ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ01- ᠪᠥᠰ ᠡᠳ᠋ᠯᠡᠯ ᠣᠶᠣᠬᠤ ᠬᠠᠳᠬᠤᠬᠤ ᠤᠷᠠᠯᠠᠯ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ01- ᠪᠥᠰ ᠡᠳ᠋ᠯᠡᠯ ᠣᠶᠣᠬᠤ ᠬᠠᠳᠬᠤᠬᠤ ᠤᠷᠠᠯᠠᠯ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ01- ᠪᠥᠰ ᠡᠳ᠋ᠯᠡᠯ ᠣᠶᠣᠬᠤ ᠬᠠᠳᠬᠤᠬᠤ ᠤᠷᠠᠯᠠᠯ

ᠠᠩᠭᠢᠯᠠᠯ:ᠵᠠᠩ ᠦᠢᠯᠡ
2024-04-03

421

ᠬᠣᠶᠠᠳᠤᠭᠠᠷ ᠪᠦᠯᠦᠭ01- ᠪᠥᠰ ᠡᠳ᠋ᠯᠡᠯ ᠣᠶᠣᠬᠤ ᠬᠠᠳᠬᠤᠬᠤ ᠤᠷᠠᠯᠠᠯ

              ᠳᠠᠪᠤᠤ ᠶ᠋ᠢᠨ ᠡᠳ᠋ᠯᠡᠯ ᠢ ᠬᠥᠮᠦᠨ ᠡᠷᠲᠡ ᠦᠶ᠎ᠡ ᠡᠴᠡ ᠡᠬᠢᠯᠡᠨ ᠬᠡᠷᠡᠭᠯᠡᠭᠰᠡᠨ ᠪᠠ ᠲᠤᠬᠠᠢᠯᠠᠪᠠᠯ ᠬᠥᠮᠦᠨ ᠬᠤᠪᠴᠠᠰᠤ᠂ ᠡᠳ᠋ᠯᠡᠯ ᠬᠡᠷᠡᠭᠯᠡᠬᠦ ᠪᠣᠯᠤᠭᠰᠠᠨ ᠴᠠᠭ ᠠ᠋ᠴᠠ ᠪᠤᠶᠤ ᠲᠡᠭᠦᠨ ᠦ᠌ ᠲᠡᠦᠬᠡᠨ ᠮᠠᠲ᠋ᠧᠷᠢᠶᠠᠯ ᠪᠣᠯᠬᠤ ᠮᠠᠯ ᠤ᠋ᠨ ᠨᠣᠣᠰᠣ᠂ ᠤᠷᠭᠤᠮᠠᠯ ᠤ᠋ᠨ ᠡᠰᠢ᠂ ᠦᠨᠳᠦᠰᠦ᠂ ᠮᠥᠴᠢᠷ ᠢ᠋ ᠰᠦᠯᠵᠢᠨ ᠡᠮᠦᠰᠬᠦ ᠨᠡᠬᠡᠬᠦ ᠪᠣᠯᠤᠭᠰᠠᠨ ᠲᠡᠷᠡ ᠦᠶ᠎ᠡ ᠲᠡᠢ ᠬᠣᠯᠪᠣᠭ᠎ᠠ ᠲᠠᠢ᠃ ᠭᠡᠬᠦ ᠳ᠋ᠡᠭᠡᠨ ᠳᠠᠪᠤᠤ ᠶ᠋ᠢᠨ ᠡᠳ᠋ᠯᠡᠯ ᠣᠳᠣ ᠶ᠋ᠢᠨ ᠬᠢ ᠰᠢᠭ ᠪᠣᠯᠪᠠᠰᠤᠷᠠᠩᠭᠤᠢ ᠪᠠᠢᠭ᠎ᠠ ᠦᠭᠡᠢ ᠨᠢ ᠬᠡᠨ ᠪᠦᠬᠦᠨ ᠳ᠋ᠦ᠍ ᠮᠡᠳᠡᠭᠡᠵᠢ ᠶ᠋ᠢᠨ ᠬᠡᠷᠡᠭ ᠪᠥᠭᠡᠳ ᠬᠠᠮᠤᠭ ᠤ᠋ᠨ ᠲᠦᠷᠦᠭᠦᠦ ᠨᠢ ᠴᠢᠬᠢᠷᠰᠦ᠂ ᠲᠠᠭᠠᠷ᠂ ᠣᠯᠣᠰᠣ᠂ ᠮᠠᠭᠠᠯᠢᠩᠭᠤ ᠶ᠋ᠢᠨ ᠡᠳ᠋ᠯᠡᠯ ᠡᠬᠢᠯᠡᠵᠦ ᠡᠭᠦᠰᠦᠭᠰᠡᠨ ᠪᠠᠢᠵᠤ ᠲᠠᠭᠠᠷᠠᠨ᠎ᠠ᠃ ᠬᠦᠢ ᠨᠢᠭᠡᠳᠦᠯ ᠦ᠋ᠨ ᠦᠶ᠎ᠡ ᠳ᠋ᠦ᠍ ᠤᠷᠭᠤᠮᠠᠯ ᠤ᠋ᠨ ᠵᠦᠢᠯ ᠡᠴᠡ ᠦᠨᠳᠦᠰᠦ ᠡᠰᠢ᠂ ᠮᠥᠴᠢᠷ ᠵᠡᠷᠭᠡ ᠶ᠋ᠢ ᠴᠣᠭᠣᠯᠵᠤ ᠰᠦᠯᠵᠢᠨ ᠴᠢᠭᠢᠷᠰᠦᠨ ᠰᠠᠪᠠ᠂ ᠳᠡᠪᠢᠰᠬᠡᠷ ᠬᠢᠵᠦ ᠪᠠᠢᠭᠰᠠᠨ ᠤ᠋ ᠳᠡᠭᠡᠷ᠎ᠡ ᠤᠷᠭᠤᠮᠠᠯ ᠢ᠋ ᠰᠦᠯᠵᠢᠨ ᠭᠠᠳᠠᠨ᠎ᠠ᠂ ᠳᠣᠲᠣᠷ᠎ᠠ ᠲᠠᠯ᠎ᠠ ᠶ᠋ᠢ ᠰᠢᠪᠠᠷᠳᠠᠨ ᠰᠢᠲᠠᠭᠠᠵᠤ ᠸᠠᠭᠠᠷ ᠬᠢᠵᠦ ᠪᠠᠢᠭᠰᠠᠨ ᠲᠤᠬᠠᠢ ᠰᠤᠳᠤᠷ ᠨᠣᠮ ᠳ᠋ᠤ᠌ ᠣᠯᠠᠨ ᠲᠠᠢ ᠪᠢᠴᠢᠭᠳᠡᠭᠰᠡᠨ ᠪᠠᠢᠳᠠᠭ᠃ ᠭᠡᠬᠦ ᠳ᠋ᠡᠭᠡᠨ ᠣᠳᠣ ᠶ᠋ᠢᠨ ᠬᠡᠷᠡᠭᠯᠡᠵᠦ ᠪᠠᠢᠭ᠎ᠠ ᠨᠠᠷᠢᠪᠲᠤᠷ ᠳᠠᠪᠤᠤ ᠶ᠋ᠢᠨ ᠡᠬᠢ ᠡᠭᠦᠰᠪᠦᠷᠢ ᠨᠡᠯᠢᠶᠡᠳ ᠬᠣᠵᠢᠭᠤ ᠪᠣᠢ ᠪᠣᠯᠵᠠᠢ᠃ ᠳᠠᠪᠤᠤ ᠬᠥᠮᠦᠨ ᠲᠥᠷᠥᠯᠬᠢᠲᠡᠨ ᠦ᠌ ᠦᠢᠯᠡᠳᠪᠦᠷᠢᠯᠡᠯ ᠦ᠋ᠨ ᠬᠥᠭᠵᠢᠯ ᠦ᠋ᠨ ᠳᠠᠭᠠᠤ ᠴᠢᠬᠢᠷᠰᠦ᠂ ᠲᠠᠭᠠᠷ᠂ ᠣᠯᠣᠰᠣ᠂ ᠮᠠᠭᠠᠯᠢᠩᠭᠤ ᠶ᠋ᠢᠨ ᠰᠦᠯᠵᠢᠮᠡᠯ ᠡᠴᠡ ᠥᠨᠥ ᠶ᠋ᠢᠨ ᠨᠠᠷᠢᠨ ᠳᠠᠪᠤᠤ ᠳ᠋ᠤ᠌ ᠬᠦᠷᠬᠦ ᠳ᠋ᠡᠭᠡᠨ ᠤᠷᠲᠤ ᠬᠤᠭᠤᠴᠠᠭ᠎ᠠ ᠲᠤᠭᠤᠯᠤᠭᠰᠠᠨ ᠨᠢ ᠮᠡᠳᠡᠭᠡᠵᠢ ᠪᠥᠭᠡᠳ ᠬᠥᠭᠵᠢᠯ ᠦ᠋ᠨ ᠶᠠᠪᠤᠴᠠ ᠳ᠋ᠤ᠌ ᠥᠩᠭᠡ᠂ ᠪᠣᠳᠣᠭ᠂ ᠬᠡ ᠤᠷᠠᠯᠠᠯ ᠢ᠋ᠶ᠋ᠠᠷ ᠴᠢᠮᠡᠭᠯᠡᠭᠳᠡᠵᠥ ᠥᠩᠭᠡ ᠦᠵᠡᠮᠵᠢᠲᠦ ᠴᠢᠨᠠᠷ ᠤ᠋ᠨ ᠥᠭᠡᠷᠡᠴᠢᠯᠡᠯᠲᠡ ᠭᠠᠷᠴᠤ᠂ ᠬᠥᠮᠦᠨ ᠦ᠌ ᠬᠡᠷᠡᠭᠯᠡᠬᠦ ᠣᠨᠴᠠᠯᠢᠭ ᠢ᠋ᠶ᠋ᠠᠷ ᠶᠠᠩᠵᠤ ᠪᠦᠷᠢ ᠶ᠋ᠢᠨ ᠬᠡᠯᠪᠡᠷᠢ ᠲᠡᠢ ᠪᠣᠯᠵᠠᠢ᠃ ᠳᠠᠪᠤᠤ ᠶ᠋ᠢᠨ ᠬᠡ᠂ ᠰᠦᠯᠵᠢᠶᠡᠰᠦ᠂ ᠥᠩᠭᠡ ᠪᠣᠳᠣᠭ ᠲᠤᠰ ᠤᠯᠤᠰ ᠤ᠋ᠨ ᠳᠣᠲᠣᠷᠠᠬᠢ ᠣᠯᠠᠨ ᠵᠢᠭᠦᠨᠢ ᠦᠨᠳᠦᠰᠦᠲᠡᠨ ᠶᠠᠰᠤᠲᠠᠨ ᠤ᠋ ᠳᠦᠷᠰᠦᠯᠡᠬᠦ ᠤᠷᠠᠯᠢᠭ ᠤ᠋ᠨ ᠥᠪᠡᠷᠮᠢᠴᠡ ᠰᠢᠨᠵᠢ ᠶ᠋ᠢ ᠢᠯᠡᠷᠬᠡᠢᠯᠡᠨ ᠬᠥᠭᠵᠢᠵᠦ ᠢᠷᠡᠵᠡᠢ᠃ ᠳᠠᠪᠤᠤ ᠶ᠋ᠢᠨ ᠡᠳ᠋ᠯᠡᠯ ᠳᠣᠲᠣᠷ᠎ᠠ ᠪᠠᠨ ᠬᠢᠭᠰᠡᠨ ᠲᠦᠭᠦᠬᠡᠢ ᠡᠳ᠋ ᠮᠠᠲ᠋ᠧᠷᠢᠶᠠᠯ ᠤ᠋ᠨ ᠣᠨᠴᠠᠯᠢᠭ ᠠ᠋ᠴᠠ ᠬᠠᠮᠢᠶᠠᠷᠴᠤ ᠲᠠᠭᠠᠷ᠂ ᠮᠠᠭᠠᠯᠢᠩᠭᠤ᠂ ᠬᠥᠪᠥᠩ᠂ ᠳᠠᠯᠢᠩᠪᠤᠤ ᠴᠤᠤᠶᠠᠩᠪᠤᠤ ᠲᠥᠷᠥᠯ ᠪᠦᠷᠢ ᠶ᠋ᠢᠨ ᠨᠢᠮᠭᠡᠨ ᠵᠤᠵᠠᠭᠠᠨ᠂ ᠴᠠᠭᠠᠨ᠂ ᠴᠡᠩᠬᠡᠷ᠂ ᠰᠢᠷ᠎ᠠ ᠭᠡᠬᠦ ᠮᠡᠲᠦ ᠥᠩᠭᠡ ᠪᠦᠷᠢ ᠶ᠋ᠢᠨ ᠪᠣᠯᠤᠨ ᠨᠢᠭᠡ ᠳᠡᠪᠢᠰᠬᠡᠷ ᠲᠦ᠍ ᠣᠯᠠᠨ ᠥᠩᠭᠡ ᠶ᠋ᠢ ᠪᠠᠭᠲᠠᠭᠠᠭᠰᠠᠨ ᠲᠣᠭᠣᠰᠢ᠂ ᠳᠥᠷᠪᠡᠯᠵᠢᠨ᠂ ᠴᠡᠴᠡᠭ ᠨᠠᠪᠴᠢᠨ ᠬᠡ ᠲᠡᠢ ᠡᠷᠢᠶᠡᠨ ᠳᠠᠪᠤᠤ᠂ ᠰᠠᠲ᠋ᠢᠨ᠂ ᠵᠢᠭᠦᠨᠢ᠂ ᠥᠷᠭᠡᠨ ᠨᠠᠷᠢᠨ ᠡᠩ ᠲᠡᠢ ᠨᠣᠣᠰᠣᠨ ᠳᠠᠪᠤᠤ ᠪᠠᠢᠳᠠᠭ᠃ ᠳᠠᠪᠤᠤ ᠶ᠋ᠢᠨ ᠡᠳ᠋ᠯᠡᠯ ᠦ᠋ᠨ ᠪᠦᠲᠦᠴᠡ ᠳᠠᠩ ᠪᠤᠶᠤ ᠨᠡᠢᠯᠡᠮᠡᠯ ᠤᠲᠠᠰᠤᠨ ᠠ᠋ᠴᠠ ᠪᠦᠲᠦᠬᠦ ᠪᠥᠭᠡᠳ ᠲᠡᠭᠦᠨ ᠦ᠌ ᠪᠦᠲᠦᠴᠡ ᠶ᠋ᠢ ᠢᠯᠭᠠᠵᠤ ᠲᠠᠨᠢᠬᠤ ᠳ᠋ᠤ᠌ ᠨᠢᠳᠦ ᠪᠡᠷ ᠬᠠᠷᠠᠵᠤ ᠢᠯᠭᠠᠬᠤ ᠪᠣᠯᠪᠠᠴᠤ ᠵᠠᠷᠢᠮ ᠨᠢ ᠡᠩ ᠦ᠋ᠨ ᠠᠵᠢᠭᠯᠠᠬᠤ ᠳ᠋ᠤ᠌ ᠲᠠᠨᠢᠭᠳᠠᠳᠠᠭ ᠦᠭᠡᠢ ᠤᠴᠢᠷ ᠬᠢᠮᠢ ᠶ᠋ᠢᠨ ᠠᠷᠭ᠎ᠠ ᠪᠠᠷ ᠵᠠᠳᠠᠯᠤᠨ ᠰᠢᠨᠵᠢᠯᠡᠭᠡ ᠬᠢᠵᠦ ᠲᠠᠨᠢᠳᠠᠭ᠃ ᠡᠩ ᠦ᠋ᠨ ᠠᠵᠢᠭᠯᠠᠬᠤ ᠳ᠋ᠤ᠌ ᠲᠠᠨᠢᠭᠳᠠᠳᠠᠭ ᠦᠭᠡᠢ ᠳᠠᠪᠤᠤ ᠶ᠋ᠢ ᠬᠢᠯᠪᠠᠷ ᠠᠷᠭ᠎ᠠ ᠪᠠᠷ ᠲᠠᠨᠢᠬᠤ ᠶ᠋ᠢᠨ ᠲᠤᠯᠠᠳᠠ ᠲᠡᠭᠦᠨ ᠦ᠌ ᠤᠲᠠᠰᠤ ᠶ᠋ᠢ ᠰᠢᠲᠠᠭᠠᠵᠤ ᠲᠠᠨᠢᠳᠠᠭ᠃ ᠣᠷᠴᠢᠨ ᠦᠶ᠎ᠡ ᠶ᠋ᠢᠨ ᠬᠥᠭᠵᠢᠯ ᠬᠥᠮᠦᠨ ᠦ᠌ ᠭᠤᠸ᠎ᠠ ᠵᠦᠢ ᠰᠣᠶᠣᠯᠴᠢ ᠪᠣᠯᠪᠠᠰᠤᠨ ᠠᠵᠤ ᠲᠥᠷᠥᠬᠦ ᠳ᠋ᠦ᠍ ᠬᠤᠪᠴᠠᠰᠤᠨ ᠤ᠋ ᠭᠤᠸ᠎ᠠ ᠵᠦᠢ ᠴᠢᠬᠤᠯᠠ ᠨᠥᠯᠥᠭᠡ ᠲᠡᠢ ᠪᠥᠭᠡᠳ ᠬᠥᠮᠦᠨ ᠭᠡᠳᠡᠭ ᠭᠠᠳᠠᠨ᠎ᠠ ᠪᠠᠨ ᠴᠤ᠌᠂ ᠳᠣᠲᠣᠷ᠎ᠠ ᠪᠠᠨ ᠴᠤ᠌ ᠭᠣᠶᠣ ᠪᠠᠢᠵᠤ ᠵᠢᠩᠬᠢᠨᠢ ᠬᠥᠮᠦᠨ ᠦ᠌ ᠨᠠᠨᠳᠢᠨ ᠴᠢᠨᠠᠷ ᠢ᠋ ᠬᠠᠳᠠᠭᠠᠯᠠᠬᠤ ᠶᠣᠰᠣᠲᠠᠢ ᠪᠣᠯᠬᠣᠷ ᠥᠪᠡᠷ ᠢ᠋ ᠨᠢ ᠴᠢᠮᠡᠵᠦ ᠪᠠᠢᠭ᠎ᠠ ᠬᠤᠪᠴᠠᠰᠤ ᠭᠡᠷ ᠣᠷᠣᠨ ᠢ᠋ᠶ᠋ᠠᠨ ᠰᠠᠢᠬᠠᠨ ᠪᠠᠢᠯᠭᠠᠬᠤ ᠶ᠋ᠢᠨ ᠲᠤᠯᠠᠳᠠ ᠲᠡᠭᠦᠨ ᠦ᠌ ᠦᠨᠳᠦᠰᠦᠨ ᠮᠠᠲ᠋ᠧᠷᠢᠶᠠᠯ ᠤ᠋ᠨ ᠬᠢᠮᠢ ᠶ᠋ᠢᠨ ᠨᠠᠢᠷᠠᠯᠭ᠎ᠠ᠂ ᠹᠢᠽᠢᠺ ᠦ᠋ᠨ ᠴᠢᠨᠠᠷ ᠢ᠋ ᠲᠠᠨᠢᠵᠤ ᠮᠡᠳᠡᠬᠦ ᠨᠢ ᠤᠭ ᠮᠠᠲ᠋ᠧᠷᠢᠶᠠᠯ ᠢ᠋ ᠶᠠᠭᠤᠨ ᠳ᠋ᠤ᠌ ᠵᠣᠬᠢᠷᠠᠭᠤᠯᠬᠤ᠂ ᠡᠰᠬᠡᠵᠦ ᠣᠶᠣᠬᠤ᠂ ᠲᠡᠭᠦᠨ ᠢ᠋ ᠤᠬᠢᠶᠠᠵᠤ ᠠᠷᠴᠢᠬᠤ᠂ ᠢᠩᠳᠡᠦᠳᠡᠬᠦ ᠳ᠋ᠡᠭᠡᠨ ᠥᠩᠭᠡ ᠦᠵᠡᠮᠵᠢ ᠶ᠋ᠢ ᠠᠯᠳᠠᠭᠳᠠᠭᠤᠯᠬᠤ ᠦᠭᠡᠢ ᠪᠠᠢᠯᠭᠠᠬᠤ ᠳ᠋ᠤ᠌ ᠴᠢᠬᠤᠯᠠ ᠨᠥᠯᠥᠭᠡ ᠪᠣᠯᠤᠭᠠᠳ ᠵᠣᠭᠰᠣᠬᠤ ᠦᠭᠡᠢ ᠥᠪᠡᠷ ᠦ᠋ᠨ ᠭᠠᠷᠠᠭ ᠤ᠋ᠨ ᠠᠭᠤᠷ ᠠᠮᠢᠰᠬᠤᠯ᠂ ᠣᠷᠴᠢᠨ ᠤ᠋ ᠨᠥᠯᠦᠭᠡᠨ ᠳ᠋ᠦ᠍ ᠵᠣᠬᠢᠴᠠᠭᠰᠠᠨ ᠬᠤᠪᠴᠠᠰᠤ ᠤᠷᠠᠯᠠᠨ ᠪᠦᠲᠦᠭᠡᠬᠦ ᠪᠣᠯᠵᠠᠢ᠃ ᠳᠠᠪᠤᠤ ᠶ᠋ᠢᠨ ᠡᠳ᠋ᠯᠡᠯ ᠦ᠋ᠨ ᠪᠦᠲᠦᠴᠡ ᠶ᠋ᠢ ᠲᠣᠳᠣᠷᠬᠠᠢᠯᠠᠬᠤ ᠬᠠᠮᠤᠭ ᠤ᠋ᠨ ᠡᠩ ᠦ᠋ᠨ ᠠᠷᠭ᠎ᠠ ᠨᠢ ᠲᠡᠭᠦᠨ ᠦ᠌ ᠤᠲᠠᠰᠤ ᠶ᠋ᠢ ᠰᠢᠲᠠᠭᠠᠵᠤ ᠦᠵᠡᠬᠦ ᠠᠵᠢᠯ ᠶᠤᠮ᠃ ᠭᠠᠯ ᠳ᠋ᠤ᠌ ᠰᠢᠲᠠᠭᠠᠬᠤ ᠳ᠋ᠤ᠌ ᠬᠥᠪᠥᠩ᠂ ᠴᠠᠭᠠᠰᠤ᠂ ᠮᠠᠭᠠᠯᠢᠩᠭᠤ ᠶ᠋ᠢᠨ ᠡᠳ᠋ᠯᠡᠯ ᠦ᠋ᠨ ᠤᠲᠠᠰᠤ ᠠᠮᠠᠷᠬᠠᠨ ᠰᠢᠲᠠᠬᠤ ᠪᠠ ᠰᠢᠲᠠᠵᠤ ᠪᠠᠢᠬᠤ ᠳ᠋ᠠᠭᠠᠨ ᠥᠪᠡᠷᠮᠢᠴᠡ ᠦᠨᠦᠷ ᠭᠠᠷᠴᠤ᠂ ᠰᠢᠲᠠᠵᠤ ᠳᠠᠭᠤᠰᠤᠮᠠᠭᠴᠠ ᠴᠠᠭᠠᠨ ᠥᠩᠭᠡ ᠲᠡᠢ ᠦᠨᠡᠰᠦ ᠦᠯᠡᠳᠡᠨ᠎ᠡ᠃ ᠨᠣᠣᠰᠣᠨ ᠳᠠᠪᠤᠤ᠂ ᠲᠣᠷᠭᠠᠨ ᠤ᠋ ᠤᠲᠠᠰᠤ ᠰᠢᠲᠠᠬᠤ ᠳ᠋ᠠᠭᠠᠨ ᠬᠤᠢᠬᠠᠯᠠᠭᠰᠠᠨ ᠦᠰᠦ ᠶ᠋ᠢᠨ( ᠬᠢᠷᠪᠤᠰᠤ ᠶ᠋ᠢᠨ) ᠦᠨᠦᠷ ᠭᠠᠷᠴᠤ᠂ ᠤᠲᠠᠰᠤᠨ ᠤ᠋ ᠰᠢᠲᠠᠵᠤ ᠪᠠᠢᠭ᠎ᠠ ᠦᠵᠦᠭᠦᠷ ᠲᠦ᠍ ᠬᠠᠷ᠎ᠠ ᠥᠩᠭᠡ ᠶ᠋ᠢᠨ ᠪᠥᠮᠪᠥᠭᠡᠯᠢᠭ ᠲᠣᠭᠲᠠᠨ᠎ᠠ᠃ ᠲᠣᠷᠭᠠᠨ ᠤ᠋ ᠤᠲᠠᠰᠤ ᠰᠢᠲᠠᠬᠤ ᠨᠢ ᠤᠳᠠᠭᠠᠨ᠂ ᠴᠥᠪᠥᠷᠢᠭᠦᠦ ᠲᠡᠢ ᠬᠠᠷ᠎ᠠ ᠥᠩᠭᠡ ᠶ᠋ᠢᠨ ᠪᠥᠮᠪᠥᠭᠡᠯᠢᠭ ᠡᠭᠦᠰᠬᠡᠵᠦ ᠬᠠᠢᠯᠤᠨ᠎ᠠ᠃ ᠨᠡᠢᠯᠡᠭ ᠡᠳ᠋ ᠦ᠋ᠨ ᠤᠲᠠᠰᠤ ᠰᠢᠲᠠᠬᠤ ᠳ᠋ᠠᠭᠠᠨ ᠬᠠᠲᠠᠭᠤ ᠪᠥᠮᠪᠥᠭᠡᠯᠢᠭ ᠡᠭᠦᠰᠬᠡᠵᠦ ᠬᠠᠢᠯᠤᠨ᠎ᠠ᠃ ᠡᠨᠡ ᠰᠢᠨᠵᠢ ᠪᠡᠷ ᠢᠯᠭᠠᠬᠤ ᠠ᠋ᠴᠠ ᠭᠠᠳᠠᠨ᠎ᠠ ᠱᠠᠭᠠᠷᠳᠠᠯᠭ᠎ᠠ ᠲᠠᠢ ᠦᠶ᠎ᠡ ᠳ᠋ᠦ᠍ ᠬᠢᠮᠢ ᠶ᠋ᠢᠨ ᠰᠢᠨᠵᠢᠯᠡᠭᠡ ᠬᠢᠵᠦ ᠲᠠᠨᠢᠳᠠᠭ᠃ ᠢᠩᠭᠢᠵᠦ ᠲᠠᠨᠢᠬᠤ ᠨᠢ ᠣᠶᠣᠳᠠᠯᠴᠢᠨ ᠬᠥᠮᠦᠨ ᠦ᠌ ᠵᠠᠢᠯᠠᠰᠢ ᠦᠭᠡᠢ ᠮᠡᠳᠡᠪᠡᠯ ᠵᠣᠬᠢᠬᠤ ᠵᠦᠢᠯ ᠪᠥᠭᠡᠳ ᠬᠤᠪᠴᠠᠰᠤᠨ ᠤ᠋ ᠠᠯᠳᠠᠭᠳᠠᠭᠰᠠᠨ ᠥᠩᠭᠡ ᠶ᠋ᠢ ᠵᠠᠰᠠᠬᠤ᠂ ᠬᠤᠪᠴᠠᠰᠤ᠂ ᠭᠡᠷ ᠣᠷᠣᠨ ᠤ᠋ ᠡᠳ᠋ᠯᠡᠯ ᠳ᠋ᠦ᠍ ᠵᠣᠷᠢᠭᠤᠯᠵᠤ ᠮᠠᠲ᠋ᠧᠷᠢᠶᠠᠯ ᠰᠣᠩᠭᠣᠬᠤ ᠳ᠋ᠤ᠌ ᠠᠰᠢᠭ ᠲᠠᠢ ᠪᠠᠢᠳᠠᠭ᠃
