠲ᠋ᠠᠰ ᠤ᠋ᠳ ᠪᠤᠶᠤ ᠣᠷᠣᠰ ᠤ᠋ᠳ ᠠᠯᠢ ᠨᠢ ᠴᠦ᠍ ᠢᠯᠭᠠᠯ ᠦᠭᠡᠢ᠂ ᠲᠡᠳᠡᠨ ᠢ᠋ ᠬᠥᠭᠡᠭᠡᠵᠦ ᠡᠷᠭᠢ ᠶ᠋ᠢ ᠡᠵᠡᠯᠡᠭᠡᠳ ᠡᠨᠡ ᠵᠠᠪᠢ ᠨᠤᠭᠤᠳ ᠢ᠋ᠶ᠋ᠠᠨ ᠪᠤᠴᠠᠭᠠᠬᠤ ᠬᠡᠷᠡᠭᠲᠡᠢ᠂ ᠵᠠᠪᠢ ᠪᠦᠷᠢ ᠳᠡᠭᠡᠷ᠎ᠡ ᠲᠠᠪᠤᠨ ᠴᠡᠷᠢᠭ ᠢ᠋ ᠦᠯᠡᠳᠡᠭᠡᠨ ᠰᠡᠯᠢᠭᠦᠷᠴᠢᠨ ᠢ᠋ ᠬᠠᠷᠠᠭᠠᠯᠵᠠᠭᠤᠯᠪᠠᠯ ᠵᠣᠬᠢᠨ᠎ᠠ᠃ ᠡᠰᠡ ᠲᠡᠭᠡᠪᠡᠯ ᠪᠣᠯᠭᠠᠷᠢ ᠨᠠᠷ ᠡᠷᠭᠢᠬᠦ ᠵᠠᠮ ᠳ᠋ᠠᠭᠠᠨ ᠭᠣᠣᠯ ᠢ᠋ ᠤᠷᠤᠭᠤᠳᠠᠨ ᠵᠢᠭᠤᠲᠠᠬᠤ ᠮᠠᠭᠠᠳ ᠦᠭᠡᠢ᠃ ᠮᠣᠷᠢᠳ ᠢ᠋ ᠬᠠᠵᠠᠭᠠᠷ ᠲᠠᠢ ᠨᠢ ᠴᠤᠯᠪᠤᠭᠤᠷ ᠢ᠋ᠶ᠋ᠠᠷ ᠬᠣᠯᠪᠣᠨ ᠶᠠᠪᠤᠭᠤᠯᠤᠶ᠎ᠠ᠂ ᠴᠢᠳᠠᠯ ᠮᠠᠭᠤᠲᠠᠢ ᠮᠣᠷᠢᠳ ᠢ᠋ ᠵᠠᠪᠢ ᠶ᠋ᠢᠨ ᠣᠢᠷᠠᠯᠴᠠᠭ᠎ᠠ ᠶᠠᠪᠤᠭᠤᠯᠵᠤ ᠴᠤᠯᠪᠤᠭᠤᠷ ᠠ᠋ᠴᠠ ᠲᠠᠲᠠᠪᠠᠯ ᠵᠣᠬᠢᠨ᠎ᠠ᠃ ᠮᠢᠨᠦ ᠡᠴᠢᠭᠡ ᠴᠢᠮ᠎ᠠ ᠪᠠᠷ ᠲᠡᠩᠬᠡᠭᠡ ᠲᠡᠢ ᠬᠥᠭᠰᠢᠨ ᠬᠣᠯᠠ ᠮᠣᠷᠢ ᠪᠠᠨ ᠪᠠᠷᠢᠭᠤᠯᠤᠨ᠎ᠠ᠃ ᠲᠡᠭᠦᠨ ᠦ᠌ ᠰᠡᠯᠢᠬᠦ ᠶ᠋ᠢ ᠪᠤᠰᠤᠳ ᠮᠣᠷᠢᠳ ᠳᠠᠭᠤᠷᠢᠶᠠᠬᠤ ᠪᠣᠯᠤᠨ᠎ᠠ᠃ ᠮᠥᠩᠭᠥᠨ ᠥᠩᠭᠡᠲᠦ ᠶᠸᠨᠢᠰᠠᠢ᠂ ᠬᠠᠷ᠎ᠠ ᠬᠠᠮᠴᠤᠭ᠂ ᠡᠯᠪᠡᠭ ᠤᠰᠤᠲᠤ ᠳ᠋ᠵᠸᠢ᠋ᠢ᠍ᠾᠤᠩ《ᠠᠮᠤ —ᠳ᠋ᠠᠷᠢᠶ᠎ᠠ 》 ᠶ᠋ᠢ ᠭᠠᠲᠤᠯᠵᠤ ᠰᠤᠷᠤᠭᠰᠠᠨ ᠮᠣᠷᠢ ᠶᠤᠮ ᠰᠢᠦ ᠭᠡᠪᠡ᠃ ᠠᠷᠠᠫᠱᠠ ᠬᠡᠯᠡᠭᠰᠡᠨ ᠨᠢ᠄
