ᠮᠣᠩᠭᠣᠯ ᠤ᠋ᠨ ᠲᠡᠦᠬᠡᠨ ᠳ᠋ᠡᠬᠢ ᠮᠡᠷᠭᠡᠨ ᠬᠠᠲᠤᠳМонголын түүх дахь мэргэн хатад ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠤ᠋ᠨ ᠲᠡᠦᠬᠡᠨ ᠳ᠋ᠡᠬᠢ ᠮᠡᠷᠭᠡᠨ ᠬᠠᠲᠤᠳМонголын түүх дахь мэргэн хатад

ᠮᠣᠩᠭᠣᠯ ᠤ᠋ᠨ ᠲᠡᠦᠬᠡᠨ ᠳ᠋ᠡᠬᠢ ᠮᠡᠷᠭᠡᠨ ᠬᠠᠲᠤᠳМонголын түүх дахь мэргэн хатад

2024-04-04

373

ᠮᠣᠩᠭᠣᠯ ᠤ᠋ᠨ ᠲᠡᠦᠬᠡᠨ ᠳ᠋ᠡᠬᠢ ᠮᠡᠷᠭᠡᠨ ᠬᠠᠲᠤᠳ


   ᠮᠣᠩᠭᠣᠯ ᠤ᠋ᠨ ᠲᠡᠦᠬᠡᠨ ᠳ᠋ᠦ᠍ ᠡᠨᠡᠷᠢᠩᠭᠦᠢ ᠰᠡᠳᠬᠢᠯ ᠲᠡᠢ ᠂ ᠠᠯᠳᠠᠷ ᠭᠠᠪᠢᠶ᠎ᠠ ᠲᠠᠢ ᠂ 
ᠬᠠᠲᠠᠭᠤ ᠳ᠋ᠤ᠌ ᠬᠠᠷᠢᠰᠢ ᠦᠭᠡᠢ ᠂ ᠡᠷᠡᠮᠡᠬᠡᠢ ᠵᠣᠷᠢᠭ ᠲᠠᠢ ᠡᠷᠴᠢ ᠬᠦᠴᠦ ᠲᠡᠢ ᠂ 
ᠤᠬᠠᠭᠠᠨ ᠰᠡᠴᠡᠨ ᠮᠡᠷᠭᠡᠨ ᠬᠠᠲᠤᠳ ᠤ᠋ᠨ ᠲᠤᠬᠠᠢ ᠰᠢᠯᠦᠭ ᠬᠤᠪᠢᠶᠠᠯᠴᠠᠶ᠎ᠠ ᠃             
   
ᠠᠯᠤᠨ ᠭᠤᠸ᠎ᠠ 

ᠡᠶ᠎ᠡ ᠨᠠᠢᠷ ᠢ᠋ ᠡᠷᠲᠡ ᠰᠤᠷᠭᠠᠭᠰᠠᠨ ᠡᠷᠳᠡᠮᠲᠦ ᠡᠬᠡ ᠠᠯᠤᠨ ᠭᠤᠸ᠎ᠠ  
ᠡᠷᠢᠯ ᠲᠡᠮᠡᠦᠯᠦᠯ ᠳ᠋ᠦ᠍ ᠡᠷᠲᠡ ᠬᠥᠲᠥᠯᠦᠭᠰᠡᠨ ᠠᠭᠤᠤ ᠡᠬᠡ ᠠᠯᠤᠨ ᠭᠤᠸ᠎ᠠ  
ᠡᠷᠳᠡᠮᠲᠦ ᠬᠥᠪᠡᠭᠦᠨ ᠢ᠋ ᠥᠰᠬᠡᠵᠦ ᠳᠣᠳᠣᠮᠳᠠᠭᠰᠠᠨ ᠡᠯᠪᠡᠷᠢᠯᠳᠦ ᠡᠬᠡ ᠠᠯᠤᠨ ᠭᠤᠸ᠎ᠠ  
ᠡᠷᠲᠡ ᠡᠳᠦᠭᠡ ᠳ᠋ᠦ᠍ ᠳᠣᠮᠣᠭ ᠢ᠋ᠶ᠋ᠠᠷ ᠮᠥᠩᠬᠡᠷᠡᠭᠰᠡᠨ ᠲᠩᠷᠢᠯᠢᠭ ᠡᠬᠡ ᠠᠯᠤᠨ ᠭᠤᠸ᠎ᠠ  

