ᠬᠣᠢᠲᠤ ᠮᠡᠷᠭᠡᠨ ᠲᠡᠮᠦᠨᠡ < ᠬᠣᠶᠠᠷ > Хойд мэргэн төмнө – Ноёр
ᠠᠩᠭᠢᠯᠠᠯ:ᠳᠣᠮᠣᠭ ᠦᠯᠢᠭᠡᠷДомог үлгэрᠠᠷᠠᠳ ᠤ᠋ᠨ ᠠᠮᠠᠨ ᠥᠯᠢᠭᠡᠷ 2024-02-25
429
ᠵᠠ ᠂ ᠲᠡᠷᠡ ᠦᠶ᠎ᠡ ᠳ᠋ᠦ᠍ ᠡᠨᠡ ᠮᠣᠩᠭᠣᠯ ᠭᠠᠵᠠᠷ ᠲᠠᠩᠭᠤᠳ ᠭᠠᠵᠠᠷ ᠲᠠᠢ ᠵᠠᠬ᠎ᠠ ᠨᠡᠢᠯᠡᠵᠦ ᠪᠠᠢᠵᠤ ᠭᠡᠨ᠎ᠡ ᠃ ᠲᠠᠩᠭᠤᠳ ᠭᠠᠵᠠᠷ ᠰᠣᠷᠢᠨᠵᠢᠨ ᠭᠣᠮᠪᠣ ᠭᠡᠭᠴᠢ ᠨᠢᠭᠡ ᠶᠡᠬᠡ ᠬᠠᠭᠠᠨ ᠲᠠᠢ ᠭᠡᠨ᠎ᠡ ᠃ ᠡᠨᠡ ᠰᠣᠷᠢᠨᠵᠢᠨ ᠭᠣᠮᠪᠣ ᠬᠠᠭᠠᠨ ᠢ᠋ ᠴᠠᠭᠠᠨ ᠳᠠᠷᠢ ᠡᠬᠡ ᠭᠡᠳᠡᠭ ᠂ ᠡᠨᠡ ᠴᠠᠭᠠᠨ ᠳᠠᠷᠢ (ᠳ᠋ᡁᠷᠢ ᠂ ᠳᠠᠷᠠ) ᠡᠬᠡ ᠢᠯᠡᠷᠡᠬᠦ ᠳ᠋ᠦ᠍ ᠨᠣᠭᠣᠭᠠᠨ ᠳᠠᠷᠢ ᠡᠬᠡ ᠴᠦ᠍ ᠵᠠᠪᠠᠯ ᠢᠯᠡᠷᠡᠬᠦ ᠶᠣᠰᠣᠲᠠᠢ ᠭᠡᠨ᠎ᠡ ᠃ ᠲᠡᠭᠡᠭᠡᠳ ᠴᠠᠭᠠᠨ ᠳᠠᠷᠢ ᠡᠬᠡ ᠪᠠ ᠨᠣᠭᠣᠭᠠᠨ ᠳ...