      — ᠰᠠᠢᠨ ᠮᠣᠷᠢ ᠪᠠᠨ ᠬᠠᠮᠠᠭᠠᠯᠠᠨ᠎ᠠ᠃ ᠭᠠᠭᠴᠠᠬᠠᠨ ᠰᠡᠯᠢᠭᠦᠷᠴᠢᠨ ᠢ᠋ ᠬᠠᠷᠠᠭᠠᠯᠵᠠᠬᠤ ᠪᠠᠷ ᠲᠤᠰ ᠲᠤᠰ ᠲᠠᠪᠤᠨ ᠴᠡᠷᠢᠭ  ᠢ᠋ ᠪᠤᠴᠠᠭᠠᠬᠤ ᠨᠢ ᠢᠯᠡᠭᠦᠦ ᠴᠦ᠍ ᠶᠤᠮ ᠰᠢᠭ ᠰᠠᠨᠠᠭᠳᠠᠨ᠎ᠠ᠃ ᠨᠢᠭᠡ ᠴᠡᠷᠢᠭ ᠢ᠋ ᠶᠠᠪᠤᠭᠤᠯᠪᠠᠯ ᠨᠢᠭᠡᠨ ᠮᠣᠩᠭᠣᠯ ᠤ᠋ᠨ ᠦᠭᠡ ᠶ᠋ᠢ ᠦᠯᠦ ᠳᠠᠭᠠᠬᠤ ᠵᠢᠷᠦᠬᠡ ᠲᠡᠢ ᠬᠥᠮᠦᠨ ᠪᠠᠢᠬᠤ ᠤᠤ? ᠭᠡᠬᠦ ᠳ᠋ᠦ᠍ ᠦᠷᠶᠠᠩᠾ— ᠭᠠᠳ᠋ᠠᠩ᠂
      — ᠶᠡᠬᠡ ᠬᠡᠷᠡᠭ ᠲᠦ᠍ ᠪᠣᠯᠭᠣᠮᠵᠢᠯᠠᠬᠤ ᠬᠡᠷᠡᠭᠲᠡᠢ ᠭᠡᠵᠡᠢ᠃
      ᠲᠡᠭᠦᠨ ᠡᠴᠡ ᠨᠦᠰᠡᠷ ᠲᠣᠮᠣ ᠪᠥᠭᠲᠥᠷ ᠪᠡᠶ᠎ᠡ ᠲᠡᠢ ᠰᠦᠪᠡᠭᠡᠲᠡᠢ ᠪᠠᠭᠠᠲᠤᠷ ᠡᠷᠭᠢᠨ ᠡᠴᠡ ᠬᠣᠯᠠ ᠪᠤᠰᠤ ᠥᠷᠭᠡᠨ ᠴᠡᠭᠡᠵᠢ ᠲᠡᠢ᠂ ᠬᠠᠷ᠎ᠠ ᠳᠡᠯ ᠲᠡᠢ᠂ ᠤᠷᠲᠤ ᠬᠠᠷ᠎ᠠ ᠰᠡᠭᠦᠯ ᠲᠡᠢ ᠬᠣᠯᠠ ᠮᠣᠷᠢᠨ ᠤ᠋ ᠳᠡᠷᠭᠡᠳᠡ ᠵᠣᠭᠰᠣᠵᠤ᠂ ᠪᠦᠳᠦᠭᠦᠨ ᠴᠢᠭᠢᠷᠠᠭ ᠬᠦᠵᠦᠭᠦᠦ ᠶ᠋ᠢ ᠨᠢ ᠢᠯᠢᠵᠦ ᠰᠠᠭᠯᠠᠭᠠᠷ ᠴᠢᠬᠢᠨ ᠳ᠋ᠦ᠍ᠨᠢ ᠦᠭᠡ ᠰᠢᠪᠡᠨᠡᠨ᠂ ᠳᠠᠬᠢᠨ ᠳᠠᠬᠢᠨ ᠢᠯᠢᠵᠦ ᠲᠠᠭᠠᠯᠠᠵᠤ᠂ ᠺᠢᠫᠴᠠᠺ ᠤ᠋ᠨ ᠲᠤᠲᠤᠷᠭᠠᠨ ᠪᠢᠩ ᠢᠳᠡᠭᠦᠯᠦᠨ ᠵᠣᠭᠰᠣᠵᠤ ᠪᠠᠢᠯ᠎ᠠ᠃ ᠬᠣᠯᠠ ᠮᠣᠷᠢ ᠲᠣᠯᠣᠭᠠᠢ ᠪᠠᠨ ᠬᠠᠶᠠᠨ ᠰᠢᠯᠭᠡᠵᠦ( ᠰᠢᠯᠭᠡᠭᠡᠵᠦ ) ᠮᠣᠩᠭᠣᠯ ᠮᠣᠷᠢᠨ ᠤ᠋ ᠠᠯᠳᠠᠷ ᠢ᠋ ᠬᠥᠭᠵᠢᠭᠡᠬᠦ ᠶ᠋ᠢ ᠳᠠᠭᠤ ᠦᠭᠡᠢ ᠵᠥᠪᠰᠢᠶᠡᠷᠡᠬᠦ ᠮᠡᠲᠦ ᠪᠠᠢᠵᠠᠢ᠃
      ᠮᠦᠰᠦᠢ᠍ᠺ ᠠᠰᠤᠷᠤ ᠶᠡᠬᠡ ᠮᠥᠷᠡᠨ ᠢ᠋ ᠬᠠᠮᠤᠭ ᠤ᠋ᠨ ᠲᠦᠷᠦᠭᠦᠨ ᠳ᠋ᠦ᠍ ᠭᠠᠲᠤᠯᠬᠤ ᠵᠠᠭᠤᠨ ᠳᠣᠲᠣᠷ᠎ᠠ ᠪᠠᠢᠵᠠᠢ᠃ ᠲᠡᠭᠦᠨ ᠦ᠌ ᠬᠡᠯᠡᠬᠦ  ᠨᠢ᠄《ᠶᠠᠭᠤᠨ ᠠ᠋ᠴᠠ ᠤᠬᠤᠷᠢᠬᠤ ᠦᠭᠡᠢ ᠂ ᠪᠡᠯᠡᠬᠡᠨ ᠰᠡᠯᠢᠵᠦ ᠭᠠᠷᠬᠤ ᠶᠣᠰᠣᠲᠠᠢ ᠪᠣᠯ ᠰᠡᠯᠢᠨ᠎ᠡ 》ᠭᠡᠨ᠎ᠡ᠃