ᠥᠭᠡᠯᠦᠨ ᠥᠵᠢᠨ 

ᠪᠡᠶ᠎ᠡ ᠪᠡᠷ ᠳᠦᠷᠢᠮᠯᠡᠵᠦ ᠪᠦᠭᠦᠳᠡ ᠶ᠋ᠢ ᠵᠠᠰᠠᠭᠰᠠᠨ ᠮᠡᠷᠭᠡᠨ ᠥᠵᠢᠨ ᠥᠭᠡᠯᠦᠨ  
ᠪᠢᠯᠢᠭ ᠥᠭᠦᠯᠡᠵᠦ ᠪᠢᠲᠡᠭᠦᠦ ᠪᠡᠷ ᠰᠤᠷᠭᠠᠭᠰᠠᠨ ᠰᠡᠴᠡᠨ ᠦᠵᠢᠨ ᠥᠭᠡᠯᠦᠨ  
ᠬᠥᠬᠥᠨ ᠰᠤᠷᠭᠠᠯ ᠢ᠋ᠶ᠋ᠠᠷ ᠬᠡᠦᠬᠡᠳ ᠢ᠋ᠶ᠋ᠡᠨ ᠡᠶᠡᠳᠡᠭᠦᠯᠦᠭᠰᠡᠨ ᠤᠬᠠᠭᠠᠨᠲᠤ ᠦᠵᠢᠨ ᠥᠭᠡᠯᠦᠨ  
ᠬᠦᠴᠢᠷ ᠪᠡᠷᠬᠡ ᠪᠡᠷ ᠬᠦᠰᠡᠯ ᠳ᠋ᠦ᠍ ᠬᠥᠲᠥᠯᠦᠭᠰᠡᠨ ᠴᠡᠴᠡᠨ ᠥᠵᠢᠨ ᠥᠭᠡᠯᠦᠨ  

