ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠨᠠᠢ᠍ᠮᠠ〕 Цаг төрийн үймээн – Д ᠂ Намдаг - Амьдралын зам ᠂ нэгдүгээр бүлэг - 28 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠨᠠᠢ᠍ᠮᠠ〕 Цаг төрийн үймээн – Д ᠂ Намдаг - Амьдралын зам ᠂ нэгдүгээр бүлэг - 28

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠨᠠᠢ᠍ᠮᠠ〕 Цаг төрийн үймээн – Д ᠂ Намдаг - Амьдралын зам ᠂ нэгдүгээр бүлэг - 28

ᠠᠩᠭᠢᠯᠠᠯ:ᠲᠤᠭᠤᠵᠢ ᠷᠣᠮᠠᠨ
2025-09-30

191

ᠰᠢᠨ᠎ᠡ ᠶ᠋ᠢᠨ ᠭᠤᠷᠪᠠᠨ ᠥᠯᠵᠡᠢ ᠮᠠᠭᠤᠲᠠᠢ


       ᠥᠷᠯᠥᠭᠡ᠂ ᠣᠶᠣᠨᠳᠠᠷᠢ ᠳᠥᠩᠭᠡᠵᠦ ᠰᠡᠷᠡᠬᠦ ᠲᠡᠢ ᠪᠡᠨ ᠵᠡᠷᠭᠡ ᠠᠢᠯ ᠬᠡᠰᠦᠬᠦ ᠪᠡᠨ ᠰᠠᠨᠠᠨ ᠪᠣᠰᠤᠨ ᠬᠠᠷᠠᠢᠪᠠ᠃ ᠭᠠᠷ ᠨᠢᠭᠤᠷ ᠢ᠋ᠶ᠋ᠠᠨ ᠤᠬᠢᠶᠠᠬᠤ᠂ ᠬᠤᠪᠴᠠᠰᠤ ᠬᠤᠨᠠᠷ ᠢ᠋ᠶ᠋ᠠᠨ ᠡᠮᠦᠰᠬᠦ ᠳ᠋ᠡᠭᠡᠨ ᠬᠦᠷᠲᠡᠯ᠎ᠡ ᠶᠠᠭᠠᠷᠠᠨ ᠲᠡᠪᠡᠳᠡᠵᠦ ᠪᠠᠢᠭᠰᠠᠨ ᠪᠥᠭᠡᠳ ᠭᠠᠭᠴᠠ ᠠᠶᠠᠭ᠎ᠠ ᠴᠠᠢ ᠤᠤᠭᠤᠭᠰᠠᠨ ᠪᠣᠯᠤᠭᠠᠳ ᠭᠠᠷᠬᠤ ᠭᠡᠲᠡᠯ᠎ᠡ ᠡᠬᠡ ᠨᠢ ᠣᠷᠣᠵᠤ ᠢᠷᠡᠭᠡᠳ᠄ 
       — ᠬᠡᠦᠬᠡᠨ ᠮᠢᠨᠢ ᠥᠨᠥᠳᠥᠷ ᠪᠢᠲᠡᠭᠡᠢ ᠭᠠᠳᠠᠭᠰᠢ ᠭᠠᠷ! ᠭᠡᠷ ᠲᠡᠭᠡᠨ ᠪᠠᠢᠯᠭᠦᠢ ᠪᠣᠯᠬᠤ ᠦᠭᠡᠢ ᠪᠣᠯᠤᠭᠠᠳ ᠪᠠᠢᠨ᠎ᠠ ᠭᠡᠪᠡ᠃ 
       — ᠶᠠᠭᠤᠨ ᠳ᠋ᠤ᠌ ᠲᠡᠷᠡ ᠪᠣᠢ ᠡᠵᠢ ᠠ᠋? ᠭᠡᠬᠦ ᠳ᠋ᠦ᠍ 
       — ᠥᠨᠥᠳᠥᠷ ᠮᠠᠨ ᠤ᠋ ᠳ᠋ᠤ᠌ ᠪᠣᠭᠳᠠ ᠶ᠋ᠢᠨ ᠵᠠᠷᠯᠢᠭ ᠪᠠᠭᠤᠬᠤ ᠭᠡᠨ᠎ᠡ᠃ 
       — ᠶᠠᠭᠠᠬᠢᠵᠤ ᠮᠡᠳᠡᠪᠡ? 