      ᠲᠡᠭᠦᠨ ᠦ᠌ ᠬᠥᠯ ᠦ᠋ᠨ ᠳᠡᠷᠭᠡᠳᠡ ᠡᠮᠡᠭᠡᠯ ᠨᠢ ᠪᠠᠢᠨ᠎ᠠ᠃ ᠪᠠᠰᠠ ᠲᠡᠭᠦᠨ ᠳ᠋ᠦ᠍ ᠠᠷᠠᠫᠱᠠ ᠶ᠋ᠢᠨ ᠪᠡᠯᠡᠭᠯᠡᠭᠰᠡᠨ ᠺᠢᠫᠴᠠᠺ ᠮᠣᠷᠢ ᠨᠡᠯᠢᠶᠡᠳ ᠵᠦᠳᠡᠷᠡᠭᠰᠡᠨ ᠶᠠᠩᠵᠤ ᠲᠠᠢ ᠵᠣᠭᠰᠣᠵᠤ ᠪᠠᠢᠨ᠎ᠠ᠃ ᠠᠷᠠᠫᠱᠠ ᠢᠷᠡᠵᠦ᠄
     — ᠵᠠ ᠶᠠᠭᠠᠬᠢᠬᠤ ᠪᠣᠢ? ᠭᠡᠵᠦ ᠮᠦᠰᠥᠢ᠍ᠺ ᠡᠴᠡ ᠠᠰᠠᠭᠤᠭᠰᠠᠨ ᠳ᠋ᠤ᠌᠂
     — ᠰᠡᠯᠢᠵᠦ ᠭᠠᠷᠤᠶ᠎ᠠ ᠭᠡᠵᠦ ᠮᠦᠰᠦᠢ᠍ᠺ ᠬᠠᠷᠢᠭᠤᠯᠪᠠ᠃
      ᠠᠷᠠᠫ᠊ᠱᠠ ᠮᠣᠷᠢᠨ ᠤ᠋ ᠬᠢᠨᠢ ᠬᠠᠪᠢᠷᠭ᠎ᠠ᠂ ᠨᠢᠳᠦᠨ ᠦ᠌ ᠬᠢᠨᠢ ᠤᠬᠤᠷᠬᠠᠢ ᠶ᠋ᠢ ᠳᠠᠷᠤᠵᠤ ᠦᠵᠡᠭᠡᠳ ᠄《ᠮᠣᠷᠢ ᠴᠢᠨᠢ ᠳᠣᠷᠣᠢ ᠪᠠᠢᠨ᠎ᠠ᠂ ᠳᠠᠪᠠᠬᠤ ᠦᠭᠡᠢ ᠪᠠᠢᠬᠤ᠂ ᠵᠠᠪᠢ ᠳᠡᠭᠡᠷ᠎ᠡ ᠡᠴᠡ ᠴᠤᠯᠪᠤᠭᠤᠷ ᠢ᠋ ᠴᠢᠩᠭ᠎ᠠ ᠪᠠᠷᠢᠵᠤ ᠰᠡᠯᠢᠬᠦ ᠳ᠋ᠦ᠍ᠨᠢ ᠲᠤᠰᠠᠯᠠ᠂ ᠴᠢᠬᠢᠨ ᠳ᠋ᠦ᠍ᠨᠢ ᠤᠰᠤ ᠣᠷᠣᠭᠤᠯᠬᠤ ᠦᠭᠡᠢ ᠶ᠋ᠢ ᠪᠣᠳᠣ᠂ ᠴᠤᠯᠪᠤᠭᠤᠷ ᠲᠠᠰᠤᠷᠠᠵᠤ ᠮᠣᠷᠢ ᠴᠢᠨᠢ ᠵᠢᠪᠪᠦᠪᠡᠯ ᠬᠣᠬᠢ ᠴᠢᠨᠢ ᠪᠣᠯᠤᠨ᠎ᠠ᠃ ᠪᠡᠬᠢ ᠰᠤᠷ ᠴᠤᠯᠪᠤᠭᠤᠷ ᠢ᠋ ᠡᠷᠲᠡ ᠡᠴᠡ ᠪᠡᠯᠡᠳᠬᠡᠵᠦ ᠠᠪᠬᠤ ᠬᠡᠷᠡᠭᠲᠡᠢ 》ᠭᠡᠪᠡ᠃ ᠰᠦᠪᠡᠭᠡᠳᠠᠢ ᠪᠠᠭᠠᠲᠤᠷ ᠠᠷᠠᠫ᠊ᠱᠠ ᠶ᠋ᠢᠨ ᠭᠢᠯᠪᠠᠯᠵᠠᠭᠰᠠᠨ ᠮᠢᠨᠳᠠᠰᠤᠨ ᠦᠰᠦᠲᠡᠢ ᠲᠠᠷᠭᠤᠨ ᠴᠢᠭᠢᠷᠠᠭ ᠬᠡᠭᠡᠷ ᠮᠣᠷᠢᠨ ᠤ᠋ ᠴᠤᠯᠪᠤᠭᠤᠷ ᠢ᠋ ᠬᠠᠢᠷᠠᠲᠤ ᠬᠣᠯᠠ ᠶ᠋ᠢᠨ ᠬᠠᠵᠠᠭᠠᠷ ᠠ᠋ᠴᠠ ᠰᠣᠯᠢᠵᠤ ᠤᠶᠠᠬᠤ ᠶ᠋ᠢ ᠵᠥᠪᠰᠢᠶᠡᠷᠡᠪᠡ᠃