ᠪᠥᠷᠲᠡ ᠦᠵᠢᠨ 

ᠵᠠᠮᠤᠬ᠎ᠠ ᠠ᠋ᠴᠠ ᠰᠠᠯᠵᠤ ᠲᠤᠰᠠᠭᠠᠷᠯᠠᠬᠤ ᠳ᠋ᠤ᠌ ᠳᠤᠷᠠᠳᠤᠭᠰᠠᠨ ᠮᠡᠷᠭᠡᠨ ᠪᠣᠳᠣᠯᠭᠠᠲᠠᠨ ᠪᠥᠷᠲᠡ ᠦᠵᠢᠨ  
ᠵᠠᠪᠰᠠᠷᠳᠠᠭᠤᠯᠤᠯ ᠢ᠋ ᠬᠣᠷᠢᠭᠯᠠᠵᠤ ᠵᠠᠯᠬᠠᠭᠠᠯ ᠢ᠋ ᠰᠠᠨᠠᠭᠤᠯᠤᠭᠰᠠᠨ ᠴᠡᠴᠡᠨ ᠬᠠᠲᠤᠨ ᠪᠥᠷᠲᠡ ᠦᠵᠢᠨ  
ᠵᠠᠰᠠᠭ ᠲᠥᠷᠥ ᠶ᠋ᠢᠨ ᠬᠠᠮᠢᠶᠠᠷᠤᠯᠲᠠ ᠶ᠋ᠢ ᠬᠢᠨᠠᠵᠤ ᠵᠥᠪᠯᠡᠭᠰᠡᠨ ᠪᠢᠯᠢᠭᠴᠢ ᠬᠠᠲᠤᠨ ᠪᠥᠷᠲᠡ ᠥᠵᠢᠨ  
ᠵᠥᠴᠢ ᠴᠠᠭᠠᠲᠠᠢ ᠶ᠋ᠢᠨ ᠵᠢᠭᠤᠷᠠᠭᠠᠨ ᠢ᠋ ᠵᠦᠢᠲᠡᠢ ᠰᠢᠢᠳᠪᠦᠷᠢᠯᠡᠭᠰᠡᠨ ᠰᠡᠴᠡᠨ ᠬᠠᠲᠤᠨ ᠪᠥᠷᠲᠡ ᠦᠵᠢᠨ  
ᠳᠡᠭᠡᠳᠦ ᠶ᠋ᠢᠨ ᠶᠣᠰᠣ ᠶ᠋ᠢ ᠬᠦᠨᠳᠦᠳᠬᠡᠨ ᠳᠡᠭᠡᠳᠦᠯᠡᠭᠰᠡᠨ ᠠᠷᠢᠭᠤᠨ ᠰᠡᠳᠬᠢᠯᠲᠦ ᠪᠥᠷᠲᠡ ᠦᠵᠢᠨ  
ᠳᠥᠷᠪᠡᠨ ᠬᠥᠪᠡᠭᠦᠨ ᠢ᠋ ᠬᠡᠬᠡᠷᠡᠭᠦᠯᠦᠨ ᠳᠣᠳᠣᠮᠳᠠᠭᠰᠠᠨ ᠳᠥᠯᠭᠡᠨ ᠨᠠᠢᠷᠠᠮᠳᠠᠭᠤ ᠪᠥᠷᠲᠡ ᠦᠵᠢᠨ  
ᠲᠢᠪ ᠲᠡᠭᠷᠢ ᠶ᠋ᠢ ᠰᠢᠢᠳᠬᠡᠵᠦ ᠴᠡᠭᠡᠷᠯᠡᠭᠦᠯᠦᠭᠰᠡᠨ ᠲᠦᠮᠡᠨ ᠤᠬᠠᠭᠠᠨᠲᠤ ᠪᠥᠷᠲᠡ ᠦᠵᠢᠨ  