    ᠮᠣᠩᠭᠣᠯ ᠣᠷᠣᠨ ᠳᠠᠪᠤᠤ ᠶ᠋ᠢᠨ ᠡᠳ᠋ᠯᠡᠯ ᠢ᠋ ᠭᠠᠳᠠᠨ᠎ᠠ ᠠ᠋ᠴᠠ ᠠᠪᠳᠠᠭ ᠪᠥᠭᠡᠳ ᠣᠳᠣ ᠴᠤ᠌ ᠠᠪᠤᠭᠰᠠᠭᠠᠷ ᠪᠠᠢᠨ᠎ᠠ᠃ ᠭᠡᠪᠡᠴᠦ ᠮᠠᠨ ᠤ᠋ ᠣᠷᠣᠨ ᠬᠤᠪᠢᠰᠬᠠᠯ ᠤ᠋ᠨ ᠵᠢᠯ ᠳ᠋ᠦ᠍ ᠥᠪᠡᠷ ᠦ᠋ᠨ ᠬᠢᠬᠦ ᠳᠠᠪᠤᠤ ᠶ᠋ᠢᠨ ᠡᠳ᠋ᠯᠡᠯ ᠦ᠋ᠨ ᠦᠢᠯᠡᠳᠪᠦᠷᠢ ᠲᠡᠢ ᠪᠠᠢᠵᠠᠢ᠃ ᠮᠢᠩᠭ᠎ᠠ ᠶᠢᠰᠦᠨ ᠵᠠᠭᠤ ᠭᠤᠴᠢᠭᠠᠳ ᠣᠨ ᠠ᠋ᠴᠠ ᠡᠬᠢᠯᠡᠨ ᠴᠡᠮᠪᠡ ᠦᠢᠯᠡᠳᠪᠦᠷᠢᠯᠡᠳᠡᠭ ᠦᠢᠯᠡᠳᠪᠦᠷᠢ ᠴᠡᠮᠪᠡ ᠨᠡᠬᠡᠵᠦ ᠪᠠᠢᠭᠰᠠᠨ ᠪᠣᠯ ᠲᠤᠰ ᠣᠷᠣᠨ ᠤ᠋ ᠰᠣᠶᠣᠯ ᠰᠢᠨᠵᠢᠯᠡᠬᠦ ᠤᠬᠠᠭᠠᠨ ᠦᠰᠦᠷᠦᠩᠭᠦᠢ ᠬᠥᠭᠵᠢᠬᠦ ᠵᠠᠮ ᠳ᠋ᠤ᠌ ᠲᠦᠭᠦᠬᠡᠢ ᠡᠳ᠋ ᠦ᠋ᠨ ᠡᠬᠢ ᠡᠭᠦᠰᠪᠦᠷᠢ ᠪᠣᠯᠤᠭᠰᠠᠨ ᠬᠣᠨᠢᠨ ᠰᠦᠷᠦᠭ ᠲᠦ᠍ ᠰᠢᠨ᠎ᠡ ᠡᠭᠦᠯᠳᠡᠷ ᠪᠣᠢ ᠪᠣᠯᠵᠤ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠭᠠᠪᠢᠶᠠᠲᠤ ᠮᠠᠯ ᠠᠵᠤ ᠠᠬᠤᠢ ᠶ᠋ᠢᠨ ᠮᠡᠷᠭᠡᠵᠢᠯᠲᠡᠨ ᠲ· ᠠᠶᠤᠷᠵᠠᠨ᠎ᠠ ᠶ᠋ᠢᠨ ᠤᠳᠤᠷᠢᠳᠤᠯᠭ᠎ᠠ ᠪᠠᠷ ᠰᠢᠯᠢᠮᠡᠯ ᠣᠪᠣᠭ ᠤ᠋ᠨ ᠮᠣᠩᠭᠣᠯ ᠬᠣᠨᠢ ᠶ᠋ᠢ ᠵᠥᠪᠯᠡᠯᠲᠦ ᠬᠣᠯᠪᠣᠭᠠᠲᠤ ᠤᠯᠤᠰ ᠤ᠋ᠨ ᠫᠢᠷᠺᠦᠰ᠂ ᠮᠢᠷᠠᠨᠤᠰ ᠬᠣᠨᠢ ᠪᠠᠷ ᠰᠠᠢᠵᠢᠷᠠᠭᠤᠯᠤᠨ ᠣᠷᠬᠣᠨ ᠡᠭᠦᠯᠳᠡᠷ ᠦ᠋ᠨ ᠨᠠᠷᠢᠪᠲᠤᠷ ᠬᠣᠨᠢ ᠶ᠋ᠢ ᠪᠣᠢ ᠪᠣᠯᠭᠠᠭᠰᠠᠨ ᠨᠢ ᠮᠠᠨ ᠤ᠋ ᠬᠣᠨᠢᠨ ᠰᠦᠷᠦᠭ ᠦ᠋ᠨ ᠠᠩᠬᠠᠨ ᠤ᠋ ᠰᠠᠢᠵᠢᠷᠠᠭᠤᠯᠤᠭᠳᠠᠭᠰᠠᠨ ᠡᠭᠦᠯᠳᠡᠷ ᠪᠠᠢᠭᠰᠠᠨ ᠪᠥᠭᠡᠳ ᠡᠨᠡ ᠬᠣᠨᠢᠨ ᠤ᠋ ᠨᠣᠣᠰᠣ ᠪᠠᠷ ᠳᠡᠯᠡᠬᠡᠢ ᠳ᠋ᠦ᠍ ᠠᠯᠳᠠᠷ ᠲᠠᠢ ᠰᠡᠯᠡᠩᠭᠡ ᠰᠦᠯᠵᠢᠶ᠎ᠡ᠂ ᠰᠤᠭᠤ ᠲᠠᠩᠨᠠᠢ ᠳᠠᠪᠤᠤ ᠨᠤᠭᠤᠳ ᠢ᠋ ᠨᠡᠬᠡᠵᠦ ᠡᠬᠢᠯᠡᠵᠡᠢ᠃ ᠢᠩᠭᠢᠵᠦ ᠮᠣᠩᠭᠣᠯ ᠤ᠋ᠨ ᠡᠮᠡᠭᠲᠡᠢᠴᠦᠳ ᠡᠬᠡ ᠣᠷᠣᠨ ᠤ᠋ ᠪᠠᠨ ᠦᠢᠯᠡᠳᠪᠦᠷᠢ ᠶ᠋ᠢᠨ ᠠᠩᠬᠠᠨ ᠤ᠋ ᠳᠡᠭᠡᠵᠢ ᠶ᠋ᠢ ᠡᠰᠬᠡᠨ ᠣᠶᠣᠬᠤ ᠪᠣᠯᠵᠠᠢ᠃
    ᠳᠠᠪᠤᠤ ᠶ᠋ᠢᠨ ᠳᠡᠭᠡᠷ᠎ᠡ ᠮᠣᠩᠭᠣᠯᠴᠤᠳ ᠶᠠᠭᠤ ᠬᠢᠳᠡᠭ ᠢ᠋ ᠳᠤᠷᠠᠳᠬᠤ ᠱᠠᠭᠠᠷᠳᠠᠯᠭ᠎ᠠ ᠥᠬᠡᠢ ᠪᠥᠭᠡᠳ ᠲᠡᠭᠦᠨ ᠢ᠋ᠶ᠋ᠡᠷ ᠡᠯᠳᠡᠪ ᠬᠤᠪᠴᠠᠰᠤ ᠡᠳ᠋ᠯᠡᠯ᠂ ᠭᠡᠷ ᠣᠷᠣᠨ ᠰᠠᠭᠤᠴᠠ ᠪᠣᠯᠤᠨ ᠪᠤᠰᠤᠳ ᠵᠦᠢᠯ ᠢ᠋ ᠡᠰᠬᠡᠨ ᠣᠶᠣᠬᠤ᠂ ᠮᠠᠲ᠋ᠧᠷᠢᠶᠠᠯ ᠰᠣᠩᠭᠣᠬᠤ ᠲᠠᠯ᠎ᠠ ᠪᠠᠷ ᠲᠤᠰ ᠲᠤᠰ ᠤ᠋ᠨ ᠬᠢᠨᠢ ᠪᠦᠯᠦᠭ ᠲᠤ ᠳᠤᠷᠠᠳᠬᠤ ᠪᠣᠯᠤᠨ᠎ᠠ᠃

    ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ᠂ ᠱᠠᠭᠰᠠᠯ᠂ ᠪᠠᠶᠠᠨᠰᠡᠷᠡᠩ
    ᠦᠰᠦᠭ ᠬᠢᠨᠠᠭᠴᠢ᠄ ᠰᠡᠬᠡᠭᠡᠷᠡᠯ᠂ ᠣᠳᠬᠠᠨᠰᠣ᠎ᠠ