       ᠰᠦᠪᠡᠭᠡᠲᠡᠢ ᠠᠵᠢᠷᠭ᠎ᠠ ᠶ᠋ᠢ ᠥᠪᠡᠷ ᠢ᠋ᠶ᠋ᠡᠨ ᠬᠥᠲᠥᠯᠦᠨ ᠭᠣᠣᠯ ᠳᠡᠭᠡᠷ᠎ᠡ ᠠᠪᠴᠢᠷᠠᠵᠤ ᠬᠠᠮᠲᠤ ᠤᠰᠤᠨ ᠳ᠋ᠤ᠌ ᠣᠷᠣᠭᠠᠳ ᠲᠡᠭᠦᠨ ᠦ᠌ ᠴᠢᠬᠢᠨ ᠳ᠋ᠦ᠍ ᠪᠠᠰᠠ ᠳᠠᠬᠢᠨ ᠦᠭᠡ ᠰᠢᠪᠡᠨᠡᠵᠦ ᠠᠯᠠᠭ᠎ᠠ ᠪᠠᠷ ᠳᠡᠯᠡᠳᠦᠨ᠄《ᠣᠷᠣ ᠠ᠋᠂ ᠶᠠᠪᠤ ᠳ᠋ᠠ 》ᠭᠡᠪᠡ᠃
      ᠠᠵᠢᠷᠭ᠎ᠠ ᠤᠰᠤ ᠤᠷᠤᠭᠤ ᠲᠣᠩᠭᠣᠢᠵᠤ ᠦᠨᠦᠷᠯᠡᠨ ᠭᠦᠨ ᠢ᠋ᠶ᠋ᠡᠷ ᠴᠠᠪᠴᠢᠯᠠᠭᠠᠳ ᠣᠷᠣᠭᠰᠢ ᠲᠡᠮᠡᠦᠯᠦᠨ ᠵᠢᠳᠬᠦᠯ᠎ᠡ᠃ ᠳᠡᠷᠭᠡᠳᠡ ᠨᠢ ᠠᠷᠠᠫ᠊ᠱᠠ ᠶ᠋ᠢᠨ ᠭᠠᠩᠭᠠᠩ ᠬᠡᠭᠡᠷ ᠰᠡᠯᠢᠨ ᠣᠷᠣᠵᠤ ᠳᠠᠷᠠᠭ᠎ᠠ ᠨᠢ ᠪᠤᠰᠤᠳ ᠮᠣᠷᠢᠳ ᠳᠠᠭᠠᠯᠳᠤᠪᠠ᠃ ᠬᠡᠳᠦᠨ ᠮᠢᠩᠭᠠᠨ ᠮᠣᠩᠭᠣᠯᠴᠤᠳ ᠡᠷᠭᠢᠨ ᠳᠡᠭᠡᠷ᠎ᠡ ᠡᠴᠡ  ᠲᠡᠳᠡᠨ ᠦ᠌ ᠮᠣᠷᠢᠳ ᠶᠡᠬᠡ ᠮᠥᠷᠡᠨ ᠢ᠋ ᠬᠡᠷᠬᠢᠨ ᠰᠠᠮᠤᠷᠴᠤ ᠭᠠᠷᠬᠤ ᠶ᠋ᠢ ᠬᠠᠷᠠᠵᠠᠭᠠᠵᠤ ᠪᠠᠢᠯ᠎ᠠ᠃ ᠠᠩᠬᠠᠨ ᠳ᠋ᠠᠭᠠᠨ ᠤᠰᠤᠨ ᠳᠣᠲᠣᠷ᠎ᠠ ᠬᠥᠯ ᠢ᠋ᠶ᠋ᠡᠷ ᠢ᠋ᠶ᠋ᠡᠨ ᠪᠠᠬᠠᠨ ᠶᠠᠪᠤᠭᠠᠳ ᠭᠡᠨᠡᠳᠲᠡ ᠭᠦᠨ ᠴᠡᠭᠡᠯ ᠡᠬᠢᠯᠡᠭᠰᠡᠨ ᠳ᠋ᠦ᠍ ᠬᠣᠯᠠ ᠠᠵᠢᠷᠭ᠎ᠠ ᠲᠦᠷᠦᠭᠦᠯᠡᠵᠦ ᠳᠠᠷᠠᠭ᠎ᠠ ᠨᠢ ᠬᠡᠭᠡᠷ ᠮᠣᠷᠢ ᠱᠤᠩᠭᠤᠨ᠂ ᠨᠠᠷᠠᠨ ᠳ᠋ᠤ᠌ ᠭᠢᠯᠲᠠᠭᠠᠨᠠᠵᠤ ᠬᠤᠷᠳᠤᠨ ᠱᠤᠤᠭᠢᠨ ᠤᠷᠤᠰᠬᠤ ᠤᠰᠤᠨ ᠤ᠋ ᠳᠡᠭᠡᠷ᠎ᠡ ᠭᠠᠭᠴᠠ ᠮᠠᠩᠨᠠᠢ᠂ ᠬᠣᠶᠠᠷ ᠴᠢᠬᠢ ᠳᠠᠭᠠᠭᠰᠠᠨ ᠬᠣᠶᠠᠷ ᠭᠤᠷᠪᠠᠨ ᠮᠣᠷᠢ ᠰᠣᠯᠢᠪᠴᠢᠨ ᠬᠠᠷᠠᠭᠳᠠᠪᠠ᠃