       — ᠰᠠᠶᠢ ᠪᠣᠭᠳᠠ ᠶ᠋ᠢᠨ ᠬᠠᠭᠠᠯᠭᠠᠴᠢ ᠢᠷᠡᠵᠦ ᠮᠡᠳᠡᠭᠳᠡᠭᠡᠳ ᠶᠠᠪᠤᠯ᠎ᠠ᠃ 
       — ᠦᠭᠡᠢ ᠶᠠᠭᠤᠨ ᠲᠤᠬᠠᠢ ᠵᠠᠷᠯᠢᠭ ᠪᠣᠢ? 
       — ᠬᠠᠢᠷᠬᠠᠨ ᠮᠢᠨᠢ ᠪᠤᠤ ᠮᠡᠳᠡ! ᠶᠠᠮᠠᠷ ᠪᠣᠯᠪᠠᠴᠤ ᠪᠣᠭᠳᠠ ᠶ᠋ᠢᠨ ᠵᠠᠷᠯᠢᠭ ᠢ᠋ ᠪᠢᠳᠡ ᠭᠡᠷ ᠪᠦᠯᠢ ᠪᠡᠷ ᠢ᠋ᠶ᠋ᠡᠨ ᠬᠦᠯᠢᠶᠡᠨ ᠠᠪᠴᠤ ᠮᠥᠷᠭᠥᠬᠦ ᠶᠣᠰᠣᠲᠠᠢ ᠭᠡᠵᠦ ᠵᠠᠯᠪᠠᠷᠢᠨ ᠭᠠᠷᠪᠠ᠃ 
       ᠦᠨᠡᠬᠡᠷ ᠶᠠᠭᠤᠨ ᠤ᠋ ᠲᠤᠬᠠᠢ ᠵᠠᠷᠯᠢᠭ ᠪᠣᠯᠬᠤ ᠶ᠋ᠢ ᠬᠡᠨ ᠶᠠᠭᠠᠬᠢᠨ ᠮᠡᠳᠡᠬᠦ ᠠᠵᠢ᠃ ᠮᠡᠳᠡᠬᠦ ᠡᠴᠡ ᠪᠣᠭᠳᠠ ᠶ᠋ᠢᠨ ᠵᠠᠷᠯᠢᠭ ᠮᠠᠰᠢ ᠴᠤᠬᠠᠭ᠂ ᠢᠯᠠᠩᠭᠤᠶ᠎ᠠ ᠵᠢᠷ ᠦ᠋ᠨ ᠨᠢᠭᠡᠨ ᠠᠢᠯ ᠳ᠋ᠤ᠌ ᠣᠨᠴᠠᠯᠠᠨ ᠪᠠᠭᠤᠬᠤ ᠶ᠋ᠢ ᠬᠡᠨ ᠪᠣᠯᠪᠠᠴᠤ ᠬᠠᠮᠤᠭ ᠤ᠋ᠨ ᠳᠡᠭᠡᠳᠦ ᠵᠠᠶᠠᠭ᠎ᠠ ᠭᠡᠵᠦ ᠪᠢᠰᠢᠷᠡᠨ ᠬᠦᠨᠳᠦᠳᠬᠡᠬᠦ ᠶᠣᠰᠣᠲᠠᠢ ᠪᠢᠯᠡ᠃ ᠡᠢᠮᠦ ᠳ᠋ᠦ᠍ ᠪᠠᠯᠰᠠᠨᠵᠠᠪ ᠤ᠋ᠨ ᠳ᠋ᠤ᠌ ᠬᠠᠰᠢᠶᠠᠨ ᠤ᠋ ᠪᠠᠨ ᠳᠣᠲᠣᠷ᠎ᠠ ᠭᠠᠳᠠᠨᠠᠬᠢ ᠶ᠋ᠢ ᠴᠡᠪᠡᠷᠯᠡᠬᠦ᠂ ᠡᠭᠦᠳᠡᠨ ᠦ᠌ ᠪᠡᠨ ᠡᠮᠦᠨ᠎ᠡ ᠴᠠᠭᠠᠨ ᠢᠰᠡᠭᠡᠢ ᠳᠡᠪᠢᠰᠬᠦ ᠪᠤᠷᠬᠠᠨ ᠳ᠋ᠠᠭᠠᠨ ᠵᠤᠯᠠ᠂ ᠬᠦᠵᠢ ᠡᠷᠭᠦᠬᠦ᠂ ᠬᠤᠪᠴᠠᠰᠤ ᠬᠤᠨᠠᠷ ᠢ᠋ ᠪᠠᠶᠠᠷ ᠶᠣᠰᠣᠯᠠᠯ ᠤ᠋ᠨ ᠵᠢᠷᠤᠮ ᠢ᠋ᠶ᠋ᠠᠷ ᠡᠮᠦᠰᠬᠦ᠂ ᠶᠣᠰᠣᠲᠠᠢ ᠦᠢ ᠲᠦᠮᠡᠨ  ᠠᠵᠢᠯ ᠤᠨᠳᠤᠷᠤᠨ ᠭᠠᠷᠤᠯ᠎ᠠ᠃ ᠡᠭᠦᠨ ᠳᠡᠭᠡᠷ᠎ᠡ ᠠᠪᠤ ᠡᠵᠢ ᠬᠣᠶᠠᠷ ᠤ᠋ᠨ ᠤᠬᠠᠭᠠᠨ ᠵᠢᠯᠣᠭᠣ ᠦᠭᠡᠢ ᠰᠠᠨᠳᠤᠷᠤᠨ ᠲᠡᠪᠡᠳᠡᠵᠦ ᠪᠠᠢᠬᠤ ᠳ᠋ᠤ᠌ ᠣᠶᠣᠨᠳᠠᠷᠢ ᠠᠢᠯ ᠬᠡᠰᠦᠨ ᠮᠥᠩᠭᠥ ᠣᠯᠬᠤ ᠶᠠᠪᠤᠳᠠᠯ ᠳ᠋ᠤ᠌ ᠪᠠᠭ᠎ᠠ ᠦᠭᠡᠢ ᠰᠠᠭᠠᠳ ᠪᠣᠯᠵᠤ ᠪᠠᠢᠭ᠎ᠠ ᠶ᠋ᠢ ᠯᠡ ᠰᠠᠨᠠᠨ ᠳᠣᠲᠣᠷ᠎ᠠ ᠪᠠᠨ ᠬᠠᠷᠠᠭᠤᠰᠤᠨ᠎ᠠ᠃ 
       ᠡᠳᠦᠷ ᠳᠤᠮᠳᠠ ᠶ᠋ᠢᠨ ᠬᠢᠷᠢ ᠳ᠋ᠦ᠍ ᠲᠤᠩ ᠴᠠᠭᠠᠨ ᠮᠣᠷᠢ ᠬᠥᠯᠦᠭᠰᠡᠨ ᠰᠢᠯᠦᠨ ᠴᠣᠩᠬᠣ ᠨᠤᠭᠤᠳ ᠲᠠᠢ ᠰᠡᠦᠬᠡ ᠲᠡᠷᠭᠡ ᠭᠤᠳᠤᠮᠵᠢ ᠪᠠᠷᠢᠨ ᠭᠠᠷᠴᠤ ᠢᠷᠡᠯ᠎ᠡ᠃ ᠪᠠᠯᠰᠠᠨᠵᠠᠪ ᠭᠡᠷ ᠪᠦᠯᠢ ᠶ᠋ᠢᠨ ᠬᠥᠮᠦᠰ ᠦ᠋ᠨ ᠬᠠᠮᠲᠤ ᠬᠠᠰᠢᠶᠠᠨ ᠤ᠋ ᠪᠠᠨ ᠬᠠᠭᠠᠯᠭᠠᠨ ᠳᠡᠭᠡᠷ᠎ᠡ ᠭᠠᠷᠤᠨ ᠤᠭᠲᠤᠨ ᠠᠪᠤᠯ᠎ᠠ᠃