ᠳᠡᠯᠡᠬᠡᠢ ᠳ᠋ᠠᠬᠢᠨ ᠳ᠋ᠤ᠌ ᠳᠠᠭᠤᠷᠢᠰᠴᠤ ᠦᠯᠡᠳᠡᠭᠰᠡᠨ ᠭᠡᠷᠡᠯᠲᠦ ᠭᠡᠭᠡᠨ ᠪᠥᠷᠲᠡ ᠬᠠᠲᠤᠨ  

ᠶᠢᠰᠦᠢ ᠬᠠᠲᠤᠨ 

ᠡᠷᠳᠡᠮ ᠤᠬᠠᠭᠠᠨ ᠬᠣᠣᠰᠯᠠᠭᠰᠠᠨ ᠣᠶᠤᠨ ᠪᠢᠯᠢᠭ ᠦ᠋ᠨ ᠳᠠᠭᠢᠨᠢ ᠶᠤᠮ  
ᠡᠯᠪᠡᠷᠢᠯ ᠵᠢᠷᠤᠮ ᠢ᠋ ᠳᠡᠭᠡᠳᠦᠯᠡᠭᠰᠡᠨ ᠡᠶ᠎ᠡ ᠨᠠᠢᠷ ᠤ᠋ᠨ ᠪᠦᠷᠢᠯᠸ᠎ᠠ ᠶᠤᠮ  
ᠡᠷᠳᠡᠮᠲᠦ ᠡᠵᠡᠨ ᠲᠡᠮᠦᠵᠢᠨ ᠦ᠌ ᠤᠬᠠᠭᠠᠨ ᠰᠡᠯᠪᠢᠭᠰᠡᠨ ᠬᠠᠨᠢ ᠶᠤᠮ  
ᠶᠡᠬᠡ ᠵᠠᠰᠠᠭ ᠲᠤ᠌ ᠵᠥᠪᠯᠡᠭᠰᠡᠨ ᠦᠨᠡᠨᠴᠢ ᠢᠲᠡᠭᠡᠯᠲᠦ ᠨᠥᠬᠥᠷ ᠶᠤᠮ 
ᠡᠵᠡᠨ ᠪᠣᠭᠳᠠ ᠴᠢᠩᠭᠢᠰ ᠦ᠋ᠨ ᠦᠢᠯᠡ ᠶᠠᠪᠤᠳᠠᠯ ᠤ᠋ᠨ ᠵᠥᠪᠯᠡᠭᠴᠢ ᠶᠤᠮ  
ᠡᠬᠡ ᠮᠣᠩᠭᠣᠯ ᠤ᠋ᠨ ᠲᠡᠦᠬᠡᠨ ᠳᠡᠭᠡᠷ᠎ᠡ ᠠᠯᠳᠠᠷ ᠬᠦᠨᠳᠦᠲᠡᠢ ᠪᠦᠰᠡᠭᠦᠢ ᠶᠤᠮ  
ᠶᠡᠬᠡ ᠮᠣᠩᠭᠣᠯ ᠤ᠋ᠨ ᠵᠠᠯᠭᠠᠮᠵᠢᠯᠠᠭᠴᠢ ᠳ᠋ᠤ᠌ ᠭᠠᠪᠢᠶ᠎ᠠ ᠶᠡᠬᠡᠲᠡᠢ ᠬᠠᠲᠤᠨ ᠶᠤᠮ  

ᠰᠣᠷᠬᠠᠭᠳᠠᠨᠢ

ᠠᠷᠠᠳ ᠢ᠋ᠶ᠋ᠠᠨ ᠬᠠᠢᠷᠠᠯᠠᠬᠤ ᠰᠡᠳᠬᠢᠯ ᠲᠡᠢ ᠠᠭᠤᠳᠠᠮᠴᠢ ᠪᠠᠭᠲᠠᠭᠠᠮᠵᠢᠲᠤ ᠰᠤᠷᠬᠠᠭᠲᠠᠨᠢ   
ᠠᠰᠪᠤᠷ ᠴᠠᠢᠯᠭᠠᠨ ᠵᠠᠩ ᠠᠷᠠᠨᠰᠢᠨ ᠲᠠᠢ ᠠᠭᠤᠤ ᠬᠥᠮᠦᠨ ᠰᠤᠷᠬᠠᠭᠳᠠᠨᠢ  
ᠠᠶᠤᠯ ᠲᠦᠭᠰᠢᠭᠦᠷᠢ ᠡᠴᠡ ᠵᠠᠢᠯᠠᠭᠰᠠᠨ ᠤᠬᠠᠭᠠᠨᠲᠤ ᠪᠦᠰᠡᠭᠦᠢ ᠰᠤᠷᠬᠠᠭᠳᠠᠨᠢ  
ᠠᠷᠭ᠎ᠠ ᠪᠣᠳᠣᠯᠭ᠎ᠠ ᠤᠬᠠᠭᠠᠨ ᠲᠠᠮᠢᠷ ᠢ᠋ᠶ᠋ᠠᠷ ᠤᠯᠤᠰ ᠢ᠋ ᠵᠠᠰᠠᠭᠰᠠᠨ ᠰᠤᠷᠬᠠᠭᠳᠠᠨᠢ  
ᠳᠥᠷᠪᠡᠨ ᠬᠠᠭᠠᠨ ᠢ᠋ ᠬᠥᠮᠦᠵᠢᠭᠦᠯᠦᠭᠰᠡᠨ ᠲᠥᠷᠥ ᠶ᠋ᠢᠨ ᠵᠢᠳᠬᠦᠯᠲᠡᠨ ᠰᠤᠷᠬᠠᠭᠳᠠᠨᠢ  
ᠲᠦᠪᠰᠢᠷᠡᠯ ᠪᠦᠯᠬᠦᠮᠳᠡᠯ ᠢ᠋ ᠬᠠᠮᠠᠭᠠᠯᠠᠭᠰᠠᠨ ᠲᠦᠪᠴᠢ ᠰᠠᠢᠳ ᠰᠤᠷᠬᠠᠭᠳᠠᠨᠢ  
ᠲᠥᠷᠥ ᠵᠠᠰᠠᠭ ᠲᠤ᠌ ᠲᠤᠰᠠᠯᠠᠭᠰᠠᠨ ᠲᠤᠯᠤᠢ ᠶ᠋ᠢᠨ ᠬᠠᠲᠤᠨ ᠰᠤᠷᠬᠠᠭᠳᠠᠨᠢ  
ᠲᠦᠮᠡᠨ ᠠᠷᠠᠳ ᠤ᠋ᠨ ᠰᠡᠳᠬᠢᠯ ᠳ᠋ᠦ᠍ ᠬᠦᠨᠳᠦᠳᠬᠡᠯ ᠶᠡᠬᠡᠲᠡᠢ ᠰᠤᠷᠬᠠᠭᠳᠠᠨᠢ  
ᠰᠣᠳᠣᠨ ᠮᠣᠩᠭᠣᠯ ᠬᠡᠦᠬᠡᠳ ᠲᠦ᠍ ᠰᠤᠷᠭᠠᠭᠤᠯᠢ ᠪᠠᠢᠭᠤᠯᠤᠭᠰᠠᠨ ᠰᠤᠷᠬᠠᠭᠳᠠᠨᠢ  
ᠰᠤᠷᠲᠠᠯ ᠶᠣᠰᠣ ᠶ᠋ᠢ ᠭᠦᠨ ᠬᠢᠴᠢᠶᠡᠭᠰᠡᠨ ᠰᠤᠤ ᠪᠢᠯᠢᠭᠲᠡᠨ ᠰᠤᠷᠬᠠᠭᠳᠠᠨᠢ  
ᠰᠣᠶᠣᠯ ᠪᠣᠯᠪᠠᠰᠤᠷᠠᠯ ᠤ᠋ᠨ ᠬᠥᠮᠦᠵᠢᠯ ᠢ᠋ᠶ᠋ᠡᠷ ᠬᠡᠦᠬᠡᠳ ᠢ᠋ᠶ᠋ᠡᠨ ᠥᠰᠬᠡᠭᠰᠡᠨ ᠰᠤᠷᠬᠠᠭᠳᠠᠨᠢ  
ᠰᠠᠢᠬᠠᠨ ᠮᠣᠩᠭᠣᠯ ᠦᠢᠯᠡᠰ ᠲᠡᠭᠡᠨ ᠰᠢᠳᠤᠷᠭᠤ ᠵᠢᠳᠬᠦᠭᠰᠡᠨ ᠰᠤᠷᠬᠠᠭᠳᠠᠨᠢ  

ᠮᠠᠨᠳᠤᠬᠠᠢ ᠬᠠᠲᠤᠨ 

ᠪᠣᠭᠳᠠ ᠶ᠋ᠢᠨ ᠠᠷᠢᠭᠤᠨ ᠰᠤᠷᠭᠠᠯ ᠢ᠋ᠶ᠋ᠠᠨ ᠳᠡᠭᠡᠳᠦᠯᠡᠵᠦ ᠬᠦᠨᠳᠦᠳᠬᠡᠭᠰᠡᠨ ᠣᠶᠤᠨᠴᠢ ᠬᠠᠲᠤᠨ  
ᠪᠠᠲᠤᠮᠥ᠋ᠩᠬᠡ ᠳᠠᠶᠠᠨ ᠬᠠᠭᠠᠨ ᠢ᠋ ᠡᠷᠭᠦᠵᠦ ᠲᠡᠩᠬᠡᠷᠡᠭᠦᠯᠦᠭᠰᠡᠨ ᠠᠴᠢᠲᠠᠢ ᠬᠠᠲᠤᠨ  
ᠪᠡᠶ᠎ᠡ ᠪᠡᠷ ᠴᠡᠷᠢᠭᠯᠡᠵᠦ ᠪᠠᠢᠯᠳᠤᠭᠠᠨ ᠳ᠋ᠤ᠌ ᠮᠣᠷᠳᠠᠭᠰᠠᠨ ᠪᠠᠭᠠᠲᠤᠷ ᠬᠠᠲᠤᠨ  
ᠪᠠᠳᠠᠷᠠᠭᠰᠠᠨ ᠮᠣᠩᠭᠣᠯ ᠢ᠋ᠶ᠋ᠠᠨ ᠨᠢᠭᠡᠳᠬᠡᠵᠦ ᠬᠤᠷᠢᠶᠠᠭᠰᠠᠨ ᠴᠢᠳᠠᠯᠲᠠᠢ ᠬᠠᠲᠤᠨ  
ᠳᠠᠶᠠᠨ ᠬᠠᠭᠠᠨ ᠳ᠋ᠤ᠌ ᠳᠡᠮᠵᠢᠵᠦ ᠲᠤᠰᠠᠯᠠᠭᠰᠠᠨ ᠠᠯᠲᠠᠨ ᠵᠢᠯᠣᠭᠣ  
ᠳᠠᠷᠬᠠᠨ ᠲᠥᠷᠥ ᠶ᠋ᠢ ᠲᠤᠯᠵᠤ ᠲᠣᠭᠲᠠᠭᠠᠭᠰᠠᠨ ᠬᠠᠰ ᠪᠠᠭᠠᠨ᠎ᠠ  
ᠳᠠᠶᠠᠩ ᠳ᠋ᠤ᠌ ᠠᠯᠳᠠᠷᠲᠠᠢ ᠪᠢᠯᠢᠭ ᠦ᠋ᠨ ᠤᠬᠠᠭᠠᠨᠲᠠᠨ ᠮᠠᠨᠳᠤᠬᠠᠢ ᠬᠠᠲᠤᠨ  
ᠳᠣᠯᠣᠭᠠᠨ ᠪᠣᠯᠣᠳ ᠢ᠋ ᠲᠥᠷᠥᠵᠦ ᠥᠰᠬᠡᠭᠰᠡᠨ ᠭᠠᠪᠢᠶᠠᠲᠤ ᠡᠬᠡ  
ᠲᠥᠷᠥ ᠶ᠋ᠢ ᠲᠦᠪᠰᠢᠷᠡᠭᠦᠯᠵᠦ ᠤᠯᠤᠰ ᠢ᠋ ᠵᠠᠰᠠᠭᠰᠠᠨ ᠤᠯᠤᠰ ᠲᠥᠷᠥᠴᠢᠨ  
ᠲᠦᠮᠡᠨ ᠢ᠋ ᠠᠮᠤᠷᠵᠢᠭᠤᠯᠵᠤ ᠨᠡᠢᠭᠡᠮ ᠢ᠋ ᠡᠩᠬᠡᠵᠢᠭᠦᠯᠦᠭᠰᠡᠨ ᠠᠷᠭ᠎ᠠ ᠪᠣᠳᠣᠯᠭᠠᠲᠠᠨ  
ᠲᠡᠦᠬᠡ ᠶ᠋ᠢᠨ ᠬᠠᠭᠤᠳᠠᠰᠤᠨ ᠳ᠋ᠤ᠌ ᠠᠯᠳᠠᠷ ᠨᠡᠷ᠎ᠡ ᠲᠡᠢ ᠮᠠᠨᠳᠤᠬᠠᠢ ᠬᠠᠲᠤᠨ  
ᠲᠦᠮᠡᠨ ᠣᠨ ᠳ᠋ᠤ᠌ ᠮᠥᠩᠬᠡᠷᠡᠵᠦ ᠬᠣᠴᠣᠷᠤᠭᠰᠠᠨ ᠵᠢᠳᠬᠦᠯᠳᠦ ᠬᠠᠲᠤᠨ

    ᠢᠷᠡᠯᠲᠡ — ᠪᠠᠶᠠᠨᠪᠤᠯᠠᠭ ᠪᠠᠭᠰᠢ ᠶ᠋ᠢᠨ 《 ᠨᠤᠲᠤᠭ ᠬᠡᠯᠡ ᠬᠣᠶᠠᠷ 》 ᠨᠣᠮ ᠠ᠋ᠴᠠ

    ᠠᠮᠢᠯᠠᠭᠤᠯᠤᠭᠴᠢ ᠄ ᠡᠷᠲᠡᠨᠢᠬᠦᠦ
    ᠬᠢᠨᠠᠭᠴᠢ ᠄ ᠪᠠᠶᠠᠷᠴᠡᠴᠡᠭ