      ᠪᠠᠰᠠ ᠯᠠ ᠰᠠᠮᠤᠷᠴᠤ ᠲᠡᠭᠦᠨ ᠦ᠌ ᠬᠣᠢᠨ᠎ᠠ ᠠ᠋ᠴᠠ ᠪᠦᠬᠦ ᠠᠳᠤᠭᠤ ᠳᠠᠪᠠᠯᠭᠠᠨ ᠳᠣᠲᠣᠷ᠎ᠠ ᠳᠠᠯᠳᠠ ᠣᠷᠣᠬᠤ ᠳ᠋ᠤ᠌ ᠮᠣᠷᠢᠳ ᠤ᠋ᠨ ᠴᠢᠬᠢ ᠨᠢ ᠰᠣᠷᠲᠣᠢᠵᠤ ᠲᠣᠯᠣᠭᠠᠢ ᠨᠢ ᠴᠤᠬᠤᠢᠵᠤ ᠢᠵᠢᠯ ᠦ᠋ᠨ ᠬᠦᠴᠦᠲᠦ ᠤᠷᠤᠰᠬᠠᠯ ᠢ᠋ ᠳᠠᠪᠠᠬᠤ ᠪᠠᠷ ᠴᠢᠷᠮᠠᠢᠵᠠᠭᠠᠨ᠎ᠠ᠃ ᠲᠡᠷᠡ ᠦᠶ᠎ᠡ ᠳ᠋ᠦ᠍ ᠲᠦᠷᠦᠭᠦᠴᠢ ᠶ᠋ᠢᠨ ᠲᠣᠮᠣ ᠬᠠᠷ᠎ᠠ ᠵᠠᠪᠢ ᠨᠤᠭᠤᠳ ᠶᠸᠷᠦᠰᠯᠠᠨᠠ ᠶ᠋ᠢᠨ ᠪᠡᠯᠴᠢᠭᠡᠷ ᠡᠴᠡ ᠬᠥᠳᠡᠯᠪᠡ᠃ ᠳᠣᠲᠣᠷ᠎ᠠ ᠨᠢ ᠵᠡᠪᠰᠡᠭ ᠠᠭᠰᠠᠭᠰᠠᠨ ᠴᠡᠷᠢᠭ ᠦ᠋ᠳ ᠰᠠᠭᠤᠵᠤ᠂ ᠵᠠᠷᠢᠮ ᠨᠢ ᠮᠠᠭᠤ ᠮᠣᠷᠢᠳ ᠢ᠋ ᠬᠣᠢᠨ᠎ᠠ ᠠ᠋ᠴᠠ ᠬᠥᠲᠥᠯᠵᠡᠢ᠃ ᠰᠡᠯᠢᠭᠦᠷᠴᠢᠨ ᠤᠷᠲᠤ ᠴᠠᠭᠠᠨ ᠰᠡᠯᠢᠭᠦᠷ ᠢ᠋ ᠤᠰᠤᠨ ᠳ᠋ᠤ᠌ ᠳᠦᠷᠦᠨ ᠰᠡᠯᠢᠬᠦ ᠶ᠋ᠢᠨ ᠬᠠᠮᠲᠤ ᠵᠠᠪᠢ ᠤᠯᠠᠮ ᠢ᠋ᠶ᠋ᠠᠷ ᠬᠦᠪᠪᠦᠪᠡ᠃
       ᠮᠦᠰᠥ᠋ᠺ ᠵᠠᠪᠢ ᠶ᠋ᠢᠨ ᠳᠡᠭᠡᠷ᠎ᠡ ᠰᠠᠭᠤᠭᠠᠳ᠂ ᠬᠥᠯ ᠢ᠋ᠶ᠋ᠡᠷ ᠴᠢᠷᠮᠠᠢᠨ ᠰᠠᠮᠤᠷᠴᠤ ᠳᠡᠷᠭᠡᠳᠡ ᠬᠥᠪᠬᠦ ᠵᠢᠭᠠᠯ ᠵᠡᠭᠡᠷᠳᠡ ᠮᠣᠷᠢ ᠪᠠᠨ ᠠᠵᠢᠭᠯᠠᠨ᠎ᠠ᠃ ᠵᠠᠪᠢ ᠬᠡᠲᠦᠷᠬᠡᠢ ᠬᠤᠷᠳᠤᠨ ᠶᠠᠪᠤᠵᠤ᠂ ᠴᠤᠯᠪᠤᠭᠤᠷ ᠤᠯᠠᠮ ᠴᠢᠩᠭᠠᠷᠠᠬᠤ ᠳ᠋ᠤ᠌ ᠰᠤᠷ ᠲᠠᠰᠤᠷᠠᠨ ᠮᠢᠨᠦ ᠮᠣᠷᠢ ᠠᠯᠠᠭ᠎ᠠ ᠪᠣᠯᠬᠤ ᠪᠣᠢ᠃ ᠪᠢ ᠳᠠᠬᠢᠨ ᠮᠣᠷᠢ ᠦᠭᠡᠢ ᠠᠳᠤᠭᠤᠴᠢ ᠪᠣᠯᠬᠤ ᠪᠣᠢ ᠭᠡᠵᠦ ᠪᠣᠳᠣᠭᠳᠠᠨ᠎ᠠ᠃ ᠲᠡᠭᠡᠭᠡᠳ ᠠᠯᠭᠤᠷ ᠰᠡᠯᠢᠭᠲᠦᠨ᠂ ᠮᠢᠨᠦ ᠮᠣᠷᠢ  ᠵᠢᠪᠪᠦᠨ᠎ᠡ ᠭᠡᠵᠦ ᠰᠡᠯᠢᠭᠦᠷᠴᠢᠳ ᠲᠦ᠍ ᠬᠡᠯᠡᠪᠡ᠃