       ᠰᠡᠦᠬᠡ ᠡᠴᠡ ᠳᠤᠭᠤᠢ ᠪᠣᠯᠭᠠᠨ ᠮᠠᠯᠠᠭᠠᠢ ᠲᠠᠢ᠂ ᠤᠯᠠᠭᠠᠨ ᠲᠣᠷᠭᠠᠨ ᠳᠡᠪᠡᠯ ᠳᠡᠭᠡᠷ᠎ᠡ ᠥᠷᠭᠡᠨ ᠰᠢᠷ᠎ᠠ ᠬᠦᠷᠮ᠎ᠡ ᠡᠮᠦᠰᠦᠭᠰᠡᠨ ᠲᠠᠷᠭᠤᠨ ᠪᠡᠶ᠎ᠡ ᠲᠡᠢ ᠴᠠᠭᠠᠨ ᠴᠢᠷᠠᠢ ᠲᠠᠢ ᠰᠠᠢᠬᠠᠨ ᠮᠠᠮᠠ ᠢᠨᠢᠶᠡᠮᠰᠦᠭᠯᠡᠨ ᠭᠠᠷᠴᠤ ᠢᠷᠡᠪᠡ᠃ ᠡᠨᠡ ᠪᠣᠯ ᠪᠣᠭᠳᠠ ᠶ᠋ᠢᠨ ᠰᠣᠶᠣᠭ ᠵᠠᠩᠰᠠᠨ ᠭᠠᠪᠠᠵᠢ ᠭᠡᠭᠴᠢ ᠪᠠᠢᠯ᠎ᠠ᠃ ᠪᠠᠯᠰᠠᠨᠵᠠᠪ ᠲᠡᠭᠦᠨ ᠳ᠋ᠦ᠍ ᠭᠦᠨ᠎ᠡ ᠮᠡᠬᠦᠢᠨ ᠠᠮᠤᠷ ᠡᠷᠢᠭᠡᠳ ᠳᠣᠲᠣᠭᠰᠢ ᠵᠠᠯᠠᠪᠠ᠃ ᠰᠣᠶᠣᠭ ᠭᠡᠷ ᠲᠦ᠍ ᠣᠷᠣᠭᠰᠠᠨ ᠢ᠋ᠶ᠋ᠠᠨ᠄《 ᠪᠢ ᠲᠠᠨ ᠤ᠋ ᠳ᠋ᠤ᠌ ᠮᠠᠰᠢ ᠶᠡᠬᠡ ᠪᠠᠶᠠᠷ ᠪᠠᠶᠠᠰᠬᠤᠯᠠᠩ ᠢ᠋ ᠠᠪᠴᠢᠷᠠᠭᠰᠠᠨ》 ᠭᠡᠬᠦ ᠳ᠋ᠦ᠍᠂ ᠲᠣᠰᠣ ᠳᠠᠭᠠᠭᠠᠭᠰᠠᠨ ᠲᠤᠩᠭᠠᠯᠠᠭ ᠴᠠᠭᠠᠨ ᠴᠢᠷᠠᠢ ᠪᠠᠷ ᠢ᠋ᠶ᠋ᠠᠨ ᠬᠥᠮᠦᠨ ᠪᠦᠷᠢ ᠶ᠋ᠢ ᠢᠨᠢᠶᠡᠮᠰᠦᠭᠯᠡᠨ ᠰᠢᠷᠳᠡᠨ᠎ᠡ᠃ 
       — ᠵᠠ ᠲᠠ ᠳᠡᠭᠡᠭᠰᠢ ᠪᠡᠨ ᠮᠣᠷᠢᠯᠠᠵᠤ ᠬᠠᠢᠷᠠᠯᠠ! ᠭᠡᠵᠦ ᠲᠤᠰᠬᠠᠢᠯᠠᠨ ᠵᠠᠰᠠᠭᠰᠠᠨ ᠲᠦᠰᠢᠯᠭᠡᠲᠦ ᠣᠯᠪᠣᠭ ᠤᠷᠤᠭᠤ ᠪᠠᠨ ᠪᠠᠯᠰᠠᠨᠵᠠᠪ ᠤ᠋ᠨ ᠭᠠᠷ ᠲᠠᠯᠪᠢᠨ ᠮᠡᠬᠦᠢᠬᠦ ᠳ᠋ᠦ᠍᠄ 
       — ᠵᠦᠭᠡᠷ᠂ ᠪᠢ ᠤᠷᠢᠳ ᠢ᠋ᠶ᠋ᠠᠷ ᠳᠡᠭᠡᠷᠡᠬᠢ ᠶ᠋ᠢᠨ ᠵᠠᠷᠯᠢᠭ ᠢ᠋ ᠪᠠᠭᠤᠯᠭᠠᠶ᠎ᠠ ᠭᠡᠳ ᠡᠪᠦᠷ ᠡᠴᠡ ᠪᠡᠨ ᠰᠢᠷ᠎ᠠ ᠬᠠᠳᠠᠭ ᠭᠠᠷᠭᠠᠨ  ᠲᠡᠭᠦᠨ ᠳᠡᠭᠡᠷ᠎ᠡ ᠫᠢᠯᠠᠭᠠᠷ ᠤᠯᠠᠭᠠᠨ ᠱᠤᠭᠤᠮ ᠤ᠋ᠳ ᠤ᠋ᠨ ᠳᠤᠮᠳᠠᠭᠤᠷ ᠪᠢᠷ ᠳᠠᠷᠤᠨ ᠲᠣᠮᠣ ᠪᠠᠷ ᠪᠢᠴᠢᠭᠰᠡᠨ ᠬᠡᠳᠦᠨ ᠮᠥᠷ ᠪᠢᠴᠢᠭᠲᠦ ᠵᠠᠷᠯᠢᠭ ᠢ᠋ ᠲᠠᠯᠪᠢᠨ ᠳᠡᠯᠭᠡᠵᠦ᠄ 
       — ᠭᠡᠷ ᠪᠦᠯᠢ ᠶ᠋ᠢᠨ ᠬᠥᠮᠦᠨ ᠴᠥᠮ ᠪᠣᠢ ᠪᠢᠵᠡ ᠳᠡ? ᠭᠡᠵᠦ ᠬᠣᠭᠣᠯᠠᠢ ᠪᠠᠨ ᠪᠦᠳᠦᠭᠦᠬᠡᠨ ᠲᠠᠢᠪᠤᠩ ᠢ᠋ᠶ᠋ᠠᠷ ᠬᠡᠯᠡᠪᠡ᠃ 
       — ᠵᠠ ᠴᠥᠮ ᠪᠠᠢᠨ᠎ᠠ᠃ 
       — ᠲᠡᠭᠡᠪᠡᠯ ᠠᠴᠢᠲᠤ ᠪᠣᠭᠳᠠ ᠯᠠᠮᠠᠳᠠᠨ ᠳ᠋ᠠᠭᠠᠨ ᠴᠢᠩ ᠰᠡᠳᠬᠢᠯ ᠢ᠋ ᠪᠠᠷᠢᠨ ᠵᠠᠯᠪᠠᠷᠢᠬᠤ ᠴᠠᠭ ᠪᠣᠯᠤᠯ᠎ᠠ ᠭᠡᠳ ᠬᠣᠭᠣᠯᠠᠢ ᠪᠠᠨ ᠵᠠᠰᠠᠨ ᠬᠥᠮᠦᠰ ᠦ᠋ᠨ ᠰᠥᠭᠥᠳᠦᠨ ᠮᠡᠬᠦᠢᠬᠦ ᠶ᠋ᠢ ᠠᠵᠢᠪᠠ᠃ 
       — ᠣᠷᠣᠢ ᠶ᠋ᠢᠨ ᠴᠢᠨᠳᠠᠮᠠᠨᠢ᠂ ᠸᠴᠢᠷᠳᠠᠷᠢ ᠪᠣᠭᠳᠠ ᠯᠠᠮᠠ ᠶ᠋ᠢᠨ ᠵᠠᠷᠯᠢᠭ ᠠ᠋! ᠭᠡᠬᠦ ᠨᠢ ᠨᠠᠮᠤᠭᠤᠬᠠᠨ ᠪᠣᠯᠪᠠᠴᠤ ᠰᠦᠷ ᠪᠠᠳᠠᠷᠠᠭᠤᠯᠤᠭᠰᠠᠨ ᠪᠦᠳᠦᠭᠦᠨ ᠬᠣᠭᠣᠯᠠᠢ ᠬᠦᠩᠭᠢᠨᠡᠨ ᠰᠣᠨᠣᠰᠳᠠᠨ᠎ᠠ᠃ ᠲᠡᠭᠡᠭᠡᠳ ᠰᠣᠶᠣᠭ ᠵᠣᠷᠢᠭᠤᠳᠠ ᠲᠠᠰᠤᠯᠤᠨ ᠬᠥᠮᠦᠨ ᠨᠢᠭᠡᠪᠦᠷᠢ ᠶ᠋ᠢ ᠠᠵᠢᠬᠤ ᠨᠢ《ᠮᠥᠷᠭᠦᠴᠡᠭᠡᠭᠲᠦᠨ》 ᠭᠡᠰᠡᠨ ᠳᠣᠬᠢᠶ᠎ᠠ ᠪᠠᠢᠯ᠎ᠠ᠃ 
       ᠠᠪᠤ᠂ ᠡᠵᠢ ᠬᠣᠶᠠᠷ ᠣᠷᠣᠢ ᠳᠡᠭᠡᠷ᠎ᠡ ᠪᠡᠨ ᠨᠠᠮᠠᠨᠴᠢᠯᠠᠨ ᠨᠢᠭᠡᠨ ᠵᠡᠷᠭᠡ ᠮᠡᠬᠦᠢᠨ ᠮᠥᠷᠭᠥᠪᠡ᠃ ᠤᠶᠤᠨᠳᠠᠷᠢ ᠲᠡᠨᠳᠡ ᠪᠡᠨ  ᠳᠠᠭᠠᠨ ᠮᠥᠷᠭᠥᠬᠦ ᠪᠣᠯᠪᠠᠴᠤ ᠰᠡᠳᠬᠢᠯ ᠳ᠋ᠦ᠍ᠨᠢ ᠰᠣᠶᠣᠭ ᠤ᠋ᠨ ᠬᠥᠳᠡᠯᠬᠦ ᠪᠦᠷᠢ ᠳ᠋ᠡᠭᠡᠨ ᠮᠠᠶᠢᠭᠯᠠᠵᠤ ᠣᠨᠴᠠᠭᠠᠢ ᠪᠠᠢᠳᠠᠯ᠂ ᠠᠢᠯ ᠭᠡᠰᠬᠦ ᠳ᠋ᠦ᠍ ᠰᠠᠭᠠᠳ ᠪᠣᠯᠵᠤ ᠪᠠᠢᠳᠠᠭ ᠬᠣᠶᠠᠳᠠᠬᠢ ᠶᠠᠪᠤᠳᠠᠯ ᠳᠠᠪᠬᠤᠷ ᠡᠷᠭᠢᠯᠳᠦᠨ᠎ᠡ᠃ ᠰᠣᠶᠣᠭ ᠯᠠᠮᠠ᠄ 
       — ᠰᠡᠴᠡᠨ ᠬᠠᠭᠠᠨ ᠠᠢᠮᠠᠭ ᠭᠡᠵᠦ ᠨᠠᠮᠤᠭᠤᠬᠠᠨ ᠢ᠋ᠶ᠋ᠠᠷ ᠡᠬᠢᠯᠡᠭᠡᠳ ᠴᠠᠭᠠᠰᠢ ᠰᠢᠭᠤᠷᠬᠠᠢᠯᠠᠨ ᠤᠩᠰᠢᠭᠰᠠᠨ ᠨᠢ᠄ 
       — ᠣᠯᠠᠨ ᠬᠣᠰᠢᠭᠤ ᠨᠣᠶᠠᠳ ᠤ᠋ᠨ ᠨᠢᠭᠡᠨ ᠪᠣᠯᠬᠤ ᠨᠢᠮᠠᠴᠸᠪᠡᠭ ᠦ᠋ᠨ ᠠᠭᠡ ᠡᠳᠦᠭᠡ ᠨᠠᠰᠤ ᠬᠣᠷᠢᠨ ᠭᠤᠷᠪᠠ᠂ ᠬᠠᠨᠢᠯᠠᠨ ᠰᠠᠭᠤᠪᠠᠰᠤ ᠵᠣᠬᠢᠬᠤ ᠬᠤᠪᠢ ᠵᠠᠶᠠᠭᠠᠨ ᠤ᠋ ᠪᠦᠰᠡᠭᠦᠢ ᠮᠠᠢᠮᠠᠢ ᠬᠣᠲᠠ ᠶ᠋ᠢᠨ ᠪᠠᠯᠰᠠᠨᠵᠠᠪ ᠭᠡᠭᠴᠢ ᠶ᠋ᠢᠨ ᠲᠥᠷᠥᠭᠦᠯᠦᠭᠰᠡᠨ ᠥᠬᠢᠨ ᠣᠶᠣᠨᠳᠠᠷᠢ ᠮᠥᠨ ᠤᠴᠢᠷ ᠪᠣᠭᠳᠠ ᠫᠠᠯᠠᠮ᠎ᠠ ᠪᠢ ᠵᠠᠷᠯᠢᠭ ᠢ᠋ᠶ᠋ᠠᠷ ᠨᠡᠢᠯᠡᠭᠦᠯᠦᠨ ᠰᠠᠭᠤᠯᠭᠠᠰᠤᠭᠠᠢ! ᠭᠡᠳ ᠵᠠ ᠵᠠᠷᠯᠢᠭ ᠳᠤ ᠮᠥᠷᠭᠥᠴᠡᠭᠡ ᠭᠡᠪᠡ᠃ 
       ᠣᠶᠣᠨᠳᠠᠷᠢ ᠶ᠋ᠢᠨ ᠤᠬᠠᠭᠠᠨ ᠪᠠᠯᠠᠷᠳᠠᠨ ᠬᠠᠷᠠᠩᠭᠤᠢᠯᠠᠪᠠ᠃ ᠠᠪᠤ᠂ ᠡᠵᠢ ᠬᠣᠶᠠᠷ ᠢ᠋ᠶ᠋ᠠᠨ᠂ ᠦᠭᠡᠢ ᠭᠡᠵᠦ ᠲᠠᠲᠠᠭᠠᠯᠵᠠᠨ᠎ᠠ ᠪᠠᠢᠬᠤ ᠭᠡᠵᠦ ᠠᠵᠢᠬᠤ ᠳ᠋ᠤ᠌ ᠦᠭᠡ ᠳᠠᠭᠤ ᠦᠭᠡᠢ ᠮᠥᠷᠭᠥᠨ᠂ ᠰᠣᠶᠣᠭ ᠵᠠᠷᠯᠢᠭ ᠤ᠋ᠨ ᠪᠢᠴᠢᠭ ᠢ᠋ᠶ᠋ᠡᠷ ᠠᠳᠢᠰ ᠲᠠᠯᠪᠢᠵᠤ ᠪᠠᠢᠯ᠎ᠠ᠃ ᠳᠠᠷᠠᠭ᠎ᠠ ᠨᠢ ᠰᠣᠶᠣᠭ ᠣᠶᠣᠨᠳᠠᠷᠢ ᠤᠷᠤᠭᠤ ᠢᠨᠢᠶᠡᠮᠰᠦᠭᠯᠡᠨ ᠠᠳᠢᠰ ᠲᠠᠯᠪᠢᠬᠤ ᠪᠠᠷ ᠭᠠᠷ ᠰᠤᠩᠭᠠᠬᠤ ᠳ᠋ᠤᠨᠢ ᠮᠠᠭᠤᠵᠢᠷᠠᠨ ᠤᠨᠠᠭᠰᠠᠨ ᠠᠵᠢ᠃ ᠨᠢᠭᠡ ᠮᠡᠳᠡᠬᠦ ᠳ᠋ᠦ᠍ ᠥᠪᠡᠷ ᠦ᠋ᠨ ᠢ᠋ᠶ᠋ᠡᠨ ᠰᠠᠭᠤᠳᠠᠭ ᠭᠡᠷ ᠲᠦ᠍ ᠬᠦᠷᠭᠡᠭᠳᠡᠨ ᠢᠷᠡᠭᠰᠡᠨ ᠪᠠᠢᠬᠤ ᠪᠥᠭᠡᠳ ᠡᠬᠡ ᠬᠠᠵᠠᠭᠤ ᠳ᠋ᠤᠨᠢ᠄ 
       — ᠡᠪᠡᠢ ᠮᠢᠨᠢ᠂ ᠬᠥᠭᠡᠷᠦᠬᠦᠢ ᠮᠢᠨᠢ᠂ ᠣᠳᠣ ᠶᠠᠭᠠᠬᠢᠶ᠎ᠠ ᠭᠡᠬᠦ ᠪᠣᠢ? ᠪᠣᠭᠳᠠ ᠶ᠋ᠢᠨ ᠵᠠᠷᠯᠢᠭ ᠢ᠋ ᠬᠡᠨ ᠪᠣᠯᠪᠠᠴᠤ ᠳᠠᠪᠠᠵᠤ ᠪᠣᠯᠳᠠᠭ ᠦᠭᠡᠢ ᠡᠴᠡ ᠬᠣᠢᠰᠢ ᠶᠠᠭᠠᠬᠢᠬᠤ ᠶ᠋ᠢᠨ ᠴᠤ᠌ ᠠᠷᠭ᠎ᠠ ᠠᠯᠠᠭ᠎ᠠ ᠭᠡᠵᠦ ᠢᠯᠠᠨ ᠲᠠᠭᠠᠯᠠᠨ ᠤᠬᠢᠯᠠᠨ ᠰᠠᠭᠤᠵᠠᠢ᠃


      ᠦᠰᠦᠭ ᠠᠮᠢᠯᠠᠭᠤᠯᠤᠭᠰᠠᠨ ᠨᠢ᠄ ᠲᠡᠭᠷᠢ ᠡᠵᠢ