ᠦᠬᠡᠷ ᠠᠷᠴᠠҮхэр арц ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠬᠡᠷ ᠠᠷᠴᠠҮхэр арц

ᠦᠬᠡᠷ ᠠᠷᠴᠠҮхэр арц

2024-04-04

467

ᠦᠬᠡᠷ ᠠᠷᠴᠠ

                           ᠠᠷᠴᠠ ᠶ᠋ᠢᠨ ᠢᠵᠠᠭᠤᠷ
      ᠮᠥᠩᠬᠡ ᠨᠣᠭᠣᠭᠠᠨ ᠲᠤᠷᠤᠭ ᠮᠣᠳᠣ᠂ 15—20m ᠥᠨᠳᠥᠷ᠃ ᠬᠣᠯᠲᠣᠰᠣ ᠨᠢ ᠨᠢᠯᠬ᠎ᠠ ᠦᠶ᠎ᠡ ᠳ᠋ᠡᠭᠡᠨ ᠣᠯᠠᠪᠲᠤᠷ ᠬᠦᠷᠡᠩ ᠪᠠᠢᠵᠤ ᠥᠲᠡᠯᠪᠡᠯ ᠴᠠᠢᠪᠤᠷ ᠬᠦᠷᠡᠩ ᠪᠣᠯᠤᠨ᠎ᠠ᠃ ᠨᠠᠪᠴᠢ ᠨᠢ ᠬᠣᠶᠠᠷ ᠶᠠᠩᠵᠤ ᠪᠣᠢ᠄ ᠥᠲᠡᠯᠦᠭᠰᠡᠨ ᠮᠣᠳᠣᠨ ᠳᠡᠭᠡᠷᠡᠬᠢ ᠨᠢᠭᠲᠠ ᠨᠠᠭᠠᠯᠳᠤᠨ ᠰᠣᠯᠪᠢᠴᠠᠵᠤ ᠴᠢᠭᠲᠠᠯᠠᠨ ᠤᠷᠭᠤᠭᠰᠠᠨ ᠬᠠᠢᠷᠰᠤᠨ ᠢᠯᠲᠠᠰᠤ ᠰᠢᠭ᠋ ᠨᠠᠪᠴᠢ ᠨᠢ ᠷᠣᠮᠪ ᠬᠡᠯᠪᠡᠷᠢ ᠲᠡᠢ᠂ ᠮᠤᠬᠤᠷ ᠦᠵᠦᠭᠦᠷ ᠲᠡᠢ᠂ ᠠᠷᠤ ᠳ᠋ᠤᠨᠢ ᠵᠤᠤᠪᠠᠩ ᠪᠤᠯᠴᠢᠷᠬᠠᠢ ᠲᠠᠢ᠃ ᠨᠢᠯᠬ᠎ᠠ ᠮᠣᠳᠣ ᠪᠤᠶᠤ ᠨᠢᠯᠬ᠎ᠠ ᠮᠥᠴᠢᠷ ᠲᠡᠬᠢ ᠵᠡᠭᠦᠦ ᠮᠡᠲᠦ ᠨᠠᠪᠴᠢ ᠨᠢ 6—12cm  ᠤᠷᠲᠤ᠂ ᠥᠪᠥᠷ ᠲᠠᠯ᠎ᠠ ᠳ᠋ᠠᠭᠠᠨ ᠬᠣᠶᠠᠷ ᠵᠤᠷᠪᠤᠰ ᠴᠠᠭᠠᠨ ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ ᠪᠥᠭᠡᠳ ᠬᠤᠷᠴᠠ ᠥᠷᠭᠡᠰᠦ ᠰᠢᠭ ᠦᠵᠦᠭᠦᠷ ᠲᠡᠢ᠂ ᠣᠯᠠᠩᠬᠢ ᠳ᠋ᠠᠭᠠᠨ ᠰᠣᠯᠪᠢᠴᠠᠵᠤ ᠴᠢᠭᠲᠠᠯᠠᠨ ᠤᠷᠭᠤᠬᠤ ᠪᠤᠶᠤ ᠭᠤᠷᠪᠠ ᠭᠤᠷᠪᠠ ᠪᠠᠷ ᠳᠤᠭᠤᠢᠷᠠᠨ ᠪᠠᠢᠷᠢᠯᠠᠨ᠎ᠠ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ ᠪᠤᠶᠤ ᠣᠨᠳᠣᠣ ᠭᠡᠷ ᠲᠡᠢ᠂ ᠪᠦᠷ ᠬᠠᠢᠷᠰᠤᠨ ᠢᠯᠲᠠᠰᠤ ᠰᠢᠭ᠋ ᠨᠠᠪᠴᠢ ᠲᠠᠢ ᠮᠥᠴᠢᠷ ᠦ᠋ᠨ ᠣᠷᠣᠢ ᠳ᠋ᠤ᠌ ᠤᠷᠭᠤᠨ᠎ᠠ᠃ ᠡᠷ᠎ᠡ ᠪᠠᠭ ᠴᠡᠴᠡᠭ ᠨᠢ ᠵᠤᠤᠪᠠᠩ᠂ ᠭᠦᠢᠬᠡᠨ ᠰᠢᠷ᠎ᠠ᠂ ᠨᠠᠢ᠍ᠮᠠᠨ ᠬᠣᠣᠰ ᠡᠷ᠎ᠡ ᠲᠣᠭᠣᠷᠴᠣᠭ ᠲᠠᠢ᠃ ᠡᠮ᠎ᠡ ᠪᠠᠭ ᠴᠡᠴᠡᠭ ᠨᠢ ᠪᠥᠭᠡᠷᠡᠩᠬᠡᠢ᠂ ᠭᠤᠷᠪᠠᠨ ᠬᠠᠢᠰᠤᠨ ᠢᠯᠲᠠᠰᠤ ᠲᠠᠢ᠃ ᠪᠣᠷᠭᠣᠴᠣᠭ ᠨᠢ ᠪᠥᠭᠡᠷᠡᠩᠬᠡᠢᠪᠲᠦᠷ᠂ ᠰᠢᠭᠦᠰᠦᠯᠢᠭ ᠵᠢᠮᠢᠰ ᠦ᠋ᠨ ᠮᠠᠶᠢᠭ ᠲᠠᠢ᠂ ᠪᠣᠯᠪᠠᠰᠤᠷᠠᠪᠠᠯ ᠬᠦᠷᠡᠩ ᠮᠥᠷᠲᠡᠭᠡᠨ ᠴᠠᠭᠠᠨ ᠣ ᠲᠠᠢ᠂ ᠳ᠋ᠢᠶᠠᠮᠧᠲ᠋ᠷ ᠨᠢ 6—8cm ᠃ ᠦᠷ᠎ᠡ ᠨᠢ 1—4 ᠂ ᠭᠤᠷᠪᠠᠨ ᠢᠷᠮᠡᠭ ᠲᠡᠢ᠂ ᠥᠨᠳᠡᠭᠡᠯᠵᠢᠨ᠃
      ᠵᠤᠵᠠᠭᠠᠨ ᠡᠯᠡᠰᠦᠷᠬᠡᠭ ᠬᠥᠷᠥᠰᠥᠲᠦ ᠰᠡᠭᠦᠳᠡᠷᠯᠢᠭ ᠬᠠᠵᠠᠭᠤ᠂ ᠬᠠᠭᠠᠰ ᠰᠡᠭᠦᠳᠡᠷᠯᠢᠭ ᠬᠠᠵᠠᠭᠤ ᠪᠠᠷ ᠤᠷᠭᠤᠨ᠎ᠠ᠂ ᠭᠠᠩ ᠬᠠᠭᠤᠷᠠᠢ ᠭᠠᠵᠠᠷ ᠪᠠᠰᠠ ᠤᠷᠭᠤᠨ᠎ᠠ᠃
      ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠠᠷᠤᠭ ᠪᠦᠷ ᠤᠷᠭᠤᠳᠠᠭ᠃ ᠡᠯ᠎ᠡ ᠭᠠᠵᠠᠷ ᠤ᠋ᠨ ᠬᠠᠰᠢᠶ᠎ᠠ ᠬᠦᠷᠢᠶ᠎ᠡ ᠴᠡᠴᠡᠷᠯᠢᠭ ᠲᠤ ᠪᠦᠷ ᠠᠷᠠᠴᠢᠯᠠᠨ ᠵᠠᠢᠯᠠᠵᠤ ᠪᠣᠢ᠃
      ᠮᠣᠳᠣ ᠨᠢ ᠨᠢᠭᠲᠠ᠂ ᠬᠠᠲᠠᠭᠤ ᠮᠥᠷᠲᠡᠭᠡᠨ ᠲᠣᠭᠣᠷ ᠤ᠋ᠨ ᠤᠯᠠᠭᠠᠨ ᠥᠩᠭᠡᠲᠡᠢ ᠪᠣᠯᠬᠣᠷ ᠰᠡᠢᠯᠦᠮᠡᠯ᠂ ᠪᠠᠭᠠᠵᠢ ᠬᠡᠷᠡᠭᠰᠡᠯ᠂ ᠪᠢᠴᠢᠭ ᠦ᠋ᠨ ᠬᠡᠷᠡᠭᠰᠡᠯ ᠵᠡᠷᠭᠡ ᠳ᠋ᠦ᠍ ᠠᠰᠢᠭᠯᠠᠭᠳᠠᠵᠤ ᠪᠣᠢ᠃ ᠦᠷ᠎ᠡ ᠡᠴᠡ ᠨᠢ ᠲᠣᠰᠣ ᠠᠪᠴᠤ ᠪᠣᠯᠤᠨ᠎ᠠ᠃ ᠮᠣᠳᠣ ᠠ᠋ᠴᠠ ᠨᠢ ᠠᠩᠬᠢᠯᠤᠮ᠎ᠠ ᠲᠣᠰᠣ ᠠᠪᠳᠠᠭ᠃ ᠨᠠᠪᠴᠢ ᠮᠥᠴᠢᠷ ᠨᠢ ᠡᠮ ᠳ᠋ᠦ᠍ ᠣᠷᠣᠨ᠎ᠠ᠃
      ᠬᠢᠲᠠᠳ ᠨᠡᠷ᠎ᠡ᠄圆柏(烩)
      ᠠᠩᠭ᠌ᠯᠢ ᠨᠡᠷ᠎ᠡ᠄ Scbina chinensis (L.) Ant.

           ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
           ᠬᠢᠨᠠᠭᠴᠢ᠄ ᠲᠤᠶᠠᠭ᠎ᠠ