       ᠰᠢᠷᠦᠭᠦᠨ ᠭᠣᠣᠯ ᠤ᠋ᠨ ᠤᠷᠤᠰᠬᠠᠯ᠂ ᠰᠠᠮᠤᠷᠴᠤ ᠶᠠᠪᠤᠭ᠎ᠠ ᠮᠣᠷᠢᠳ᠂ ᠬᠥᠪᠬᠦ ᠵᠠᠪᠢ ᠠᠯᠢ ᠠᠯᠢᠨ ᠢ᠋ ᠤᠷᠤᠭᠤᠳᠠᠭᠤᠯᠤᠨ ᠬᠣᠯᠠ ᠠᠪᠠᠴᠢᠪᠠ᠃ ᠮᠦᠰᠥ᠋ᠺ ᠮᠥᠷᠡᠨ ᠦ᠌ ᠳᠤᠮᠳᠠ ᠬᠦᠷᠦᠭᠡᠳ ᠮᠣᠷᠢ ᠨᠢ ᠡᠴᠡᠵᠦ ᠬᠣᠶᠠᠷ ᠴᠤ᠌ ᠤᠳᠠᠭ᠎ᠠ ᠬᠠᠵᠠᠭᠤ ᠪᠠᠷ ᠬᠡᠪᠲᠡᠬᠦ ᠶ᠋ᠢ ᠬᠠᠷᠠᠭᠠᠳ ᠶᠡᠬᠡ ᠯᠡ ᠰᠠᠨᠳᠤᠷᠴᠠᠢ᠃ ᠴᠢᠬᠢᠨ ᠳ᠋ᠦ᠍ᠨᠢ ᠤᠰᠤ ᠣᠷᠣᠵᠤ ᠦᠬᠦᠬᠦ ᠪᠣᠯ ᠤᠤ᠂ ᠰᠠᠢᠨ ᠮᠣᠷᠢ ᠮᠢᠨᠢ ᠪᠠᠰᠠ ᠵᠢᠭᠠᠬᠠᠨ ᠰᠠᠮᠤᠷᠤᠭᠲᠤᠨ ᠭᠡᠵᠦ ᠠᠮᠠᠨ ᠳ᠋ᠠᠭᠠᠨ ᠥᠭᠦᠯᠡᠵᠦ ᠬᠠᠮᠤᠭ ᠬᠦᠴᠦ ᠪᠡᠷ ᠴᠢᠩᠭᠠᠭᠠᠬᠤ ᠳ᠋ᠤ᠌ ᠳᠠᠬᠢᠨ ᠪᠣᠰᠴᠤ ᠬᠥᠯ ᠢ᠋ᠶ᠋ᠡᠷ ᠰᠠᠮᠤᠷᠤᠯ᠎ᠠ᠃ ᠭᠡᠲᠡᠯ᠎ᠡ ᠤᠳᠠᠭᠰᠠᠨ ᠦᠭᠡᠢ ᠳᠠᠬᠢᠨ ᠬᠠᠵᠠᠭᠤ ᠪᠠᠷ ᠬᠥᠷᠪᠡᠵᠦ᠂ ᠬᠤᠸᠠ ᠵᠡᠭᠡᠷᠳᠡ ᠤᠰᠤᠨ ᠤ᠋ ᠳᠡᠭᠡᠷ᠎ᠡ ᠦᠵᠡᠭᠳᠡᠨ᠂ ᠳᠠᠪᠠᠯᠭᠠᠨ ᠳ᠋ᠤ᠌ ᠭᠤᠢᠪᠢᠯᠵᠠᠪᠠ᠃ ᠮᠦᠰᠥ᠋ᠺ ᠭᠠᠭᠴᠠᠬᠠᠨ ᠬᠠᠮᠠᠷ᠂ ᠴᠢᠬᠢ ᠶ᠋ᠢ ᠤᠰᠤᠨ ᠠ᠋ᠴᠠ ᠭᠠᠷᠭᠠᠬᠤ ᠶ᠋ᠢ ᠣᠷᠣᠯᠳᠣᠯ᠎ᠠ᠃ ᠲᠡᠨᠳᠡ ᠡᠴᠡ ᠡᠷᠭᠢᠵᠦ ᠦᠵᠡᠬᠦ ᠳ᠋ᠦ᠍ ᠪᠠᠷᠠᠭᠤᠨ ᠡᠷᠭᠢ ᠳ᠋ᠦ᠍ ᠲᠦᠷᠭᠡᠨ ᠣᠢᠷᠠᠲᠤᠵᠤ ᠪᠠᠢᠯ᠎ᠠ᠃ ᠪᠤᠭᠤᠷᠤᠯ ᠥᠯᠥᠩ ᠤᠷᠭᠤᠭᠰᠠᠨ ᠰᠢᠷ᠎ᠠ ᠡᠯᠡᠰᠦᠨ ᠡᠷᠭᠢ᠂ ᠴᠠᠭᠠᠨ᠎ᠠ ᠨᠢ ᠭᠦᠶᠦᠯᠳᠦᠵᠦ ᠶᠠᠪᠤᠭ᠎ᠠ ᠬᠥᠮᠦᠰ ᠬᠠᠷᠠᠭᠳᠠᠪᠠ᠃ ᠲᠡᠨᠳᠡ ᠡᠴᠡ ᠭᠦᠶᠦᠨ ᠢᠷᠡᠵᠦ ᠬᠠᠪᠴᠠᠭᠠᠢ ᠨᠤᠮᠤ ᠰᠤᠮᠤ ᠪᠠᠷ ᠬᠠᠷᠪᠤᠬᠤ ᠳ᠋ᠤ᠌ ᠵᠠᠪᠢ ᠶ᠋ᠢᠨ ᠬᠠᠰᠢᠯᠭᠠᠨ ᠳ᠋ᠤ᠌ ᠬᠡᠳᠦᠨ ᠰᠤᠮᠤ ᠲᠣᠰᠴᠤ ᠵᠠᠷᠢᠮ ᠨᠢ ᠤᠰᠤᠨ ᠳᠡᠭᠡᠷ᠎ᠡ ᠲᠣᠰᠤᠯ᠎ᠠ᠃ ᠮᠣᠩᠭᠣᠯᠴᠤᠳ ᠵᠠᠪᠢ ᠳᠡᠭᠡᠷ᠎ᠡ ᠡᠴᠡ ᠲᠣᠮᠣ ᠬᠠᠲᠠᠭᠤ ᠨᠤᠮᠤ ᠶ᠋ᠢ ᠲᠡᠳᠡᠨ ᠣᠢᠷᠠᠬᠢ ᠳᠠᠢᠰᠤᠨ ᠢ᠋ ᠤᠷᠲᠤ ᠰᠤᠮᠤ ᠪᠠᠷ ᠭᠠᠪᠰᠢᠭᠠᠢ ᠬᠠᠷᠪᠤᠵᠤ ᠡᠰᠡᠷᠭᠦᠴᠡᠪᠡ᠃ ᠵᠠᠪᠢ ᠡᠯᠡᠰᠦᠨ ᠢᠷᠣᠭᠠᠷ ᠳᠡᠭᠡᠭᠦᠷ ᠱᠦᠷᠭᠦᠨ ᠰᠡᠷᠴᠢᠭᠢᠨᠡᠬᠦ ᠳ᠋ᠦ᠍ ᠴᠡᠷᠢᠭ ᠦ᠋ᠳ ᠤᠰᠤᠨ ᠳ᠋ᠤ᠌ ᠰᠢᠭᠤᠳ ᠬᠠᠷᠠᠢᠯᠠᠨ ᠪᠠᠭᠤᠵᠤ ᠡᠮᠡᠭᠡᠯ ᠢ᠋ ᠠᠪᠤᠨ ᠤᠷᠤᠰᠬᠠᠯ ᠤ᠋ᠨ ᠳᠣᠣᠷᠠᠲᠤ ᠲᠠᠯ᠎ᠠ ᠪᠠᠷ ᠡᠷᠭᠢ ᠤᠷᠤᠭᠤ ᠰᠠᠮᠤᠷᠤᠨ ᠢᠷᠡᠬᠦ ᠮᠣᠷᠢᠳ ᠤ᠋ᠨ ᠵᠦᠭ ᠭᠦᠶᠦᠯᠳᠦᠪᠡ᠃ ᠮᠦᠰᠥ᠋ᠺ ᠦ᠋ᠨ ᠮᠣᠷᠢ ᠤᠰᠤᠨ ᠤ᠋ ᠢᠷᠣᠭᠠᠷ ᠲᠤ᠌  ᠭᠢᠰᠬᠢᠵᠦ ᠪᠣᠰᠬᠤ ᠭᠡᠲᠡᠯ᠎ᠡ ᠬᠠᠵᠠᠭᠤ ᠤᠷᠤᠭᠤ ᠬᠣᠶᠠᠷ ᠰᠤᠮᠤ ᠰᠢᠭᠠᠵᠤ ᠤᠰᠤᠨ ᠳᠤᠮᠳᠠ ᠤᠯᠠᠭᠠᠨ ᠲᠣᠯᠪᠣ ᠪᠣᠯᠤᠭᠠᠳ ᠳᠠᠬᠢᠨ ᠣᠢᠴᠢᠪᠠ᠃ ᠡᠨᠳᠡ ᠰᠦᠪᠡᠭᠡᠳᠡᠢ ᠶ᠋ᠢᠨ ᠬᠣᠯᠠ ᠠᠵᠢᠷᠭ᠎ᠠ ᠲᠦᠷᠦᠭᠦᠲᠡᠢ ( ᠮᠣᠷᠢᠳ ) ᠡᠯᠡᠰᠦᠨ ᠡᠷᠭᠢ ᠳᠡᠭᠡᠷ᠎ᠡ ᠭᠠᠷᠴᠤ ᠢᠷᠡᠬᠦ ᠳ᠋ᠦ᠍ ᠮᠣᠩᠭᠣᠯᠴᠤᠳ ᠮᠣᠷᠢᠳ ᠢ᠋ᠶ᠋ᠠᠨ ᠪᠡᠷᠢᠯᠡᠨ ᠨᠣᠢᠲᠠᠨ ᠭᠢᠯᠪᠠᠯᠵᠠᠬᠤ ᠨᠢᠷᠤᠭᠤᠨ ᠳᠡᠭᠡᠷ᠎ᠡ ᠡᠮᠡᠭᠡᠯ ᠢ᠋ ᠲᠣᠬᠣᠵᠤ ᠣᠯᠣᠩ ᠢ᠋ ᠲᠠᠲᠠᠭᠠᠳ ᠮᠣᠷᠳᠠᠵᠤ ᠡᠯᠡᠰᠦᠨ ᠡᠷᠭᠢ ᠥᠭᠡᠳᠡ ᠳᠠᠢᠯᠳᠤᠬᠤ ᠳ᠋ᠤ᠌ ᠪᠡᠯᠡᠬᠡᠨ ᠪᠣᠯᠵᠤ ᠠᠪᠠᠷᠢᠪᠠ᠃ ᠠᠷᠠᠫᠱᠠ ᠵᠠᠪᠢ ᠠ᠋ᠴᠠ ᠬᠠᠷᠠᠢᠨ ᠪᠠᠭᠤᠵᠤ᠂ ᠡᠰᠢ ᠳᠠᠰᠢ ᠬᠠᠷᠠᠭᠰᠠᠨ ᠳ᠋ᠤ᠌ ᠵᠡᠭᠦᠨ ᠡᠷᠭᠢ ᠨᠢ ᠲᠣᠯᠢ ᠰᠢᠭ᠋ ᠮᠡᠯᠲᠡᠭᠡᠨᠡᠬᠦ ᠤᠰᠤᠨ ᠤ᠋ ᠴᠠᠭᠠᠨ᠎ᠠ ᠪᠠᠢᠭ᠎ᠠ ᠮᠣᠩᠭᠣᠯ ᠲᠠᠲ᠋ᠠᠷ ᠤ᠋ᠨ ᠶᠡᠬᠡ ᠴᠡᠷᠢᠭ ᠦ᠋ᠨ ᠶᠠᠪᠠᠭᠠᠨ ᠮᠣᠷᠢᠲᠠᠢ ᠬᠥᠮᠦᠰ ᠰᠢᠷᠭᠤᠯᠵᠢ ᠠᠳᠠᠯᠢ ᠪᠤᠵᠢᠭᠢᠨᠠᠨ ᠬᠠᠷ᠎ᠠ ᠵᠠᠪᠢ ᠨᠤᠭᠤᠳ ᠴᠠᠭᠠᠨ ᠰᠡᠯᠢᠭᠦᠷ ᠢ᠋ᠶ᠋ᠡᠷ ᠳᠠᠯᠠᠯᠤᠨ ᠵᠡᠭᠦᠨ ᠡᠷᠭᠢ ᠶ᠋ᠢᠨ ᠵᠦᠭ ᠪᠤᠴᠠᠬᠤ ᠳ᠋ᠤ᠌ ᠡᠮᠦᠨ᠎ᠡ ᠡᠴᠡ ᠨᠢ ᠡᠳᠦᠢ ᠲᠡᠳᠦᠢ ᠵᠠᠪᠢ ᠢᠷᠡᠵᠦ ᠪᠠᠢᠭ᠎ᠠ ᠨᠢ ᠦᠵᠡᠭᠳᠡᠬᠦ ᠪᠠ ᠪᠠᠰᠠ ᠲᠤᠷᠭᠢᠬᠤ ᠮᠣᠷᠢᠨ ᠤ᠋ ᠬᠣᠩᠰᠢᠶᠠᠷ᠂ ᠰᠣᠷᠲᠣᠢᠬᠤ ᠴᠢᠬᠢᠳ ᠦᠵᠡᠭᠳᠡᠵᠦ ᠪᠠᠢᠯ᠎ᠠ᠃ 《ᠮᠣᠷᠢ᠂ ᠮᠣᠷᠢᠨ ᠳ᠋ᠠᠭᠠᠨ ᠪᠤᠰᠢᠭᠤᠯᠠᠭᠲᠤᠨ᠂ ᠪᠡᠯᠡᠳᠬᠡᠭᠲᠦᠨ! ᠶᠠᠪᠤᠵᠠᠭ᠎ᠠ 》ᠭᠡᠵᠦ ᠴᠢᠩᠭ᠎ᠠ ᠪᠠᠷ ᠵᠠᠩᠳᠤᠷᠤᠨ ᠥᠭᠦᠯᠡᠬᠦ ᠠᠷᠠᠫᠱᠠ ᠶ᠋ᠢᠨ ᠳᠠᠭᠤ ᠰᠣᠨᠤᠰᠤᠭᠳᠠᠭᠠᠳ᠂ ᠲᠡᠳᠦᠢ ᠮᠣᠩᠭᠣᠯᠴᠤᠳ ᠦᠯᠦ ᠲᠠᠨᠢᠭᠳᠠᠬᠤ ᠤᠯᠤᠰ ᠤ᠋ᠨ ᠪᠤᠷᠤᠭᠤᠯᠠᠵᠤ ᠪᠠᠢᠭ᠎ᠠ ᠴᠡᠷᠢᠭ ᠦ᠋ᠨ ᠬᠣᠢᠨ᠎ᠠ ᠠ᠋ᠴᠠ ᠬᠠᠰᠬᠢᠷᠤᠨ ᠭᠤᠸᠠᠭᠯᠠᠨ ᠣᠳᠤᠭᠰᠠᠨ ᠪᠢᠯᠡ᠃

        ᠦᠰᠦᠭ ᠠᠮᠢᠯᠠᠭᠤᠯᠤᠭᠴᠢ᠄ ᠬᠡᠷᠡᠢᠳ· ᠮᠥᠩᠬᠡᠨᠠᠰᠤᠨ᠂ ᠪᠠᠶᠠᠨᠴᠡᠴᠡᠭ᠂ ᠠᠯᠲᠠᠨᠴᠢᠮᠡᠭ᠂ ᠠᠷᠢᠭᠤᠨ 
        ᠬᠢᠨᠠᠭᠴᠢ᠄ ᠲ· ᠬᠦᠮᠦᠵᠢᠯᠲᠦ᠂ ᠠᠷᠢᠭᠤᠨ᠂ ᠠᠯᠲᠠᠨᠴᠢᠮᠡᠭ᠂ ᠪᠠᠶᠠᠨᠴᠡᠴᠡᠭ